ᠭᠠᠯᠳᠠᠨ ᠪᠣᠱᠣᠭᠲᠤ ᠬᠠᠭᠠᠨ03ᠭᠤᠲᠠᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ-ᠳ· ᠵᠠᠮᠢᠶᠠᠨГалдан бошгот хаан-Т·Жамъян ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠳᠠᠨ ᠪᠣᠱᠣᠭᠲᠤ ᠬᠠᠭᠠᠨ03ᠭᠤᠲᠠᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ-ᠳ· ᠵᠠᠮᠢᠶᠠᠨГалдан бошгот хаан-Т·Жамъян

ᠭᠠᠯᠳᠠᠨ ᠪᠣᠱᠣᠭᠲᠤ ᠬᠠᠭᠠᠨ03ᠭᠤᠲᠠᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ-ᠳ· ᠵᠠᠮᠢᠶᠠᠨГалдан бошгот хаан-Т·Жамъян

ᠠᠩᠭᠢᠯᠠᠯ:ᠲᠤᠭᠤᠵᠢ ᠷᠣᠮᠠᠨ
2025-09-02

497

ᠭᠤᠲᠠᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ 

ᠨᠢᠭᠡ 

     ᠡᠴᠢᠭᠡ ᠬᠠᠭᠠᠨ ᠤ᠋ ᠬᠣᠣᠷᠯᠠᠭᠳᠠᠭᠰᠠᠨ ᠰᠢᠯᠲᠠᠭᠠᠨ ᠢ᠋ ᠰᠡᠩᠭᠡ ᠠᠬ᠎ᠠ ᠥᠰᠢᠶᠡᠲᠡᠨ ᠦ᠌ ᠥᠷᠢ ᠨᠡᠬᠡᠭᠰᠡᠨ ᠲᠡᠢ ᠬᠣᠯᠪᠣᠵᠤ ᠲᠠᠢᠯᠪᠤᠷᠢᠯᠠᠭᠰᠠᠨ ᠪᠣᠯᠪᠠᠴᠤ ᠠᠮᠢᠨᠳᠠᠷ᠎ᠠ ᠬᠠᠲᠤᠨ ᠨᠢᠭᠤᠴᠠᠯᠢᠭ ᠬᠡᠪ ᠢ᠋ᠶ᠋ᠡᠷ ᠦᠯᠡᠳᠡᠵᠦ ᠪᠢᠯᠡ᠁
     ᠪᠢᠲᠡᠭᠦᠦ ᠰᠢᠷ᠎ᠠ ᠴᠡᠴᠡᠭ ᠲᠡᠢ ᠬᠠᠷᠭᠠᠨ᠎ᠠ ᠶ᠋ᠢᠨ ᠰᠢᠭᠤᠢ ᠳᠤᠮᠳᠠ ᠥᠷᠭᠡᠨ ᠳᠡᠨᠵᠢ ᠪᠠᠢᠨ᠎ᠠ᠃ ᠪᠠᠭᠠᠲᠤᠷ ᠬᠣᠩ ᠲᠠᠢᠵᠢ ᠶ᠋ᠢᠨ ᠴᠡᠷᠢᠭ ᠦ᠋ᠳ ᠪᠤᠳᠠᠭᠠᠯᠠᠵᠤ ᠠᠰᠠᠷ᠂ ᠴᠠᠴᠠᠷ᠂ ᠵᠣᠳᠣᠭᠠᠷ ᠢ᠋ᠶ᠋ᠠᠨ ᠪᠠᠷᠢᠵᠤ᠂ ᠮᠣᠷᠢᠳ ᠢ᠋ᠶ᠋ᠠᠨ ᠠᠮᠠᠷᠠᠭᠠᠪᠠ᠃ ᠬᠠᠯᠵᠠ ᠳᠣᠯᠣᠭᠠᠨ ᠳ᠋ᠤ᠌ ᠢᠯᠠᠭᠳᠠᠭᠰᠠᠨ ᠶᠠᠩᠭᠢᠷ ᠰᠤᠯᠲᠠᠨ ᠤ᠋ ᠴᠡᠷᠢᠭ ᠦ᠋ᠳ ᠦ᠋ᠨ ᠠᠷᠤ ᠠ᠋ᠴᠠ ᠨᠡᠬᠡᠨ ᠪᠠᠢᠯᠳᠤᠵᠤ᠂ᠬᠡᠰᠡᠭ ᠪᠤᠰᠠᠭ ᠢ᠋ᠶ᠋ᠠᠷ ᠨᠢ ᠲᠠᠰᠤᠯᠤᠨ ᠰᠠᠷᠨᠢᠭᠤᠯᠵᠤ ᠨᠤᠲᠤᠭ ᠤ᠋ᠨ ᠢ᠋ᠶ᠋ᠠᠨ ᠵᠠᠬ᠎ᠠ ᠳ᠋ᠤ᠌ ᠲᠤᠯᠤᠭᠰᠠᠨ ᠲᠤᠯᠠ ᠡᠷᠳᠡᠨᠢᠪᠠᠭᠠᠲᠤᠷ ᠬᠣᠩ ᠲᠠᠢᠵᠢ ᠣᠢᠷᠠᠳ ᠮᠣᠩᠭᠣᠯ ᠴᠡᠷᠢᠭ ᠢ᠋ᠶ᠋ᠡᠨ ᠪᠠᠭᠤᠳᠠᠯᠯᠠᠬᠤ ᠶ᠋ᠢ ᠲᠤᠰᠢᠶᠠᠵᠠᠢ᠃
     ᠡᠷᠳᠡᠨᠢᠪᠠᠭᠠᠲᠤᠷ ᠬᠣᠩ ᠲᠠᠢᠵᠢ ᠳ᠋ᠤ᠌ ᠲᠠᠪᠢᠨ ᠪᠣᠢ ᠵᠠᠯᠠᠭᠤ ᠪᠦᠷᠭᠦᠳ ᠢ᠋ ᠬᠠᠳᠬᠤᠮᠠᠯᠳᠤᠨ ᠬᠡᠩᠬᠦᠳᠡᠭ ᠳᠡᠭᠡᠷ᠎ᠡ ᠨᠢ ᠬᠠᠰ ᠤᠷᠠᠯᠠᠭᠰᠠᠨ ᠡᠭᠦᠳᠡ ᠲᠡᠢ ᠬᠡᠭᠡᠷ᠎ᠡ ᠶ᠋ᠢᠨ ᠲᠣᠮᠣ ᠠᠰᠠᠷ ᠪᠠᠷᠢᠵᠠᠢ᠃ ᠬᠣᠩ ᠲᠠᠢᠵᠢ ᠲᠦᠭᠰᠢᠭᠦᠷᠢ ᠲᠡᠢ ᠪᠠᠢᠯ᠎ᠠ᠃ ᠪᠠᠭᠠᠲᠤᠷ ᠬᠣᠩ ᠲᠠᠢᠵᠢ ᠠᠮᠢᠨᠳᠠᠷ᠎ᠠ ᠶ᠋ᠢ ᠬᠦᠴᠦᠷᠬᠡᠢᠯᠡᠨ ᠪᠣᠭᠲᠣᠯᠠᠵᠤ ᠪᠠᠭ᠎ᠠ ᠬᠠᠲᠤᠨ ᠢ᠋ᠶ᠋ᠠᠨ ᠪᠣᠯᠭᠠᠭᠰᠠᠨ ᠠ᠋ᠴᠠ ᠲᠡᠭᠦᠨ ᠦ᠌ ᠬᠦᠰᠡᠯ ᠢ᠋ ᠪᠡᠶᠡᠯᠡᠭᠦᠯᠵᠦ ᠬᠣᠭᠣᠯᠠ᠂ ᠨᠣᠢᠷ ᠳᠠᠭᠠᠭᠤᠯᠵᠤ ᠶᠠᠪᠤᠬᠤ ᠪᠥᠯᠥᠭᠡ᠃ ᠬᠠᠷᠢᠨ ᠡᠴᠢᠭᠡ᠂ ᠡᠬᠡ ᠳ᠋ᠡᠭᠡᠨ ᠵᠣᠯᠭᠠᠶ᠎ᠠ ᠭᠡᠬᠦ ᠳ᠋ᠦ᠍ᠨᠢ ᠰᠢᠭᠤᠳ ᠲᠠᠲᠠᠭᠠᠯᠵᠠᠭᠰᠠᠨ ᠪᠠᠢᠨ᠎ᠠ᠃ᠬᠦᠣᠰᠢ ᠬᠠᠭᠠᠨ᠎ᠤ ᠠᠪᠤᠷᠢ ᠠᠷᠠᠨᠰᠢᠨ ᠥᠭᠡᠷᠡᠴᠢᠯᠡᠭᠳᠡᠨ ᠮᠠᠨᠵᠤ ᠶ᠋ᠢᠨ ᠲᠠᠯ᠎ᠠ ᠶ᠋ᠢ ᠬᠡᠳᠦ ᠳᠠᠭᠠᠬᠤ ᠪᠣᠯᠤᠭᠰᠠᠨ ᠠ᠋ᠴᠠ ᠬᠣᠢᠰᠢ ᠵᠡᠭᠦᠨᠭᠠᠷ ᠤ᠋ᠨ ᠬᠠᠭᠠᠨ ᠲᠡᠭᠦᠨ ᠢ᠋ ᠦᠵᠡᠨ ᠶᠠᠳᠠᠳᠠᠭ ᠪᠣᠯᠵᠠᠢ᠃ᠥᠬᠢᠨ ᠠᠮᠢᠨᠳᠠᠷ᠎ᠠ ᠶ᠋ᠢ ᠨᠢ ᠶᠡᠬᠡ ᠵᠠᠮ ᠤ᠋ᠨ ᠳᠡᠭᠡᠷᠡᠮᠴᠢᠨ ᠯᠤᠭ᠎ᠠ ᠪᠣᠭᠲᠣᠯᠠᠵᠤ ᠠᠪᠤᠭᠰᠠᠨ ᠳ᠋ᠤ᠌ ᠭᠦᠦᠰᠢ ᠬᠠᠭᠠᠨ ᠵᠠᠨᠤᠯᠲᠠᠢ ᠪᠠᠢᠯ᠎ᠠ᠃
     ᠶᠠᠳᠠᠬᠤ ᠳ᠋ᠠᠭᠠᠨ ᠡᠷᠳᠡᠨᠢᠪᠠᠭᠠᠲᠤᠷ ᠬᠣᠩ ᠲᠠᠢᠵᠢ ᠥᠬᠢᠨ ᠢ᠋ ᠨᠢ ᠢᠩᠭᠢᠵᠦ ᠪᠡᠯᠡᠭ ᠰᠡᠯᠲᠡ ᠦᠭᠡᠢ ᠭᠦᠦᠰᠢ ᠬᠠᠭᠠᠨ ᠳ᠋ᠤ᠌ ᠬᠦᠷᠭᠡᠬᠦᠯᠵᠤ ᠬᠡᠯᠡ ᠮᠡᠳᠡᠭᠡ ᠳᠣᠭᠣᠯᠭᠠᠬᠤ ᠶ᠋ᠢᠨ ᠣᠷᠣᠨ ᠳ᠋ᠤ᠌ ᠴᠢᠮᠡᠭᠡ ᠦᠭᠡᠢ ᠥᠩᠭᠡᠷᠡᠪᠡ᠃ ᠳᠤᠷ᠎ᠠ ᠵᠣᠷᠢᠭ ᠢ᠋ᠶ᠋ᠠᠷ ᠢ᠋ᠶ᠋ᠠᠨ ᠠᠮᠢᠨᠳᠠᠷ᠎ᠠ ᠴᠡᠷᠢᠭ ᠦ᠋ᠳ ᠦ᠋ᠨ ᠬᠠᠮᠲᠤ ᠣᠷᠣᠰ ᠤ᠋ᠨ ᠨᠤᠲᠤᠭ ᠲᠤ᠌ ᠣᠴᠢᠵᠤ ᠰᠢᠷ᠎ᠠ ᠴᠡᠴᠡᠭ ᠤᠷᠠᠯᠠᠭᠰᠠᠨ ᠠᠯᠴᠢᠭᠤᠷ ᠬᠤᠳᠠᠯᠳᠤᠵᠤ ᠠᠪᠬᠤ ᠪᠠᠷ ᠵᠠᠮ ᠳ᠋ᠠᠭᠠᠨ ᠣᠢᠷᠠᠳ ᠤ᠋ᠨ ᠬᠠᠭᠠᠨ ᠤ᠋ ᠰᠠᠪᠠᠷ ᠲᠤ᠌  ᠠᠳᠬᠤᠭᠤᠯᠤᠭᠰᠠᠨ ᠶᠣᠮᠰᠠᠨᠵᠠᠢ᠃
  — ᠪᠦᠷᠭᠦᠳ ᠠᠳᠬᠤᠭᠰᠠᠨ ᠣᠯᠵᠠ ᠶ᠋ᠢ ᠲᠠᠯᠪᠢᠳᠠᠭ ᠦᠭᠡᠢ ᠶᠦᠮ᠃ ᠪᠦᠷᠭᠦᠳ ᠦ᠋ᠨ ᠰᠠᠪᠠᠷ ᠲᠤ᠌ ᠣᠷᠣᠭᠰᠠᠨ ᠪᠣᠯ ᠪᠢᠴᠠ ᠠᠳᠬᠤᠭᠤᠯᠤᠨ᠎ᠠ᠃ ᠡᠰᠡᠪᠡᠯ ᠲᠡᠨᠳᠡ ᠪᠡᠨ ᠵᠢᠷᠭᠠᠨ᠎ᠠ ᠭᠡᠵᠦ ᠠᠩᠬ᠎ᠠ ᠡᠷᠳᠡᠨᠢᠪᠠᠭᠠᠲᠤᠷ ᠬᠣᠩ ᠲᠠᠢᠵᠢ ᠬᠡᠯᠡᠭᠰᠡᠨ ᠶᠤᠮᠰᠠᠨᠵᠠᠢ᠃ᠬᠣᠩ ᠲᠠᠢᠵᠢ ᠳ᠋ᠤ᠌  ᠬᠦᠴᠦᠨᠳᠡᠭᠥᠯᠵᠤ ᠪᠠᠢᠬᠤ ᠳ᠋ᠠᠭᠠᠨ ᠠᠮᠢᠨᠳᠠᠷ᠎ᠠ᠂
     — ᠡᠪᠡᠳᠬᠡᠭᠡᠳ ᠥᠭᠭᠦᠭᠡᠴᠢ ᠁ ᠭᠡᠮᠡᠨ ᠭᠠᠰᠠᠯᠤᠨ᠎ᠠ᠃
      ᠭᠠᠰᠠᠯᠠᠩᠲᠤ ᠪᠦᠰᠡᠭᠦᠢ ᠶ᠋ᠢᠨ ᠳᠠᠭᠤ ᠶ᠋ᠢ ᠰᠥᠨᠢ ᠶ᠋ᠢᠨ ᠲᠠᠯ᠎ᠠ ᠳ᠋ᠤ᠌ ᠮᠣᠳᠣᠨ ᠲᠡᠷᠭᠡᠨ ᠦ᠌ ᠬᠢᠬᠤᠨᠠᠬᠤ ᠴᠢᠮᠡᠭᠡ ᠳᠠᠷᠤᠵᠤ ᠪᠠᠢᠯ᠎ᠠ᠃ ᠪᠦᠰᠡᠭᠦᠢ ᠶ᠋ᠢᠨ ᠭᠠᠰᠠᠯᠠᠩ ᠢᠷᠡᠬᠦ ᠴᠠᠭ ᠤ᠋ᠨ ᠢᠷᠣ᠎ᠠ ᠶ᠋ᠢ ᠳᠠᠯᠠᠯᠤᠨ ᠳᠠᠭᠤᠳᠠᠨ᠎ᠠ᠃ ᠪᠦᠰᠡᠭᠦᠢ ᠳ᠋ᠦ᠍ ᠰᠢᠷ᠎ᠠ ᠴᠡᠴᠡᠭ ᠲᠡᠢ ᠰᠠᠴᠤᠭ ᠪᠦᠬᠦᠢ ᠠᠯᠴᠢᠭᠤᠷ ᠥᠭᠭᠦᠶ᠎ᠡ ᠭᠡᠬᠦ ᠳ᠋ᠦ᠍ ᠠᠮᠢᠨᠳᠠᠷ᠎ᠠ ᠰᠢᠭᠤᠳ ᠲᠠᠲᠠᠭᠠᠯᠵᠠᠵᠤ ᠪᠠᠢᠵᠠᠢ᠃ ᠬᠣᠩ ᠲᠠᠢᠵᠢ ᠶ᠋ᠢᠨ ᠡᠷᠬᠢᠮᠰᠦᠭ ᠪᠡᠯᠡᠭ ᠡᠴᠡ ᠬᠠᠳᠠᠨ ᠤ᠋ ᠮᠥᠭᠥ ᠢᠯᠡᠭᠦᠦ ᠦᠨ᠎ᠡ ᠲᠡᠢ ᠶ᠋ᠢ ᠪᠣᠳᠣᠬᠤ ᠳ᠋ᠤ᠌ ᠠᠮᠢᠨᠳᠠᠷ᠎ᠠ ᠰᠠᠨᠠᠭ᠎ᠠ ᠪᠤᠷᠤᠭᠤᠯᠠᠭᠰᠠᠨ ᠪᠠᠢᠵᠤ ᠮᠠᠭᠠᠳ ᠦᠭᠡᠢ ᠠᠵᠢ᠃ ᠠᠮᠢᠨᠳᠠᠷ᠎ᠠ ᠶ᠋ᠢᠨ ᠬᠤᠪᠢ ᠵᠠᠶᠠᠭ᠎ᠠ ᠡᠷᠭᠢᠵᠡᠢ᠃ ᠪᠠᠯᠴᠢᠷᠬᠠᠨ ᠵᠢᠷᠦᠬᠡᠨ ᠳ᠋ᠡᠭᠡᠨ ᠠᠮᠢᠨᠳᠠᠷ᠎ᠠ ᠲᠣᠷᠭᠤᠳ ᠤ᠋ᠨ ᠨᠠᠭᠤᠷ ᠪᠠᠭᠠᠲᠤᠷ ᠢ᠋ ᠪᠣᠳᠣᠵᠤ ᠶᠠᠪᠤᠭᠰᠠᠨ ᠶᠤᠮ ᠪᠢᠯᠡ᠃ ᠨᠠᠭᠤᠷ ᠪᠠᠭᠠᠲᠤᠷ ᠦᠬᠦᠵᠡᠢ᠃

ᠬᠣᠶᠠᠷ

     ᠡᠨᠡ ᠦᠶ᠎ᠡ ᠪᠣᠯ1653 ᠣᠨ ᠤ᠋ ᠬᠠᠷᠠᠭᠴᠢᠨ ᠮᠣᠭᠠᠢ ᠵᠢᠯ ᠦ᠋ᠨ ᠨᠠᠮᠤᠷ ᠪᠠᠢᠯ᠎ᠠ᠃ ᠲᠤᠯᠤᠯᠳᠤᠭᠠᠨ ᠵᠠᠪᠰᠠᠷᠯᠠᠭᠰᠠᠨ ᠤ᠋ ᠳᠠᠷᠠᠭ᠎ᠠ ᠬᠠᠰᠠᠭ ᠤ᠋ᠨ ᠵᠠᠭᠤᠲᠤ ᠨᠤᠭᠤᠳ ᠵᠦᠭ ᠪᠤᠷᠤᠭᠤᠯᠠᠨ ᠪᠤᠲᠠᠷᠠᠭᠰᠠᠨ ᠨᠢ ᠬᠣᠩ ᠲᠠᠢᠵᠢ ᠶ᠋ᠢᠨ ᠪᠣᠳᠣᠯ ᠢ᠋ᠶ᠋ᠠᠷ ᠰᠠᠨᠠᠮᠰᠠᠷ ᠦᠭᠡᠢ ᠵᠢᠭᠤᠲᠠᠯᠲᠠ ᠪᠢᠰᠢ ᠪᠥᠭᠡᠳ ᠰᠡᠳᠬᠢᠯ ᠨᠢ ᠲᠣᠭᠲᠠᠵᠤ ᠥᠭᠬᠦ ᠦᠭᠡᠢ ᠪᠠᠢᠯ᠎ᠠ᠃ ᠰᠡᠳᠬᠢᠯ ᠢ᠋ᠶ᠋ᠡᠨ ᠲᠣᠭᠲᠠᠭᠠᠬᠤ ᠭᠡᠵᠦ ᠡᠷᠳᠡᠨᠢᠪᠠᠭᠠᠲᠤᠷ ᠬᠠᠭᠠᠨ ᠬᠦᠴᠦ ᠪᠡᠷ ᠤᠷᠤᠯᠳᠤᠵᠤ ᠦᠵᠡᠪᠡ᠃
  ᠠᠮᠢᠨᠳᠠᠷ᠎ᠠ ᠶ᠋ᠢ ᠰᠡᠦᠬᠡ ᠲᠡᠷᠭᠡᠨ ᠡᠴᠡ ᠬᠣᠯᠠᠳᠤᠨ ᠣᠳᠬᠤ ᠳ᠋ᠤ᠌ ᠪᠠᠷ᠎ᠠ ᠪᠣᠯᠤᠭᠰᠠᠨ ᠣᠭᠲᠣ ᠰᠡᠵᠢᠭᠯᠡᠭᠡ ᠦᠭᠡᠢ ᠠᠲᠠᠯ᠎ᠠ ᠬᠣᠩ ᠲᠠᠢᠵᠢ ᠳ᠋ᠤ᠌ ᠤᠷᠢᠳ ᠡᠮᠦᠨ᠎ᠡ ᠳᠥᠷᠥᠭᠡ ᠦᠭᠡᠢ ᠮᠠᠭᠤ ᠰᠤᠪᠢᠨ ᠲᠠᠲᠠᠵᠠᠢ᠃ ᠬᠠᠲᠤᠨ ᠡᠷᠭᠢᠵᠦ ᠢᠷᠡᠬᠦ ᠳ᠋ᠡᠭᠡᠨ ᠪᠦᠷᠭᠦᠳ ᠦ᠋ᠨ ᠲᠤᠬᠠᠢ ᠠᠰᠠᠭᠤᠭᠰᠠᠨ ᠨᠢ ᠲᠡᠭᠦᠨ ᠦ᠌ ᠮᠠᠭᠤ ᠰᠤᠪᠢᠨ ᠢ᠋ ᠪᠠᠲᠤᠯᠠᠬᠤ ᠰᠢᠭ᠋ ᠪᠣᠯᠵᠠᠢ᠃ ᠪᠠᠭᠠᠲᠤᠷ ᠬᠣᠩ ᠲᠠᠢᠵᠢ ᠠᠮᠢᠨᠳᠠᠷ᠎ᠠ ᠶ᠋ᠢ ᠰᠤᠷᠠᠭᠠᠳ ᠦᠵᠡᠬᠦ ᠪᠡᠷ ᠰᠢᠢᠳᠴᠡᠢ᠃
  — ᠦᠬᠦᠯ ᠡᠴᠡ ᠠᠶᠤᠬᠤ ᠦᠭᠡᠢ ᠪᠠᠢᠨ᠎ᠠ ᠤᠤ?
  — ᠲᠠ ᠨᠠᠮᠠᠶ᠋ᠢ ᠵᠣᠪᠠᠯᠠᠩᠲᠤ ᠡᠮ᠎ᠡ ᠪᠣᠯᠭᠠᠭᠰᠠᠨ᠃ ᠵᠠᠯᠠᠭᠤ ᠪᠠᠷ ᠢ᠋ᠶ᠋ᠠᠨ ᠬᠠᠭᠰᠠᠷᠠᠭᠰᠠᠨ ᠠ᠋ᠴᠠ ᠦᠬᠦᠭᠰᠡᠨ ᠨᠢ ᠳᠡᠭᠡᠷ᠎ᠡ᠃
    — ᠨᠠᠮᠠᠶ᠋ᠢ ᠦᠬᠦᠪᠡᠯ ᠴᠢ ᠶᠠᠭᠠᠬᠢᠬᠤᠪ?
  — ᠪᠢ ᠰᠠᠪᠳᠡᠨᠵᠡᠯ ᠳ᠋ᠦ᠍ ᠣᠴᠢᠨ᠎ᠠ᠃
  — ᠬᠠᠷᠠᠩᠭᠤᠢ ᠬᠠᠳᠠᠨ ᠤ᠋ ᠴᠠᠭᠠᠨ᠎ᠠ ᠰᠠᠪᠳᠡᠨᠵᠡᠯ ᠪᠠᠢᠭᠰᠠᠨ ᠤᠤ? ᠥᠭᠡᠷ᠎ᠡ ᠁ ᠠᠮᠠ ᠠᠯᠳᠠᠪᠠᠯ ᠪᠠᠷᠢᠵᠤ ᠪᠣᠯᠳᠠᠭ ᠦᠭᠡᠢ᠂ ᠬᠠᠳᠠᠨ ᠤ᠋ ᠮᠥᠭᠥ ᠬᠡᠨ ᠪᠣᠢ?
    — ᠦᠭᠡᠢ ᠠ᠋᠂ ᠲᠡᠨᠳᠡ ᠬᠡᠨ ᠴᠦ᠍ ᠪᠠᠢᠭ᠎ᠠ ᠦᠭᠡᠢ᠃ ᠨᠠᠮᠠᠶ᠋ᠢ ᠦᠬᠦᠯ ᠬᠦᠯᠢᠶᠡᠵᠦ ᠪᠠᠢᠭ᠎ᠠ᠃ ᠦᠬᠦᠯ ᠨᠠᠳᠠ ᠤᠷᠤᠭᠤ ᠢᠷᠡᠪᠡᠯ ᠪᠢ ᠲᠠᠯᠠᠷᠬᠠᠨ᠎ᠠ᠃ ᠲᠠ ᠨᠠᠳᠠ ᠠ᠋ᠴᠠ ᠠᠶᠤᠵᠤ ᠪᠠᠢᠨ᠎ᠠ ᠤᠤ? ᠭᠡᠵᠦ ᠠᠰᠠᠭᠤᠭᠰᠠᠨ᠂ ᠪᠢ ᠠᠶᠤᠳᠠᠭ ᠦᠭᠡᠢ᠃
    — ᠲᠡᠭᠡᠭᠡᠳ ᠶᠠᠭᠤᠨ ᠤ᠋ ᠤᠴᠢᠷ ᠰᠠᠪᠳᠠᠨᠵᠡᠯ ᠢ᠋ ᠰᠣᠨᠢᠷᠬᠠᠪᠠ᠃ ᠲᠡᠷᠡ ᠴᠢᠨᠢ ᠰᠠᠭᠰᠠᠭᠤ ᠪᠠᠷᠳᠠᠮ ᠵᠠᠯᠠᠭᠤ᠂ ᠴᠢᠮ᠎ᠠ ᠳ᠋ᠤ᠌ ᠪᠠᠢᠲᠤᠭᠠᠢ ᠨᠠᠳᠠᠳᠤ ᠨᠡᠮᠡᠷᠢ ᠪᠣᠯᠬᠤ ᠦᠭᠡᠢ᠃ ᠴᠢᠮᠠᠶ᠋ᠢ ᠠᠯᠠᠴᠢᠬᠠᠨ᠎ᠠ᠃
   — ᠬᠠᠭᠠᠨ ᠲᠠ ᠡᠨᠳᠡᠭᠦᠷᠡᠵᠦ ᠪᠠᠢᠨ᠎ᠠ᠃ ᠲᠠᠨ ᠤ᠋ ᠬᠥᠪᠡᠭᠦᠳ ᠦ᠋ᠨ ᠰᠤᠷ ᠨᠢ᠃
  — ᠶᠠᠭᠠᠬᠢᠭᠠᠳ?
  — ᠲᠡᠷᠡ ᠵᠠᠯᠠᠭᠤ ᠤᠷᠭᠤᠭ᠎ᠠ ᠴᠢᠯᠠᠭᠤ ᠰᠢᠭ᠋ ᠰᠠᠨᠠᠭᠳᠠᠳᠠᠭ᠃
  — ᠪᠢ ᠲᠡᠭᠡᠪᠡᠯ᠁
  — ᠲᠠ ᠪᠣᠯ ᠤᠷᠤᠰᠬᠠᠯ ᠤᠰᠤ ᠰᠢᠭ᠋ ᠬᠥᠮᠦᠨ᠃
  — ᠪᠢ ᠲᠡᠭᠡᠪᠡᠯ᠁
  — ᠬᠠᠯᠠᠭᠤᠨ ᠴᠢᠰᠤ ᠲᠠᠢ ᠡᠷ᠎ᠡ ᠶ᠋ᠢ ᠬᠦᠰᠡᠵᠦ ᠪᠠᠢᠭ᠎ᠠ ᠶᠤᠮ ᠰᠢᠪ ᠳᠡ᠃ ᠬᠠᠲᠤᠨᠲᠠᠨ!
  — ᠲᠠ ᠨᠠᠮᠠᠶ᠋ᠢ ᠣᠢᠯᠠᠭᠠᠭᠰᠠᠨ ᠦᠭᠡᠢ᠂ ᠲᠠ ᠮᠢᠨᠦ ᠥᠬᠢᠨ ᠪᠡᠶ᠎ᠡ ᠶ᠋ᠢ ᠦᠭᠡᠢ ᠬᠢᠭᠰᠡᠨ᠃ᠲᠡᠢᠮᠦ ᠤᠴᠢᠷ ᠠ᠋ᠴᠠ ᠪᠢ ᠥᠪᠡᠷ ᠦ᠋ᠨ ᠴᠢᠰᠤ ᠶ᠋ᠢ ᠣᠢᠷᠠᠳ ᠤ᠋ᠨ ᠴᠢᠰᠤ ᠲᠠᠢ ᠬᠣᠯᠢᠵᠤ᠂ᠵᠡᠭᠦᠨᠭᠠᠷ ᠤ᠋ᠨ ᠬᠠᠭᠠᠨ ᠢ᠋ ᠲᠥᠷᠥᠭᠦᠯᠬᠦ ᠶᠣᠰᠣᠲᠠᠢ ᠪᠢᠯᠡ᠃ ᠬᠠᠭᠠᠨ ᠲᠠᠨ ᠤ᠋ ᠦᠷ᠎ᠡ ᠵᠠᠶᠠᠭᠠᠬᠤ ᠦᠭᠡᠢ ᠪᠣᠯᠤᠯᠲᠠᠢ᠃ ᠲᠡᠭᠡᠬᠦ ᠪᠡᠷ ᠪᠢ ᠰᠡᠪᠳᠡᠨᠵᠡᠯ ᠳ᠋ᠦ᠍ ᠣᠴᠢᠪᠠᠯ ᠲᠠᠨ ᠤ᠋ ᠤᠳᠤᠮ ᠨᠠᠳᠠ ᠪᠠᠷ ᠳᠡᠮᠵᠢᠵᠦ ᠲᠥᠷᠥᠬᠦ ᠪᠤᠰᠤ ᠤᠤ?
  — ᠭᠦᠩᠵᠦᠲᠡᠨ ᠬᠣᠷᠣᠰᠤᠭᠰᠠᠭᠠᠷ ᠶᠠᠪᠤᠨ᠎ᠠ ᠤᠤ? ᠰᠡᠪᠳᠡᠨᠵᠡᠯ ᠳ᠋ᠦ᠍ ᠣᠴᠢᠨ᠎ᠠ ᠬᠡᠮᠡᠨ᠎ᠡ᠃ ᠡᠴᠢᠭᠡ᠂ ᠦᠷ᠎ᠡ ᠶ᠋ᠢᠨ ᠬᠣᠭᠣᠷᠣᠨᠳᠣ ᠶᠠᠰᠤ ᠬᠠᠶᠠᠬᠤ ᠶᠠᠭᠤᠨ᠂ ᠲᠡᠭᠦᠨ ᠢ᠋ ᠬᠣᠷᠣᠭᠠᠬᠤ ᠰᠢᠯᠲᠠᠭ ᠨᠠᠳᠠᠳᠤ ᠣᠳᠣᠬᠠᠨ ᠳ᠋ᠠᠭᠠᠨ ᠠᠯᠠᠭ᠎ᠠ᠃ ᠭᠡᠬᠦ ᠳ᠋ᠡᠭᠡᠨ ᠪᠢ ᠲᠡᠭᠦᠨ ᠳ᠋ᠦ᠍ ᠳᠤᠷ᠎ᠠ ᠦᠭᠡᠢ᠃
 — ᠰᠡᠪᠳᠡᠨᠵᠡᠯ ᠬᠠᠷ᠎ᠠ ᠶᠡᠬᠡᠲᠡᠢ᠃ ᠬᠠᠭᠠᠨ ᠲᠠᠨ ᠤ᠋ ᠬᠥᠪᠡᠭᠦᠳ ᠦ᠋ᠨ ᠨᠢᠭᠡ ᠮᠥᠨ᠃ ᠲᠠ ᠥᠪᠡᠷ ᠢ᠋ᠶ᠋ᠡᠨ ᠨᠠᠮᠠᠶ᠋ᠢ ᠦᠬᠦᠪᠡᠯ ᠴᠢ ᠶᠠᠭᠠᠬᠢᠬᠤ ᠪᠣᠢ ᠭᠡᠮᠡᠨ ᠠᠰᠠᠭᠤᠭᠰᠠᠨ ᠪᠤᠰᠤ ᠤᠤ?
  — ᠠᠮᠢᠨᠳᠠᠷ᠎ᠠ ᠴᠡᠪᠳᠡᠭ᠂ ᠨᠢᠭᠤᠴᠠᠯᠢᠭ ᠵᠠᠩ ᠲᠠᠢ ᠪᠢᠯᠡ᠃ ᠭᠡᠲᠡᠯ᠎ᠡ ᠡᠷᠳᠡᠨᠢᠪᠠᠭᠠᠲᠤᠷ ᠬᠣᠩ ᠲᠠᠢᠵᠢ ᠶᠠᠭᠤᠨ ᠤ᠋ ᠤᠴᠢᠷ ᠢᠯᠠᠨ ᠳᠠᠯᠠᠨ ᠦᠭᠡᠢ ᠱᠣᠷᠪᠣᠭ ᠭᠠᠰᠢᠭᠤᠨ ᠰᠠᠨᠠᠭ᠎ᠠ ᠪᠠᠨ ᠭᠠᠷᠭᠠᠪᠠ᠃ ᠬᠣᠩ ᠲᠠᠢᠵᠢ ᠰᠥᠨᠢ ᠲᠤᠷᠰᠢᠲᠠ ᠪᠣᠳᠣᠯᠭᠠᠰᠢᠷᠠᠵᠤ ᠠᠮᠢᠨᠳᠠᠷ᠎ᠠ ᠶ᠋ᠢ ᠡᠷᠬᠡᠯᠡᠭᠦᠯᠦᠨ ᠢᠯᠢᠵᠦ ᠲᠠᠭᠠᠯᠠᠬᠤ ᠡᠨᠳᠡᠯ᠎ᠡ ᠪᠡᠨ ᠲᠠᠰᠤ ᠥᠭᠡᠷ᠎ᠡ ᠶᠠᠭᠤᠮ᠎ᠠ ᠪᠣᠳᠣᠨ ᠨᠣᠢᠷ ᠮᠠᠭᠤᠲᠠᠢᠬᠠᠨ ᠬᠣᠨᠣᠵᠠᠢ᠃

 ᠬᠣᠩ ᠲᠠᠢᠵᠢ ᠥᠷ ᠴᠠᠢᠬᠤ ᠦᠶᠡᠰ ᠵᠡᠭᠦᠳᠦᠨ ᠡᠴᠡ ᠬᠠᠭᠠᠴᠠᠪᠠ᠃ ᠠᠮᠢᠨᠳᠠᠷ᠎ᠠ ᠨᠣᠢᠷᠮᠤᠭ ᠴᠢᠷᠠᠢᠯᠠᠨ᠎ᠠ᠃
 — ᠰᠥᠨᠢᠵᠢᠨ ᠪᠣᠯᠵᠣᠮᠣᠷ ᠳᠡᠷᠬᠢᠯ᠎ᠡ᠃ ᠬᠠᠷᠭᠠᠨ᠎ᠠ ᠶ᠋ᠢᠨ ᠰᠢᠭᠤᠢ ᠳ᠋ᠤ᠌ ᠠᠷᠢᠶᠠᠲᠠᠨ ᠡᠭᠦᠷᠯᠡᠭᠰᠡᠨ ᠶᠦᠮ ᠪᠣᠯᠪᠠᠤ? ᠭᠡᠵᠦ ᠠᠮᠢᠨᠳᠠᠷ᠎ᠠ ᠠᠰᠠᠭᠤᠬᠤ ᠳ᠋ᠤ᠌᠂
  — ᠴᠢ ᠰᠡᠷᠭᠡᠭ᠃ ᠣᠳᠣᠬᠠᠨ ᠭᠠᠳᠠᠭᠠᠯᠠᠭᠠᠳ ᠢᠷᠡᠶ᠎ᠡ ᠭᠡᠳ ᠬᠣᠩ ᠲᠠᠢᠵᠢ ᠨᠥᠮᠥᠭᠡᠨ ᠭᠠᠷᠤᠯ᠎ᠠ᠃

 ᠪᠠᠭᠠᠲᠤᠷ ᠬᠣᠩ ᠲᠠᠢᠵᠢ ᠶ᠋ᠢᠨ ᠠᠰᠠᠷ ᠢ᠋ ᠬᠦᠷᠢᠶᠡᠯᠡᠭᠡᠳ ᠴᠡᠷᠢᠭ ᠦ᠋ᠨ ᠬᠦᠷᠢᠶ᠎ᠡ ᠥᠷᠭᠡᠰᠴᠡᠢ᠃ ᠬᠠᠷᠭᠠᠨ᠎ᠠ ᠶ᠋ᠢᠨ ᠨᠡᠯᠮᠡᠢᠭᠰᠡᠨ ᠰᠢᠷ᠎ᠠ ᠰᠢᠭᠤᠢ ᠴᠡᠷᠢᠭ ᠦ᠋ᠨ ᠬᠦᠷᠢᠶᠡᠨ ᠦ᠌ ᠭᠠᠳᠠᠨᠠᠬᠢ ᠶᠡᠬᠡ ᠬᠦᠷᠢᠶᠡᠨ ᠡᠴᠡ ᠦᠷᠭᠦᠯᠵᠢᠯᠡᠨ᠎ᠡ᠃ ᠬᠠᠷᠠᠭᠤᠯ᠂ ᠬᠡᠪᠲᠡᠭᠦᠯ ᠴᠡᠷᠢᠭ ᠦ᠋ᠳ ᠰᠣᠨᠣᠷ ᠰᠣᠷᠭᠣᠭ ᠪᠢᠯᠡ᠃ ᠬᠠᠷᠭᠠᠨ᠎ᠠ ᠶ᠋ᠢᠨ ᠰᠢᠭᠤᠢ ᠳᠣᠲᠣᠷ᠎ᠠ ᠶᠠᠩᠭᠢᠷ ᠰᠤᠯᠲᠠᠨ ᠤ᠋ ᠬᠥᠪᠡᠭᠦᠨ ᠦᠰ ᠵᠠᠩᠭᠢᠳᠤᠨ ᠬᠣᠷᠣᠰᠤᠯ᠂ ᠣᠮᠣᠭ᠂ ᠠᠭᠤᠷ ᠰᠢᠷ᠎ᠠ ᠳ᠋ᠠᠭᠠᠨ  ᠰᠢᠲᠠᠨ ᠬᠡᠪᠲᠡᠵᠦ ᠪᠠᠢᠪᠠ᠃

     ᠡᠨᠡ ᠮᠥᠴᠡ ᠳ᠋ᠦ᠍ ᠪᠠᠭᠠᠲᠤᠷ ᠬᠣᠩ ᠲᠠᠢᠵᠢ ᠥᠪᠡᠷ ᠡᠴᠡ ᠪᠡᠨ ᠠᠰᠠᠭᠤᠨ᠎ᠠ᠃ ᠲᠡᠭᠦᠨ ᠦ᠌ ᠶᠠᠷᠢᠶ᠎ᠠ ᠰᠣᠨᠣᠰᠤᠭᠳᠠᠨ᠎ᠠ᠃

  《ᠠᠮᠢᠨᠳᠠᠷ᠎ᠠ ᠶᠠᠭᠠᠬᠢᠭᠠᠳ ᠰᠡᠪᠳᠡᠨᠵᠠᠯ ᠳ᠋ᠤ᠌ ᠣᠴᠢᠨ᠎ᠠ ᠭᠡᠪᠡ᠃ ᠠᠮᠢᠨᠳᠠᠷ᠎ᠠ ᠶ᠋ᠢᠨ ᠡᠬᠡ ᠶ᠋ᠢᠨ ᠲᠠᠯ᠎ᠠ ᠮᠠᠨᠵᠤ ᠶ᠋ᠢᠨ ᠬᠠᠭᠠᠨ ᠤ᠋ ᠰᠦᠯᠪᠡᠭᠡᠳᠡᠨ ᠭᠡᠳᠡᠭ᠃ ᠡᠰᠡᠪᠡᠯ ᠠᠮᠢᠨᠳᠠᠷ᠎ᠠ ᠨᠠᠳᠠ ᠪᠠᠷ ᠰᠡᠪᠳᠡᠨᠵᠠᠯ ᠢ᠋ ᠬᠣᠣᠷᠯᠠᠭᠤᠯᠬᠤ ᠰᠠᠨᠠᠭ᠎ᠠ ᠲᠠᠢ ᠶᠤᠮ ᠤᠤ? ᠦᠷᠭᠦᠭᠡᠨ ᠳ᠋ᠡᠭᠡᠨ ᠣᠴᠢᠭᠰᠠᠨ ᠬᠣᠢᠨ᠎ᠠ ᠰᠡᠪᠳᠡᠨᠵᠠᠯ ᠢ᠋ ᠪᠠᠢᠴᠠᠭᠠᠯᠭᠠᠵᠤ ᠤᠴᠢᠷ ᠢ᠋ ᠣᠯᠬᠤ ᠦᠭᠡᠢ ᠪᠣᠯ ᠁》ᠪᠠᠭᠠᠲᠤᠷ ᠬᠣᠩ ᠲᠠᠢᠵᠢ ᠶ᠋ᠢ ᠥᠪᠡᠷ ᠲᠡᠢ ᠪᠡᠨ ᠶᠠᠷᠢᠭᠠᠳ ᠡᠷᠭᠢᠲᠡᠯ᠎ᠡ ᠲᠡᠭᠦᠨ ᠦ᠌ ᠨᠢᠷᠤᠭᠤᠨ ᠳ᠋ᠤ᠌ ᠦᠬᠦᠯ ᠦ᠋ᠨ ᠰᠤᠮᠤ ᠵᠣᠭᠣᠭᠳᠠᠪᠠ᠃ ᠰᠤᠮᠤ ᠶ᠋ᠢᠨ ᠬᠤᠰᠢᠭᠤᠨ ᠳ᠋ᠤ᠌ ᠬᠣᠣᠷ ᠲᠦᠷᠬᠢᠭᠰᠡᠨ ᠪᠠᠢᠵᠠᠢ᠃

ᠭᠤᠷᠪᠠ

   ᠰᠢᠪ ᠰᠢᠷ᠎ᠠ ᠴᠡᠴᠡᠭ ᠲᠡᠢ ᠬᠠᠷᠭᠠᠨ᠎ᠠ ᠶ᠋ᠢᠨ ᠰᠢᠭᠤᠢ ᠦᠷᠭᠦᠯᠵᠢᠯᠡᠨ ᠶᠠᠪᠤᠭᠰᠠᠭᠠᠷ ᠠᠭᠤᠯᠠ ᠶ᠋ᠢᠨ ᠪᠠᠯ ᠬᠣᠷᠮᠣᠢ ᠬᠦᠷᠴᠡᠢ᠃ ᠰᠢᠭᠤᠢ ᠳᠡᠭᠡᠭᠦᠷ ᠡᠷᠲᠡᠴᠢ ᠪᠣᠯᠵᠣᠮᠣᠷ ᠪᠥᠭᠡᠮ ᠪᠥᠭᠡᠮ ᠢ᠋ᠶ᠋ᠡᠷ ᠡᠷᠭᠢᠨ᠎ᠡ᠃ ᠰᠢᠷ᠎ᠠ ᠴᠡᠴᠡᠭ ᠲᠡᠢ ᠠᠯᠴᠢᠭᠤᠷ ᠢ᠋ ᠠᠮᠢᠨᠳᠠᠷ᠎ᠠ ᠬᠦᠰᠡᠳᠡᠭ ᠪᠤᠰᠤ ᠤᠤ?ᠰᠢᠷ᠎ᠠ ᠴᠡᠴᠡᠭ ᠦ᠋ᠨ ᠳᠤᠮᠳᠠ ᠬᠣᠨᠣᠭᠯᠠᠪᠠ᠃

   ᠠᠮᠢᠨᠳᠠᠷ᠎ᠠ ᠳ᠋ᠤ᠌ ᠳᠤᠷᠠᠯᠠᠭᠰᠠᠨ ᠳ᠋ᠠᠭᠠᠨ ᠪᠣᠯᠵᠤ ᠡᠴᠢᠭᠡ ᠬᠠᠭᠠᠨ ᠬᠣᠣᠷ ᠰᠢᠩᠭᠡᠭᠡᠭᠰᠡᠨ ᠰᠤᠮᠤᠨ ᠳ᠋ᠤ᠌ ᠰᠢᠪᠡᠭᠦᠯᠵᠡᠢ᠃ᠬᠠᠷᠢᠨ ᠬᠠᠷᠠᠭᠠᠨᠠᠲᠤ ᠰᠢᠭᠤᠢ ᠠ᠋ᠴᠠ ᠶᠠᠩᠭᠢᠷ ᠰᠤᠯᠲᠠᠨ ᠤ᠋ ᠬᠥᠪᠡᠭᠦᠨ ᠢ᠋ ᠪᠠᠷᠢᠵᠤ ᠠᠪᠴᠢᠷᠠᠵᠠᠢ᠃ᠲᠡᠷᠡ ᠬᠥᠪᠡᠭᠦᠨ ᠳᠡᠰ ᠬᠠᠷ᠎ᠠ ᠪᠤᠷᠵᠢᠭᠢᠷ ᠦᠰᠦ ᠲᠡᠢ᠂ ᠮᠤᠤᠷ ᠤ᠋ᠨ ᠰᠢᠭ᠋ ᠴᠡᠩᠬᠡᠷ ᠨᠣᠭᠣᠭᠠᠨ ᠨᠢᠳᠦ ᠲᠡᠢ ᠰᠢᠵᠠᠭᠤᠷ ᠵᠠᠭᠤᠭᠰᠠᠨ ᠨᠢᠭᠡᠨ ᠪᠠᠢᠪᠠ᠃ ᠰᠡᠷᠡᠮᠵᠢ ᠠᠯᠳᠠᠭᠰᠠᠨ ᠣᠢᠷᠠᠳ ᠤ᠋ᠨ ᠲᠣᠷᠭᠠᠨ ᠴᠡᠷᠢᠭ ᠦ᠋ᠨ ᠴᠢᠰᠤ ᠪᠠᠷ ᠬᠠᠷᠭᠠᠨ᠎ᠠ ᠶ᠋ᠢᠨ ᠰᠢᠷ᠎ᠠ ᠴᠡᠴᠡᠭ ᠪᠣᠳᠣᠭᠳᠠᠪᠠ᠃ᠬᠥᠪᠡᠭᠦᠨ ᠢ᠋ ᠪᠠᠢᠴᠠᠭᠠᠬᠤ ᠭᠡᠰᠡᠨ ᠪᠣᠯᠪᠠᠴᠤ ᠪᠤᠷᠤᠭᠤ ᠬᠠᠷᠠᠵᠤ ᠭᠦᠷᠢᠯᠡᠭᠡᠳ ᠪᠠᠢᠯ᠎ᠠ᠃ᠲᠡᠷᠡ ᠠᠯᠠᠭᠠᠳᠠᠬᠤ ᠳ᠋ᠤ᠌ ᠦᠰᠦᠷᠴᠦ ᠤᠨᠠᠴᠢᠬᠠᠭᠠᠳ ᠪᠣᠰᠤᠨ᠎ᠠ᠃ ᠬᠥᠪᠡᠭᠦᠨ ᠭᠠᠩᠬᠤᠵᠤ ᠪᠠᠢᠭᠠᠳ ᠲᠣᠭᠲᠠᠨ᠎ᠠ᠃
       — ᠡᠨᠡ ᠴᠢᠳᠬᠥᠷ ᠢ᠋ ᠶᠠᠭᠠᠬᠢᠯᠲᠠᠢ ᠪᠣᠢ?
       — ᠪᠠᠷᠠᠭᠤᠨ ᠭᠠᠷ ᠢ᠋ ᠨᠢ ᠳᠠᠰᠤᠯ!
       — ᠬᠠᠮᠢᠭᠠᠭᠤᠷ ᠲᠠᠰᠤᠯᠬᠤ ᠪᠣᠢ?
       — ᠳᠤᠮᠳᠠ ᠴᠢᠮᠥᠭᠡ ᠪᠡᠷ ᠨᠢ ᠴᠠᠪᠴᠢ᠃
       — ᠦᠬᠦᠴᠢᠬᠡᠬᠦ ᠦᠭᠡᠢ ᠪᠠᠢᠭ᠎ᠠ?
       — ᠦᠬᠦᠬᠦ ᠦᠭᠡᠢ ᠠ᠋ ᠂ ᠨᠠᠭᠠᠳᠤᠬᠢ ᠴᠢᠨᠢ ᠰᠢᠷᠣᠢ ᠳᠦᠷᠭᠢᠭᠡᠳ ᠡᠳᠡᠭᠡᠨ᠎ᠡ ᠪᠢᠵᠡ᠃ ᠬᠥᠮᠦᠨ ᠦ᠌ ᠨᠤᠲᠤᠭ ᠲᠤ᠌ ᠥᠩᠭᠡᠯᠵᠡᠵᠦ ᠶᠠᠪᠤᠳᠠᠭ ᠰᠢᠭᠠᠷᠤ ᠨᠤᠭᠤᠳ ᠲᠤ᠌ ᠰᠤᠷᠭᠠᠮᠵᠢ ᠪᠣᠯᠤᠭ᠃ ᠬᠥᠮᠦᠨ ᠦ᠌ ᠭᠠᠵᠠᠷ ᠤ᠋ᠨ ᠬᠦᠢᠲᠡᠨ ᠢ᠋ ᠮᠡᠳᠡᠭᠦᠯᠦᠶ᠎ᠡ᠃ ᠴᠠᠪᠴᠢᠬᠠᠭᠠᠳ ᠯᠠ ᠶᠠᠪᠤᠭᠤᠯᠴᠢᠬ᠎ᠠ᠃ ᠦᠬᠦᠪᠡᠯ ᠦᠬᠦᠭ᠃ ᠠᠮᠢᠳᠤ ᠦᠯᠡᠳᠡᠪᠡᠯ ᠡᠷᠭᠢᠵᠦ ᠨᠣᠴᠣᠨ᠎ᠠ ᠪᠢᠵᠡ᠃

      ᠶᠠᠩᠭᠢᠷ ᠰᠤᠯᠲᠠᠨ ᠤ᠋ ᠬᠥᠪᠡᠭᠦᠨ ᠬᠡᠳᠦᠢᠪᠡᠷ ᠨᠠᠰᠤ ᠪᠠᠭ᠎ᠠ ᠠᠪᠠᠴᠤ ᠭᠠᠭᠴᠠ ᠰᠤᠮᠤ ᠮᠡᠷᠭᠡᠨ ᠤᠨᠤᠭᠰᠠᠨ ᠨᠢ ᠬᠠᠷ᠎ᠠ ᠨᠢᠯᠬ᠎ᠠ ᠠ᠋ᠴᠠ ᠪᠠᠨ ᠰᠤᠷᠭᠠᠭᠤᠯᠢ ᠰᠠᠢᠨ ᠬᠢᠭᠰᠡᠨ ᠦ᠌ ᠬᠢ᠃
   ᠬᠥᠪᠡᠭᠦᠨ ᠦ᠌ ᠭᠠᠷ ᠢ᠋ ᠲᠡᠮᠡᠭᠡᠨ ᠦ᠌ ᠬᠣᠮ ᠮᠣᠳᠣᠨ ᠤ᠋ ᠳᠡᠭᠡᠷ᠎ᠡ ᠪᠠᠭᠯᠠᠵᠤ ᠪᠣᠭᠣᠯ᠎ᠠ᠃ ᠢᠷᠪᠢᠰ ᠦ᠋ᠨ ᠴᠢᠰᠤ ᠪᠥᠭᠡᠷᠡᠩᠬᠡᠢ ᠳᠤᠰᠤᠯ ᠢ᠋ᠶ᠋ᠠᠷ ᠬᠥᠭᠡᠭᠡᠴᠡᠯᠳᠦᠨ ᠤᠨᠠᠵᠤ ᠪᠠᠢᠭᠰᠠᠨ ᠭᠠᠭᠴᠠ ᠰᠡᠯᠡᠮ᠎ᠡ ᠪᠡᠷ ᠬᠦᠦ ᠶ᠋ᠢᠨ ᠭᠠᠷ ᠢ᠋ ᠴᠠᠪᠴᠢᠵᠤ ᠣᠷᠬᠢᠯ᠎ᠠ᠃

   ᠬᠥᠪᠡᠭᠦᠨ ᠦ᠌ ᠭᠠᠷ ᠰᠢᠷᠣᠢ ᠳᠡᠭᠡᠷ᠎ᠡ ᠤᠨᠠᠪᠠ᠃ ᠬᠤᠷᠤᠭᠤ ᠨᠢ ᠠᠷᠪᠠᠯᠵᠠᠨ ᠬᠥᠳᠡᠯᠦᠨ᠎ᠡ᠃ ᠠᠭᠠᠵᠢᠮ ᠢ᠋ᠶ᠋ᠠᠷ ᠬᠢᠮᠤᠰᠤ ᠨᠢ ᠬᠥᠬᠡ ᠪᠣᠯᠵᠤ᠂ ᠬᠡᠷᠴᠢᠭᠳᠡᠭᠰᠡᠨ ᠬᠡᠰᠡᠭ ᠢ᠋ᠶ᠋ᠡᠷ ᠢ᠋ᠶ᠋ᠡᠨ ᠶᠠᠭᠠᠷᠠᠵᠤ ᠪᠠᠢᠭᠠᠳ ᠬᠥᠳᠡᠯᠬᠦ ᠪᠡᠨ ᠪᠣᠯᠢᠬᠤ ᠳ᠋ᠤ᠌ ᠰᠡᠯᠡᠮ᠎ᠡ ᠶ᠋ᠢᠨ ᠢᠷ ᠲᠦ᠍ ᠭᠠᠭᠴᠠ ᠳᠤᠰᠤᠯ ᠴᠢᠰᠤ ᠪᠥᠩᠵᠢᠭᠢᠨᠡᠨ ᠪᠠᠢᠯ᠎ᠠ᠃ ᠬᠥᠪᠡᠭᠦᠨ ᠦ᠌ ᠪᠠᠷ᠎ᠠ ᠬᠠᠷᠭᠠᠨ᠎ᠠ ᠶ᠋ᠢᠨ ᠳᠤᠮᠳᠠᠭᠤᠷ ᠳᠠᠯᠳᠠ ᠣᠷᠣᠪᠠ᠃ᠶᠠᠩᠭᠢᠷ ᠰᠤᠯᠲᠠᠨ ᠤ᠋ ᠬᠥᠪᠡᠭᠦᠨ ᠮᠠᠭᠤᠵᠢᠷᠠᠵᠤ ᠤᠨᠠᠯ ᠦᠭᠡᠢ ᠶᠠᠪᠤᠴᠢᠬᠠᠭᠰᠠᠨ ᠳ᠋ᠤ᠌ ᠣᠢᠷᠠᠳ ᠴᠡᠷᠢᠭ ᠦ᠋ᠳ ᠪᠡᠶ᠎ᠡ ᠪᠡᠶ᠎ᠡ ᠪᠡᠨ ᠬᠠᠷᠠᠵᠠᠭᠠᠯ᠎ᠠ᠃

