ᠦᠭᠡ ᠶ᠋ᠢᠨ ᠵᠦᠢ02-08(ᠨᠠᠢ᠍ᠮᠠ) ᠰᠤᠯᠠ ᠦᠭᠡ ᠪᠠ ᠰᠤᠯᠠ ᠦᠭᠡ ᠶ᠋ᠢᠨ ᠵᠦᠢᠯ
(ᠨᠠᠢ᠍ᠮᠠ) ᠰᠤᠯᠠ ᠦᠭᠡ ᠪᠠ ᠰᠤᠯᠠ ᠦᠭᠡ ᠶ᠋ᠢᠨ ᠵᠦᠢᠯ
ᠶᠠᠭᠤᠮ᠎ᠠ ᠪᠤᠶᠤ ᠦᠵᠡᠭᠳᠡᠯ᠂ ᠰᠢᠨᠵᠢ ᠪᠠᠢᠳᠠᠯ ᠢ᠋ ᠲᠤᠰᠬᠠᠢᠯᠠᠨ ᠵᠢᠭᠠᠭᠰᠠᠨ ᠤᠳᠬ᠎ᠠ ᠦᠭᠡᠢ᠂ ᠭᠣᠣᠯ ᠲᠥᠯᠥᠪ ᠥᠭᠦᠯᠡᠪᠦᠷᠢ ᠪᠠ ᠥᠭᠦᠯᠡᠪᠦᠷᠢ ᠶ᠋ᠢᠨ ᠶᠠᠮᠠᠷ ᠨᠢᠭᠡᠨ ᠭᠡᠰᠢᠭᠦᠨ ᠳ᠋ᠦ᠍ ᠨᠡᠮᠡᠯᠲᠡ ᠤᠳᠬ᠎ᠠ ᠣᠷᠣᠭᠤᠯᠳᠠᠭ ᠦᠭᠡᠰ ᠢ᠋ ᠰᠤᠯᠠ ᠦᠭᠡ ᠭᠡᠨ᠎ᠡ᠃ ᠰᠤᠯᠠ ᠦᠭᠡᠰ ᠨᠢ ᠨᠡᠷ᠎ᠡ᠂ ᠦᠢᠯᠡ ᠦᠭᠡ ᠰᠢᠭ ᠶᠠᠩᠵᠤ ᠪᠦᠷᠢ ᠶ᠋ᠢᠨ ᠬᠤᠪᠢᠯᠤᠯ ᠢ᠋ᠶ᠋ᠠᠷ ᠣᠭᠲᠣ ᠬᠤᠪᠢᠯᠬᠤ ᠦᠭᠡᠢ᠃ ᠪᠡᠶ᠎ᠡ ᠪᠡᠨ ᠳᠠᠭᠠᠭᠠᠵᠤ ᠥᠭᠦᠯᠡᠪᠦᠷᠢ ᠶ᠋ᠢᠨ ᠭᠡᠰᠢᠭᠦᠨ ᠪᠣᠯᠬᠤ ᠦᠭᠡᠢ᠃
ᠰᠤᠯᠠ ᠦᠭᠡ ᠶ᠋ᠢ ᠤᠳᠬ᠎ᠠ ᠶ᠋ᠢᠨ ᠲᠠᠯ᠎ᠠ ᠪᠠᠷ ᠨᠢ ᠠᠰᠠᠭᠤᠬᠤ ᠰᠤᠯᠠ ᠦᠭᠡ᠂ ᠬᠣᠷᠢᠭᠯᠠᠬᠤ ᠰᠤᠯᠠ ᠦᠭᠡ᠂ ᠬᠦᠴᠦᠨ ᠨᠡᠮᠡᠭᠳᠡᠭᠦᠯᠬᠦ ᠰᠤᠯᠠ ᠦᠭᠡ᠂ ᠪᠠᠲᠤᠯᠠᠬᠤ ᠰᠤᠯᠠ ᠦᠭᠡ᠂ ᠦᠭᠡᠢᠰᠬᠡᠬᠦ ᠰᠤᠯᠠ ᠦᠭᠡ᠂ ᠡᠷᠡᠭᠡᠯᠵᠡᠬᠦ ᠰᠤᠯᠠ ᠦᠭᠡ᠂ ᠳᠠᠭᠢᠬᠤ ᠰᠤᠯᠠ ᠦᠭᠡ᠂ ᠵᠥᠪᠰᠢᠶᠡᠷᠡᠬᠦ ᠰᠤᠯᠠ ᠦᠭᠡ᠂ ᠲᠤᠰᠢᠶᠠᠬᠤ ᠰᠤᠯᠠ ᠦᠭᠡ᠂ ᠳᠠᠭᠤᠳᠠᠬᠤ ᠰᠤᠯᠠ ᠦᠭᠡ ᠭᠡᠵᠦ ᠬᠡᠳᠦᠨ ᠵᠦᠢᠯ ᠢ᠋ᠶ᠋ᠡᠷ ᠠᠩᠭᠢᠯᠠᠵᠤ ᠪᠣᠯᠤᠨ᠎ᠠ᠃
