ᠦᠭᠡ ᠶ᠋ᠢᠨ ᠵᠦᠢ02-06(ᠵᠢᠷᠭᠤᠭ᠎ᠠ) ᠳᠠᠢᠪᠤᠷᠢ ᠦᠭᠡ ᠪᠠ ᠳᠠᠢᠪᠤᠷᠢ ᠦᠭᠡ ᠶ᠋ᠢᠨ ᠵᠦᠢᠯ
(ᠵᠢᠷᠭᠤᠭ᠎ᠠ) ᠳᠠᠢᠪᠤᠷᠢ ᠦᠭᠡ ᠪᠠ ᠳᠠᠢᠪᠤᠷᠢ ᠦᠭᠡ ᠶ᠋ᠢᠨ ᠵᠦᠢᠯ
ᠦᠢᠯᠡ ᠬᠥᠳᠡᠯᠭᠡᠭᠡᠨ ᠦ᠌ ᠶᠠᠪᠤᠭᠳᠠᠭᠰᠠᠨ ᠪᠤᠶᠤ ᠶᠠᠪᠤᠭᠳᠠᠬᠤ ᠣᠷᠣᠨ᠂ ᠴᠠᠭ᠂ ᠪᠠᠢᠳᠠᠯ ᠤ᠋ᠨ ᠬᠢᠷᠢ ᠬᠡᠮᠵᠢᠶ᠎ᠡ ᠶ᠋ᠢ ᠵᠢᠭᠠᠭᠰᠠᠨ ᠦᠭᠡᠰ ᠢ᠋ ᠳᠠᠢᠪᠤᠷᠢ ᠦᠭᠡ ᠭᠡᠨ᠎ᠡ᠃ ᠳᠠᠢᠪᠤᠷᠢ ᠦᠭᠡᠰ ᠨᠢ ᠬᠠᠮᠢᠭ᠎ᠠ? ᠬᠠᠮᠢᠭᠠᠭᠤᠷ? ᠬᠠᠮᠢᠭᠠᠰᠢ? ᠬᠠᠮᠢᠭ᠎ᠠ ᠠ᠋ᠴᠠ? ᠬᠡᠵᠢᠶ᠎ᠡ? ᠬᠡᠵᠢᠶᠡᠨ ᠡᠴᠡ? ᠶᠠᠭᠠᠬᠢᠵᠤ? ᠠᠯᠢ ᠬᠢᠷᠢ? ᠭᠡᠬᠦ ᠮᠡᠲᠦ ᠶ᠋ᠢᠨ ᠠᠰᠠᠭᠤᠯᠲᠠ ᠳ᠋ᠤ᠌ ᠨᠣᠭᠳᠠᠨ᠎ᠠ᠃
ᠳᠠᠢᠪᠤᠷᠢ ᠦᠭᠡᠰ ᠨᠢ ᠦᠭᠡ ᠶ᠋ᠢᠨ ᠢ᠋ᠶ᠋ᠡᠨ ᠰᠢᠨᠵᠢ ᠪᠡᠷ ᠲᠡᠢᠨ ᠢᠯᠭᠠᠯ ᠤ᠋ᠨ ᠳᠠᠭᠠᠪᠤᠷᠢ᠂ ᠣᠯᠠᠨ ᠲᠣᠭᠠᠨ ᠤ᠋ ᠳᠠᠭᠠᠪᠤᠷᠢ ᠪᠠᠷ ᠦᠯᠦ ᠬᠤᠪᠢᠯᠬᠤ ᠪᠤᠶᠤ ᠵᠠᠷᠢᠮᠳᠠᠭ ᠬᠤᠪᠢᠯᠬᠤ ᠦᠭᠡᠰ ᠮᠥᠨ᠃
ᠳᠠᠢᠪᠤᠷᠢ ᠦᠭᠡᠰ ᠨᠢ ᠥᠭᠦᠯᠡᠪᠦᠷᠢ ᠶ᠋ᠢᠨ ᠳᠣᠲᠣᠷ᠎ᠠ ᠪᠠᠢᠴᠠ ᠭᠡᠰᠢᠭᠦᠨ ᠦ᠌ ᠡᠭᠦᠷᠭᠡ ᠶ᠋ᠢ ᠭᠣᠣᠯᠯᠠᠨ ᠭᠦᠢᠴᠡᠳᠬᠡᠨ᠎ᠡ᠃
