ᠦᠭᠡ ᠶ᠋ᠢᠨ ᠵᠦᠢ02-07(ᠳᠣᠯᠣᠭ᠎ᠠ) ᠳᠠᠭᠠᠪᠤᠷᠢ ᠦᠭᠡ ᠪᠠ ᠳᠠᠭᠠᠪᠤᠷᠢ ᠦᠭᠡ ᠶ᠋ᠢᠨ ᠵᠦᠢᠯ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡ ᠶ᠋ᠢᠨ ᠵᠦᠢ02-07(ᠳᠣᠯᠣᠭ᠎ᠠ) ᠳᠠᠭᠠᠪᠤᠷᠢ ᠦᠭᠡ ᠪᠠ ᠳᠠᠭᠠᠪᠤᠷᠢ ᠦᠭᠡ ᠶ᠋ᠢᠨ ᠵᠦᠢᠯ

ᠦᠭᠡ ᠶ᠋ᠢᠨ ᠵᠦᠢ02-07(ᠳᠣᠯᠣᠭ᠎ᠠ) ᠳᠠᠭᠠᠪᠤᠷᠢ ᠦᠭᠡ ᠪᠠ ᠳᠠᠭᠠᠪᠤᠷᠢ ᠦᠭᠡ ᠶ᠋ᠢᠨ ᠵᠦᠢᠯ

ᠠᠩᠭᠢᠯᠠᠯ:ᠬᠡᠯᠡ ᠪᠢᠴᠢᠭ
2025-09-21

319

(ᠳᠣᠯᠣᠭ᠎ᠠ) ᠳᠠᠭᠠᠪᠤᠷᠢ ᠦᠭᠡ ᠪᠠ ᠳᠠᠭᠠᠪᠤᠷᠢ ᠦᠭᠡ ᠶ᠋ᠢᠨ ᠵᠦᠢᠯ

   ᠳᠠᠩ ᠢ᠋ᠶ᠋ᠠᠷ ᠢ᠋ᠶ᠋ᠠᠨ ᠦᠭᠡᠰ ᠦ᠋ᠨ ᠰᠠᠩ ᠤ᠋ᠨ ᠪᠣᠳᠠᠲᠤ ᠤᠳᠬ᠎ᠠ ᠦᠭᠡᠢ᠂ ᠵᠥᠪᠬᠡᠨ ᠡᠮᠦᠨᠡᠬᠢ ᠬᠣᠯᠪᠣᠭᠳᠠᠯ ᠪᠦᠬᠦᠢ ᠦᠭᠡ ᠪᠡᠨ ᠳᠠᠭᠠᠮᠠᠨᠵᠢᠨ ᠰᠠᠶᠢ ᠶᠠᠩᠵᠤ ᠪᠦᠷᠢ ᠶ᠋ᠢᠨ ᠬᠡᠯᠡᠨ ᠵᠦᠢ ᠶ᠋ᠢᠨ ᠨᠡᠮᠡᠯᠲᠡ ᠤᠳᠬ᠎ᠠ ᠶ᠋ᠢ ᠢᠯᠡᠳᠬᠡᠬᠦ ᠦᠭᠡᠰ ᠢ᠋ ᠳᠠᠭᠠᠪᠤᠷᠢ ᠦᠭᠡ ᠭᠡᠨ᠎ᠡ᠃ ᠳᠠᠭᠠᠪᠤᠷᠢ ᠦᠭᠡ ᠶ᠋ᠢᠨ ᠵᠦᠢᠯ ᠨᠢ ᠣᠷᠣᠨ᠂ ᠴᠠᠭ᠂ ᠨᠥᠬᠥᠴᠡᠯ ᠰᠢᠯᠲᠠᠭᠠᠨ᠂ ᠵᠣᠷᠢᠯᠭ᠎ᠠ ᠵᠡᠷᠭᠡ ᠶ᠋ᠢ ᠵᠢᠭᠠᠭᠰᠠᠨ ᠪᠡᠶ᠎ᠡ ᠪᠡᠨ ᠳᠠᠭᠠᠭᠠᠭᠰᠠᠨ ᠤᠳᠬ᠎ᠠ ᠲᠠᠢ ᠪᠣᠯᠪᠠᠴᠤ ᠳᠠᠩ ᠢ᠋ᠶ᠋ᠠᠷ ᠢ᠋ᠶ᠋ᠠᠨ ᠥᠭᠦᠯᠡᠪᠦᠷᠢ ᠶ᠋ᠢᠨ ᠭᠡᠰᠢᠭᠦᠨ ᠪᠣᠯᠵᠤ ᠴᠢᠳᠠᠬᠤ ᠦᠭᠡᠢ᠂ ᠡᠮᠦᠨᠡᠬᠢ ᠦᠭᠡ ᠲᠡᠢ ᠪᠡᠨ ᠬᠠᠮᠲᠤ ᠨᠢᠭᠡᠨ ᠠᠰᠠᠭᠤᠯᠲᠠ ᠳ᠋ᠤ᠌ ᠨᠣᠭᠳᠠᠨ᠎ᠠ᠃
   ᠳᠠᠭᠠᠪᠤᠷᠢ ᠦᠭᠡ ᠶ᠋ᠢ ᠤᠳᠬ᠎ᠠ ᠪᠠᠷ ᠨᠢ ᠳᠣᠣᠷᠠᠬᠢ ᠮᠡᠲᠦ ᠬᠡᠳᠦᠨ ᠵᠦᠢᠯ ᠢ᠋ᠶ᠋ᠡᠷ ᠠᠩᠭᠢᠯᠠᠨ ᠦᠵᠡᠵᠦ ᠪᠣᠯᠤᠨ᠎ᠠ᠃