ᠳᠥᠷᠪᠡ

    ᠳᠠᠯᠠᠢ ᠯᠠᠮᠠ᠂ ᠪᠠᠨᠴᠢᠡᠡᠷᠳᠡᠨᠢ ᠲᠡᠷᠢᠭᠦᠲᠡᠨ ᠮᠢᠨᠳᠤᠬᠲᠡᠨ ᠨᠤᠭᠤᠳ ᠭᠠᠯᠳᠠᠨ ᠢ᠋ ᠠᠳᠢᠰᠯᠠᠪᠠ᠃ ᠭᠠᠯᠳᠠᠨ ᠰᠥᠬᠥᠷᠡᠵᠦ ᠠᠳᠢᠰ ᠬᠦᠷᠲᠡᠪᠡ᠃ᠳᠤᠭᠠᠩᠴᠢ ᠯᠠᠮᠠ ᠱᠠᠪᠢᠯᠠᠨ ᠰᠠᠭᠤᠬᠤ ᠣᠳᠣ ᠶ᠋ᠢᠨ ᠦᠷᠭᠦᠭᠡᠨ᠎ᠡ ᠭᠠᠯᠳᠠᠨ ᠢ᠋ ᠲᠥᠪᠬᠢᠨᠡᠭᠦᠯᠪᠡ᠃ ᠽᠠᠶ᠎ᠠ ᠪᠠᠨᠳᠢᠳᠠ ᠭᠡᠭᠡᠨ ᠨᠠᠮᠬᠠᠢᠵᠠᠮᠰᠤ 《ᠭᠠᠯᠳᠠᠨ ᠳᠥᠷᠪᠡᠨ ᠨᠢᠳᠦ ᠲᠡᠢ᠂᠂᠂᠂》 ᠭᠡᠵᠦ ᠪᠤᠷᠬᠠᠨ ᠱᠠᠰᠢᠨ ᠤ᠋ ᠬᠣᠶᠠᠷ ᠮᠢᠨᠳᠤᠬᠲᠡᠨ ᠳ᠋ᠦ᠍ ᠠᠢᠯᠠᠳᠤᠭᠰᠠᠨ ᠶᠤᠮᠰᠠᠨᠵᠠᠢ᠃
       ᠲᠠᠪᠤᠳᠤᠭᠠᠷ ᠳᠠᠯᠠᠢ ᠯᠠᠮᠠ ᠯᠤᠪᠰᠠᠩᠵᠠᠮᠰᠤ《ᠪᠠᠷᠠᠭᠤᠨ ᠵᠡᠭᠦᠨ ᠨᠢᠳᠦᠨ ᠦ᠌ ᠪᠡᠨ ᠳᠡᠭᠡᠳᠦ ᠵᠣᠪᠬᠢ ᠳᠡᠭᠡᠷ᠎ᠡ ᠮᠡᠩᠭᠡ ᠲᠡᠢ ᠶ᠋ᠢ ᠪᠢ ᠴᠦ᠍ ᠪᠠᠰᠠ ᠠᠩᠵᠠᠭᠠᠷᠠᠪᠠ᠃ ᠤᠷᠢᠳᠤ ᠲᠥᠷᠥᠯ ᠨᠢ ᠬᠡᠨ ᠶᠦᠮ ᠪᠣᠯ ᠂᠂᠂᠂》 ᠭᠡᠵᠦ ᠠᠰᠠᠭᠤᠪᠠ᠃
        ᠽᠠᠶ᠎ᠠ ᠪᠠᠨᠳᠢᠳᠠ ᠭᠡᠭᠡᠨ ᠨᠠᠮᠬᠠᠢᠵᠠᠮᠰᠤ《ᠴᠢᠩᠭᠢᠰ ᠬᠠᠭᠠᠨ ᠤ᠋ ᠳᠡᠭᠡᠳᠦ ᠢᠵᠠᠭᠤᠷ ᠤ᠋ᠨ ᠳᠤᠸᠠ ᠰᠣᠬᠣᠷ ᠴᠣᠬᠣᠨ ᠳᠡᠭᠡᠷ᠎ᠡ ᠪᠡᠨ ᠮᠡᠩᠭᠡ ᠲᠡᠢ ᠪᠠᠢᠵᠠᠢ᠃ᠲᠡᠷᠡ ᠨᠢ ᠪᠢᠯᠢᠭ ᠦ᠋ᠨ ᠨᠢᠳᠦ ᠪᠠᠢᠵᠠᠢ᠃ ᠤᠳᠤᠮᠰᠢᠯ᠂᠂᠂᠂》ᠭᠡᠪᠡ᠃
        ᠪᠠᠨᠴᠢᠠᠡᠷᠳᠡᠨᠢ ᠪᠡᠷ《ᠭᠠᠯᠳᠠᠨ ᠤ᠋ ᠡᠨᠡ ᠪᠣᠰᠤᠭ᠎ᠠ ᠵᠣᠪᠬᠢ ᠪᠣᠯ ᠲᠥᠷᠥ ᠲᠠᠯ᠎ᠠ ᠳ᠋ᠠᠭᠠᠨ ᠢᠯᠡᠭᠦᠦ ᠪᠤᠰᠤ ᠤᠤ? ᠣᠢ ᠤᠬᠠᠭᠠᠨ ᠰᠡᠷᠭᠦᠯᠡᠩ ᠦ᠋ᠨ ᠭᠣᠢᠳᠠ ᠰᠢᠨᠵᠢ》ᠭᠡᠯ᠎ᠡ᠃
    —ᠬᠥᠪᠡᠭᠦᠨ ᠢ᠋ ᠪᠢᠰᠢᠯᠭᠠᠯ ᠳ᠋ᠤ᠌ ᠭᠦᠨᠵᠡᠭᠡᠢᠷᠡᠭᠦᠯᠵᠦ ᠣᠢᠷᠠᠳ᠂ ᠲᠥᠪᠡᠳ ᠦ᠋ᠨ ᠬᠣᠭᠣᠷᠣᠨᠳᠣ ᠭᠦᠦᠷ ᠪᠣᠯᠭᠠᠬᠤ ᠠᠪᠠᠰᠤ ᠱᠠᠰᠢᠨ ᠤ᠋ ᠳᠠᠬᠢᠨ ᠳᠡᠯᠭᠡᠷᠡᠯᠲᠡ ᠳ᠋ᠦ᠍ ᠲᠤᠩ ᠶᠡᠬᠡ ᠲᠤᠰᠠᠲᠠᠢ ᠭᠡᠮᠡᠨ ᠳᠠᠯᠠᠢ ᠯᠠᠮᠠ ᠠᠢᠯᠠᠳᠪᠠ᠃
    — ᠵᠡᠭᠦᠨᠭᠠᠷ ᠲᠦ᠍ ᠰᠦᠮ᠎ᠡ ᠬᠡᠢᠳ ᠬᠡᠳᠦ ᠬᠡᠳᠦ ᠶ᠋ᠢ ᠪᠣᠰᠬᠠᠯ᠎ᠠ᠃ ᠰᠦᠰᠦᠭᠲᠡᠨ ᠨᠦᠭᠦᠳ ᠣᠯᠠᠨ ᠪᠠᠢᠨ᠎ᠠ᠃ ᠭᠠᠯᠳᠠᠨ ᠯᠤᠭ᠎ᠠ ᠬᠤᠪᠢᠯᠭᠠᠨ ᠯᠠᠮᠠ ᠲᠥᠷᠥᠭᠦᠯᠬᠦ ᠬᠡᠷᠡᠭᠲᠡᠢ᠃ ᠣᠢᠷᠠᠳ ᠤ᠋ᠨ ᠳᠡᠭᠡᠳᠦ ᠢᠵᠠᠭᠤᠷ ᠲᠠᠢ ᠵᠠᠭᠤᠨ ᠨᠠᠢ᠍ᠮᠠᠨ ᠬᠥᠪᠡᠭᠦᠨ ᠢ᠋ ᠠᠪᠴᠢᠷᠠᠪᠠ ᠭᠡᠵᠦ ᠽᠠᠶ᠎ᠠ ᠪᠠᠨᠳᠢᠳᠠ ᠭᠡᠭᠡᠨ ᠥᠴᠢᠯ᠎ᠡ᠃
    — ᠲᠥᠪᠡᠳ ᠤᠷᠤᠭᠤ ᠳᠥᠷᠪᠡᠨ ᠣᠢᠷᠠᠳ ᠤ᠋ᠨ ᠬᠣᠱᠤᠳ ᠣᠪᠣᠭ ᠤ᠋ᠨ ᠬᠢᠨ ᠨᠡᠭᠦᠵᠦ ᠢᠷᠡᠭᠡᠳ ᠨᠤᠲᠤᠭᠯᠠᠵᠤ ᠪᠠᠢᠨ᠎ᠠ᠃ ᠴᠠᠭᠠᠰᠢᠳᠠ ᠪᠠᠨ ᠪᠤᠷᠬᠠᠨ ᠤ᠋ ᠡᠯᠴᠢ ᠬᠤᠪᠢᠯᠭᠠᠳ ᠢ᠋ ᠣᠢᠷᠠᠳ᠂ ᠮᠣᠩᠭᠣᠯ ᠳᠠᠶᠠᠭᠠᠷ ᠲᠠᠷᠬᠠᠭᠠᠬᠤ ᠠᠪᠠᠰᠤ ᠰᠡᠳᠬᠢᠯ ᠰᠠᠨᠠᠭ᠎ᠠ ᠨᠢ ᠲᠥᠪᠡᠳ ᠤᠷᠤᠭᠤ ᠨᠡᠭᠦᠵᠦ ᠢᠷᠡᠨ᠎ᠡ ᠭᠡᠰᠡᠨ ᠦᠭᠡ᠃ ᠮᠠᠨ ᠤ᠋ ᠲᠥᠪᠡᠳ ᠦ᠋ᠨ ᠪᠣᠳᠣᠯᠭ᠎ᠠ ᠰᠦᠰᠦᠭᠲᠡᠨ ᠦ᠌ ᠰᠡᠳᠬᠢᠯ ᠰᠠᠨᠠᠭ᠎ᠠ ᠶ᠋ᠢ ᠲᠠᠲᠠᠬᠤ ᠪᠣᠳᠣᠯᠭ᠎ᠠ ᠰᠢᠦ᠃ ᠡᠨᠡ ᠪᠣᠳᠣᠯᠭ᠎ᠠ ᠶ᠋ᠢ ᠭᠡᠭᠡᠨ ᠲᠠ ᠲᠤᠩᠭᠠᠬᠤ ᠪᠣᠢ ᠊ᠢ᠎ᠠ ᠭᠡᠵᠦ ᠳᠠᠯᠠᠢ ᠯᠠᠮᠠ ᠲᠣᠳᠣ ᠬᠡᠯᠡᠪᠡ᠃
    — ᠪᠢ ᠪᠤᠷᠬᠠᠨ ᠤ᠋ ᠬᠤᠸᠠᠷᠠᠭ ᠤ᠋ᠳ ᠢ᠋ ᠲᠥᠯᠥᠭᠡᠯᠡᠵᠦ ᠣᠯᠠᠨ ᠠᠮᠢᠲᠠᠨ ᠤ᠋ ᠯᠠᠢ ᠯᠠᠨᠴᠢᠭ ᠠ᠋ᠴᠠ ᠭᠠᠷᠬᠤ ᠳ᠋ᠤᠨᠢ ᠲᠤᠰᠠᠯᠠᠵᠤ ᠶᠠᠪᠤᠭ᠎ᠠ ᠪᠢᠯᠡ᠃ ᠨᠠᠳᠠ ᠳᠠᠪᠬᠤᠷ ᠰᠠᠨᠠᠭ᠎ᠠ ᠦᠭᠡᠢ᠃ ᠲᠠᠨ ᠤ᠋ ᠵᠢᠭᠠᠪᠤᠷᠢ ᠶ᠋ᠢ ᠶᠣᠰᠣᠴᠢᠯᠠᠨ ᠪᠡᠶᠡᠯᠡᠭᠦᠯᠦᠭᠰᠡᠭᠡᠷ ᠡᠳᠦᠢ ᠬᠦᠷᠪᠡ᠃ ᠵᠡᠭᠦᠨᠭᠠᠷ ᠣᠳᠣ ᠮᠢᠨᠦ ᠵᠣᠬᠢᠶᠠᠭᠰᠠᠨ ᠲᠣᠳᠣ ᠪᠢᠴᠢᠭ ᠢ᠋ᠶ᠋ᠡᠷ ᠲᠥᠷᠥ ᠶ᠋ᠢᠨ ᠬᠡᠷᠡᠭ ᠢ᠋ ᠶᠠᠪᠤᠭᠤᠯᠬᠤ ᠪᠣᠯᠪᠠ ᠭᠡᠵᠦ ᠽᠠᠶ᠎ᠠ ᠪᠠᠨᠳᠢᠳᠠ ᠭᠡᠭᠡᠨ ᠮᠠᠰᠢ ᠣᠨᠣᠴᠠᠲᠠᠢ ᠥᠭᠦᠯᠡᠪᠡ᠃
   ᠪᠤᠷᠬᠠᠨ ᠱᠠᠰᠢᠨ ᠤ᠋ ᠭᠤᠷᠪᠠᠨ ᠮᠢᠨᠳᠤᠭᠲᠠᠨ ᠳᠣᠣᠷ᠎ᠠ ᠳᠣᠣᠷ᠎ᠠ ᠪᠠᠨ ᠨᠢᠭᠡ ᠶ᠋ᠢ ᠪᠢᠰᠢᠯᠭᠠᠨ᠂ ᠮᠠᠨᠢ ᠮᠡᠭᠵᠡᠮ ᠤᠩᠰᠢᠵᠤ᠂ ᠡᠷᠳᠡᠨᠢᠰ ᠢ᠋ᠶ᠋ᠡᠷ ᠪᠦᠲᠦᠭᠡᠭᠰᠡᠨ ᠡᠷᠢᠭᠡ ᠪᠡᠨ ᠡᠷᠭᠢᠭᠦᠯᠦᠨ᠎ᠡ᠃ 
   ᠡᠷᠢᠭᠡ ᠱᠠᠵᠢᠭᠢᠨᠠᠨ ᠡᠷᠭᠢᠬᠦ ᠨᠢ ᠡᠭᠡᠯ ᠦᠭᠡᠢ ᠶᠡᠬᠡ ᠶ᠋ᠢ ᠪᠢᠰᠢᠯᠭᠠᠨ᠂ ᠪᠣᠳᠣᠯ ᠰᠡᠳᠬᠢᠯ ᠲᠡᠢ ᠪᠡᠨ ᠮᠠᠷᠭᠤᠨ ᠲᠡᠮᠡᠴᠡᠯᠳᠦᠬᠦ ᠶᠡᠬᠡᠰ ᠯᠠᠮᠠ ᠨᠠᠷ ᠤ᠋ᠨ ᠠᠮᠢᠳᠤᠷᠠᠯ ᠤ᠋ᠨ ᠬᠡᠯᠬᠢᠶᠡᠰᠦ ᠶ᠋ᠢ ᠦᠷᠭᠦᠯᠵᠢᠯᠡᠭᠦᠯᠬᠦ ᠠᠵᠤᠭᠤ᠃ ᠳᠠᠯᠠᠢ ᠯᠠᠮᠠ ᠯᠤᠪᠰᠠᠩᠵᠠᠮᠰᠤ《ᠪᠠᠭᠠᠲᠤᠷ ᠬᠣᠩ ᠲᠠᠢᠵᠢ ᠶ᠋ᠢᠨ ᠬᠠᠷᠠᠬᠤ ᠵᠦᠭ ᠨᠢ ᠲᠥᠪᠡᠳ ᠪᠠᠢᠬᠤ ᠶᠣᠰᠣᠲᠠᠢ᠃ ᠲᠡᠷᠡ ᠬᠠᠭᠠᠨ ᠲᠥᠪᠡᠳ ᠦ᠋ᠨ ᠵᠦᠭ ᠬᠠᠷᠠᠵᠤ ᠪᠠᠢᠪᠠᠯ ᠪᠢᠳᠡᠨ ᠦ᠌ ᠦᠭᠡ ᠪᠡᠷ ᠶᠠᠪᠤᠨ᠎ᠠ ᠭᠡᠰᠡᠨ ᠦᠭᠡ᠃ᠬᠥᠪᠡᠭᠦᠨ ᠦ᠌ ᠰᠡᠳᠬᠢᠯ ᠢ᠋ ᠶᠠᠭᠠᠬᠢᠵᠤ ᠲᠣᠭᠲᠠᠭᠠᠬᠤ ᠪᠠᠨ ᠮᠡᠳᠡᠨ᠎ᠡ》 ᠭᠡᠮᠡᠨ ᠪᠢᠰᠢᠯᠭᠠᠨ᠎ᠠ᠃ ᠬᠠᠷᠢᠨ ᠲᠡᠭᠦᠨ ᠲᠡᠢ ᠬᠠᠶᠠ ᠬᠠᠷᠠᠴᠠ ᠮᠥᠷᠭᠥᠬᠦ ᠪᠠ‍ᠨ᠋ᠴᠢ‍ᠨ᠋ᠡᠷᠳᠡᠨᠢ ᠥᠭᠡᠷ᠎ᠡ ᠪᠣᠳᠣᠯ ᠲᠠᠢ ᠪᠠᠢᠯ᠎ᠠ᠃ ᠡᠨᠡ ᠭᠠᠯᠳᠠᠨ ᠶᠡᠷᠦ ᠨᠢ ᠪᠣᠰᠤᠭ᠎ᠠ ᠣᠷᠣᠯᠠᠩ ᠰᠢᠭ᠋ ᠦᠯᠦ ᠪᠠᠷᠢᠭᠳᠠᠬᠤ ᠰᠡᠳᠬᠢᠯ ᠲᠡᠢ ᠶᠦᠮ ᠃ᠭᠠᠯᠳᠠᠨ ᠨᠣᠮ ᠤ᠋ᠨ ᠴᠠᠭᠠᠨ᠎ᠠ ᠭᠠᠷᠤᠨ᠎ᠠ᠃ᠲᠡᠢᠮᠦ ᠲᠣᠰᠤᠮ ᠢ᠋ᠶ᠋ᠠᠨ ᠪᠢᠳᠡᠨ ᠳ᠋ᠦ᠍ ᠲᠤᠰᠠ ᠪᠣᠯᠬᠤ ᠠ᠋ᠴᠠ ᠪᠠᠨ ᠢᠯᠡᠭᠦᠦ ᠳᠠᠷᠤᠮᠲᠠ ᠡᠭᠦᠰᠬᠡᠨ᠎ᠡ᠃ᠡᠢᠮᠦ ᠯᠠᠢ ᠠ᠋ᠴᠠ ᠬᠣᠯᠠᠳᠠᠬᠤ ᠶ᠋ᠢᠨ ᠲᠤᠯᠠᠳᠠ ᠭᠠᠯᠳᠠᠨ ᠢ᠋ ᠪᠢ ᠥᠪᠡᠷ ᠦ᠋ᠨ ᠢ᠋ᠶ᠋ᠡᠨ ᠳᠡᠷᠭᠡᠳᠡ ᠰᠠᠭᠤᠯᠭᠠᠨ᠎ᠠ᠃ ᠣᠢᠷᠠᠬᠠᠨ ᠪᠠᠢᠬᠤ ᠲᠣᠰᠤᠮ ᠭᠠᠯᠳᠠᠨ ᠨᠠᠳᠠ ᠬᠠᠯᠠ ᠪᠡᠯᠡ ᠪᠠᠭ᠎ᠠ ᠲᠠᠢ ᠰᠢᠦ ᠳᠡ᠃ ᠪᠡᠡᠴᠢᠨ ᠪᠣᠭᠳᠠ ᠭᠠᠯᠳᠠᠨ ᠤ᠋ ᠬᠦᠴᠦ ᠶ᠋ᠢ ᠮᠡᠳᠡᠷᠡᠬᠦ ᠰᠢᠭ ᠪᠣᠯᠵᠠᠢ᠃ᠭᠠᠯᠳᠠᠨ ᠮᠠᠰᠢ ᠬᠦᠴᠦᠲᠡᠢ ᠭᠡᠳᠡᠭ ᠨᠢ ᠲᠡᠷᠡᠬᠡᠨ ᠪᠣᠭᠣᠨᠢ ᠬᠤᠭᠤᠴᠠᠭᠠᠨ ᠳ᠋ᠤ᠌ ᠮᠡᠳᠡᠷᠡᠭᠳᠡᠭᠰᠡᠨ ᠪᠠᠢᠵᠠᠢ᠃ ᠨᠥᠭᠦᠭᠡ ᠲᠠᠯ᠎ᠠ ᠪᠠᠷ ᠬᠠᠭᠠᠨ ᠤ᠋ ᠬᠥᠪᠡᠭᠦᠨ ᠦ᠌ ᠲᠥᠯᠥᠭᠡ ᠵᠡᠭᠦᠨᠭᠠᠷ ᠤ᠋ᠨ ᠶᠡᠬᠡ ᠴᠡᠷᠢᠭ ᠬᠥᠳᠡᠯᠵᠦ ᠮᠡᠳᠡᠬᠦ ᠳᠠᠯᠳᠠ ᠬᠣᠯᠠ ᠶ᠋ᠢᠨ ᠵᠠᠨᠤᠯ ᠨᠢᠭᠤᠷᠯᠠᠭᠤᠰᠢᠲᠠᠢ ᠭᠡᠳᠡᠭ ᠢ᠋ ᠪᠡᠡᠴᠢᠨ ᠪᠣᠭᠳᠠ ᠬᠠᠰᠢᠷ ᠤᠬᠠᠭᠠᠨ ᠳ᠋ᠠᠭᠠᠨ ᠲᠤᠩᠭᠠᠭᠰᠠᠨ ᠪᠢᠯᠡ᠃
    ᠵᠡᠭᠦᠨᠭᠠᠷ ᠤ᠋ᠨ ᠬᠠᠭᠠᠨ ᠤ᠋ ᠬᠥᠪᠡᠭᠦᠨ ᠢ᠋ ᠽᠠᠶ᠎ᠠ ᠪᠠᠨᠳᠢᠳᠠ ᠭᠡᠭᠡᠨᠲᠡᠨ ᠠᠪᠴᠢᠷᠠᠬᠤ ᠪᠣᠯᠤᠭᠰᠠᠨ ᠰᠢᠯᠲᠠᠭᠠᠨ ᠨᠢ ᠤᠭ ᠠ᠋ᠴᠠ ᠳᠠᠯᠠᠢ ᠯᠠᠮᠠ ᠶ᠋ᠢᠨ ᠳᠠᠭᠠᠭᠠᠯᠭᠠᠪᠤᠷᠢ ᠶᠤᠮ᠃
   ᠳᠠᠯᠠᠢ ᠯᠠᠮᠠ ᠵᠡᠭᠦᠨᠭᠠᠷ ᠢ᠋ ᠬᠦᠴᠦᠷᠬᠡᠭᠵᠢᠬᠦ ᠡᠴᠡ ᠡᠮᠦᠨ᠎ᠡ ᠥᠪᠡᠷ ᠦ᠋ᠨ ᠬᠠᠷᠠᠭ᠎ᠠ ᠬᠢᠨᠠᠯᠲᠠ ᠳ᠋ᠤ᠌ ᠪᠠᠢᠯᠭᠠᠬᠤ ᠬᠦᠰᠡᠯ ᠲᠡᠢ ᠪᠢᠯᠡ᠃ ᠽᠠᠶ᠎ᠠ ᠪᠠᠨᠳᠢᠳᠠ ᠭᠡᠭᠡᠨᠲᠠᠨ ᠮᠣᠷᠢᠯᠠᠨ ᠰᠠᠭᠠᠲᠠᠬᠤ ᠳ᠋ᠤ᠌ ᠳᠠᠯᠠᠢ ᠯᠠᠮᠠ ᠥᠭᠦᠯᠡᠷᠦᠨ᠄
    — ᠵᠡᠭᠦᠨᠭᠠᠷ ᠤ᠋ᠨ ᠨᠡᠭᠦᠳᠡᠯᠴᠢᠳ ᠤᠮᠠᠷᠠᠲᠤ ᠣᠷᠣᠰ᠂ ᠵᠡᠭᠦᠨ ᠯᠠᠯᠤ ᠶ᠋ᠢᠨ ᠤᠯᠤᠰ ᠪᠠᠷᠠᠭᠤᠨ ᠲᠠᠢᠰᠢ ᠪᠠᠨ ᠬᠠᠯᠬ᠎ᠠ᠂ ᠣᠷᠣᠭᠰᠢ ᠪᠠᠨ ᠲᠥᠪᠡᠳ ᠲᠡᠢ ᠬᠢᠯᠢ ᠵᠠᠯᠭᠠᠭ᠎ᠠ ᠣᠷᠣᠰᠢᠨ᠎ᠠ᠃ ᠮᠠᠨᠵᠤ ᠨᠤᠭᠤᠳ ᠴᠠᠬᠠᠷ ᠲᠡᠷᠢᠭᠦᠲᠡᠨ ᠳᠥᠴᠢᠨ ᠶᠢᠰᠦᠨ ᠬᠣᠰᠢᠭᠤ ᠶ᠋ᠢ ᠳᠠᠭᠠᠷ᠎ᠠ ᠣᠷᠣᠭᠤᠯᠤᠭᠰᠠᠨ ᠲᠤᠯᠠ ᠬᠥᠬᠡᠨᠠᠭᠤᠷ ᠤ᠋ᠨ ᠲᠠᠯ᠎ᠠ ᠨᠤᠲᠤᠭ ᠪᠠᠭᠠᠲᠤᠷ ᠬᠣᠩ ᠲᠠᠢᠵᠢ ᠶ᠋ᠢᠨ ᠮᠠᠲᠠᠯ ᠳ᠋ᠤ᠌ ᠪᠠᠢᠨ᠎ᠠ᠃ ᠶᠠᠪᠤᠭᠠᠨ ᠳ᠋ᠠᠭᠠᠨ ᠬᠣᠰᠢᠭᠤ ᠨᠤᠲᠤᠭ ᠢ᠋ᠶ᠋ᠠᠨ ᠠᠯᠳᠠᠬᠤ ᠦᠭᠡᠢ ᠶ᠋ᠢᠨ ᠲᠤᠯᠠᠳᠠ ᠴᠡᠷᠢᠭ᠂ ᠵᠡᠪᠰᠡᠭ ᠦ᠋ᠨ ᠬᠦᠴᠦ ᠶ᠋ᠢ ᠬᠥᠬᠡᠨᠠᠭᠤᠷ ᠲᠤ᠌ ᠲᠥᠪᠯᠡᠷᠡᠭᠦᠯᠬᠦ ᠪᠢᠵᠡ᠃ ᠬᠠᠮᠤᠭ ᠤ᠋ᠨ ᠭᠣᠣᠯ ᠨᠢ ᠵᠡᠭᠦᠨᠭᠠᠷ ᠤ᠋ᠨ ᠬᠢᠨ ᠲᠣᠷᠭᠠᠨ ᠤ᠋ ᠵᠠᠮ ᠢ᠋ ᠬᠠᠭᠠᠵᠤ ᠪᠣᠭᠣᠬᠤ ᠡᠷᠬᠡ ᠲᠡᠢ᠃ ᠲᠣᠷᠭᠠᠨ ᠤ᠋ ᠵᠠᠮ ᠢ᠋ᠶ᠋ᠠᠷ ᠬᠤᠳᠠᠯᠳᠤᠭᠠᠴᠢᠳ ᠮᠥᠷᠭᠥᠯᠴᠢᠳ ᠶᠠᠪᠤᠳᠠᠭ᠃ ᠮᠥᠷᠭᠥᠯᠴᠢᠳ ᠦ᠋ᠨ ᠪᠣᠯᠤᠨ ᠬᠤᠳᠠᠯᠳᠤᠭᠠᠴᠢᠨ ᠤ᠋ ᠵᠠᠮ ᠢ᠋ ᠬᠠᠭᠠᠯᠭᠠᠵᠤ ᠦᠯᠦ ᠪᠣᠯᠤᠨ᠎ᠠ᠃ ᠡᠨᠡ ᠵᠠᠮ ᠲᠥᠪᠡᠳ ᠤᠷᠤᠭᠤ ᠢᠷᠡᠳᠡᠭ ᠡᠳ᠋ ᠠᠭᠤᠷᠠᠰᠤ᠂ ᠮᠠᠯ ᠲᠠᠸᠠᠷ ᠤ᠋ᠨ ᠴᠢᠳᠬᠤᠯᠠᠩ ᠶᠤᠮ ᠰᠢᠦ᠃ ᠭᠡᠭᠡᠨᠲᠡᠨ ᠲᠠ ᠲᠡᠭᠡᠬᠦ ᠪᠡᠷ ᠲᠥᠪᠡᠳ ᠦ᠋ᠨ ᠴᠢᠳᠬᠤᠯᠠᠩ ᠊ᠢ ᠠᠷᠪᠢᠨ ᠪᠠᠢᠯᠭᠠᠬᠤ ᠬᠡᠷᠡᠭᠲᠡᠢ᠃ ᠲᠡᠢᠮᠦ ᠶ᠋ᠢᠨ ᠲᠤᠯᠠᠳᠠ ᠵᠡᠭᠦᠨᠭᠠᠷ  ᠬᠡᠮᠡᠬᠦ ᠬᠠᠭᠠᠨᠲᠤ ᠤᠯᠤᠰ ᠤ᠋ᠨ ᠢᠷᠭᠡᠳ ᠦ᠋ᠨ ᠶᠠᠳᠠᠵᠤ ᠭᠤᠴᠢᠨ ᠬᠤᠪᠢ ᠶ᠋ᠢ ᠪᠤᠷᠬᠠᠨ  ᠤ᠋ ᠦᠨᠡᠨᠴᠢ ᠱᠠᠪᠢ ᠪᠣᠯᠭᠠᠵᠤ ᠬᠡᠢᠳ ᠲᠦ᠍ ᠲᠥᠪᠯᠡᠷᠡᠭᠦᠯᠦᠨ ᠰᠠᠭᠤᠯᠭ᠎ᠠ᠃ᠵᠡᠪᠰᠡᠭ ᠠᠳᠬᠤᠳᠠᠭ ᠭᠠᠷ ᠴᠥᠭᠡᠷᠡᠨ᠎ᠡ᠃ ᠵᠡᠭᠦᠨᠭᠠᠷ ᠤ᠋ᠨ ᠶᠡᠬᠡᠰ ᠳᠡᠭᠡᠳᠦᠰ ᠦ᠋ᠨ ᠦᠷ᠎ᠡ ᠬᠡᠦᠬᠡᠳ ᠊ᠢ ᠯᠠᠮᠠ ᠬᠤᠸᠠᠷᠠᠭ ᠪᠣᠯᠭᠠᠵᠤ ᠵᠠᠮ ᠮᠥᠷ ᠊ᠢ ᠨᠢ ᠲᠡᠭᠰᠢᠯᠡᠵᠦ ᠥᠭᠬᠦ ᠶ᠋ᠢᠨ ᠲᠤᠯᠠᠳᠠ ᠬᠣᠩ ᠲᠠᠢᠵᠢ ᠶ᠋ᠢᠨ ᠬᠥᠪᠡᠭᠦᠳ  ᠲᠦ᠍ ᠠᠩᠬᠠᠷᠤᠯ ᠲᠠᠢ ᠪᠠᠢ ᠭᠡᠮᠡᠨ ᠵᠠᠬᠢᠵᠠᠢ᠃ 
      ᠵᠡᠭᠦᠨᠭᠠᠷ ᠤ᠋ᠨ ᠬᠠᠭᠠᠨ ᠡᠷᠳᠡᠨᠢᠪᠠᠭᠠᠲᠤᠷ ᠬᠣᠩ ᠲᠠᠢᠵᠢ ᠶ᠋ᠢᠨ ᠬᠥᠪᠡᠭᠦᠨ ᠰᠡᠩᠭᠡ᠂ ᠭᠠᠯᠳᠠᠨ ᠨᠠᠷ  ᠊ᠢ ᠽᠠᠶ᠎ᠠ ᠪᠠᠨᠳᠢᠳᠠ ᠭᠡᠭᠡᠨ ᠪᠣᠯᠭᠣᠭᠠᠨ ᠰᠣᠨᠢᠷᠬᠠᠵᠤ᠂ ᠬᠠᠷ᠎ᠠ ᠡᠷᠴᠢᠰ ᠮᠥᠷᠡᠨ ᠦ᠌ ᠬᠦᠪᠡᠭᠡᠨ᠎ᠠ ᠣᠷᠣᠰᠢᠬᠤ ᠬᠣᠲᠠ ᠬᠦᠷᠢᠶ᠎ᠡ ᠶ᠋ᠢᠨ ᠬᠢᠨᠢ ᠬᠠᠪᠢᠴᠠᠭ᠎ᠠ ᠰᠦᠮ᠎ᠡ ᠳᠤᠭᠠᠩ ᠪᠣᠰᠬᠠᠵᠠᠢ᠃ ᠡᠨᠡ ᠦᠶ᠎ᠡ  ᠳ᠋ᠦ᠍ ᠬᠣᠲᠠ ᠬᠦᠷᠢᠶ᠎ᠡ ᠤᠯᠠᠮ ᠥᠷᠭᠡᠵᠢᠨ ᠳᠡᠯᠡᠪᠡ᠃ᠮᠥᠷᠭᠥᠯᠴᠢᠳ᠂ᠨᠡᠭᠦᠳᠡᠯᠴᠢᠳ ᠶᠡᠬᠡ ᠪᠠᠭ᠎ᠠ ᠪᠠᠷ ᠴᠤᠪᠤᠷᠠᠨ ᠢᠷᠡᠵᠦ᠂ ᠬᠠᠷ᠎ᠠ ᠡᠷᠴᠢᠰ ᠮᠥᠷᠡᠨ  ᠦ᠌ ᠡᠪᠡᠰᠦ ᠶᠡᠬᠡᠲᠡᠢ ᠬᠥᠨᠳᠡᠢ  ᠳ᠋ᠦ᠍ ᠪᠠᠭᠤᠳᠠᠯᠯᠠᠨ᠂ ᠰᠦᠮ᠎ᠡ ᠳᠤᠭᠠᠩ ᠰᠦᠰᠦᠭᠲᠡᠨ  ᠢ᠋ᠶ᠋ᠡᠷ ᠳᠦᠭᠦᠷᠪᠡ᠃ ᠡᠷᠳᠡᠨᠢᠪᠠᠭᠠᠲᠤᠷ ᠬᠣᠩ ᠲᠠᠢᠵᠢ ᠶᠡᠬᠡᠳᠡ ᠪᠡᠯᠭᠡᠰᠢᠶᠡᠵᠦ᠂
— ᠲᠠᠯ᠎ᠠ᠂ ᠬᠥᠨᠳᠡᠢ ᠮᠠᠯ ᠢ᠋ᠶ᠋ᠠᠷ ᠳᠦᠭᠦᠷᠪᠡ᠃ ᠬᠣᠲᠠ ᠬᠦᠷᠢᠶ᠎ᠡ ᠮᠢᠨᠢ ᠠᠶᠠᠯᠠᠴᠢᠨ᠂ ᠭᠡᠢᠴᠢᠨ ᠣᠯᠠᠨ ᠲᠠᠢ ᠪᠣᠯᠪᠠ᠃ ᠽᠠᠶ᠎ᠠ ᠪᠠᠨᠳᠢᠳᠠ ᠭᠡᠭᠡᠨ ᠦ᠌ ᠰᠦᠮ᠎ᠡ ᠶ᠋ᠢᠨ ᠬᠣᠩᠬᠣ ᠳᠠᠮᠠᠷᠤ ᠶ᠋ᠢᠨ ᠳᠠᠭᠤᠨ  ᠢ᠋ᠶ᠋ᠠᠷ ᠬᠥᠯ ᠬᠥᠳᠡᠯᠭᠡᠭᠡᠨ ᠶᠡᠬᠡᠰᠴᠦ ᠰᠡᠳᠬᠢᠯ ᠪᠠᠶᠠᠰᠬᠠᠨ᠎ᠠ᠃ᠰᠦᠮ᠎ᠡ ᠶ᠋ᠢᠨ ᠵᠢᠰᠠ ᠳ᠋ᠤ᠌ ᠮᠢᠨᠦ ᠬᠥᠷᠥᠩᠭᠡ ᠡᠴᠡ ᠠᠳᠤᠭᠤ ᠮᠠᠯ ᠮᠢᠩᠭ᠎ᠠ ᠶ᠋ᠢ ᠲᠠᠰᠤᠳᠠᠨ ᠥᠭᠴᠦ᠂ ᠬᠣᠨᠢᠴᠢᠨ ᠮᠠᠯᠴᠢᠨ ᠡᠷᠦᠬᠡ ᠲᠡᠢ ᠪᠣᠯᠭᠠᠵᠤ ᠲᠤᠰᠠᠯᠠ ᠭᠡᠮᠡᠨ ᠵᠠᠷᠯᠢᠭ ᠪᠣᠯᠵᠠᠢ᠃ ᠲᠡᠭᠦᠨ  ᠦ᠌ ᠰᠠᠢᠬᠠᠨ ᠰᠡᠳᠬᠢᠯ  ᠳ᠋ᠦ᠍ ᠲᠠᠯᠠᠷᠬᠠᠭᠰᠠᠨ ᠽᠠᠶ᠎ᠠ ᠪᠠᠨᠳᠢᠳᠠ ᠭᠡᠭᠡᠨᠲᠡᠨ ᠰᠦᠰᠦᠭᠲᠡᠨ ᠲᠦᠮᠡᠨ ᠳ᠋ᠦ᠍ ᠬᠠᠨᠳᠤᠵᠤ᠂
— ᠪᠠᠭᠠᠲᠤᠷ ᠬᠣᠩ ᠲᠠᠢᠵᠢ ᠢᠪᠡᠭᠡᠯ᠎ᠡ᠃ᠲᠩᠷᠢ ᠤᠭᠰᠠᠭᠠᠲᠠᠨ ᠤ᠋ ᠬᠡᠰᠢᠭ ᠊ᠢ ᠬᠦᠷᠲᠡᠭᠰᠡᠨ ᠲᠤᠯᠠ ᠬᠣᠩ ᠲᠠᠢᠵᠢ ᠶ᠋ᠢᠨ ᠪᠤᠶᠠᠨ ᠠᠷᠪᠢᠵᠢᠨ ᠳᠡᠯᠭᠡᠷᠡᠬᠦ ᠪᠣᠯᠲᠤᠭᠠᠢ ᠭᠡᠮᠡᠨ ᠵᠠᠷ ᠲᠠᠷᠬᠠᠭᠠᠪᠠ᠃
        ᠲᠡᠭᠡᠲᠡᠯ᠎ᠡ ᠭᠠᠯᠳᠠᠨ ᠬᠥᠪᠡᠭᠦᠨ ᠨᠢ ᠴᠠᠭᠠᠨ ᠢᠷᠪᠢᠰ ᠲᠡᠢ ᠴᠣᠭ ᠠᠯᠲᠠᠢ ᠶ᠋ᠢᠨ ᠴᠠᠰᠤᠲᠤ ᠣᠷᠭᠢᠯ  ᠳ᠋ᠤ᠌ ᠬᠦᠷᠦᠭᠡᠳ ᠢᠷᠡᠭᠰᠡᠨ ᠲᠤᠬᠠᠢ ᠲᠦᠮᠡ᠂ ᠪᠤᠮ  ᠤ᠋ᠨ ᠬᠥᠮᠦᠰ ᠠᠮᠠ ᠪᠤᠯᠢᠶᠠᠯᠳᠤᠨ ᠶᠠᠷᠢᠵᠤ ᠵᠠᠯᠪᠠᠷᠢᠬᠤ ᠪᠣᠯᠤᠭᠰᠠᠨ ᠪᠠᠢᠨ᠎ᠠ᠃
       ᠣᠢᠷᠠᠳ  ᠤ᠋ᠨ ᠬᠠᠭᠠᠨ ᠤ᠋ ᠬᠥᠪᠡᠭᠦᠨ ᠬᠥᠮᠦᠨ ᠪᠠᠢᠲᠤᠭᠠᠢ ᠰᠠᠯᠬᠢ ᠲᠣᠭᠲᠠᠳᠠᠭ ᠦᠭᠡᠢ ᠢᠷᠪᠢᠰ  ᠦ᠋ᠨ ᠳᠡᠭᠡᠷ᠎ᠡ ᠲᠠᠷᠴᠤᠭᠯᠠᠨ ᠣᠳᠤᠭᠰᠠᠨ ᠨᠢ ᠭᠠᠢᠬᠠᠭᠠᠳ ᠪᠠᠷᠠᠰᠢ ᠦᠭᠡᠢ ᠶᠠᠪᠤᠳᠠᠯ ᠪᠣᠯᠪᠠ᠃ ᠴᠠᠭᠠᠨ ᠢᠷᠪᠢᠰ ᠦ᠋ᠨ ᠳᠣᠮᠣᠭ ᠡᠬᠢᠯᠡᠭᠰᠡᠨ ᠰᠢᠭ ᠢ᠋ᠶ᠋ᠡᠨ ᠦᠷᠭᠦᠯᠵᠢᠯᠡᠵᠦ ᠪᠠᠢᠯ᠎ᠠ᠃ᠴᠣᠬᠣᠮ ᠡᠨᠡ ᠳᠣᠮᠣᠭ ᠽᠠᠶ᠎ᠠ ᠪᠠᠨᠳᠢᠳᠠ ᠭᠡᠭᠡᠨ  ᠳ᠋ᠦ᠍ ᠣᠯᠵᠠ ᠪᠠᠢᠪᠠ᠃ᠠᠯᠳᠠᠵᠤ ᠪᠣᠯᠤᠮ᠎ᠠ ᠦᠭᠡᠢ ᠰᠠᠢᠬᠠᠨ ᠲᠣᠬᠢᠶᠠᠯᠳᠤᠯ ᠭᠡᠭᠡᠨᠲᠡᠨ  ᠳ᠋ᠦ᠍ ᠣᠯᠳᠠᠵᠠᠢ᠃ᠬᠥᠪᠡᠭᠦᠨ ᠊ᠢ ᠢᠷᠪᠢᠰ ᠲᠡᠢ ᠴᠣᠭ ᠣᠳᠤᠭᠰᠠᠨ ᠊ᠢ ᠲᠤᠬᠠᠢ ᠶ᠋ᠢᠨ ᠦᠶ᠎ᠡ ᠳ᠋ᠦ᠍ ᠪᠠᠭᠠᠲᠤᠷ ᠬᠣᠩ ᠲᠠᠢᠵᠢ᠂ ᠵᠠᠩᠵᠤᠨ ᠳᠡᠮᠪᠡᠷᠢᠯ ᠨᠠᠷ ᠬᠠᠷᠠᠵᠤ ᠴᠢᠳᠠᠯ ᠦᠭᠡᠢ ᠠᠯᠳᠠᠵᠠᠢ᠃
       ᠪᠠᠭᠠᠲᠤᠷ ᠬᠣᠩ ᠲᠠᠢᠵᠢ ᠽᠠᠶ᠎ᠠ ᠪᠠᠨᠳᠢᠳᠠ ᠭᠡᠭᠡᠨ ᠤᠷᠤᠭᠤ ᠶᠠᠭᠠᠷᠠᠨ ᠣᠴᠢᠪᠠ᠃ᠰᠦᠮ᠎ᠡ ᠶ᠋ᠢᠨ ᠠᠷᠴᠠ ᠬᠦᠵᠢ ᠠᠩᠬᠢᠯᠤᠭᠰᠠᠨ ᠦᠷᠭᠦᠭᠡᠨ ᠳ᠋ᠦ᠍ ᠽᠠᠶ᠎ᠠ ᠪᠠᠨᠳᠢᠳᠠ ᠭᠡᠭᠡᠨ ᠶᠣᠰᠣᠷᠬᠠᠭᠤ ᠰᠠᠭᠤᠵᠤ ᠪᠠᠢᠭᠰᠠᠨ ᠢ᠋ᠶ᠋ᠠᠨ ᠬᠣᠩ ᠲᠠᠢᠵᠢ ᠶ᠋ᠢ ᠬᠠᠷᠠᠩᠭᠤᠲᠠ ᠠᠯᠠᠭ᠎ᠠ ᠪᠠᠨ ᠳᠡᠯᠭᠡᠨ ᠪᠠᠷᠠᠭᠤᠨ ᠳᠡᠭᠡᠳᠦ ᠰᠠᠭᠤᠳᠠᠯ ᠳ᠋ᠤ᠌ ᠤᠷᠢᠪᠠ᠃
     — ᠭᠠᠯᠳᠠᠨ ᠬᠥᠪᠡᠭᠦᠨ ᠢᠷᠪᠢᠰ ᠲᠡᠢ ᠴᠣᠭ ᠶᠠᠪᠤᠴᠢᠬᠠᠵᠠᠢ᠃ᠪᠢ ᠴᠦ᠍ ᠮᠡᠳᠡᠭᠰᠡᠨ ᠦᠭᠡᠢ᠂ ᠬᠡᠨ ᠴᠦ᠍ ᠮᠡᠳᠡᠭᠰᠡᠨ ᠦᠭᠡᠢ᠃ ᠬᠣᠲᠠ ᠬᠦᠷᠢᠶ᠎ᠡ ᠪᠡᠷ  ᠢ᠋ᠶ᠋ᠡᠨ ᠱᠤᠤᠭᠢᠵᠤ ᠪᠠᠢᠨ᠎ᠠ᠃
   ᠶᠥᠮ ᠠᠭ᠎ᠠ ᠬᠠᠲᠤᠨ ᠤᠬᠢᠯᠠᠵᠤ ᠰᠠᠭᠤᠨ᠎ᠠ᠃ ᠬᠤᠪᠢᠯᠭᠠᠨ ᠲᠠ ᠲᠤᠰᠠ ᠪᠣᠯᠵᠤ ᠪᠤᠷᠬᠠᠨ ᠤ᠋ ᠷᠢᠳᠢ ᠰᠢᠳᠢ ᠪᠡᠷ ᠬᠥᠪᠡᠭᠦᠨ ᠢ᠋ ᠮᠢᠨᠢ ᠡᠷᠭᠢᠭᠦᠯᠦᠨ ᠠᠪᠴᠢᠷᠠᠵᠤ ᠲᠤᠰᠠᠯᠠᠭᠠᠴᠢ᠃ ᠨᠠᠳᠠᠳᠤ ᠴᠡᠷᠢᠭ ᠪᠠᠢᠨ᠎ᠠ᠃ ᠴᠡᠷᠢᠭ ᠪᠠᠢᠯ᠎ᠠ ᠭᠡᠳ ᠶᠠᠭᠠᠬᠢᠬᠤ ᠪᠢᠯᠡ᠃ ᠨᠠᠳᠠᠳᠤ ᠠᠯᠲᠠ ᠮᠥᠩᠭᠥ ᠪᠠᠢᠨ᠎ᠠ᠂ᠠᠯᠲᠠ ᠮᠥᠩᠭᠥ ᠪᠠᠢᠯ᠎ᠠ ᠭᠡᠳ ᠶᠠᠭᠠᠬᠢᠬᠤ ᠪᠢᠯᠡ᠃ᠬᠤᠪᠢᠯᠭᠠᠨ ᠲᠠ ᠲᠤᠰᠠᠯᠠᠵᠤ ᠴᠢᠳᠠᠨ᠎ᠠ ᠭᠡᠮᠡᠨ ᠭᠡᠭᠡᠨᠲᠡᠨ ᠳ᠋ᠦ᠍ ᠲᠤᠯᠭᠠᠨ ᠥᠭᠦᠯᠡᠪᠡ᠃ᠭᠡᠭᠡᠨᠲᠡᠨ᠂ᠨᠢᠳᠦ ᠪᠡᠨ ᠬᠠᠭᠠᠰ ᠠᠨᠢᠵᠤ ᠵᠠᠯᠪᠠᠷᠢᠯ ᠦᠢᠯᠡᠳᠦᠭᠰᠡᠨ ᠴᠡᠭ ᠲᠡᠭᠡᠨ᠂
      — ᠭᠠᠯᠳᠠᠨ ᠳ᠋ᠤ᠌ ᠪᠦᠦ ᠵᠣᠪᠠ ᠭᠡᠪᠡ᠃
  ᠬᠣᠩ ᠲᠠᠢᠵᠢ ᠶ᠋ᠢᠨ ᠤᠯᠠᠭᠠᠨ ᠰᠠᠬᠠᠯ ᠳ᠋ᠤ᠌ ᠰᠢᠷ᠎ᠠ ᠲᠤᠶᠠᠭ᠎ᠠ ᠨᠡᠪᠴᠢᠭᠡᠳ᠂ ᠪᠠᠷᠤᠭᠠᠷ ᠴᠢᠷᠠᠢ ᠳ᠋ᠤ᠌ ᠴᠠᠭᠠᠨ ᠭᠡᠭᠡ ᠲᠠᠲᠠᠵᠤ᠂
  — ᠬᠥᠪᠡᠭᠦᠨ ᠣᠳᠣ ᠬᠠᠮᠢᠭ᠎ᠠ ᠪᠠᠢᠨ᠎ᠠ ᠭᠡᠵᠦ ᠠᠰᠠᠭᠤᠯ᠎ᠠ᠃ ᠱᠤᠪᠲᠤᠩ ᠮᠥᠷᠥ᠂ᠰᠢᠪᠠᠭᠤᠨ ᠴᠡᠭᠡᠵᠢ ᠲᠡᠢ ᠭᠡᠭᠡᠨᠳᠡᠨ ᠰᠠᠭᠤᠳᠠᠯ ᠳᠡᠭᠡᠷ᠎ᠡ ᠪᠡᠨ ᠵᠠᠢᠮᠤᠴᠢᠨ ᠪᠠᠢᠵᠤ᠂
  — ᠭᠠᠯᠳᠠᠨ ᠬᠥᠪᠡᠭᠦᠨ ᠢ᠋ ᠪᠤᠷᠬᠠᠨ ᠤ᠋ ᠢᠪᠡᠭᠡᠯ ᠬᠠᠢᠷ᠎ᠠ ᠳ᠋ᠤ᠌ ᠪᠠᠭᠲᠠᠭᠠᠬᠤ ᠲᠠᠯ᠎ᠠ ᠪᠠᠷ ᠬᠠᠭᠠᠨ ᠲᠠᠨ ᠲᠠᠢ ᠪᠢ ᠬᠥᠭᠡᠷᠦᠯᠳᠦᠬᠦ ᠶ᠋ᠢ ᠬᠦᠰᠡᠨ᠎ᠡ ᠭᠡᠵᠦ ᠵᠠᠭᠠᠲᠤᠨᠠᠭᠰᠠᠨ ᠭᠠᠵᠠᠷ ᠢ᠋ᠶ᠋ᠠᠨ ᠮᠠᠭᠠᠵᠢᠭᠰᠠᠨ ᠰᠢᠭ᠋ ᠬᠡᠯᠡᠪᠡ᠃
   ᠬᠠᠭᠠᠨ ᠤ᠋ ᠡᠮᠦᠨ᠎ᠡ ᠴᠢᠯᠠᠭᠤᠨ ᠰᠢᠷᠡᠬᠡᠨ᠎ᠡ ᠠᠭᠠᠭ ᠲᠠᠢ ᠴᠠᠢ᠂ ᠬᠣᠯᠢᠭᠰᠠᠨ ᠲᠣᠰᠣ᠂ ᠠᠭᠠᠷᠤᠤᠯ᠂ ᠥᠷᠥᠮ᠎ᠡ ᠮᠡᠲᠦ ᠶ᠋ᠢ ᠠᠶᠠᠭᠠᠴᠢ ᠯᠠᠮᠠ ᠥᠷᠥᠵᠦ᠂ ᠢᠳᠡᠭᠡ ᠪᠤᠳᠠᠭ᠎ᠠ ᠵᠣᠭᠣᠭᠯᠠᠬᠤ ᠶ᠋ᠢ ᠬᠦᠰᠡᠵᠦ ᠬᠢᠴᠢᠶᠡᠩᠭᠦᠢᠯᠡᠨ ᠳᠣᠩᠬᠣᠯᠵᠠᠬᠤ ᠪᠥᠯᠥᠭᠡ᠃

ᠲᠠᠪᠤ

 ᠲᠥᠪᠡᠳ ᠲᠦ᠍ ᠣᠴᠢᠭᠠᠳ ᠵᠢᠷᠭᠤᠭᠠᠨ ᠣᠨ ᠥᠩᠭᠡᠷᠡᠵᠡᠢ᠃ ᠪᠤᠳ᠋ᠳ᠋ᠾᠠ  ᠵᠢᠨ ᠶᠡᠬᠡ  ᠬᠤᠳᠠ ᠯᡁᠠᠰᠨ ᠬᠡᠮᠡᠬᠦ ᠰᠦᠮ᠎ᠡ ᠳᠤᠭᠠᠩ ᠰᠢᠪᠠᠭᠠᠷᠠᠭᠰᠠᠨ ᠣᠯᠠᠨ ᠤ᠋ ᠬᠥᠯ ᠳ᠋ᠦ᠍ ᠳᠠᠷᠤᠭᠳᠠᠭᠰᠠᠨ ᠨᠤᠲᠤᠭ ᠣᠷᠣᠨ ᠳ᠋ᠤ᠌ ᠱᠠᠪᠢᠯᠠᠨ ᠰᠠᠭᠤᠵᠤ ᠲᠡᠰᠪᠡ᠃ᠲᠠᠰᠤᠯᠭᠠᠨ ᠠ᠋ᠴᠠ ᠲᠠᠰᠤᠯᠭᠠᠨ ᠳ᠋ᠤ᠌᠂ ᠥᠷᠥᠭᠡᠨ ᠡᠴᠡ ᠥᠷᠥᠭᠡᠨ ᠳ᠋ᠦ᠍ ᠭᠦᠨ ᠪᠠᠶᠠᠰᠠᠳᠯᠠᠩ ᠤ᠋ᠨ ᠮᠥᠷ ᠪᠠᠳᠠᠭ ᠢ᠋ ᠴᠡᠭᠡᠵᠢᠯᠡᠵᠦ᠂ ᠨᠣᠮ ᠤ᠋ᠨ ᠬᠦᠷᠳᠦ ᠶ᠋ᠢ ᠡᠷᠭᠢᠭᠦᠯᠳᠡᠭ ᠯᠠᠮᠠ ᠬᠤᠸᠠᠷᠠᠭ ᠤ᠋ᠳ ᠭᠠᠳᠠᠭᠠᠯᠠᠨ ᠶᠠᠪᠤᠵᠠᠭᠠᠬᠤ ᠪᠥᠯᠥᠭᠡ᠃ᠡᠨᠡ ᠦᠶ᠎ᠡ ᠪᠣᠯ 1656 ᠣᠨ᠃ ᠭᠠᠯᠳᠠᠨ ᠤ᠋ ᠬᠤᠪᠢ ᠳ᠋ᠤ᠌ ᠠᠷᠪᠠᠨ ᠭᠤᠷᠪᠠᠨ ᠨᠠᠰᠤᠨ ᠰᠡᠭᠦᠳᠡᠷ ᠲᠣᠬᠢᠶᠠᠭᠰᠠᠨ ᠤᠯᠠᠭᠠᠨ ᠪᠡᠴᠢᠨ ᠵᠢᠯ ᠶᠦᠮ᠃
   ᠪᠤᠷᠬᠠᠨ ᠤ᠋ ᠨᠣᠮ ᠦᠵᠡᠭᠰᠡᠨ ᠡᠳᠦᠷ ᠡᠴᠡ ᠪᠡᠨ ᠬᠡᠦᠬᠡᠳ ᠨᠠᠰᠤ ᠪᠠᠨ ᠭᠡᠭᠡᠵᠦ᠂ ᠥᠭᠡᠷ᠎ᠡ ᠳᠦᠷᠢ ᠲᠥᠷᠬᠦ ᠳ᠋ᠦ᠍ ᠬᠤᠪᠢᠷᠠᠵᠤ᠂ᠨᠤᠮᠤ ᠰᠤᠮᠤ ᠬᠠᠷᠪᠤᠬᠤ ᠪᠠᠨ ᠪᠣᠯᠢᠵᠤ᠂ᠲᠣᠪᠰᠢᠭᠤᠷ ᠲᠠᠲᠠᠬᠤ ᠪᠠᠨ ᠣᠷᠬᠢᠭᠰᠠᠨ ᠨᠢ ᠭᠠᠯᠳᠠᠨ ᠳ᠋ᠤ᠌ ᠤᠢᠳᠬᠠᠷ ᠭᠤᠨᠢᠭ ᠲᠠᠢ ᠪᠠᠢᠭᠰᠠᠨ ᠴᠤ ᠡᠨᠡ ᠥᠪᠡᠷᠮᠢᠴᠡ ᠣᠷᠴᠢᠨ ᠳ᠋ᠤ᠌ ᠳᠠᠰᠬᠤ ᠠ᠋ᠴᠠ ᠠᠷᠭ᠎ᠠ ᠦᠭᠡᠢ ᠳ᠋ᠦ᠍ ᠬᠦᠷᠦᠭᠰᠡᠨ ᠪᠢᠯᠡ᠃ ᠯᠠᠮᠠ ᠨᠠᠷ ᠤ᠋ᠨ ᠳᠤᠮᠳᠠ ᠪᠡᠶ᠎ᠡ ᠶ᠋ᠢᠨ ᠳᠠᠰᠬᠠᠯ ᠬᠢᠳᠡᠭ ᠰᠣᠨᠢᠷᠬᠠᠯ ᠲᠠᠢ ᠲᠥᠷᠥᠯ ᠪᠠᠢᠯ᠎ᠠ᠃ᠨᠣᠮ ᠬᠤᠷᠠᠬᠤ ᠠ᠋ᠴᠠ ᠪᠤᠰᠤᠳ ᠴᠠᠭ ᠲᠤ ᠭᠠᠯᠳᠠᠨ ᠵᠣᠳᠣᠭᠠᠨ ᠤ᠋ ᠤᠷᠠᠯᠢᠭ ᠲᠤ ᠬᠦᠴᠦ ᠪᠡᠨ ᠰᠣᠷᠢᠨ᠎ᠠ᠃ᠳᠣᠷᠣᠨᠠᠳᠠᠬᠢᠨ ᠤ᠋ ᠡᠨᠡ ᠭᠠᠢᠬᠠᠮᠰᠢᠭ ᠲᠠᠢ ᠤᠷᠠᠯᠢᠭ ᠢ᠋ ᠯᠠᠮᠠ ᠨᠠᠷ ᠤ᠋ᠨ ᠳᠤᠮᠳᠠ ᠨᠢᠭᠤᠴᠠ ᠪᠠᠷ ᠨᠡᠪᠲᠡᠷᠡᠭᠦᠯᠵᠦ ᠷᠢᠳᠢ ᠰᠢᠳᠢ ᠲᠡᠢ ᠬᠣᠯᠪᠣᠨ ᠲᠠᠢᠯᠪᠤᠷᠢᠯᠠᠳᠠᠭ ᠵᠢᠷᠠᠨ ᠳᠥᠷᠪᠡᠨ ᠵᠦᠢᠯ ᠲᠡᠭᠦᠰ ᠲᠡᠭᠦᠯᠳᠡᠷ ᠡᠷᠳᠡᠮ ᠳ᠋ᠦ᠍ ᠪᠣᠯᠪᠠᠰᠤᠷᠠᠬᠤ ᠶ᠋ᠢ ᠭᠠᠯᠳᠠᠨ ᠳ᠋ᠤ᠌ ᠬᠦᠰᠡᠵᠡᠢ᠃
     ᠭᠠᠯᠳᠠᠨ ᠵᠣᠳᠣᠭᠠᠨ ᠤ᠋ ᠵᠢᠷᠠᠨ ᠳᠥᠷᠪᠡᠨ ᠡᠷᠳᠡᠮ ᠦ᠋ᠨ ᠳᠠᠰᠬᠠᠯ ᠢ᠋ ᠨᠢᠭᠡ ᠨᠢᠭᠡ ᠪᠡᠷ ᠬᠢᠳᠡᠭ ᠪᠠᠢᠯ᠎ᠠ᠃ᠲᠥᠪᠡᠳ ᠦ᠋ᠨ ᠥᠨᠳᠥᠷ ᠠᠭᠤᠯᠠ ᠨᠢᠷᠤᠭᠤᠨ ᠳ᠋ᠤ᠌ ᠢᠮᠠᠭᠲᠠ ᠴᠠᠰᠤ ᠲᠠᠢ ᠪᠠᠢᠬᠤ ᠪᠥᠭᠡᠳ ᠵᠤᠨ ᠴᠠᠭ ᠲᠤ᠌ ᠪᠣᠷᠣᠭ᠎ᠠ ᠠᠰᠬᠠᠳᠠᠭ ᠪᠢᠯᠡ᠃ᠶᠡᠬᠡ ᠪᠣᠷᠣᠭᠠᠨ ᠲᠠᠢ ᠡᠳᠦᠷ ᠭᠠᠯᠳᠠᠨ ᠮᠣᠩᠭᠣᠯ ᠤ᠋ᠨ ᠠᠩᠬᠠᠳᠤᠭᠠᠷ ᠪᠣᠭᠳᠠ ᠵᠢᠪᠽᠤᠨᠳᠠᠮᠪᠠ ᠥᠨᠳᠥᠷ ᠭᠡᠭᠡᠨ ᠵᠠᠨᠠᠪᠠᠽᠠᠷ  ᠲᠤ ᠪᠠᠷᠠᠭᠠᠯᠠᠪᠠ᠃
    — ᠪᠣᠭᠳᠠ ᠯᠠᠮᠠ ᠲᠠᠨ ᠢ᠋ ᠨᠤᠲᠤᠭ ᠪᠠᠭᠤᠬᠤ ᠰᠤᠷᠠᠭ ᠳᠤᠭᠤᠯᠤᠭᠠᠳ ᠢᠷᠡᠯ᠎ᠡ ᠭᠡᠬᠦ ᠳ᠋ᠦ᠍ ᠥᠨᠳᠥᠷ ᠭᠡᠭᠡᠨ ᠨᠢᠳᠦᠨ ᠳ᠋ᠡᠭᠡᠨ ᠭᠤᠨᠢᠭ ᠰᠢᠩᠭᠡᠭᠡᠵᠦ᠂
    — ᠬᠠᠭᠠᠨ ᠡᠴᠢᠭᠡ ᠨᠠᠰᠤᠨ ᠬᠤᠲᠤᠭ ᠪᠣᠯᠵᠤ ᠬᠣᠢᠲᠤ ᠲᠥᠷᠥᠯ ᠳ᠋ᠡᠭᠡᠨ ᠮᠣᠷᠢᠯᠠᠵᠠᠢ ᠭᠡᠪᠡ᠃ᠭᠠᠯᠳᠠᠨ ᠯᠠᠮᠠ ᠡᠴᠢᠭᠡ ᠪᠠᠭᠠᠲᠤᠷ ᠬᠣᠩ ᠲᠠᠢᠵᠢ ᠶ᠋ᠢᠨ ᠲᠡᠭᠦᠰᠬᠡᠯ ᠢ᠋ ᠰᠠᠨᠠᠵᠤ ᠤᠢᠳᠬᠠᠷ ᠲᠠᠢ ᠪᠠᠷ᠂
    — ᠪᠢ ᠪᠠᠰᠠ ᠣᠢᠷᠠᠳ ᠨᠤᠲᠤᠭ ᠲᠠᠭᠠᠨ ᠶᠠᠪᠤᠨ᠎ᠠ ᠭᠡᠪᠡ᠃
    — ᠪᠢ ᠰᠣᠨᠣᠰᠤᠭᠰᠠᠨ᠃ᠪᠠᠭᠠᠲᠤᠷ ᠬᠣᠩ ᠲᠠᠢᠵᠢ ᠶ᠋ᠢ ᠪᠦᠬᠦ ᠣᠢᠷᠠᠳ ᠤ᠋ᠨ ᠬᠠᠭᠠᠨ ᠪᠣᠯᠳᠠᠭ ᠬᠥᠬᠡᠭᠴᠢᠨ ᠭᠠᠬᠠᠢ ᠵᠢᠯ ᠪᠢ ᠲᠥᠷᠥᠭᠰᠡᠨ ᠶᠦᠮ ᠰᠢᠦ ᠳᠡ᠃ᠲᠡᠷᠡ ᠶᠡᠬᠡ ᠬᠥᠮᠦᠨ ᠢ᠋ ᠴᠢᠮ᠎ᠠ ᠪᠠᠷ ᠲᠥᠰᠦᠭᠡᠯᠡᠳᠡᠭ᠃ᠦᠷ᠎ᠡ ᠵᠢᠮᠢᠰ ᠢ᠋ᠶ᠋ᠡᠷ ᠨᠢ ᠬᠥᠮᠦᠨ ᠢ᠋ ᠲᠠᠨᠢᠳᠠᠭ ᠪᠤᠰᠤ ᠤᠤ?
    —  ᠭᠡᠭᠡᠨᠲᠡᠨ ᠲᠠ ᠡᠷᠭᠢᠵᠦ ᠬᠡᠵᠢᠶ᠎ᠡ ᠢᠷᠡᠬᠦ ᠪᠣᠢ?
    — ᠬᠦᠨᠡᠰᠦᠨ ᠦ᠌ ᠲᠠᠬᠢᠯᠭ᠎ᠠ ᠳᠠᠭᠤᠰᠬᠠᠭᠠᠳ ᠪᠤᠴᠠᠵᠤ ᠢᠷᠡᠨ᠎ᠡ᠃ ᠴᠢ ᠪᠢᠳᠡ ᠬᠣᠶᠠᠷ ᠤ᠋ᠨ ᠠᠯᠲᠠᠨ ᠠᠷᠭᠠᠮᠵᠢᠶ᠎ᠠ ᠶ᠋ᠢᠨ ᠦᠵᠦᠭᠦᠷ ᠡᠨᠳᠡ᠃ ᠨᠢᠭᠡ ᠦᠵᠦᠭᠦᠷ ᠨᠢ ᠮᠣᠩᠭᠣᠯ ᠳ᠋ᠤ᠌ ᠁
    — ᠲᠡᠢᠮᠦ ᠠ᠋᠂ ᠵᠢᠷᠤᠭ ᠲᠥᠭᠡᠷᠭᠡ ᠶᠠᠭᠠᠬᠢᠬᠤ ᠠᠷᠭ᠎ᠠ ᠦᠭᠡᠢ ᠪᠢᠳᠡᠨ ᠢ᠋ ᠬᠣᠯᠪᠣᠵᠠᠢ᠃ᠪᠦᠷ ᠲᠡᠭᠡᠬᠦ ᠳ᠋ᠡᠭᠡᠨ ᠨᠢᠭᠡ ᠠᠷᠭᠠᠮᠵᠢᠶ᠎ᠠ ᠠ᠋ᠴᠠ ᠁
    — ᠴᠢᠮ᠎ᠠ ᠳ᠋ᠤ᠌ ᠨᠢᠭᠡ ᠡᠷᠢᠭᠡ ᠪᠡᠯᠡᠳᠦᠭᠰᠡᠨ ᠶᠤᠮᠰᠠᠨ᠃
    — ᠲᠠ ᠨᠠᠳᠠᠳᠤ ᠶᠠᠭᠤᠨ ᠤ᠋ ᠤᠴᠢᠷ ᠡᠷᠢᠭᠡ ᠪᠡᠯᠡᠳᠪᠡ᠃
    — ᠭᠠᠯᠳᠠᠨ ᠬᠤᠪᠢᠯᠭᠠᠨ ᠲᠠ ᠰᠠᠢᠨ ᠰᠣᠨᠣᠰ᠃ᠬᠠᠯᠬ᠎ᠠ᠂ ᠣᠢᠷᠠᠳ ᠬᠥᠮᠦᠰ ᠬᠣᠯᠠ ᠶ᠋ᠢᠨ ᠪᠤᠰᠤ ᠣᠢᠷ᠎ᠠ ᠶ᠋ᠢᠨ ᠠᠬ᠎ᠠ ᠳᠡᠭᠦᠦᠰ ᠪᠢᠯᠡ᠃ ᠴᠢᠩᠭᠢᠰ ᠬᠠᠭᠠᠨ ᠤ᠋ ᠦᠶ᠎ᠡ ᠶ᠋ᠢᠨ ᠶᠡᠬᠡ ᠮᠣᠩᠭᠣᠯ ᠤᠯᠤᠰ ᠵᠡᠭᠦᠨ ᠪᠠᠷᠠᠭᠤᠨ ᠭᠡᠮᠡᠨ ᠣᠷᠣᠰᠢᠵᠤ ᠪᠠᠢᠨ᠎ᠠ᠃ᠲᠡᠭᠡᠬᠦ ᠪᠡᠷ ᠣᠢᠷᠠᠳ᠂ ᠬᠠᠯᠬ᠎ᠠ ᠬᠣᠶᠠᠷ ᠢ᠋ ᠰᠠᠯᠭᠠᠵᠤ ᠶᠠᠭᠠᠬᠢᠨ ᠪᠣᠯᠤᠨ᠎ᠠ᠃ ᠬᠤᠪᠢᠯᠭᠠᠨ ᠲᠠᠨ ᠤ᠋ ᠴᠢᠰᠤ ᠨᠠᠳᠠ ᠪᠣᠢ᠃ ᠴᠢᠰᠤ ᠪᠠᠨ ᠳᠠᠭᠠᠭᠰᠠᠨ ᠴᠤ᠂ ᠶᠠᠰᠤ ᠪᠠᠨ ᠳᠠᠭᠠᠭᠰᠠᠨ ᠴᠤ ᠣᠢᠷ᠎ᠠ ᠶ᠋ᠢᠨ ᠲᠥᠷᠥᠯ ᠭᠡᠳᠡᠭ ᠢ᠋ᠶ᠋ᠡᠨ ᠭᠠᠯᠳᠠᠨ ᠬᠤᠪᠢᠯᠭᠠᠨ ᠮᠢᠨᠢ ᠮᠡᠳᠡᠲᠦᠭᠡᠢ᠃ ᠡᠷᠢᠭᠡ ᠶ᠋ᠢᠨ ᠲᠤᠬᠠᠢ ᠳ᠋ᠤ᠌ ᠪᠣᠯ ᠪᠤᠷᠬᠠᠨ ᠤ᠋ ᠨᠢᠳᠦ ᠬᠡᠮᠡᠬᠦ ᠵᠢᠮᠢᠰ ᠦ᠋ᠨ ᠶᠠᠰᠤ ᠪᠠᠷ ᠬᠡᠯᠬᠢᠭᠰᠡᠨ ᠪᠢᠯᠡ᠃ ᠡᠨᠡ ᠡᠷᠢᠭᠡ ᠶ᠋ᠢᠨ ᠵᠠᠩᠬᠢᠯᠠᠭᠠᠨ ᠳ᠋ᠤᠨᠢ ᠮᠢᠨᠦ ᠰᠡᠢᠯᠪᠦᠷᠢ ᠪᠣᠢ᠃ᠨᠢᠭᠡᠨ ᠴᠠᠭ  ᠲᠤ ᠲᠡᠷᠡ ᠳᠦᠷᠰᠦ ᠶ᠋ᠢ ᠬᠠᠷᠠᠬᠤ ᠪᠣᠯᠤᠨ᠎ᠠ᠃
  — ᠵᠠ ᠭᠡᠭᠡᠨᠲᠡᠨ ᠮᠢᠨᠢ!
  — ᠲᠠ ᠬᠡᠳᠦᠢ ᠳ᠋ᠦ᠍ ᠬᠥᠳᠡᠯᠬᠦ ᠪᠣᠢ? ᠬᠤᠪᠢᠯᠭᠠᠲᠠᠨ!
  — ᠮᠠᠷᠭᠠᠰᠢ ᠨᠠᠷᠠ ᠪᠢᠲᠡᠭᠦᠦ ᠁
  — ᠴᠣᠭ ᠠᠶᠠᠨ ᠳ᠋ᠤ᠌ ᠭᠠᠷᠬᠤ ᠨᠢ ᠃ ᠥᠯᠵᠡᠢ ᠲᠡᠢ ᠶᠠᠪᠤᠳᠠᠯ ᠪᠣᠯᠤᠯ᠎ᠠ᠃
   ᠡᠴᠢᠭᠡ ᠬᠣᠩ ᠲᠠᠢᠵᠢ ᠲᠩᠷᠢ ᠳ᠋ᠦ᠍ ᠬᠠᠯᠢᠵᠤ᠂ ᠠᠬ᠎ᠠ ᠰᠡᠩᠭᠡ ᠬᠠᠭᠠᠨ ᠲᠥᠷᠥ ᠶ᠋ᠢᠨ ᠵᠢᠯᠣᠭᠣ ᠶ᠋ᠢ ᠠᠳᠬᠤᠭᠰᠠᠨ ᠠ᠋ᠴᠠ ᠬᠣᠢᠰᠢ ᠭᠠᠯᠳᠠᠨ ᠨᠤᠲᠤᠭ ᠲᠠᠭᠠᠨ ᠣᠴᠢᠯ ᠦᠭᠡᠢ ᠵᠢᠷᠭᠤᠳᠠᠬᠢ ᠵᠢᠯ ᠦ᠋ᠨ ᠪᠣᠱᠣᠭ ᠠᠯᠬᠤᠵᠠᠢ᠃ᠭᠠᠯᠳᠠᠨ ᠤ᠋ ᠣᠢᠷᠠᠳ ᠲᠤ᠌ ᠶᠠᠪᠤᠬᠤ ᠵᠠᠮ ᠳ᠋ᠤ᠌ ᠸᠴᠢᠷᠲᠤ ᠰᠡᠴᠡᠨ ᠬᠠᠭᠠᠨ ᠤ᠋ ᠬᠦᠷᠢᠶ᠎ᠡ ᠪᠣᠢ᠃ ᠲᠡᠷᠡ ᠬᠦ᠌ ᠭᠣᠶᠣᠮᠰᠣᠭ ᠬᠦᠷᠢᠶᠡᠨ ᠳ᠋ᠦ᠍ ᠠᠨᠤᠳᠠᠷ᠎ᠠ᠂ ᠠᠬᠠᠳᠠᠷ᠎ᠠ ᠬᠡᠮᠡᠭᠴᠢ ᠡᠭᠡᠴᠢ ᠳᠡᠭᠦᠦ ᠪᠦᠰᠡᠭᠦᠢᠴᠦᠦᠯ ᠰᠤᠳᠤᠷ ᠦᠵᠡᠵᠦ᠂ ᠮᠣᠷᠢ ᠪᠠᠷ ᠳᠠᠪᠬᠢᠵᠤ᠂ ᠴᠡᠷᠢᠭ ᠦ᠋ᠨ ᠡᠷᠳᠡᠮ ᠳ᠋ᠦ᠍ ᠪᠣᠯᠪᠠᠰᠤᠷᠠᠵᠤ ᠪᠣᠢ᠃
   ᠣᠢᠷᠠᠳ ᠨᠤᠲᠤᠭ ᠪᠣᠯ ᠭᠠᠯᠳᠠᠨ ᠤ᠋ ᠮᠥᠷᠥᠭᠡᠳᠦᠯ ᠦ᠋ᠨ ᠵᠦᠭ ᠪᠠᠢᠪᠠ᠃ ᠠᠯᠲᠠᠢ ᠶ᠋ᠢᠨ ᠴᠠᠰᠤᠲᠤ ᠠᠭᠤᠯᠠᠨ ᠤ᠋ ᠴᠠᠭᠠᠨ ᠢᠷᠪᠢᠰ ᠣᠯᠵᠠ ᠣᠮᠣᠭ ᠲᠠᠭᠠᠨ ᠡᠷᠡᠮᠰᠢᠨ ᠳᠡᠭᠦᠯᠢᠵᠦ ᠶᠠᠪᠤᠭ᠎ᠠ ᠪᠢᠵᠡ᠃
   ᠦᠳᠡᠰᠢ ᠶ᠋ᠢᠨ ᠨᠠᠮᠤᠭᠤᠬᠠᠨ ᠠᠭᠠᠷ ᠢ᠋ ᠳᠣᠯᠭᠢᠶᠠᠯᠠᠭᠤᠯᠤᠨ ᠲᠣᠪᠰᠢᠭᠤᠷ ᠤ᠋ᠨ ᠠᠶᠠᠰ ᠡᠭᠡᠰᠢᠭᠯᠡᠵᠦ ᠲᠤᠤᠯᠢ ᠬᠠᠢᠯᠠᠬᠤ ᠳ᠋ᠤ᠌ ᠦᠷᠴᠢᠭᠢᠷ ᠡᠮᠡᠭᠡᠳ ᠬᠣᠯᠠ ᠣᠳᠤᠭᠰᠠᠨ ᠦᠷ᠎ᠡ ᠬᠡᠦᠬᠡᠳ ᠢ᠋ᠶ᠋ᠡᠨ ᠰᠠᠨᠠᠭᠠᠯᠵᠠᠨ ᠨᠢᠯᠪᠤᠰᠤ ᠤᠨᠠᠭᠠᠵᠤ ᠰᠠᠭᠤᠭ᠎ᠠ ᠪᠢᠯᠡ᠃
   ᠭᠠᠯᠳᠠᠨ ᠤ᠋ ᠴᠡᠭᠡᠵᠢᠨ ᠳ᠋ᠦ᠍ ᠲᠣᠭᠰᠢᠨ ᠳᠠᠪᠠᠯᠭᠠᠯᠠᠭᠰᠠᠨ ᠣᠯᠠᠨ ᠪᠤᠳᠠᠩ ᠳᠤᠮᠳᠠ ᠠᠨᠤᠳᠠᠷ᠎ᠠ ᠶ᠋ᠢᠨ ᠲᠡᠭᠰᠢ ᠭᠡᠮᠲᠦ ᠴᠠᠭᠠᠨ ᠴᠢᠷᠠᠢ᠂ᠨᠢᠯ ᠴᠡᠴᠡᠭ ᠦ᠋ᠨ ᠥᠩᠭᠡᠲᠦ ᠶᠠᠭᠠᠨ ᠤᠷᠤᠭᠤᠯ᠂ᠵᠢᠪᠬᠤᠭᠠᠯᠢᠭ ᠬᠥᠳᠡᠯᠭᠡᠭᠡᠨ ᠦᠯᠦ ᠬᠠᠭᠠᠴᠠᠨ᠎ᠠ᠃ᠲᠡᠭᠦᠨ ᠦ᠌ ᠳᠡᠭᠦᠦ ᠠᠬᠠᠳᠠᠷ᠎ᠠ ᠡᠭᠡᠴᠢ ᠡᠴᠡ ᠪᠡᠨ ᠬᠥᠭᠡᠷᠦᠬᠦᠨ ᠠᠲᠠᠯ᠎ᠠ ᠵᠣᠷᠢᠮᠠᠭ ᠪᠤᠰᠤ ᠰᠠᠨᠠᠭᠳᠠᠬᠤ ᠨᠢ ᠶᠠᠭᠤᠨ ᠤ᠋ ᠪᠢᠯᠡ᠃
   ᠠᠨᠤᠳᠠᠷ᠎ᠠ ᠶ᠋ᠢᠨ ᠥᠨᠳᠡᠭᠡᠲᠦ ᠴᠥᠭᠥᠷᠥᠮ ᠳ᠋ᠦ᠍ ᠡᠳᠦᠢ ᠳ᠋ᠦ᠍ ᠪᠣᠷᠣ ᠪᠣᠷᠣ ᠶ᠋ᠢᠨ ᠪᠢᠯᠵᠤᠬᠠᠢ ᠪᠣᠰᠤᠨ ᠰᠠᠭᠤᠨ ᠵᠢᠷᠭᠢᠵᠦ ᠪᠠᠢᠭ᠎ᠠ ᠭᠡᠳᠡᠭ ᠢ᠋ ᠭᠠᠯᠳᠠᠨ ᠬᠤᠪᠢᠯᠭᠠᠨ ᠨᠢᠳᠦᠨ ᠳ᠋ᠡᠭᠡᠨ ᠬᠠᠷᠠᠵᠤ ᠪᠠᠢᠯ᠎ᠠ᠃
   ᠮᠣᠩᠭᠣᠯ ᠤ᠋ᠨ ᠠᠩᠬᠠᠳᠤᠭᠠᠷ ᠪᠣᠭᠳᠠ ᠥᠨᠳᠥᠷ ᠭᠡᠭᠡᠨ ᠣ ᠰᠦᠰᠦᠭᠯᠡᠵᠦ ᠪᠠᠷᠢᠭᠰᠠᠨ ᠡᠷᠢᠭᠡ ᠶ᠋ᠢ ᠲᠡᠷᠡ ᠡᠳᠦᠷ ᠡᠴᠡ ᠬᠣᠢᠰᠢ ᠭᠠᠯᠳᠠᠨ ᠬᠤᠪᠢᠯᠭᠠᠨ ᠴᠡᠭᠡᠵᠢᠨ ᠳ᠋ᠡᠭᠡᠨ ᠵᠡᠭᠦᠬᠦ ᠪᠤᠶᠤ ᠡᠰᠡ ᠪᠥᠭᠡᠰᠦ ᠭᠠᠷ ᠤ᠋ᠨ ᠱᠤ᠌ ᠳ᠋ᠤ᠌ ᠣᠷᠢᠶᠠᠵᠤ ᠮᠣᠳᠣᠷ ᠤ᠋ᠨ ᠠᠳᠢᠰ ᠬᠦᠷᠲᠡᠭᠡᠬᠦ ᠪᠥᠯᠥᠭᠡ᠃

