ᠦᠭᠡ ᠶ᠋ᠢᠨ ᠵᠦᠢ02-09(ᠶᠢᠰᠦ) ᠬᠣᠯᠪᠣᠬᠤ ᠦᠭᠡ ᠪᠠ ᠬᠣᠯᠪᠣᠬᠤ ᠦᠭᠡ ᠶ᠋ᠢᠨ ᠵᠦᠢᠯ
(ᠶᠢᠰᠦ) ᠬᠣᠯᠪᠣᠬᠤ ᠦᠭᠡ ᠪᠠ ᠬᠣᠯᠪᠣᠬᠤ ᠦᠭᠡ ᠶ᠋ᠢᠨ ᠵᠦᠢᠯ
ᠦᠭᠡ ᠶ᠋ᠢ ᠬᠣᠯᠪᠣᠬᠤ ᠪᠤᠶᠤ ᠥᠭᠦᠯᠡᠪᠦᠷᠢ ᠨᠦ᠍ᠭᠦᠳ ᠢ᠋ ᠬᠣᠭᠣᠷᠣᠨᠳᠣ ᠨᠢ ᠬᠣᠯᠪᠣᠬᠤ ᠡᠭᠦᠷᠭᠡ ᠶ᠋ᠢ ᠭᠦᠢᠴᠡᠳᠬᠡᠳᠡᠭ ᠦᠭᠡ ᠶ᠋ᠢ ᠬᠣᠯᠪᠣᠬᠤ ᠦᠭᠡ ᠭᠡᠨ᠎ᠡ᠃ ᠮᠣᠩᠭᠣᠯ ᠬᠡᠯᠡᠨ᠎ᠡ ᠬᠣᠯᠪᠣᠬᠤ ᠦᠭᠡ ᠨᠢ ᠦᠭᠡᠰ ᠦ᠋ᠨ ᠪᠦᠷᠢᠯᠳᠦᠬᠦᠨ ᠦ᠌ ᠪᠣᠳᠠᠲᠤ ᠤᠳᠬ᠎ᠠ ᠶ᠋ᠢ ᠭᠠᠷᠭᠠᠬᠤ ᠦᠭᠡᠢ᠂ ᠵᠥᠪᠬᠡᠨ ᠥᠭᠦᠯᠡᠪᠦᠷᠢ ᠶ᠋ᠢᠨ ᠭᠡᠰᠢᠭᠦᠨ ᠪᠠ ᠥᠭᠦᠯᠡᠪᠦᠷᠢ ᠨᠦ᠍ᠭᠦᠳ ᠢ᠋ ᠬᠣᠯᠪᠣᠬᠤ ᠬᠠᠷᠢᠴᠠᠭᠠᠨ ᠤ᠋ ᠤᠳᠬ᠎ᠠ ᠶ᠋ᠢ ᠢᠯᠡᠳᠬᠡᠬᠦ ᠦᠢᠯᠡᠳᠦᠯ ᠦᠵᠡᠭᠦᠯᠳᠡᠭ ᠶᠤᠮ᠃
ᠬᠣᠯᠪᠣᠬᠤ ᠦᠭᠡ ᠶ᠋ᠢ ᠲᠡᠭᠦᠨ ᠦ᠌ ᠤᠳᠬ᠎ᠠ ᠪᠠᠷ ᠨᠢ ᠳᠣᠣᠷᠠᠬᠢ ᠮᠡᠲᠦ ᠬᠡᠳᠦᠨ ᠵᠦᠢᠯ ᠢ᠋ᠶ᠋ᠡᠷ ᠠᠩᠭᠢᠯᠠᠵᠤ ᠪᠣᠯᠤᠨ᠎ᠠ᠃
1᠂ ᠵᠡᠷᠭᠡᠴᠡᠭᠦᠯᠦᠨ ᠬᠣᠯᠪᠣᠬᠤ ᠦᠭᠡ᠄
ᠪᠠ᠂ ᠪᠣᠯᠤᠨ᠂ ᠪᠥᠭᠡᠳ᠂ ᠪᠣᠯᠣᠳ᠂ ᠬᠢᠭᠡᠳ ᠭᠡᠬᠦ ᠮᠡᠲᠦ᠃
2᠂ ᠰᠣᠩᠭᠣᠨ ᠬᠣᠯᠪᠣᠭ᠎ᠠ ᠦᠭᠡ᠄
ᠪᠤᠶᠤ᠂ ᠡᠰᠡᠪᠡᠯ᠂ ᠡᠰᠡᠬᠦᠯ᠎ᠡ᠂ ᠨᠢᠭᠡ ᠪᠣᠯ᠂ ᠦᠭᠡᠢ ᠪᠣᠯ ᠭᠡᠬᠦ ᠮᠡᠲᠦ᠃
3᠂ ᠡᠷᠭᠢᠭᠦᠯᠦᠨ ᠬᠣᠯᠪᠣᠬᠤ ᠦᠭᠡ᠄
ᠭᠡᠪᠡᠴᠦ᠂ ᠭᠡᠲᠡᠯ᠎ᠡ᠂ ᠪᠣᠯᠪᠠᠴᠤ᠂ ᠬᠠᠷᠢᠨ᠂ ᠮᠥᠷᠲᠡᠭᠡᠨ᠂ ᠬᠡᠳᠦᠢ ᠪᠡᠷ ᠭᠡᠬᠦ ᠮᠡᠲᠦ᠃