ᠳᠠᠢᠪᠤᠷᠢ ᠦᠭᠡᠰ ᠢ᠋ ᠤᠳᠬ᠎ᠠ ᠶ᠋ᠢᠨ ᠲᠠᠯ᠎ᠠ ᠪᠠᠷ ᠦᠵᠡᠪᠡᠯ ᠣᠷᠣᠨ ᠭᠠᠵᠠᠷ ᠢ᠋ ᠵᠢᠭᠠᠭᠰᠠᠨ ᠳᠠᠢᠪᠤᠷᠢ ᠦᠭᠡ᠂ ᠴᠠᠭ ᠬᠤᠭᠤᠴᠠᠭ᠎ᠠ ᠶ᠋ᠢ ᠵᠢᠭᠠᠭᠰᠠᠨ ᠳᠠᠢᠪᠤᠷᠢ ᠦᠭᠡ᠂ ᠪᠠᠢᠳᠠᠯ ᠲᠥᠯᠥᠪ ᠢ᠋ ᠵᠢᠭᠠᠭᠰᠠᠨ ᠳᠠᠢᠪᠤᠷᠢ ᠦᠭᠡ᠂ ᠬᠢᠷᠢ ᠬᠡᠮᠵᠢᠶ᠎ᠡ ᠶ᠋ᠢ ᠵᠢᠭᠠᠭᠰᠠᠨ ᠳᠠᠢᠪᠤᠷᠢ ᠦᠭᠡ ᠭᠡᠵᠦ ᠬᠡᠳᠦᠨ ᠵᠦᠢᠯ ᠢ᠋ᠶ᠋ᠡᠷ ᠠᠩᠭᠢᠯᠠᠨ ᠦᠵᠡᠵᠦ ᠪᠣᠯᠤᠨ᠎ᠠ᠃
1 ᠣᠷᠣᠨ ᠤ᠋ ᠳᠠᠢᠪᠤᠷᠢ ᠦᠭᠡ ᠨᠦ᠍ᠭᠦᠳ ᠨᠢ᠄
ᠡᠨᠳᠡ᠂ ᠲᠡᠨᠳᠡ᠂ ᠳᠡᠭᠡᠷ᠎ᠡ᠂ ᠳᠣᠣᠷ᠎ᠠ᠂ ᠭᠠᠳᠠᠨ᠎ᠠ᠂ ᠳᠣᠲᠣᠨ᠎ᠠ᠂ ᠳᠣᠲᠣᠷ᠎ᠠ᠂ ᠭᠠᠳᠠᠭᠠᠳᠤ᠂ ᠳᠣᠲᠣᠭᠠᠳᠤ᠂ ᠳᠡᠭᠡᠳᠦ᠂ ᠳᠣᠣᠷᠠᠲᠤ᠂ ᠳᠡᠷᠭᠡᠳᠡ᠂ ᠨᠠᠭᠠᠨ᠎ᠠ᠂ ᠴᠠᠭᠠᠨ᠎ᠠ᠂ ᠣᠷᠣᠭᠰᠢ᠂ ᠬᠣᠢᠰᠢ᠂ ᠳᠡᠭᠡᠭᠰᠢ᠂ ᠳᠣᠷᠣᠭᠰᠢ᠂ ᠭᠠᠳᠠᠭᠰᠢ᠂ ᠳᠣᠲᠣᠭᠰᠢ᠂ ᠡᠰᠢ᠂ ᠲᠡᠰᠢ᠂ ᠢᠨᠠᠭᠰᠢ(ᠨᠠᠰᠢ)᠂ ᠴᠢᠨᠠᠭᠰᠢ᠂ (ᠴᠠᠰᠢ)᠂ ᠵᠡᠭᠦᠨᠰᠢ᠂ ᠪᠠᠷᠠᠭᠤᠨᠰᠢ᠂ ᠳᠡᠭᠡᠭᠦᠷ᠂ ᠳᠣᠭᠤᠤᠷ᠂ ᠬᠣᠢᠭᠤᠷ᠂ ᠤᠷᠳᠤᠭᠤᠷ᠂ ᠡᠮᠦᠨᠡᠭᠦᠷ᠂ ᠭᠠᠳᠠᠭᠤᠷ᠂ ᠳᠣᠲᠣᠭᠤᠷ᠂ ᠨᠠᠭᠠᠭᠤᠷ᠂ ᠴᠠᠭᠠᠭᠤᠷ᠂ ᠵᠡᠭᠦᠨᠲᠡᠢ᠂ ᠪᠠᠷᠠᠭᠤᠨᠲᠠᠢ᠂ ᠤᠷᠢᠲᠠᠢ᠂ ᠬᠣᠢᠲᠠᠢ᠂ ᠳᠡᠭᠡᠲᠡᠢ᠂ ᠳᠣᠣᠲᠠᠢ ᠭᠡᠬᠦ ᠮᠡᠲᠦ᠃