ᠵᠢᠷᠭᠤᠭ᠎ᠠ

   ᠡᠷᠳᠡᠨᠢᠪᠠᠭᠠᠲᠤᠷ ᠬᠣᠩ ᠲᠠᠢᠵᠢ ᠬᠠᠷᠠᠭᠠᠨᠠᠲᠤ ᠰᠢᠷ᠎ᠠ ᠬᠥᠨᠳᠡᠢ ᠡᠴᠡ ᠶᠡᠬᠡ ᠥᠷᠭᠥᠭᠡ ᠪᠦᠬᠦᠢ ᠴᠣᠷᠣᠰ ᠠᠢᠮᠠᠭ ᠤ᠋ᠨ ᠬᠦᠷᠢᠶᠡᠨ ᠳ᠋ᠡᠭᠡᠨ ᠢᠷᠡᠪᠡ᠃ ᠮᠠᠩᠨᠤᠭᠲᠤ ᠴᠡᠷᠢᠭ ᠦ᠋ᠳ ᠵᠣᠭᠰᠣᠪᠠ᠃ ᠮᠣᠷᠢᠳ ᠤ᠋ᠨ ᠡᠷᠳᠡᠨᠢᠲᠦ ᠲᠣᠯᠣᠭᠠᠢ ᠭᠣᠳᠣᠢᠵᠤ ᠶᠡᠬᠡ ᠳᠡᠯ ᠨᠢ ᠭᠠᠵᠠᠷ ᠰᠢᠭᠦᠷᠡᠨ ᠤᠨᠵᠢᠢᠵᠠᠢ᠃ ᠣᠢᠷᠠᠳ ᠤ᠋ᠨ ᠪᠠᠭᠠᠲᠤᠷ ᠴᠡᠷᠢᠭ ᠦ᠋ᠳ ᠲᠡᠢᠨ ᠳᠣᠯᠣᠭᠠᠨ ᠠ᠋ᠴᠠ ᠢᠷᠡᠬᠦ ᠳ᠋ᠡᠭᠡᠨ ᠢᠮᠠᠭᠲᠠ ᠬᠦᠯᠦᠭ ᠮᠣᠷᠢᠳ ᠤ᠋ᠨ ᠬᠠᠲᠠᠷᠢᠭ᠎ᠠ ᠪᠠᠷ ᠬᠣᠲᠠ ᠬᠦᠷᠢᠶ᠎ᠡ ᠶ᠋ᠢ ᠥᠯᠮᠡᠢᠳᠡᠨ ᠪᠠᠭᠤᠳᠠᠭ ᠪᠤᠰᠤ ᠤᠤ?ᠡᠨᠡ ᠤᠳᠠᠭ᠎ᠠ ᠴᠡᠷᠢᠭ ᠦ᠋ᠳ ᠦ᠋ᠨ ᠨᠢᠳᠦᠨ ᠳ᠋ᠦ᠍ ᠭᠦᠨ ᠤᠢᠳᠬᠠᠷ ᠲᠠᠢ ᠪᠥᠭᠡᠳ ᠰᠡᠯᠡᠮ᠎ᠡ ᠪᠡᠨ ᠬᠤᠢ ᠠ᠋ᠴᠠ ᠨᠢ ᠰᠤᠭᠤᠯᠵᠤ᠂ ᠮᠣᠷᠢᠳ ᠤ᠋ᠨ ᠰᠠᠭᠠᠭ ᠲᠤᠰᠢᠶ᠎ᠠ ᠤᠨᠵᠢᠭᠤᠯᠵᠠᠢ᠃

    ᠪᠠᠭᠠᠲᠤᠷ ᠬᠣᠩ ᠲᠠᠢᠵᠢ ᠡᠮᠡᠭᠡᠯ ᠳᠡᠭᠡᠷ᠎ᠡ ᠡᠴᠡ ᠪᠡᠨ ᠪᠠᠭᠤᠯ ᠦᠭᠡᠢ ᠪᠡᠷ ᠶᠦᠮ ᠠᠭ᠎ᠠ ᠬᠠᠲᠤᠨ ᠢ᠋ᠶ᠋ᠠᠨ ᠳᠠᠭᠤᠳᠠᠭᠤᠯᠵᠠᠢ᠃ ᠶᠦᠮ ᠠᠭ᠎ᠠ ᠭᠦᠶᠦᠨ ᠢᠷᠡᠵᠦ ᠳᠥᠷᠦᠭᠡᠨ ᠡᠴᠡ ᠰᠢᠭᠦᠷᠡᠭᠡᠳ᠂
     — ᠬᠣᠩ ᠲᠠᠢᠵᠢ ᠲᠠ ᠮᠢᠨᠢ᠂ ᠶᠠᠭᠠᠬᠢᠴᠢᠬᠠᠪᠠ ᠠ᠋ ᠁ ᠭᠡᠮᠡᠨ ᠥᠮᠥᠯᠵᠡᠨ ᠥᠭᠦᠯᠡᠪᠡ᠃
     — ᠪᠢ ᠥᠰᠢᠶᠡᠲᠡᠨ ᠳ᠋ᠡᠭᠡᠨ ᠥᠷᠯᠥᠭᠳᠡᠪᠡ ᠭᠡᠮᠡᠨ ᠬᠣᠩ ᠲᠠᠢᠵᠢ ᠬᠦᠩᠭᠢᠨᠡᠪᠡ᠃
     — ᠦᠷᠭᠦᠭᠡᠨ ᠳ᠋ᠡᠭᠡᠨ ᠮᠣᠷᠢᠯᠠᠵᠤ  ᠣᠷᠣᠭᠲᠤᠨ ᠭᠡᠵᠦ ᠶᠦᠮ ᠠᠭ᠎ᠠ ᠬᠡᠯᠡᠯ᠎ᠡ᠃
     ᠲᠡᠭᠦᠨ  ᠦ᠌ ᠴᠠᠭᠠᠨ᠎ᠠ ᠭᠠᠯᠳᠠᠮ᠎ᠠ ᠵᠠᠩᠵᠤᠨ᠂ᠠᠷᠴᠠ ᠪᠠᠭᠠᠲᠤᠷ ᠲᠡᠷᠢᠭᠦᠲᠡᠨ ᠣᠢᠷ᠎ᠠ ᠶ᠋ᠢᠨ ᠬᠥᠮᠦᠰ ᠦᠷᠭᠦᠯᠵᠢᠯᠡᠭᠡᠳ ᠲᠣᠷᠭᠠᠨ ᠴᠡᠷᠢᠭ ᠦ᠋ᠳ ᠪᠠᠢᠯ᠎ᠠ᠃ᠬᠠᠷᠢᠨ ᠲᠡᠳᠡᠨ ᠦ᠌ ᠳᠤᠮᠳᠠ ᠵᠢᠤᠵᠠ  ᠲᠡᠷᠭᠡᠨ ᠡᠴᠡ ᠠᠮᠢᠨᠳᠠᠷ᠎ᠡ ᠬᠠᠲᠤᠨ ᠲᠦᠰᠢᠭᠦᠯᠦᠨ ᠪᠠᠭᠤᠬᠤ ᠠᠵᠢ᠃ᠡᠨᠡ ᠭᠤᠨᠢᠭ ᠲᠠᠢ ᠳᠦᠷᠢ ᠵᠢᠷᠤᠭ ᠶᠦᠮ ᠠᠭ᠎ᠠ ᠬᠠᠲᠤᠨ ᠢ᠋ ᠮᠠᠰᠢᠳᠠ ᠴᠣᠴᠢᠷᠳᠠᠭᠤᠯᠵᠠᠢ᠃ ᠪᠠᠭᠠᠲᠤᠷ ᠬᠣᠩ ᠲᠠᠢᠵᠢ ᠬᠠᠲᠤᠨ ᠲᠠᠢᠰᠢ ᠪᠠᠨ ᠭᠡᠢᠩᠭᠡ ᠲᠣᠭᠲᠠᠭᠤᠨ ᠬᠠᠷᠠᠴᠠ ᠢᠯᠡᠭᠡᠵᠦ᠂
       — ᠪᠢ ᠡᠷᠳᠡᠨᠢᠲᠦ ᠬᠦᠯᠦᠭ ᠦ᠋ᠨ ᠵᠣ ᠳᠡᠭᠡᠷ᠎ᠡ ᠨᠠᠰᠤᠨ ᠡᠯᠡᠭᠡᠪᠡ᠃ ᠮᠢᠨᠦ ᠡᠴᠢᠭᠡ ᠳᠡᠭᠡᠳᠦᠰ ᠨᠠᠳᠠ ᠲᠠᠢ ᠠᠳᠠᠯᠢᠬᠠᠨ ᠲᠡᠢᠨ ᠳᠣᠯᠣᠭᠠᠨ ᠤ᠋ ᠤᠷᠲᠤ ᠵᠠᠮ ᠲᠤᠭᠤᠯᠵᠤ ᠠᠶᠠᠨ ᠤ᠋ ᠳᠥᠷᠦᠭᠡᠨ ᠳ᠋ᠦ᠍ ᠨᠢᠭᠡᠨ ᠪᠡᠶ᠎ᠡ ᠪᠡᠨ ᠡᠯᠡᠭᠡᠭᠰᠡᠨ ᠬᠥᠮᠦᠰ᠂ ᠣᠢᠷᠠᠳ ᠤ᠋ᠨ ᠭᠠᠵᠠᠷ ᠨᠤᠲᠤᠭ ᠤ᠋ᠨ ᠬᠠᠶᠠᠭ᠎ᠠ ᠬᠠᠲᠠᠪᠴᠢ ᠶ᠋ᠢ ᠪᠦᠲᠦᠨ ᠪᠠᠢᠯᠭᠠᠬᠤ ᠶ᠋ᠢᠨ ᠲᠥᠯᠥᠭᠡ ᠮᠡᠰᠡ ᠳᠠᠯᠠᠢᠵᠤ ᠰᠥᠨᠢ ᠶ᠋ᠢᠨ ᠬᠠᠷᠠᠩᠭᠤᠢ ᠳ᠋ᠤ᠌ ᠬᠦᠷᠲᠡᠯ᠎ᠡ ᠲᠤᠯᠤᠯᠳᠤᠵᠤ ᠶᠠᠪᠤᠯ᠎ᠠ᠃ ᠨᠠᠮᠠᠶ᠋ᠢ ᠵᠥᠪ ᠰᠠᠨᠠᠭ᠎ᠠ ᠲᠠᠢ᠂ ᠴᠢᠯᠠᠭᠤᠨ ᠵᠢᠷᠦᠬᠡ ᠲᠡᠢ ᠶᠠᠪᠤᠭᠰᠠᠨ ᠢ᠋ ᠲᠩᠷᠢ ᠮᠡᠳᠡᠨ᠎ᠡ ᠭᠡᠳ ᠬᠣᠷᠣᠮ ᠲᠡᠳᠦᠢ ᠳᠠᠭᠤ ᠪᠠᠨ ᠬᠤᠷᠢᠶᠠᠪᠠ᠃         
 ᠡᠷᠳᠡᠨᠢᠪᠠᠭᠠᠲᠤᠷ ᠬᠣᠩ ᠲᠠᠢᠵᠢ  ᠶ᠋ᠢᠨ ᠳᠠᠭᠤ ᠪᠠᠨ ᠬᠤᠷᠢᠶᠠᠭᠰᠠᠨ ᠴᠥᠭᠡᠨ ᠠᠭᠱᠠᠨ ᠪᠣᠯ ᠵᠠᠭᠤᠨ ᠵᠢᠯ ᠥᠩᠭᠡᠷᠡᠭᠰᠡᠨ ᠮᠡᠲᠦ ᠰᠠᠨᠠᠭᠳᠠᠵᠤ᠂ᠭᠠᠭᠴᠠᠭᠠᠷᠳᠠᠯ ᠤᠨ ᠬᠠᠷᠠᠩᠭᠤᠢ ᠮᠠᠨᠠᠨ ᠳ᠋ᠤ᠌ ᠶᠦᠮ ᠠᠭ᠎ᠠ ᠡᠬᠡ ᠪᠦᠳᠦᠴᠢᠨ ᠣᠢᠷᠠᠲᠤᠯ᠎ᠠ᠃ ᠬᠠᠭᠠᠨ ᠤ᠋ ᠡᠮᠡᠭᠡᠯ ᠦ᠋ᠨ ᠪᠥᠭᠥᠷᠭᠡᠨ ᠡᠴᠡ ᠵᠠᠭᠤᠷᠠᠬᠤ ᠵᠢᠷᠦᠬᠡ ᠳᠤᠲᠠᠨ ᠣᠢᠷᠠᠳᠬᠤ ᠳ᠋ᠤ᠌ ᠲᠡᠭᠦᠨ ᠦ᠌ ᠳᠠᠭᠤ ᠳᠠᠬᠢᠨ ᠬᠦᠩᠭᠢᠨᠡᠨ ᠴᠡᠭᠡᠯ ᠬᠣᠭᠣᠯᠠᠢ ᠪᠠᠷ᠂
       — ᠶᠦᠮ ᠠᠭ᠎ᠠ ᠬᠠᠲᠤᠨ ᠲᠩᠷᠢ ᠵᠠᠶᠠᠭᠠᠲᠠᠢ ᠪᠢᠯᠡ᠃ᠰᠡᠩᠭᠡ ᠬᠥᠪᠡᠭᠦᠨ ᠨᠠᠮᠠᠶ᠋ᠢ ᠵᠠᠯᠭᠠᠮᠵᠢᠯᠠᠬᠤ ᠤᠴᠢᠷᠲᠠᠢ᠃ᠰᠡᠩᠭᠡ ᠶ᠋ᠢᠨ ᠳᠤᠲᠠᠭᠤ ᠶ᠋ᠢ ᠭᠠᠯᠳᠠᠨ ᠨᠥᠬᠥᠵᠦ ᠨᠢᠭᠡ ᠪᠡᠶ᠎ᠡ ᠮᠡᠲᠦ ᠶᠠᠪᠤᠰᠤᠭᠠᠢ ᠭᠡᠵᠦ ᠬᠥᠪᠡᠭᠦᠳ ᠲᠡᠭᠡᠨ ᠵᠠᠬᠢᠭᠠᠷᠠᠢ᠃ᠬᠠᠲᠤᠳ᠂ᠬᠥᠪᠡᠭᠦᠳ ᠳᠣᠲᠣᠷ᠎ᠠ ᠠ᠋ᠴᠠ ᠶᠦᠮ ᠠᠭ᠎ᠠ ᠬᠠᠲᠤᠨ ᠢ᠋ ᠣᠨᠴᠠᠯᠠᠬᠤ ᠶ᠋ᠢᠨ ᠤᠴᠢᠷ ᠡᠨᠡ ᠪᠢᠯᠡ᠃ ᠬᠠᠭᠠᠨ ᠰᠠᠭᠤᠳᠠᠯ ᠤ᠋ᠨ ᠲᠥᠯᠥᠭᠡ ᠬᠡᠨ ᠲᠡᠮᠡᠴᠡᠨ᠎ᠡ ᠲᠡᠷᠡ ᠲᠣᠯᠣᠭᠠᠢ ᠦᠭᠡᠢ ᠪᠣᠯᠤᠨ᠎ᠠ ᠭᠡᠳᠡᠭ ᠢ᠋ ᠰᠡᠩᠭᠡ ᠳ᠋ᠦ᠍ ᠮᠡᠳᠡᠷᠡᠭᠦᠯᠳᠡᠭ ᠶᠦᠮ ᠰᠢᠦ᠃ᠭᠠᠯᠳᠠᠨ ᠬᠥᠪᠡᠭᠦᠨ ᠦ᠌ ᠬᠤᠪᠢ ᠵᠠᠶᠠᠭ᠎ᠠ ᠶ᠋ᠢ ᠪᠤᠷᠬᠠᠨ ᠳᠠᠭᠠᠭᠠᠨ᠎ᠠ ᠪᠢᠵᠡ ᠭᠡᠳ ᠨᠢᠳᠦᠨ ᠦ᠌ ᠬᠢᠨᠢ ᠭᠠᠯ ᠪᠥᠬᠥᠬᠦ ᠳ᠋ᠦ᠍ ᠬᠦᠯᠦᠭ ᠮᠣᠷᠢᠨ ᠦᠦᠷᠰᠡᠨ ᠢᠨᠴᠠᠭᠠᠪᠠ᠃
     ᠣᠢᠷᠠᠳ ᠤ᠋ᠨ ᠶᠡᠬᠡ ᠴᠡᠷᠢᠭ ᠬᠠᠭᠠᠨ ᠡᠵᠡᠨ ᠦ᠌ ᠵᠠᠬᠢᠶᠠᠰᠤ ᠶ᠋ᠢ ᠳᠡᠮᠵᠢᠬᠦ ᠮᠡᠲᠦ ᠬᠤᠷᠤᠢᠯᠠᠪᠠ᠃

ᠳᠣᠯᠣᠭ᠎ᠠ

     ᠭᠠᠯᠳᠠᠨ ᠡᠴᠢᠭᠡ ᠬᠣᠩ ᠲᠠᠢᠵᠢ ᠶ᠋ᠢᠨ ᠳᠣᠲᠣᠨᠣ ᠶ᠋ᠢᠨ ᠬᠥᠮᠦᠨ ᠳᠡᠮᠪᠡᠷᠢᠯ ᠵᠠᠩᠵᠤᠨ ᠤ᠋ ᠴᠢᠨᠳᠠᠷ ᠢ᠋ ᠲᠥᠪᠡᠳ ᠲᠦ᠍ ᠲᠠᠬᠢᠯ ᠤ᠋ᠨ ᠳᠤᠭᠠᠩ ᠳ᠋ᠤ᠌ ᠪᠠᠢᠷᠢᠯᠠᠭᠤᠯᠤᠭᠰᠠᠨ ᠪᠢᠯᠡ᠃ ᠣᠢᠷᠠᠳ ᠵᠠᠩᠵᠤᠨ ᠤ᠋ ᠴᠢᠨᠳᠠᠷ ᠢ᠋ ᠭᠡᠷᠡᠯᠲᠦ ᠪᠦᠷᠭᠦᠳ ᠦ᠋ᠨ ᠬᠦᠵᠦᠭᠦᠨ ᠳ᠋ᠦ᠍ ᠪᠤᠮᠪᠠᠯᠠᠨ ᠵᠡᠭᠦᠯᠭᠡᠵᠦ᠂ ᠵᠡᠭᠦᠨᠭᠠᠷ ᠤ᠋ᠨ ᠨᠤᠲᠤᠭ ᠢ᠋ᠶ᠋ᠠᠷ ᠲᠦᠭᠡᠭᠡᠵᠦ ᠰᠠᠴᠤᠭᠰᠠᠨ ᠭᠡᠳᠡᠭ᠃
ᠽᠠᠮᠪᠤᠭᠠᠷᠪᠤ ᠠᠭᠤᠯᠠ ᠶ᠋ᠢᠨ ᠪᠠᠯ᠎ᠠ᠋ᠴᠠ ᠣᠢᠷᠠᠳ ᠤ᠋ᠨ ᠮᠣᠷᠢᠲᠠᠨ ᠪᠠᠭᠠᠲᠤᠷ ᠤ᠋ᠳ ᠂ ᠴᠡᠷᠢᠭ ᠡᠷᠡᠰ ᠪᠦᠷᠭᠦᠳ ᠦ᠋ᠨ ᠳᠦᠷᠰᠦ ᠪᠦᠬᠦᠢ ᠲᠤᠭ ᠬᠢᠭᠢᠷᠢ ᠪᠡᠨ ᠡᠷᠭᠦᠨ ᠳᠠᠪᠬᠢᠯᠳᠤᠨ᠎ᠠ᠃
ᠴᠢᠨᠳᠠᠷᠯᠠᠬᠤ ᠶᠣᠰᠣᠯᠠᠯ ᠲᠡᠭᠦᠰᠴᠡᠢ᠃
ᠮᠣᠷᠢᠲᠠᠨ ᠪᠠᠭᠠᠲᠤᠷ ᠤ᠋ᠳ ᠤ᠋ᠨ ᠲᠣᠭᠣᠰᠣᠨ ᠳᠤᠮᠳᠠ ᠤᠷᠢᠶᠠᠩᠬᠠᠢ ᠶ᠋ᠢᠨ ᠬᠣᠷᠵᠢᠯᠤ ᠪᠥᠬᠡ᠂
— ᠵᠢᠷᠦᠬᠡ ᠶ᠋ᠢ ᠲᠠᠬᠢᠬᠤ ᠦᠭᠡᠢ᠃ ᠴᠡᠷᠢᠭ ᠦ᠋ᠳ ᠲᠦ᠍ ᠬᠤᠪᠢᠶᠠᠵᠤ ᠠᠮᠰᠠᠭᠤᠯᠤᠨ᠎ᠠ ᠭᠡᠵᠦ ᠬᠡᠯᠡᠪᠡ᠃ ᠠᠷᠴᠠ ᠪᠠᠭᠠᠲᠤᠷ᠂
— ᠲᠠ ᠥᠪᠡᠷ ᠢ᠋ᠶ᠋ᠡᠨ ᠠᠮᠰᠠᠵᠤ ᠦᠵᠡᠬᠦ ᠰᠠᠨᠠᠭ᠎ᠠ ᠲᠠᠢ ᠤᠤ ? ᠭᠡᠵᠦ ᠠᠰᠠᠭᠤᠪᠠ᠃
— ᠮᠢᠨᠦ ᠵᠢᠷᠦᠬᠡ ᠴᠡᠭᠡᠵᠢᠨ ᠳ᠋ᠡᠭᠡᠨ ᠯᠤᠭᠰᠢᠨ᠎ᠠ ᠭᠡᠮᠡᠨ ᠶᠥᠭᠡᠳᠡᠩᠭᠦᠢ ᠥᠭᠦᠯᠡᠪᠡ᠃ ᠠᠷᠴᠠ ᠪᠠᠭᠠᠲᠤᠷ ᠴᠢᠨᠠᠭᠰᠢᠭᠤᠯᠵᠤ᠂
— ᠲᠠᠨ ᠤ᠋ ᠵᠢᠷᠦᠬᠡ ᠬᠣᠶᠠᠷ ᠪᠣᠯ ᠦᠬᠦᠬᠦ ᠦᠭᠡᠢ ᠪᠤᠰᠤ ᠤᠤ? ᠭᠡᠵᠦ ᠰᠢᠪᠡᠨᠡᠪᠡ᠃ ᠬᠤᠷᠵᠢᠯᠤ ᠪᠥᠬᠡ ᠦᠯᠦ ᠲᠣᠭᠣᠨ᠂
— ᠴᠡᠷᠢᠭ ᠦ᠋ᠨ ᠵᠣᠷᠢᠭ ᠢ᠋ ᠴᠢᠩᠭᠠᠯᠠᠵᠤ᠂ ᠵᠢᠷᠦᠬᠡ ᠶ᠋ᠢ ᠨᠢ ᠡᠪᠡᠳᠳᠡᠭ ᠦᠭᠡᠢ ᠪᠣᠯᠭᠠᠵᠤ ᠪᠠᠢᠭ᠎ᠠ ᠶᠤᠮ᠃ ᠬᠡᠷᠪᠡ ᠴᠡᠷᠢᠭ ᠵᠣᠷᠢᠭ ᠦᠭᠡᠢ ᠪᠣᠯ ᠠᠶᠤᠭᠰᠠᠨ ᠳ᠋ᠠᠭᠠᠨ ᠦᠩᠬᠦᠯᠴᠡᠭ ᠵᠢᠷᠦᠬᠡ ᠨᠢ ᠬᠠᠭᠠᠷᠠᠵᠤ ᠦᠬᠦᠳᠡᠭ᠃ ᠵᠣᠷᠢᠭ ᠵᠢᠷᠦᠬᠡ ᠶ᠋ᠢ ᠴᠢᠩᠭᠠᠯᠠᠬᠤ ᠶ᠋ᠢᠨ ᠲᠤᠯᠠᠳᠠ ᠴᠡᠷᠢᠭ ᠦ᠋ᠨ ᠵᠠᠩᠵᠤᠨ ᠤ᠋ ᠵᠢᠷᠦᠬᠡᠨ ᠡᠴᠡ ᠠᠮᠰᠠᠭᠤᠯᠵᠤ ᠪᠠᠢᠭ᠎ᠠ ᠶᠤᠮ᠃ ᠳᠠᠢᠰᠤᠨ ᠤ᠋ ᠵᠢᠷᠦᠬᠡ ᠪᠡᠷ ᠲᠤᠭ ᠲᠠᠬᠢᠬᠤ ᠳ᠋ᠤ᠌ ᠴᠡᠷᠢᠭ ᠦ᠋ᠳ ᠪᠠᠶᠠᠰᠳᠠᠭ ᠪᠤᠰᠤ ᠤᠤ? ᠣᠢᠷᠠᠳ ᠤ᠋ᠨ ᠪᠠᠭᠠᠲᠤᠷ ᠴᠡᠷᠢᠭ ᠦ᠋ᠳ ᠠᠷᠢᠶᠠᠲᠠᠨ ᠤ᠋ ᠵᠢᠷᠦᠬᠡ ᠲᠡᠢ ᠪᠠᠢᠬᠤ ᠬᠡᠷᠡᠭᠲᠡᠢ ᠭᠡᠵᠦ ᠥᠭᠦᠯᠡᠪᠡ᠃
    ᠢᠳᠡᠷ ᠵᠠᠯᠠᠭᠤᠬᠠᠨ ᠠᠷᠴᠠ ᠪᠠᠭᠠᠲᠤᠷ ᠬᠤᠷᠵᠢᠯᠦ ᠪᠥᠬᠡ ᠶ᠋ᠢᠨ ᠱᠠᠭᠠᠨᠲᠤ ᠴᠢᠮᠥᠭᠡ ᠶ᠋ᠢᠨ ᠬᠢ ᠰᠢᠭ ᠲᠣᠯᠣᠭᠠᠢ ᠶ᠋ᠢ ᠵᠢᠪᠡᠭᠦᠴᠡᠨ ᠬᠠᠷᠠᠵᠤ᠂
— ᠲᠠ ᠨᠠᠭᠠᠳᠤ ᠴᠢᠷᠠᠢ ᠵᠢᠰᠦ ᠪᠡᠨ ᠴᠢᠰᠤ ᠪᠠᠷ ᠤᠬᠢᠶᠠᠳᠠᠭ ᠶᠤᠮ ᠪᠢᠰᠢ ᠪᠢᠵᠡ ᠭᠡᠬᠦ ᠳ᠋ᠦ᠍ ᠂ ᠪᠥᠬᠡ ᠶ᠋ᠢᠨ ᠬᠥᠬᠡ ᠦᠳᠡᠭᠡᠷᠢ ᠮᠡᠲᠦ ᠴᠢᠷᠠᠢ ᠦᠯᠦ ᠬᠤᠪᠢᠷᠠᠵᠤ᠂
— ᠴᠡᠷᠢᠭ ᠦ᠋ᠳ ᠶᠠᠭᠠᠬᠢᠬᠤᠪ ᠳᠠ᠂ ᠦᠬᠦᠬᠦ ᠶ᠋ᠢᠨ ᠲᠥᠯᠥᠭᠡ ᠲᠥᠷᠥᠭᠰᠡᠨ ᠶᠦᠮ᠃ ᠨᠢᠭᠡ ᠲᠤᠯᠤᠯᠳᠤᠭᠠᠨ ᠳ᠋ᠤ᠌ ᠲᠡᠳᠡᠨ ᠦ᠌ ᠠᠮᠢ ᠨᠠᠰᠤ ᠶ᠋ᠢ ᠬᠡᠷᠡᠭᠯᠡᠬᠦ ᠶ᠋ᠢᠨ ᠲᠤᠯᠠᠳᠠ ᠲᠣᠮ ᠬᠢᠵᠦ ᠪᠠᠢᠭ᠎ᠠ ᠶᠤᠮ᠃ ᠬᠥᠮᠦᠨ ᠦ᠌ ᠵᠢᠷᠦᠬᠡ ᠭᠠᠯ ᠳ᠋ᠤ᠌ ᠰᠢᠲᠠᠳᠠᠭ ᠦᠭᠡᠢ ᠤᠴᠢᠷ᠎ᠠ᠋ᠴᠠ ᠲᠡᠮᠦᠷ ᠰᠢᠭ᠋ ᠬᠠᠲᠠᠭᠤ ᠪᠠᠢᠳᠠᠭ᠃ ᠠᠷᠢᠭᠤᠨ ᠴᠢᠨᠳᠠᠷ ᠬᠢᠬᠦ ᠳ᠋ᠦ᠍ ᠵᠢᠷᠦᠬᠡ ᠨᠢ ᠬᠡᠪ ᠢ᠋ᠶ᠋ᠡᠷ ᠦᠯᠡᠳᠡᠳᠡᠭ ᠲᠤᠯᠠ ᠲᠣᠷᠭᠠᠨ ᠴᠡᠷᠢᠭ ᠦ᠋ᠳ ᠲᠦ᠍ ᠲᠣᠮ ᠬᠢᠪᠡ᠃ ᠨᠠᠮᠠᠶ᠋ᠢ ᠠᠯᠲᠠᠢ ᠶ᠋ᠢᠨ ᠠᠭᠤᠯᠠ ᠶ᠋ᠢᠨ ᠳᠣᠮᠴᠢ ᠪᠥᠬᠡ ᠪᠣᠯᠭᠠᠭᠰᠠᠨ ᠨᠢ ᠲᠡᠢᠨ ᠳᠣᠯᠣᠭᠠᠨ ᠤ᠋ ᠠᠴᠢ ᠰᠢᠦ ᠳᠡ ᠭᠡᠮᠡᠨ ᠪᠠᠬᠠᠷᠬᠠᠯᠲᠠᠢ ᠬᠥᠬᠥᠷᠡᠨ᠎ᠡ᠃
    ᠮᠣᠷᠢᠲᠤ ᠴᠡᠷᠢᠭ ᠦ᠋ᠳ ᠦ᠋ᠨ ᠲᠣᠭᠣᠰᠣ ᠡᠷᠴᠢᠯᠡᠨ᠎ᠡ᠃ ᠲᠣᠭᠣᠰᠣᠨ ᠤ᠋ ᠲᠦᠷᠦᠭᠦᠨ ᠳ᠋ᠦ᠍ ᠠᠷᠴᠠ ᠪᠠᠭᠠᠲᠤᠷ᠂ ᠬᠤᠷᠵᠢᠯᠤ ᠪᠥᠬᠡ ᠶ᠋ᠢᠨ ᠬᠠᠮᠲᠤ ᠳᠣᠪᠲᠣᠯᠭᠠᠬᠤ ᠪᠥᠯᠥᠭᠡ᠃ ᠬᠤᠷᠵᠢᠯᠦ ᠪᠥᠬᠡ ᠵᠠᠯᠠᠭᠤᠬᠠᠨ ᠪᠠᠭᠠᠲᠤᠷ ᠤ᠋ᠨ ᠴᠢᠷᠠᠢ ᠶ᠋ᠢ ᠪᠤᠯᠤᠩᠳᠠᠵᠤ ᠬᠠᠷᠠᠭᠠᠳ《ᠨᠠᠮᠠᠶ᠋ᠢ ᠦᠯᠦ ᠲᠣᠭᠣᠬᠤ ᠨᠢ ᠠᠷᠭ᠎ᠠ ᠦᠭᠡᠢ᠃ ᠭᠠᠯᠳᠠᠨ ᠬᠤᠪᠢᠯᠭᠠᠨ ᠢ᠋ ᠨᠤᠲᠤᠭ ᠲᠠᠭᠠᠨ ᠢᠷᠡᠬᠦ ᠪᠡᠷ ᠪᠢ ᠦᠨ᠎ᠡ ᠦᠭᠡᠢᠳᠡᠬᠦ ᠪᠢᠵᠡ᠃ ᠴᠢᠰᠤ ᠤᠷᠤᠰᠤᠭᠰᠠᠨ ᠭᠠᠵᠠᠷ ᠲᠤ᠌ ᠰᠢᠷ᠎ᠠ ᠬᠡᠷᠢᠶ᠎ᠡ ᠲᠡᠢ ᠴᠣᠭ ᠣᠴᠢᠭᠠᠳ ᠪᠠᠭᠠᠲᠤᠷ ᠡᠷ᠎ᠡ ᠨᠠᠰᠤ ᠪᠠᠷᠠᠪᠠᠯ ᠴᠢᠨᠳᠠᠷᠯᠠᠭᠠᠳ ᠪᠠᠢᠨ᠎ᠠ ᠳᠠ᠃ ᠡᠨᠡ ᠠᠷᠴᠠ ᠪᠠᠭᠠᠲᠤᠷ ᠨᠢᠭᠡ ᠯᠡ ᠡᠳᠦᠷ ᠮᠢᠨᠦ ᠭᠠᠷ ᠢ᠋ᠶ᠋ᠠᠷ ᠴᠢᠨᠳᠠᠷᠯᠠᠭᠤᠯᠵᠤ᠂ ᠠᠳᠬᠣᠬᠠᠨ ᠵᠢᠷᠦᠬᠡ ᠨᠢ ᠴᠡᠷᠢᠭ ᠦ᠋ᠳ ᠦ᠋ᠨ ᠰᠢᠳᠦᠨ ᠦ᠌ ᠴᠢᠭᠵᠢᠶᠡᠰᠦ ᠪᠣᠯᠵᠤ ᠮᠡᠳᠡᠨ᠎ᠡ᠃ ᠥᠨᠥᠳᠥᠷ ᠠᠮᠠ ᠠᠰᠠᠭᠤᠵᠤ ᠪᠠᠢᠭ》 ᠭᠡᠮᠡᠨ ᠣᠭᠲᠣ ᠬᠡᠷᠡᠭ ᠦᠭᠡᠢ ᠰᠢᠬᠠᠮ ᠵᠦᠢᠯ ᠢ᠋ ᠶᠣᠷᠣᠯᠠᠨ ᠪᠣᠳᠣᠨ᠎ᠠ᠃ ᠠᠷᠴᠠ ᠪᠠᠭᠠᠲᠤᠷ ᠬᠡᠮᠡᠭᠴᠢ ᠨᠢ ᠴᠣᠷᠣᠰ ᠠᠢᠮᠠᠭ ᠤ᠋ᠨ ᠳᠡᠮᠪᠡᠷᠢᠯ ᠵᠠᠩᠵᠤᠨ ᠤ᠋ ᠶᠡᠬᠡ ᠬᠥᠪᠡᠭᠦᠨ ᠪᠢᠯᠡ᠃

ᠨᠠᠢ᠍ᠮᠠ

ᠭᠠᠯᠳᠠᠨ ᠢ᠋ ᠲᠥᠪᠡᠳ ᠲᠦ᠍ ᠱᠠᠪᠢᠯᠠᠨ ᠰᠠᠭᠤᠭᠰᠠᠨ ᠤ᠋ ᠡᠬᠢᠨ ᠦ᠌ ᠵᠢᠷᠭᠤᠭᠠᠨ ᠵᠢᠯ ᠳ᠋ᠦ᠍ ᠪᠣᠯᠤᠭᠰᠠᠨ ᠶᠠᠪᠤᠳᠠᠯ ᠲᠡᠭᠦᠨ ᠳ᠋ᠦ᠍ ᠲᠦᠪᠡᠭ ᠤᠴᠠᠷᠠᠭᠤᠯᠤᠭᠰᠠᠨ ᠪᠢᠯᠡ᠁

ᠬᠠᠰᠠᠭ ᠤ᠋ᠨ ᠶᠠᠩᠭᠢᠷ ᠰᠤᠯᠲᠠᠨ ᠪᠠᠢᠨ ᠪᠠᠢᠨ ᠬᠢᠯᠢ ᠵᠥᠷᠢᠴᠡᠵᠦ᠂ ᠮᠠᠯ ᠳᠡᠭᠡᠷᠡᠮᠳᠡᠨ ᠨᠤᠲᠤᠭ ᠤ᠋ᠨ ᠠᠷᠠᠳ ᠢᠷᠭᠡᠳ ᠢ᠋ ᠠᠶᠤᠯᠭᠠᠵᠤ ᠰᠣᠴᠢᠭᠠᠭᠠᠳ ᠭᠠᠵᠠᠷ ᠪᠤᠯᠢᠶᠠᠯᠳᠤᠭᠰᠠᠨ ᠤ᠋ ᠬᠠᠷᠢᠭᠤ ᠳ᠋ᠤ᠌ ᠪᠠᠭᠠᠲᠤᠷ ᠬᠣᠩ ᠲᠠᠢᠵᠢ ᠡᠯᠴᠢ ᠢᠯᠡᠭᠡᠬᠦ ᠪᠡᠷ ᠪᠣᠯᠵᠠᠢ᠃ ᠬᠣᠩ ᠲᠠᠢᠵᠢ ᠥᠪᠡᠷ ᠦ᠋ᠨ ᠪᠣᠳᠣᠯ ᠢ᠋ ᠴᠢᠭᠤᠯᠭᠠᠨ ᠳ᠋ᠤ᠌ ᠥᠭᠦᠯᠡᠬᠦ ᠳ᠋ᠦ᠍᠂
— ᠶᠠᠩᠭᠢᠷ ᠰᠤᠯᠲᠠᠨ ᠪᠣᠯᠪᠠᠰᠤ ᠤᠯᠤᠰ ᠤ᠋ᠨ ᠡᠵᠡᠨ ᠪᠤᠰᠤ ᠳᠡᠭᠡᠷᠡᠮ ᠦ᠋ᠨ ᠪᠦᠯᠦᠭ ᠦ᠋ᠨ ᠲᠣᠯᠣᠭᠠᠢᠯᠠᠭᠴᠢ᠂ ᠵᠡᠭᠦᠨᠭᠠᠷ ᠤ᠋ᠨ ᠬᠠᠭᠠᠨᠲᠤ ᠤᠯᠤᠰ ᠤ᠋ᠨ ᠨᠤᠲᠤᠭ ᠤᠷᠤᠭᠤ ᠥᠩᠭᠡᠯᠵᠡᠨ ᠨᠤᠲᠤᠭ ᠪᠤᠯᠢᠶᠠᠵᠤ ᠰᠠᠭᠤᠬᠤ ᠨᠢ ᠪᠠᠰᠤᠵᠤ ᠳᠣᠷᠣᠮᠵᠢᠯᠠᠭᠰᠠᠨ ᠬᠡᠷᠡᠭ ᠪᠣᠯᠤᠨ᠎ᠠ᠃ ᠨᠢᠭᠡ ᠤᠳᠠᠭ᠎ᠠ ᠲᠡᠭᠦᠨ ᠳ᠋ᠦ᠍ ᠡᠪ ᠢ᠋ ᠬᠦᠰᠡᠭᠰᠡᠨ ᠪᠢᠴᠢᠭ ᠢᠯᠡᠭᠡᠶ᠎ᠡ᠃ ᠳᠠᠷᠠᠭᠠᠴᠢ ᠶ᠋ᠢᠨ ᠤᠳᠠᠭ᠎ᠠ ᠰᠢᠭᠤᠳ ᠬᠥᠨᠥᠭᠡᠶ᠎ᠡ ᠭᠡᠮᠡᠨ ᠶᠡᠬᠡᠰ ᠳᠡᠭᠡᠳᠦᠰ ᠠᠢᠯᠠᠳᠪᠠ᠃
    ᠬᠣᠩ ᠲᠠᠢᠵᠢ ᠪᠤᠳᠤᠷᠤᠨ᠄《ᠶᠠᠩᠭᠢᠷ ᠪᠣᠯ ᠥᠯᠥᠭᠴᠢᠨ ᠴᠢᠨᠣ᠎ᠠ ᠬᠥᠬᠥᠵᠦ ᠥᠰᠦᠭᠰᠡᠨ ᠭᠡᠳᠡᠭ᠃ ᠡᠢᠮᠦ ᠬᠥᠮᠦᠨ ᠦᠭᠡ ᠣᠢᠯᠠᠭᠠᠬᠤ ᠪᠣᠯᠪᠠ ᠤᠤ? ᠦᠭᠡ ᠣᠢᠯᠠᠭᠠᠳᠠᠭ ᠦᠭᠡᠢ ᠲᠣᠯᠣᠭᠠᠢ ᠳ᠋ᠤ᠌ ᠮᠡᠰᠡ ᠬᠡᠷᠡᠭᠯᠡᠬᠦ ᠠᠪᠠᠰᠤ ᠳᠤᠭᠤᠯᠭᠠᠪᠤᠷᠢ ᠲᠠᠢ ᠪᠣᠯᠤᠨ᠎ᠠ᠃ ᠲᠣᠯᠣᠭᠠᠢ ᠶ᠋ᠢ ᠨᠢ ᠴᠠᠪᠴᠢᠬᠤ᠎ᠠ᠋ᠴᠠ ᠡᠮᠦᠨ᠎ᠡ ᠪᠢᠴᠢᠭ ᠢᠯᠡᠭᠡᠶ᠎ᠡ᠃ ᠪᠢᠴᠢᠭ ᠦ᠋ᠨ ᠬᠠᠷᠢᠭᠤ᠎ᠠ᠋ᠴᠠ ᠶᠠᠯ᠎ᠠ ᠠᠰᠠᠭᠤᠬᠤ ᠡᠰᠡᠬᠦ ᠪᠡᠨ ᠰᠢᠢᠳᠦᠶ᠎ᠡ᠃ ᠬᠠᠷᠠᠬᠤᠯᠠ ᠨᠣᠶᠠᠨ ᠤ᠋ ᠬᠦᠦ ᠲᠡᠢ ᠬᠠᠷᠭᠤᠯᠳᠤᠵᠤ ᠭᠡᠨ᠎ᠡ᠃ ᠳᠡᠭᠡᠷᠡᠮᠴᠢᠳ ᠲᠣᠰᠤᠮ ᠢ᠋ᠶ᠋ᠠᠨ ᠦᠭᠡ ᠬᠡᠯᠡ ᠪᠡᠨ ᠣᠯᠤᠯᠴᠠᠬᠤ ᠳ᠋ᠤ᠌ ᠪᠡᠷᠬᠡ ᠲᠡᠢ ᠶᠦᠮ》᠃ ᠲᠤᠯᠤᠯᠳᠤᠭᠠᠨ ᠡᠬᠢᠯᠡᠬᠦ ᠡᠴᠡ ᠬᠡᠳᠦ ᠬᠣᠨᠣᠭ ᠤ᠋ᠨ ᠡᠮᠦᠨ᠎ᠡ ᠬᠣᠩ ᠲᠠᠢᠵᠢ ᠢᠢᠨ ᠬᠦ᠌ ᠪᠣᠳᠣᠯᠬᠢᠯᠠᠨ ᠪᠠᠢᠭᠰᠠᠨ ᠢ᠋ᠶ᠋ᠠᠨ ᠳᠡᠮᠪᠡᠷᠢᠯ ᠵᠠᠩᠵᠤᠨ ᠢ᠋ ᠳᠠᠭᠤᠳᠠᠵᠤ᠄
    — ᠴᠡᠷᠢᠭ ᠦ᠋ᠳ ᠦ᠋ᠨ ᠨᠢᠭᠤᠷ ᠢ᠋ ᠬᠠᠷ᠎ᠠ ᠰᠢᠪᠠᠷ ᠢ᠋ᠶ᠋ᠠᠷ ᠲᠠᠯᠠᠯᠠᠵᠤ ᠪᠣᠳᠣ᠂ ᠲᠤᠯᠤᠯᠳᠤᠭᠠᠨ ᠳ᠋ᠤ᠌ ᠣᠷᠣᠬᠤ ᠳ᠋ᠤ᠌ ᠬᠥᠮᠦᠨ ᠪᠤᠰᠤ ᠬᠡᠯᠪᠡᠷᠢ ᠳᠦᠷᠰᠦ ᠲᠡᠢ ᠪᠠᠢᠭ᠃ ᠶᠠᠩᠭᠢᠷ ᠢ᠋ ᠢᠷᠡᠭᠦᠯ᠂ ᠲᠤᠯᠤᠯᠳᠤᠭᠠᠨ ᠳ᠋ᠤ᠌ ᠳᠠᠭᠤᠳᠠᠨ᠎ᠠ᠃ ᠢᠷᠡᠭᠦᠯ ᠲᠤᠯᠤᠯᠳᠤᠭᠠᠨ ᠢ᠋ ᠰᠥᠨᠢ ᠬᠢᠨ᠎ᠡ᠃ ᠬᠠᠷᠠᠩᠭᠤᠢ ᠶ᠋ᠢ ᠭᠡᠷᠡᠯᠲᠦᠭᠦᠯᠬᠦ ᠶ᠋ᠢᠨ ᠲᠤᠯᠠᠳᠠ ᠪᠦᠷᠭᠦᠳ ᠦ᠋ᠨ ᠬᠦᠵᠦᠭᠦᠨ ᠳ᠋ᠦ᠍ ᠣᠯᠣᠰᠣ ᠠᠰᠠᠭᠠᠵᠤ ᠭᠠᠯᠲᠤ ᠪᠠᠮᠪᠠᠷ ᠮᠡᠲᠦ ᠪᠣᠯᠭ᠎ᠠ᠃ ᠰᠥᠨᠢ ᠭᠡᠷᠡᠯᠲᠦᠳᠡᠭ ᠶᠣᠰᠣ ᠪᠠᠷ ᠬᠣᠶᠠᠷ ᠪᠦᠷᠭᠦᠳ ᠢ᠋ ᠪᠣᠳᠣ᠂ ᠣᠢᠷᠠᠳ ᠴᠡᠷᠢᠭ ᠦ᠋ᠨ ᠳᠣᠲᠣᠷ᠎ᠠ ᠠᠶᠤᠮᠰᠢᠬᠤ ᠶᠠᠪᠤᠳᠠᠯ ᠭᠠᠷᠭᠠᠬᠤ ᠦᠭᠡᠢ ᠶ᠋ᠢᠨ ᠲᠤᠯᠠᠳᠠ ᠤᠴᠢᠷ ᠪᠠᠢᠳᠠᠯ ᠢ᠋ ᠲᠠᠢᠯᠪᠤᠷᠢᠯᠠᠬᠤ ᠶ᠋ᠢ ᠠᠷᠪᠠᠲᠤ᠂ ᠵᠠᠭᠤᠲᠤ᠂ ᠮᠢᠩᠭᠠᠲᠤ ᠶ᠋ᠢᠨ ᠨᠣᠶᠠᠳ ᠲᠤ᠌ ᠬᠡᠯᠡᠭᠡᠷᠡᠢ᠃ ᠪᠢ ᠡᠨᠡ ᠤᠳᠠᠭ᠎ᠠ ᠵᠢᠷᠦᠬᠡ ᠶ᠋ᠢ ᠨᠢ ᠦᠬᠦᠭᠦᠯᠳᠡᠭ ᠠᠷᠭ᠎ᠠ ᠬᠡᠷᠡᠭᠯᠡᠨ᠎ᠡ᠃ ᠠᠮᠢᠳᠤ ᠮᠥᠷᠲᠡᠭᠡᠨ ᠵᠢᠷᠦᠬᠡ ᠨᠢ ᠦᠬᠦᠭᠰᠡᠨ ᠴᠡᠷᠢᠭ ᠬᠥᠯᠳᠡᠭᠦᠰᠦ ᠰᠢᠭ ᠬᠥᠰᠢᠨ᠎ᠡ ᠰᠢᠦ ᠳᠡ ᠭᠡᠮᠡᠨ ᠥᠭᠦᠯᠡᠪᠡ᠃
    ᠳᠣᠯᠣᠭᠠᠨ ᠤ᠋ ᠲᠡᠭᠦᠰᠬᠡᠯ ᠶᠦᠮ ᠤᠤ᠂ ᠡᠬᠢᠯᠡᠯ ᠶᠦᠮ ᠤᠤ ᠦᠯᠦ ᠮᠡᠳᠡᠭᠳᠡᠨ᠎ᠡ᠃ ᠦᠬᠦᠳᠡᠯ ᠬᠡᠭᠦᠷ᠂ ᠪᠤᠲᠠᠷᠠᠵᠤ ᠰᠠᠯᠵᠤ ᠤᠨᠠᠭᠰᠠᠨ ᠣᠨᠢ᠂ ᠲᠣᠭᠣᠨᠣ᠂ ᠴᠢᠰᠤ ᠲᠠᠢ ᠬᠤᠪᠴᠠᠰᠤ᠂ ᠥᠷᠥᠭᠡᠰᠦᠨ ᠭᠠᠷ ᠬᠥᠯ ᠦᠷᠭᠦᠯᠵᠢᠯᠡᠨ᠎ᠡ᠃
    ᠬᠠᠰᠬᠢᠷᠤᠯᠳᠤᠬᠤ᠂ ᠴᠠᠪᠴᠢᠯᠳᠤᠬᠤ ᠴᠢᠮᠡᠭᠡᠨ ᠳᠤᠮᠳᠠ ᠡᠷᠡᠮᠡᠬᠡᠢ ᠪᠠᠭᠠᠲᠤᠷ ᠭᠠᠷᠴᠤ ᠢᠷᠡᠨ᠎ᠡ᠃ ᠡᠨᠡ ᠬᠥᠮᠦᠨ ᠪᠣᠯ ᠵᠡᠭᠦᠨᠭᠠᠷ ᠤ᠋ᠨ ᠬᠠᠭᠠᠨ ᠡᠷᠳᠡᠨᠢᠪᠠᠭᠠᠲᠤᠷ ᠬᠣᠩ ᠲᠠᠢᠵᠢ ᠠᠵᠢ᠃ ᠲᠡᠷᠡ ᠪᠡᠷ ᠨᠠᠷᠢᠨ ᠰᠤᠷ ᠢ᠋ᠶ᠋ᠠᠷ ᠬᠣᠶᠠᠷ ᠭᠠᠷ ᠤ᠋ᠨ ᠢ᠋ᠶ᠋ᠠᠨ ᠱᠤ᠌ ᠶ᠋ᠢ ᠣᠷᠢᠶᠠᠵᠤ᠂ ᠮᠠᠬᠢᠷ ᠰᠡᠯᠡᠮ᠎ᠡ ᠠᠳᠬᠤᠵᠤ᠂ ᠣᠷᠣᠢ ᠳ᠋ᠠᠭᠠᠨ ᠰᠤᠮᠤ ᠶ᠋ᠢᠨ ᠵᠡᠪᠡ ᠪᠦᠬᠦᠢ ᠲᠡᠮᠦᠷ ᠳᠤᠭᠤᠯᠠᠭ᠎ᠠ ᠡᠮᠦᠰᠴᠡᠢ᠃ ᠪᠠᠭᠠᠲᠤᠷ ᠬᠣᠩ ᠲᠠᠢᠵᠢ ᠶ᠋ᠢᠨ ᠨᠢᠭᠤᠷ ᠬᠥᠯᠥᠰᠥᠨ ᠳ᠋ᠡᠭᠡᠨ ᠵᠠᠭᠠᠯᠳᠤᠵᠤ ᠬᠠᠴᠠᠷ ᠳᠡᠭᠡᠭᠦᠷ ᠨᠢ ᠬᠠᠷ᠎ᠠ ᠬᠥᠯᠥᠰᠥ ᠤᠷᠤᠰᠤᠭᠠᠳ ᠭᠦᠨ ᠰᠣᠷᠪᠢ ᠰᠢᠭ᠋ ᠬᠠᠷᠠᠭᠳᠠᠨ᠎ᠠ᠃
    ᠮᠣᠷᠢᠳ ᠤ᠋ᠨ ᠲᠤᠭᠤᠷᠠᠢ ᠪᠠᠷ ᠭᠠᠵᠠᠷ ᠪᠥᠮᠪᠥᠷᠢᠳᠦᠨ ᠤᠬᠤᠰᠬᠢᠬᠤ ᠳ᠋ᠤ᠌ ᠰᠡᠯᠡᠮ᠎ᠡ ᠵᠢᠳᠠ ᠶ᠋ᠢᠨ ᠣᠯᠠᠨ ᠦᠵᠦᠭᠦᠷ ᠢᠷᠡᠰᠬᠢᠨ ᠲᠩᠷᠢ ᠴᠢᠴᠢᠵᠦ᠂ ᠬᠥᠬᠡ ᠥᠩᠭᠡ ᠶ᠋ᠢᠨ ᠲᠤᠭ ᠬᠢᠭᠢᠷᠢ ᠵᠣᠷᠢᠭᠲᠤ ᠡᠷᠡᠰ ᠢ᠋ ᠳᠠᠭᠤᠳᠠᠬᠤ ᠮᠡᠲᠦ ᠨᠠᠮᠢᠯᠵᠠᠨ ᠮᠣᠷᠢᠲᠤ ᠴᠡᠷᠢᠭ ᠦ᠋ᠳ ᠦᠶᠡᠷᠯᠡᠪᠡ᠃

ᠡᠮᠦᠨᠡᠬᠡᠨ ᠪᠠᠭᠠᠲᠤᠷ ᠬᠣᠩ ᠲᠠᠢᠵᠢ ᠶᠠᠩᠭᠢᠷ ᠰᠤᠯᠲᠠᠨ ᠳ᠋ᠤ᠌ ᠡᠯᠴᠢ ᠵᠠᠷᠤᠵᠤ ᠴᠠᠭᠠᠨ ᠬᠤᠷᠠᠭ᠎ᠠ ᠶ᠋ᠢᠨ ᠡᠯᠳᠡᠭᠦᠷ ᠨᠢ ᠬᠠᠨᠤᠭᠰᠠᠨ ᠲᠣᠷᠭ᠎ᠠ ᠰᠢᠭ᠋ ᠠᠷᠠᠰᠤᠨ ᠳᠡᠭᠡᠷ᠎ᠡ ᠳᠤᠲᠠᠭᠤ ᠰᠢᠲᠠᠭᠠᠭᠰᠠᠨ ᠬᠠᠷᠭᠠᠨ᠎ᠠ ᠶ᠋ᠢᠨ ᠬᠠᠷ᠎ᠠ ᠬᠦ ᠪᠡᠷ《ᠡᠪ ᠢ᠋ ᠪᠢᠴᠢᠶ᠎ᠡ᠃ ᠨᠤᠲᠤᠭ ᠨᠤᠲᠤᠭ ᠲᠠᠭᠠᠨ ᠡᠵᠡᠨ ᠰᠠᠭᠤᠶ᠎ᠠ᠃ ᠥᠲᠡᠭᠦᠰ ᠡᠮᠡᠰ ᠦ᠋ᠨ ᠨᠢᠯᠪᠤᠰᠤ ᠤᠷᠤᠰᠬᠠᠵᠤ᠂ ᠥᠨᠥᠴᠢᠨ ᠬᠡᠦᠬᠡᠳ ᠦ᠋ᠨ ᠲᠣᠭ᠎ᠠ ᠶ᠋ᠢ ᠨᠡᠮᠡᠬᠦ ᠪᠡᠨ ᠪᠣᠯᠢᠶ᠎ᠠ》 ᠭᠡᠵᠦ ᠪᠢᠴᠢᠭᠡᠳ ᠢᠯᠡᠭᠡᠵᠡᠢ᠃ ᠡᠨᠡ ᠶᠠᠪᠤᠳᠠᠯ ᠬᠡᠭᠡᠷ᠎ᠡ ᠶ᠋ᠢᠨ ᠠᠰᠠᠷ ᠤ᠋ᠨ ᠡᠭᠦᠳᠡᠨ ᠳ᠋ᠦ᠍ ᠪᠣᠯᠤᠭᠰᠠᠨ ᠪᠢᠯᠡ᠃
— ᠡᠭᠦᠨ ᠢ᠋ ᠬᠡᠨ ᠶᠠᠩᠭᠢᠷ ᠰᠤᠯᠲᠠᠨ ᠳ᠋ᠤ᠌ ᠠᠪᠠᠴᠢᠨ᠎ᠠ ᠭᠡᠬᠦ ᠳ᠋ᠦ᠍ ᠵᠠᠩᠵᠤᠨ ᠳᠡᠮᠪᠡᠷᠢᠯ᠂
— ᠪᠢ ᠪᠣᠯᠬᠤ ᠤᠤ? ᠭᠡᠮᠡᠨ ᠲᠦᠷᠦᠭᠦᠨ ᠳᠡᠭᠡᠷ᠎ᠡ ᠪᠡᠨ ᠪᠣᠰᠤᠯ᠎ᠠ᠃ ᠪᠠᠭᠠᠲᠤᠷ ᠬᠣᠩ ᠲᠠᠢᠵᠢ᠂
— ᠶᠠᠩᠭᠢᠷ ᠵᠢᠪᠡᠭᠦᠨ ᠠᠷᠠᠨᠰᠢᠨ ᠲᠠᠢ᠃ ᠠᠮᠢ ᠡᠷᠡᠰᠳᠡᠪᠡᠯ ᠶᠠᠭᠠᠬᠢᠨ᠎ᠠ? ᠭᠡᠮᠡᠨ ᠲᠡᠭᠦᠨ ᠢ᠋ ᠥᠷᠥᠪᠳᠦᠨ ᠲᠤᠷᠰᠢᠪᠠ᠃ ᠳᠡᠮᠪᠡᠷᠢᠯ᠂
— ᠲᠡᠢᠨ ᠳ᠋ᠦ᠍ ᠦᠷᠡᠭᠳᠡᠬᠦ ᠶ᠋ᠢᠨ ᠲᠤᠯᠠᠳᠠ ᠨᠠᠳᠠ ᠠᠮᠢ ᠪᠠᠢᠭ᠎ᠠ ᠪᠤᠰᠤ ᠤᠤ? ᠭᠡᠵᠦ ᠡᠷᠡᠰᠬᠡᠨ ᠥᠭᠦᠯᠡᠪᠡ᠃