  1 ᠣᠷᠣᠨ ᠤ᠋ ᠳᠠᠭᠠᠪᠤᠷᠢ ᠦᠭᠡ᠄
   ᠳᠡᠭᠡᠷ᠎ᠡ᠂ ᠳᠣᠣᠷ᠎ᠠ᠂ ᠳᠣᠲᠣᠷ᠎ᠠ᠂ ᠭᠠᠳᠠᠨ᠎ᠠ᠂ ᠭᠠᠳᠠᠭ᠎ᠠ᠂ ᠨᠠᠭᠠᠨ᠎ᠠ᠂ ᠴᠠᠭᠠᠨ᠎ᠠ᠂ ᠨᠡᠰᠢ᠂ ᠴᠠᠰᠢ᠂ ᠬᠣᠢᠨ᠎ᠠ᠂ ᠡᠮᠦᠨ᠎ᠡ᠂ᠤᠷᠲᠤ᠂ ᠵᠠᠪᠰᠠᠷ᠂ ᠬᠣᠭᠣᠷᠣᠨᠳᠣ᠂ ᠳᠡᠷᠭᠡᠳᠡ᠂ ᠳᠡᠭᠡᠭᠦᠷ᠂ ᠳᠡᠭᠡᠭᠰᠢ᠂ ᠳᠣᠭᠤᠤᠷ᠂ ᠳᠣᠷᠣᠭᠰᠢ᠂ ᠬᠣᠢᠭᠤᠷ᠂ ᠬᠣᠢᠰᠢ᠂ ᠬᠣᠭᠣᠷᠣᠨᠳᠣᠭᠤᠷ᠂ ᠳᠡᠷᠭᠡᠳᠡᠭᠦᠷ᠂ ᠭᠠᠳᠠᠭᠰᠢ᠂ ᠭᠠᠳᠠᠭᠤᠷ᠂ ᠨᠠᠭᠠᠭᠤᠷ᠂ ᠴᠠᠭᠠᠭᠤᠷ᠂ ᠤᠷᠳᠤᠭᠤᠷ᠂ ᠡᠮᠦᠨᠡᠭᠦᠷ᠂ ᠳᠣᠲᠣᠭᠤᠷ᠂ ᠢᠨᠠᠭᠰᠢ᠂ ᠴᠢᠨᠠᠭᠰᠢ᠂ ᠢᠨᠠᠳᠤ᠂ ᠴᠢᠨᠠᠳᠤ᠂ ᠤᠷᠤᠭᠤ᠂ ᠥᠭᠡᠳᠡ᠂ ᠡᠰᠡᠷᠭᠦ᠂ ᠳᠤᠮᠳᠠ᠂ ᠳᠤᠮᠳᠠᠭᠤᠷ᠂ ᠲᠣᠭᠣᠷᠢᠨ᠂ ᠳᠠᠭᠠᠤ᠂ ᠪᠡᠶ᠎ᠡ᠂ ᠵᠠᠬ᠎ᠠ᠂ ᠲᠠᠯ᠎ᠠ ᠭᠡᠬᠦ ᠮᠡᠲᠦ᠃