2 ᠴᠠᠭ ᠤ᠋ᠨ ᠳᠠᠢᠪᠤᠷᠢ ᠦᠭᠡ ᠨᠦ᠍ᠭᠦᠳ ᠨᠢ᠄
ᠦᠷᠭᠦᠯᠵᠢ᠂ ᠦᠷᠭᠦᠯᠵᠢᠳᠡ᠂ ᠢᠮᠠᠭᠲᠠ᠂ ᠴᠠᠭ ᠢᠮᠠᠭᠲᠠ᠂ ᠬᠡᠵᠢᠶ᠎ᠡ ᠢᠮᠠᠭᠲᠠ᠂ ᠴᠠᠭ ᠦᠷᠭᠦᠯᠵᠢ᠂ ᠬᠡᠵᠢᠶᠡᠳᠡ᠂ ᠡᠭᠦᠷᠢᠳᠡ᠂ᠥᠨᠢ᠂ ᠥᠨᠢᠳᠡ᠂ ᠬᠣᠵᠢᠮ᠂ ᠥᠨᠢ ᠡᠭᠦᠷᠢᠳᠡ᠂ ᠡᠭᠡᠨᠡᠭᠲᠡ᠂ ᠳᠠᠷᠤᠢ᠂ ᠮᠥᠳᠳᠥ᠂ ᠳᠣᠣᠷ᠎ᠠ ᠪᠠᠨ᠂ ᠮᠠᠷᠭᠠᠰᠢ᠂ᠬᠠᠶᠠ᠂ ᠬᠠᠶᠠ ᠬᠠᠶᠠ᠂ ᠪᠠᠢᠨ ᠪᠠᠢᠨ᠂ ᠬᠠᠨ᠎ᠠ ᠴᠠᠨ᠎ᠠ᠂ ᠳᠠᠬᠢᠨ ᠳᠠᠬᠢᠨ᠂ ᠠᠬᠢᠨ ᠳᠠᠬᠢᠨ᠂ ᠢᠳᠡᠭ ᠢᠳᠡᠭ᠂ᠭᠡᠨᠡᠳᠲᠡ᠂ ᠰᠠᠶᠢ᠂ ᠰᠠᠶᠢᠬᠠᠨ᠂ ᠲᠦᠷ᠂ ᠲᠦᠷ ᠴᠠᠭ᠂ ᠲᠦᠷ ᠵᠠᠭᠤᠷ᠎ᠠ᠂ ᠭᠱᠠᠨ ᠵᠠᠭᠤᠷ᠎ᠠ᠂ ᠬᠣᠷᠣᠮᠬᠠᠨ ᠵᠠᠭᠤᠷ᠎ᠠ᠂ᠬᠣᠵᠢᠮ ᠬᠣᠢᠰᠢᠳᠠ᠂ ᠰᠡᠭᠦᠯ ᠳ᠋ᠦ᠍᠂ ᠤᠷᠢᠳᠤ᠂ ᠣᠷᠣᠢ᠂ ᠤᠷᠢᠳᠠ᠂ ᠤᠷᠢᠳ᠂ ᠳᠠᠷᠠᠭ᠎ᠠ᠂ ᠴᠢᠨᠠᠭᠰᠢᠳᠠ᠂ ᠥᠨᠥᠳᠥᠷ᠂ᠥᠴᠥᠭᠡᠳᠦᠷ᠂ ᠦᠳᠡᠰᠢ᠂ ᠥᠷᠯᠥᠭᠡ᠂ ᠨᠢᠭᠡᠨᠲᠡ᠂ ᠶᠡᠷᠦ᠂ ᠶᠡᠷᠦᠳᠡᠭᠡᠨ ᠭᠡᠬᠦ ᠮᠡᠲᠦ᠃
3 ᠪᠠᠢᠳᠠᠯ ᠤ᠋ᠨ ᠳᠠᠢᠪᠤᠷᠢ ᠦᠭᠡ ᠨᠦ᠍ᠭᠦᠳ ᠨᠢ᠄