ᠲᠤᠯᠤᠯᠳᠤᠭᠠᠨ ᠤ᠋ ᠵᠠᠪᠰᠠᠷᠯᠠᠭ᠎ᠠ ᠪᠠᠷ ᠪᠠᠭᠠᠲᠤᠷ ᠬᠣᠩ ᠲᠠᠢᠵᠢ ᠥᠨᠳᠥᠷ ᠳᠠᠭᠤ ᠪᠠᠷ᠂
— ᠠᠭᠤᠯᠠ ᠶ᠋ᠢᠨ ᠰᠠᠷᠬᠢᠶᠠᠭ ᠬᠡᠭᠦᠷ ᠢ᠋ᠶ᠋ᠡᠷ ᠳᠦᠭᠦᠷᠪᠡ᠃ ᠤᠭ ᠨᠢ ᠲᠥᠪᠡᠳ ᠤᠷᠤᠭᠤ ᠨᠡᠭᠦᠭᠰᠡᠨ ᠬᠣᠱᠤᠳ ᠣᠪᠣᠭᠲᠠᠨ᠂ ᠢᠵᠢᠯ ᠮᠥᠷᠡᠨ ᠲᠠᠢᠰᠢ ᠣᠳᠤᠭᠰᠠᠨ ᠲᠣᠷᠭᠤᠳ᠂ ᠳᠥᠷᠪᠡᠳ ᠤᠭᠰᠠᠭᠠᠲᠠᠨ ᠢ᠋ᠶ᠋ᠠᠨ ᠡᠷᠭᠢᠭᠦᠯᠦᠨ ᠬᠤᠮᠢᠵᠤ ᠵᠡᠭᠦᠨᠭᠠᠷ ᠤ᠋ᠨ ᠬᠠᠭᠠᠨᠲᠤ ᠤᠯᠤᠰ ᠤ᠋ᠨ ᠭᠣᠯᠣᠮᠲᠠ ᠶ᠋ᠢ ᠠᠰᠠᠭᠠᠭᠰᠠᠨ ᠶᠤᠮᠰᠠᠨ᠃ ᠭᠡᠲᠡᠯ᠎ᠡ ᠬᠠᠰᠠᠭ ᠤ᠋ᠨ ᠶᠠᠩᠭᠢᠷ ᠰᠤᠯᠲᠠᠨ ᠮᠢᠨᠦ ᠡᠯᠴᠢ ᠶ᠋ᠢ ᠠᠯᠠᠵᠤ ᠨᠤᠲᠤᠭ ᠤ᠋ᠨ ᠳᠡᠭᠡᠰᠦ ᠰᠡᠲᠡᠯᠵᠦ ᠶᠣᠰᠣ ᠦᠭᠡᠢ ᠵᠠᠩᠨᠠᠪᠠ᠃ ᠨᠠᠳᠠ᠎ᠠ᠋ᠴᠠ ᠡᠬᠢᠯᠡᠭᠡᠳ ᠮᠣᠩᠭᠣᠯ ᠤ᠋ᠨ ᠨᠡᠭᠦᠳᠡᠯᠴᠢᠳ ᠢ᠋ ᠨᠢᠭᠡᠨ ᠲᠤᠭ ᠤ᠋ᠨ ᠳᠣᠣᠷ᠎ᠠ ᠰᠢᠬᠠᠮᠳᠠᠨ ᠪᠥᠭᠡᠮᠨᠡᠷᠡᠭᠦᠯᠬᠦ ᠶᠣᠰᠣᠲᠠᠢ ᠭᠡᠵᠦ ᠬᠡᠭᠡᠷ᠎ᠡ ᠶ᠋ᠢᠨ ᠠᠰᠠᠷ ᠤ᠋ᠨ ᠡᠷᠭᠢᠨ ᠲᠣᠭᠣᠷᠢᠨ ᠳ᠋ᠤ᠌ ᠪᠣᠢ ᠵᠠᠩᠵᠤᠨ ᠪᠠᠭᠠᠲᠤᠷ ᠤ᠋ᠳ ᠰᠢᠳᠠᠷ ᠨᠣᠶᠠᠳ᠂ ᠲᠣᠷᠭᠠᠨ ᠴᠡᠷᠢᠭ ᠦ᠋ᠳ ᠲᠦ᠍ ᠥᠭᠦᠯᠡᠪᠡ᠃ ᠳᠡᠮᠪᠡᠷᠢᠯ ᠠᠰᠠᠭᠤᠷᠤᠨ᠂
— ᠬᠣᠩ ᠲᠠᠢᠵᠢ ᠲᠠ ᠬᠠᠲᠠᠭᠤ ᠦᠭᠡ ᠶᠠᠭᠤᠨ ᠳ᠋ᠤ᠌ ᠤᠷᠤᠰᠬᠠᠪᠠ᠃ ᠨᠠᠮᠠᠶ᠋ᠢ ᠦᠳᠲᠡᠷ ᠲᠦᠷᠭᠡᠨ ᠣᠳᠬᠤ ᠶ᠋ᠢ ᠪᠣᠯᠭᠣᠭᠠᠨ᠎ᠠ ᠤᠤ? ᠭᠡᠯ᠎ᠡ᠃ ᠬᠣᠩ ᠲᠠᠢᠵᠢ᠂
— ᠪᠠᠭ ᠴᠡᠷᠢᠭ ᠳᠠᠭᠠᠭᠤᠯᠵᠤ ᠣᠳ᠃
ᠪᠤᠰᠤᠳ ᠨᠢ ᠥᠨᠳᠥᠷᠯᠢᠭ ᠲᠦ᠍ ᠬᠠᠷᠠᠭᠤᠯᠳᠠᠵᠤ ᠬᠣᠴᠣᠷᠤᠭᠠᠳ ᠳᠡᠮᠪᠡᠷᠢᠯ ᠭᠠᠭᠴᠠᠭᠠᠷ ᠰᠤᠯᠲᠠᠨ ᠳ᠋ᠤ᠌ ᠣᠴᠢ! ᠭᠡᠪᠡ᠃ ᠣᠷᠣᠢᠬᠠᠨ ᠪᠠᠭ᠎ᠠ ᠴᠡᠷᠢᠭ ᠪᠤᠴᠠᠵᠤ ᠢᠷᠡᠪᠡ᠃ ᠡᠯᠳᠡᠭᠦᠷ ᠨᠢ ᠬᠠᠨᠤᠭᠰᠠᠨ ᠴᠠᠭᠠᠨ ᠬᠤᠷᠠᠭᠠᠨ ᠤ᠋ ᠠᠷᠠᠰᠤᠨ ᠳ᠋ᠤ᠌ ᠳᠡᠮᠪᠡᠷᠢᠯ ᠵᠠᠩᠵᠤᠨ ᠤ᠋ ᠴᠠᠪᠴᠢᠭᠤᠯᠤᠭᠰᠠᠨ ᠲᠣᠯᠣᠭᠠᠢ ᠶ᠋ᠢ ᠪᠣᠭᠣᠵᠠᠢ᠃ ᠨᠢᠭᠡᠨ ᠴᠡᠷᠢᠭ᠂
— ᠪᠠᠭᠠᠲᠤᠷ ᠬᠣᠩ ᠲᠠᠢᠵᠢ ᠮᠢᠨᠢ ᠥᠷᠥᠰᠢᠶᠡ! ᠲᠠᠨ ᠤ᠋ ᠡᠯᠴᠢ ᠶ᠋ᠢ ᠬᠣᠷᠣᠭᠠᠪᠠ᠃ ᠲᠠᠨ ᠢ᠋ ᠪᠠᠰᠤᠮᠵᠢᠯᠠᠨ ᠵᠠᠩᠵᠤᠨ ᠤ᠋ ᠲᠣᠯᠣᠭᠠᠢ ᠪᠠᠷ ᠬᠠᠷᠢᠭᠤ ᠪᠠᠷᠢᠯ᠎ᠠ ᠭᠡᠪᠡ᠃ ᠪᠠᠭᠠᠲᠤᠷ ᠬᠣᠩ ᠲᠠᠢᠵᠢ ᠵᠥᠷᠢᠭᠦᠦ ᠬᠠᠷᠠᠵᠤ᠂
— ᠶᠠᠩᠭᠢᠷ ᠰᠤᠯᠲᠠᠨ ᠢ᠋ ᠢᠷᠡᠭᠦᠯ᠂ ᠬᠠᠯᠵᠠ ᠲᠤᠯᠤᠯᠳᠤᠭᠠᠨ ᠳ᠋ᠤ᠌ ᠳᠠᠭᠤᠳᠠ᠃ ᠭᠠᠯᠳᠠᠮ᠎ᠠ ᠪᠠᠭᠠᠲᠤᠷ ᠢ᠋ ᠪᠡᠯᠡᠳᠭᠡ᠃ ᠳᠡᠮᠪᠡᠷᠢᠯ ᠵᠠᠩᠵᠤᠨ ᠤ᠋ ᠲᠣᠯᠣᠭᠠᠢ ᠶ᠋ᠢ ᠪᠦᠷᠭᠦᠳ ᠦ᠋ᠨ ᠬᠠᠯᠢᠯ ᠳ᠋ᠤ᠌ ᠠᠪᠠᠴᠢᠵᠤ ᠳᠡᠯᠪᠢ ᠭᠡᠪᠡ᠃

ᠵᠠᠩ ᠥᠨᠳᠥᠷ ᠬᠠᠳᠠᠨ ᠬᠠᠯᠢᠯ ᠤ᠋ᠨ ᠣᠷᠣᠢ ᠳ᠋ᠤ᠌ ᠰᠡᠬᠦᠢᠬᠦ ᠡᠯᠢᠭᠡᠨ ᠬᠠᠳᠠᠨ᠎ᠠ ᠳᠡᠮᠪᠡᠷᠢᠯ ᠦ᠋ᠨ ᠰᠠᠩᠭᠠᠰ ᠴᠠᠢᠷᠠᠵᠤ ᠪᠠᠢᠯ᠎ᠠ᠃ ᠪᠠᠭᠠᠲᠤᠷ ᠬᠣᠩ ᠲᠠᠢᠵᠢ ᠶ᠋ᠢᠨ ᠬᠠᠷᠠᠴᠠ ᠲᠠᠢᠰᠢ ᠪᠠᠨ ᠲᠤᠰᠪᠠ᠃

ᠲᠡᠭᠦᠨ ᠦ᠌ ᠨᠢᠳᠦ ᠴᠢᠭᠢᠭ ᠳᠠᠭᠠᠭᠠᠵᠤ ᠳᠣᠭᠣᠯᠠᠩ ᠨᠢᠯᠪᠤᠰᠤ ᠬᠤᠷᠠᠵᠠᠢ᠃ ᠭᠡᠪᠡᠴᠦ ᠪᠠᠭᠠᠲᠤᠷ ᠬᠣᠩ ᠲᠠᠢᠵᠢ ᠲᠥᠷᠥᠯᠬᠢ ᠶ᠋ᠢᠨ ᠬᠠᠲᠠᠭᠤ ᠴᠢᠩᠭ᠎ᠠ ᠵᠠᠩ ᠲᠠᠢ ᠲᠤᠯᠠ ᠬᠥᠮᠥᠭᠡᠢ ᠵᠠᠭᠤᠵᠤ᠂ ᠨᠢᠯᠪᠤᠰᠤ ᠪᠠᠨ ᠵᠠᠯᠭᠢᠵᠤ ᠵᠣᠭᠰᠣᠨ᠎ᠠ᠃《ᠳᠡᠮᠪᠡᠷᠢᠯ ᠮᠢᠨᠢ ᠳᠠᠩᠴᠤ ᠶᠠᠭᠠᠬᠢᠪᠠ ᠳᠠ᠃ ᠴᠢᠨᠦᠬᠢ ᠪᠡᠨ ᠠᠮᠢ ᠶ᠋ᠢ ᠪᠢ ᠵᠣᠯᠢᠪᠠ᠃ ᠶᠠᠩᠭᠢᠷ ᠢ᠋ ᠮᠡᠳᠡᠭᠰᠡᠭᠡᠷ ᠪᠠᠢᠵᠤ ᠶᠠᠭᠤᠨ ᠳ᠋ᠤ᠌ ᠡᠯᠴᠢ ᠵᠠᠷᠤᠪᠠ᠃ ᠭᠡᠨᠡᠨ ᠵᠠᠩ ᠠ᠋ᠴᠠ ᠪᠠᠨ ᠬᠡᠵᠢᠶ᠎ᠡ ᠰᠠᠯᠤᠨ᠎ᠠ ᠪᠣᠢ? ᠪᠢ᠃ ᠠᠩᠭᠠᠵᠤ ᠴᠠᠩᠭᠠᠨ ᠥᠯᠥᠰᠴᠦ ᠳᠠᠩᠴᠤ ᠮᠣᠷᠢᠨ ᠳᠡᠯ ᠳᠡᠭᠡᠷ᠎ᠡ ᠥᠩᠭᠡᠷᠡᠭᠰᠡᠨ ᠡᠳᠦᠷ ᠬᠣᠨᠣᠭ ᠤ᠋ᠨ ᠲᠣᠭ᠎ᠠ ᠬᠡᠳᠦ ᠪᠣᠢ? ᠲᠡᠷᠡ ᠣᠯᠠᠨ ᠡᠳᠦᠷ ᠰᠥᠨᠢ ᠳᠡᠮᠪᠡᠷᠢᠯ ᠮᠢᠨᠢ ᠨᠠᠳᠠ ᠨᠢᠳᠦ ᠴᠢᠬᠢ ᠪᠣᠯᠵᠤ ᠪᠠᠢᠭᠰᠠᠨ ᠢ᠋ ᠪᠢ ᠮᠠᠷᠲᠠᠨ᠎ᠠ ᠭᠡᠵᠦ ᠤᠤ? ᠬᠠᠳᠠ ᠰᠠᠭᠤᠭᠰᠠᠨ ᠡᠷ᠎ᠡ ᠬᠥᠮᠦᠨ ᠪᠠᠢᠭᠰᠠᠨ ᠶᠤᠮ ᠳᠠ᠃ ᠰᠠᠢᠨ ᠵᠠᠩᠵᠤᠨ᠂ ᠰᠠᠢᠬᠠᠨ ᠨᠥᠬᠥᠷ ᠢ᠋ᠶ᠋ᠡᠨ ᠠᠯᠳᠠᠯ᠎ᠠ᠃ ᠦᠷᠦ ᠵᠢᠷᠦᠬᠡ ᠥᠮᠥᠷᠡᠵᠦ ᠪᠠᠢᠨ᠎ᠠ᠃ ᠥᠰᠢᠶ᠎ᠡ ᠵᠠᠩᠭᠢᠳᠵᠤ ᠬᠠᠷᠢᠭᠤ ᠨᠡᠬᠡᠬᠦ ᠦᠯᠡᠲᠡᠯ᠎ᠡ》 ᠭᠡᠮᠡᠨ ᠵᠡᠭᠦᠨᠭᠠᠷ ᠤ᠋ᠨ ᠬᠠᠭᠠᠨ ᠤ᠋ ᠵᠢᠷᠦᠬᠡ ᠰᠡᠮᠡᠷᠡᠨ᠎ᠡ᠃

ᠲᠡᠷᠡ ᠡᠳᠦᠷ ᠪᠠᠭᠠᠲᠤᠷ ᠬᠣᠩ ᠲᠠᠢᠵᠢ ᠳᠡᠮᠪᠡᠷᠢᠯ ᠵᠠᠩᠵᠤᠨ ᠤ᠋ ᠬᠥᠪᠡᠭᠦᠨ ᠠᠷᠴᠠ ᠪᠠᠭᠠᠲᠤᠷ ᠢ᠋ ᠢᠷᠡᠭᠦᠯᠵᠦ᠂
— ᠬᠦᠦ ᠮᠢᠨᠢ ᠡᠴᠢᠭᠡ ᠶ᠋ᠢᠨ ᠣᠷᠣ ᠶ᠋ᠢ ᠵᠠᠯᠭ᠎ᠠ ᠭᠡᠵᠡᠢ᠃

ᠢᠷᠡᠭᠦᠯ ᠲᠤᠯᠤᠯᠳᠤᠭᠠᠨ ᠤ᠋ ᠳᠠᠷᠠᠭ᠎ᠠ ᠶ᠋ᠢᠨ ᠡᠳᠦᠷ ᠠᠷᠴᠠ ᠪᠠᠭᠠᠲᠤᠷ ᠡᠴᠢᠭᠡ ᠶ᠋ᠢᠨ ᠪᠡᠶ᠎ᠡ ᠶ᠋ᠢ ᠣᠯᠵᠤ ᠬᠣᠷᠵᠢᠯᠣ ᠪᠥᠬᠡ ᠬᠢᠭᠡᠳ ᠲᠣᠷᠭᠠᠨ ᠴᠡᠷᠢᠭ ᠦ᠋ᠳ ᠦ᠋ᠨ ᠬᠠᠮᠲᠤ ᠠᠷᠢᠭᠤᠰᠬᠠᠨ ᠴᠢᠨᠳᠠᠷᠯᠠᠵᠤ ᠳᠠᠭᠤᠰᠬᠠᠵᠠᠢ᠃

ᠶᠢᠰᠦ

     ᠰᠡᠩᠭᠡ ᠠᠬ᠎ᠠ ᠶ᠋ᠢ ᠬᠠᠭᠠᠨ ᠡᠷᠭᠦᠮᠵᠢᠯᠡᠬᠦ ᠦᠶ᠎ᠡ ᠪᠡᠷ ᠠᠬ᠎ᠠ ᠳᠡᠭᠦᠦ ᠨᠠᠷ ᠤ᠋ᠨ ᠲᠠᠷ ᠨᠢ ᠲᠠᠨᠢᠭᠳᠠᠵᠤ᠂ ᠠᠳᠬᠤᠭᠰᠠᠨ ᠱᠠᠭ᠎ᠠ ᠪᠤᠲᠠᠷᠠᠭᠰᠠᠨ ᠤ᠋ ᠡᠬᠢᠯᠡᠯ ᠪᠣᠢ ᠪᠣᠯᠤᠭᠰᠠᠨ ᠢ᠋ ᠬᠠᠲᠤᠨ ᠡᠬᠡ ᠭᠠᠯᠳᠠᠨ ᠳ᠋ᠤ᠌ ᠥᠭᠦᠯᠡᠵᠦ ᠪᠢᠯᠡ᠁
     ᠶᠡᠬᠡ ᠦᠷᠭᠦᠭᠡᠨ ᠦ᠌ ᠬᠠᠭᠠᠨ ᠰᠡᠨᠳᠡᠢ ᠳ᠋ᠦ᠍ ᠰᠡᠩᠭᠡ ᠵᠠᠯᠠᠷᠠᠵᠠᠢ᠃ ᠬᠠᠭᠠᠨ ᠰᠠᠭᠤᠳᠠᠯ ᠤ᠋ᠨ ᠪᠠᠷᠠᠭᠤᠨ ᠲᠠᠯ᠎ᠠ ᠪᠠᠷ ᠰᠡᠩᠭᠡ ᠬᠠᠭᠠᠨ ᠤ᠋ ᠠᠬ᠎ᠠ ᠨᠠᠷ ᠪᠣᠯᠬᠤ ᠴᠡᠴᠡᠨ᠂ ᠵᠣᠳᠪᠠᠪᠠᠭᠠᠲᠤᠷ᠂ ᠰᠡᠪᠲᠡᠨᠵᠡᠯ᠂ ᠵᠣᠷᠢᠭᠲᠤ ᠬᠣᠰᠢᠭᠤᠴᠢ᠂ ᠣᠨᠣᠴᠢᠨ ᠨᠠᠷ ᠪᠣᠯᠤᠨ ᠰᠡᠩᠭᠡ ᠶ᠋ᠢᠨ ᠳᠡᠭᠦᠦ ᠪᠤᠮ᠂ ᠳᠣᠷᠵᠢᠵᠠᠪ᠂ ᠫᠣᠩᠰᠤᠭᠳᠠᠰᠢ᠂ ᠲᠠᠷᠮᠠ ᠨᠠᠷ ᠡᠷᠡᠮᠪᠡ ᠪᠡᠷ ᠰᠠᠭᠤᠵᠠᠢ᠃
     ᠬᠠᠭᠠᠨ ᠰᠠᠭᠤᠳᠠᠯ ᠤ᠋ᠨ ᠵᠡᠭᠦᠨ ᠲᠠᠯ᠎ᠠ ᠪᠠᠷ ᠰᠡᠩᠭᠡ ᠶ᠋ᠢᠨ ᠡᠬᠡ ᠶᠦᠮ ᠠᠭ᠎ᠠ ᠬᠠᠲᠤᠨ᠂ ᠺᠢᠷᠭᠢᠽ ᠭᠠᠷᠤᠯ ᠲᠠᠢ ᠶᠡᠬᠡ ᠬᠠᠲᠤᠨ ᠪᠠᠯᠵᠢᠳᠠᠷ᠎ᠠ᠂ ᠤᠳᠬᠤᠨ ᠬᠠᠲᠤᠨ ᠠᠮᠢᠨᠳᠠᠷ᠎ᠠ ᠪᠣᠯᠤᠨ ᠬᠡᠳᠦᠨ ᠭᠦᠩᠵᠦ᠂ ᠬᠠᠨ ᠬᠥᠪᠡᠭᠦᠳ ᠳᠠᠷᠠᠭᠠᠯᠠᠵᠠᠢ᠃
      ᠬᠠᠭᠠᠨ ᠰᠡᠩᠭᠡ ᠶ᠋ᠢᠨ ᠪᠠᠷᠠᠭᠤᠨ ᠵᠡᠭᠦᠨ ᠲᠠᠯ᠎ᠠ ᠳ᠋ᠤ᠌ ᠴᠡᠷᠢᠭ ᠦ᠋ᠨ ᠪᠠᠭᠠᠲᠤᠷ ᠵᠠᠩᠵᠤᠨ ᠨᠤᠭᠤᠳ᠂ ᠰᠢᠳᠠᠷ ᠲᠤᠰᠠᠯᠠᠬᠤ ᠨᠣᠶᠠᠳ ᠤ᠋ᠳ ᠵᠣᠭᠰᠣᠵᠤ ᠪᠠᠢᠯ᠎ᠠ᠃ ᠬᠠᠭᠠᠨ ᠲᠦᠰᠢᠯᠭᠡ ᠶ᠋ᠢ ᠭᠠᠯ ᠤ᠋ᠨ ᠳᠥᠯᠥ ᠮᠡᠲᠦ ᠰᠡᠢᠯᠪᠦᠷᠢᠯᠡᠵᠡᠢ᠃ ᠳᠥᠯᠥ ᠳᠤᠮᠳᠠ ᠳᠠᠯᠠᠪᠴᠢ ᠪᠠᠨ ᠳᠡᠯᠭᠡᠭᠰᠡᠨ ᠪᠦᠷᠭᠦᠳ ᠢ᠋ ᠲᠡᠷᠢᠭᠦᠨ ᠢ᠋ᠶ᠋ᠡᠨ ᠡᠷᠭᠦᠵᠦ᠂ ᠵᠣᠷᠢᠭᠲᠤ ᠨᠢᠳᠦ ᠪᠡᠨ ᠦᠯᠦ ᠴᠠᠪᠴᠢᠨ᠂ ᠮᠠᠬᠢᠷ ᠬᠣᠰᠢᠭᠤ ᠪᠠᠨ ᠲᠠᠰᠤ ᠵᠠᠭᠤᠵᠤ᠂ ᠬᠤᠷᠴᠠ ᠬᠢᠮᠤᠰᠤ ᠪᠠᠷ ᠢ᠋ᠶ᠋ᠠᠨ ᠬᠣᠬᠢᠮᠠᠢ ᠠᠳᠬᠤᠭᠰᠠᠨ ᠪᠠᠢᠳᠠᠯ ᠲᠠᠢ ᠪᠠᠳᠠᠷᠠᠩᠭᠤᠢ ᠤᠷᠠᠯᠠᠵᠠᠢ᠃
      ᠬᠠᠭᠠᠨ ᠰᠡᠩᠭᠡ ᠲᠡᠰᠢᠶ᠎ᠡ ᠲᠤᠯᠵᠤ᠂ ᠪᠠᠷᠠᠭᠤᠨ ᠭᠠᠷ ᠢ᠋ ᠡᠪᠦᠳᠦᠭ ᠳᠡᠭᠡᠷ᠎ᠡ ᠪᠡᠨ ᠰᠠᠭᠤᠷᠢᠯᠠᠭᠤᠯᠵᠠᠢ᠃ ᠰᠡᠩᠭᠡ ᠡᠷᠡᠰᠭᠦᠳ ᠳᠠᠭᠤ ᠪᠠᠷ᠂
      — ᠵᠡᠭᠦᠨᠭᠠᠷ ᠤ᠋ᠨ ᠬᠠᠭᠠᠨ ᠰᠡᠩᠭᠡ ᠨᠠᠮᠠᠶ᠋ᠢ ᠮᠡᠳᠡᠲᠦᠭᠡᠢ᠃ ᠴᠢᠩᠭᠢᠰ ᠬᠠᠭᠠᠨ ᠤ᠋ ᠪᠠᠢᠭᠤᠯᠤᠭᠰᠠᠨ ᠶᠡᠬᠡ ᠤᠯᠤᠰ ᠦᠭᠡᠢᠯᠡᠭᠳᠡᠵᠦ ᠪᠠᠢᠨ᠎ᠠ᠃ ᠣᠮᠣᠭᠯᠠᠩ ᠣᠢᠷᠠᠳ ᠮᠣᠩᠭᠣᠯᠴᠤᠳ ᠬᠠᠷ᠎ᠠ ᠰᠦᠯᠳᠡ ᠳ᠋ᠡᠭᠡᠨ ᠨᠢᠭᠡᠳᠴᠦ᠂ ᠬᠠᠮᠲᠤ ᠳ᠋ᠠᠭᠠᠨ ᠴᠢᠩᠭᠢᠰ ᠬᠠᠭᠠᠨ ᠤ᠋ ᠰᠦᠨᠡᠰᠦ ᠶ᠋ᠢ ᠳᠠᠭᠤᠳᠠᠵᠤ᠂ ᠠᠳᠬᠤᠭᠰᠠᠨ ᠱᠠᠭ᠎ᠠ ᠰᠢᠭ᠋ ᠡᠪᠯᠡᠷᠡᠬᠦ ᠶ᠋ᠢ ᠪᠢ ᠬᠦᠰᠡᠨ᠎ᠡ᠃ ᠨᠠᠮᠠᠶ᠋ᠢ ᠡᠰᠡ ᠳᠠᠭᠠᠪᠠᠰᠤ ᠲᠡᠷᠡ ᠲᠣᠯᠣᠭᠠᠢ ᠦᠭᠡᠢ᠃ ᠨᠠᠮᠠᠶ᠋ᠢ ᠳᠠᠭᠠᠪᠠᠰᠤ ᠨᠣᠶᠠᠨ ᠰᠠᠭᠤᠳᠠᠯ ᠳ᠋ᠤ᠌ ᠰᠠᠭᠤᠨ᠎ᠠ᠃ ᠡᠯᠢᠭᠡ ᠨᠢᠭᠡᠲᠦ ᠠᠬ᠎ᠠ ᠳᠡᠭᠦᠦ ᠨᠠᠷ ᠮᠢᠨᠢ ᠠ᠋᠃ ᠢᠩᠭᠢᠵᠦ ᠮᠡᠬᠦᠰ ᠪᠢ ᠪᠣᠳᠣᠨ᠎ᠠ ᠭᠡᠬᠦ ᠳ᠋ᠦ᠍ ᠲᠡᠭᠦᠨ ᠦ᠌ ᠵᠦᠭ ᠲᠣᠯᠣᠭᠠᠢ ᠲᠣᠬᠢᠵᠠᠭᠠᠪᠠ᠃ ᠶᠦᠮ ᠠᠭ᠎ᠠ ᠬᠠᠲᠤᠨ᠂
    — ᠲᠤᠯᠭᠠᠨ ᠳ᠋ᠤ᠌ ᠭᠠᠯ ᠨᠡᠮᠡ! ᠭᠡᠬᠦ ᠳ᠋ᠦ᠍᠂ ᠰᠢᠪᠡᠭᠴᠢᠨ ᠠᠷᠭᠠᠯ ᠵᠡᠷᠭᠡᠯᠡᠪᠡ᠃ ᠬᠢᠷᠬᠢᠽ ᠭᠠᠷᠤᠯ ᠲᠠᠢ ᠵᠣᠳᠪᠠ ᠬᠠᠲᠤᠳ ᠳᠡᠭᠦᠦ ᠨᠠᠷ ᠢ᠋ᠶ᠋ᠠᠨ ᠲᠣᠭᠣᠷᠢᠭᠤᠯᠤᠨ ᠬᠠᠷᠠᠵᠤ᠂ ᠰᠠᠭᠤᠳᠠᠯ ᠢ᠋ᠶ᠋ᠠᠨ ᠵᠠᠰᠠᠵᠤ ᠬᠣᠭᠣᠯᠠᠢ ᠪᠠᠨ ᠬᠠᠬᠢᠷᠴᠤ ᠣᠯᠠᠨ ᠤ᠋ ᠠᠩᠬᠠᠷᠤᠯ ᠢ᠋ ᠲᠠᠲᠠᠪᠠ᠃ ᠵᠣᠳᠪᠠᠪᠠᠭᠠᠲᠤᠷ᠂
     — ᠪᠠᠭᠠᠲᠤᠷ ᠬᠣᠩ ᠲᠠᠢᠵᠢ ᠶ᠋ᠢᠨ ᠶᠡᠬᠡ ᠬᠥᠪᠡᠭᠦᠨ ᠴᠡᠴᠡᠨ ᠪᠠᠢᠭᠰᠠᠭᠠᠷ ᠪᠠᠢᠲᠠᠯ᠎ᠠ ᠰᠡᠩᠭᠡ ᠬᠠᠭᠠᠨ ᠰᠠᠭᠤᠬᠤ ᠨᠢ ᠶᠣᠰᠣ ᠪᠤᠰᠤ᠁ ᠴᠢᠩᠭᠢᠰ ᠬᠠᠭᠠᠨ᠁ ᠴᠢᠩᠭᠢᠰ ᠬᠠᠭᠠᠨ᠁ ᠬᠠᠭᠠᠨ ᠤ᠋ ᠬᠥᠪᠡᠭᠦᠳ ᠴᠢᠩᠭᠢᠰ ᠬᠠᠭᠠᠨ ᠢ᠋ ᠴᠥᠮ ᠢ᠋ᠶ᠋ᠡᠷ ᠢ᠋ᠶ᠋ᠡᠨ ᠮᠥᠷᠥᠭᠡᠳᠴᠦ ᠪᠠᠢᠭ᠎ᠠ ᠰᠢᠦ ᠳᠡ᠃ ᠴᠡᠴᠡᠨ᠂ ᠰᠡᠩᠭᠡ ᠬᠣᠶᠠᠷ ᠤ᠋ᠨ ᠬᠡᠨ ᠨᠢ ᠬᠠᠭᠠᠨ ᠰᠠᠭᠤᠳᠠᠯ ᠳ᠋ᠤ᠌ ᠰᠠᠭᠤᠬᠤ ᠶ᠋ᠢ ᠬᠡᠯᠡᠯᠴᠡᠵᠦ ᠰᠣᠩᠭᠣᠪᠠᠯ ᠶᠠᠭᠠᠬᠢᠭᠰᠠᠨ ᠶᠤᠮ ᠪᠣᠢ? ᠭᠡᠵᠦ ᠭᠠᠯ ᠳ᠋ᠤ᠌ ᠲᠣᠰᠣ ᠠᠰᠠᠭᠠᠬᠤ ᠮᠡᠲᠦ ᠦᠭᠡ ᠥᠳᠥᠭᠡᠪᠡ᠃᠃ ᠶᠦᠮ ᠠᠭ᠎ᠠ ᠬᠠᠲᠤᠨ ᠰᠠᠭᠤᠳᠠᠯ ᠵᠠᠰᠠᠭᠠᠳ᠂
    — ᠪᠠᠭᠠᠲᠤᠷ ᠬᠣᠩ ᠲᠠᠢᠵᠢ ᠵᠠᠯᠭᠠᠮᠵᠢᠯᠠᠭᠴᠢ ᠪᠠᠨ ᠨᠢᠭᠡᠨᠲᠡ ᠨᠡᠷᠡᠯᠡᠭᠰᠡᠨ ᠲᠤᠯᠠ ᠡᠳᠦᠭᠡ ᠰᠠᠭᠤᠳᠠᠯ ᠪᠤᠯᠢᠶᠠᠴᠠᠯᠳᠤᠬᠤ ᠨᠢ ᠵᠦᠢ ᠳ᠋ᠦ᠍ ᠦᠯᠦ ᠨᠡᠢᠴᠡᠨ᠎ᠡ᠃ ᠬᠠᠷᠢᠨ ᠤᠯᠤᠰ ᠭᠡᠷ ᠢ᠋ᠶ᠋ᠡᠨ ᠥᠭᠡᠳᠡ ᠲᠠᠲᠠᠵᠤ᠂ ᠤᠷᠤᠭ ᠲᠥᠷᠥᠯ ᠢ᠋ᠶ᠋ᠡᠨ ᠪᠡᠬᠢᠵᠢᠭᠦᠯᠬᠦ ᠲᠤᠬᠠᠢ ᠵᠥᠪᠯᠡᠯᠳᠦᠪᠡᠯ ᠥᠯᠵᠡᠢ ᠪᠣᠯᠤᠨ᠎ᠠ ᠭᠡᠵᠦ ᠠᠶᠠᠳᠠᠭᠤᠬᠠᠨ ᠬᠢᠷᠢᠨ᠎ᠡ ᠰᠡᠩᠭᠡ ᠬᠥᠪᠡᠭᠦᠨ ᠢ᠋ ᠥᠷᠯᠥᠭ ᠴᠡᠭᠡᠵᠢ ᠪᠡᠷ ᠢ᠋ᠶ᠋ᠡᠨ ᠬᠠᠮᠠᠭᠠᠯᠠᠨ᠎ᠠ ᠭᠡᠳᠡᠭ ᠰᠠᠨᠠᠭ᠎ᠠ ᠪᠠᠨ ᠰᠢᠭᠤᠳ ᠢᠯᠡ ᠭᠠᠷᠭᠠᠵᠤ ᠬᠡᠯᠡᠪᠡ᠃
      — ᠨᠠᠳᠠ ᠨᠢᠭᠡ ᠬᠣᠰᠢᠭᠤ ᠠᠯᠢ᠃ ᠪᠢ ᠪᠡᠶ᠎ᠡ ᠪᠡᠨ ᠳᠠᠭᠠᠭᠠᠵᠤ ᠬᠤᠳᠠᠯᠳᠤᠭ᠎ᠠ ᠮᠠᠢᠮᠠᠢ ᠮᠠᠢᠮᠠᠢ ᠬᠢᠵᠦ ᠠᠮᠢᠳᠤᠷᠠᠮᠠᠷ ᠪᠠᠢᠨ᠎ᠠ᠃ ᠬᠠᠭᠠᠨ ᠤ᠋ ᠰᠠᠩ ᠤ᠋ᠨ ᠲᠥᠯᠥᠳᠡᠭ ᠲᠠᠲᠠᠪᠤᠷᠢ ᠪᠠᠨ ᠲᠥᠯᠥᠨ᠎ᠡ᠃ ᠬᠠᠷᠢ ᠳᠠᠢᠰᠤᠨ ᠳᠣᠪᠲᠣᠯᠪᠠᠯ ᠴᠡᠷᠢᠭ ᠬᠥᠳᠡᠯᠭᠡᠵᠦ ᠬᠠᠮᠲᠤ ᠳ᠋ᠠᠭᠠᠨ ᠲᠤᠯᠤᠯᠳᠤᠨ᠎ᠠ᠃ ᠬᠠᠷᠢᠨ ᠮᠢᠨᠦ ᠡᠷᠬᠡ ᠴᠢᠯᠥᠭᠡ ᠶ᠋ᠢ ᠬᠠᠭᠠᠵᠤ ᠪᠣᠯᠬᠤ ᠦᠭᠡᠢ ᠪᠠᠢᠬᠤ ᠶ᠋ᠢ ᠰᠡᠩᠭᠡ ᠬᠠᠭᠠᠨ ᠠ᠋ᠴᠠ ᠬᠦᠰᠡᠨ᠎ᠡ ᠭᠡᠵᠦ ᠰᠡᠪᠳᠡᠨᠵᠠᠯ ᠰᠠᠶᠢᠬᠠᠨ ᠠ᠋ᠴᠠ ᠰᠥᠷᠪᠡᠢᠲᠡᠯ᠎ᠡ ᠤᠷᠭᠤᠵᠤ ᠪᠣᠢ ᠰᠠᠬᠠᠯ ᠢ᠋ᠶ᠋ᠠᠨ ᠬᠥᠳᠡᠯᠭᠡᠪᠡ᠃ ᠰᠡᠩᠭᠡ ᠠᠬ᠎ᠠ ᠳᠠᠭᠤ ᠴᠢᠩᠭᠠᠷᠠᠵᠤ᠂
      — ᠳᠤᠷ᠎ᠠ ᠪᠠᠷ ᠢ᠋ᠶ᠋ᠠᠨ ᠨᠡᠭᠦᠭᠰᠡᠨ ᠬᠣᠱᠤᠳ᠂ ᠲᠣᠷᠭᠤᠳ᠂ ᠳᠥᠷᠪᠡᠳ ᠣᠪᠣᠭ ᠠᠢᠮᠠᠭ ᠤ᠋ᠳ ᠡᠷᠭᠢᠭᠡᠳ ᠢᠷᠡᠵᠦ ᠪᠠᠢᠨ᠎ᠠ᠃ ᠲᠡᠭᠡᠬᠦ ᠳ᠋ᠦ᠍ ᠪᠢᠳᠡ ᠨᠡᠬᠡᠢ ᠶ᠋ᠢᠨ ᠭᠣᠳ ᠬᠠᠢᠴᠢᠯᠠᠬᠤ ᠮᠡᠲᠦ ᠬᠣᠰᠢᠭᠤ ᠨᠤᠲᠤᠭ ᠢ᠋ᠶ᠋ᠠᠨ ᠬᠤᠪᠢᠶᠠᠨ ᠲᠠᠰᠤᠳᠠᠵᠤ ᠪᠣᠯᠬᠤ ᠦᠭᠡᠢ᠃ ᠨᠤᠲᠤᠭ ᠵᠢᠵᠢᠭᠷᠡᠬᠦ ᠲᠣᠰᠤᠮ ᠵᠠᠯᠭᠢᠬᠤ ᠳ᠋ᠤ᠌ ᠬᠢᠯᠪᠠᠷ ᠪᠣᠯᠬᠤ ᠪᠤᠰᠤ ᠤᠤ? ᠰᠡᠪᠳᠡᠨᠵᠠᠯ ᠤ᠋ᠨ ᠰᠠᠨᠠᠭ᠎ᠠ ᠪᠤᠷᠤᠭᠤ ᠭᠡᠮᠡᠨ ᠲᠠᠰᠤ ᠴᠣᠬᠢᠯ᠎ᠠ᠃
     ᠲᠡᠭᠦᠨ ᠡᠴᠡ ᠬᠣᠢᠰᠢ ᠲᠤᠯᠭ᠎ᠠ ᠲᠠᠢ ᠭᠠᠯ ᠤᠷᠤᠭᠤ ᠭᠥᠯᠢᠷᠡᠵᠦ ᠰᠠᠭᠤᠭᠰᠠᠨ ᠺᠢᠷᠭᠢᠽ ᠬᠠᠲᠤᠨ ᠤ᠋ ᠬᠥᠪᠡᠭᠦᠨ ᠴᠡᠴᠡᠨ ᠲᠠᠢᠵᠢ ᠦ ᠡᠷᠢᠭᠰᠡᠨ ᠮᠡᠲᠦ ᠵᠤᠤᠮᠠᠯᠵᠠᠵᠤ᠂
          — ᠰᠡᠩᠭᠡ ᠳᠡᠭᠦᠦ ᠬᠠᠭᠠᠨ ᠪᠣᠯᠪᠠ᠃ᠬᠠᠭᠠᠨ ᠲᠠ ᠤᠷᠲᠤ ᠭᠠᠷ ᠲᠠᠢ ᠪᠠᠢᠶ᠎ᠠ ᠭᠡᠪᠡᠯ ᠪᠢᠳᠡᠨ ᠦ᠌ ᠦᠭᠡᠨ ᠳ᠋ᠦ᠍ ᠣᠷᠣᠮᠠᠷ ᠰᠠᠨ᠃ ᠬᠠᠭᠠᠨ ᠤ᠋ ᠭᠠᠷ ᠬᠥᠯ ᠬᠡᠳᠦᠢ ᠣᠯᠠᠨ ᠪᠣᠯ ᠨᠤᠲᠤᠭ ᠤ᠋ᠨ ᠬᠢᠵᠠᠭᠠᠷ ᠲᠡᠳᠦᠢ ᠪᠤᠰᠤ ᠣᠷᠣᠰ᠂ ᠬᠢᠲᠠᠳ᠂ ᠮᠠᠨᠵᠤ ᠳ᠋ᠤ᠌ ᠬᠦᠷᠬᠦ ᠨᠢ ᠮᠡᠳᠡᠭᠡᠵᠢ᠃ ᠭᠠᠭᠴᠠ ᠮᠣᠳᠣ ᠭᠠᠯ ᠪᠣᠯᠳᠠᠭ ᠦᠭᠡᠢ ᠭᠡᠵᠦ ᠦᠭᠡ ᠲᠡᠢ ᠰᠠᠨ ᠭᠡᠯ᠎ᠡ᠃ ᠡᠨᠡ ᠦᠭᠡᠨ ᠳ᠋ᠦ᠍ ᠰᠡᠩᠭᠡ ᠶ᠋ᠢᠨ ᠡᠭᠳᠡᠭᠦᠦ ᠬᠥᠳᠡᠯᠵᠦ᠂
          — ᠬᠣᠶᠠᠷ ᠲᠣᠯᠣᠭᠠᠢ ᠲᠠᠢ ᠮᠣᠭᠠᠢ ᠬᠣᠶᠠᠷ ᠲᠠᠢᠰᠢ ᠪᠠᠨ ᠵᠢᠳᠬᠦᠨ᠎ᠡ᠃ ᠵᠡᠭᠦᠨᠭᠠᠷ ᠪᠣᠯ ᠨᠢᠭᠡ ᠲᠣᠯᠣᠭᠠᠢ ᠲᠠᠢ ᠮᠣᠭᠠᠢ᠃ ᠵᠡᠭᠦᠨᠭᠠᠷ ᠢ᠋ᠶ᠋ᠠᠨ ᠨᠢᠭᠡ ᠲᠣᠯᠣᠭᠠᠢ ᠲᠠᠢ ᠪᠠᠢᠯᠭᠠᠶ᠎ᠠ᠃ ᠲᠡᠷᠡ ᠨᠢᠭᠡ ᠲᠣᠯᠣᠭᠠᠢ ᠨᠢ ᠬᠠᠭᠠᠨ ᠰᠡᠩᠭᠡ ᠭᠡᠮᠡᠨ ᠥᠷᠪᠥᠯᠵᠡᠨ ᠪᠣᠢ ᠠᠬ᠎ᠠ ᠨᠠᠷ ᠤ᠋ᠨ ᠢ᠋ᠶ᠋ᠠᠨ ᠣᠮᠣᠭ ᠢ᠋ ᠨᠣᠮᠣᠬᠠᠳᠬᠠᠨ ᠥᠭᠦᠯᠡᠪᠡ᠃ ᠶᠦᠮ ᠠᠭ᠎ᠠ ᠬᠠᠲᠤᠨ᠂
     — ᠬᠣᠳᠣᠭᠣᠳᠣ ᠬᠠᠭᠠᠷᠠᠭᠰᠠᠨ ᠴᠤ᠌ ᠲᠣᠭᠣᠭᠠᠨ ᠳᠣᠲᠣᠷ᠎ᠠ ᠭᠡᠳᠡᠭ᠃ᠠᠬ᠎ᠠ ᠳᠡᠭᠦᠦ ᠲᠠ ᠨᠠᠷ ᠮᠠᠷᠭᠤᠯᠳᠤᠨ ᠮᠡᠳᠬᠡᠯᠴᠡᠬᠦ ᠦᠭᠡᠢ ᠪᠡᠷ ᠬᠣᠩ ᠲᠠᠢᠵᠢ ᠶ᠋ᠢᠨ ᠳᠤᠲᠠᠭᠤ ᠶ᠋ᠢ ᠳᠦᠭᠦᠷᠭᠡᠬᠦ ᠬᠡᠷᠡᠭᠲᠡᠢ᠃ ᠵᠡᠭᠦᠨᠭᠠᠷ ᠳᠤ᠌ ᠳᠠᠢᠰᠤᠨ ᠣᠯᠠᠨ ᠪᠠᠢᠭ᠎ᠠ ᠰᠢᠦ ᠭᠡᠪᠡ᠃
     — ᠬᠠᠭᠠᠨ ᠡᠴᠢᠭᠡ ᠥᠭᠡᠷ᠎ᠡ ᠪᠣᠳᠣᠯ ᠲᠠᠢ ᠪᠠᠢᠭᠰᠠᠨ᠃ᠬᠠᠲᠤᠳ ᠡᠮᠡᠰ ᠦ᠋ᠨ ᠬᠠᠳᠬᠤᠭᠤᠯᠡᠭ᠎ᠠ ᠪᠠᠷ ᠡᠢᠮᠦ ᠪᠣᠯᠪᠠ᠃ ᠶᠠᠭᠠᠬᠢᠬᠤᠪ᠂ ᠬᠠᠭᠠᠨ ᠰᠠᠭᠤᠳᠠᠯ ᠳ᠋ᠤ᠌ ᠰᠡᠩᠭᠡ ᠰᠠᠭᠤᠭᠰᠠᠨ ᠢ᠋ᠶ᠋ᠠᠷ ᠢ᠋ᠶ᠋ᠠᠨ ᠰᠠᠭᠤᠭ᠃ ᠬᠠᠷᠢᠨ ᠪᠢᠳᠡ ᠶᠣᠰᠣ ᠲᠥᠷᠥ ᠶ᠋ᠢᠨ ᠠᠯᠠᠭᠠᠨ ᠤ᠋ ᠠᠮᠲᠠ ᠶ᠋ᠢ ᠮᠡᠳᠡᠭᠦᠯᠦᠨ᠎ᠡ ᠁ ᠭᠡᠮᠡᠨ ᠵᠣᠳᠪᠠ ᠣᠮᠣᠭᠳᠠᠪᠠ᠃
     — ᠬᠡᠨ ᠳ᠋ᠦ᠍ ᠲᠡᠷᠡ ᠭᠡᠬᠦ ᠪᠣᠢ? ᠭᠡᠵᠦ ᠶᠦᠮ ᠠᠭ᠎ᠠ ᠬᠠᠲᠤᠨ ᠠᠰᠠᠭᠤᠪᠠ᠃
     — ᠬᠡᠨ ᠳᠤᠤᠭᠠᠷᠤᠭᠰᠠᠨ ᠬᠥᠮᠦᠨ ᠳ᠋ᠦ᠍! ᠬᠠᠭᠠᠨ ᠰᠠᠭᠤᠳᠠᠯ ᠤ᠋ᠨ ᠲᠥᠯᠥᠭᠡ ᠪᠤᠤ ᠤᠯᠠᠩᠭᠠᠰ ᠭᠡᠵᠦ ᠵᠣᠳᠪᠡᠪᠠᠭᠠᠲᠤᠷ ᠠᠮᠢᠰᠬᠤᠭᠠᠳᠠᠪᠠ᠃
     ᠰᠡᠩᠭᠡ ᠬᠠᠭᠠᠨ ᠤ᠋ ᠪᠠᠷᠠᠭᠤᠨ ᠲᠠᠯ᠎ᠠ ᠳ᠋ᠤ᠌ ᠲᠡᠮᠳᠡᠭᠯᠡᠯ ᠬᠥᠲᠥᠯᠵᠦ ᠠᠭᠰᠠᠨ ᠲᠥᠷᠥ ᠶ᠋ᠢᠨ ᠰᠠᠢᠳ ᠮᠡᠷᠭᠡᠨ ᠬᠡᠮᠡᠬᠦ ᠪᠤᠭᠤᠷᠤᠯ ᠦᠰᠦ ᠲᠡᠢ᠂ᠨᠠᠮᠪᠠ ᠳᠣᠯᠢᠩ ᠰᠠᠢᠬᠠᠨ ᠲᠠᠢ ᠡᠷᠬᠢᠮ ᠨᠢᠭᠡᠨ ᠪᠣᠰᠴᠤ ᠢᠷᠡᠪᠡ᠃
      — ᠤᠭ ᠠ᠋ᠴᠠ ᠪᠠᠨ ᠪᠢ ᠲᠥᠷᠥ ᠶ᠋ᠢᠨ ᠬᠡᠷᠡᠭ ᠲᠦ᠍ ᠨᠢᠭᠡᠨ ᠰᠠᠨᠠᠭ᠎ᠠ ᠪᠠᠷ ᠲᠤᠢᠯᠳᠠᠵᠤ ᠶᠠᠪᠤᠭ᠎ᠠ ᠬᠥᠮᠦᠨ᠃ᠬᠥᠪᠡᠭᠦᠳ ᠬᠠᠭᠠᠨ ᠡᠴᠢᠭᠡ ᠶ᠋ᠢᠨ ᠰᠦᠨᠡᠰᠦ ᠶ᠋ᠢ ᠭᠣᠮᠣᠳᠠᠭᠠᠵᠤ ᠪᠡᠶᠡᠰ ᠦ᠋ᠨ ᠥᠭᠡᠳᠡ ᠡᠴᠡ ᠴᠢᠯᠠᠭᠤ ᠰᠢᠳᠡᠬᠦ ᠶᠠᠭᠤᠨ᠃ᠨᠢᠭᠡᠨ ᠭᠠᠷ ᠳᠣᠣᠷ᠎ᠠ ᠡᠷᠬᠡᠰᠢᠶᠡᠪᠡᠯ ᠵᠡᠭᠦᠨᠭᠠᠷ ᠤ᠋ᠨ ᠬᠠᠷᠠᠴᠤ ᠪᠣᠭᠣᠯ᠂ᠠᠷᠠᠳ ᠢᠷᠭᠡᠳ ᠠᠮᠤᠷ ᠲᠦᠪᠰᠢᠨ ᠠᠮᠢᠳᠤᠷᠠᠨ᠎ᠠ᠃ᠰᠠᠯᠵᠤ ᠰᠠᠷᠨᠢᠵᠤ ᠪᠤᠲᠠᠷᠠᠪᠠᠯ ᠲᠣᠭᠣᠨᠣ ᠦᠭᠡᠢ ᠭᠡᠷ᠂ ᠭᠠᠯ ᠦᠭᠡᠢ ᠲᠤᠯᠭ᠎ᠠ ᠮᠡᠲᠦ ᠪᠣᠯᠤᠨ᠎ᠠ ᠰᠢᠦ᠃ᠬᠠᠨ ᠬᠥᠪᠡᠭᠦᠳ ᠨᠢᠮᠪᠠᠢ ᠪᠣᠳᠣᠭᠠᠷᠠᠢ!ᠬᠠᠲᠤᠨ ᠡᠬᠡ ᠶ᠋ᠢᠨ ᠰᠠᠨᠠᠭ᠎ᠠ ᠵᠥᠪ ᠁ ᠭᠡᠯ᠎ᠡ᠃
      ᠵᠡᠭᠦᠨᠭᠠᠷ ᠤ᠋ᠨ ᠬᠠᠭᠠᠨ ᠤ᠋ ᠦᠷᠭᠦᠭᠡᠨ ᠳ᠋ᠦ᠍ ᠵᠢᠪᠡᠬᠡᠢ ᠬᠦᠢᠲᠡᠨ ᠠᠭᠤᠷ ᠠᠮᠢᠰᠬᠤᠯ ᠪᠦᠷᠢᠯᠳᠦᠪᠡ᠃ ᠬᠠᠮᠤᠭ ᠠ᠋ᠴᠠ ᠢᠯᠡᠭᠦᠦ ᠰᠡᠳᠬᠢᠯ ᠵᠣᠪᠠᠨᠢᠬᠤ ᠶᠦᠮ ᠠᠭ᠎ᠠ ᠬᠠᠲᠤᠨ ᠤ᠋ ᠭᠡᠭᠡᠨ ᠲᠤᠩᠭᠠᠯᠠᠭ ᠴᠢᠷᠠᠢ ᠶ᠋ᠢ ᠰᠡᠭᠦᠳᠡᠷ ᠳᠠᠷᠤᠵᠠᠢ᠃ ᠬᠠᠭᠠᠨ ᠲᠥᠷᠥ ᠶ᠋ᠢᠨ ᠲᠠᠮᠠᠭ᠎ᠠ ᠰᠡᠩᠭᠡ ᠶ᠋ᠢᠨ ᠭᠠᠷ ᠲᠤ ᠦᠯᠡᠳᠡᠪᠡ᠃
      ᠬᠠᠭᠠᠨ  ᠤ᠋ ᠦᠷᠭᠦᠭᠡᠨ ᠡᠴᠡ ᠬᠥᠪᠡᠭᠦᠳ᠂ ᠬᠠᠲᠤᠳ ᠡᠮᠡᠰ᠂ᠲᠥᠷᠥ ᠶ᠋ᠢᠨ ᠰᠠᠢᠳ᠂ᠨᠣᠶᠠᠳ ᠤᠪᠤᠨ ᠴᠤᠪᠤᠷᠠᠵᠤ ᠭᠠᠷᠴᠤ ᠣᠳᠬᠤ ᠳ᠋ᠤ᠌ ᠠᠯᠲᠠᠨ ᠨᠠᠷᠠ ᠲᠡᠳᠡᠨ ᠢ᠋ ᠠᠯᠠᠭᠴᠢᠯᠠᠯ ᠦᠭᠡᠢ ᠢᠪᠡᠭᠡᠪᠡ᠃ ᠭᠣᠣᠯ ᠤ᠋ᠨ ᠤᠯᠢᠶᠠᠰᠤᠨ ᠰᠢᠭᠤᠢ ᠰᠢᠪᠠᠭᠤ ᠪᠠᠷ ᠳᠦᠭᠦᠷᠡᠩ ᠪᠠᠢᠯ᠎ᠠ᠃
       ᠰᠢᠭᠤᠢ ᠳᠣᠲᠣᠷ᠎ᠠ ᠡᠷᠳᠡᠨᠢᠪᠠᠭᠠᠲᠤᠷ ᠬᠣᠩ ᠲᠠᠢᠵᠢ ᠶ᠋ᠢᠨ ᠳᠡᠭᠦᠦ ᠴᠦᠬᠦᠢ ᠤᠪᠠᠰᠢ ᠬᠡᠮᠡᠬᠦ ᠬᠠᠭᠠᠨ ᠰᠠᠭᠤᠳᠠᠯ ᠳ᠋ᠤ᠌ ᠰᠠᠨᠠᠭᠠᠷᠬᠠᠭᠰᠠᠨ ᠨᠠᠭᠠᠯ ᠰᠠᠬᠠᠯ ᠲᠠᠢ ᠡᠷ᠎ᠡ ᠪᠠᠯᠵᠢᠳᠠᠷ᠎ᠠ ᠶ᠋ᠢᠨ ᠢᠳᠬᠠᠯᠭ᠎ᠠ ᠳ᠋ᠤ᠌ ᠭᠦᠨ ᠠᠪᠲᠠᠭᠰᠠᠨ ᠲᠤᠯᠠ ᠲᠡᠭᠦᠨ ᠦ᠌ ᠬᠦᠦ ᠴᠡᠴᠡᠨ᠂ᠵᠣᠳᠪᠠᠪᠠᠭᠠᠲᠤᠷ ᠨᠠᠷ  ᠤ᠋ᠨ ᠭᠠᠷ ᠢ᠋ᠶ᠋ᠠᠷ ᠮᠣᠭᠠᠢ ᠪᠠᠷᠢᠭᠤᠯᠬᠤ ᠪᠠᠷ ᠠᠳᠬᠠᠨ ᠬᠦᠯᠢᠶᠡᠵᠦ ᠪᠠᠢᠯ᠎ᠠ᠃ ᠴᠠᠭᠠᠨ᠎ᠠ ᠨᠢ ᠳᠠᠸᠠᠴᠢ ᠬᠡᠮᠡᠬᠦ ᠬᠣᠣᠷᠯᠠᠭᠴᠢᠨ ᠬᠣᠰᠢᠭᠤ ᠨᠤᠲᠤᠭ ᠳᠠᠮᠵᠢᠨ ᠲᠡᠨᠦᠵᠦ ᠶᠠᠪᠤᠪᠠ᠃ᠨᠢᠭᠡ ᠯᠡ ᠡᠳᠦᠷ ᠳᠠᠸᠠᠴᠢ ᠢᠷᠡᠨ᠎ᠡ᠃ᠲᠡᠷᠡ ᠳᠠᠸᠠᠴᠢ ᠬᠣᠣᠷᠯᠠᠬᠤ ᠬᠥᠨᠥᠭᠡᠬᠦ ᠦᠢᠯᠡ ᠳ᠋ᠦ᠍ ᠭᠠᠷᠰᠢᠵᠤ ᠶᠠᠪᠤᠭ᠎ᠠ ᠲᠡᠢᠮᠦ ᠤᠴᠢᠷ ᠠ᠋ᠴᠠ ᠲᠡᠭᠦᠨ ᠦ᠌ ᠭᠠᠷ ᠢ᠋ᠶ᠋ᠠᠷ ᠮᠣᠭᠠᠢ ᠪᠠᠷᠢᠭᠤᠯᠬᠤ ᠨᠢ ᠴᠦᠬᠦᠢ ᠣᠪᠠᠰᠢ ᠳ᠋ᠤ᠌ ᠠᠮᠠᠷᠬᠠᠨ ᠪᠠᠢᠬᠤ ᠪᠢᠵᠡ᠃