1 ᠠᠰᠠᠭᠤᠬᠤ ᠰᠤᠯᠠ ᠦᠭᠡ᠄
ᠤᠤ᠂ ᠪᠣᠢ᠂ ᠭᠡᠬᠦ ᠮᠡᠲᠦ᠃
ᠠᠰᠠᠭᠤᠬᠤ ᠰᠤᠯᠠ ᠦᠭᠡ《ᠤᠤ᠂ ᠪᠣᠢ》 ᠶ᠋ᠢ ᠠᠰᠠᠭᠤᠬᠤ ᠥᠭᠦᠯᠡᠪᠦᠷᠢ ᠶ᠋ᠢᠨ ᠨᠡᠷ᠎ᠡ᠂ ᠦᠢᠯᠡ ᠥᠭᠦᠯᠡᠬᠦᠨ ᠦ᠌ ᠳᠠᠷᠠᠭ᠎ᠠ ᠬᠡᠷᠡᠭᠯᠡᠨ᠎ᠡ᠃
2 ᠬᠣᠷᠢᠭᠯᠠᠬᠤ ᠰᠤᠯᠠ ᠦᠭᠡ᠄
ᠪᠤᠤ᠂ ᠪᠢᠲᠡᠭᠡᠢ ᠭᠡᠬᠦ ᠮᠡᠲᠦ᠃
ᠬᠣᠷᠢᠭᠯᠠᠬᠤ ᠰᠤᠯᠠ ᠦᠭᠡ《ᠪᠦᠦ᠂ ᠪᠢᠲᠡᠭᠡᠢ》 ᠶ᠋ᠢ ᠵᠠᠬᠢᠷᠬᠤ ᠬᠦᠰᠡᠬᠦ ᠬᠡᠯᠪᠡᠷᠢ ᠶ᠋ᠢᠨ ᠡᠮᠦᠨ᠎ᠡ ᠬᠡᠷᠡᠭᠯᠡᠨ᠎ᠡ᠃
3 ᠬᠦᠴᠦᠨ ᠨᠡᠮᠡᠭᠳᠡᠭᠦᠯᠬᠦ ᠰᠤᠯᠠ ᠦᠭᠡ᠄
ᠴᠦ᠍᠂ ᠯᠡ ᠭᠡᠬᠦ ᠮᠡᠲᠦ᠄
ᠬᠦᠴᠦᠨ ᠨᠡᠮᠡᠭᠳᠡᠭᠦᠯᠬᠦ ᠰᠤᠯᠠ ᠦᠭᠡ《ᠴᠦ᠍᠂ ᠯᠡ》 ᠶ᠋ᠢ ᠥᠭᠦᠯᠡᠬᠦᠨ ᠡᠴᠡ ᠪᠤᠰᠤ ᠨᠡᠷ᠎ᠡ ᠦᠭᠡ ᠪᠡᠷ ᠢᠯᠡᠷᠡᠭᠰᠡᠨ ᠭᠡᠰᠢᠭᠦᠨ ᠳ᠋ᠦ᠍ ᠳᠠᠭᠠᠭᠤᠯᠤᠨ ᠬᠡᠷᠡᠭᠯᠡᠬᠦ ᠪᠤᠶᠤ ᠡᠰᠡᠪᠡᠯ ᠭᠡᠰᠢᠭᠦᠨ ᠥᠭᠦᠯᠡᠪᠦᠷᠢ ᠶ᠋ᠢᠨ ᠥᠭᠦᠯᠡᠬᠦᠨ ᠦ᠌ ᠳᠠᠷᠠᠭ᠎ᠠ ᠬᠡᠷᠡᠭᠯᠡᠨ᠎ᠡ᠃
4 ᠪᠠᠲᠤᠯᠠᠬᠤ ᠰᠤᠯᠠ ᠦᠭᠡ᠄