4 ᠭᠦᠨᠵᠡᠭᠡᠢᠷᠡᠭᠦᠯᠦᠨ ᠬᠣᠯᠪᠣᠬᠤ ᠦᠭᠡ᠄
ᠪᠠᠷᠠᠬᠤ ᠦᠭᠡᠢ᠂ ᠪᠠᠰᠠ (ᠬᠠᠷᠢᠨ)᠂ ᠦᠭᠡᠢ᠂ ᠦᠯᠦ ᠪᠠᠷᠠᠨ᠂ ᠲᠡᠳᠦᠢ ᠪᠢᠰᠢ᠂ ᠪᠠᠢᠲᠤᠭᠠᠢ᠂ ᠪᠠᠰᠠ᠂ ᠬᠡᠷᠡᠭ ᠦᠭᠡᠢ᠂ ᠳᠡᠭᠡᠷ᠎ᠡ ᠪᠡᠨ(ᠪᠠᠰᠠ)᠂ ᠲᠠᠢ᠂ ᠢᠯᠠᠩᠭᠤᠶ᠎ᠠ᠂ ᠨᠡᠩ ᠢᠯᠡᠭᠦᠦ ᠭᠡᠬᠦ ᠮᠡᠲᠦ᠃
5 ᠪᠣᠯᠵᠣᠨ ᠬᠣᠯᠪᠣᠬᠤ ᠦᠭᠡ᠄
ᠬᠡᠷᠪᠡ᠂ ᠬᠡᠳᠦᠢ᠂ ᠁ ᠪᠠᠯ(ᠪᠣᠯ)᠂ ᠲᠡᠳᠦᠢ ᠭᠡᠬᠦ ᠮᠡᠲᠦ᠃
6 ᠨᠥᠬᠥᠴᠡᠯ ᠰᠢᠯᠲᠠᠭᠠᠨ ᠤ᠋ ᠬᠣᠯᠪᠣᠬᠤ ᠦᠭᠡ᠄
ᠤᠴᠢᠷ ᠨᠢ᠂ ᠤᠴᠢᠷ ᠠ᠋ᠴᠠ᠂ ᠡᠢᠮᠦ ᠡᠴᠡ᠂ ᠲᠡᠢᠮᠦ ᠡᠴᠡ᠂ ᠡᠢᠨ ᠬᠦ᠌᠂ ᠡᠢᠮᠦ ᠶ᠋ᠢᠨ ᠲᠤᠯᠠ᠂ ᠡᠭᠦᠨ ᠦ᠌ ᠤᠯᠠᠮ ᠠ᠋ᠴᠠ᠂ ᠡᠢᠮᠦ ᠳ᠋ᠦ᠍᠂ ᠡᠢᠮᠦ ᠤᠴᠢᠷ ᠠ᠋ᠴᠠ᠂ ᠡᠢᠮᠦ ᠪᠣᠯᠬᠣᠷ᠂ ᠪᠣᠯᠬᠣᠷ ᠭᠡᠬᠦ ᠮᠡᠲᠦ᠃
7 ᠬᠣᠷᠢᠶᠠᠨ ᠬᠣᠯᠪᠣᠬᠤ ᠦᠭᠡ᠄
ᠢᠩᠭᠢᠪᠡᠯ᠂ ᠴᠢᠩᠭᠢᠪᠡᠯ᠂ ᠢᠩᠭᠢᠭᠡᠳ᠂ ᠴᠢᠩᠭᠢᠭᠡᠳ᠂ ᠲᠡᠭᠡᠪᠡᠯ᠂ ᠲᠡᠭᠡᠭᠡᠳ ᠭᠡᠬᠦ ᠮᠡᠲᠦ᠃
8 ᠬᠠᠷᠰᠢᠯᠳᠤᠭᠤᠯᠤᠨ ᠬᠣᠯᠪᠣᠬᠤ ᠦᠭᠡ
ᠪᠢᠰᠢ᠂ ᠪᠤᠰᠤ ᠭᠡᠬᠦ ᠮᠡᠲᠦ᠃ ᠡᠳᠡᠭᠡᠷ ᠨᠠᠢ᠍ᠮᠠᠨ ᠵᠦᠢᠯ ᠢ᠋ᠶ᠋ᠡᠷ ᠠᠩᠭᠢᠯᠠᠨ ᠦᠵᠡᠵᠦ ᠪᠣᠯᠤᠨ᠎ᠠ᠃
ᠦᠰᠦᠭ ᠠᠮᠢᠯᠠᠭᠤᠯᠤᠭᠴᠢ᠄ ᠡᠭᠦᠯᠡᠩᠬᠤᠸᠠᠷ᠂ ᠭᠡᠷᠡᠯ
ᠬᠢᠨᠠᠭᠴᠢ᠄ ᠡᠭᠦᠯᠡᠩᠬᠤᠸᠠᠷ᠂ ᠨᠠᠷᠠᠨ᠂ ᠣᠳᠬᠠᠨᠰᠣ᠎ᠠ