ᠠᠷᠪᠠ

        ᠬᠥᠬᠡ ᠬᠠᠯᠵᠠ ᠲᠠᠢ ᠦᠷᠭᠦᠭᠡᠨ ᠦ᠌ ᠡᠮᠦᠨ᠎ᠡ ᠰᠡᠩᠭᠡ᠂ ᠭᠠᠯᠳᠠᠨ ᠨᠠᠷ ᠤ᠋ᠨ ᠥᠷᠯᠥᠭ ᠡᠬᠡ ᠶᠦᠮ ᠠᠭ᠎ᠠ ᠬᠠᠲᠤᠨ᠂ ᠴᠡᠴᠡᠨ᠂ ᠵᠣᠳᠪᠠᠪᠠᠭᠠᠲᠣᠷ ᠨᠠᠷ ᠤ᠋ᠨ ᠥᠷᠯᠥᠭ ᠡᠬᠡ ᠪᠠᠯᠵᠢᠳᠠᠷ᠎ᠠ ᠬᠠᠲᠤᠨ ᠬᠣᠭᠣᠷᠣᠨᠳᠣ ᠪᠠᠨ ᠮᠠᠰᠢᠳᠠ ᠳᠣᠲᠣᠨᠣ ᠬᠥᠭᠡᠷᠦᠯᠳᠦᠨ᠎ᠡ᠃ᠲᠡᠳᠡᠨ ᠦ᠌ ᠴᠢᠷᠠᠢ ᠳ᠋ᠤ᠌ ᠰᠡᠳᠬᠢᠯ ᠦ᠋ᠨ ᠰᠢᠨᠠᠯᠤᠯ ᠢᠯᠡᠳᠲᠡ ᠠᠵᠢ᠃
       ᠨᠢᠭᠡᠨ ᠴᠠᠭ ᠲᠤᠷ ᠵᠡᠭᠦᠨᠭᠠᠷ ᠤ᠋ᠨ ᠬᠠᠭᠠᠨ ᠡᠷᠳᠡᠨᠢᠪᠠᠭᠠᠲᠤᠷ ᠬᠣᠩ ᠲᠠᠢᠵᠢ ᠶ᠋ᠢᠨ ᠬᠠᠲᠤᠳ ᠪᠠᠢᠵᠤ᠂ ᠨᠠᠢᠷᠰᠠᠭ ᠳᠣᠲᠣᠨᠣ ᠬᠠᠷᠢᠴᠠᠭ᠎ᠠ ᠲᠠᠢ ᠶᠠᠪᠤᠭᠰᠠᠨ᠂ ᠡᠳᠦᠭᠡ ᠬᠣᠶᠠᠭᠤᠯᠠ ᠪᠠᠨ ᠪᠡᠯᠪᠡᠰᠦᠷᠡᠭᠰᠡᠨ ᠭᠤᠸ᠎ᠠ ᠬᠠᠲᠤᠳ ᠰᠡᠳᠬᠢᠯ ᠲᠥᠪᠳᠡᠨ ᠪᠠᠢᠪᠠ᠃
      — ᠮᠢᠨᠦ ᠬᠣᠶᠠᠷ ᠬᠥᠪᠡᠭᠦᠨ ᠬᠡᠳᠦᠢᠪᠡᠷ ᠶᠡᠬᠡ ᠬᠠᠲᠤᠨ ᠲᠠᠨ ᠤ᠋ ᠬᠥᠪᠡᠭᠦᠳ ᠡᠴᠡ ᠨᠠᠰᠤ ᠪᠠᠷ ᠳᠡᠭᠦᠦ ᠪᠣᠯᠪᠠᠴᠤ ᠡᠷ᠎ᠡ ᠶ᠋ᠢᠨ ᠴᠡᠭᠡᠯ ᠳ᠋ᠦ᠍ ᠬᠦᠷᠴᠡᠢ᠃ ᠪᠠᠭᠠᠲᠤᠷ ᠬᠣᠩ ᠲᠠᠢᠵᠢ ᠰᠡᠩᠭᠡ ᠶ᠋ᠢ ᠮᠢᠨᠦ ᠵᠠᠯᠭᠠᠮᠵᠢᠯᠠᠭᠴᠢ ᠭᠡᠵᠦ ᠬᠡᠯᠡᠬᠦ ᠶ᠋ᠢ ᠬᠠᠲᠤᠨ ᠲᠠ ᠮᠢᠨᠦ ᠨᠢᠭᠡᠨ ᠠᠳᠠᠯᠢ ᠰᠣᠨᠣᠰᠤᠭᠰᠠᠨ ᠪᠤᠰᠤ ᠤᠤ? ᠭᠡᠲᠡᠯ᠎ᠡ ᠴᠡᠴᠡᠨ᠂ ᠵᠣᠳᠪᠠᠪᠠᠭᠠᠲᠣᠷ ᠨᠠᠷ ᠦᠯᠦ ᠵᠥᠪᠰᠢᠶᠡᠷᠡᠵᠦ᠂ᠳᠤᠷ᠎ᠠ ᠦᠭᠡᠢᠴᠡᠵᠦ ᠪᠠᠢᠨ᠎ᠠ ᠭᠡᠵᠦ ᠶᠥᠮ ᠠᠭ᠎ᠠ ᠬᠠᠲᠤᠨ ᠶᠠᠷᠢᠶ᠎ᠠ ᠡᠬᠢᠯᠡᠪᠡ᠃
      — ᠬᠥᠪᠡᠭᠦᠳ ᠦ᠋ᠨ ᠬᠣᠭᠣᠷᠣᠨᠳᠣ ᠡᠪᠳᠡᠷᠡᠯ ᠦ᠋ᠨ ᠡᠭᠦᠳᠡ ᠪᠣᠯᠤᠭᠤᠵᠠᠢ ᠭᠡᠮᠡᠨ ᠬᠠᠲᠤᠨ ᠡᠬᠡ ᠪᠢ ᠠᠶᠤᠨ᠎ᠠ᠃ᠴᠡᠴᠡᠨ᠂ ᠵᠣᠳᠪᠠᠪᠠᠭᠠᠲᠣᠷ ᠬᠣᠶᠠᠷ ᠤ᠋ᠨ ᠰᠠᠨᠠᠭ᠎ᠠ ᠶ᠋ᠢ ᠡᠬᠡ ᠪᠢ ᠶᠠᠭᠠᠬᠢᠨ ᠮᠡᠳᠡᠨ᠎ᠡ᠃ᠮᠠᠨᠤᠰ ᠪᠡᠶ᠎ᠡ ᠶ᠋ᠢ ᠲᠥᠷᠥᠭᠦᠯᠬᠦ ᠡᠴᠡ ᠪᠤᠰᠤ ᠰᠠᠨᠠᠭ᠎ᠠ ᠶ᠋ᠢ ᠲᠥᠷᠥᠭᠦᠯᠳᠡᠭ ᠦᠭᠡᠢ ᠪᠢᠯᠡ ᠭᠡᠵᠦ ᠪᠠᠯᠵᠢᠳᠠᠷ᠎ᠠ ᠬᠠᠲᠤᠨ ᠡᠬᠡ ᠦᠯᠦ ᠮᠡᠳᠡᠭᠴᠢ ᠴᠢᠷᠠᠢᠯᠠᠨ᠎ᠠ᠃
      — ᠰᠡᠩᠭᠡ ᠶ᠋ᠢ ᠭᠠᠭᠴᠠᠭᠠᠷᠳᠠᠭᠤᠯᠬᠤ ᠭᠡᠰᠡᠨ ᠰᠠᠨᠠᠭ᠎ᠠ ᠢᠯᠡᠷᠬᠡᠢ ᠪᠣᠯᠤᠯ᠎ᠠ᠃ᠪᠢ ᠭᠠᠯᠳᠠᠮ᠎ᠠ ᠪᠠᠭᠠᠲᠤᠷ ᠢ᠋ ᠳᠠᠭᠤᠳᠠᠭᠤᠯᠤᠭᠰᠠᠨ᠃ᠲᠡᠷᠡ ᠬᠥᠮᠦᠨ ᠢ᠋ ᠬᠠᠭᠠᠨ ᠬᠥᠪᠡᠭᠦᠨ ᠦ᠌ ᠳᠡᠷᠭᠡᠳᠡ ᠪᠠᠢᠯᠭᠠᠬᠤ ᠰᠠᠨᠠᠭ᠎ᠠ ᠲᠠᠢ ᠭᠡᠵᠦ ᠳᠣᠲᠣᠭᠠᠳᠤ ᠪᠣᠳᠣᠯ ᠢ᠋ᠶ᠋ᠠᠨ ᠶᠥᠮ ᠠᠭ᠎ᠠ ᠬᠠᠲᠤᠨ ᠨᠢᠭᠤᠬᠤ ᠦᠭᠡᠢ ᠳᠡᠯᠭᠡᠬᠦ ᠳ᠋ᠦ᠍ ᠪᠠᠯᠵᠢᠳᠠᠷ᠎ᠠ ᠬᠠᠲᠤᠨ ᠡᠪ ᠦᠭᠡᠢᠴᠡᠭᠰᠡᠨ ᠪᠣᠯᠪᠠᠴᠤ ᠰᠠᠨᠠᠭ᠎ᠠ ᠪᠠᠨ ᠨᠢᠭᠤᠵᠤ᠂
     — ᠡᠨᠡ ᠵᠥᠪ ᠰᠢᠦ ᠬᠠᠳᠣᠨᠲᠠᠨ! ᠡᠪᠯᠡᠵᠦ ᠣᠢᠯᠠᠭᠠᠭᠤᠯᠬᠤ ᠳ᠋ᠤ᠌ ᠭᠠᠯᠳᠠᠮ᠎ᠠ ᠪᠠᠭᠠᠲᠤᠷ ᠮᠡᠳᠡᠭᠡᠵᠢ ᠲᠤᠰᠠᠯᠠᠨ᠎ᠠ ᠭᠡᠵᠦ ᠶᠥᠮ ᠠᠭ᠎ᠠ ᠬᠠᠲᠤᠨ ᠤ᠋ ᠰᠠᠨᠠᠭ᠎ᠠ ᠶ᠋ᠢ ᠳᠡᠮᠵᠢᠵᠦ ᠪᠠᠢᠭ᠎ᠠ ᠳᠦᠷᠢ ᠦᠵᠡᠭᠦᠯᠵᠦ《ᠨᠠᠳᠠᠳᠤ ᠪᠠᠷᠳᠠᠮᠨᠠᠵᠤ ᠪᠠᠢᠨ᠎ᠠ》 ᠭᠡᠮᠡᠨ ᠬᠣᠷᠣᠰᠤᠨ ᠪᠣᠳᠣᠪᠠ᠃ᠪᠠᠯᠵᠢᠲᠠᠷ᠎ᠠ ᠬᠠᠲᠤᠨ ᠤ᠋ ᠪᠣᠳᠣᠯ ᠥᠭᠡᠷ᠎ᠡ ᠪᠠᠢᠵᠠᠢ᠃ ᠶᠥᠮ ᠠᠭ᠎ᠠ ᠬᠠᠲᠤᠨ ᠢ᠋ ᠢᠷᠡᠭᠰᠡᠨ ᠴᠠᠭ ᠠ᠋ᠴᠠ ᠥᠷᠭᠥᠭᠡ ᠭᠡᠷ ᠲᠤᠰᠠᠭᠠᠷ ᠪᠠᠢᠵᠤ᠂ᠬᠣᠩ ᠲᠠᠢᠵᠢ ᠶ᠋ᠢᠨ ᠪᠠᠷ᠎ᠠ ᠶ᠋ᠢ ᠬᠠᠷᠠᠬᠤ ᠪᠠᠨ ᠪᠣᠯᠢᠭᠰᠠᠨ ᠪᠢᠯᠡ᠃ᠬᠣᠩ ᠲᠠᠢᠵᠢ ᠬᠦᠯᠦᠭ ᠦ᠋ᠨ ᠢ᠋ᠶ᠋ᠡᠨ ᠡᠮᠡᠭᠡᠯ ᠳᠡᠭᠡᠷ᠎ᠡ ᠲᠥᠷᠥᠯ ᠠᠷᠠᠯᠵᠢᠬᠤ ᠳ᠋ᠠᠭᠠᠨ《ᠰᠡᠩᠭᠡ ᠳ᠋ᠦ᠍ ᠨᠠᠮᠠᠶ᠋ᠢ ᠵᠠᠯᠭᠠᠮᠵᠢᠯᠠᠭᠤᠯᠤᠨ ᠬᠠᠭᠠᠨ ᠣᠷᠣ ᠰᠠᠭᠤᠯᠭᠠᠵᠤ ᠵᠡᠭᠦᠨᠭᠠᠷ ᠤ᠋ᠨ ᠬᠠᠭᠠᠨᠲᠤ ᠤᠯᠤᠰ ᠢ᠋ ᠡᠷᠬᠡᠰᠢᠶᠡᠬᠦ ᠡᠷᠬᠡ ᠶ᠋ᠢ ᠣᠯᠭᠣ᠃ᠤᠭ ᠨᠢ ᠭᠠᠯᠳᠠᠨ᠁ ᠭᠠᠯᠳᠠᠨ ᠢ᠋ ᠪᠤᠷᠬᠠᠨ ᠢᠪᠡᠭᠡᠬᠦ ᠪᠢᠵᠡ᠃ᠭᠠᠯᠳᠠᠨ ᠬᠥᠪᠡᠭᠦᠨ ᠪᠤᠷᠬᠠᠨ ᠤ᠋ ᠢᠪᠡᠭᠡᠯ ᠳ᠋ᠦ᠍ ᠣᠷᠣᠭᠰᠠᠨ᠃ᠬᠥᠬᠡ ᠲᠩᠷᠢ ᠮᠢᠨᠢ ᠁》 ᠭᠡᠵᠦ ᠬᠡᠯᠡᠵᠡᠢ᠃ᠬᠠᠭᠠᠨ ᠤ᠋ ᠡᠷᠳᠡᠨᠢᠲᠦ ᠬᠦᠯᠦᠭ ᠦ᠋ᠨ ᠣᠮᠣᠷᠤᠤ ᠳᠣᠣᠷ᠎ᠠ ᠪᠠᠯᠵᠢᠲᠠᠷ᠎ᠠ ᠬᠠᠲᠤᠨ ᠣᠯᠠᠨ ᠢ᠋ ᠳᠠᠭᠠᠨ ᠤᠬᠢᠯᠠᠵᠤ᠂ᠳᠠᠷᠠᠭ᠎ᠠ ᠨᠢ ᠬᠣᠩ ᠲᠠᠢᠵᠢ ᠶ᠋ᠢᠨ ᠳᠡᠭᠦᠦ ᠴᠦᠬᠥᠢ ᠤᠪᠠᠰᠢ ᠬᠡᠮᠡᠬᠦ ᠮᠣᠩᠬᠣᠷ ᠬᠠᠮᠠᠷ ᠲᠠᠢ᠂ ᠨᠣᠭᠣᠭᠠᠨ ᠨᠢᠳᠦ ᠲᠡᠢ ᠡᠷ᠎ᠡ ᠳ᠋ᠦ᠍ ᠰᠣᠨᠣᠰᠤᠭᠰᠠᠨ ᠢ᠋ᠶ᠋ᠠᠨ ᠬᠡᠯᠡᠵᠦ᠂
      — ᠵᠠ ᠶᠠᠭᠠᠬᠢᠬᠤᠪ᠂ ᠴᠡᠴᠡᠨ᠂ᠵᠣᠳᠪᠠᠪᠠᠭᠠᠠᠳᠣᠷ ᠬᠣᠶᠠᠷ ᠰᠢᠭᠠᠷᠤᠯᠠᠭᠳᠠᠯ᠎ᠠ᠃ᠶᠠᠭᠤᠨ ᠤ᠋ ᠤᠴᠢᠷ ᠠᠬᠠᠮᠠᠳ ᠬᠥᠪᠡᠭᠦᠨ ᠳ᠋ᠡᠭᠡᠨ ᠭᠠᠳᠠᠭᠤᠷᠬᠠᠪᠠ᠃ ᠡᠨᠡ ᠪᠣᠯ ᠶᠥᠮ ᠠᠭ᠎ᠠ ᠬᠠᠲᠤᠨ ᠤ᠋ ᠬᠣᠷᠣᠨ ᠰᠠᠨᠠᠭ᠎ᠠ ᠪᠢᠵᠡ᠃ᠲᠡᠭᠡᠬᠦ ᠪᠡᠷ ᠲᠠ ᠬᠠᠭᠠᠨ ᠪᠣᠯ ᠁ ᠭᠡᠮᠡᠨ ᠳᠣᠭᠣᠯᠭᠠᠵᠤ ᠥᠭᠦᠯᠡᠪᠡ᠃ᠴᠦᠬᠥᠢ ᠤᠪᠠᠰᠢ ᠶ᠋ᠢᠨ ᠨᠣᠭᠣᠭᠠᠨ ᠨᠢᠳᠦᠨ ᠳ᠋ᠦ᠍ ᠭᠡᠷᠡᠯ ᠠᠰᠠᠭᠰᠠᠨ ᠢ᠋ᠶ᠋ᠠᠨ ᠲᠦᠳᠡᠬᠡᠨ ᠤᠨᠲᠠᠷᠠᠵᠤ᠂
      — ᠪᠦᠲᠦᠬᠦ ᠤᠤ? ᠭᠡᠵᠦ ᠠᠰᠠᠭᠤᠪᠠ᠃
      — ᠡᠨᠡ ᠤᠳᠠᠭ᠎ᠠ ᠪᠢᠰᠢ ᠭᠡᠬᠦ ᠳ᠋ᠦ᠍ ᠳᠠᠷᠠᠭ᠎ᠠ ᠨᠢ ᠪᠦᠲᠦᠬᠦ ᠶᠣᠰᠣᠲᠠᠢ᠃ᠬᠠᠭᠠᠨ ᠤ᠋ ᠠᠯᠪᠠ ᠬᠠᠯᠠᠭ᠎ᠠ ᠲᠠᠢ ᠪᠠᠢᠳᠠᠭ ᠶᠤᠮ ᠭᠡᠵᠦ ᠴᠦᠬᠥᠢ ᠤᠪᠠᠰᠢ ᠶ᠋ᠢ ᠢᠳᠬᠠᠭᠰᠠᠨ ᠪᠢᠯᠡ᠃ ᠲᠡᠷᠡ ᠪᠠᠢᠲᠤᠭᠠᠢ ᠶᠥᠮ ᠠᠭ᠎ᠠ ᠬᠠᠲᠤᠨ ᠲᠠᠢ ᠳᠡᠷ᠎ᠡ ᠨᠡᠢᠯᠡᠭᠦᠯᠵᠦ ᠪᠣᠯᠬᠤ ᠪᠢᠰᠢᠦ ᠭᠡᠰᠡᠨ ᠨᠢᠭᠡᠨ ᠦᠮᠡᠬᠡᠢ ᠦᠭᠡ ᠶ᠋ᠢ ᠴᠦᠬᠥᠢ ᠤᠪᠠᠰᠢ ᠳ᠋ᠤ᠌ ᠰᠢᠳᠡᠭᠡᠳ ᠠᠮᠵᠢᠵᠠᠢ᠃ ᠴᠥᠬᠥᠢ ᠤᠪᠠᠰᠢ ᠨᠢ ᠪᠠᠯᠵᠢᠲᠠᠷ᠎ᠠ ᠶ᠋ᠢᠨ ᠲᠡᠷᠡ ᠦᠭᠡᠨ ᠡᠴᠡ ᠢᠯᠡᠳᠲᠡ ᠴᠡᠷᠪᠡᠵᠦ᠂
— ᠶᠦᠮ ᠠᠭ᠎ᠠ ᠠ᠋ᠴᠠ ᠬᠣᠯᠠᠬᠠᠨ ᠶᠠᠪᠤᠬᠤ ᠮᠢᠨᠢ᠁ ᠭᠡᠮᠡᠨ ᠳᠤᠤᠭᠠᠷᠴᠠᠢ᠃ ᠴᠣᠬᠣᠮ ᠳ᠋ᠠᠭᠠᠨ ᠴᠦᠭᠦᠢ ᠤᠪᠠᠰᠢ ᠠᠬ᠎ᠠ ᠶ᠋ᠢᠨ ᠢ᠋ᠶ᠋ᠡᠨ ᠬᠥᠪᠡᠭᠦᠳ ᠰᠡᠩᠭᠡ᠂ ᠭᠠᠯᠳᠠᠨ ᠬᠣᠶᠠᠷ ᠠ᠋ᠴᠠ ᠠᠶᠤᠵᠤ ᠪᠠᠢᠯ᠎ᠠ᠃

ᠶᠦᠮ ᠠᠭ᠎ᠠ ᠬᠠᠲᠤᠨ ᠶᠡᠬᠡ ᠬᠠᠲᠤᠨ  ᠤ᠋ ᠪᠦᠦᠳᠡᠭᠡᠷ ᠴᠢᠷᠠᠢ ᠠ᠋ᠴᠠ ᠰᠠᠢᠨ ᠰᠠᠨᠠᠭᠠᠨ  ᠤ᠋ ᠦᠷ᠎ᠡ ᠵᠢᠮᠢᠰ ᠳᠡᠯᠭᠡᠷᠡᠬᠦ ᠡᠰᠡᠬᠦ  ᠳ᠋ᠦ᠍ ᠡᠷᠡᠭᠡᠯᠵᠡᠭᠰᠡᠨ ᠴᠦ᠍ ᠭᠡᠯ᠎ᠡ ᠦᠭᠡ ᠪᠡᠨ ᠭᠦᠢᠴᠡᠭᠡᠵᠦ᠂
— ᠬᠠᠲᠤᠨ ᠡᠬᠡ ᠲᠠ ᠥᠪᠡᠷ ᠦ᠋ᠨ ᠬᠥᠪᠡᠭᠦᠳ  ᠦ᠋ᠨ  ᠢ᠋ᠶ᠋ᠡᠨ ᠪᠠᠢᠷᠢ ᠪᠠᠢᠴᠠ ᠶ᠋ᠢ ᠳᠡᠩᠳᠡᠵᠦ ᠪᠠᠢᠬᠤ ᠴᠢᠨᠢ᠂ ᠲᠡᠳᠡ ᠲᠥᠷᠥ ᠶ᠋ᠢᠨ ᠬᠡᠷᠡᠭ  ᠲᠦ᠍ ᠵᠢᠳᠬᠦᠬᠦ ᠶᠣᠰᠣᠲᠠᠢ᠃ ᠬᠡᠷᠪᠡ ᠰᠠᠨᠠᠭ᠎ᠠ ᠤᠷᠪᠠᠬᠤ ᠠᠪᠠᠰᠤ ᠵᠠᠶᠠᠭ᠎ᠠ ᠨᠢ ᠬᠡᠯᠲᠡᠢᠨ᠎ᠡ ᠰᠢᠦ ᠃ ᠵᠡᠭᠦᠨᠭᠠᠷ  ᠤ᠋ᠨ ᠰᠢᠨ᠎ᠡ ᠵᠠᠯᠠᠭᠤ ᠬᠠᠭᠠᠨ ᠵᠣᠷᠢᠭ ᠲᠠᠢ ᠤᠴᠢᠷ ᠠ᠋ᠴᠠ ᠬᠡᠨ ᠬᠡᠨ ᠳ᠋ᠦ᠍ᠨᠢ ᠮᠠᠭᠤ ᠶᠠᠭᠤᠮ᠎ᠠ ᠪᠣᠯᠤᠭᠤᠵᠢᠨ ᠭᠡᠮᠡᠨ ᠵᠠᠬᠢᠪᠠ᠃ ᠪᠠᠯᠵᠢᠳᠠᠷ᠎ᠠ ᠬᠠᠲᠤᠨ ᠪᠣᠳᠣᠯᠬᠢᠯᠠᠵᠤ᠂
— ᠪᠢ ᠴᠢᠬᠢ ᠲᠠᠯᠪᠢᠨ᠎ᠠ᠃ ᠴᠢᠬᠢᠨ  ᠦ᠌ ᠭᠠᠳᠠᠭᠤᠷ ᠥᠴᠢᠨᠡᠬᠡᠨ ᠬᠣᠪ ᠵᠢᠪ ᠥᠩᠭᠡᠷᠡᠳᠡᠭ᠂ ᠬᠠᠷᠢᠨ ᠴᠢᠬᠢᠨ  ᠳ᠋ᠦ᠍ ᠣᠷᠣᠭᠰᠠᠨ  ᠢ᠋ ᠨᠢ ᠳᠣᠭᠣᠯᠭᠠᠨ᠎ᠠ᠃ ᠨᠡᠭᠡᠷᠡᠨ ᠬᠠᠭᠠᠨ ᠵᠠᠯᠠᠭᠤ ᠤᠴᠢᠷ ᠠ᠋ᠴᠠ ᠭᠡᠨᠡᠨ ᠴᠦ᠍ ᠪᠢᠵᠡ᠂ ᠣᠮᠣᠭᠯᠠᠩ ᠴᠤ᠌ ᠪᠢᠵᠡ᠁ ᠭᠡᠮᠡᠨ ᠡᠷᠡᠭᠡᠯᠵᠡᠩᠭᠦᠢ ᠥᠭᠦᠯᠡᠪᠡ᠃ ᠶᠦᠮ ᠠᠭ᠎ᠠ ᠡᠬᠡ ᠶᠡᠬᠡ ᠬᠠᠲᠤᠨ  ᠤ᠋ ᠲᠦᠢᠪᠡᠭᠦᠯᠦᠨ ᠥᠩᠭᠡᠷᠡᠭᠡᠬᠦ ᠭᠡᠰᠡᠨ ᠦᠭᠡ ᠳᠤᠮᠳᠠ ᠰᠡᠩᠭᠡ ᠬᠠᠭᠠᠨ  ᠢ᠋ ᠪᠠᠰᠤᠮᠵᠢᠯᠠᠬᠤ ᠠᠶᠠᠰ ᠲᠣᠳᠣ ᠮᠡᠳᠡᠭᠳᠡᠭᠰᠡᠨ ᠲᠤᠯᠠ《ᠶᠡᠷᠦ ᠡᠴᠡ ᠪᠡᠨ ᠭᠠᠯᠳᠠᠮ᠎ᠠ ᠪᠠᠭᠠᠲᠤᠷ  ᠤ᠋ᠨ ᠮᠢᠩᠭᠠᠲᠤ ᠶ᠋ᠢ ᠲᠣᠷᠭᠠᠨ ᠴᠡᠷᠢᠭ  ᠦ᠋ᠨ ᠬᠤᠸᠠᠷᠠᠨ  ᠤ᠋ ᠳᠡᠷᠭᠡᠳᠡ ᠪᠠᠢᠷᠢᠰᠢᠭᠤᠯᠵᠤ ᠬᠠᠭᠠᠨ  ᠤ᠋ ᠤᠷᠲᠤ ᠥᠷᠭᠥᠭᠡ ᠶ᠋ᠢ ᠬᠠᠷᠠᠭᠠᠯᠵᠠᠭᠤᠯᠬᠤ ᠠ᠋ᠴᠠ ᠭᠠᠳᠠᠨ᠎ᠠ ᠣᠷᠣᠰ᠂ ᠬᠠᠰᠠᠭ᠂ ᠺᠢᠷᠭᠢᠽ᠂ ᠮᠠᠨᠵᠤ᠂ ᠲᠥᠪᠡᠳ ᠨᠤᠲᠤᠭ ᠠ᠋ᠴᠠ ᠶᠠᠪᠤᠭ᠎ᠠ ᠬᠤᠳᠠᠯᠳᠤᠭᠠᠴᠢᠳ᠂ ᠮᠥᠷᠭᠥᠯᠴᠢᠳ᠂ ᠠᠶᠠᠯᠠᠴᠢᠨ ᠭᠡᠢᠴᠢᠨ  ᠦ᠌ ᠪᠢᠴᠢᠭ ᠲᠠᠮᠠᠭ᠎ᠠ ᠶ᠋ᠢ ᠰᠢᠯᠭᠠᠳᠠᠭ ᠪᠣᠯᠭᠠᠶ᠎ᠠ》 ᠭᠡᠵᠦ ᠪᠣᠳᠣᠪᠠ᠃ ᠪᠠᠯᠵᠢᠳᠠᠷ᠎ᠠ ᠬᠠᠲᠤᠨ ᠡᠨᠡ ᠦᠶ᠎ᠡ ᠳ᠋ᠦ᠍《ᠨᠢᠭᠡᠨᠲᠡ ᠬᠠᠲᠤᠨ ᠡᠬᠡ ᠪᠣᠯᠤᠭᠰᠠᠨ ᠶᠤᠮ ᠴᠢᠨᠢ ᠬᠥᠪᠡᠭᠦᠳ  ᠢ᠋ᠶ᠋ᠡᠨ ᠬᠠᠭᠠᠨ  ᠤ᠋ ᠰᠠᠭᠤᠳᠠᠯ  ᠳ᠋ᠤ᠌ ᠰᠠᠭᠤᠯᠭᠠᠬᠤ ᠶ᠋ᠢ ᠪᠣᠳᠣᠨ᠎ᠠ ᠰᠢᠦ ᠳᠡ᠃ ᠶᠦᠮ ᠠᠭ᠎ᠠ ᠳᠡᠩᠳᠡᠭᠦᠦ ᠬᠤᠪᠢ ᠪᠠᠨ ᠬᠢᠴᠢᠶᠡᠬᠦ ᠶᠦᠮ᠃ ᠬᠠᠷ᠎ᠠ ᠨᠢᠳᠦᠨ ᠡᠴᠡ ᠬᠥᠮᠥᠰᠬᠡ ᠭᠠᠳᠠᠭᠤᠷ ᠭᠡᠳᠡᠭ ᠦᠭᠡ ᠪᠣᠢ᠂ ᠲᠥᠷᠥ ᠶ᠋ᠢᠨ ᠬᠡᠷᠡᠭ  ᠲᠦ᠍ ᠪᠢ ᠬᠠᠮᠢᠶ᠎ᠠ ᠦᠭᠡᠢ ᠪᠢᠰᠢ ᠬᠠᠷᠢᠨ ᠴᠢ ᠶᠡᠬᠡ ᠬᠠᠮᠢᠶ᠎ᠠ ᠲᠠᠢ 》 ᠭᠡᠵᠦ ᠥᠪᠡᠷ ᠢ᠋ ᠪᠡᠨ ᠵᠥᠪᠳᠡᠭᠡᠨ ᠪᠠᠢᠯ᠎ᠠ᠃

ᠶᠦᠮ ᠠᠭ᠎ᠠ ᠬᠠᠲᠤᠨ ᠭᠣᠶᠣᠮᠰᠣᠭ ᠳᠡᠪᠡᠯ  ᠦ᠋ᠨ  ᠢ᠋ᠶ᠋ᠡᠨ ᠲᠣᠪᠴᠢ ᠰᠢᠯᠪᠢ ᠶ᠋ᠢ ᠢᠮᠡᠷᠴᠦ ᠦᠵᠡᠭᠡᠳ ᠲᠠᠭᠠᠯᠠᠮᠵᠢᠲᠠᠢᠶ᠎ᠠ ᠢᠨᠢᠶᠡᠮᠰᠦᠭᠯᠡᠵᠦ᠂
— ᠶᠡᠬᠡ ᠬᠠᠲᠤᠨ ᠲᠠᠨ ᠲᠠᠢ ᠰᠠᠨᠠᠭ᠎ᠠ ᠨᠡᠢᠯᠡᠯ᠎ᠡ᠃ ᠪᠢ ᠲᠠᠨ  ᠳ᠋ᠤ᠌ ᠲᠠᠯᠠᠷᠬᠠᠨ᠎ᠠ᠃ ᠬᠥᠪᠡᠭᠦᠳ ᠥᠪᠡᠷ ᠵᠠᠭᠤᠷ᠎ᠠ ᠪᠠᠨ ᠡᠪ ᠲᠡᠢ ᠪᠠᠢᠭᠠᠰᠠᠢ ᠭᠡᠳ ᠥᠷᠭᠥᠭᠡ ᠶ᠋ᠢᠨ  ᠢ᠋ᠶ᠋ᠡᠨ ᠵᠦᠭ ᠠᠯᠬᠤᠪᠠ᠃ ᠪᠠᠯᠵᠢᠳᠠᠷ᠎ᠠ ᠲᠣᠯᠣᠭᠠᠢ ᠪᠠᠨ ᠪᠥᠬᠥᠢᠰᠬᠢᠯᠭᠡᠨ ᠬᠠᠷᠢᠭᠤ ᠬᠦᠨᠳᠦᠯᠡᠯ ᠦᠵᠡᠭᠦᠯᠦᠭᠡᠳ ᠠᠲᠠᠭᠠᠷᠬᠠᠩᠭᠤᠢ ᠬᠠᠷᠠᠵᠠᠢ᠃

ᠠᠷᠪᠠᠨ ᠨᠢᠭᠡ

ᠰᠡᠩᠭᠡ ᠶ᠋ᠢ ᠵᠡᠭᠦᠨᠭᠠᠷ  ᠤ᠋ᠨ ᠬᠠᠭᠠᠨ  ᠤ᠋ ᠰᠠᠭᠤᠳᠠᠯ  ᠳ᠋ᠤ᠌ ᠮᠣᠷᠢᠯᠠᠩᠭᠤᠲᠠ ᠶᠦᠮ ᠠᠭ᠎ᠠ ᠡᠬᠡ ᠨᠣᠢᠷ ᠮᠠᠭᠤᠲᠠᠢ᠂ ᠰᠡᠳᠬᠢᠯ ᠲᠣᠭᠲᠠᠪᠤᠷᠢ ᠦᠭᠡᠢ ᠪᠣᠯᠪᠠ᠃ ᠶᠦᠮ ᠠᠭ᠎ᠠ ᠬᠠᠲᠤᠨ ᠭᠣᠶᠣᠮᠰᠣᠭ ᠲᠣᠭᠣᠷᠴᠣᠭ ᠡᠮᠦᠰᠴᠡᠢ᠃ ᠲᠣᠭᠣᠷᠴᠣᠭ ᠨᠢ ᠠᠯᠤᠬ᠎ᠠ ᠶ᠋ᠢᠨ ᠬᠡ ᠪᠡᠷ ᠪᠢᠲᠡᠭᠦᠦ ᠡᠮᠵᠢᠭᠰᠡᠨ ᠪᠥᠭᠡᠳ ᠶᠠᠭᠠᠨ ᠥᠩᠭᠡ ᠶ᠋ᠢᠨ ᠤᠲᠠᠰᠤ ᠪᠠᠷ ᠰᠠᠴᠤᠭ ᠤᠨᠵᠢᠭᠤᠯᠵᠠᠢ᠃ ᠡᠩ  ᠦ᠋ᠨ ᠬᠡ ᠲᠡᠢ ᠭᠣᠶᠣᠮᠰᠣᠭ ᠲᠣᠭᠣᠷᠴᠣᠭ ᠶᠦᠮ ᠠᠭ᠎ᠠ ᠬᠠᠲᠤᠨ ᠳ᠋ᠤ᠌ ᠵᠣᠬᠢᠭᠰᠠᠨ ᠪᠠᠢᠯ᠎ᠠ᠃ ᠶᠦᠮ ᠠᠭ᠎ᠠ ᠬᠠᠲᠤᠨ ᠤ᠋ ᠬᠥᠬᠥ ᠲᠦᠭᠦᠷᠡᠩᠭᠡ᠂ᠨᠢᠷᠤᠭᠤ ᠬᠣᠲᠣᠭᠣᠷ᠂ ᠥᠭᠡᠵᠡᠭ ᠬᠣᠨᠳᠣᠯᠠᠢ ᠬᠡᠯᠪᠡᠷᠢ ᠰᠠᠢᠲᠠᠢ ᠭᠤᠸᠠᠯᠢᠭ ᠠᠵᠢ᠃ ᠵᠠᠯᠠᠭᠤ ᠭᠤᠸᠠᠯᠢᠭ ᠨᠠᠰᠤᠨ ᠳ᠋ᠠᠭᠠᠨ ᠪᠡᠯᠪᠡᠰᠦᠷᠡᠭᠰᠡᠨ ᠴᠦ᠍ ᠲᠥᠷᠥ ᠶ᠋ᠢᠨ ᠲᠥᠯᠥᠭᠡ ᠰᠠᠨᠠᠭ᠎ᠠ ᠵᠣᠪᠠᠨᠢᠨ ᠪᠠᠢᠨ᠎ᠠ᠃ᠦᠷᠭᠦᠭᠡᠨ ᠳ᠋ᠦ᠍ ᠭᠠᠯᠳᠠᠮ᠎ᠠ ᠪᠠᠭᠠᠲᠤᠷ ᠰᠠᠭᠤᠨ᠎ᠠ᠃
     —ᠡᠴᠢᠭᠡ ᠬᠠᠭᠠᠨ ᠰᠦᠢᠲᠦ ᠪᠦᠰᠡᠭᠦᠢ ᠶ᠋ᠢᠨ ᠡᠳᠦᠷ ᠰᠤᠳᠤᠷ ᠢ
ᠠᠰᠠᠭᠤᠵᠤ ᠪᠠᠢᠨ᠎ᠠ ᠭᠡᠮᠡᠨ ᠭᠠᠯᠳᠠᠮ᠎ᠠ ᠠᠮᠢᠨ ᠴᠢᠬᠤᠯᠠ ᠬᠡᠷᠡᠭ  ᠢ ᠶᠦᠮ ᠠᠭ᠎ᠠ ᠬᠠᠲᠤᠨ ᠳ᠋ᠤ᠌ ᠥᠴᠢᠪᠡ᠃
   —ᠬᠣᠩ ᠲᠠᠢᠵᠢ ᠬᠣᠯᠠ ᠶ᠋ᠢᠨ ᠪᠣᠳᠣᠯ ᠲᠠᠢ ᠪᠣᠯᠬᠣᠷ ᠠᠨᠤᠳᠠᠷ᠎ᠠ ᠳ᠋ᠤ᠌ ᠰᠦᠢ ᠲᠠᠯᠪᠢᠭᠰᠠᠨ ᠶᠤᠮ ᠪᠢᠯᠡ ᠃ᠠᠨᠤᠳᠠᠷ᠎ᠠ ᠥᠬᠢᠨ ᠰᠡᠩᠭᠡ ᠳ᠋ᠦ᠍ ᠶᠠᠭ ᠲᠣᠬᠢᠷᠠᠨ᠎ᠠ᠃ᠮᠡᠩᠭᠡ ᠲᠥᠭᠡᠷᠭᠡ ᠨᠢ ᠨᠡᠢᠯᠡᠭᠰᠡᠨ ᠭᠡᠵᠦ ᠰᠤᠳᠤᠷ ᠲᠤ᠌ ᠪᠢᠴᠢᠭᠰᠡᠨ ᠪᠠᠢᠨ᠎ᠠ᠃ᠸᠴᠢᠷᠲᠦ ᠰᠡᠴᠡᠨ ᠬᠠᠭᠠᠨ ᠤ᠋ ᠲᠠᠯ᠎ᠠ ᠪᠠᠷ ᠰᠠᠢᠨ ᠡᠳᠦᠷ ᠢ᠋ ᠲᠣᠪᠯᠠᠶ᠎ᠠ ᠭᠡᠮᠡᠨ ᠪᠣᠳᠣᠭᠰᠠᠭᠠᠷ ᠡᠳᠦᠢ ᠬᠦᠷᠦᠯ᠎ᠡ ᠭᠡᠵᠦ ᠶᠦᠮ ᠠᠭ᠎ᠠ ᠬᠠᠲᠤᠨ ᠡᠬᠡ ᠶ᠋ᠢᠨ ᠶᠣᠰᠣᠭᠠᠷ ᠠᠰᠠᠭᠤᠯ᠎ᠠ᠃
     ᠭᠠᠯᠳᠠᠮ᠎ᠠ ᠪᠠᠭᠠᠲᠤᠷ ᠤ᠋ᠨ ᠨᠠᠰᠤ ᠵᠠᠯᠠᠭᠤ ᠬᠢᠷᠢᠨ᠎ᠡ᠂ᠤᠬᠠᠭᠠᠨᠲᠤ ᠡᠴᠢᠭᠡ ᠶ᠋ᠢᠨ ᠬᠠᠵᠠᠭᠤ ᠳ᠋ᠤ᠌ ᠥᠰᠦᠭᠰᠡᠨ ᠲᠤᠯᠠ᠂
    — ᠨᠠᠮᠤᠷ ᠤ᠋ᠨ ᠳᠤᠮᠳᠠ ᠰᠠᠷ᠎ᠠ ᠶ᠋ᠢᠨ ᠠᠷᠪᠠᠨ ᠳᠣᠯᠣᠭᠠᠨ ᠭᠡᠵᠦ ᠡᠴᠢᠭᠡ ᠰᠠᠨᠠᠭ᠎ᠠ ᠪᠠᠨ ᠬᠡᠯᠡᠪᠡ᠃ᠬᠠᠷᠢᠨ ᠬᠠᠲᠤᠨ ᠡᠬᠡ ᠳ᠋ᠦ᠍ ᠥᠭᠡᠷ᠎ᠡ ᠰᠠᠨᠠᠭ᠎ᠠ ᠪᠠᠢᠬᠤ ᠡᠰᠡᠬᠦ ᠶ᠋ᠢ ᠮᠡᠳᠡᠭᠡᠷᠡᠢ ᠭᠡᠮᠡᠨ ᠬᠦᠰᠡᠭᠰᠡᠨ ᠪᠢᠯᠡ ᠭᠡᠪᠡ᠃ ᠶᠦᠮ ᠠᠭ᠎ᠠ ᠬᠠᠲᠤᠨ ᠤ᠋ ᠴᠢᠷᠠᠢ ᠶᠠᠭᠠᠷᠠᠨ ᠲᠤᠨᠤᠷᠠᠵᠤ᠂
    — ᠨᠠᠳᠠᠳᠤ ᠲᠤᠩ ᠨᠡᠢᠴᠡᠨ᠎ᠡ ᠭᠡᠪᠡ᠃
     ᠭᠠᠯᠳᠠᠮ᠎ᠠ ᠪᠠᠭᠠᠲᠤᠷ ᠬᠠᠲᠤᠨ ᠡᠬᠡ ᠶ᠋ᠢᠨ ᠦᠭᠡ ᠶ᠋ᠢ ᠰᠣᠨᠣᠰᠤᠭᠠᠳ ᠶᠠᠪᠤᠬᠤ ᠶ᠋ᠢ ᠵᠠᠪᠳᠤᠬᠤ ᠮᠡᠲᠦ ᠪᠣᠯᠬᠤ ᠳ᠋ᠤ᠌  ᠶᠦᠮ ᠠᠭ᠎ᠠ ᠬᠠᠲᠤᠨ ᠠᠶᠠᠭᠠᠴᠢ ᠪᠦᠰᠡᠭᠦᠢ ᠶ᠋ᠢ ᠭᠠᠷᠬᠤ ᠬᠣᠭᠣᠷᠣᠨᠳᠣ᠂
 —ᠪᠢ ᠰᠡᠩᠭᠡ ᠳ᠋ᠦ᠍ ᠵᠣᠪᠠᠨ᠎ᠠ᠃ ᠬᠠᠲᠤᠨ ᠠᠨᠤᠳᠠᠷ᠎ᠠ ᠤᠬᠠᠭᠠᠨ ᠲᠠᠢ ᠲᠤᠯᠠ ᠶᠡᠬᠡ ᠲᠦᠰᠢᠭ ᠪᠣᠯᠤᠨ᠎ᠠ᠃ᠭᠡᠲᠡᠯ᠎ᠡ ᠠᠬ᠎ᠠ ᠳᠡᠭᠦᠦ ᠴᠡᠴᠡᠨ᠂ ᠵᠣᠳᠪᠠᠪᠠᠭᠠᠲᠤᠷ ᠨᠠᠷ ᠵᠠᠯᠠᠭᠤ ᠬᠠᠭᠠᠨ ᠢ᠋ ᠪᠣᠭᠣᠷᠯᠠᠬᠤ ᠪᠣᠯᠤᠯᠲᠠᠢ ᠭᠡᠵᠦ ᠶᠠᠷᠢᠶ᠎ᠠ ᠡᠭᠦᠰᠬᠡᠪᠡ᠃ ᠭᠠᠯᠳᠠᠮ᠎ᠠ ᠲᠣᠭᠣᠨᠣ ᠶ᠋ᠢᠨ ᠳᠡᠭᠡᠭᠦᠷ ᠰᠢᠪᠠᠭᠤ ᠥᠩᠭᠡᠷᠡᠬᠦ ᠳ᠋ᠦ᠍ ᠰᠡᠷᠳ᠋ᠬᠢᠨ ᠬᠠᠷᠠᠭᠰᠠᠨ  ᠢᠶᠠᠨ᠂
   — ᠪᠢ ᠵᠣᠳᠪᠠᠪᠠᠭᠠᠲᠤᠷ ᠢ ᠮᠡᠳᠡᠨ᠎ᠡ ᠭᠡᠵᠦ ᠨᠡᠯᠢᠶᠡᠳ ᠨᠤᠬᠤᠴᠠᠲᠠᠢ ᠬᠡᠯᠡᠪᠡ᠃ ᠶᠦᠮ ᠠᠭ᠎ᠠ ᠬᠠᠲᠤᠨ᠂
   — ᠲᠡᠢᠮᠦ ᠤᠤ? ᠲᠠ ᠤᠤ ᠁ ᠭᠡᠵᠦ ᠲᠡᠭᠡᠨᠡᠭᠡᠯᠵᠡᠨ ᠠᠰᠠᠭᠤᠬᠤ ᠳ᠋ᠤᠨᠢ《ᠶᠠᠭᠠᠬᠢᠭᠠᠳ ᠮᠡᠳᠡᠳᠡᠭ ᠪᠢᠯᠡ》 ᠭᠡᠰᠡᠨ ᠡᠷᠡᠭᠡᠯᠵᠡᠭᠡ ᠲᠥᠷᠥᠭᠦᠯᠦᠭᠰᠡᠨ ᠠᠰᠠᠭᠤᠯᠲᠠ ᠪᠠᠢᠯ᠎ᠠ᠃
     — ᠨᠠᠳᠠ ᠲᠠᠢ ᠪᠦᠷᠭᠦᠳ ᠦ᠋ᠨ ᠴᠠᠭᠴᠠᠬᠠᠢ ᠪᠠᠷᠢᠬᠤ ᠪᠠᠷ ᠬᠠᠳᠠᠨ ᠳ᠋ᠤ᠌ ᠠᠪᠠᠷᠢᠵᠤ ᠶᠠᠪᠤᠭᠠᠳ ᠨᠢᠰᠴᠦ ᠦᠬᠦᠬᠦ ᠰᠢᠬᠠᠭᠰᠠᠨ ᠶᠤᠮ ᠃ᠵᠣᠳᠪᠠᠪᠠᠭᠠᠲᠤᠷ ᠢ᠋ ᠪᠢ ᠪᠤᠭᠤᠢᠯᠢᠳᠠᠵᠤ ᠲᠣᠭᠲᠠᠭᠠᠭᠰᠠᠨ᠃ᠭᠡᠲᠡᠯ᠎ᠡ ᠲᠡᠷᠡ ᠢᠴᠢᠬᠦ ᠳ᠋ᠡᠭᠡᠨ ᠮᠢᠨᠦ ᠥᠷᠥᠭᠡᠰᠦᠨ ᠭᠤᠲᠤᠯ ᠢ᠋ ᠰᠤᠭᠤ ᠲᠠᠲᠠᠵᠤ ᠬᠠᠳᠠᠨ ᠬᠠᠪᠴᠢᠯ ᠤᠷᠤᠭᠤ ᠰᠢᠳᠡᠴᠢᠬᠡᠭᠡᠳ ᠤᠬᠢᠯᠠᠵᠤ ᠪᠠᠢᠭᠰᠠᠨ᠃ ᠳᠠᠷᠠᠭ᠎ᠠ ᠨᠢ ᠴᠠᠭᠴᠠᠬᠠᠢ  ᠶᠢ ᠲᠡᠪᠡᠷᠢᠵᠦ《ᠨᠠᠮ᠎ᠠ ᠶ᠋ᠢ ᠪᠠᠷᠢᠭᠰᠠᠨ ᠭᠡᠵᠦ ᠬᠡᠯᠡᠴᠢᠬᠡᠶ᠎ᠡ᠃ ᠬᠠᠭᠠᠨ ᠪᠣᠯᠬᠤ ᠬᠥᠮᠦᠨ ᠡᠷᠲᠡ ᠲᠠᠨᠢᠭᠳᠠᠬᠤ ᠶᠣᠰᠣᠲᠠᠢ》 ᠭᠡᠵᠦ ᠪᠠᠢᠭᠰᠠᠨ᠃ᠲᠡᠭᠡᠬᠦ ᠳ᠋ᠦ᠍ ᠪᠢ 《ᠦᠬᠦᠴᠢᠬᠡᠭᠡ ᠦᠭᠡᠢ ᠴᠢᠨᠢ ᠶᠡᠬᠡ ᠶᠠᠭᠤᠮ᠎ᠠ ᠪᠢᠰᠢᠦ》ᠭᠡᠵᠦ ᠬᠡᠯᠡᠭᠰᠡᠨ ᠭᠡᠮᠡᠨ ᠭᠠᠯᠳᠠᠮ᠎ᠠ ᠪᠠᠭᠠᠲᠤᠷ ᠬᠠᠲᠤᠨ ᠳ᠋ᠤ᠌ ᠥᠭᠦᠯᠡᠪᠡ᠃
—  ᠵᠣᠳᠪᠠᠪᠠᠭᠠᠲᠤᠷ  ᠲᠡᠭᠡᠪᠡᠯ ᠪᠦᠷ ᠡᠷᠲᠡᠨ ᠡᠴᠡ ᠬᠠᠭᠠᠨ ᠪᠣᠯᠬᠤ ᠶ᠋ᠢ ᠰᠠᠨᠠᠭᠠᠷᠬᠠᠳᠠᠭ ᠪᠠᠢᠵᠠᠢ ᠭᠡᠮᠡᠨ ᠶᠦᠮ ᠠᠭ᠎ᠠ ᠡᠬᠡ ᠬᠡᠯᠡᠭᠡᠳ《ᠢᠴᠢᠭᠦᠷᠢᠲᠡᠢ ᠶᠦᠮ》 ᠭᠡᠵᠦ ᠪᠣᠳᠣᠪᠠ᠃
     — ᠵᠣᠳᠪᠠᠪᠠᠭᠠᠲᠣᠷ ᠤ᠋ᠨ ᠴᠠᠭᠠᠨ᠎ᠠ ᠬᠡᠨ ᠨᠢᠭᠡᠨ ᠪᠠᠢᠵᠤ ᠮᠡᠳᠡᠨ᠎ᠡ᠃
ᠬᠠᠷᠢᠨ ᠬᠡᠨ ᠪᠠᠢᠵᠤ ᠲᠠᠭᠠᠷᠠᠬᠤᠪ?
     — ᠯᠠᠪ ᠠᠬ᠎ᠠ ᠨᠢ ᠪᠠᠢᠭ᠎ᠠ᠃
     — ᠴᠡᠴᠡᠨ ᠳᠠᠭᠤ ᠴᠥᠭᠡᠨᠲᠡᠢ᠂ ᠳᠣᠲᠣᠭᠤᠷ ᠲᠠᠮᠢᠷ ᠲᠠᠢ᠃
ᠵᠣᠳᠪᠠᠪᠠᠭᠠᠲᠣᠷ᠂ ᠴᠡᠴᠡᠨ ᠬᠣᠶᠠᠷ ᠬᠤᠤᠪᠢᠯᠳᠤᠵᠤ ᠬᠠᠭᠠᠨ ᠳ᠋ᠤ᠌ ᠭᠡᠮ ᠬᠢᠵᠦ ᠮᠡᠳᠡᠨ᠎ᠡ᠃ ᠰᠡᠩᠭᠡ ᠪᠣᠯ ᠬᠠᠭᠠᠨ ᠰᠠᠭᠤᠳᠠᠯ ᠳ᠋ᠤ᠌ ᠲᠡᠩᠴᠡᠬᠦ ᠬᠥᠮᠦᠨ᠃ ᠲᠡᠷᠡ ᠪᠠᠯᠴᠢᠷ ᠪᠤᠰᠤ᠂ᠲᠡᠳᠡᠨ ᠦ᠌ ᠬᠤᠤᠪᠢᠯᠳᠤᠯᠭᠠᠨ ᠢ᠋ ᠵᠣᠭᠰᠣᠭᠠᠬᠤ ᠬᠡᠷᠡᠭᠲᠡᠢ᠃
     — ᠰᠡᠪᠳᠡᠡᠵᠡᠯ ᠨᠢᠭᠤᠷ ᠪᠤᠷᠤᠭᠤᠯᠠᠭᠰᠠᠨ᠁
     — ᠮᠢᠨᠦ ᠮᠢᠩᠭᠠᠲᠤ ᠴᠡᠷᠢᠭ ᠴᠣᠷᠣᠰ ᠠᠢᠮᠠᠭ ᠤ᠋ᠨ ᠬᠦᠷᠢᠶᠡᠨ ᠦ᠌ ᠣᠢᠷᠠᠯᠴᠠᠭ᠎ᠠ ᠬᠤᠸᠠᠷᠠᠩᠨᠠᠵᠤ᠂ᠢᠯᠡ ᠳᠠᠯᠳᠠ ᠶᠠᠪᠤᠳᠠᠯ ᠳ᠋ᠤ᠌ ᠰᠣᠨᠣᠷ ᠰᠣᠷᠭᠣᠭ ᠪᠠᠢᠶ᠎ᠠ᠃
     ᠬᠠᠷ᠎ᠠ ᠡᠷᠴᠢᠰ ᠮᠥᠷᠡᠨ ᠪᠤᠯᠠᠩᠭᠢᠷᠲᠤᠨ ᠤᠷᠤᠰᠴᠤ ᠪᠠᠢᠯ᠎ᠠ᠃ ᠬᠣᠲᠠ ᠬᠦᠷᠢᠶᠡᠨ ᠦ᠌ ᠳᠤᠮᠳᠠᠭᠤᠷ ᠠᠶᠠᠨᠴᠢᠳ ᠤ᠋ᠨ ᠬᠥᠰᠬᠡ ᠥᠩᠭᠡᠷᠡᠵᠦ᠂ ᠴᠠᠢ ᠳᠠᠪᠤᠰᠤ ᠬᠤᠳᠠᠯᠳᠤᠨ ᠠᠪᠴᠤ ᠣᠷᠣᠨ ᠳ᠋ᠤᠨᠢ ᠰᠠᠪᠠ᠂ ᠰᠠᠭᠤᠯᠠᠭ᠎ᠠ ᠥᠭᠴᠦ ᠪᠠᠢᠨ᠎ᠠ᠃ᠬᠣᠯᠲᠣᠰᠣ ᠨᠢ ᠪᠠᠷᠤᠭ ᠴᠢᠯᠠᠭᠤᠵᠢᠬᠤ ᠰᠢᠬᠠᠭᠰᠠᠨ ᠤᠯᠢᠶᠠᠰᠤᠨ ᠤ᠋ ᠳᠣᠣᠭᠤᠷ ᠭᠠᠯᠳᠠᠮ᠎ᠠ ᠪᠠᠭᠠᠲᠤᠷ ᠬᠠᠷᠬᠢᠭᠤᠯᠤᠨ ᠣᠳᠪᠠ᠃ᠤᠯᠢᠶᠠᠰᠤᠨ ᠤ᠋ ᠥᠷᠭᠡᠨ ᠰᠤᠨᠢᠶᠠᠭᠠᠷ ᠮᠥᠴᠢᠷ ᠳᠡᠭᠡᠷ᠎ᠡ ᠵᠣᠣᠪᠠ ᠲᠠᠢᠭᠠᠨ ᠬᠡᠪᠲᠡᠨ᠎ᠡ᠃ ᠵᠣᠣᠪᠠ ᠲᠠᠢᠭᠠᠨ ᠤ᠋ ᠭᠡᠷ ᠢ᠋ ᠶᠦᠮ ᠠᠭ᠎ᠠ ᠬᠠᠲᠤᠨ ᠤ᠋ ᠭᠡᠷ ᠡᠴᠡ ᠬᠣᠯᠠᠳᠤᠭᠤᠯᠵᠤ ᠪᠣᠷᠣᠴᠤᠳ ᠤ᠋ᠨ ᠬᠣᠷᠢᠶᠠᠯᠠᠯ ᠳ᠋ᠤ᠌ ᠪᠠᠷᠢᠵᠠᠢ᠃

ᠠᠷᠪᠠᠨ ᠬᠣᠶᠠᠷ

      ᠪᠢᠰᠢᠯᠭᠠᠯ ᠠ᠋ᠴᠠ ᠭᠠᠯᠳᠠᠨ ᠯᠠᠮᠠ ᠨᠡᠯᠢᠶᠡᠳ ᠶᠠᠳᠠᠷᠠᠭᠤ ᠢᠷᠡᠪᠡ᠃ ᠲᠡᠭᠦᠨ ᠦ᠌ ᠪᠡᠶ᠎ᠡ ᠪᠠᠷᠤᠭᠲᠠᠢ ᠶ᠋ᠢ ᠠᠵᠢᠭᠯᠠᠭᠰᠠᠨ ᠭᠠᠢᠳᠠᠪ ᠰᠥᠬᠥᠷᠡᠨ ᠰᠠᠭᠤᠵᠤ᠂
   —ᠯᠠᠮᠠᠳᠠᠨ ᠲᠠᠨ ᠤ᠋ ᠯᠠᠭᠱᠠᠨ ᠳᠣᠣᠷᠠᠳᠠᠪᠠ ᠤᠤ? ᠶᠠᠭᠤᠨ ᠠ᠋ᠴᠠ ᠪᠣᠯᠪᠠ? ᠲᠠᠨ ᠤ᠋ ᠴᠢᠷᠠᠢ ᠰᠢᠷ᠎ᠠ ᠪᠠᠢᠨ᠎ᠠ᠃ᠲᠤᠢᠯᠳᠠᠵᠤ ᠰᠢᠨᠠᠯᠵᠠᠢ ᠭᠡᠮᠡᠨ ᠥᠴᠢᠬᠦ ᠳ᠋ᠦ᠍ ᠭᠠᠯᠳᠠᠨ ᠰᠠᠢᠨ ᠨᠥᠬᠥᠷ ᠦ᠋ᠨ ᠢ᠋ᠶ᠋ᠡᠨ ᠥᠷᠦᠪᠴᠢ ᠰᠡᠳᠬᠢᠯ ᠢ᠋ ᠵᠥᠭᠡᠯᠡᠯᠡᠵᠦ᠂
     — ᠳᠣᠲᠣᠭᠠᠳᠤ ᠲᠠᠮᠢᠷ ᠠᠯᠳᠠᠷᠠᠭᠠᠳ᠁ ᠭᠡᠵᠦ ᠠᠷᠠᠢᠬᠠᠨ ᠥᠴᠢᠭᠡᠳ ᠡᠪᠬᠡᠷᠡᠪᠡ᠃
      ᠭᠠᠯᠳᠠᠨ ᠢ᠋ ᠡᠪᠡᠳᠬᠦ ᠳ᠋ᠦ᠍ ᠭᠠᠢᠳᠠᠪ ᠬᠠᠮᠲᠤ ᠡᠪᠡᠳᠴᠦ ᠪᠢᠯᠡ᠃ ᠴᠣᠬᠣᠮ ᠳ᠋ᠠᠭᠠᠨ ᠭᠠᠢᠳᠠᠪ ᠤ᠋ᠨ ᠪᠡᠶ᠎ᠡ ᠡᠷᠡᠭᠦᠯ ᠬᠢᠷᠢᠨ᠎ᠡ ᠰᠡᠳᠬᠢᠯ ᠡᠪᠡᠳᠦᠭᠰᠡᠨ ᠪᠠᠢᠪᠠ᠃ ᠭᠠᠢᠳᠠᠪ ᠤ᠋ᠨ ᠨᠢᠳᠦᠨ ᠳ᠋ᠦ᠍ ᠲᠤᠩᠭᠠᠯᠠᠭ ᠨᠢᠯᠪᠤᠰᠤ ᠴᠠᠢᠯᠡᠩᠨᠠᠵᠤ ᠪᠠᠢᠬᠤ ᠶ᠋ᠢ ᠬᠠᠷᠠᠪᠠ᠃ ᠲᠥᠪᠡᠳ ᠦ᠋ᠨ ᠴᠠᠰᠤᠲᠤ ᠠᠭᠤᠯᠠ ᠶ᠋ᠢᠨ ᠶᠠᠩ ᠲᠠᠭᠲᠤ ᠳ᠋ᠤ᠌ ᠵᠠᠭᠤ ᠵᠠᠭᠤᠨ ᠵᠢᠯ ᠳᠠᠷᠤᠭᠳᠠᠵᠤ ᠡᠪᠡᠰᠦ ᠨᠣᠭᠣᠭᠠᠨ ᠤ᠋ ᠳᠦᠷᠰᠦ ᠬᠡᠯᠪᠡᠷᠢ ᠨᠢ ᠬᠦᠷᠲᠡᠯ᠎ᠡ ᠥᠭᠡᠷᠡᠴᠢᠯᠡᠭᠳᠡᠵᠦ ᠡᠮ ᠦ᠋ᠨ ᠠᠭᠤᠯᠤᠮᠵᠢᠲᠠᠢ ᠪᠣᠯᠤᠭᠰᠠᠨ ᠲᠢᠶᠠᠨ ᠱᠢ ᠤᠷᠭᠤᠮᠠᠯ ᠢ᠋ᠶ᠋ᠠᠷ ᠮᠢᠨᠦ ᠬᠣᠣᠷᠳᠠᠯ ᠢ᠋ ᠲᠠᠢᠯᠬᠤ ᠭᠡᠵᠦ ᠡᠮ ᠪᠠᠷᠢᠶᠠᠴᠢ ᠮᠠᠷᠠᠮᠪᠠ ᠨᠠᠷ ᠴᠥᠬᠥᠷᠡᠯᠲᠡ ᠦᠭᠡᠢ ᠣᠷᠣᠯᠳᠣᠪᠠ᠃ᠲᠠᠪᠤᠨ ᠴᠤᠯᠤ ᠡᠷᠬᠡᠲᠡᠨ ᠰᠢᠷ᠎ᠠ ᠠ᠋ᠴᠠ ᠪᠣᠯᠵᠤ ᠱᠦᠭᠦᠷᠡᠯ ᠨᠢ ᠠᠯᠳᠠᠭᠳᠠᠭᠰᠠᠨ ᠭᠡᠵᠦ ᠳᠣᠮᠴᠢ ᠮᠠᠷᠠᠮᠪᠠ ᠠᠢᠯᠠᠳᠤᠭᠰᠠᠨ ᠪᠢᠯᠡ᠃ ᠵᠡᠭᠦᠨᠭᠠᠷ ᠤ᠋ᠨ ᠬᠠᠭᠠᠨᠲᠤ ᠤᠯᠤᠰ  ᠲᠤ ᠲᠥᠪᠡᠳ ᠦ᠋ᠨ ᠳ᠋ᠶ᠋ᠸ᠎ᠠ ᠰᠠᠩᠵᠠᠢᠵᠠᠮᠰᠤ ᠡᠯᠴᠢ ᠳᠣᠪᠲᠣᠯᠭᠠᠨ ᠣᠴᠢᠵᠤ ᠬᠠᠲᠤᠨ ᠡᠬᠡ ᠳ᠋ᠦ᠍ ᠬᠡᠯᠡ ᠳᠣᠭᠣᠯᠭᠠᠵᠤ《ᠠᠮᠤᠷ ᠲᠠᠢᠪᠤᠩ ᠪᠠᠢ᠃ ᠠᠶᠠᠨᠳᠠᠭᠠᠨ ᠬᠤᠪᠢᠯᠭᠠᠨ ᠯᠠᠮᠠ ᠶ᠋ᠢᠨ ᠪᠡᠶ᠎ᠡ ᠢᠯᠠᠷᠢᠰᠢᠵᠤ ᠬᠡᠪ ᠦ᠋ᠨ ᠪᠣᠯᠤᠨ᠎ᠠ》ᠭᠡᠬᠦ ᠳ᠋ᠦ᠍ ᠶᠦᠮ ᠠᠭ᠎ᠠ ᠬᠠᠲᠤᠨ ᠡᠬᠡ᠂
    — ᠮᠠᠨ ᠤ᠋ ᠣᠢᠷᠠᠳ ᠮᠣᠩᠭᠣᠯᠴᠤᠳ ᠡᠬᠡ ᠲᠡᠢ ᠬᠥᠮᠦᠨ ᠦᠬᠦᠳᠡᠭ ᠦᠭᠡᠢ ᠭᠡᠵᠦ ᠶᠠᠷᠢᠳᠠᠭ᠃ᠨᠠᠳᠠ ᠬᠥᠪᠡᠭᠦᠨ ᠢ᠋ᠶ᠋ᠡᠨ ᠡᠮᠨᠡᠬᠦ ᠡᠮ ᠪᠣᠢ ᠭᠡᠮᠡᠨ ᠬᠡᠯᠡᠭᠡᠳ ᠡᠮᠴᠢ ᠵᠠᠷᠤᠨ ᡀᠠᠰᠠ ᠬᠣᠲᠠᠨ᠎ᠠ ᠬᠦᠷᠦᠯᠴᠡᠨ ᠢᠷᠡᠭᠰᠡᠨ ᠶᠤᠮᠳᠠᠭ᠃ᠢᠷᠡᠭᠰᠡᠨ ᠳᠠᠷᠤᠢ ᠳ᠋ᠠᠭᠠᠨ ᠬᠠᠲᠤᠨ ᠡᠬᠡ ᠨᠢᠭᠡᠨ ᠵᠦᠢᠯ ᠦ᠋ᠨ ᠰᠢᠩᠭᠡᠨ ᠢ᠋ ᠭᠠᠤᠯᠢᠨ ᠴᠥᠭᠥᠴᠡ ᠪᠡᠷ ᠭᠠᠯᠳᠠᠨ ᠳ᠋ᠤ᠌ ᠤᠤᠭᠤᠯᠭᠠᠪᠠ᠃ᠡᠪᠡᠳᠴᠢᠨ ᠳ᠋ᠦ᠍ ᠳᠠᠷᠤᠩᠭᠤᠢᠯᠠᠭᠳᠠᠭᠰᠠᠨ ᠴᠢᠷᠠᠢ ᠶ᠋ᠢ ᠠᠵᠢᠭᠰᠠᠨ ᠡᠬᠡ᠂
    — ᠬᠥᠪᠡᠭᠦᠨ ᠮᠢᠨᠢ ᠳᠣᠯᠣᠭ᠎ᠠ ᠬᠣᠨᠣᠭ ᠤ᠋ᠨ ᠳᠠᠷᠠᠭ᠎ᠠ ᠰᠠᠷᠠᠭᠤᠯᠬᠠᠨ ᠪᠣᠯᠤᠨ᠎ᠠ᠃ᠴᠢᠨᠦ ᠵᠣᠪᠬᠢ ᠳ᠋ᠤ᠌ ᠨᠠᠷᠠ ᠰᠠᠷᠠ ᠪᠠᠢᠨ᠎ᠠ᠃ᠳᠣᠲᠣᠭᠠᠳᠤ ᠲᠠᠮᠢᠷ ᠰᠡᠷᠭᠦᠨ᠎ᠡ ᠭᠡᠵᠦ ᠥᠭᠦᠯᠡᠪᠡ᠃
      ᠭᠠᠯᠳᠠᠨ ᠢ᠋ ᠠᠰᠠᠷᠠᠵᠤ ᠪᠣᠢ ᠭᠠᠢᠳᠠᠪ᠂ᠠᠶᠠᠭᠠᠴᠢ ᠯᠠᠮᠠ ᠴᠣᠢ ᠬᠣᠶᠠᠭᠤᠯᠠ ᠪᠠᠨ ᠬᠠᠲᠤᠨ ᠡᠬᠡ ᠳ᠋ᠦ᠍ ᠲᠤᠰᠠᠯᠠᠳᠠᠭ ᠪᠠᠢᠯ᠎ᠠ᠃ᠬᠠᠲᠤᠨ ᠡᠬᠡ ᠶ᠋ᠢ ᡀᠠᠰᠠ ᠳ᠋ᠤ᠌ ᠢᠷᠡᠬᠦ ᠦᠶ᠎ᠡ ᠪᠡᠷ ᠲᠦᠮᠡᠨ ᠭᠠᠵᠠᠷ ᠤ᠋ᠨ ᠮᠥᠷᠭᠥᠯᠴᠢᠳ ᠪᠤᠳᠠᠭᠠᠯᠠᠵᠤ ᠣᠯᠠᠨ ᠤ᠋ ᠬᠥᠯ ᠶᠡᠬᠡᠰᠦᠭᠰᠡᠨ ᠪᠢᠯᠡ᠃ ᠡᠬᠡ ᠶ᠋ᠢᠨ ᠴᠢᠷᠠᠢ ᠤᠭ ᠤ᠋ᠨ ᠴᠠᠢᠪᠤᠷ ᠪᠥᠭᠡᠳ ᠥᠩᠭᠡ ᠵᠢᠰᠦ ᠨᠢ ᠨᠠᠮᠪᠠ ᠲᠡᠭᠦᠯᠳᠡᠷ᠂ ᠦᠭᠡ ᠶᠠᠷᠢᠶ᠎ᠠ ᠨᠢ ᠳᠥᠯᠭᠡᠬᠡᠨ ᠶᠠᠩᠵᠤ ᠪᠠᠷ ᠢ᠋ᠶ᠋ᠠᠨ ᠪᠥᠯᠥᠭᠡ᠃ ᠬᠣᠯᠠ ᠣᠳᠤᠭᠰᠠᠨ ᠬᠥᠪᠡᠭᠦᠨ ᠢ᠋ᠶ᠋ᠡᠨ ᠶᠡᠬᠡᠳᠡ ᠪᠡᠭᠲᠡᠷᠡᠵᠦ᠂ ᠡᠴᠢᠭᠡ ᠬᠣᠩ ᠲᠠᠢᠵᠢ ᠠ᠋ᠴᠠ ᠬᠣᠢᠰᠢ ᠭᠠᠭᠴᠠᠭᠠᠷᠳᠠᠯ ᠤ᠋ᠨ ᠡᠭᠦᠯᠡ ᠮᠠᠨᠠᠨ ᠪᠦᠷᠬᠦᠭᠰᠡᠨ ᠠᠲᠠᠯ᠎ᠠ ᠶᠦᠮ ᠠᠭ᠎ᠠ ᠬᠠᠲᠤᠨ ᠬᠡᠳᠦᠢᠨ ᠵᠣᠷᠢᠭ ᠲᠡᠪᠴᠢᠶᠡᠷᠢ ᠭᠠᠷᠭᠠᠵᠠᠢ᠃ ᠶᠦᠮ ᠠᠭ᠎ᠠ ᠬᠠᠲᠤᠨ ᠤ᠋ ᠲᠡᠪᠴᠢᠶᠡᠷᠢ ᠶ᠋ᠢᠨ ᠲᠤᠢᠯ ᠢ᠋ ᠰᠡᠩᠭᠡ ᠭᠠᠯᠳᠠᠨ ᠬᠣᠶᠠᠷ ᠴᠢᠩᠭᠠᠯᠠᠵᠤ᠂ᠲᠡᠷᠡ ᠬᠦ᠌ ᠴᠠᠭ  ᠲᠤ ᠦᠯᠦ ᠮᠤᠯᠲᠤᠷᠠᠬᠤ ᠪᠥᠭᠡᠰᠦ ᠬᠠᠲᠤᠨ ᠡᠬᠡ ᠶ᠋ᠢᠨ ᠡᠮ᠎ᠡ ᠪᠡᠶ᠎ᠡ ᠶ᠋ᠢᠨ ᠭᠠᠩᠰᠠᠷᠠᠯ ᠶᠠᠭᠤ  ᠴᠤ ᠪᠢᠰᠢ ᠪᠥᠯᠥᠭᠡ᠃
      ᠬᠠᠲᠤᠨ ᠡᠬᠡ ᠶ᠋ᠢᠨ ᠲᠠᠯ᠎ᠠ ᠰᠢᠭᠦᠷ ᠳᠠᠢᠴᠢᠩ ᠤ᠋ᠨ ᠤᠳᠤᠮ ᠤ᠋ᠨ ᠬᠢᠨ ᠢᠵᠢᠯ ᠮᠥᠷᠡᠨ ᠦ᠌ ᠬᠥᠪᠡᠭᠡᠨ᠎ᠡ ᠰᠠᠭᠤᠷᠢᠯᠠᠵᠤ ᠣᠷᠣᠰ᠂ ᠲᠠᠲ᠋ᠠᠷ ᠴᠢᠰᠤ ᠲᠠᠢ ᠠᠯᠢ ᠡᠷᠲᠡ ᠬᠣᠯᠢᠯᠳᠤᠵᠠᠢ᠃ ᠢᠵᠢᠯ ᠮᠥᠷᠡᠨ ᠦ᠌ ᠬᠥᠪᠡᠭᠡᠨ ᠳ᠋ᠦ᠍ ᠠᠯᠲᠠᠢ ᠶ᠋ᠢᠨ ᠬᠣᠨᠢ ᠨᠤᠲᠤᠭᠰᠢᠭᠤᠯᠵᠤ ᠪᠠᠭ᠎ᠠ ᠰᠢᠤᠬᠠᠨ ᠴᠡᠮᠪᠡ ᠶ᠋ᠢᠨ ᠹᠠᠪᠷᠢᠺ ᠢ᠋ ᠰᠠᠯᠬᠢᠨ ᠰᠡᠩᠰᠡ ᠪᠡᠷ ᠠᠵᠢᠯᠯᠠᠭᠤᠯᠤᠨ᠎ᠠ᠃ ᠶᠦᠮ ᠠᠭ᠎ᠠ ᠬᠠᠲᠤᠨ ᠤ᠋ ᠳᠡᠭᠦᠦ ᠬᠥᠪᠡᠭᠦᠨ 1 ᠪᠥᠬᠡᠪᠦᠩ ᠹᠠᠪᠷᠢᠺ ᠤ᠋ᠨ ᠡᠵᠡᠨ ᠶᠦᠮ᠃ᠪᠥᠬᠡᠪᠦᠩ ᠭᠤᠷᠪᠠᠨ ᠬᠥᠪᠡᠭᠦᠨ ᠲᠡᠢ᠃ᠠᠵᠢᠯ ᠳ᠋ᠤ᠌ ᠱᠠᠯᠠᠮᠠᠭ ᠬᠥᠪᠡᠭᠦᠨ ᠢ᠋ ᠦᠯᠡᠮᠵᠢ ᠭᠡᠨ᠎ᠡ᠃ ᠹᠠᠪᠷᠢᠺ ᠤ᠋ᠨ ᠡᠭᠡᠷᠡᠭᠰᠡᠨ ᠨᠣᠣᠰᠣ ᠪᠠᠷ ᠰᠡᠪᠰᠡᠭᠡᠷ ᠴᠡᠮᠪᠡ ᠨᠡᠬᠡᠵᠦ ᠦᠯᠡᠮᠵᠢ ᠬᠥᠪᠡᠭᠦᠨ ᠢᠵᠢᠯ ᠮᠥᠷᠡᠨ ᠦ᠌ ᠬᠥᠪᠡᠭᠡ ᠪᠡᠷ ᠬᠣᠲᠠ ᠲᠣᠰᠬᠣᠨ ᠢ᠋ᠶ᠋ᠠᠷ ᠭᠡᠷᠦᠨ ᠶᠠᠪᠤᠵᠤ ᠬᠤᠳᠠᠯᠳᠤᠭᠠᠨ ᠤ᠋ ᠵᠠᠮ ᠭᠠᠷᠭᠠᠭᠰᠠᠨ ᠢ᠋ ᠭᠠᠯᠳᠠᠨ ᠢ᠋ ᠰᠠᠬᠢᠬᠤ ᠵᠠᠭᠤᠷ᠎ᠠ ᠶᠦᠮ ᠠᠭ᠎ᠠ ᠡᠬᠡ ᠬᠦᠦᠷᠨᠢᠨ᠎ᠡ᠃ᠶᠦᠮ ᠠᠭ᠎ᠠ ᠡᠬᠡ ᠳᠡᠭᠦᠦ ᠪᠡᠨ ᠮᠥᠷᠥᠭᠡᠳᠦᠨ ᠰᠠᠨᠠᠭᠠᠯᠵᠠᠬᠤ  ᠨᠢ ᠡᠯᠢᠭᠡ ᠵᠦᠰᠦᠮ᠎ᠡ᠃ ᠬᠠᠲᠤᠨ ᠠᠪᠠᠬᠠᠢ ᠶ᠋ᠢᠨ ᠶᠣᠰᠣ ᠵᠢᠷᠤᠮ ᠰᠠᠬᠢᠵᠤ᠂ ᠬᠥᠪᠡᠭᠦᠳ ᠦ᠋ᠨ ᠢ᠋ᠶ᠋ᠡᠨ ᠲᠥᠯᠥᠭᠡ ᠥᠪᠡᠷ ᠢ᠋ ᠪᠡᠨ ᠡᠯᠡᠭᠡᠵᠦ ᠵᠢᠳᠬᠦᠬᠦ ᠡᠬᠡ ᠶ᠋ᠢᠨ ᠬᠢᠨᠢ ᠰᠠᠨᠴᠢᠭ  ᠲᠤ ᠴᠡᠴᠡᠭ ᠦ᠋ᠨ ᠲᠣᠭᠣᠰᠣ ᠮᠡᠲᠦ ᠪᠤᠭᠤᠷᠤᠯ ᠣᠷᠣᠵᠠᠢ᠃ ᠭᠠᠯᠳᠠᠨ᠂
    — ᠡᠵᠢ ᠮᠢᠨᠢ᠂ ᠲᠠᠨ ᠤ᠋ ᠰᠠᠨᠴᠢᠭ  ᠲᠤ ᠁ ᠭᠡᠲᠡᠯ᠎ᠡ ᠶᠦᠮ ᠠᠭ᠎ᠠ ᠡᠬᠡ ᠬᠡᠵᠢᠶᠡᠨᠡᠢ ᠮᠡᠳᠡᠵᠦ ᠪᠠᠢᠭᠰᠠᠨ ᠲᠤᠯᠠ᠂
  — ᠠᠯᠲᠠᠢ ᠶ᠋ᠢᠨ ᠠᠭᠤᠯᠠ ᠪᠤᠭᠤᠷᠤᠯᠲᠤᠵᠤ ᠪᠠᠢᠬᠤ ᠳ᠋ᠤ᠌ ᠡᠵᠢ ᠨᠢ ᠠᠷᠭ᠎ᠠ ᠦᠭᠡᠢ ᠰᠢᠦ ᠳᠡ ᠭᠡᠵᠡᠢ᠃
    ᠬᠡᠳᠦ ᠬᠣᠨᠣᠭᠠᠳ ᠭᠠᠯᠳᠠᠨ ᠬᠡᠪ ᠦ᠋ᠨ ᠪᠣᠯᠪᠠ᠃ᠭᠤᠷᠪᠠᠨ ᠰᠠᠷ᠎ᠠ ᠢᠯᠡᠭᠦᠦ ᠲᠠᠷᠴᠢᠯᠠᠭᠠᠭᠰᠠᠨ ᠵᠣᠪᠠᠭᠤᠷᠢ ᠨᠢ ᠡᠬᠡ ᠶ᠋ᠢᠨ ᠤᠰᠤᠨ ᠤ᠋ ᠠᠴᠢ ᠪᠠᠷ ᠢᠯᠠᠷᠢᠰᠢᠵᠤ ᠡᠳᠡᠭᠡᠵᠡᠢ᠃ᠲᠥᠪᠡᠳ ᠮᠠᠷᠠᠮᠪᠠ᠂
 —ᠮᠣᠩᠭᠣᠯᠴᠤᠳ ᠰᠢᠳᠢ ᠲᠡᠢ ᠬᠥᠮᠦᠰ᠃ ᠡᠬᠡ ᠶ᠋ᠢᠨ ᠤᠰᠤ ᠴᠤᠯᠤ ᠡᠷᠬᠡᠲᠡᠨ ᠢ᠋ ᠲᠡᠩᠴᠡᠪᠤᠷᠢᠵᠢᠭᠦᠯᠬᠦ ᠳ᠋ᠦ᠍ ᠶᠠᠭᠤᠲᠠᠢ ᠠᠴᠢᠲᠠᠨ ᠪᠣᠢ᠃ ᠬᠤᠪᠢᠯᠭᠠᠨ ᠯᠠᠮᠠ ᠲᠠᠨ ᠢ᠋ ᠪᠢ ᠪᠤᠰᠤ ᠲᠥᠷᠥᠭᠦᠯᠦᠭᠰᠡᠨ ᠡᠬᠡ ᠴᠢᠨᠢ ᠡᠮᠴᠢᠯᠡᠪᠡ᠃ ᠡᠬᠡ ᠶ᠋ᠢᠨ ᠤᠰᠤ ᠪᠠᠷ ᠡᠮᠴᠢᠯᠡᠳᠡᠭ ᠲᠤᠯᠠ ᠵᠠᠰᠠᠯ  ᠢ ᠮᠡᠳᠡᠵᠦ ᠠᠪᠤᠯ᠎ᠠ᠃ ᠵᠣᠷ ᠮᠡᠳᠡᠬᠦ ᠦᠭᠡᠢ ᠯᠠᠮᠠ ᠠ᠋ᠴᠠ ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ ᠭᠡᠮᠡᠨ ᠤᠨᠤᠵᠤ ᠬᠡᠯᠡᠵᠦ ᠰᠢᠦ ᠭᠡᠵᠦ ᠭᠠᠯᠳᠠᠨ ᠳ᠋ᠤ᠌ ᠥᠭᠦᠯᠡᠪᠡ᠃ᠭᠠᠯᠳᠠᠨ ᠬᠠᠷᠢᠭᠤ ᠳ᠋ᠤᠨᠢ᠂
     — ᠮᠠᠷᠠᠮᠪᠠ ᠲᠠᠨ ᠳ᠋ᠤ᠌ ᠲᠠᠯᠠᠷᠬᠠᠪᠠ᠃ᠬᠠᠲᠤᠨ ᠡᠬᠡ ᠮᠥᠳᠳᠥ ᠪᠤᠴᠠᠨ᠎ᠠ᠃ ᠠᠷᠢᠭᠤᠨ ᠳᠤᠭᠠᠩ ᠳ᠋ᠠᠭᠠᠨ ᠪᠢ ᠴᠦ᠍ ᠣᠴᠢᠨ᠎ᠠ ᠭᠡᠯ᠎ᠡ᠃
    ᠮᠠᠷᠠᠮᠪᠠ ᠶ᠋ᠢᠨ ᠲᠠᠷᠭᠤᠨ ᠤᠯᠠᠭᠠᠨ ᠨᠢᠭᠤᠷ ᠲᠣᠰᠣ ᠳᠠᠭᠠᠭᠠᠵᠤ ᠪᠠᠢᠪᠠ᠃ᠭᠠᠯᠳᠠᠨ ᠵᠠᠪᠢᠯᠠᠭ᠎ᠠ ᠲᠠᠢ ᠰᠠᠭᠤᠨ᠎ᠠ᠃ᠪᠤᠷᠬᠠᠳ ᠤ᠋ᠨ ᠳᠦᠷᠢ ᠨᠦ᠍ᠭᠦᠳ ᠶᠦᠮ ᠠᠭ᠎ᠠ ᠬᠠᠲᠤᠨ᠂ᠮᠠᠷᠠᠮᠪᠠ ᠬᠢᠭᠡᠳ ᠭᠠᠢᠲᠠᠪ᠂ ᠠᠶᠠᠭᠠᠴᠢ ᠯᠠᠮᠠ ᠶ᠋ᠢ ᠬᠦᠷᠲᠡᠯ᠎ᠡ ᠠᠳᠠᠯᠢᠬᠠᠨ ᠭᠡᠷᠡᠯᠲᠦᠭᠦᠯᠦᠨ ᠭᠢᠯᠠᠯᠵᠠᠵᠤ ᠠᠪᠠᠢ᠃