ᠰᠢᠦ᠂ ᠳᠡ᠂ ᠮᠥᠨ᠂ ᠶᠤᠮ᠂ ᠪᠢᠯᠡ ᠭᠡᠬᠦ ᠮᠡᠲᠦ᠃
ᠪᠠᠲᠤᠯᠠᠬᠤ ᠰᠤᠯᠠ ᠦᠭᠡ 《ᠰᠢᠦ᠂ ᠳᠡ᠂ ᠮᠥᠨ᠂ ᠶᠤᠮ᠂ ᠪᠢᠯᠡ》 ᠶ᠋ᠢ ᠨᠡᠷ᠎ᠡ᠂ ᠦᠢᠯᠡ ᠶᠠᠮᠠᠷ ᠴᠤ᠌ ᠥᠭᠦᠯᠡᠬᠦᠨ ᠦ᠌ ᠳᠠᠷᠠᠭ᠎ᠠ ᠪᠦᠷ ᠬᠡᠷᠡᠭᠯᠡᠵᠦ ᠪᠣᠯᠤᠨ᠎ᠠ᠃
5 ᠦᠭᠡᠢᠰᠬᠡᠬᠦ ᠰᠤᠯᠠ ᠦᠭᠡᠢ᠄
ᠦᠯᠦ᠂ ᠡᠰᠡ᠂ ᠦᠭᠡᠢ᠂ ᠪᠢᠰᠢ ᠭᠡᠬᠦ ᠮᠡᠲᠦ᠃
ᠦᠭᠡᠢᠰᠬᠡᠬᠦ ᠰᠤᠯᠠ ᠦᠭᠡ《ᠦᠯᠦ᠂ ᠡᠰᠡ᠂ ᠦᠭᠡᠢ᠂ ᠪᠢᠰᠢ》 ᠶ᠋ᠢ ᠴᠠᠭ ᠢ᠋ ᠵᠢᠭᠠᠬᠤ ᠬᠡᠯᠪᠡᠷᠢ ᠪᠣᠯᠤᠨ ᠪᠣᠯᠭᠣᠮᠵᠢᠯᠠᠬᠤ ᠬᠡᠯᠪᠡᠷᠢ ᠶ᠋ᠢᠨ ᠦᠢᠯᠡ ᠦᠭᠡ ᠪᠠ ᠲᠡᠮᠳᠡᠭ ᠦᠢᠯᠡ ᠦᠭᠡ ᠶ᠋ᠢᠨ ᠡᠮᠦᠨ᠎ᠡ ᠬᠣᠢᠨ᠎ᠠ ᠬᠡᠷᠡᠭᠯᠡᠨ᠎ᠡ᠃
6 ᠡᠷᠡᠭᠡᠯᠵᠡᠬᠦ ᠰᠤᠯᠠ ᠦᠭᠡ᠄
ᠪᠢᠵᠡ(ᠪᠣᠢ ᠊ᠶ᠎ᠠ) ᠭᠡᠬᠦ ᠮᠡᠲᠦ᠃
ᠡᠷᠡᠭᠡᠯᠵᠡᠬᠦ ᠰᠤᠯᠠ ᠦᠭᠡ《ᠪᠢᠵᠡ(ᠪᠣᠢ ᠊ᠶ᠎ᠠ)》 ᠶ᠋ᠢ ᠨᠡᠷ᠎ᠡ ᠦᠭᠡ᠂ ᠲᠡᠮᠳᠡᠭ ᠦᠢᠯᠡ ᠦᠭᠡ᠂ ᠦᠢᠯᠡ ᠦᠭᠡ ᠶ᠋ᠢᠨ ᠦᠷᠭᠦᠯᠵᠢᠯᠡᠨ ᠲᠡᠭᠦᠰᠦᠭᠡᠳᠦᠢ ᠴᠠᠭ ᠢ᠋ ᠵᠢᠭᠠᠬᠤ ᠬᠡᠯᠪᠡᠷᠢ ᠪᠡᠷ ᠢᠯᠡᠷᠡᠭᠰᠡᠨ ᠥᠭᠦᠯᠡᠬᠦᠨ ᠦ᠌ ᠳᠠᠷᠠᠭ᠎ᠠ ᠬᠡᠷᠡᠭᠯᠡᠨ᠎ᠡ᠃
7 ᠳᠠᠭᠢᠬᠤ ᠰᠤᠯᠠ ᠦᠭᠡ᠄