ᠬᠠᠭ᠎ᠠ᠂ ᠬᠤᠭᠤ᠂ ᠪᠠᠯᠪᠠ᠂ ᠳᠡᠯᠪᠡ᠂ ᠮᠤᠯᠲᠤ᠂ ᠮᠤᠯᠭᠤ᠂ ᠰᠤᠭᠤ᠂ ᠬᠡᠮᠬᠡ᠂ ᠪᠢᠴᠠ᠂ ᠨᠢᠴᠠ᠂ ᠪᠤᠲᠠ᠂ ᠵᠠᠳᠠ᠂ᠨᠡᠪᠲᠡ᠂ ᠰᠢᠪᠲᠤ᠂ ᠬᠠᠯᠳᠠ᠂ ᠬᠡᠭᠵᠡ᠂ ᠲᠠᠰᠤ᠂ ᠴᠣᠭᠣ᠂ ᠴᠥᠮᠥ᠂ ᠠᠷᠠᠢ ᠴᠢᠷᠠᠢ᠂ ᠬᠠᠯᠲᠤ ᠮᠤᠯᠲᠤ᠂ ᠰᠠᠨᠳᠤ ᠮᠡᠨᠳᠦ᠂ ᠲᠠᠲᠠᠭ ᠶᠠᠳᠠᠭ᠂ ᠪᠥᠭ ᠪᠥᠭ᠂ ᠰᠢᠪ ᠰᠢᠪ᠂ ᠱᠣᠪᠣᠩ᠂ ᠬᠣᠲᠣᠩ᠂ ᠭᠡᠳᠡᠩ᠂ ᠭᠣᠳᠣᠩ᠂ ᠳᠠᠲᠠᠪ ᠶᠠᠲᠠᠪ᠂ ᠲᠣᠩᠭᠣᠰ᠂ ᠯᠠᠪᠲᠠᠩ᠂ ᠳᠠᠢᠪᠠᠩ᠂ ᠠᠷᠪᠠᠩ᠂ ᠭᠢᠯᠠᠰ ᠭᠢᠯᠠᠰ᠂ ᠰᠡᠷ ᠰᠡᠷ᠂ ᠲᠦᠩ ᠲᠦᠩ ᠭᠡᠬᠦ ᠮᠡᠲᠦ᠃
4 ᠬᠢᠷᠢ ᠬᠡᠮᠵᠢᠶᠡᠨ ᠦ᠌ ᠳᠠᠢᠪᠤᠷᠢ ᠦᠭᠡ ᠨᠦ᠍ᠭᠦᠳ ᠨᠢ᠄
ᠨᠡᠩ᠂ ᠲᠤᠩ᠂ ᠮᠠᠰᠢ᠂ ᠠᠰᠤᠷᠤ᠂ ᠨᠡᠯᠢᠶᠡᠳ᠂ ᠪᠠᠬᠠᠨ᠂ ᠵᠢᠭᠠᠬᠠᠨ᠂ ᠬᠠᠷᠠᠬᠠᠨ᠂ ᠬᠠᠯᠲᠤ᠂ ᠡᠰᠡᠯ᠎ᠡ᠂ ᠨᠢᠭᠡᠨᠲᠡ᠂ ᠨᠢᠭᠡᠮᠦᠰᠦᠨ᠂ ᠪᠦᠷᠢᠮᠦᠰᠦᠨ᠂ ᠵᠠᠪᠠᠯ ᠂ᠣᠭᠲᠣ᠂ ᠡᠷᠬᠡᠪᠰᠢ᠂ ᠡᠷᠡᠰ᠂ ᠶᠠᠭ᠂ ᠪᠠᠷᠤᠭ᠂ᠠᠷᠠᠢ᠂ ᠳᠡᠮᠡᠢ᠂ ᠬᠠᠷᠠᠲᠠᠢ᠂ ᠦᠨᠡᠬᠡᠷ᠂ ᠯᠤᠲᠤ᠂ ᠲᠠᠭ᠂ ᠮᠠᠭᠠᠳ᠂ ᠯᠠᠪ᠂ ᠮᠠᠭᠠᠳ ᠦᠭᠡᠢ᠂ ᠤᠯᠠᠮ ᠭᠡᠬᠦ ᠮᠡᠲᠦ᠃
ᠦᠰᠦᠭ ᠠᠮᠢᠯᠠᠭᠤᠯᠤᠭᠴᠢ᠄ ᠤᠷᠠᠨᠴᠢᠮᠡᠭ᠂ ᠪᠣᠷᠵᠢᠭᠢᠨ ᠡᠷᠴᠢᠨ᠂ᠠᠯᠲᠠᠨᠴᠢᠮᠡᠭ
ᠬᠢᠨᠠᠭᠴᠢ᠄ ᠡᠭᠦᠯᠡᠩᠬᠤᠸᠠᠷ᠂ ᠨᠠᠷᠠᠨ᠂ ᠣᠳᠬᠠᠨᠰᠣ᠎ᠠ