ᠠᠷᠪᠠᠨ ᠭᠤᠷᠪᠠ

     ᠮᠣᠳᠣᠨ ᠤ᠋ ᠦᠨᠳᠦᠰᠦ ᠪᠡᠷ ᠳᠥᠩᠭᠡᠵᠦ ᠬᠢᠭᠰᠡᠨ ᠬᠥᠩᠭᠡᠪᠲᠦᠷ ᠠᠶᠠᠭᠠᠨ ᠳ᠋ᠤ᠌ ᠶᠦᠮ ᠠᠭ᠎ᠠ ᠡᠬᠡ ᠴᠠᠢ ᠶ᠋ᠢᠨ ᠢ᠋ᠶ᠋ᠡᠨ ᠳᠡᠭᠡᠵᠢ ᠶ᠋ᠢ ᠠᠶᠠᠭᠠᠯᠠᠵᠤ ᠪᠠᠷᠢᠬᠤ ᠳ᠋ᠤ᠌᠂ᠭᠠᠯᠳᠠᠨ ᠴᠠᠢ ᠶ᠋ᠢᠨ ᠥᠩᠭᠡ ᠶ᠋ᠢ ᠭᠠᠢᠬᠠᠪᠠ᠃ ᠴᠠᠢ ᠶ᠋ᠢᠨ ᠥᠩᠭᠡ ᠨᠣᠭᠣᠭᠠᠨ ᠪᠠᠢᠪᠠ᠃ᠭᠠᠯᠳᠠᠨ ᠴᠠᠢ ᠶ᠋ᠢᠨ ᠥᠩᠭᠡ ᠶ᠋ᠢ ᠠᠵᠢᠭᠯᠠᠬᠤ ᠶ᠋ᠢ ᠬᠠᠲᠤᠨ ᠡᠬᠡ ᠮᠡᠳᠡᠭᠡᠳ᠂
   — ᠨᠤᠲᠤᠭ ᠤ᠋ᠨ ᠴᠠᠢ ᠭᠡᠵᠦ ᠬᠡᠯᠡᠪᠡ᠃
   — ᠣᠢᠷᠠᠳ ᠲᠤ᠌ ᠨᠣᠭᠣᠭᠠᠨ ᠴᠠᠢ ᠤᠷᠭᠤᠳᠠᠭ ᠪᠣᠯᠤᠭᠰᠠᠨ ᠶᠤᠮ ᠤᠤ? ᠭᠡᠵᠦ ᠬᠤᠪᠢᠯᠭᠠᠨ ᠯᠠᠮᠠ ᠠᠰᠠᠭᠤᠪᠠ᠃
   — ᠬᠦᠷᠵᠢ ᠶ᠋ᠢᠨ ᠰᠢᠬᠠᠮᠠᠯ ᠴᠠᠢ ᠲᠠᠰᠤᠷᠠᠭᠰᠠᠨ᠃ᠲᠡᠢᠨ ᠦ᠌ ᠬᠥᠯ ᠳ᠋ᠦ᠍ ᠴᠠᠢ ᠶ᠋ᠢᠨ ᠲᠠᠷᠢᠶᠠᠯᠠᠩ ᠰᠦᠢᠳᠦᠭᠰᠡᠨ ᠭᠡᠨ᠎ᠡ ᠯᠠᠢ᠃ᠣᠢᠷᠠᠳ ᠤᠷᠤᠭᠤ ᠴᠠᠢ ᠶᠠᠪᠤᠭᠤᠯᠬᠤ ᠪᠠᠨ ᠪᠣᠯᠢᠭᠠᠳ ᠤᠳᠠᠵᠤ ᠪᠠᠢᠨ᠎ᠠ᠃ᠮᠠᠨ ᠤ᠋ ᠨᠤᠲᠤᠭ ᠤ᠋ᠨ ᠬᠢᠨ ᠠᠭᠤᠯᠠᠨ ᠳ᠋ᠠᠭᠠᠨ ᠴᠠᠢ ᠶ᠋ᠢᠨ ᠤᠷᠭᠤᠮᠠᠯ ᠲᠠᠢ ᠶᠤᠮ᠃ᠣᠳᠣ ᠠᠢᠯ ᠪᠦᠷᠢ ᠤᠷᠭᠤᠮᠠᠯ ᠢ᠋ᠶ᠋ᠠᠨ ᠤᠤᠭᠤᠵᠤ ᠪᠠᠢᠨ᠎ᠠ ᠭᠡᠵᠦ ᠶᠦᠮ ᠠᠭ᠎ᠠ ᠡᠬᠡ ᠬᠡᠯᠡᠪᠡ᠃
   — ᠲᠡᠷᠡ ᠴᠠᠢ ᠶ᠋ᠢᠨ ᠤᠷᠭᠤᠮᠠᠯ ᠳᠠᠩ ᠨᠣᠭᠣᠭᠠᠨ ᠥᠩᠭᠡ ᠲᠡᠢ ᠤᠤ?
   — ᠦᠭᠡᠢ ᠠ᠋ ᠂ᠬᠥᠪᠡᠭᠦᠨ! ᠨᠣᠭᠣᠭᠠᠨ᠂ ᠰᠢᠷ᠎ᠠ᠂ ᠤᠯᠠᠭᠠᠨ᠂ ᠬᠥᠬᠡ ᠥᠩᠭᠡ ᠲᠡᠢ᠃ᠶᠠᠭᠠᠬᠢᠵᠤ ᠬᠠᠲᠠᠭᠠᠨ᠎ᠠ᠂ᠲᠡᠷᠡ ᠥᠩᠭᠡ ᠪᠡᠷ ᠢ᠋ᠶ᠋ᠡᠨ ᠴᠠᠢ ᠪᠣᠯᠳᠠᠭ᠃
   — ᠶᠠᠮᠠᠷ ᠤᠷᠭᠤᠮᠠᠯ ᠶᠤᠮ ᠪᠣᠢ?
   — ᠮᠢᠭᠮᠠᠨᠰᠠᠩᠵᠠᠢ ᠬᠡᠮᠡᠬᠦ ᠭᠤᠷᠪᠠᠨ ᠬᠣᠣᠰ ᠢ᠋ᠶ᠋ᠠᠷ ᠢ᠋ᠶ᠋ᠠᠨ ᠰᠠᠯᠠᠭᠠᠯᠠᠵᠤ ᠤᠷᠭᠤᠳᠠᠭ ᠨᠠᠪᠴᠢᠲᠤ ᠤᠷᠭᠤᠮᠠᠯ ᠪᠠᠢᠳᠠᠭ ᠶᠤᠮ᠃
 
—ᠡᠵᠢ ᠠ᠋᠂ᠮᠢᠭᠮᠠᠨᠰᠠᠩᠵᠠᠢ ᠭᠡᠨ᠎ᠡ᠃ ᠳᠡᠮᠪᠡᠷᠢᠯ ᠵᠠᠩᠵᠤᠨ ᠤ᠋ ᠥᠬᠢᠨ ᠮᠢᠭᠮᠠᠨᠰᠠᠩᠵᠠᠢ ᠰᠠᠢᠨ ᠪᠢᠵᠡ ᠳᠡ᠃
  — ᠮᠢᠭᠮᠠᠨᠰᠠᠩᠵᠠᠢ ᠨᠥᠬᠥᠷ ᠲᠦ᠍ ᠭᠠᠷᠤᠭᠰᠠᠨ ᠰᠢᠦ ᠳᠡ᠃
    ᠵᠡᠭᠦᠳᠦᠨ ᠳ᠋ᠡᠭᠡᠨ ᠲᠣᠭᠯᠠᠵᠤ᠂ᠠᠭᠲᠠ ᠶ᠋ᠢᠨ ᠰᠠᠢᠨ ᠢ᠋ᠶ᠋ᠠᠷ ᠲᠣᠭᠯᠠᠵᠤ ᠥᠰᠦᠭᠰᠡᠨ ᠮᠢᠭᠮᠠᠨᠰᠠᠩᠵᠠᠢ ᠨᠢ ᠦᠷᠭᠦᠭᠰᠡᠨ ᠵᠡᠭᠡᠷ᠎ᠡ ᠶ᠋ᠢᠨ ᠬᠢ ᠰᠢᠭ ᠲᠣᠷᠮᠣᠯᠵᠠᠭᠰᠠᠨ ᠨᠢᠳᠦ ᠪᠡᠷ ᠰᠢᠷᠲᠡᠵᠦ ᠰᠠᠨᠠᠭᠳᠠᠬᠤ ᠳ᠋ᠤ᠌ ᠭᠠᠯᠳᠠᠨ ᠤ᠋ ᠨᠢᠭᠤᠷ ᠤᠯᠠᠢᠪᠠ᠃ᠴᠠᠢ ᠶ᠋ᠢᠨ ᠨᠠᠪᠴᠢ ᠶ᠋ᠢ ᠮᠢᠭᠮᠠᠨᠰᠠᠩᠵᠠᠢ ᠭᠡᠳᠡᠭ  ᠢ ᠡᠬᠡ ᠡᠴᠡ ᠪᠡᠨ ᠰᠣᠨᠣᠰᠤᠭᠠᠳ《ᠬᠣᠪᠣᠷᠬᠠᠨ ᠨᠡᠷ᠎ᠡ ᠲᠡᠢ ᠥᠬᠢᠨ ᠮᠢᠭᠮᠠᠨᠰᠠᠩᠵᠠᠢ ᠨᠠᠳᠠ ᠳᠤᠷᠠᠰᠤᠭᠳᠠᠬᠤ ᠲᠡᠳᠦᠢ ᠦᠯᠡᠳᠡᠵᠡᠢ᠃ ᠮᠢᠭᠮᠠᠨᠰᠠᠩᠵᠠᠢ ᠴᠡᠴᠡᠭ ᠦ᠋ᠨ ᠪᠤᠳᠠᠩ ᠳᠤᠮᠳᠠ ᠣᠴᠢᠵᠤ ᠪᠠᠢᠭ᠎ᠠ ᠳᠠ》 ᠭᠡᠮᠡᠨ ᠠᠲᠠᠭᠠᠷᠠᠩᠭᠣᠢ ᠪᠣᠳᠣᠭᠰᠠᠨ ᠭᠠᠯᠳᠠᠨ᠂
     —ᠪᠥᠭᠡᠷ᠎ᠡ ᠠᠪᠠᠭᠠᠢ ᠪᠡᠶ᠎ᠡ ᠯᠠᠭᠰᠢᠨ ᠲᠠᠪᠠᠲᠠᠢ ᠤᠤ?ᠭᠡᠵᠦ ᠡᠬᠡ ᠡᠴᠡ ᠪᠡᠨ ᠠᠰᠠᠭᠤᠯ᠎ᠠ᠃ᠡᠬᠡ ᠨᠢ᠂
     —ᠳᠡᠮᠪᠡᠷᠢᠯ ᠵᠠᠩᠵᠤᠨ ᠠ᠋ᠴᠠ ᠬᠣᠢᠰᠢ ᠳᠡᠮᠡᠢ ᠤᠳᠠᠯ ᠦᠭᠡᠢ ᠱᠠᠮᠪᠠᠯ ᠤ᠋ᠨ ᠣᠷᠣᠨ ᠳ᠋ᠤ᠌ ᠵᠠᠯᠠᠷᠠᠭᠰᠠᠨ ᠭᠡᠪᠡ᠃
      ᠪᠥᠭᠡᠷ᠎ᠡ ᠡᠬᠡᠨᠡᠷ ᠦ᠋ᠨ ᠡᠴᠢᠭᠡ ᠨᠢ ᠬᠠᠭᠠᠨ ᠤ᠋ ᠠᠭᠲᠠᠴᠢᠨ ᠪᠠᠢᠵᠠᠢ᠃ ᠳᠡᠮᠪᠡᠷᠢᠯ ᠮᠥᠨ ᠠᠭᠲᠠᠴᠢᠨ ᠪᠠᠢᠪᠠ᠃ᠡᠴᠢᠭᠡ ᠲᠡᠢ ᠨᠢ ᠡᠭᠡᠯᠵᠢᠯᠡᠨ ᠠᠭᠲᠠ ᠮᠠᠨᠠᠳᠠᠭ ᠪᠠᠢᠬᠤ ᠳ᠋ᠠᠭᠠᠨ ᠳᠡᠮᠪᠡᠷᠢᠯ ᠰᠥᠨᠢ ᠬᠤᠭᠤᠰᠯᠠᠨ ᠪᠥᠭᠡᠷ᠎ᠡ ᠲᠡᠢ ᠠᠭᠤᠯᠵᠠᠨ᠎ᠠ᠃ ᠪᠥᠭᠡᠷ᠎ᠡ ᠪᠣᠷᠣᠭᠠᠨ ᠲᠠᠢ᠂ ᠴᠠᠰᠤ ᠲᠠᠢ ᠠᠯᠢ ᠴᠤ᠌ ᠴᠠᠭ ᠲᠤ᠌ ᠳᠡᠮᠪᠡᠷᠢᠯ ᠦ᠋ᠨ ᠮᠣᠷᠢᠨ ᠲᠦᠪᠡᠷᠭᠡᠨ ᠢ ᠴᠢᠩᠨᠠᠵᠤ ᠳᠥᠷᠥᠭᠡ ᠬᠠᠩᠭᠢᠬᠤ ᠳ᠋ᠤ᠌ ᠪᠡᠶᠡᠰᠦᠨ᠎ᠡ᠃ᠳᠡᠮᠪᠡᠷᠢᠯ ᠦ᠋ᠨ ᠳ᠋ᠦ᠍ ᠬᠥᠪᠡᠭᠦᠨ ᠥᠬᠢᠨ ᠬᠣᠶᠠᠷ ᠵᠠᠶᠠᠭᠠᠵᠠᠢ᠃ ᠬᠥᠪᠡᠭᠦᠨ ᠠᠷᠴᠠ ᠡᠪᠦᠭᠡ ᠡᠴᠢᠭᠡ ᠰᠢᠭ ᠢ᠋ᠶ᠋ᠡᠨ ᠭᠥᠷᠥᠭᠡᠴᠢᠨ ᠪᠣᠯᠵᠠᠢ᠃ ᠬᠥᠪᠡᠭᠦᠨ ᠠᠷᠴᠠ ᠶ᠋ᠢ ᠭᠥᠷᠥᠭᠡᠴᠢᠨ ᠦ᠌ ᠬᠠᠷᠭᠤᠢ ᠵᠠᠮ ᠠ᠋ᠴᠠ ᠡᠴᠢᠭᠡ ᠨᠢ ᠠᠮᠢᠳᠤ ᠠᠬᠤᠢ ᠳ᠋ᠠᠭᠠᠨ ᠲᠡᠳᠡᠨ ᠭᠠᠷᠭᠠᠵᠤ ᠬᠠᠭᠠᠨ ᠤ᠋ ᠲᠣᠷᠭᠠᠨ ᠴᠡᠷᠢᠭ ᠲᠦ᠍ ᠠᠪᠴᠢᠷᠠᠪᠠ᠃ᠠᠩᠬᠠᠨ ᠳ᠋ᠠᠭᠠᠨ ᠠᠷᠴᠠ ᠴᠡᠷᠢᠭ ᠦ᠋ᠨ ᠬᠦᠷᠢᠶᠡᠨ ᠦ᠌ ᠡᠳᠦᠷ ᠳᠣᠳᠣᠮ ᠤ᠋ᠨ ᠪᠣᠷᠣᠭ ᠠᠮᠢᠳᠤᠷᠠᠯ ᠠ᠋ᠴᠠ ᠤᠢᠳᠴᠤ᠂
     — ᠡᠴᠢᠭᠡ ᠮᠢᠨᠢ ᠨᠠᠮᠠᠶ᠋ᠢ ᠴᠡᠷᠢᠭ ᠡᠴᠡ ᠴᠢᠯᠥᠭᠡᠯᠡᠵᠦ ᠥᠭᠭᠦᠭᠡᠴᠢ ᠭᠡᠵᠦ ᠬᠦᠰᠡᠬᠦ ᠳ᠋ᠦ᠍ ᠳᠡᠮᠪᠡᠷᠢᠯ ᠵᠠᠩᠵᠤᠨ᠂
    —  ᠴᠢᠮᠠᠶ᠋ᠢ ᠣᠢᠷᠠᠳ ᠰᠡᠯᠡᠮ᠎ᠡ ᠪᠣᠯᠭᠠᠨ᠎ᠠ᠃ᠰᠡᠯᠡᠮ᠎ᠡ ᠪᠣᠯ ᠴᠠᠪᠴᠢᠬᠤ ᠳ᠋ᠤ᠌ ᠵᠣᠷᠢᠭᠤᠯᠤᠭᠳᠠᠭᠰᠠᠨ ᠪᠢᠯᠡ᠃ ᠴᠠᠪᠴᠢᠵᠤ ᠡᠰᠡ ᠴᠢᠳᠠᠪᠠᠯ ᠴᠢ ᠦᠬᠦᠨ᠎ᠡ᠃ᠴᠢᠨᠦ ᠡᠪᠦᠭᠡ ᠡᠴᠢᠭᠡ ᠰᠠᠬᠠᠯᠲᠤ ᠭᠥᠷᠥᠭᠡᠴᠢᠨ ᠤᠭᠠᠯᠵᠠ ᠶ᠋ᠢᠨ ᠠᠷᠤ ᠠ᠋ᠴᠠ ᠤᠬᠠᠭᠠᠨ ᠦᠭᠡᠢ ᠠᠯᠳᠠᠵᠤ ᠶᠠᠪᠤᠭᠠᠳ ᠬᠠᠳᠠᠨ ᠠ᠋ᠴᠠ ᠨᠢᠰᠴᠦ ᠦᠬᠦᠭᠰᠡᠨ ᠶᠦᠮ᠃ᠴᠢ ᠣᠢᠷᠠᠳ ᠤ᠋ᠨ ᠳᠠᠢᠰᠤᠨ ᠢ ᠨᠣᠮᠣᠬᠠᠷᠠᠭᠤᠯᠬᠤ ᠳ᠋ᠤ᠌ ᠠᠮᠢ ᠪᠠᠨ ᠥᠭ ᠭᠡᠯ᠎ᠡ᠃ᠠᠷᠴᠠ ᠬᠥᠪᠡᠭᠦᠨ ᠡᠴᠢᠭᠡ ᠶ᠋ᠢ ᠪᠡᠨ ᠶᠠᠩᠵᠤ ᠪᠦᠷᠢ ᠪᠡᠷ ᠢᠳᠬᠠᠬᠤ ᠶ᠋ᠢ ᠣᠷᠣᠯᠳᠣᠭᠠᠳ ᠡᠰᠡ ᠳᠡᠢᠯᠵᠡᠢ᠃ ᠪᠦᠷ ᠰᠡᠭᠦᠯ ᠳ᠋ᠡᠭᠡᠨ ᠠᠷᠴᠠ᠂
     — ᠨᠠᠮᠠᠶ᠋ᠢ ᠲᠠ ᠭᠥᠷᠥᠭᠡᠴᠢᠨ ᠤᠳᠤᠮ ᠠ᠋ᠴᠠ ᠮᠢᠨᠢ ᠰᠠᠯᠭᠠᠪᠠ᠃ ᠪᠢ ᠠᠯᠲᠠᠢ᠂ᠬᠠᠩᠭᠠᠢ ᠶ᠋ᠢᠨ ᠬᠡᠰᠡᠭ  ᠢ ᠣᠯᠠᠨ ᠢ᠋ᠶ᠋ᠠᠷ ᠠᠪᠠᠯᠠᠬᠤ ᠪᠠᠢᠭᠰᠠᠨ ᠶᠤᠮ᠃ ᠲᠡᠭᠡᠲᠡᠯ᠎ᠡ ᠲᠠ  ᠨᠠᠮᠠᠶ᠋ᠢ ᠬᠥᠮᠦᠨ ᠠᠯᠠᠬᠤ ᠳᠣᠩᠲᠠᠨ ᠪᠣᠯᠭᠠᠪᠠ᠃ᠲᠠᠨ ᠤ᠋ ᠬᠢ ᠪᠡᠷ ᠪᠣᠯᠤᠶ᠎ᠠ ᠭᠡᠵᠡᠢ᠃ᠬᠠᠷᠢᠨ ᠡᠴᠢᠭᠡ ᠪᠡᠨ ᠭᠡᠨᠡ ᠰᠡᠷᠡᠭ ᠦᠭᠡᠢ ᠠᠯᠠᠭᠳᠠᠬᠤ ᠳ᠋ᠤ᠌ ᠠᠷᠴᠠ ᠪᠠᠭᠠᠲᠤᠷ ᠬᠠᠷᠠᠭᠤᠰᠴᠤ᠂ 
   —ᠪᠢ ᠰᠡᠯᠡᠮ᠎ᠡ ᠪᠡᠨ ᠴᠢᠰᠤᠨ ᠳ᠋ᠤ᠌ ᠲᠥᠷᠥᠨ᠎ᠡ ᠭᠡᠮᠡᠨ ᠬᠠᠰᠬᠢᠷᠴᠠᠢ᠃

ᠠᠷᠪᠠᠨ ᠳᠥᠷᠪᠡ

    ᠭᠠᠯᠳᠠᠨ ᠪᠡᠶ᠎ᠡ ᠢᠯᠠᠷᠢᠰᠢᠵᠤ ᠬᠠᠲᠤᠨ ᠡᠬᠡ ᠶ᠋ᠢᠨ ᠬᠥᠰᠬᠡ ᠨᠡᠭᠦᠳᠡᠯ ᠣᠳᠤᠭᠰᠠᠨ ᠬᠣᠢᠨ᠎ᠠ ᠥᠪᠡᠷ ᠢ᠋ ᠪᠡᠨ ᠳᠠᠬᠢᠨ ᠲᠥᠷᠥᠭᠰᠡᠨ ᠭᠠᠯᠳᠠᠨ ᠪᠠᠢᠭ᠎ᠠ ᠶ᠋ᠢ ᠣᠯᠵᠤ ᠮᠡᠳᠡᠪᠡ᠃
    ᠬᠠᠲᠤᠨ ᠡᠬᠡ ᠨᠠᠮᠠᠶ᠋ᠢ ᠳᠠᠬᠢᠨ ᠳᠦᠷᠦᠭᠦᠯᠦᠭᠡᠳ ᠪᠤᠴᠠᠭᠰᠠᠨ ᠶᠤᠮᠰᠠᠨᠵᠠᠢ᠃ ᠭᠠᠯᠳᠠᠨ ᠤ᠋ ᠪᠡᠶ᠎ᠡ ᠲᠡᠩᠬᠡᠷᠡᠪᠡ᠃ ᠨᠠᠰᠤ ᠵᠠᠯᠠᠭᠤ ᠲᠤᠯᠠ ᠡᠬᠡ ᠶ᠋ᠢᠨ ᠤᠰᠤ ᠪᠠᠷ ᠳᠣᠲᠣᠭᠠᠳᠤ ᠡᠷᠬᠡᠲᠡᠨ ᠦ᠌ ᠲᠡᠩᠴᠡᠪᠦᠷᠢ ᠶ᠋ᠢ ᠬᠠᠩᠭᠠᠵᠠᠢ᠃ ᠤᠷᠤᠭᠤᠯ ᠣᠮᠣᠭᠣᠯᠲᠤᠨ ᠰᠢᠯᠦᠰᠦᠨ ᠳ᠋ᠡᠭᠡᠨ ᠲᠦᠯᠡᠭᠳᠡᠬᠦ ᠮᠡᠲᠦ ᠬᠠᠭᠠᠷᠠᠵᠤ ᠪᠠᠢᠭᠰᠠᠨ ᠢ᠋ᠶ᠋ᠠᠨ ᠪᠣᠯᠢᠪᠠ᠃ ᠭᠠᠯᠳᠠᠨ ᠳ᠋ᠤ᠌ ᠡᠪᠡᠳᠬᠦ ᠡᠪᠡᠳᠴᠢᠨ ᠦᠭᠡᠢ ᠪᠣᠯᠵᠠᠢ᠃
    ᠭᠠᠯᠳᠠᠨ  ᠤ᠋ ᠬᠥᠯ ᠳᠣᠣᠷ᠎ᠠ ᠡᠪᠡᠰᠦ ᠨᠣᠭᠣᠭ᠎ᠠ ᠬᠥᠷᠪᠡᠬᠡᠯᠡᠨ ᠤᠷᠭᠤᠬᠤ ᠨᠢ ᠮᠡᠳᠡᠷᠡᠭᠳᠡᠨ᠎ᠡ᠃ ᠴᠣᠬᠣ ᠬᠣᠷᠣᠬᠠᠢ᠂ ᠰᠢᠷᠭᠤᠯᠵᠢ ᠬᠥᠯ ᠦ᠋ᠨ ᠤᠯᠠ ᠠ᠋ᠴᠠ ᠠᠮᠢᠰᠬᠤᠯ ᠢ᠋ᠶ᠋ᠠᠨ ᠮᠡᠳᠡᠷᠡᠭᠦᠯᠦᠨ ᠭᠦᠶᠦᠯᠳᠦᠬᠦ ᠨᠢ ᠪᠠᠰᠠ ᠰᠣᠨᠢᠨ ᠰᠠᠨᠠᠭᠳᠠᠨ᠎ᠠ᠃ ᠢᠩᠭᠢᠲᠡᠯ᠎ᠡ ᠮᠡᠳᠡᠷᠡᠮᠡᠲᠡᠭᠡᠢ ᠥᠭᠡᠨᠲᠡᠭᠴᠢ ᠪᠠᠢᠭᠰᠠᠨ ᠢ᠋ᠶ᠋ᠠᠨ ᠰᠠᠨᠠᠬᠤ ᠦᠭᠡᠢ ᠪᠠᠢᠯ᠎ᠠ᠃
    ᠬᠠᠲᠤᠨ ᠡᠬᠡ ᠶ᠋ᠢᠨ ᠪᠠᠷ᠎ᠠ ᠪᠣᠯᠣᠭᠰᠠᠳ ᠴᠠᠪᠴᠢᠮ᠎ᠠ ᠬᠠᠳᠠ ᠲᠠᠢ᠂ ᠨᠠᠷᠠ ᠰᠠᠯᠬᠢᠨ ᠳ᠋ᠤ᠌ ᠡᠯᠡᠭᠳᠡᠵᠦ ᠮᠥᠯᠢᠭᠡ ᠦᠭᠡᠢ ᠠᠭᠤᠯᠠ ᠶ᠋ᠢᠨ ᠰᠤᠭᠤ ᠪᠠᠷ ᠳᠠᠯᠳᠠ ᠣᠷᠣᠪᠠ᠃ ᠳᠠᠪᠠᠭ᠎ᠠ ᠥᠭᠡᠳᠡ ᠬᠡᠷᠬᠢᠨ ᠥᠭᠰᠥᠵᠦ ᠶᠠᠪᠤᠭ᠎ᠠ ᠨᠢ ᠨᠢᠳᠦᠨ ᠳ᠋ᠦ᠍ ᠢᠯᠡᠬᠡᠨ᠃ ᠬᠠᠲᠤᠨ ᠡᠷᠭᠢᠨ ᠬᠠᠷᠠᠵᠤ ᠪᠠᠢᠨ᠎ᠠ᠃ ᠥᠷᠯᠥᠭᠡ ᠡᠷᠲᠡ ᠶ᠋ᠢᠨ ᠪᠣᠯᠵᠣᠮᠣᠷ ᠰᠡᠷᠡᠬᠦ ᠳ᠋ᠦ᠍ ᠡᠵᠢ ᠮᠢᠨᠢ ᠳᠡᠷᠭᠡᠳᠡ ᠢᠷᠡᠵᠦ᠂
   — ᠬᠥᠪᠡᠭᠦᠨ ᠴᠢᠮ᠎ᠠ ᠳ᠋ᠤ᠌ ᠤᠰᠤ ᠪᠠᠨ ᠦᠯᠡᠳᠡᠭᠡᠪᠡ᠃ ᠸᠠᠭᠠᠷ ᠤ᠋ᠨ ᠰᠠᠪᠠᠨ ᠳ᠋ᠤ᠌ ᠶᠡᠭᠦᠯᠡᠵᠦ ᠣᠷᠬᠢᠪᠠ᠃ ᠬᠡᠷᠪᠡ ᠰᠠᠷ᠎ᠠ ᠶ᠋ᠢᠨ ᠳᠣᠲᠣᠷ᠎ᠠ ᠦᠯᠦ ᠬᠡᠷᠡᠭᠯᠡᠬᠦ ᠠᠪᠠᠰᠤ ᠠᠰᠬᠠᠭᠠᠷᠠᠢ! ᠤᠳᠠᠭᠠᠵᠤ ᠪᠣᠯᠬᠤ ᠦᠭᠡᠢ ᠰᠢᠦ ᠳᠡ᠃
     — ᠡᠬᠡ ᠶ᠋ᠢᠨ ᠤᠰᠤ ᠷᠠᠰᠢᠶᠠᠨ ᠪᠤᠰᠤ ᠤᠤ? ᠭᠡᠵᠦ ᠨᠠᠮᠠᠶ᠋ᠢ ᠲᠡᠭᠡᠨᠡᠭᠡᠯᠵᠡᠨ ᠥᠭᠦᠯᠡᠬᠦ ᠳ᠋ᠦ᠍᠂
     — ᠴᠢᠮ᠎ᠠ ᠳ᠋ᠤ᠌ ᠷᠠᠰᠢᠶᠠᠨ ᠮᠥᠨ᠃ ᠲᠥᠷᠥᠭᠦᠯᠦᠭᠰᠡᠨ ᠦᠷ᠎ᠡ ᠳ᠋ᠡᠭᠡᠨ ᠬᠦᠷᠲᠡᠭᠡᠳᠡᠭ ᠷᠠᠰᠢᠶᠠᠨ ᠰᠢᠦ᠃ ᠡᠵᠢ ᠨᠢ ᠥᠷᠭᠥᠭᠡ ᠭᠡᠷ ᠦ᠋ᠨ ᠢ᠋ᠶ᠋ᠡᠨ ᠭᠠᠯ ᠢ᠋ ᠰᠡᠷᠭᠦᠭᠡᠭᠡᠳ ᠪᠠᠢᠵᠤ ᠪᠠᠢᠶ᠎ᠠ ᠭᠡᠪᠡ᠃
    ᠡᠬᠡ  ᠶ᠋ᠢᠨ ᠨᠢᠳᠦᠨ ᠦ᠌ ᠬᠠᠷᠠᠴᠠᠨ ᠳ᠋ᠤ᠌ ᠭᠦᠨ ᠤᠢᠳᠬᠠᠷ ᠰᠢᠩᠭᠡᠵᠡᠢ᠃ ᠭᠠᠯᠳᠠᠨ ᠢᠨᠢᠶᠡᠮᠰᠦᠭᠯᠡᠨ《ᠲᠠᠨ ᠤ᠋ ᠵᠠᠮ ᠮᠥᠷ ᠰᠠᠭᠠᠳ ᠦᠭᠡᠢ》 ᠭᠡᠵᠦ ᠡᠬᠡ ᠳ᠋ᠡᠭᠡᠨ ᠬᠡᠯᠡᠪᠡ᠃ ᠶᠥᠮ ᠠᠭ᠎ᠠ ᠬᠠᠲᠤᠨ ᠬᠥᠪᠡᠭᠦᠨ ᠢ᠋ᠶ᠋ᠡᠨ ᠰᠠᠢᠲᠤᠷ ᠠᠵᠢᠭᠯᠠᠵᠤ ᠬᠠᠷᠠᠨ᠎ᠠ᠃ ᠲᠡᠭᠦᠨ ᠦ᠌ ᠬᠠᠷᠠᠴᠠᠨ ᠳ᠋ᠤ᠌ ᠭᠠᠯᠳᠠᠨ ᠤ᠋ ᠳᠠᠯᠳᠠ ᠤᠪᠠᠳᠢᠰ ᠵᠣᠪᠬᠢᠨ ᠳᠡᠭᠡᠷᠡᠬᠢ ᠮᠡᠩᠭᠡ ᠪᠡᠷ ᠨᠢ ᠲᠣᠳᠣᠷᠠᠨ᠎ᠠ᠃ ᠭᠠᠯᠳᠠᠨ ᠨᠢᠳᠦ ᠶ᠋ᠢᠨ ᠢ᠋ᠶ᠋ᠡᠨ ᠳᠡᠭᠡᠳᠦ ᠲᠠᠯ᠎ᠠ ᠳ᠋ᠤ᠌ ᠨᠠᠷᠠᠨ ᠰᠠᠷᠠᠨ ᠲᠠᠢ ᠪᠢᠯᠡ᠃
    ᠠᠯᠢ ᠡᠷᠲᠡᠨ ᠡᠴᠡ ᠲᠣᠳᠣᠷᠠᠭᠰᠠᠨ ᠨᠠᠷᠠᠨ ᠰᠠᠷᠠᠨ ᠡᠬᠡ ᠶ᠋ᠢᠨ ᠰᠠᠨᠠᠭ᠎ᠠ ᠠᠮᠤᠷᠵᠢᠭᠤᠯᠤᠨ ᠲᠠᠢᠳᠬᠤᠷᠠᠭᠤᠯᠪᠠ᠃
    ᠡᠵᠢ ᠨᠢ ᠰᠡᠩᠭᠡ ᠬᠠᠭᠠᠨ ᠬᠦᠦ ᠳ᠋ᠡᠭᠡᠨ ᠶᠡᠬᠡᠳᠡ ᠵᠣᠪᠠᠨᠢᠨ ᠪᠠᠢᠯ᠎ᠠ᠃ ᠪᠠᠯᠵᠢᠲᠠᠷ᠎ᠠ ᠬᠠᠲᠤᠨ ᠤ᠋ ᠥᠩᠭᠡᠨ ᠳᠡᠭᠡᠷ᠎ᠡ ᠪᠡᠨ ᠠᠶᠠᠳᠠᠭᠤᠬᠠᠨ ᠪᠠᠢᠬᠤ ᠶ᠋ᠢ ᠬᠢᠴᠢᠶᠡᠵᠦ ᠴᠠᠭᠠᠨ᠎ᠠ ᠪᠠᠨ ᠬᠦᠢᠲᠡᠨ ᠰᠠᠨᠠᠭ᠎ᠠ ᠲᠠᠢ ᠶᠠᠪᠤᠭ᠎ᠠ ᠶ᠋ᠢ ᠶᠥᠮ ᠠᠭ᠎ᠠ ᠡᠬᠡ ᠠᠩᠵᠠᠭᠠᠷᠠᠵᠠᠢ᠃ ᠴᠡᠴᠡᠨ᠂ ᠵᠣᠳᠪᠡᠪᠠᠭᠠᠲᠣᠷ ᠬᠣᠶᠠᠭᠤᠯᠠ ᠡᠬᠡ ᠶ᠋ᠢᠨ ᠦᠭᠡᠨ ᠡᠴᠡ ᠵᠥᠷᠢᠬᠦ ᠶᠠᠭᠤᠨ᠃ ᠵᠡᠭᠦᠨᠭᠠᠷ ᠤ᠋ᠨ ᠬᠠᠭᠠᠨ ᠤ᠋ ᠥᠷᠭᠥᠭᠡ ᠶ᠋ᠢ ᠲᠣᠭᠣᠷᠢᠭᠰᠠᠨ ᠠᠲᠠᠭ᠎ᠠ ᠵᠢᠲᠥᠭᠡ ᠶᠦᠮ ᠠᠭ᠎ᠠ ᠡᠬᠡ ᠶ᠋ᠢ ᠵᠣᠪᠠᠭᠠᠵᠤ ᠪᠠᠢᠯ᠎ᠠ᠃ ᠠᠨᠤ ᠬᠠᠲᠤᠨ  ᠳ᠋ᠤ᠌ ᠨᠠᠢᠳᠠᠵᠤ ᠪᠣᠯᠤᠨ᠎ᠠ᠃ ᠭᠡᠬᠦ ᠳ᠋ᠡᠭᠡᠨ ᠬᠠᠭᠠᠨ  ᠤ᠋ ᠣᠷᠳᠣᠨ  ᠤ᠋ ᠨᠦᠬᠡ ᠰᠦᠪᠡ ᠶ᠋ᠢ ᠺᠢᠷᠭᠢᠽ ᠬᠠᠲᠤᠨ  ᠤ᠋ ᠬᠥᠪᠡᠭᠦᠳ ᠠᠨᠳᠠᠬᠤ ᠦᠭᠡᠢ ᠪᠢᠯᠡ᠃
  ᠭᠠᠯᠳᠠᠨ ᠡᠬᠡ ᠶ᠋ᠢᠨ  ᠢ᠋ᠶ᠋ᠡᠨ ᠣᠳᠤᠭᠰᠠᠨ ᠨᠤᠲᠤᠭ  ᠤ᠋ᠨ ᠵᠦᠭ ᠬᠠᠷᠠᠭᠰᠠᠭᠠᠷ ᠪᠠᠢᠯ᠎ᠠ᠃ ᠲᠩᠷᠢ  ᠳ᠋ᠦ᠍ ᠵᠢᠭᠦᠷᠲᠡᠨ ᠠᠯᠠᠭ᠎ᠠ᠃ ᠪᠢᠲᠡᠭᠦᠦ ᠨᠣᠭᠣᠭᠠᠨ ᠭᠠᠵᠠᠷ ᠳᠡᠯᠡᠬᠡᠢ ᠥᠳᠥ ᠰᠢᠪᠠᠵᠢ ᠲᠠᠢ ᠪᠠᠨ ᠴᠣᠭ ᠭᠠᠯᠳᠠᠨ ᠲᠠᠢ ᠬᠠᠨᠢᠰᠠᠨ᠎ᠠ᠃
ᠭᠠᠯᠳᠠᠨ ᠳᠣᠲᠣᠷ ᠬᠥᠮᠦᠨ ᠲᠡᠢ ᠪᠣᠯᠤᠭᠰᠠᠨ ᠳ᠋ᠠᠭᠠᠨ ᠭᠡᠨᠡᠳᠲᠡ ᠶᠠᠭᠤ ᠶᠠᠭᠤᠨ ᠠ᠋ᠴᠠ ᠢᠯᠡᠭᠦᠦ ᠪᠡᠶᠡᠰᠪᠡ᠃ ᠤᠷᠢᠳ ᠡᠮᠦᠨᠡᠬᠢ ᠰᠢᠭ ᠬᠥᠨᠳᠡᠯᠡᠨ  ᠦ᠌ ᠬᠥᠮᠦᠨ ᠲᠡᠢ ᠬᠠᠷᠢᠴᠠᠵᠤ ᠪᠠᠢᠪᠠᠯ ᠬᠠᠭᠤᠷᠠᠢ ᠬᠣᠭᠣᠰᠣᠨ ᠪᠤᠰᠤ ᠤᠤ? ᠭᠡᠲᠡᠯ᠎ᠡ ᠭᠠᠯᠳᠠᠨ ᠥᠪᠡᠷ ᠲᠡᠢ ᠪᠡᠨ ᠭᠠᠢᠬᠠᠮᠠᠷ ᠵᠥᠷᠢᠴᠡᠯᠳᠦᠨ ᠵᠥᠪᠰᠢᠯᠴᠡᠨ ᠬᠠᠷᠢᠴᠠᠬᠤ ᠪᠣᠯᠵᠠᠢ᠃ ᠭᠠᠢᠳᠠᠪ᠂ ᠭᠠᠯᠳᠠᠨ ᠠ᠋ᠴᠠ ᠵᠠᠢᠳᠠᠭᠤ ᠵᠣᠭᠰᠣᠨ᠎ᠠ᠃
    ᠭᠠᠯᠳᠠᠨ  ᠤ᠋ ᠳᠣᠲᠣᠭᠠᠳᠤ ᠰᠡᠳᠬᠢᠯ  ᠦ᠋ᠨ ᠦᠢᠮᠡᠭᠡᠨ᠂ ᠮᠠᠷᠭᠤᠭᠠᠨ᠂ ᠭᠠᠢᠬᠠᠮ᠎ᠠ ᠡᠪᠰᠡᠯ  ᠢ᠋ ᠭᠠᠢᠳᠠᠪ ᠣᠭᠲᠣᠬᠠᠨ ᠦᠯᠦ ᠮᠡᠳᠡᠬᠦ ᠪᠢᠯᠡ᠃ 《ᠡᠬᠡ ᠮᠢᠨᠢ ᠲᠠᠨ  ᠤ᠋ ᠤᠢᠳᠬᠠᠷᠲᠤ ᠬᠠᠷᠠᠴᠠ ᠶ᠋ᠢ ᠪᠢ ᠶᠠᠭᠠᠬᠢᠨ ᠮᠠᠷᠲᠠᠨ᠎ᠠ᠃ ᠭᠠᠵᠠᠷ  ᠤ᠋ᠨ ᠬᠣᠯᠠ ᠤᠰᠤᠨ  ᠤ᠋ ᠤᠷᠲᠤ ᠠ᠋ᠴᠠ ᠬᠥᠪᠡᠭᠦᠳ  ᠦ᠋ᠨ  ᠢ᠋ᠶ᠋ᠡᠨ ᠬᠣᠭᠣᠷᠣᠨᠳᠣ ᠲᠠ ᠠᠶᠠᠯᠠᠵᠤ ᠪᠠᠢᠨ᠎ᠠ᠃ ᠰᠡᠩᠭᠡ ᠠᠬ᠎ᠠ  ᠳ᠋ᠤ᠌ ᠲᠠ ᠣᠴᠢᠪᠠᠴᠤ ᠭᠠᠯᠳᠠᠨ ᠨᠠᠳᠠ ᠰᠡᠳᠬᠢᠯ  ᠢ᠋ᠶ᠋ᠡᠨ ᠦᠯᠡᠳᠡᠭᠡᠪᠡ᠃ ᠬᠠᠲᠤᠨ ᠡᠬᠡ ᠲᠠ ᠮᠢᠨᠢ ᠥᠪᠡᠷ  ᠢ᠋ ᠪᠡᠨ ᠬᠣᠶᠠᠷ ᠬᠤᠪᠢᠶᠠᠵᠤ᠂ ᠬᠥᠪᠡᠭᠦᠳ ᠲᠡᠭᠡᠨ ᠲᠡᠩᠴᠡᠭᠦᠬᠡᠨ ᠡᠨᠡᠷᠢᠯ ᠬᠠᠢᠷ᠎ᠠ ᠰᠢᠩᠭᠡᠭᠡᠵᠦ ᠶᠠᠪᠤᠨ᠎ᠠ᠃ ᠲᠠᠨ  ᠢ᠋ ᠪᠢᠳᠡ ᠬᠣᠶᠠᠷ ᠡᠯᠡᠭᠡᠵᠦ ᠳᠠᠭᠤᠰᠬᠠᠬᠤ ᠶᠤᠮ ᠪᠠᠢᠨ᠎ᠠ ᠳᠠ》᠃
    ᠭᠠᠢᠳᠠᠪ ᠲᠤ᠌ ᠭᠠᠯᠳᠠᠨ ᠬᠤᠪᠢᠯᠭᠠᠨ  ᠤ᠋ ᠬᠣᠶᠠᠷ ᠬᠥᠯ ᠭᠠᠵᠠᠷ ᠠ᠋ᠴᠠ ᠦᠨᠳᠦᠰᠦᠯᠡᠭᠰᠡᠨ ᠮᠡᠲᠦ ᠪᠠᠲᠤ ᠪᠡᠬᠢ ᠪᠥᠭᠡᠳ ᠭᠠᠯᠳᠠᠨ ᠤᠷᠭᠤᠭ᠎ᠠ ᠮᠣᠳᠣ ᠠᠳᠠᠯᠢ ᠬᠠᠷᠠᠭᠳᠠᠨ᠎ᠠ᠃