  2 ᠴᠠᠭ ᠢ᠋ ᠵᠢᠭᠠᠬᠤ ᠳᠠᠭᠠᠪᠤᠷᠢ ᠦᠭᠡ᠄
    ᠬᠣᠢᠨ᠎ᠠ᠂ ᠡᠮᠦᠨ᠎ᠡ᠂ ᠤᠷᠢᠳ᠂ ᠤᠷᠢᠳᠤ᠂ ᠨᠠᠭᠠᠨ᠎ᠠ᠂ ᠴᠠᠭᠠᠨ᠎ᠠ᠂ ᠳᠡᠭᠡᠭᠰᠢ᠂ ᠳᠣᠷᠣᠭᠰᠢ᠂ ᠬᠣᠢᠰᠢ᠂ ᠣᠷᠣᠭᠰᠢ᠂ ᠵᠠᠪᠰᠠᠷ᠂ ᠬᠣᠭᠣᠷᠣᠨᠳᠣ᠂ ᠳᠠᠷᠠᠭ᠎ᠠ᠂ ᠬᠣᠵᠢᠮ᠂ ᠢᠨᠠᠷᠤ᠂ ᠳᠣᠲᠣᠷ᠎ᠠ᠂ ᠳᠤᠮᠳᠠ᠂ ᠳᠤᠮᠳᠠᠭᠤᠷ᠂ ᠬᠦᠷᠲᠡᠯ᠎ᠡ᠂ ᠪᠣᠯᠲᠠᠯ᠎ᠠ᠂ ᠣᠷᠴᠢᠨ᠂ ᠣᠷᠴᠢᠮ᠂ ᠳᠠᠭᠤᠰᠤᠨ᠂ ᠲᠤᠷᠰᠢ᠂ ᠵᠠᠭᠤᠷ᠎ᠠ ᠭᠡᠬᠦ ᠮᠡᠲᠦ᠃

3 ᠵᠣᠷᠢᠯᠭ᠎ᠠ ᠶ᠋ᠢ ᠵᠢᠭᠠᠬᠤ ᠳᠠᠭᠠᠪᠤᠷᠢ ᠦᠭᠡ᠄
    ᠲᠥᠯᠥᠭᠡ᠂ ᠤᠴᠢᠷ᠂ ᠲᠤᠯᠠ ᠭᠡᠬᠦ ᠮᠡᠲᠦ᠃

 4 ᠰᠢᠯᠲᠠᠭᠠᠨ ᠢ᠋ ᠵᠢᠭᠠᠬᠤ ᠳᠠᠭᠠᠪᠤᠷᠢ ᠦᠭᠡ᠄
    ᠤᠴᠢᠷ᠂ ᠲᠤᠯᠠ᠂ ᠲᠤᠯᠠᠳᠠ᠂ ᠪᠣᠯᠬᠣᠷ᠂ ᠤᠯᠠᠮ᠂ ᠬᠠᠷᠠᠭ᠎ᠠ ᠭᠡᠬᠦ ᠮᠡᠲᠦ᠃