ᠪᠠᠰᠠ ᠭᠡᠬᠦ ᠮᠡᠲᠦ᠃
ᠳᠠᠭᠢᠬᠤ ᠰᠤᠯᠠ ᠦᠭᠡ《ᠪᠠᠰᠠ》 ᠶ᠋ᠢ ᠨᠡᠷ᠎ᠡ᠂ ᠦᠢᠯᠡ ᠥᠭᠦᠯᠡᠬᠦᠨ ᠦ᠌ ᠡᠮᠦᠨ᠎ᠡ ᠬᠡᠷᠡᠭᠯᠡᠨ᠎ᠡ᠃
8 ᠵᠥᠪᠰᠢᠶᠡᠷᠡᠬᠦ ᠰᠤᠯᠠ ᠦᠭᠡ᠄
ᠵᠠ ᠭᠡᠬᠦ ᠮᠡᠲᠦ᠃
ᠵᠥᠪᠰᠢᠶᠡᠷᠡᠬᠦ ᠰᠤᠯᠠ ᠦᠭᠡ《ᠵᠠ》 ᠶ᠋ᠢ ᠥᠭᠦᠯᠡᠪᠦᠷᠢ ᠶ᠋ᠢᠨ ᠠᠯᠢ ᠨᠢᠭᠡᠨ ᠭᠡᠰᠢᠭᠦᠨ ᠳ᠋ᠦ᠍ ᠬᠣᠯᠪᠣᠬᠤ ᠦᠭᠡᠢ᠂ ᠥᠭᠦᠯᠡᠪᠦᠷᠢ ᠶ᠋ᠢᠨ ᠡᠬᠢᠨ ᠳ᠋ᠦ᠍ ᠪᠤᠶᠤ ᠳ᠋ᠠᠩ ᠢ᠋ᠶ᠋ᠠᠷ ᠨᠢ ᠬᠡᠷᠡᠭᠯᠡᠨ᠎ᠡ᠃
9 ᠲᠤᠰᠢᠶᠠᠬᠤ ᠰᠤᠯᠠ ᠦᠭᠡ᠄
ᠮᠠ ᠭᠡᠬᠦ ᠮᠡᠲᠦ᠃
ᠲᠤᠰᠢᠶᠠᠬᠤ ᠰᠤᠯᠠ ᠦᠭᠡ《 ᠮᠠ》 ᠶ᠋ᠢ ᠥᠭᠦᠯᠡᠪᠦᠷᠢ ᠶ᠋ᠢᠨ ᠡᠬᠢᠨ ᠳ᠋ᠦ᠍ ᠪᠤᠶᠤ ᠳ᠋ᠠᠩ ᠢ᠋ᠶ᠋ᠠᠷ ᠨᠢ ᠬᠡᠷᠡᠭᠯᠡᠨ᠎ᠡ᠃
10 ᠳᠠᠭᠤᠳᠠᠬᠤ ᠰᠤᠯᠠ ᠦᠭᠡ
ᠠ᠋ ᠭᠡᠬᠦ ᠮᠡᠲᠦ᠃
ᠳᠠᠭᠤᠳᠠᠬᠤ ᠰᠤᠯᠠ ᠦᠭᠡ《ᠠ᠋》 ᠶ᠋ᠢ ᠥᠭᠦᠯᠡᠪᠦᠷᠢ ᠶ᠋ᠢᠨ ᠡᠬᠢᠨ ᠳ᠋ᠦ᠍ ᠬᠡᠷᠡᠭᠯᠡᠨ᠎ᠡ᠃
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ᠂ ᠬᠡᠯᠡᠰᠣᠶᠣᠯ(ᠪᠤᠤ ᠵᠢᠨ ᠬᠤᠸᠠ)᠂ ᠠᠯᠲᠠᠨᠴᠢᠮᠡᠭ
ᠬᠢᠨᠠᠭᠴᠢ᠄ ᠪᠣᠷᠵᠢᠭᠢᠨ ᠡᠷᠴᠢᠨ᠂ ᠨᠠᠷᠠᠨ᠂ ᠣᠳᠬᠠᠨᠰᠤ᠎ᠠ