ᠠᠷᠪᠠᠨ ᠲᠠᠪᠤ

    ᠭᠠᠯᠳᠠᠨ ᠯᠠᠮᠠ᠂ ᠪᠣᠭᠳᠠ ᠭᠡᠭᠡᠨ ᠵᠠᠨᠠᠪᠠᠽᠠᠷ ᠲᠠᠢ ᠠᠭᠤᠯᠵᠠᠵᠤ ᠡᠷᠢᠭᠡ ᠭᠠᠷᠳᠠᠨ ᠠᠪᠤᠭᠠᠳ ᠪᠤᠴᠠᠬᠤ ᠵᠠᠮ ᠳ᠋ᠠᠭᠠᠨ ᠲᠠᠰᠢᠯᠠᠾᠨᠮᠤ ᠬᠡᠮᠡᠬᠦ ᠲᠡᠷᠢᠭᠦᠨ ᠳᠤᠭᠠᠩ  ᠤ᠋ᠨ ᠳᠡᠷᠭᠡᠳᠡᠭᠦᠷ ᠥᠩᠭᠡᠷᠡᠪᠡ᠃ ᠭᠠᠯᠳᠠᠨ  ᠤ᠋ ᠨᠢᠳᠦᠨ  ᠳ᠋ᠦ᠍ ᠳᠤᠭᠠᠩ  ᠤ᠋ᠨ ᠳᠡᠷᠪᠡᠭᠡᠷ ᠳᠡᠭᠡᠪᠦᠷ  ᠦ᠋ᠨ ᠪᠠᠷᠠᠭᠤᠨ ᠵᠡᠭᠦᠨ ᠲᠠᠯ᠎ᠠ  ᠳ᠋ᠤ᠌ ᠪᠡᠶᠡᠰ  ᠢ᠋ ᠲᠠᠭᠠᠰᠢᠶᠠᠯ ᠲᠠᠢ ᠬᠠᠷᠠᠵᠤ᠂ ᠠᠮᠤᠭᠤᠯᠠᠩ ᠵᠣᠭᠰᠣᠬᠤ ᠪᠣᠳᠢ ᠭᠥᠷᠦᠭᠡᠰᠦᠨ  ᠦ᠌ ᠴᠢᠬᠢ ᠬᠥᠳᠡᠯᠪᠡ᠃ ᠭᠠᠯᠳᠠᠨ ᠴᠢᠭᠢᠭᠲᠦ ᠨᠣᠭᠣᠭ᠎ᠠ ᠶ᠋ᠢᠨ ᠳᠡᠭᠡᠷ᠎ᠡ ᠵᠣᠭᠰᠣᠭᠠᠳ ᠰᠠᠢᠲᠤᠷ ᠬᠠᠷᠠᠪᠠ᠃
    ᠡᠷ᠎ᠡ᠂ ᠡᠮ᠎ᠡ ᠪᠣᠳᠢ ᠭᠥᠷᠥᠭᠡᠰᠦ ᠪᠤᠷᠬᠠᠳ  ᠤ᠋ᠨ ᠣᠷᠣᠰᠢᠬᠤ ᠰᠦᠮ᠎ᠡ ᠶ᠋ᠢᠨ ᠳᠡᠭᠡᠪᠦᠷ ᠳᠡᠭᠡᠷ᠎ᠡ ᠬᠡᠳᠦᠢ  ᠳ᠋ᠦ᠍ ᠵᠠᠯᠠᠷᠠᠭᠰᠠᠨ ᠶᠤᠮ ᠪᠤᠤ ᠮᠡᠳᠡ᠃ ᠪᠤᠷᠬᠠᠨ  ᠤ᠋ ᠠᠮᠢᠲᠠᠨ ᠤᠴᠢᠷ ᠠ᠋ᠴᠠ ᠰᠦᠮ᠎ᠡ ᠬᠡᠢᠳ  ᠦ᠋ᠨ ᠣᠷᠣᠢ  ᠳ᠋ᠤ᠌ ᠣᠷᠣᠰᠢᠨᠠᠮ ᠪᠣᠢ ᠢ᠋᠎ᠠ᠃
    ᠪᠣᠳᠢ ᠭᠥᠷᠦᠭᠡᠰᠦᠨ  ᠦ᠌ ᠴᠢᠩᠬ᠎ᠠ ᠴᠠᠭᠠᠨ᠎ᠠ ᠨᠠᠷᠠ ᠲᠠᠰᠢᠷᠯᠠᠵᠠᠢ᠃ ᠠᠯᠲᠠᠨ ᠴᠢᠳᠬᠤᠮᠠᠯ ᠪᠣᠳᠢ ᠭᠥᠷᠥᠭᠡᠰᠦ ᠨᠢ ᠨᠠᠷᠠᠨ  ᠤ᠋ ᠳᠡᠪᠢᠰᠬᠡᠷᠲᠦ ᠲᠠᠮᠠᠭ᠎ᠠ ᠳᠠᠷᠤᠭᠰᠠᠨ ᠮᠡᠲᠦ ᠭᠤᠸ᠎ᠠ ᠦᠵᠡᠰᠬᠦᠯᠡᠩ ᠲᠡᠢ ᠂ ᠰᠦᠷ ᠵᠢᠪᠬᠤᠯᠠᠩ ᠲᠠᠢ᠂ ᠥᠭᠭᠢᠶᠡᠮᠦᠷ᠂ ᠳᠤᠯᠠᠭᠠᠨ ᠣᠷᠣᠰᠢᠨ᠎ᠠ᠃
   ᠲᠠᠪᠤᠳᠤᠭᠠᠷ ᠳᠠᠯᠠᠢ ᠯᠠᠮᠠ ᠯᠣᠪᠰᠠᠩᠵᠠᠮᠰᠣ᠂ᠭᠠᠯᠳᠠᠨ ᠢ᠋ ᠦᠷᠭᠦᠭᠡᠨ ᠳ᠋ᠡᠭᠡᠨ ᠣᠷᠣᠵᠤ ᠢᠷᠡᠬᠦ ᠳ᠋ᠦ᠍ ᠴᠣᠭᠣ ᠰᠢᠷᠳᠡᠵᠦ ᠪᠠᠢᠭᠰᠠᠨ ᠢ᠋ᠶ᠋ᠠᠨ ᠲᠡᠭᠦᠨ ᠢ᠋ ᠵᠠᠯᠪᠠᠷᠢᠬᠤ ᠳ᠋ᠤᠨᠢ ᠨᠢᠳᠦ ᠪᠡᠨ ᠠᠨᠢᠯ᠎ᠠ᠃
   — ᠶᠠᠭᠤ ᠪᠣᠯᠪᠠ
ᠭᠡᠮᠡᠨ ᠳᠠᠯᠠᠢ ᠯᠠᠮᠠ ᠲᠠᠢᠪᠤᠩ ᠠᠰᠠᠭᠤᠯ᠎ᠠ᠃
   —ᠳᠤᠸᠠ ᠰᠣᠬᠣᠷ ᠵᠡᠭᠦᠳᠦᠨ ᠳ᠋ᠦ᠍ ᠢᠷᠡᠪᠡ ᠭᠡᠵᠦ ᠭᠠᠯᠳᠠᠨ ᠥᠴᠢᠯ᠎ᠡ᠃
    ᠳᠤᠸᠠ ᠰᠣᠬᠣᠷ ᠤ᠋ᠨ ᠲᠤᠬᠠᠢ ᠵᠡᠭᠦᠳᠦ ᠭᠠᠯᠳᠠᠨ ᠳ᠋ᠤ᠌ ᠣᠯᠠᠨ ᠪᠥᠯᠥᠭᠡ᠃ ᠬᠠᠷ᠎ᠠ ᠡᠷᠴᠢᠰ ᠮᠥᠷᠡᠨ ᠦ᠌ ᠬᠥᠪᠡᠭᠡᠨ ᠳ᠋ᠦ᠍ ᠮᠣᠷᠢ ᠲᠠᠢ ᠪᠠᠨ ᠳᠠᠪᠬᠢᠵᠤ ᠶᠠᠪᠤᠬᠤ ᠳ᠋ᠠᠭᠠᠨ ᠭᠠᠯᠳᠠᠨ ᠭᠡᠨᠡᠳᠲᠡ ᠮᠣᠷᠢᠨ ᠠ᠋ᠴᠠ ᠪᠠᠨ ᠣᠢᠴᠢᠪᠠ᠃
    ᠬᠣᠩ ᠲᠠᠢᠵᠢ ᠶ᠋ᠢᠨ ᠬᠥᠪᠡᠭᠦᠨ ᠮᠣᠷᠢᠨ ᠠ᠋ᠴᠠ ᠪᠠᠨ ᠣᠢᠴᠢᠭᠰᠠᠨ ᠲᠡᠷᠡ ᠭᠠᠵᠠᠷ ᠢ᠋ᠶ᠋ᠠᠨ ᠰᠠᠭᠤᠵᠤ ᠪᠠᠢᠭᠰᠠᠨ ᠢ᠋ᠶ᠋ᠠᠨ ᠡᠮᠡᠭᠡᠯ ᠳᠡᠭᠡᠷ᠎ᠡ ᠡᠴᠡ ᠪᠡᠨ ᠦᠰᠦᠷᠦᠨ ᠪᠠᠭᠤᠵᠤ ᠳᠡᠷᠭᠡᠳᠡ ᠨᠢ ᠣᠴᠢᠭᠰᠠᠨ ᠳᠠᠨᠵᠢᠯᠠ ᠬᠥᠪᠡᠭᠦᠨ᠂ ᠮᠢᠭᠮᠠᠨᠰᠠᠩᠵᠠᠢ ᠥᠬᠢᠨ ᠬᠣᠶᠠᠷ  ᠲᠤ᠌ ᠥᠭᠦᠯᠡᠷᠦᠨ᠂
    — ᠳᠤᠸᠠ ᠰᠣᠬᠣᠷ ᠶᠠᠭ ᠡᠨᠳᠡ ᠵᠣᠭᠰᠣᠵᠤ ᠪᠠᠢᠭᠰᠠᠨ ᠶᠤᠮ ᠭᠡᠵᠡᠢ᠃
ᠥᠬᠢᠨ ᠦ᠌ ᠦᠷᠭᠦᠭᠰᠡᠨ ᠵᠡᠭᠡᠷ᠎ᠡ ᠶ᠋ᠢᠨ ᠬᠢ ᠰᠢᠭ ᠲᠣᠷᠮᠣᠯᠵᠠᠭᠰᠠᠨ ᠡᠷᠪᠡᠭᠡᠷ ᠨᠢᠳᠦ ᠭᠠᠢᠬᠠᠭᠰᠠᠨ ᠮᠡᠲᠦ ᠪᠣᠯᠤᠭᠠᠳ᠂
    — ᠬᠡᠨ ᠵᠣᠭᠰᠣᠵᠤ ᠪᠠᠢᠪᠠ ᠭᠡᠵᠦ ᠠᠰᠠᠭᠤᠪᠠ᠃ ᠭᠠᠯᠳᠠᠨ᠂
    — ᠳᠤᠸᠠ ᠰᠣᠬᠣᠷ ᠭᠡᠵᠦ ᠬᠠᠷᠢᠭᠤᠯᠪᠠ᠃ ᠳᠠᠨᠵᠢᠯᠠ᠂
    — ᠳᠤᠸᠠ ᠰᠣᠬᠣᠷ ᠡᠨᠳᠡ ᠠᠯᠠᠭ᠎ᠠ ᠪᠠᠢᠨ᠎ᠠ ᠰᠢᠦ ᠳᠡ ᠭᠡᠬᠦ ᠳ᠋ᠦ᠍᠂ ᠭᠠᠯᠳᠠᠨ ᠲᠡᠨᠡᠭ ᠲᠡᠢ ᠮᠡᠳᠬᠡᠯᠴᠡᠬᠦ ᠶ᠋ᠢ ᠬᠦᠰᠡᠭᠰᠡᠨ ᠦᠭᠡᠢ ᠲᠤᠯᠠ᠂
    — ᠨᠠᠳᠠ ᠬᠠᠷᠠᠭᠳᠠᠭᠰᠠᠨ ᠶᠤᠮ᠂ ᠵᠡᠭᠦᠳᠦ ᠪᠠᠢᠵᠠᠢ ᠭᠡᠪᠡ᠃
    ᠭᠠᠯᠳᠠᠨ ᠤ᠋ ᠣᠢ ᠲᠣᠢ ᠳ᠋ᠤ᠌ ᠪᠠᠯᠠᠷ ᠡᠷᠲᠡ ᠴᠠᠭ  ᠲᠤ᠌ ᠠᠮᠢᠳᠤᠷᠠᠵᠤ᠂ ᠪᠤᠳᠠᠩᠲᠤ ᠣᠷᠴᠢᠯᠠᠩ ᠳ᠋ᠤ᠌ ᠨᠡᠷ᠎ᠡ ᠪᠡᠨ ᠦᠯᠡᠳᠡᠭᠡᠭᠡᠳ ᠣᠳᠤᠭᠰᠠᠨ ᠳᠤᠸᠠ ᠰᠣᠬᠣᠷ ᠬᠡᠮᠡᠬᠦ ᠲᠩᠷᠢ ᠡᠴᠢᠭᠡ ᠨᠢ ᠪᠠᠢᠨ ᠪᠠᠢᠨ ᠡᠷᠭᠢᠵᠦ ᠢᠷᠡᠨ᠎ᠡ᠃ ᠣᠢᠷᠠᠳ ᠤ᠋ᠳ ᠲᠤᠤᠯᠢ ᠬᠠᠢᠯᠠᠬᠤ ᠦᠶ᠎ᠡ ᠪᠡᠷ《ᠳᠤᠸᠠ ᠰᠣᠬᠣᠷ ᠬᠠᠷᠠᠵᠤ ᠪᠠᠢᠭ᠎ᠠ ᠰᠢᠦ》 ᠭᠡᠨ᠎ᠡ᠃ᠨᠢᠭᠡ ᠤᠳᠠᠭ᠎ᠠ ᠳᠠᠨᠵᠢᠯᠠ ᠶ᠋ᠢᠨ ᠡᠴᠢᠭᠡ ᠣᠨᠣᠴᠢᠨ ᠠᠪᠠᠭ᠎ᠠ ᠨᠢ《ᠳᠤᠸᠠ ᠰᠣᠬᠣᠷ ᠭᠡᠬᠦ ᠶᠦᠮ᠃ ᠲᠡᠷᠡ ᠲᠩᠷᠢ ᠡᠴᠢᠭᠡ ᠰᠣᠬᠣᠷ ᠪᠠᠢᠭᠰᠠᠨ ᠤᠤ?ᠡᠰᠡᠬᠦᠯ᠎ᠡ ᠳᠤᠬᠤᠨ ᠳᠡᠭᠡᠷ᠎ᠡ ᠪᠡᠨ ᠭᠠᠭᠴᠠ ᠨᠢᠳᠦ ᠲᠡᠢ᠂ᠲᠡᠷᠡ ᠨᠢᠳᠦ ᠪᠡᠷ ᠢ᠋ᠶ᠋ᠡᠨ ᠥᠷᠲᠡᠭᠡ ᠭᠠᠵᠠᠷ ᠬᠠᠷᠠᠳᠠᠭ ᠭᠡᠬᠦ ᠶᠦᠮ᠃ ᠳᠤᠸᠠ ᠰᠣᠬᠣᠷ ᠪᠣᠯ ᠬᠥᠮᠦᠨ ᠦ᠌ ᠨᠡᠷ᠎ᠡ ᠪᠢᠵᠡ ᠳᠡ》 ᠭᠡᠵᠦ ᠠᠰᠠᠭᠤᠵᠠᠢ᠃ᠲᠤᠤᠯᠢ ᠬᠠᠢᠯᠠᠬᠤ ᠶ᠋ᠢ ᠰᠣᠨᠣᠰᠴᠤ ᠰᠠᠭᠤᠭᠰᠠᠨ ᠡᠪᠦᠭᠡᠳ ᠡᠮᠡᠭᠡᠳ《ᠣᠨᠣᠴᠢᠨ ᠭᠦᠵᠢᠷᠮᠡᠭ ᠬᠠᠷ᠎ᠠ ᠬᠥᠮᠦᠨ ᠰᠢᠦ》 ᠭᠡᠮᠡᠨ ᠦᠯᠦ ᠲᠣᠭᠣᠵᠤ᠂
   — ᠳᠤᠸᠠ ᠰᠣᠬᠣᠷ ᠬᠠᠷᠠᠵᠤ ᠪᠠᠢᠭ᠎ᠠ ᠭᠡᠵᠡᠭᠡᠪᠡ᠃
   — ᠯᠠᠮᠠᠳᠠᠨ ᠲᠠ ᠰᠠᠶᠢ ᠶᠠᠭᠤ ᠦᠵᠡᠪᠡ ᠭᠡᠵᠦ ᠳᠠᠯᠠᠢ ᠯᠠᠮᠠ ᠠᠰᠠᠭᠤᠪᠠ᠃
   — ᠰᠦᠮ᠎ᠡ ᠶ᠋ᠢᠨ ᠳᠡᠭᠡᠪᠦᠷ ᠳᠡᠭᠡᠷᠡᠬᠢ ᠪᠣᠳᠢ ᠭᠥᠷᠦᠭᠡᠰᠦᠨ ᠦ᠌ ᠴᠢᠬᠢ ᠬᠥᠳᠡᠯᠬᠦ ᠶ᠋ᠢ ᠬᠠᠷᠠᠯ᠎ᠠ ᠭᠡᠵᠦ ᠪᠠᠭᠰᠢ ᠳ᠋ᠠᠭᠠᠨ ᠬᠦᠯᠢᠴᠡᠩᠭᠦᠢ ᠥᠴᠢᠯ᠎ᠡ᠃
  — ᠭᠠᠯᠳᠠᠨ ᠬᠤᠪᠢᠯᠭᠠᠨ᠂ ᠡᠬᠡ ᠪᠡᠨ ᠮᠥᠷᠥᠭᠡᠳᠴᠦ ᠰᠠᠨᠠᠳᠠᠭ ᠪᠤᠰᠤ ᠤᠤ? ᠭᠡᠬᠦ ᠳ᠋ᠦ᠍᠂
  — ᠲᠡᠢᠮᠦ ᠠ᠋᠂ ᠳᠠᠯᠠᠢ ᠪᠠᠭᠰᠢ ᠠ᠋᠂᠂᠂᠂ ᠭᠡᠮᠡᠨ ᠴᠠᠢᠯᠭᠠᠨ ᠴᠠᠭᠠᠨ ᠰᠡᠳᠬᠢᠯ ᠢ᠋ᠶ᠋ᠡᠷ ᠥᠭᠦᠯᠡᠪᠡ᠃
  — ᠬᠤᠪᠢᠯᠭᠠᠨ ᠲᠠ᠂ ᠡᠬᠡ ᠪᠡᠨ ᠰᠠᠨᠠᠵᠤ ᠪᠠᠢᠭ᠎ᠠ ᠨᠢ ᠰᠠᠢᠨ ᠬᠡᠷᠡᠭ ᠪᠤᠰᠤ ᠤᠤ? ᠵᠣᠪᠠᠯᠠᠩ ᠢ᠋ ᠪᠡᠶ᠎ᠡ ᠪᠡᠷ ᠨᠢᠭᠡ ᠮᠡᠳᠡᠷᠡᠵᠦ ᠪᠣᠯᠤᠨ᠎ᠠ᠃ ᠮᠥᠨ ᠵᠣᠪᠠᠯᠠᠩ ᠤ᠋ᠨ ᠡᠭᠦᠳᠡ ᠬᠠᠭᠠᠯᠭ᠎ᠠ ᠪᠥᠭᠡᠳ ᠲᠠᠨ ᠢ᠋ ᠴᠦ᠍ ᠳᠠᠭᠠᠷᠢᠵᠤ ᠪᠠᠢᠭ᠎ᠠ ᠨᠢ ᠡᠨᠡ᠂᠂᠂᠂ ᠭᠡᠮᠡᠨ ᠭᠠᠯᠳᠠᠨ ᠢ᠋ ᠰᠣᠨᠵᠢᠨ ᠬᠡᠯᠡᠬᠦ ᠳ᠋ᠦ᠍᠂
  —  ᠪᠤᠷᠬᠠᠨ ᠪᠠᠭᠰᠢ ᠶ᠋ᠢᠨ ᠰᠤᠷᠭᠠᠯ ᠢ᠋ᠶ᠋ᠠᠷ ᠪᠣᠯ ᠮᠢᠨᠦ ᠪᠡᠶ᠎ᠡ ᠵᠣᠪᠠᠯᠠᠩ ᠢ᠋ ᠲᠡᠪᠴᠢᠬᠦ ᠬᠡᠷᠡᠭᠲᠡᠢ᠂᠂᠂᠂ ᠭᠡᠮᠡᠨ ᠭᠠᠯᠳᠠᠨ ᠲᠦᠪᠡᠭ ᠦᠭᠡᠢ ᠬᠠᠷᠢᠭᠤᠯᠤᠨ᠎ᠠ᠃
  — ᠬᠠᠢᠷᠠᠯᠠᠬᠤ ᠶ᠋ᠢᠨ ᠰᠢᠨᠠᠯᠭᠠᠯ ᠠ᠋ᠴᠠ ᠰᠠᠯᠬᠤ ᠶ᠋ᠢᠨ ᠲᠤᠯᠠᠳᠠ ᠳᠣᠲᠣᠭᠠᠳᠤ ᠪᠢᠰᠢᠯᠭᠠᠯ ᠬᠢ ᠭᠡᠵᠦ ᠱᠠᠪᠢ ᠳ᠋ᠠᠭᠠᠨ ᠬᠡᠯᠡᠬᠦ ᠳ᠋ᠡᠭᠡᠨ ᠪᠢᠲᠡᠭᠦᠦ ᠳᠠᠯᠳᠠ ᠨᠢᠭᠡᠨ ᠰᠢᠯᠲᠠᠭᠠᠨ ᠡᠭᠦᠰᠴᠦ ᠪᠣᠢ ᠪᠣᠯᠤᠭᠰᠠᠨ ᠭᠡᠳᠡᠭ ᠢ᠋ ᠳᠠᠯᠠᠢ ᠯᠠᠮᠠ ᠰᠤᠪᠢᠨ ᠢ᠋ᠶ᠋ᠠᠷ ᠢ᠋ᠶ᠋ᠠᠨ ᠲᠠᠭᠠᠪᠤᠷᠢᠯᠠᠵᠤ ᠪᠠᠢᠯ᠎ᠠ᠃
  — ᠨᠠᠮᠠᠶ᠋ᠢ ᠲᠩᠷᠢ ᠡᠴᠢᠭᠡ ᠵᠡᠭᠦᠳᠦ ᠪᠡᠷ ᠳᠠᠭᠤᠳᠠᠵᠤ ᠪᠠᠢᠨ᠎ᠠ᠃ ᠪᠣᠳᠢ ᠭᠥᠷᠥᠭᠡᠰᠦ ᠶᠠᠭᠤᠨ ᠤᠴᠢᠷ ᠴᠢᠬᠢ ᠪᠡᠨ ᠬᠥᠳᠡᠯᠭᠡᠪᠡ ᠭᠡᠮᠡᠨ ᠳᠠᠯᠠᠢ ᠯᠠᠮᠠ ᠠ᠋ᠴᠠ ᠠᠰᠠᠭᠤᠬᠤ ᠠᠶᠠᠰ ᠲᠠᠢ ᠥᠭᠦᠯᠡᠪᠡ᠃
   ᠳᠠᠯᠠᠢ ᠯᠠᠮᠠ᠂ᠭᠠᠯᠳᠠᠨ ᠬᠤᠪᠢᠯᠭᠠᠨ ᠤ᠋ ᠦᠯᠦ ᠰᠢᠨᠲᠠᠷᠠᠬᠤ ᠬᠠᠷᠠᠴᠠ᠂ ᠵᠣᠪᠬᠢ ᠵᠢᠷᠪᠢᠯᠵᠡᠬᠦ ᠶ᠋ᠢ ᠰᠠᠢᠲᠤᠷ ᠠᠵᠢᠭᠯᠠᠨ᠎ᠠ᠃ ᠳᠠᠯᠠᠢ ᠯᠠᠮᠠ ᠳ᠋ᠤ᠌ ᠭᠠᠯᠳᠠᠨ ᠬᠤᠪᠢᠯᠭᠠᠨ ᠳᠥᠷᠪᠡᠨ ᠨᠢᠳᠦ ᠲᠡᠢ ᠦᠵᠡᠭᠳᠡᠵᠡᠢ᠃
  — ᠭᠠᠯᠳᠠᠨ ᠮᠢᠨᠢ ᠨᠤᠲᠤᠭ ᠲᠠᠭᠠᠨ ᠣᠴᠢᠬᠤ ᠭᠡᠵᠦ ᠪᠠᠢᠨ᠎ᠠ ᠤᠤ? ᠡᠨᠡ ᠦᠶ᠎ᠡ ᠳ᠋ᠦ᠍ ᠪᠤᠷᠬᠠᠨ ᠤ᠋ ᠱᠠᠰᠢᠨ ᠤ᠋ ᠲᠡᠷᠢᠭᠦᠨ ᠳᠠᠯᠠᠢ ᠯᠠᠮᠠ ᠶ᠋ᠢᠨ ᠦᠷᠭᠦᠭᠡᠨ ᠳ᠋ᠦ᠍ ᠪᠠᠨᠴᠢᠠᠡᠷᠲᠡᠨᠢ ᠮᠣᠷᠢᠯᠠᠨ ᠣᠷᠣᠵᠤ ᠢᠷᠡᠪᠡ᠃
  — ᠭᠠᠯᠳᠠᠨ ᠬᠤᠪᠢᠯᠭᠠᠨ ᠤ᠋ ᠰᠡᠳᠬᠢᠯ ᠬᠥᠳᠡᠯᠦᠭᠰᠡᠨ ᠨᠢ ᠢᠯᠡᠳᠲᠡ ᠪᠠᠢᠨ᠎ᠠ ᠭᠡᠮᠡᠨ ᠰᠢᠷ᠎ᠠ ᠣᠷᠬᠢᠮᠵᠢ ᠪᠠᠨ ᠵᠠᠰᠠᠩᠭ᠎ᠠ ᠲᠡᠷᠡ ᠪᠡᠷ ᠬᠡᠯᠡᠪᠡ᠃
  — ᠮᠣᠷᠢᠳ ᠮᠢᠨᠢ ᠪᠣᠳᠣᠭᠳᠠᠭᠰᠠᠨ ᠶᠤᠮ ᠠ᠋ ᠭᠡᠵᠦ ᠭᠠᠯᠳᠠᠨ ᠯᠠᠮᠠ ᠬᠡᠯᠡᠪᠡ᠃
   ᠳᠠᠯᠠᠢ ᠯᠠᠮᠠ ᠢᠨᠢᠶᠡᠮᠰᠦᠭᠯᠡᠨ《ᠮᠣᠷᠢᠨ ᠳ᠋ᠤ᠌ ᠳᠤᠷᠠᠲᠠᠢ᠂᠂᠂᠂ ᠮᠣᠩᠭᠣᠯ ᠬᠥᠮᠦᠨ ᠮᠥᠨ ᠳᠡ᠂᠂᠂᠂》ᠭᠡᠮᠡᠨ ᠦᠨᠡᠨ ᠭᠣᠣᠯ ᠠ᠋ᠴᠠ ᠪᠠᠨ ᠲᠠᠭᠠᠰᠢᠶᠠᠵᠤ ᠪᠠᠢᠯ᠎ᠠ᠃
  — ᠬᠤᠪᠢᠯᠭᠠᠨ ᠯᠠᠮᠠ ᠲᠠ ᠥᠪᠡᠷ ᠢ᠋ᠶ᠋ᠡᠨ ᠮᠡᠳᠡ᠃ᠲᠠ ᠬᠠᠢᠷᠠᠯᠠᠬᠤ ᠶ᠋ᠢᠨ ᠲᠤᠯᠠᠳᠠ ᠡᠵᠢ ᠲᠡᠢ᠂ ᠨᠤᠲᠤᠭ ᠤᠰᠤ ᠲᠠᠢ ᠶᠠᠪᠤᠭ᠎ᠠ᠃ ᠵᠣᠪᠠᠯᠠᠩ ᠤ᠋ᠨ ᠰᠠᠪᠠᠨ ᠳ᠋ᠠᠭᠠᠨ ᠬᠠᠢᠷ᠎ᠠ ᠳᠦᠭᠦᠷᠭᠡᠭᠡᠳ ᠢᠷᠡᠨ᠎ᠡ ᠪᠣᠢ ᠊ᠢ᠎ᠡ ᠭᠡᠵᠦ ᠳᠠᠯᠠᠢ ᠯᠠᠮᠠ ᠲᠥᠪ ᠳᠠᠷᠤᠤ ᠥᠭᠦᠯᠡᠪᠡ᠃
   ᠳᠤᠭᠠᠩ ᠳᠣᠲᠣᠷ᠎ᠠ ᠪᠣᠷᠣᠭᠠᠨ ᠤ᠋ ᠳᠠᠷᠠᠭ᠎ᠠ ᠴᠢᠭᠢᠭ ᠥᠨᠢᠷᠲᠦᠬᠦ ᠠᠳᠠᠯᠢ ᠮᠠᠰᠢ ᠲᠠᠭᠠᠲᠠᠢ ᠪᠣᠯᠵᠤ᠂ ᠳᠠᠯᠠᠢ ᠯᠠᠮᠠ᠂ ᠪᠠᠨᠴᠢᠨᠡᠷᠳᠡᠨᠢ᠂ ᠭᠠᠯᠳᠠᠨ ᠯᠠᠮᠠ ᠨᠠᠷ ᠰᠦ ᠲᠡᠢ ᠬᠢᠷᠠᠮ᠎ᠠ ᠤᠤᠭᠤᠵᠤ᠂ᠰᠠᠷᠯᠤᠭ ᠤ᠋ᠨ ᠨᠣᠢᠲᠠᠨ ᠥᠷᠥᠮ᠎ᠡ ᠠᠷᠪᠠᠢ ᠶ᠋ᠢᠨ ᠭᠤᠯᠢᠷ ᠲᠠᠢ ᠪᠠᠭᠰᠤᠷᠴᠤ ᠢᠷᠡᠯ᠎ᠡ᠃ᠳᠠᠯᠠᠢ ᠯᠠᠮᠠ《ᠡᠨᠡ ᠭᠠᠯᠳᠠᠨ ᠶᠠᠭᠤᠨ ᠤᠴᠢᠷ ᠥᠨᠳᠥᠷ ᠭᠡᠭᠡᠨ ᠲᠡᠢ ᠠᠭᠤᠯᠵᠠᠵᠤ᠂ ᠶᠠᠪᠤᠬᠤ ᠴᠠᠭ᠂ ᠨᠠᠷᠠ ᠪᠠᠨ ᠲᠣᠬᠢᠷᠠᠳᠠᠭ ᠪᠢᠯᠡ᠃ᠭᠠᠯᠳᠠᠨ ᠵᠠᠨᠠᠪᠠᠽᠠᠷ ᠬᠣᠶᠠᠷ ᠴᠠᠭᠠᠨ᠎ᠠ ᠪᠠᠨ ᠳᠣᠲᠣᠨᠣ ᠶᠤᠮ ᠭᠡᠭᠴᠢ᠃ᠠᠷᠤ ᠬᠠᠯᠬ᠎ᠠ ᠶ᠋ᠢᠨ ᠨᠣᠶᠠᠳ᠂ ᠣᠢᠷᠠᠳ ᠤ᠋ᠨ ᠶᠡᠬᠡᠰ ᠳᠡᠭᠡᠳᠦᠰ ᠬᠣᠭᠣᠷᠣᠨᠳᠣ ᠪᠠᠨ ᠰᠥᠵᠢᠷᠡᠬᠦᠦ ᠮᠥᠷᠲᠡᠭᠡᠨ ᠵᠥᠷᠢᠴᠡᠯ ᠶᠡᠬᠡᠲᠡᠢ᠃ᠭᠠᠯᠳᠠᠨ ᠵᠠᠨᠠᠪᠠᠽᠠᠷ ᠬᠣᠶᠠᠷ ᠬᠦᠢ ᠶ᠋ᠢᠨ ᠬᠣᠯᠪᠣᠭ᠎ᠠ ᠲᠠᠢ᠂ᠤᠳᠤᠮ ᠤᠭᠰᠠᠭ᠎ᠠ ᠪᠠᠨ ᠮᠡᠳᠡᠳᠡᠭ ᠪᠢᠵᠡ᠃ᠨᠠᠮᠠᠶ᠋ᠢ ᠲᠣᠭᠣᠷᠢᠭᠠᠳ ᠪᠠᠢᠵᠤ ᠪᠠᠢᠭ》 ᠭᠡᠮᠡᠨ ᠲᠦᠮᠡᠨ ᠠᠮᠤᠭᠤᠯᠠᠩᠲᠤ ᠪᠣᠳᠣᠯ ᠬᠡᠯᠬᠢᠨ᠎ᠡ᠃
     ᠵᠠᠪᠢᠯᠠᠵᠤ ᠰᠠᠭᠤᠭᠰᠠᠨ ᠪᠠᠨᠴᠢᠨ ᠪᠣᠭᠳᠠ ᠭᠠᠯᠳᠠᠨ ᠢ᠋ ᠬᠠᠷᠠᠭᠠᠳ《ᠮᠡᠰᠡ ᠡᠷᠭᠢᠭᠦᠯᠬᠦ ᠨᠢ ᠤᠷᠠᠨ ᠭᠠᠷ ᠤ᠋ᠨ ᠡᠷᠳᠡᠮ᠃ ᠭᠠᠯᠳᠠᠨ ᠤ᠋ ᠪᠡᠶ᠎ᠡ ᠮᠠᠬᠠᠪᠣᠳ᠂ ᠣᠶᠤᠨ ᠰᠠᠨᠠᠭ᠎ᠠ ᠠᠳᠠᠯᠢᠬᠠᠨ ᠡᠷᠴᠢ ᠲᠡᠢ ᠶᠦᠮ᠃ᠪᠠᠷᠠᠭᠤᠨ ᠵᠡᠭᠦᠨ ᠲᠠᠷᠢᠬᠢ ᠨᠢ ᠬᠣᠶᠠᠭᠤᠯᠠ ᠪᠠᠨ ᠬᠥᠭᠵᠢᠭᠰᠡᠨ ᠪᠠᠢᠬᠤ ᠶ᠋ᠢ ᠪᠣᠳᠣᠬᠤ ᠳ᠋ᠤ᠌ ᠲᠠᠢᠯᠤᠭᠳᠠᠰᠢ ᠦᠭᠡᠢ ᠣᠨᠢᠰᠣᠭ᠎ᠠ᠃ᠬᠡᠷᠪᠡᠵᠢᠶ᠎ᠡ ᠲᠥᠪᠡᠳ ᠲᠦ᠍ ᠢᠷᠡᠭᠡ ᠦᠭᠡᠢ ᠰᠠᠨ ᠪᠣᠯ ᠵᠠᠯᠠᠵᠤ ᠵᠢᠯᠣᠭᠣᠳᠬᠤ ᠠᠷᠭ᠎ᠠ ᠦᠭᠡᠢ ᠪᠣᠰᠤᠭ᠎ᠠ ᠣᠷᠣᠯᠠᠩ ᠪᠠᠢᠵᠠᠢ》 ᠭᠡᠵᠦ ᠡᠷᠭᠢᠴᠡᠭᠦᠯᠦᠨ᠎ᠡ᠃
    ᠭᠠᠯᠳᠠᠨ ᠯᠠᠮᠠ᠂ᠪᠠᠭᠰᠢ ᠨᠠᠷ ᠤ᠋ᠨ ᠢ᠋ᠶ᠋ᠠᠨ ᠨᠢᠳᠦᠨ ᠦ᠌ ᠬᠣᠣᠷ ᠢ᠋ ᠭᠠᠷᠭᠠᠭᠰᠠᠨ ᠳ᠋ᠠᠭᠠᠨ ᠪᠠᠭ᠎ᠠ ᠵᠡᠷᠭᠡ ᠬᠡᠷᠪᠡᠰᠢᠶᠡᠨ《ᠪᠡᠶ᠎ᠡ᠂ ᠰᠡᠳᠬᠢᠯ᠂ ᠠᠮᠠ ᠬᠡᠯᠡ ᠪᠡᠷ ᠦᠢᠯᠡᠳᠬᠦ ᠨᠢᠭᠦᠯ ᠨᠠᠮᠠᠶ᠋ᠢ ᠲᠣᠭᠣᠷᠢᠬᠤ ᠦᠭᠡᠢ ᠪᠣᠯᠤᠯᠲᠠᠢ᠃ ᠪᠤᠷᠬᠠᠨ ᠬᠠᠮᠢᠭ᠎ᠠ ᠪᠠᠢᠨ᠎ᠠ᠃ᠡᠷ᠎ᠡ ᠡᠮ᠎ᠡ ᠪᠣᠳᠢ ᠭᠥᠷᠥᠭᠡᠰᠦ ᠪᠤᠷᠬᠠᠨ ᠤ᠋ ᠠᠮᠢᠲᠠᠨ ᠲᠤᠯᠠ ᠪᠤᠷᠬᠠᠨ ᠤ᠋ ᠰᠡᠳᠬᠢᠯ ᠢ᠋ᠶ᠋ᠡᠷ ᠨᠠᠮᠠᠶ᠋ᠢ ᠬᠠᠷᠠᠳᠠᠭ᠃ᠥᠨᠳᠥᠷ ᠭᠡᠭᠡᠨ ᠦ᠌ ᠡᠷᠢᠭᠡ ᠴᠡᠭᠡᠵᠢᠨ ᠳ᠋ᠦ᠍ ᠪᠣᠢ᠃ ᠠᠷᠪᠠᠨ ᠨᠠᠰᠤᠨ ᠤ᠋ ᠵᠥᠷᠢᠶ᠎ᠡ ᠲᠡᠢ ᠪᠢᠳᠡ ᠲᠡᠭᠦᠰ ᠲᠡᠭᠦᠯᠳᠡᠷ ᠦ᠋ᠨ ᠲᠤᠢᠯ ᠳ᠋ᠤ᠌ ᠬᠦᠷᠬᠦ ᠪᠡᠷ ᠴᠣᠭ ᠲᠠᠭᠠᠨ ᠶᠠᠪᠤᠵᠤ ᠪᠠᠢᠬᠤ ᠵᠠᠭᠤᠷ᠎ᠠ ᠬᠠᠭᠠᠨ ᠡᠴᠢᠭᠡ ᠡᠴᠡ ᠪᠡᠨ ᠬᠣᠶᠠᠭᠤᠯᠠ ᠬᠠᠭᠠᠴᠠᠪᠠ᠃ ᠬᠣᠭᠣᠰᠣᠨ ᠴᠢᠨᠠᠷ ᠪᠦᠬᠦᠢ ᠠᠮᠢᠳᠤᠷᠠᠯ ᠪᠤᠷᠬᠠᠨ ᠦᠭᠡᠢ ᠪᠠᠢᠭᠰᠠᠨ ᠪᠣᠯ ᠶᠠᠭᠠᠬᠢᠭᠰᠠᠨ ᠤᠢᠳᠬᠠᠷ ᠲᠠᠢ᠃ᠪᠤᠷᠬᠠᠨ ᠢ᠋ᠶ᠋ᠠᠨ ᠰᠡᠳᠬᠢᠯ ᠳ᠋ᠡᠭᠡᠨ ᠵᠠᠯᠠᠭᠠᠳ ᠳ᠋ᠦᠩᠰᠢᠭᠤᠷ ᠮᠠᠨᠢ ᠶ᠋ᠢᠨ ᠴᠠᠭᠠᠨ᠎ᠠ ᠭᠠᠷᠤᠨ᠎ᠠ ᠳᠠ》 ᠭᠡᠵᠦ ᠲᠠᠰᠤ ᠥᠭᠡᠷ᠎ᠡ ᠶᠠᠭᠤᠮ᠎ᠠ ᠪᠣᠳᠣᠵᠤ ᠪᠡᠶ᠎ᠡ ᠪᠡᠨ ᠲᠠᠢᠪᠤᠰᠢᠷᠠᠭᠤᠯᠵᠤ ᠰᠠᠭᠤᠯ᠎ᠠ᠃


ᠠᠷᠪᠠᠨ ᠵᠢᠷᠭᠤᠭ᠎ᠠ

    ᠣᠷᠣᠢ ᠪᠣᠯᠵᠠᠢ᠃ ᠭᠠᠯᠳᠠᠨ ᠤ᠋ ᠦᠷᠭᠦᠭᠡᠨ ᠳ᠋ᠦ᠍ ᠲᠣᠪᠰᠢᠭᠤᠷ ᠡᠯᠭᠦᠭᠡ ᠲᠡᠢ ᠪᠥᠯᠥᠭᠡ᠃ᠭᠠᠯᠳᠠᠨ ᠲᠣᠪᠰᠢᠭᠤᠷ ᠤ᠋ᠨ ᠤᠲᠠᠰᠤ ᠶ᠋ᠢ ᠬᠤᠷᠤᠭᠤᠨ ᠤ᠋ ᠠᠶᠠᠰ ᠢ᠋ᠶ᠋ᠠᠷ ᠭᠡᠭᠡᠯᠵᠡᠲᠡᠯ᠎ᠡ ᠲᠠᠲᠠᠵᠤ ᠲᠥᠪᠡᠳ ᠦ᠋ᠨ ᠥᠨᠳᠥᠷ ᠠᠭᠤᠯᠠᠨ ᠳ᠋ᠤ᠌ ᠪᠣᠷᠣᠭ᠎ᠠ ᠴᠠᠢᠷᠠᠵᠤ ᠪᠠᠢᠭ᠎ᠠ ᠶ᠋ᠢ ᠭᠡᠭᠡᠪᠴᠢ ᠪᠡᠷ ᠰᠢᠷᠲᠡᠨ᠎ᠡ᠃ ᠲᠣᠪᠰᠢᠭᠤᠷ ᠤ᠋ᠨ ᠠᠶᠠᠯᠭᠤ ᠪᠣᠷᠣᠭᠠᠨ ᠤ᠋ ᠳᠤᠰᠤᠯ ᠰᠢᠷᠬᠡᠭ ᠮᠡᠲᠦ ᠨᠢᠭᠡ ᠨᠢᠭᠡ ᠪᠡᠷ ᠤᠨᠠᠵᠤ᠂ ᠭᠠᠯᠳᠠᠨ ᠤ᠋ ᠰᠡᠳᠬᠢᠯ ᠦ᠋ᠨ ᠴᠢᠨᠠᠳᠤ ᠣᠷᠣᠰᠢᠨ ᠪᠦᠬᠦᠢ ᠨᠤᠲᠤᠭ ᠢ᠋ᠶ᠋ᠠᠨ ᠰᠠᠨᠠᠭᠰᠠᠨ ᠰᠡᠳᠬᠢᠯ ᠦ᠋ᠨ ᠤᠲᠠᠰᠤ ᠶ᠋ᠢ ᠭᠦᠨᠳᠡᠪᠡ᠃ ᠠᠯᠲᠠᠢ ᠶ᠋ᠢᠨ ᠠᠭᠤᠯᠠᠰ ᠪᠣᠷᠣᠭᠠᠨ ᠲᠠᠢ ᠡᠳᠦᠷ ᠨᠠᠮᠢᠯᠵᠠᠨ ᠬᠥᠳᠡᠯᠳᠡᠭ ᠪᠢᠯᠡ᠃ ᠥᠷᠭᠥᠭᠡ ᠭᠡᠷ ᠲᠦ᠍ ᠭᠠᠯ ᠥᠷᠲᠥᠬᠦ ᠳ᠋ᠦ᠍ ᠪᠣᠷᠣᠭᠠᠨ ᠤ᠋ ᠦᠨᠦᠷ ᠤᠯᠠᠮ ᠲᠠᠩᠰᠤᠭ ᠢᠯᠳᠠᠮ ᠪᠣᠯᠤᠨ᠎ᠠ᠃ᠪᠣᠷᠣᠭ᠎ᠠ ᠳᠠᠭᠠᠭᠠᠳ ᠰᠡᠳᠬᠢᠯ ᠵᠢᠷᠦᠬᠡ ᠵᠦᠰᠡᠷᠡᠳᠡᠭ ᠪᠤᠰᠤ ᠤᠤ?
   ᠭᠠᠯᠳᠠᠨ ᠪᠠᠭ᠎ᠠ ᠳ᠋ᠠᠭᠠᠨ ᠣᠢᠷᠠᠳ ᠤ᠋ᠨ ᠶᠡᠬᠡ ᠪᠠᠭᠠᠲᠤᠷ ᠡᠷ᠎ᠡ ᠭᠠᠯᠳᠠᠮ᠎ᠠ ᠶ᠋ᠢᠨ ᠲᠤᠬᠠᠢ ᠳᠠᠭᠤᠤ ᠶ᠋ᠢ ᠠᠶᠠᠯᠵᠤ ᠰᠤᠷᠤᠭᠠᠳ ᠬᠦᠯᠦᠭ ᠦ᠋ᠨ ᠳᠥᠷᠦᠭᠡᠨ ᠳ᠋ᠦ᠍ ᠠᠰᠠᠬᠤ ᠪᠦᠷᠢ ᠳ᠋ᠡᠭᠡᠨ ᠰᠡᠳᠬᠢᠯ ᠨᠢ ᠬᠥᠭᠡᠷᠦᠨ ᠲᠡᠷᠡ ᠬᠦ᠌ ᠳᠠᠭᠤᠤ ᠶ᠋ᠢ ᠠᠶᠠᠯᠳᠠᠭ ᠪᠠᠢᠭᠰᠠᠨ ᠢ᠋ᠶ᠋ᠠᠨ ᠮᠠᠷᠲᠠᠳᠠᠭ ᠦᠭᠡᠢ ᠶᠦᠮ᠃ ᠭᠠᠯᠳᠠᠨ ᠢ᠋ ᠳᠠᠭᠤᠯᠠᠬᠤ ᠪᠠᠷ ᠮᠢᠭᠮᠠᠨᠰᠠᠩᠵᠠᠢ ᠳᠠᠭᠠᠵᠤ ᠳᠠᠭᠤᠯᠠᠨ᠎ᠠ᠃ ᠮᠣᠷᠢᠨ ᠳᠡᠭᠡᠷ᠎ᠡ ᠳᠠᠭᠤᠯᠠᠳᠠᠭ ᠳᠠᠭᠤᠤ ᠪᠠᠢᠵᠠᠢ᠃ ᠮᠣᠷᠢᠳ ᠳᠠᠭᠤᠨ ᠳ᠋ᠤ᠌ ᠤᠶᠠᠷᠠᠳᠠᠭ ᠪᠤᠰᠤ ᠤᠤ?
    ᡀᠠᠰᠠ ᠬᠡᠮᠡᠬᠦ ᠪᠤᠷᠬᠠᠨ ᠱᠠᠰᠢᠨ ᠤ᠋ ᠬᠥᠯ ᠶᠡᠬᠡᠲᠡᠢ ᠬᠣᠲᠠᠨ ᠳ᠋ᠤ᠌ ᠢᠷᠡᠭᠰᠡᠨ ᠬᠣᠢᠨ᠎ᠠ ᠪᠠᠨ ᠮᠥᠨᠥᠬᠢ ᠭᠠᠯᠳᠠᠮ᠎ᠠ ᠪᠠᠭᠠᠲᠤᠷ ᠤ᠋ᠨ ᠲᠤᠬᠠᠢ ᠳᠠᠭᠤᠤ ᠶ᠋ᠢ ᠠᠶᠠᠯᠤᠭᠰᠠᠭᠠᠷ ᠪᠠᠢᠨ᠎ᠠ᠃ᠭᠠᠯᠳᠠᠨ ᠵᠥᠪᠬᠡᠨ ᠥᠪᠡᠷ ᠲᠡᠭᠡᠨ ᠳᠠᠭᠤᠯᠠᠳᠠᠭ ᠪᠣᠯᠵᠠᠢ᠃ ᠭᠠᠯᠳᠠᠨ ᠨᠢᠳᠦᠨ ᠳ᠋ᠡᠭᠡᠨ ᠪᠠᠭᠠᠲᠤᠷ ᠡᠷᠡᠰ ᠢ᠋ ᠬᠠᠷᠠᠨ᠎ᠠ᠃
ᠰᠥᠭᠡᠩᠭᠢᠳᠡᠭᠦᠦ ᠭᠤᠨᠢᠭᠲᠤ ᠬᠣᠭᠣᠯᠠᠢ ᠪᠠᠷ ᠨᠢᠭᠡᠨ ᠬᠡᠪ ᠢ᠋ᠶ᠋ᠡᠷ ᠲᠣᠪᠰᠢᠭᠤᠷ ᠲᠣᠪᠰᠢᠨ ᠭᠠᠯ ᠦᠯᠢᠶᠡᠬᠦ ᠯᠦ᠍ᠭᠡ ᠰᠡᠳᠬᠢᠯ ᠰᠡᠮᠡᠯᠡᠨ ᠳᠠᠭᠤᠯᠠᠬᠤ ᠠᠵᠠᠢ᠃
     ᠁ ᠬᠤᠶᠠᠭ ᠳᠤᠭᠤᠯᠠᠭ᠎ᠠ ᠪᠠᠨ ᠡᠮᠦᠰᠦᠭᠰᠡᠨ ᠭᠠᠯᠳᠠᠮ᠎ᠠ
   ᠬᠠᠭᠠᠨ ᠤ᠋ ᠣᠷᠳᠣᠨ ᠤ᠋ ᠡᠭᠦᠳᠡᠨ ᠳ᠋ᠦ᠍ ᠵᠣᠭᠰᠣᠨᠠᠮ
   ᠬᠠᠩᠬᠠᠯᠵᠠᠭᠣᠷ ᠬᠡᠭᠡᠷ ᠮᠣᠷᠢ ᠨᠢ ᠡᠮᠡᠭᠡᠯ ᠲᠡᠢ ᠪᠡᠨ
   ᠬᠠᠪᠴᠢᠯ ᠤ᠋ᠨ  ᠬᠥᠨᠳᠡᠢ ᠳ᠋ᠦ᠍ ᠰᠣᠢᠯᠲᠠᠲᠠᠢ ᠪᠠᠢᠨᠠᠮ
   ᠰᠠᠭᠠᠳᠠᠭ ᠨᠤᠮᠤ ᠨᠢ ᠨᠢᠷᠤᠭᠤᠨ ᠳ᠋ᠤ᠌ ᠪᠡᠬᠢᠯᠡᠵᠦ
   ᠰᠠᠢᠨ ᠨᠥᠬᠥᠳ ᠨᠢ ᠠᠮᠢ ᠨᠢᠭᠡᠳᠦᠨ
   ᠳᠥᠷᠪᠡᠨ ᠨᠠᠰᠤᠲᠠᠢ ᠬᠠᠯᠢᠭᠤᠨ᠎ᠡ ᠪᠡᠨ
   ᠴᠢᠳᠥᠷ ᠤᠶᠠᠭᠠᠨ ᠳ᠋ᠤᠨᠢ ᠳᠠᠰᠬᠠᠪᠠ
   ᠳᠥᠴᠢᠨ ᠰᠢᠯᠢᠳᠡᠭ ᠪᠠᠭᠠᠲᠤᠷ ᠢ᠋ᠶ᠋ᠠᠨ
   ᠲᠡᠢᠨ ᠲᠤᠯᠤᠯᠳᠤᠭᠠᠨ ᠳ᠋ᠤ᠌ ᠪᠡᠯᠡᠳᠬᠡᠪᠡ
   ᠬᠠᠭᠰᠠᠭᠠᠵᠤ ᠰᠣᠢᠭᠰᠠᠨ ᠬᠠᠯᠢᠭᠤᠨ᠎ᠠ ᠪᠠᠨ
   ᠴᠢᠳᠥᠷ ᠤᠶᠠᠭᠠᠨ ᠳ᠋ᠤ᠌ ᠳᠠᠰᠬᠠᠪᠠ
   ᠬᠠᠷᠴᠠᠭᠠᠢ ᠱᠣᠩᠬᠣᠷ ᠰᠢᠪᠠᠭᠤ ᠪᠠᠨ
   ᠬᠤᠨ ᠪᠠᠷᠢᠶᠠᠨ ᠳ᠋ᠤ᠌ ᠰᠤᠷᠭᠠᠪᠠ ᠁
   ᠭᠠᠯᠳᠠᠨ ᠤ᠋ ᠵᠢᠷᠦᠬᠡᠨ ᠳ᠋ᠦ᠍ ᠭᠠᠯᠳᠠᠮ᠎ᠠ ᠪᠠᠭᠠᠲᠤᠷ ᠤ᠋ᠨ ᠲᠤᠬᠠᠢ ᠳᠠᠭᠤᠤ ᠪᠠᠢᠩᠭᠤ ᠡᠭᠡᠰᠢᠭᠯᠡᠨ᠎ᠡ᠃ᠲᠡᠷᠡ ᠪᠡᠷ ᠳᠠᠭᠤᠤ ᠪᠠᠨ ᠰᠠᠨᠠᠮᠰᠠᠷ ᠦᠭᠡᠢ ᠠᠶᠠᠯᠠᠲᠠᠯ᠎ᠠ ᠳᠡᠭᠡᠳᠦ ᠶ᠋ᠢᠨ ᠶᠡᠬᠡ ᠪᠠᠭᠰᠢ ᠳᠠᠯᠠᠢ ᠯᠠᠮᠠ ᠳᠡᠷᠭᠡᠳᠡ ᠨᠢ ᠪᠠᠢᠵᠠᠢ᠃
    — ᠬᠤᠪᠢᠯᠭᠠᠨ ᠲᠠ ᠳᠠᠭᠤᠤ ᠠᠶᠠᠯᠤᠨ᠎ᠠ ᠤᠤ? ᠭᠡᠵᠦ ᠳᠠᠯᠠᠢ ᠯᠠᠮᠠ ᠬᠡᠯᠡᠪᠡ᠃
    — ᠰᠠᠨᠠᠭᠠᠨ ᠳ᠋ᠤ᠌᠁ ᠠᠶᠠᠯᠪᠠ ᠭᠡᠮᠡᠨ ᠭᠠᠯᠳᠠᠨ ᠯᠠᠮᠠ ᠰᠣᠴᠢᠰᠬᠢᠨ ᠥᠭᠦᠯᠡᠪᠡ᠃
    ᠳᠠᠯᠠᠢ ᠯᠠᠮᠠ ᠢᠨᠢᠶᠡᠮᠰᠦᠭᠯᠡᠵᠦ ᠳᠠᠭᠤᠯᠠᠬᠤ ᠭᠡᠳᠡᠭ ᠤᠬᠢᠯᠠᠬᠤ ᠠ᠋ᠴᠠ ᠡᠬᠢ ᠲᠡᠢ ᠶᠦᠮ᠃ᠡᠬᠡ ᠡᠴᠡ ᠲᠥᠷᠥᠭᠡᠳ ᠤᠬᠢᠯᠠᠭᠰᠠᠨ ᠲᠡᠷᠡ ᠳᠠᠭᠤᠤ ᠪᠣᠯ ᠨᠢᠭᠡ ᠨᠠᠰᠤᠨ ᠤ᠋ ᠠᠮᠢᠰᠬᠤᠯ ᠤ᠋ᠨ ᠲᠣᠭᠠᠨ ᠤ᠋ ᠡᠬᠢᠯᠡᠯ᠃ᠨᠠᠳᠠ ᠳᠠᠭᠤᠯᠠᠵᠤ ᠥᠭᠭᠦᠭᠡᠴᠢ ᠭᠡᠮᠡᠨ ᠭᠠᠯᠳᠠᠨ ᠢ ᠠᠷᠭᠠᠳᠠᠪᠠ᠃ᠭᠠᠯᠳᠠᠨ ᠪᠠᠭᠰᠢ ᠶ᠋ᠢᠨ ᠡᠮᠦᠨ᠎ᠡ ᠵᠣᠭᠰᠣᠭᠠᠳ ᠪᠦᠳᠡᠭᠢᠬᠡᠨ  ᠢ᠋ᠶ᠋ᠡᠷ ᠳᠠᠭᠤᠯᠠᠬᠤ  ᠳ᠋ᠤ᠌ ᠳᠠᠯᠠᠢ ᠯᠠᠮᠠ ᠪᠡᠶᠡᠰᠦᠨ ᠬᠥᠭᠡᠷᠴᠡᠢ᠃
    — ᠭᠠᠯᠳᠠᠨ ᠬᠤᠪᠢᠯᠭᠠᠨ ᠲᠠ ᠪᠣᠯ ᠣᠢᠷᠠᠳ ᠨᠤᠲᠤᠭ ᠲᠠᠢ ᠪᠠᠨ ᠤᠶᠠᠭᠠᠲᠠᠢ ᠰᠢᠦ᠃ᠲᠡᠢᠮᠦ ᠨᠠᠨᠳᠢᠨ ᠤᠶᠠᠭ᠎ᠠ ᠶ᠋ᠢ ᠬᠦᠢ ᠶ᠋ᠢᠨ ᠬᠣᠯᠪᠣᠭ᠎ᠠ ᠭᠡᠳᠡᠭ ᠪᠤᠰᠤ ᠤᠤ?ᠬᠡᠮᠡᠭᠡᠳ ᠮᠣᠲ᠋ᠣᠷ  ᠤ᠋ᠨ ᠠᠳᠢᠰ ᠬᠦᠷᠲᠡᠭᠡᠪᠡ᠃ ᠡᠳᠦᠷ ᠨᠢ ᠳᠠᠯᠠᠢ ᠯᠠᠮᠠ ᠭᠠᠯᠳᠠᠨ  ᠢ ᠠᠳᠢᠰᠯᠠᠬᠤ ᠪᠠᠨ ᠮᠠᠷᠲᠠᠭᠰᠠᠨ ᠪᠠᠢᠵᠠᠢ᠃ ᠲᠡᠢᠮᠦ ᠪᠣᠯᠬᠣᠷ ᠣᠷᠣᠢ ᠶ᠋ᠢᠨ ᠲᠣᠭᠲᠠᠭᠤᠨ  ᠳ᠋ᠤ᠌ ᠭᠠᠳᠠᠭᠠᠯᠠᠬᠤ ᠵᠠᠭᠤᠷ᠎ᠠ ᠪᠠᠨ ᠲᠡᠭᠦᠨ  ᠦ᠌ ᠦᠷᠭᠦᠭᠡᠨ  ᠳ᠋ᠦ᠍ ᠣᠴᠢᠭᠰᠠᠨ ᠪᠠᠢᠯ᠎ᠠ᠃
    ᠳᠠᠯᠠᠢ ᠯᠠᠮᠠ ᠣᠢᠷᠠᠳ  ᠤ᠋ᠨ ᠬᠥᠪᠡᠭᠦᠳ ᠢ᠋
ᠣᠨᠴᠠᠭᠠᠢ ᠠᠩᠬᠠᠷᠬᠤ ᠪᠥᠯᠥᠭᠡ᠃ ᡀᠠᠰᠠ ᠬᠡᠮᠡᠬᠦ ᠪᠤᠷᠬᠠᠨ  ᠤ᠋ ᠥᠯᠥᠭᠡᠢ ᠬᠣᠲᠠ  ᠳ᠋ᠤ᠌ ᠬᠣᠯᠠ ᠣᠢᠷ᠎ᠠ ᠶ᠋ᠢᠨ ᠮᠥᠷᠭᠥᠯᠴᠢᠨ᠂ᠭᠤᠶᠤᠯᠭᠠᠴᠢᠨ᠂ᠵᠣᠯᠪᠢᠩ ᠨᠣᠬᠠᠢ ᠴᠤᠭᠯᠠᠷᠠᠭᠰᠠᠨ ᠠ᠋ᠴᠠ ᠭᠠᠳᠠᠨ᠎ᠠ ᠭᠣᠢᠳᠠ ᠡᠷᠳᠡᠮ ᠴᠢᠳᠠᠯ ᠲᠠᠢ ᠂ᠭᠠᠵᠠᠷ ᠲᠩᠷᠢ ᠡᠴᠡ ᠬᠡᠰᠢᠭ ᠳᠠᠯᠠᠯᠭ᠎ᠠ ᠲᠠᠢ ᠭᠠᠯᠳᠠᠨ ᠵᠠᠨᠠᠪᠠᠽᠠᠷ ᠮᠡᠲᠦ ᠶ᠋ᠢᠨ ᠬᠤᠪᠢᠯᠭᠠᠨ ᠣᠯᠠᠨ ᠪᠢᠯᠡ᠃ᠭᠠᠯᠳᠠᠨ᠂ᠵᠠᠨᠠᠪᠠᠽᠠᠷ ᠬᠣᠶᠠᠷ ᠪᠡᠶ᠎ᠡ ᠪᠡᠶ᠎ᠡ ᠤᠷᠤᠭᠤ ᠪᠠᠨ ᠨᠡᠭᠦᠵᠦ ᠡᠬᠢᠯᠡᠵᠡᠢ᠃ᠡᠨᠡ ᠨᠡᠭᠦᠳᠡᠯ ᠦᠯᠦ ᠲᠠᠰᠤᠷᠠᠬᠤ ᠶ᠋ᠢᠨ ᠡᠬᠢᠯᠡᠯ ᠪᠣᠯᠪᠠ᠃
    ᠰᠠᠢᠨ ᠮᠠᠭᠤ᠂ ᠰᠠᠢᠬᠠᠨ ᠮᠠᠭᠤᠬᠠᠢ ᠬᠥᠭᠯᠡᠷᠡᠭᠰᠡᠨ ᡀᠠᠰᠠ ᠬᠡᠮᠡᠬᠦ ᠪᠤᠷᠬᠠᠨ  ᠤ᠋ ᠶᠡᠬᠡ ᠬᠦᠷᠢᠶᠡᠨ  ᠦ᠌ ᠥᠨᠳᠥᠷ ᠳᠡᠨᠵᠢᠨ  ᠳ᠋ᠦ᠍ ᠪᠤᠳᠠᠯᠠᠩ ᠣᠷᠳᠣᠨ ᠪᠠᠷ᠎ᠠ ᠰᠦᠷ ᠲᠡᠢ ᠲᠦᠩᠬᠦᠢᠨ ᠪᠠᠢᠬᠤ  ᠳ᠋ᠤ᠌ ᠡᠬᠢᠯᠡᠭᠡᠳ ᠭᠠᠯᠳᠠᠨ ᠯᠠᠮᠠ ᠶ᠋ᠢᠨ ᠬᠥᠰᠬᠡ᠂ ᠳᠠᠷᠠᠭᠠᠯᠠᠭᠠᠳ ᠥᠨᠳᠥᠷ ᠭᠡᠭᠡᠨ  ᠦ᠌ ᠬᠥᠰᠬᠡ ᠬᠥᠳᠡᠯᠪᠡ᠃ ᠭᠠᠯᠳᠠᠨ ᠯᠠᠮᠠ《ᠠᠷᠤ ᠠ᠋ᠴᠠ ᠥᠨᠳᠥᠷ ᠭᠡᠭᠡᠨ ᠶᠠᠪᠤᠨ᠎ᠠ᠃ ᠪᠢ ᠲᠦᠷᠦᠭᠦᠯᠡᠵᠦ ᠬᠥᠳᠡᠯᠪᠡ᠃ᠪᠣᠭᠳᠠ ᠯᠠᠮᠠ ᠬᠡᠵᠢᠶ᠎ᠡ ᠴᠦ᠍ ᠲᠦᠷᠦᠭᠦᠯᠡᠵᠦ ᠬᠥᠳᠡᠯᠬᠦ ᠦᠭᠡᠢ᠃ᠬᠠᠷᠢᠨ ᠪᠢ ᠪᠣᠯ ᠡᠷᠴᠢ ᠲᠡᠢ ᠤᠴᠢᠷ ᠠ᠋ᠴᠠ ᠰᠢᠭᠤᠳ ᠡᠬᠢᠯᠡᠳᠡᠭ᠃ᠡᠷᠴᠢ ᠪᠡᠨ ᠰᠠᠭᠠᠷᠠᠭᠤᠯᠵᠤ ᠪᠣᠯᠬᠤ ᠦᠭᠡᠢ ᠴᠦ᠍ ᠪᠣᠳᠣᠬᠤ ᠬᠡᠷᠡᠭᠲᠡᠢ》 ᠭᠡᠮᠡᠨ ᠪᠣᠳᠣᠨ᠎ᠠ᠃

ᠠᠷᠪᠠᠨ ᠳᠣᠯᠣᠭ᠎ᠠ

      ᠬᠥᠬᠡᠨᠠᠭᠤᠷ  ᠲᠤ᠌ ᠵᠤᠰᠠᠵᠤ ᠪᠣᠢ ᠸᠴᠢᠷᠲᠤ ᠰᠡᠴᠡᠨ ᠬᠠᠭᠠᠨ  ᠤ᠋ ᠦᠷᠭᠦᠭᠡᠨ  ᠳ᠋ᠦ᠍ ᠭᠠᠯᠳᠠᠨ ᠰᠠᠭᠠᠳᠠᠭᠠᠳ ᠬᠥᠳᠡᠯᠪᠡ᠃ᠠᠨᠤᠳᠠᠷ᠎ᠠ ᠪᠦᠰᠡᠭᠦᠢ ᠰᠡᠩᠭᠡ ᠬᠠᠭᠠᠨ  ᠤ᠋ ᠬᠠᠲᠤᠨ ᠪᠣᠯᠵᠤ ᠣᠳᠴᠠᠢ᠃ᠥᠨᠳᠡᠭᠡᠲᠦ ᠪᠣᠷᠣ ᠴᠥᠭᠥᠷᠥᠮ  ᠳ᠋ᠦ᠍ ᠡᠪᠡᠰᠦᠨ ᠦᠨᠳᠦᠰᠦ ᠲᠣᠭᠠᠯᠠᠨ ᠠᠩᠭᠠᠬᠠᠢ ᠱᠣᠯᠤᠭᠤᠨᠠᠨ ᠪᠠᠢᠨ᠎ᠠ᠃ ᠨᠣᠭᠣᠭᠠᠨ᠂ᠰᠢᠷ᠎ᠠ᠂ᠪᠣᠷᠣ ᠥᠩᠭᠡ ᠪᠡᠷ ᠬᠣᠣᠰᠯᠠᠭᠰᠠᠨ ᠥᠨᠳᠡᠭᠡᠲᠦ ᠳᠤᠭᠤᠢ ᠲᠣᠭᠣᠷᠢᠮ ᠭᠠᠯᠳᠠᠨ  ᠳ᠋ᠤ᠌ ᠤᠢᠳᠬᠠᠷ ᠲᠥᠷᠥᠭᠦᠯᠳᠡᠭ᠃ ᠠᠨᠤᠳᠠᠷ᠎ᠠ ᠶ᠋ᠢ ᠬᠠᠷᠠᠭᠰᠠᠨ ᠪᠣᠯ ᠶᠠᠭᠠᠬᠢᠵᠤ ᠪᠠᠢᠭᠰᠠᠨ ᠢ ᠪᠤᠤ ᠮᠡᠳᠡ᠁ ᠠᠬᠠᠳᠠᠷ᠎ᠠ ᠪᠦᠰᠡᠭᠦᠢ ᠭᠠᠯᠳᠠᠨ ᠠ᠋ᠴᠠ ᠴᠡᠷᠪᠡᠨ᠎ᠡ᠃ ᠠᠬᠠᠳᠠᠷ᠎ᠠ ᠪᠦᠰᠡᠭᠦᠢ ᠭᠠᠯᠳᠠᠨ  ᠤ᠋ ᠡᠮᠦᠨ᠎ᠡ ᠡᠴᠡ ᠡᠭᠴᠡᠯᠡᠵᠦ ᠬᠠᠷᠠᠬᠤ ᠦᠭᠡᠢ ᠠᠵᠢ᠃