  5 ᠬᠠᠮᠲᠤᠷᠠᠬᠤ ᠳᠠᠭᠠᠪᠤᠷᠢ ᠦᠭᠡ᠄
ᠬᠠᠮᠲᠤ᠂ ᠰᠡᠯᠲᠡ ᠭᠡᠬᠦ ᠮᠡᠲᠦ

    6 ᠠᠳᠠᠯᠢᠳᠬᠠᠬᠤ ᠳᠠᠭᠠᠪᠤᠷᠢ ᠦᠭᠡ᠄
 ᠰᠢᠬ᠂ ᠰᠢᠭ᠌᠂ ᠴᠢᠨᠡᠭᠡ᠂ ᠮᠡᠲᠦ᠂ ᠠᠳᠠᠯᠢ᠂ ᠬᠢᠷᠢ ᠭᠡᠬᠦ ᠮᠡᠲᠦ᠃

  7 ᠪᠠᠷᠤᠭᠯᠠᠬᠤ ᠳᠠᠭᠠᠪᠤᠷᠢ ᠦᠭᠡ᠄
    ᠭᠠᠷᠤᠢ᠂ ᠰᠢᠬᠠᠮ᠂ ᠣᠷᠴᠢᠮ᠂ ᠪᠠᠷᠤᠭ ᠭᠡᠬᠦ ᠮᠡᠲᠦ᠃

  8 ᠬᠢᠵᠠᠭᠠᠷᠯᠠᠬᠤ ᠳᠠᠭᠠᠪᠤᠷᠢ ᠦᠭᠡ᠄
    ᠬᠦᠷᠲᠡᠯ᠎ᠡ᠂ ᠲᠤᠯᠲᠠᠯ᠎ᠠ᠂ ᠪᠣᠯᠲᠠᠯ᠎ᠠ ᠭᠡᠬᠦ ᠮᠡᠲᠦ᠃

  9 ᠬᠠᠮᠢᠶᠠᠳᠠᠭᠤᠯᠬᠤ ᠳᠠᠭᠠᠪᠤᠷᠢ ᠦᠭᠡ᠄
    ᠲᠤᠬᠠᠢ ᠭᠡᠬᠦ ᠮᠡᠲᠦ᠃

  10 ᠳᠠᠭᠤᠷᠢᠶᠠᠬᠤ ᠳᠠᠭᠠᠪᠤᠷᠢ ᠦᠭᠡ᠄
    ᠶᠣᠰᠣᠭᠠᠷ ᠭᠡᠬᠦ ᠮᠡᠲᠦ᠃

  11 ᠬᠤᠷᠢᠶᠠᠬᠤ ᠳᠠᠭᠠᠪᠤᠷᠢ ᠦᠭᠡ᠄
    ᠪᠣᠯᠭᠠᠨ᠂ ᠪᠦᠷ᠂ ᠵᠡᠷᠭᠡ᠂ ᠭᠡᠬᠦ ᠮᠡᠲᠦ᠂ ᠳᠣᠳᠣᠮ ᠭᠡᠬᠦ ᠮᠡᠲᠦ᠃

   ᠦᠰᠦᠭ ᠠᠮᠢᠯᠠᠭᠤᠯᠤᠭᠴᠢ᠄ ᠬᠡᠯᠡᠰᠣᠶᠣᠯ( ᠪᠤᠤ ᠵᠢᠨ ᠬᠤᠸᠠ)
   ᠬᠢᠨᠠᠭᠴᠢ᠄  ᠨᠠᠷᠠᠨ᠂ ᠪᠣᠷᠵᠢᠭᠢᠨ ᠡᠷᠴᠢᠨ᠂ ᠣᠳᠬᠠᠨᠰᠣ᠎ᠠ