     ᠲᠥᠪᠡᠳ  ᠦ᠋ᠨ ᠮᠥᠩᠬᠡ ᠴᠠᠰᠤᠲᠤ ᠠᠭᠤᠯᠠ ᠶ᠋ᠢᠨ ᠳᠠᠪᠠᠭᠠᠨ  ᠳ᠋ᠤ᠌ ᠨᠢᠭᠡᠨ ᠬᠥᠪᠡᠭᠦᠨ ᠡᠬᠡ ᠶ᠋ᠢᠨ ᠤᠮᠠᠢ ᠠ᠋ᠴᠠ ᠨᠢᠭᠦᠯᠲᠦ ᠬᠣᠷᠸ᠎ᠠ  ᠳ᠋ᠤ᠌ ᠲᠥᠷᠥᠵᠦ ᠠᠬᠤᠢ ᠴᠠᠭ ᠲᠤᠷ ᠶᠦᠮ ᠠᠭ᠎ᠠ ᠬᠠᠲᠤᠨ  ᠤ᠋ ᠶᠡᠬᠡ ᠦᠷᠭᠦᠭᠡᠨ  ᠦ᠌ ᠡᠭᠦᠳᠡᠨ  ᠳ᠋ᠦ᠍ ᠭᠠᠯᠳᠠᠨ  ᠤ᠋ ᠡᠯᠴᠢ ᠪᠠᠭᠤᠵᠤ ᠪᠠᠢᠯ᠎ᠠ᠃ᠬᠠᠲᠤᠨ  ᠤ᠋ ᠦᠷᠭᠦᠭᠡᠨ  ᠦ᠌ ᠪᠣᠱᠣᠭ᠎ᠠ ᠪᠠᠷ ᠠᠯᠬᠤᠩᠭᠤᠲᠠ ᠡᠯᠴᠢ ᠨᠠᠮᠤᠰᠬᠢᠨ ᠬᠦᠨᠳᠦᠳᠬᠡᠯ ᠦᠵᠡᠭᠦᠯᠦᠭᠡᠳ᠂
       —ᠭᠠᠯᠳᠠᠨ ᠬᠤᠪᠢᠯᠭᠠᠨ ᠁ ᠭᠡᠵᠦ ᠬᠡᠯᠡ ᠳᠣᠭᠣᠯᠭᠠᠪᠠ᠃ᠶᠥᠮ ᠠᠭ᠎ᠠ ᠬᠠᠲᠤᠨ ᠤ᠋ ᠶᠠᠭᠠᠨ ᠴᠢᠷᠠᠢ ᠳ᠋ᠤ᠌ ᠤᠴᠠᠷᠠᠯ ᠤ᠋ᠨ ᠭᠡᠷᠡᠯ ᠭᠢᠯᠠᠯᠵᠠᠨ ᠥᠩᠭᠡᠷᠡᠭᠰᠡᠨ ᠢ᠋ᠶ᠋ᠡᠨ ᠪᠡᠭᠲᠡᠷᠡᠯ ᠦ᠋ᠨ ᠰᠡᠭᠦᠳᠡᠷ ᠲᠠᠲᠠᠬᠤ ᠮᠡᠲᠦ ᠪᠣᠯᠪᠠ᠃ ᠬᠠᠲᠤᠨ ᠨᠠᠮᠪᠠᠯᠢᠭ ᠢ᠋ ᠬᠢᠴᠢᠶᠡᠪᠡᠴᠦ ᠬᠦᠦ ᠪᠡᠨ ᠢᠷᠡᠵᠦ ᠪᠠᠢᠭ᠎ᠠ ᠶ᠋ᠢ ᠰᠣᠨᠣᠰᠤᠭᠠᠳ ᠲᠥᠪᠳᠡᠭᠰᠡᠨ ᠦᠭᠡᠢ ᠥᠷᠭᠥᠭᠡ ᠭᠡᠷ ᠦ᠋ᠨ ᠢ᠋ᠶ᠋ᠡᠨ ᠭᠠᠳᠠᠭ᠎ᠠ ᠭᠠᠷᠤᠯ᠎ᠠ᠃
      ᠬᠠᠷ᠎ᠠ ᠡᠷᠴᠢᠰ ᠮᠣᠷᠢᠨ ᠤ᠋ ᠤᠷᠲᠤ ᠬᠥᠨᠳᠡᠢ ᠬᠥᠬᠡ ᠨᠣᠭᠣᠭᠠᠨ ᠤ᠋ ᠪᠤᠳᠠᠩ᠂ᠠᠯᠤᠰ ᠤ᠋ᠨ ᠵᠡᠷᠭᠡᠯᠭᠡᠨ ᠳ᠋ᠦ᠍ ᠰᠦᠮᠡᠢᠨ᠎ᠡ᠃ ᠲᠡᠷᠲᠡᠭᠡ ᠬᠣᠯᠠ ᠠ᠋ᠴᠠ ᠮᠣᠷᠢᠳ ᠤ᠋ᠨ ᠲᠣᠭᠣᠰᠣ  ᠵᠤᠷᠠᠢᠵᠤ ᠪᠠᠢᠨ᠎ᠠ᠃
      ᠶᠦᠮ ᠠᠭ᠎ᠠ ᠬᠠᠲᠤᠨ ᠭᠡᠷ ᠲᠡᠭᠡᠨ ᠡᠷᠭᠢᠵᠦ ᠣᠷᠣᠭᠠᠳ ᠴᠡᠭᠡᠵᠢ ᠪᠡᠨ ᠳᠠᠷᠤᠵᠤ ᠰᠡᠭᠦᠷᠡᠰᠦ ᠠᠯᠳᠠᠭᠠᠳ ᠴᠢᠮᠡᠭᠡ ᠴᠡᠩᠨᠠᠬᠤ ᠮᠡᠲᠦ  ᠠᠨᠢᠷᠲᠤᠨ ᠵᠣᠭᠰᠣᠵᠤ ᠪᠠᠢᠭᠰᠠᠨ ᠢ᠋ᠶ᠋ᠠᠨ ᠡᠷᠳᠡᠨᠢᠪᠠᠭᠠᠲᠤᠷ ᠬᠣᠩ ᠲᠠᠢᠵᠢ ᠶ᠋ᠢᠨ ᠡᠵᠡᠭᠦᠢᠷᠡᠭᠰᠡᠨ ᠰᠠᠭᠤᠳᠠᠯ ᠢ᠋ ᠬᠠᠷᠠᠪᠠ᠃ᠬᠠᠭᠠᠨ ᠤ᠋ ᠣᠯᠪᠣᠭ ᠳᠡᠭᠡᠷᠡᠬᠢ ᠫᠧᠷᠰ ᠭᠠᠵᠠᠷ ᠤ᠋ᠨ ᠬᠡᠪᠢᠰ ᠲᠡᠭᠦᠨ ᠢ᠋ ᠡᠮᠵᠢᠵᠦ ᠪᠦᠬᠦᠢ ᠤᠲᠠᠰᠤ ᠰᠠᠴᠤᠭ ᠡᠵᠡᠭᠦᠢᠷᠡᠭᠰᠡᠨ ᠢ᠋ᠶ᠋ᠡᠨ ᠣᠭᠲᠣᠬᠠᠨ ᠦᠯᠦ ᠮᠡᠳᠡᠨ ᠴᠡᠮᠴᠡᠢᠨ᠎ᠡ᠃ ᠬᠠᠭᠠᠨ ᠤ᠋ ᠣᠯᠪᠣᠭ ᠤ᠋ᠨ ᠴᠠᠭᠠᠨ᠎ᠠ ᠬᠠᠨ᠎ᠠ ᠶ᠋ᠢᠨ ᠡᠷᠡᠰ ᠨᠠᠯᠣᠯᠠᠭᠰᠠᠨ ᠲᠦᠰᠢᠯᠭᠡ ᠳᠡᠭᠡᠷᠡᠬᠢ ᠳᠠᠯᠠᠪᠴᠢ ᠪᠠᠨ ᠪᠠᠷᠳᠠᠮᠬᠠᠨ ᠢ᠋ᠶ᠋ᠠᠷ ᠡᠷᠭᠦᠵᠦ᠂ᠬᠤᠷᠤᠭᠤ ᠬᠢᠮᠤᠰᠤ᠂ ᠰᠣᠴᠢᠮᠠᠭ ᠠᠷᠠᠭ᠎ᠠ ᠪᠠᠷ ᠢ᠋ᠶ᠋ᠠᠨ ᠠᠢᠳᠠᠰ ᠬᠦᠷᠭᠡᠬᠦ ᠪᠦᠷᠭᠦᠳ ᠦ᠋ᠨ ᠳᠦᠷᠰᠦ ᠬᠠᠲᠤᠨ ᠳ᠋ᠤ᠌ ᠵᠣᠷᠢᠭ ᠥᠭᠪᠡ᠃ᠲᠡᠷᠡ ᠪᠦᠷᠭᠦᠳ ᠢ᠋ ᠶᠦᠮ ᠠᠭ᠎ᠠ ᠬᠠᠲᠤᠨ ᠤᠷᠠᠯᠠᠵᠠᠢ᠃ 
    ᠦᠷᠭᠦᠭᠡᠨ  ᠦ᠌ ᠭᠠᠳᠠᠨ᠎ᠠ ᠳᠥᠷᠥᠭᠡ ᠬᠤᠷᠰᠢᠬᠤ᠂ ᠬᠥᠮᠦᠰ ᠳᠦᠩᠭᠡᠷ ᠳᠦᠩᠭᠡᠷ ᠶᠠᠷᠢᠯᠴᠠᠬᠤ᠂ᠵᠢᠤᠵᠠ 
ᠲᠡᠷᠭᠡᠨ ᠦ᠌ ᠬᠠᠭᠠᠯᠭ᠎ᠠ ᠬᠠᠭᠠᠭᠳᠠᠬᠤ ᠵᠡᠷᠭᠡ ᠠᠨᠢᠷ ᠴᠢᠮᠡᠭᠡ ᠰᠣᠨᠣᠰᠳᠠᠬᠤ ᠶ᠋ᠢ ᠶᠦᠮ ᠠᠭ᠎ᠠ
ᠬᠠᠲᠤᠨ ᠵᠢᠷᠦᠬᠡ ᠪᠡᠷ ᠢ᠋ᠶ᠋ᠡᠨ ᠰᠣᠨᠣᠰᠴᠤ ᠪᠠᠢᠪᠠ᠃
    ᠭᠠᠯᠳᠠᠨ ᠯᠠᠮᠠ ᠬᠤᠪᠴᠠᠰᠤ ᠲᠠᠢ᠂ᠴᠢᠷᠠᠢ ᠰᠢᠩᠭᠡᠨ᠂ᠮᠣᠩᠬᠣᠷᠳᠠᠭᠤ ᠬᠠᠮᠠᠷ ᠤ᠋ᠨ ᠬᠢᠨᠢ ᠤᠭᠠᠯᠵᠠ ᠨᠡᠯᠢᠶᠡᠳ ᠲᠣᠳᠣᠷᠠᠵᠤ᠂ᠨᠢᠳᠦᠨ ᠬᠠᠷᠠᠴᠠ ᠶᠠᠯᠢᠭᠦᠢ ᠬᠦᠢᠲᠡᠨ᠂ᠬᠠᠢᠷ᠎ᠠ ᠶ᠋ᠢᠨ ᠢᠯᠴᠢᠨ ᠳ᠋ᠦ᠍ ᠳᠤᠯᠠᠭᠠᠴᠠᠭ᠎ᠠ ᠦᠭᠡᠢ ᠥᠩᠭᠡᠷᠡᠭᠰᠡᠨ ᠪᠠᠭ᠎ᠠ ᠨᠠᠰᠤ ᠪᠠᠨ ᠦᠭᠡᠢᠯᠡᠬᠦ ᠮᠡᠲᠦ ᠪᠣᠯᠵᠠᠢ᠃ᠭᠠᠯᠳᠠᠨ ᠢᠮᠠᠭᠲᠠ ᠡᠪᠦᠷᠲᠦᠯᠡᠵᠦ ᠶᠠᠪᠤᠳᠠᠭ ᠬᠠᠷ᠎ᠠ ᠡᠷᠴᠢᠰ ᠮᠥᠷᠡᠨ ᠦ᠌ ᠪᠡᠨ ᠴᠢᠯᠠᠭᠤ ᠶ᠋ᠢ ᠠᠳᠬᠤᠬᠤ ᠳ᠋ᠤ᠌ ᠴᠢᠭᠢᠭ ᠳᠠᠭᠠᠭᠠᠳ ᠪᠠᠢᠯ᠎ᠠ᠃ᠴᠣᠷᠣᠰ ᠠᠢᠮᠠᠭ ᠤ᠋ᠨ ᠶᠡᠬᠡ ᠶᠡᠬᠡ ᠬᠦᠷᠢᠶ᠎ᠡ ᠤᠷᠢᠳᠤᠬᠢ ᠠ᠋ᠴᠠ ᠪᠠᠨ ᠥᠷᠭᠡᠵᠢᠨ ᠳᠡᠯᠡᠵᠡᠢ᠃ ᠨᠤᠮᠤᠷᠠᠭᠰᠠᠨ ᠤᠷᠲᠤ ᠬᠣᠰᠢᠭᠤ ᠶ᠋ᠢᠨ ᠲᠡᠨᠳᠡ   ᠤᠤᠬᠠᠢᠯᠠᠬᠤ ᠰᠣᠨᠣᠰᠤᠭᠳᠠᠨ᠎ᠠ᠃ ᠲᠡᠷᠡ ᠬᠠᠷ᠎ᠠ ᠬᠣᠰᠢᠭᠤ ᠶ᠋ᠢ ᠣᠷᠢᠶᠠᠵᠤ ᠴᠡᠷᠢᠭ ᠦ᠋ᠨ ᠬᠦᠷᠢᠶ᠎ᠡ᠂ ᠪᠠᠭᠠᠲᠤᠷ ᠵᠠᠩᠵᠤᠨ ᠤ᠋ ᠠᠭᠲᠠ ᠮᠣᠷᠢᠳ ᠤ᠋ᠨ ᠵᠦᠴᠡᠭᠡ᠂ᠪᠡᠬᠢᠯᠡᠯᠲᠡ ᠪᠠᠢᠷᠢᠯᠠᠳᠠᠭ᠃ᠬᠠᠶᠠᠭ᠎ᠠ ᠵᠠᠯᠭᠠᠭᠰᠠᠨ ᠳᠤᠭᠠᠩ ᠠ᠋ᠴᠠ ᠴᠠᠩ ᠬᠡᠩᠭᠡᠷᠭᠡ᠂ᠪᠦᠷᠢᠶ᠎ᠡ ᠪᠢᠰᠬᠢᠭᠦᠷ ᠦ᠋ᠨ ᠨᠢᠭᠡᠨ ᠭᠡᠮ ᠦ᠋ᠨ ᠳᠠᠭᠤ ᠬᠠᠳᠠᠨ᠎ᠠ᠃
      ᠭᠠᠯᠳᠠᠨ ᠡᠬᠡ ᠶ᠋ᠢᠨ ᠢ᠋ᠶ᠋ᠡᠨ ᠥᠷᠭᠥᠭᠡ ᠭᠡᠷ ᠦ᠋ᠨ ᠪᠠᠢᠷᠢ ᠪᠠᠢᠷᠢᠯᠠᠯ ᠢ᠋ ᠠᠵᠢᠭᠯᠠᠨ ᠬᠠᠷᠠᠨ᠎ᠠ᠃ᠲᠡᠷᠡ ᠪᠡᠷ ᠥᠪᠡᠷ ᠦ᠋ᠨ ᠭᠡᠷ ᠲᠦ᠍ ᠱᠠᠯᠠᠮᠠᠭᠠᠢᠯᠠᠨ ᠣᠷᠣᠬᠤ ᠭᠡᠲᠡᠯ᠎ᠡ ᠬᠠᠮᠢᠭ᠎ᠠ ᠨᠢᠭᠡ ᠲᠡᠢ ᠡᠴᠡ ᠬᠡᠨ ᠨᠢᠭᠡᠨ《ᠵᠢᠭᠠᠬᠠᠨ ᠪᠠᠢᠵᠠᠨᠠ》 ᠭᠡᠬᠦ ᠰᠢᠭ ᠪᠣᠯᠤᠨ᠎ᠠ᠃ᠡᠨᠡ ᠬᠦ᠌ ᠬᠦᠯᠢᠶᠡᠯᠲᠡ ᠡᠬᠡ  ᠬᠥᠪᠡᠭᠦᠨ ᠬᠣᠶᠠᠷ ᠢ᠋ ᠵᠠᠭᠠᠭᠯᠠᠵᠤ ᠪᠠᠢᠪᠠ᠃ᠴᠠᠭ ᠬᠤᠭᠤᠴᠠᠭᠠᠨ ᠤ᠋ ᠡᠷᠬᠡᠰᠢᠶᠡᠯ ᠳ᠋ᠦ᠍ ᠠᠪᠲᠠᠭᠰᠠᠨ ᠭᠠᠯᠳᠠᠨ ᠯᠠᠮᠠ ᠠᠯᠲᠠᠢ ᠶ᠋ᠢᠨ ᠢ᠋ᠶ᠋ᠡᠨ ᠳᠠᠪᠬᠤᠷ ᠳᠠᠪᠬᠤᠷ ᠪᠣᠰᠤᠭ᠎ᠠ ᠠᠭᠤᠯᠠᠰ᠂ ᠬᠥᠬᠡ ᠨᠣᠭᠣᠭ᠎ᠠ ᠬᠠᠬᠠᠭᠰᠠᠨ ᠬᠤᠷᠤᠭᠤᠨ ᠤ᠋ ᠦᠶ᠎ᠡ ᠰᠢᠭ ᠬᠥᠪᠡᠭᠡ ᠲᠤᠯᠤᠭᠠᠳ᠂ ᠤᠰᠤᠨ ᠤ᠋ ᠡᠷᠭᠢ ᠭᠠᠩᠭ᠎ᠠ ᠶ᠋ᠢ ᠬᠠᠰᠢᠭᠰᠠᠨ ᠣᠢ ᠲᠠᠢᠭ᠎ᠠ ᠶ᠋ᠢ ᠠᠵᠢᠭᠯᠠᠨ《ᠡᠵᠢ ᠮᠢᠨᠢ ᠶᠠᠭᠠᠬᠢᠳᠠᠭ ᠪᠣᠯ ᠤᠷᠢᠳᠠᠵᠣ ᠬᠡᠯᠡ ᠲᠤᠭᠣᠯᠭᠠᠭᠰᠠᠨ ᠪᠣᠯᠬᠣᠷ ᠪᠡᠭᠳᠡᠷᠡᠭᠰᠡᠨ ᠰᠡᠳᠬᠢᠯ ᠨᠢ ᠳᠡᠪᠲᠦᠭᠰᠡᠨ ᠪᠣᠢ ᠊ᠢ᠎ᠠ》 ᠭᠡᠮᠡᠨ ᠰᠠᠨᠠᠨ᠎ᠠ᠃
    ᠦᠷᠭᠦᠭᠡᠨ ᠦ᠌ ᠡᠭᠦᠳᠡ ᠰᠡᠬᠦᠭᠳᠡᠨ ᠭᠠᠯᠳᠠᠨ ᠣᠷᠣᠵᠤ ᠢᠷᠡᠪᠡ᠃ ᠭᠠᠯᠳᠠᠨ ᠤ᠋ ᠴᠢᠷᠠᠢ ᠨᠢ ᠰᠢᠩᠭᠡᠷᠡᠵᠦ ᠥᠨᠳᠥᠷ ᠨᠢᠷᠤᠭᠤ ᠲᠠᠢ ᠂ᠪᠣᠳᠣᠯᠬᠢᠯᠠᠭᠰᠠᠨ ᠬᠠᠷᠠᠴᠠ ᠲᠠᠢ ᠬᠠᠷᠠᠭᠳᠠᠨ᠎ᠠ᠃ᠲᠡᠷᠡ ᠪᠡᠷ ᠰᠢᠷ᠎ᠠ ᠤᠯᠠᠭᠠᠨ ᠬᠣᠣᠰᠯᠠᠭᠰᠠᠨ ᠯᠠᠮᠠ ᠬᠤᠪᠴᠠᠰᠤ ᠡᠮᠦᠰᠬᠡᠯ ᠲᠡᠢ ᠲᠤᠯᠠ ᠬᠠᠲᠤᠨ ᠡᠬᠡ ᠨᠢ《ᠮᠢᠨᠦ ᠬᠥᠪᠡᠭᠦᠨ ᠮᠥᠨ ᠤᠤ?》 ᠭᠡᠬᠦ ᠰᠢᠭ ᠰᠤᠨᠵᠢᠨ ᠬᠠᠷᠠᠬᠤ ᠳ᠋ᠤ᠌ ᠬᠦᠷᠪᠡ᠃ ᠶᠥᠮ ᠠᠭ᠎ᠠ ᠥᠨᠳᠡᠢᠰᠬᠢᠨ᠂
    — ᠮᠢᠨᠦ ᠬᠥᠪᠡᠭᠦᠨ ᠁ ᠭᠠᠯᠳᠠᠨ ᠁! ᠭᠡᠵᠦ ᠳᠠᠭᠤ ᠠᠯᠳᠠᠯ᠎ᠠ᠃ ᠡᠨᠡ ᠰᠠᠴᠠᠭᠤ ᠭᠠᠯᠳᠠᠨ᠂
    — ᠡᠵᠢ ᠠ᠋ ᠁ ᠭᠡᠪᠡ᠃
    —᠁ ᠡᠵᠢ ᠠ᠋ ᠁ ᠬᠠᠲᠤᠨ ᠬᠤᠪᠴᠠᠰᠤᠨ ᠤ᠋ ᠱ᠌ᠢᠷᠦ᠂ ᠰᠤᠪᠤᠳ ᠤ᠋ᠨ ᠰᠢᠭᠢᠳᠬᠡᠭᠡ ᠤᠨᠵᠢᠯᠭ᠎ᠠ ᠮᠡᠲᠦ ᠶᠢ ᠦᠯᠦ ᠤᠭᠤᠷᠤᠨ ᠭᠠᠯᠳᠠᠨ ᠡᠬᠡ ᠶ᠋ᠢᠨ ᠢ᠋ᠶ᠋ᠡᠨ ᠬᠠᠴᠠᠷ ᠲᠤ᠌ ᠬᠠᠴᠠᠷ ᠢ᠋ᠶ᠋ᠠᠨ ᠨᠠᠭᠠᠪᠠ᠃
     ᠡᠬᠡ ᠶ᠋ᠢᠨ ᠨᠢᠯᠪᠤᠰᠤ ᠭᠠᠯᠳᠠᠨ ᠤ᠋ ᠨᠢᠯᠪᠤᠰᠤ ᠲᠠᠢ ᠨᠡᠢᠯᠡᠨ ᠤᠷᠤᠰᠤᠨ᠎ᠠ᠃
     ᠶᠥᠮ ᠠᠭ᠎ᠠ ᠬᠠᠲᠤᠨ《ᠬᠥᠪᠡᠭᠦᠨ ᠮᠢᠨᠢ ᠮᠡᠨᠳᠦ ᠠᠮᠤᠷ ᠬᠦᠷᠦᠭᠡᠳ ᠢᠷᠡᠯ᠎ᠡ᠃ᠴᠢᠮ᠎ᠠ ᠳ᠋ᠤ᠌ ᠬᠡᠯᠡ ᠬᠦᠷᠭᠡᠬᠦ ᠶ᠋ᠢ ᠡᠴᠢᠭᠡ ᠬᠣᠩ ᠲᠠᠢᠵᠢ ᠬᠣᠷᠢᠭᠰᠠᠨ》ᠭᠡᠪᠡ᠃
    — ᠡᠴᠢᠭᠡ ᠶ᠋ᠢᠨ ᠬᠠᠲᠠᠭᠤ ᠠᠷᠠᠨᠰᠢᠨ ᠢ᠋ ᠪᠢ ᠮᠡᠳᠡᠨ᠎ᠡ ᠭᠡᠵᠦ ᠭᠠᠯᠳᠠᠨ ᠬᠡᠯᠡᠯ᠎ᠡ᠃ᠲᠡᠭᠦᠨ ᠢ᠋ ᠴᠠᠰᠤᠲᠤ ᠶ᠋ᠢᠨ ᠣᠷᠣᠨ᠎ᠠ ᠱᠠᠪᠢᠯᠠᠨ ᠰᠠᠭᠤᠬᠤ ᠪᠠᠷ ᠣᠳᠬᠤ ᠶ᠋ᠢᠨ ᠡᠮᠦᠨ᠎ᠡ ᠡᠴᠢᠭᠡ ᠬᠣᠩ ᠲᠠᠢᠵᠢ ᠨᠢ ᠬᠠᠲᠤᠨ ᠦᠷᠭᠦᠭᠡᠨ ᠳ᠋ᠦ᠍ ᠪᠠᠷᠠᠭᠠᠯᠠᠬᠤ ᠪᠢᠯᠡ᠃ᠡᠴᠢᠭᠡ ᠬᠣᠩ ᠲᠠᠢᠵᠢ ᠲᠡᠭᠷᠢ ᠶ᠋ᠢᠨ  ᠣᠷᠣᠨ ᠳ᠋ᠤ᠌ ᠬᠠᠯᠢᠨ  ᠣᠳᠴᠠᠢ᠃ᠡᠴᠢᠭᠡ ᠶ᠋ᠢᠨ ᠰᠠᠭᠤᠳᠠᠯ ᠡᠵᠡᠭᠦᠢ ᠬᠠᠩᠬᠠᠢᠵᠤ ᠪᠠᠢᠪᠠ᠃ ᠶᠥᠮ ᠠᠭ᠎ᠠ ᠬᠠᠲᠤᠨ ᠬᠥᠪᠡᠭᠦᠨ ᠦ᠌ ᠬᠠᠴᠠᠷ ᠤ᠋ᠨ ᠯᠠᠷᠢᠶᠠᠯᠢᠭᠳᠠᠭᠣ ᠵᠥᠭᠡᠯᠡᠨ ᠠᠷᠠᠰᠤ ᠶ᠋ᠢ ᠨᠢ ᠰᠢᠬᠠᠵᠤ ᠲᠡᠭᠦᠨ ᠦ᠌ ᠳᠤᠬᠤᠨ ᠳᠡᠭᠡᠷ᠎ᠡ ᠦᠨᠦᠰᠦᠭᠡᠳ᠂
    — ᠡᠵᠢ ᠨᠢ ᠬᠦᠦ ᠪᠡᠨ ᠶᠡᠬᠡ ᠰᠠᠨᠠᠭᠰᠠᠨ᠃ᠴᠢᠮᠠᠶ᠋ᠢ ᠵᠡᠭᠦᠳᠦᠯᠡᠬᠦ ᠪᠡᠷ ᠢ᠋ᠶ᠋ᠡᠨ ᠴᠢᠨᠦ ᠬᠠᠪᠴᠢᠶᠠᠬᠠᠢ ᠨᠤᠮᠤ ᠶ᠋ᠢ ᠳᠡᠷ᠎ᠡ ᠶ᠋ᠢᠨ ᠳᠣᠣᠷ᠎ᠠ ᠪᠠᠨ ᠢᠪᠡᠵᠦ ᠤᠨᠲᠠᠳᠠᠭ ᠭᠡᠮᠡᠨ ᠬᠦᠦᠷᠨᠢᠪᠡ᠃
    ᠬᠠᠲᠤᠨ ᠡᠬᠡ ᠶ᠋ᠢᠨ ᠥᠷᠥᠭᠡᠨ ᠦ᠌ ᠭᠠᠳᠠᠨ᠎ᠠ ᠮᠣᠷᠢᠳ ᠳᠣᠷᠭᠢᠵᠤ ᠂ᠭᠠᠭᠴᠠ ᠳᠥᠷᠥᠭᠡ ᠶ᠋ᠢᠨ ᠴᠢᠮᠡᠭᠡ ᠭᠠᠷᠤᠯ᠎ᠠ᠃
    — ᠬᠠᠭᠠᠨ ᠢᠷᠡᠯ᠎ᠡ ᠁ ᠭᠡᠵᠦ ᠶᠥᠮ ᠠᠭ᠎ᠠ ᠡᠬᠡ ᠰᠢᠪᠡᠨᠡᠪᠡ᠃ ᠭᠠᠯᠳᠠᠨ ᠡᠬᠡ ᠶ᠋ᠢᠨ ᠢ᠋ᠶ᠋ᠡᠨ ᠳᠡᠷᠭᠡᠳᠡ ᠡᠴᠡ ᠪᠣᠰᠴᠤ ᠡᠴᠢᠭᠡ ᠶ᠋ᠢᠨ  ᠣᠯᠪᠣᠭᠲᠣ ᠰᠠᠭᠤᠳᠠᠯ ᠤ᠋ᠨ ᠪᠠᠷᠠᠭᠤᠨ ᠲᠠᠯ᠎ᠠ ᠳ᠋ᠤ᠌ ᠵᠠᠪᠢᠯᠠᠨ ᠰᠠᠭᠤᠵᠤ ᠵᠠᠭᠤᠷ᠎ᠠ ᠡᠭᠦᠳᠡ ᠴᠠᠯᠠᠢᠲᠠᠯ᠎ᠠ ᠨᠡᠭᠡᠭᠡᠭᠳᠡᠨ ᠣᠢ ᠮᠣᠳᠣ᠂ᠠᠯᠤᠰ ᠤ᠋ᠨ ᠠᠭᠤᠯᠠᠰ ᠢ᠋ ᠬᠠᠯᠬᠠᠯᠠᠨ ᠵᠡᠭᠥᠨᠭᠠᠷ ᠤ᠋ᠨ ᠬᠠᠭᠠᠨ ᠰᠡᠩᠭᠡ ᠪᠣᠱᠣᠭ᠎ᠠ ᠪᠠᠷ ᠠᠯᠬᠤᠪᠠ᠃
     ᠠᠬ᠎ᠠ ᠳᠡᠭᠦᠦ ᠬᠣᠶᠠᠷ ᠤ᠋ᠨ ᠬᠠᠷᠠᠴᠠ ᠳᠤᠯᠠᠭᠠᠷᠠᠨ ᠵᠢᠷᠭᠤᠭᠠᠨ ᠵᠢᠯ ᠦ᠋ᠨ ᠪᠠᠶᠠᠷ᠂ ᠭᠤᠨᠢᠭ ᠢ᠋ ᠨᠢᠳᠦᠨ ᠡᠴᠡ ᠪᠡᠨ ᠨᠡᠪᠲᠡ ᠬᠠᠷᠠᠵᠠᠭᠠᠪᠠ᠃ ᠰᠡᠩᠭᠡ ᠬᠠᠭᠠᠨ  ᠵᠢᠪᠬᠤᠭᠠᠯᠢᠭ  ᠠᠵᠢ᠃ᠭᠠᠯᠳᠠᠨ ᠯᠠᠮᠠ ᠴᠠᠭ ᠤ᠋ᠨ ᠤᠷᠤᠰᠬᠠᠯ ᠢ᠋ ᠢᠪᠡᠭᠡᠬᠦ ᠮᠡᠲᠦ ᠢᠨᠢᠶᠡᠮᠰᠦᠭᠯᠡᠪᠡ᠃ ᠭᠠᠯᠳᠠᠨ ᠤ᠋ ᠢᠨᠢᠶᠡᠮᠰᠦᠭᠯᠡᠯ ᠪᠡᠶ᠎ᠡ ᠪᠡᠨ ᠴᠡᠨᠡᠭᠰᠡᠨ ᠦ᠌ ᠢᠯᠡᠷᠡᠯ ᠪᠣᠯᠵᠠᠢ᠃ ᠰᠡᠩᠭᠡ ᠥᠪᠡᠷ ᠲᠡᠭᠡᠨ ᠡᠷᠡᠮᠰᠢᠵᠦ ᠶᠠᠪᠤᠭ᠎ᠠ ᠬᠠᠷᠠᠭᠳᠠᠯ᠎ᠠ᠃

ᠠᠷᠪᠠᠨ ᠨᠠᠢ᠍ᠮᠠ

    ᠣᠷᠴᠢᠯᠠᠩ ᠤ᠋ᠨ ᠨᠠᠷᠠ ᠰᠠᠷᠠ ᠶ᠋ᠢ ᠬᠠᠭᠠᠨ ᠠᠬ᠎ᠠ ᠲᠠᠢ ᠪᠠᠨ ᠨᠢᠭᠡ ᠵᠦᠭ ᠡᠴᠡ ᠬᠠᠷᠠᠬᠤ ᠪᠣᠯᠤᠭᠰᠠᠨ ᠨᠢ ᠭᠠᠯᠳᠠᠨ ᠳ᠋ᠤ᠌ ᠲᠠᠭᠠᠲᠠᠢ ᠪᠠᠢᠯ᠎ᠠ᠃
     ᠭᠠᠯᠳᠠᠨ ᠲᠡᠮᠳᠡᠭᠯᠡᠯ ᠢ᠋ᠶ᠋ᠡᠨ ᠦᠷᠭᠦᠯᠵᠢᠯᠡᠭᠦᠯᠦᠭᠰᠡᠭᠡᠷ ᠁
     ― ᠬᠠᠭᠠᠨ ᠦᠷᠭᠦᠭᠡᠨ ᠳ᠋ᠦ᠍ ᠵᠢᠪᠠᠷ ᠳᠠᠭᠠᠭᠠᠵᠤ ᠪᠠᠢᠨ᠎ᠠ ᠭᠡᠵᠦ ᠭᠠᠯᠳᠠᠨ ᠥᠭᠦᠯᠡᠪᠡ᠃
    ᠡᠴᠢᠭᠡ ᠬᠣᠩ ᠲᠠᠢᠵᠢ ᠶ᠋ᠢ ᠲᠩᠷᠢ ᠳ᠋ᠦ᠍ ᠬᠠᠯᠢᠭᠰᠠᠨ ᠴᠠᠭ ᠠ᠋ᠴᠠ ᠬᠣᠢᠰᠢ ᠬᠠᠭᠠᠨ ᠤ᠋ ᠦᠷᠭᠦᠭᠡᠨ ᠳ᠋ᠦ᠍ ᠮᠣᠷᠢᠯᠠᠬᠤ ᠪᠠᠢᠲᠤᠭᠠᠢ ᠣᠢᠷᠠᠳ ᠨᠤᠲᠤᠭ ᠲᠠᠭᠠᠨ ᠢᠷᠡᠭᠡ ᠦᠭᠡᠢ ᠭᠠᠯᠳᠠᠨ ᠳ᠋ᠤ᠌ ᠨᠢᠭᠡᠯᠡ ᠬᠠᠴᠢᠨ ᠮᠡᠳᠡᠷᠡᠮᠵᠢ ᠲᠥᠷᠥᠭᠡᠳ ᠪᠠᠢᠯ᠎ᠠ᠃ ᠡᠴᠢᠭᠡ ᠶ᠋ᠢᠨ ᠰᠠᠭᠤᠳᠠᠯ ᠳᠡᠭᠡᠷ᠎ᠡ ᠰᠡᠩᠭᠡ ᠠᠬ᠎ᠠ ᠰᠠᠭᠤᠬᠤ ᠨᠢ ᠠᠷᠠᠢ ᠵᠢᠵᠢᠭᠳᠡᠭᠰᠡᠨ ᠮᠡᠲᠦ ᠰᠡᠨᠳᠡᠢ ᠳᠦᠭᠦᠷᠴᠦ ᠥᠭᠬᠦ ᠦᠭᠡᠢ ᠪᠠᠢᠯ᠎ᠠ᠃ ᠰᠡᠨᠳᠡᠢ ᠶ᠋ᠢᠨ ᠬᠣᠶᠠᠷ ᠲᠠᠯ᠎ᠠ ᠪᠠᠷ ᠵᠠᠢ ᠲᠠᠢ  ᠠᠵᠢ᠃ ᠡᠨᠡ ᠬᠠᠭᠠᠨ ᠰᠠᠭᠤᠳᠠᠯ ᠳᠡᠭᠡᠷ᠎ᠡ ᠡᠴᠢᠭᠡ ᠨᠢ ᠳᠦᠭᠦᠷᠡᠩ ᠪᠠᠢᠳᠠᠭ ᠰᠠᠨ᠃ ᠭᠡᠲᠡᠯ᠎ᠡ ᠶᠠᠭᠤᠨ ᠤ᠋ ᠤᠴᠢᠷ ᠬᠠᠭᠠᠨ ᠰᠠᠭᠤᠳᠠᠯ ᠬᠠᠩᠬᠠᠢ ᠳᠤᠮᠳᠠᠭᠤᠷ ᠬᠠᠷᠠᠭᠳᠠᠪᠠ᠃ ᠰᠡᠩᠭᠡ ᠠᠬ᠎ᠠ ᠨᠢ ᠣᠮᠣᠭᠯᠠᠩ᠂ ᠬᠠᠷᠠᠭ᠎ᠠ ᠳᠡᠭᠡᠭᠦᠷ᠂ ᠨᠢᠳᠦ ᠬᠤᠷᠴᠠ ᠶᠡᠬᠡᠳᠡ ᠡᠷᠬᠢᠮᠰᠦᠭ ᠪᠥᠭᠡᠳ ᠶᠠᠯᠢᠮ ᠦᠭᠡᠢ ᠲᠣᠭᠰᠢᠨ ᠦᠵᠡᠭᠳᠡᠨ᠎ᠡ᠃
     ᠰᠡᠩᠭᠡ ᠠᠬ᠎ᠠ ᠳᠥᠷᠪᠡᠨ ᠲᠠᠯ᠎ᠠ ᠲᠠᠢ᠂ ᠭᠤᠷᠪᠠᠨ ᠲᠠᠯ᠎ᠠ ᠳᠡᠭᠡᠷ᠎ᠡ ᠨᠢ ᠲᠩᠷᠢ ᠶ᠋ᠢᠨ ᠬᠦᠴᠦᠲᠡᠨ ᠬᠠᠨ ᠭᠠᠷᠤᠳᠢ᠂ ᠪᠦᠷᠭᠦᠳ᠂ ᠴᠠᠭᠠᠨ ᠱᠣᠩᠬᠣᠷ ᠰᠢᠪᠠᠭᠤ ᠶ᠋ᠢ ᠤᠷᠠᠯᠠᠭᠰᠠᠨ᠂ᠰᠢᠯᠢᠨ ᠬᠦᠵᠦᠭᠦᠦ ᠤᠷᠤᠭᠤ ᠨᠢ ᠳᠠᠪᠬᠤᠷ ᠬᠥᠬᠡ ᠲᠤᠤᠵᠠ ᠤᠨᠵᠢᠭᠤᠯᠤᠭᠰᠠᠨ ᠲᠣᠭᠣᠷᠴᠣᠭ ᠮᠠᠯᠠᠭᠠᠢ ᠡᠮᠦᠰᠴᠡᠢ᠃ ᠰᠡᠩᠭᠡ ᠬᠠᠭᠠᠨ ᠠᠭᠤᠵᠢᠮ ᠳᠡᠪᠡᠯ ᠲᠡᠢ᠂ᠲᠡᠭᠦᠨ ᠦ᠌ ᠰᠤᠷ ᠤ᠋ᠨ ᠪᠦᠰᠡ ᠶ᠋ᠢ ᠨᠢ ᠵᠡᠰ ᠢ᠋ᠶ᠋ᠡᠷ ᠲᠣᠨᠣᠭᠯᠠᠵᠤ ᠬᠠᠰ ᠰᠢᠭᠢᠳᠬᠡᠨ ᠬᠢᠭᠰᠡᠨ ᠪᠠᠢᠯ᠎ᠠ᠃
     ᠬᠠᠭᠠᠨ ᠰᠡᠩᠭᠡ ᠶ᠋ᠢᠨ ᠨᠢᠳᠦ ᠵᠢᠷᠲᠠᠭᠠᠷ᠂ᠰᠢᠨᠠ ᠨᠢ ᠡᠴᠢᠭᠡ ᠰᠢᠭ ᠥᠷᠭᠡᠨ᠂ ᠭᠠᠭᠴᠠᠬᠦ ᠮᠣᠩᠬᠣᠷ ᠬᠠᠮᠠᠷ᠂ᠤᠷᠲᠤᠪᠲᠤᠷ ᠵᠤᠵᠠᠭᠠᠨ ᠡᠷᠡᠦ ᠨᠢ ᠭᠠᠯᠳᠠᠨ ᠯᠠᠮᠠ ᠯᠤᠭ᠎ᠠ ᠠᠳᠠᠯᠢ ᠠᠵᠢ᠃ ᠭᠠᠯᠳᠠᠨ ᠯᠠᠮᠠ᠂
     ᠠᠬ᠎ᠠ ᠶ᠋ᠢᠨ  ᠢᠶᠠᠨ ᠬᠥᠳᠡᠯᠭᠡᠭᠡᠨ ᠳ᠋ᠦ᠍ ᠨᠠᠮᠪᠠ ᠲᠣᠨᠣᠵᠤ ᠰᠠᠭᠤᠭᠰᠠᠨ ᠢ ᠠᠵᠢᠭᠯᠠᠪᠠ᠃ ᠲᠡᠷᠡ ᠪᠡᠷ ᠣᠭᠵᠣᠮ ᠲᠦᠷᠭᠡᠨ ᠬᠥᠳᠡᠯᠭᠡᠭᠡᠨ ᠲᠡᠢ ᠂ᠱᠠᠯᠠᠮᠠᠭ ᠳᠠᠢᠴᠢᠨ ᠵᠠᠯᠠᠭᠤ ᠪᠠᠢᠵᠠᠢ᠃ ᠲᠡᠷᠡ ᠶᠠᠩᠵᠤ ᠪᠠᠷ ᠢ᠋ᠶ᠋ᠠᠨ ᠠᠵᠢ᠃
     ᠰᠡᠩᠭᠡ ᠶ᠋ᠢᠨ ᠲᠡᠷᠡ ᠬᠦ᠌ ᠳᠠᠢᠴᠢᠨ ᠴᠢᠨᠠᠷ ᠨᠢᠭᠡᠨ ᠴᠠᠭ ᠲᠤ᠌ ᠠᠭᠤᠴᠢᠯᠠᠰᠢ ᠦᠭᠡᠢ ᠠᠯᠳᠠᠭᠠᠨ ᠳ᠋ᠤ᠌ ᠬᠦᠷᠭᠡᠵᠦ ᠪᠣᠯᠬᠤ ᠶ᠋ᠢ ᠭᠠᠯᠳᠠᠨ ᠠᠵᠢᠭᠯᠠᠵᠤ ᠪᠠᠢᠪᠠᠴᠤ ᠬᠠᠭᠠᠨ ᠠᠬ᠎ᠠ ᠶ᠋ᠢᠨ ᠶᠠᠷᠢᠬᠤ ᠶ᠋ᠢ ᠬᠦᠯᠢᠭᠡᠯᠵᠡᠨ᠎ᠡ᠃ ᠰᠡᠩᠭᠡ ᠶ᠋ᠢᠨ ᠵᠢᠷᠲᠠᠭᠠᠷ ᠬᠣᠮᠣᠬᠠᠢ ᠨᠢᠳᠦ ᠡᠴᠢᠭᠡ ᠬᠣᠩ ᠲᠠᠢᠵᠢ ᠶ᠋ᠢᠨ ᠳᠤᠷᠠᠯᠠᠮᠠᠬᠠᠢ ᠵᠠᠩ  ᠢ ᠥᠪᠯᠡᠵᠦ ᠠᠪᠤᠭᠰᠠᠨ ᠲᠠᠢ ᠬᠣᠯᠪᠣᠭ᠎ᠠ ᠲᠠᠢ ᠪᠢᠯᠡ᠃
     —ᠭᠠᠯᠳᠠᠨ ᠳᠡᠭᠦᠦ ᠮᠢᠨᠢ ᠪᠢ ᠴᠢᠮᠠᠶ᠋ᠢ ᠮᠥᠷᠥᠭᠡᠳᠴᠦ᠂ᠰᠠᠨᠠᠵᠤ ᠪᠠᠢᠯ᠎ᠠ ᠭᠡᠵᠦ ᠰᠡᠩᠭᠡ ᠬᠠᠭᠠᠨ ᠦᠭᠡ ᠪᠡᠨ ᠬᠡᠯᠡᠪᠡ᠃
      ᠁ ᠡᠴᠢᠭᠡ ᠬᠣᠩ ᠲᠠᠢᠵᠢ ᠶ᠋ᠢᠨ ᠲᠣᠷᠭᠠᠨ ᠰᠦᠷᠦᠭ ᠡᠴᠡ ᠲᠠᠰᠤᠳᠠᠨ ᠬᠥᠭᠡᠭᠡᠵᠡᠢ᠃ ᠴᠢᠨᠦ ᠰᠡᠲᠡᠷᠲᠦ ᠰᠢᠷᠭ᠎ᠠ ᠠᠯᠠᠭ᠎ᠠ ᠪᠣᠯᠤᠭᠠᠳ ᠤᠳᠠᠯ᠎ᠠ᠃ ᠬᠠᠭᠠᠨ ᠤ᠋ ᠰᠦᠷᠦᠭ ᠲᠦ᠍ ᠬᠠᠯᠳᠠᠭᠰᠠᠨ ᠨᠢ ᠣᠢᠷ᠎ᠠ ᠶ᠋ᠢᠨ ᠬᠥᠮᠦᠰ ᠦ᠋ᠨ ᠬᠤᠤᠪᠢᠯᠳᠤᠭᠠᠨ ᠭᠡᠵᠦ ᠪᠣᠳᠣᠨ᠎ᠠ᠃ ᠡᠨᠡ ᠶᠠᠪᠤᠳᠠᠯ ᠮᠢᠨᠦ ᠰᠡᠳᠬᠢᠯ ᠰᠠᠨᠠᠭ᠎ᠠ ᠶ᠋ᠢ ᠲᠠᠪᠠ ᠦᠭᠡᠢᠳᠡᠭᠦᠯᠵᠦ ᠪᠠᠢᠨ᠎ᠠ᠃ ᠴᠢᠮᠠᠶ᠋ᠢ ᠢᠷᠡᠬᠦ ᠶ᠋ᠢ ᠬᠦᠯᠢᠶᠡᠵᠦ ᠪᠠᠢᠯ᠎ᠠ᠃ ᠳᠡᠭᠦᠦ ᠶ᠋ᠢᠨ ᠡᠷᠳᠡᠮ ᠴᠢᠳᠠᠯ ᠨᠠᠳᠠ ᠬᠡᠷᠡᠭ ᠲᠡᠢ ᠪᠣᠯᠤᠯ᠎ᠠ᠃ ᠵᠡᠭᠦᠨᠭᠠᠷ ᠤ᠋ᠨ ᠠᠬ᠎ᠠ ᠳᠡᠭᠦᠦᠰ ᠦ᠋ᠨ ᠲᠤᠬᠠᠢ ᠳ᠋ᠤ᠌ ᠶᠠᠷᠢᠶ᠎ᠠ ᠶᠡᠬᠡᠲᠡᠢ᠃ ᠭᠡᠬᠦ ᠳ᠋ᠡᠭᠡᠨ ᠪᠠᠢᠨ ᠰᠠᠭᠤᠨ ᠶᠠᠷᠢᠵᠠᠭᠠᠨᠠᠮ ᠁

ᠭᠠᠯᠳᠠᠨ ᠬᠤᠪᠢᠯᠭᠠᠨ ᠴᠡᠭᠡᠵᠢᠨ ᠡᠴᠡ ᠪᠡᠨ ᠥᠨᠳᠥᠷ ᠭᠡᠭᠡᠨ ᠦ᠌ ᠱᠦᠩᠰᠢᠭᠯᠡᠵᠦ ᠵᠡᠭᠦᠭᠰᠡᠨ ᠡᠷᠢᠭᠡ ᠶ᠋ᠢ ᠠᠪᠴᠤ ᠬᠡᠳᠦ ᠲᠠᠰᠤᠯᠵᠤ ᠭᠦᠶᠦᠯᠭᠡᠭᠡᠳ ᠠᠬ᠎ᠠ ᠶ᠋ᠢᠨ ᠢ᠋ᠶ᠋ᠡᠨ ᠪᠠᠷᠳᠠᠮ ᠴᠢᠷᠠᠢ ᠥᠭᠡᠳᠡ ᠬᠠᠷᠠᠪᠠ᠃ ᠰᠡᠩᠭᠡ ᠬᠠᠭᠠᠨ ᠰᠡᠨᠳᠡᠢ ᠶ᠋ᠢᠨ ᠲᠦᠰᠢᠯᠭᠡ ᠶ᠋ᠢ ᠨᠠᠯᠠᠵᠤ ᠭᠠᠯᠳᠠᠨ ᠤ᠋ ᠦᠢᠯᠡᠳᠦᠯ ᠢ᠋ ᠠᠵᠢᠭᠯᠠᠨ᠎ᠠ᠃ ᠭᠠᠯᠳᠠᠨ ᠳᠣᠲᠣᠷ ᠬᠥᠮᠦᠨ ᠲᠡᠢ ᠪᠡᠨ ᠮᠠᠷᠭᠤᠨ ᠬᠥᠭᠡᠷᠦᠯᠳᠦᠪᠡ᠃ ᠨᠢᠳᠦ ᠪᠡᠷ ᠲᠠᠩᠳᠠᠬᠤ᠂ᠳᠣᠲᠣᠷ᠎ᠠ ᠪᠠᠨ ᠪᠣᠳᠣᠬᠤ ᠬᠣᠶᠠᠷ ᠵᠥᠷᠢᠶ᠎ᠡ ᠲᠡᠢ ᠪᠤᠰᠤ ᠶᠠᠪ ᠴᠠᠪ ᠨᠢᠭᠡᠳᠦᠨ᠎ᠡ᠃ᠬᠤᠪᠢᠯᠭᠠᠨ ᠯᠠᠮᠠ ᠡᠷᠢᠭᠡ ᠪᠡᠨ ᠢᠮᠡᠴᠢᠨ ᠭᠦᠶᠦᠯᠭᠡᠨ᠎ᠡ᠃ ᠡᠷᠢᠭᠡ ᠶ᠋ᠢᠨ ᠰᠢᠷᠬᠡᠭ ᠢ᠋ ᠯᠠᠮᠠ ᠨᠢᠭᠲᠠᠯᠠᠨ ᠬᠠᠷᠠᠨ᠎ᠠ᠃
— ᠠᠳᠤᠭᠤᠨ ᠰᠦᠷᠦᠭ ᠡᠰᠡᠨ ᠮᠡᠨᠳᠦ ᠪᠠᠢᠨ᠎ᠠ᠃ ᠤᠳᠠᠬᠤ ᠦᠭᠡᠢ ᠪᠡᠯᠴᠢᠭᠡᠷ ᠤᠰᠤ ᠪᠠᠨ ᠬᠥᠭᠡᠭᠡᠭᠰᠡᠭᠡᠷ ᠢᠷᠡᠨ᠎ᠡ᠃ ᠬᠠᠷᠢᠨ ᠳᠠᠪ ᠪᠤᠵᠠᠷ ᠲᠠᠢ ᠪᠠᠢᠵᠤ ᠮᠠᠭᠠᠳ᠃ ᠪᠢ ᠲᠡᠷᠡ ᠪᠤᠵᠠᠷ ᠢ᠋ ᠠᠷᠢᠭᠤᠰᠬᠠᠨ᠎ᠠ ᠭᠡᠮᠡᠨ ᠭᠠᠯᠳᠠᠨ ᠢ᠋ᠶ᠋ᠠᠷ ᠬᠦᠢᠲᠡᠪᠲᠦᠷ ᠬᠦᠷᠡᠩ ᠨᠢᠳᠦ ᠪᠡᠨ ᠴᠠᠪᠴᠢᠯᠠᠨ ᠪᠠᠢᠵᠤ ᠥᠭᠦᠯᠡᠪᠡ᠃
— ᠬᠡᠳᠦᠢ  ᠳ᠋ᠦ᠍ ᠰᠦᠷᠦᠭ ᠦ᠋ᠨ ᠮᠠᠩᠨᠠᠢ ᠪᠡᠯᠴᠢᠭᠡᠷ ᠲᠡᠭᠡᠨ ᠢᠷᠡᠬᠦ ᠪᠣᠯ ᠭᠡᠮᠡᠨ ᠰᠡᠩᠭᠡ ᠬᠠᠭᠠᠨ ᠳᠡᠭᠦᠦ ᠡᠴᠡ ᠪᠡᠨ ᠲᠤᠯᠭᠠᠨ ᠠᠰᠠᠭᠤᠪᠠ᠃ ᠭᠠᠯᠳᠠᠨ ᠬᠤᠪᠢᠯᠭᠠᠨ ᠡᠷᠢᠭᠡ ᠪᠡᠨ ᠬᠦᠵᠦᠭᠦᠨ ᠳ᠋ᠡᠭᠡᠨ ᠵᠡᠭᠦᠬᠦ ᠵᠠᠭᠤᠷ᠎ᠠ᠂
— ᠮᠠᠷᠭᠠᠰᠢ ᠪᠠᠭ᠎ᠠ ᠦᠳᠡ ᠳ᠋ᠦ᠍ ᠪᠡᠯᠴᠢᠭᠡᠷ ᠲᠡᠭᠡᠨ ᠢᠷᠡᠨ᠎ᠡ ᠭᠡᠪᠡ᠃
ᠰᠡᠩᠭᠡ ᠠᠬ᠎ᠠ ᠨᠢ ᠲᠠᠭᠠᠲᠠᠢᠬᠠᠨ ᠮᠤᠰᠢᠯᠵᠠᠭᠠᠳ᠂
— ᠶᠠᠭ ᠪᠢᠵᠡ ᠭᠡᠬᠦ  ᠳ᠋ᠦ᠍ ᠭᠠᠯᠳᠠᠨ ᠲᠡᠭᠦᠨ ᠦ᠌ ᠡᠷᠡᠭᠡᠯᠵᠡᠭᠡ ᠶ᠋ᠢ ᠲᠠᠰᠤ ᠴᠣᠬᠢᠬᠤ ᠮᠡᠲᠦ᠂
— ᠲᠡᠷᠡ ᠴᠠᠭ ᠲᠤ᠌ ᠬᠣᠶᠠᠭᠤᠯᠠ ᠪᠠᠨ ᠣᠴᠢᠨ᠎ᠠ ᠭᠡᠯ᠎ᠡ᠃
ᠰᠡᠩᠭᠡ ᠡᠷᠡᠭᠡᠯᠵᠡᠭᠰᠡᠨ ᠬᠡᠪ ᠢ᠋ᠶ᠋ᠡᠷ《ᠭᠠᠯᠳᠠᠨ ᠢ᠋ ᠬᠤᠪᠢᠯᠭᠠᠨ ᠭᠡᠬᠦ ᠶᠦᠮ᠃ ᠪᠠᠭ᠎ᠠ ᠳ᠋ᠠᠭᠠᠨ ᠴᠠᠭᠠᠨ ᠢᠷᠪᠢᠰ ᠲᠡᠢ ᠴᠣᠭ ᠠᠯᠠᠭ᠎ᠠ ᠪᠣᠯᠤᠭᠰᠠᠨ ᠶᠤᠮᠳᠠᠭ᠃ ᠲᠥᠪᠡᠳ ᠲᠦ᠍ ᠪᠤᠷᠬᠠᠨ ᠤ᠋ ᠨᠣᠮ ᠵᠢᠭᠠᠯᠭᠠᠵᠤ ᠷᠢᠳᠢ ᠰᠢᠳᠢ ᠨᠢ ᠤᠯᠠᠮ ᠭᠦᠨᠵᠡᠭᠡᠢᠷᠡᠭᠰᠡᠨ ᠪᠠᠢᠵᠤ ᠲᠠᠭᠠᠷᠠᠨ᠎ᠠ᠃ ᠳᠡᠭᠦᠦ ᠯᠠᠮᠠ ᠶ᠋ᠢ ᠢᠷᠡᠭᠰᠡᠨ ᠡᠴᠡ ᠬᠣᠢᠰᠢ ᠣᠢᠷᠠᠳ ᠤ᠋ᠨ ᠥᠲᠡᠭᠦᠰ ᠪᠤᠭᠤᠷᠤᠯ ᠤ᠋ᠳ᠂ ᠶᠡᠬᠡᠰ ᠳᠡᠭᠡᠳᠦᠰ ᠴᠤᠪᠤᠬᠤ ᠪᠣᠯᠤᠯ᠎ᠠ᠃ ᠭᠠᠯᠳᠠᠨ ᠬᠥᠮᠦᠰ ᠢ᠋ ᠰᠣᠷᠢᠨᠵᠢᠨ ᠮᠡᠲᠦ ᠲᠠᠲᠠᠵᠤ ᠪᠠᠢᠨ᠎ᠠ᠃ ᠡᠨᠡ ᠴᠤ᠌ ᠨᠠᠳᠠ ᠪᠠᠰᠠ ᠨᠥᠯᠥᠭᠡ ᠲᠡᠢ》 ᠭᠡᠮᠡᠨ ᠪᠣᠳᠣᠪᠠ᠃

ᠮᠠᠷᠭᠠᠰᠢ ᠶ᠋ᠢᠨ ᠪᠠᠭ᠎ᠠ ᠦᠳᠡ ᠳ᠋ᠦ᠍ ᠰᠦᠷᠦᠭ ᠦ᠋ᠨ ᠪᠡᠯᠴᠢᠭᠡᠷ ᠲᠦ᠍ ᠰᠡᠲᠡᠷᠲᠦ ᠰᠢᠷᠭ᠎ᠠ ᠲᠡᠷᠢᠭᠦᠲᠡᠢ ᠬᠠᠭᠠᠨ ᠤ᠋ ᠲᠣᠷᠭᠠᠨ ᠰᠦᠷᠦᠭ ᠦ᠋ᠨ ᠮᠠᠩᠨᠠᠢ ᠬᠠᠲᠠᠷᠢᠭᠰᠠᠭᠠᠷ ᠨᠡᠢᠯᠡᠬᠦ ᠶ᠋ᠢ ᠰᠡᠩᠭᠡ ᠬᠠᠭᠠᠨ᠂ ᠭᠠᠯᠳᠠᠨ ᠤ᠋ ᠬᠠᠮᠲᠤ ᠬᠠᠷᠠᠵᠠᠢ᠃ ᠠᠳᠤᠭᠤᠨ ᠰᠦᠷᠦᠭ ᠬᠤᠢᠯᠠᠷᠠᠨ ᠦᠷᠭᠦᠨ᠎ᠡ᠃

ᠠᠳᠤᠭᠤᠨ ᠤ᠋ ᠶᠡᠬᠡ ᠳᠡᠯ ᠬᠡᠢᠰᠴᠦ ᠵᠤᠯᠠᠷᠠᠨ ᠬᠤᠢᠯᠠᠷᠠᠵᠤ᠂ ᠬᠠᠮᠠᠷ ᠢ᠋ᠶ᠋ᠠᠷ ᠢ᠋ᠶ᠋ᠠᠨ ᠬᠥᠩᠭᠡᠬᠡᠨ ᠱᠣᠷᠬᠢᠷᠠᠵᠤ ᠲᠣᠭᠣᠰᠣ ᠪᠣᠰᠬᠠᠨ᠎ᠠ᠃ ᠭᠡᠲᠡᠯ᠎ᠡ ᠬᠠᠭᠠᠨ ᠰᠦᠷᠦᠭ ᠦ᠋ᠨ ᠴᠡᠩᠬᠡᠷ ᠠᠵᠢᠷᠭᠠᠨ ᠤ᠋ ᠰᠡᠭᠦᠯ ᠳ᠋ᠦ᠍ ᠨᠢᠭᠡᠨ ᠴᠠᠭᠠᠨ ᠶᠠᠭᠤᠮ᠎ᠠ ᠤᠶᠠᠭᠠᠲᠠᠢ ᠬᠠᠷᠠᠭᠳᠠᠪᠠ᠃ ᠣᠢᠷᠠᠳ ᠠᠵᠢᠭᠯᠠᠪᠠᠰᠤ ᠲᠡᠷᠡ ᠴᠠᠭᠠᠨ ᠵᠦᠢᠯ ᠨᠢ ᠬᠥᠮᠦᠨ ᠦ᠌ ᠭᠠᠪᠠᠯᠠ ᠪᠠᠢᠪᠠ᠃
     —ᠭᠠᠪᠠᠯᠠ ᠶ᠋ᠢᠨ ᠶᠠᠰᠤ ᠶ᠋ᠢ ᠮᠣᠷᠢᠨ ᠤ᠋ 
ᠰᠡᠭᠦᠯ ᠳ᠋ᠦ᠍ ᠬᠡᠨ ᠵᠡᠭᠦᠪᠡ ᠭᠡᠵᠦ ᠰᠡᠩᠭᠡ ᠠᠰᠠᠭᠤᠪᠠ᠃ ᠭᠠᠯᠳᠠᠨ ᠬᠠᠷᠢᠭᠤ ᠳ᠋ᠤᠨᠢ᠂
     — ᠮᠣᠷᠢ ᠲᠠᠰᠤᠳᠠᠵᠤ ᠬᠥᠭᠡᠭᠡᠭᠰᠡᠨ ᠬᠡᠨ ᠨᠢᠭᠡᠨ ᠨᠢ ᠵᠡᠭᠦᠵᠡᠢ ᠭᠡᠮᠡᠨ ᠥᠭᠦᠯᠡᠪᠡ᠃
     — ᠮᠠᠨ ᠤ᠋ ᠬᠢᠨ ᠦ᠌ ᠨᠢᠭᠡ ᠨᠢ ᠪᠠᠢᠬᠤ ᠨᠢ ᠠ᠋᠃
     — ᠮᠡᠳᠡᠳᠡᠭ ᠬᠥᠮᠦᠨ ᠦ᠌ ᠬᠢᠭᠰᠡᠨ ᠦᠢᠯᠡ ᠯᠠᠢ ᠁
      — ᠣᠳᠣ ᠶᠠᠭᠠᠬᠢᠬᠤ ᠪᠢᠯᠡ?
      — ᠳᠠᠪ ᠪᠤᠵᠠᠷ ᠢ᠋ ᠠᠷᠢᠯᠭᠠᠵᠤ ᠴᠡᠭᠡᠷ ᠭᠠᠷᠭᠠᠨ᠎ᠠ᠃
       —ᠬᠠᠭᠠᠨ ᠤ᠋ ᠰᠦᠷᠦᠭ ᠲᠦ᠍ 
ᠬᠠᠯᠳᠠᠭᠰᠠᠨ ᠶᠤᠮ ᠴᠢᠨᠢ ᠮᠥᠳᠳᠥ ᠬᠠᠭᠠᠨ ᠲᠥᠷᠥ ᠳ᠋ᠦ᠍ ᠲᠡᠷᠰᠯᠡᠬᠦ ᠶᠦᠮ ᠪᠠᠢᠨ᠎ᠠ᠃
     — ᠬᠠᠭᠠᠨ ᠠᠬ᠎ᠠ ᠶ᠋ᠢ ᠲᠣᠭᠣᠷᠢᠭᠰᠠᠨ 
ᠬᠤᠤᠪᠢᠯᠳᠤᠭᠠᠨ! ᠡᠨᠡ ᠶᠠᠪᠤᠳᠠᠯ ᠢ᠋ 
ᠵᠣᠭᠰᠣᠭᠠᠨ᠎ᠠ ᠲᠡᠭᠡᠬᠦ ᠳ᠋ᠦ᠍ ᠵᠢᠷᠦᠬᠡ ᠶ᠋ᠢ ᠨᠢ 
ᠦᠬᠦᠭᠦᠯᠵᠦ ᠵᠣᠭᠰᠣᠭᠠᠬᠤ ᠪᠣᠯᠤᠨ᠎ᠠ᠃
     ᠭᠠᠯᠳᠠᠨ ᠯᠠᠮᠠ ᠶ᠋ᠢᠨ ᠨᠢᠳᠦᠨ ᠳ᠋ᠦ᠍ ᠬᠢᠯᠢᠩ ᠪᠠᠳᠠᠷᠠᠵᠤ ᠪᠠᠢᠯ᠎ᠠ᠃ᠰᠡᠩᠭᠡ ᠠᠬ᠎ᠠ ᠨᠢ ᠳᠡᠭᠦᠦ ᠶ᠋ᠢᠨ ᠢ᠋ᠶ᠋ᠡᠨ ᠬᠦᠷᠡᠩ ᠪᠣᠷᠣ ᠨᠢᠳᠦᠨ ᠡᠴᠡ ᠣᠴᠢ ᠰᠠᠴᠤᠷᠠᠵᠤ ᠪᠠᠢᠬᠤ ᠶ᠋ᠢ ᠬᠠᠷᠠᠭᠠᠳ
《ᠡᠨᠡ ᠭᠠᠯᠳᠠᠨ ᠥᠭᠡᠷᠡᠴᠢᠯᠡᠭᠳᠡᠵᠡᠢ》 ᠭᠡᠵᠦ ᠪᠠᠲᠤᠲᠠᠢ ᠪᠣᠳᠣᠪᠠ᠃
     ᠴᠡᠭᠡᠷ ᠭᠠᠷᠭᠠᠬᠤ ᠠᠷᠭ᠎ᠠ ᠶ᠋ᠢ ᠭᠠᠯᠳᠠᠨ ᠮᠡᠳᠡᠵᠦ ᠪᠠᠢᠯ᠎ᠠ᠃ ᠱᠣᠩ  ᠤ᠋ᠨ ᠣᠢᠷ᠎ᠠ ᠳ᠋ᠤ᠌ ᠭᠠᠪᠠᠯᠠ ᠶ᠋ᠢᠨ ᠶᠠᠰᠤ ᠶ᠋ᠢ ᠬᠡᠳᠦᠨ ᠪᠣᠭᠣᠯ ᠡᠯᠭᠦᠪᠡ᠃ ᠠᠳᠤᠭᠤᠨ ᠤ᠋ ᠤᠶᠠᠭ᠎ᠠ ᠶ᠋ᠢᠨ ᠵᠠᠬ᠎ᠠ ᠳ᠋ᠤ᠌ ᠭᠠᠪᠠᠯᠠ ᠶ᠋ᠢᠨ ᠶᠠᠰᠤ ᠣᠯᠠᠨ ᠤ᠋ ᠨᠢᠳᠦᠨ ᠳ᠋ᠦ᠍ ᠢᠯᠡᠬᠡᠨ᠃ ᠲᠡᠷᠡ ᠬᠦ᠌ ᠶᠠᠰᠤᠨ ᠤ᠋ ᠤᠬᠤᠷᠬᠠᠢ ᠬᠠᠷᠠᠯᠠᠵᠤ᠂ ᠨᠠᠷᠮᠠᠢ ᠨᠢ ᠴᠥᠮᠥᠷᠡᠵᠦ᠂ ᠡᠷᠡᠦ ᠨᠢ ᠠᠩᠭᠠᠢᠵᠠᠢ᠃ ᠭᠠᠪᠠᠯᠠ ᠶ᠋ᠢᠨ ᠶᠠᠰᠤ ᠵᠠᠷᠢᠮ ᠬᠡᠰᠡᠭ ᠲᠡᠭᠡᠨ ᠤᠰᠤ ᠲᠠᠢ ᠠᠵᠢ᠃ᠱᠣᠩ ᠮᠣᠳᠣᠨ ᠳ᠋ᠤ᠌ ᠡᠯᠭᠦᠭᠰᠡᠨ ᠶᠠᠰᠤᠨ ᠠ᠋ᠴᠠ ᠬᠥᠮᠦᠰ ᠲᠣᠭᠣᠷᠢᠵᠤ ᠴᠡᠷᠪᠡᠨ᠎ᠡ᠃
     ᠨᠣᠬᠠᠳ ᠰᠥᠨᠢᠵᠢᠨ ᠢ᠋ᠶ᠋ᠡᠨ ᠣᠯᠢᠵᠤ ᠪᠣᠷᠭᠣᠨ᠎ᠠ᠃ ᠨᠢᠭᠡᠨ ᠮᠠᠭᠤ ᠢᠷᠣ᠎ᠠ ᠱᠦᠭᠯᠡᠭᠰᠡᠨ ᠢ᠋ ᠭᠠᠯᠳᠠᠨ ᠬᠤᠪᠢᠯᠭᠠᠨ ᠨᠣᠮ ᠤ᠋ᠨ ᠬᠦᠴᠦ ᠪᠡᠷ ᠲᠠᠷᠨᠢᠳᠠᠨ ᠴᠡᠭᠡᠷ ᠭᠠᠷᠭᠠᠵᠤ᠂ ᠭᠠᠪᠠᠯᠠ ᠶ᠋ᠢᠨ ᠶᠠᠰᠤ ᠶ᠋ᠢ ᠰᠢᠲᠠᠭᠠᠵᠤ᠂ ᠦᠨᠡᠰᠦ ᠴᠢᠨᠳᠠᠷ ᠢ᠋ ᠨᠢ ᠨᠦᠳᠦᠭᠦᠯᠵᠦ ᠡᠷᠡᠬᠡᠢ ᠶ᠋ᠢᠨ ᠴᠢᠨᠡᠭᠡ ᠲᠤᠯᠤᠮ ᠳ᠋ᠤ᠌ ᠬᠢᠵᠡᠢ᠃ ᠣᠢᠷᠠᠳ ᠠᠢᠮᠠᠭ ᠤ᠋ᠨ ᠬᠣᠲᠠ ᠬᠦᠷᠢᠶ᠎ᠡ ᠪᠡᠷ ᠬᠤᠪᠢᠯᠭᠠᠨ ᠯᠠᠮᠠ ᠲᠣᠮ ᠲᠠᠷᠨᠢ ᠶ᠋ᠢ ᠰᠠᠴᠤᠵᠤ ᠪᠢᠯᠡ᠃
    ᠶᠡᠬᠡ ᠦᠷᠭᠦᠭᠡᠨ ᠳ᠋ᠦ᠍ ᠰᠡᠩᠭᠡ ᠬᠠᠭᠠᠨ᠂ᠳᠡᠭᠦᠦ ᠯᠠᠮᠠ ᠶ᠋ᠢᠨ ᠬᠠᠮᠲᠤ ᠰᠠᠭᠤᠭᠠᠳ ᠵᠥᠭᠡᠬᠡᠢ ᠲᠡᠢ ᠴᠠᠢ ᠤᠤᠭᠤᠵᠤ᠂ᠢᠰᠬᠦᠯᠡᠩ ᠲᠠᠷᠠᠭ ᠰᠢᠮᠡᠨ᠎ᠡ᠃ ᠭᠠᠯᠳᠠᠨ ᠬᠡᠯᠡᠷᠦᠨ᠂
    — ᠵᠢᠷᠦᠬᠡ ᠶ᠋ᠢ ᠨᠢ ᠦᠬᠦᠭᠦᠯᠦᠯ᠎ᠡ᠃ 
ᠨᠡᠢᠲᠡ ᠣᠯᠠᠨ ᠤ᠋ ᠵᠢᠷᠦᠬᠡ ᠠᠮᠠᠨ ᠳ᠋ᠠᠭᠠᠨ
ᠪᠠᠢᠳᠠᠭ᠃ ᠠᠮᠠᠨ ᠠ᠋ᠴᠠ ᠠᠮᠠ ᠳᠡᠮᠵᠢᠵᠦ᠂ᠠᠢᠯ ᠠ᠋ᠴᠠ ᠠᠢᠯ ᠳ᠋ᠤ᠌ ᠶᠠᠷᠢᠭᠳᠠᠬᠤ ᠬᠣᠪ ᠵᠢᠪ ᠮᠡᠲᠦ ᠶᠠᠷᠢᠶᠠᠨ ᠳ᠋ᠤ᠌ ᠬᠥᠮᠦᠰ ᠢᠲᠡᠭᠡᠵᠦ ᠠᠶᠤᠳᠠᠭ ᠶᠤᠮ᠃ ᠬᠠᠭᠠᠨ ᠨᠢ ᠬᠠᠭᠠᠨ ᠰᠢᠭ᠋ ᠪᠠᠢᠵᠤ ᠠᠷᠠᠳ ᠣᠯᠠᠨ ᠰᠣᠴᠢᠵᠤ ᠪᠠᠢᠪᠠᠯ ᠰᠠᠢᠨ᠃ ᠨᠠᠳᠠ ᠲᠠᠢ ᠠᠭᠤᠯᠵᠠᠵᠤ ᠪᠣᠢ 
ᠰᠦᠰᠦᠭᠲᠡᠨ ᠨᠦ᠍ᠭᠦᠳ ᠠᠢᠳᠠᠰ ᠲᠠᠢ ᠪᠠᠢᠨ᠎ᠠ᠃ ᠶᠠᠪᠤᠭᠠᠨ ᠳ᠋ᠠᠭᠠᠨ ᠠᠷᠠᠳ ᠢᠷᠭᠡᠳ ᠦ᠋ᠨ ᠰᠣᠴᠢᠭ᠎ᠠ ᠭᠠᠷᠤᠨ᠎ᠠ ᠪᠢᠵᠡ ᠳᠡ ᠭᠡᠵᠦ ᠬᠡᠯᠡᠪᠡ᠃
      ᠰᠡᠩᠭᠡ ᠬᠠᠭᠠᠨ ᠶᠠᠷᠢᠶ᠎ᠠ ᠶ᠋ᠢ ᠡᠯᠭᠦᠨ ᠠᠪᠴᠤ ᠴᠤᠴᠠᠯᠢ ᠦᠯᠢᠶᠡᠵᠦ ᠭᠠᠯ ᠠᠰᠠᠭᠠᠬᠤ ᠮᠡᠲᠦ᠂
      — ᠨᠠᠮᠠᠶ᠋ᠢ ᠬᠣᠣᠷᠯᠠᠬᠤ ᠰᠠᠨᠠᠭᠠᠲᠠᠨ ᠠᠬ᠎ᠠ ᠳᠡᠭᠦᠦᠰ ᠳᠤᠮᠳᠠ ᠪᠠᠢᠨ᠎ᠠ ᠲᠡᠳᠡᠨ ᠢ᠋ ᠬᠡᠷᠬᠢᠨ ᠨᠣᠮᠣᠬᠠᠷᠠᠭᠤᠯᠬᠤ 
ᠶᠤᠮ ᠪᠣᠢ?ᠡᠨᠳᠡ ᠮᠥᠷ ᠦ᠋ᠨ ᠠᠪᠤᠷᠢ ᠭᠠᠷᠭᠠᠬᠤ ᠨᠢ ᠬᠢᠷᠢ ᠡᠴᠡ ᠬᠡᠲᠦᠷᠡᠯ᠎ᠡ᠃ ᠳᠡᠭᠦᠦ ᠬᠤᠪᠢᠯᠭᠠᠨ ᠶᠠᠭᠤ ᠪᠣᠳᠣᠨ᠎ᠠ ᠭᠡᠵᠦ ᠠᠰᠠᠭᠤᠪᠠ᠃ᠭᠠᠯᠳᠠᠨ ᠤ᠋ ᠰᠡᠳᠬᠢᠯ ᠳ᠋ᠦ᠍ ᠴᠡᠴᠡᠨ ᠠᠬ᠎ᠠ ᠶ᠋ᠢᠨ ᠬᠡᠯᠡᠭᠰᠡᠨ《ᠴᠢ ᠡᠷᠲᠡᠬᠡᠨ ᠮᠢᠨᠦ ᠵᠠᠮ ᠠ᠋ᠴᠠ ᠬᠣᠯᠠᠳᠤᠯ᠎ᠠ》ᠭᠡᠰᠡᠨ ᠦᠭᠡ ᠬᠠᠳᠠᠭᠠᠰᠤᠲᠠᠢ ᠪᠠᠢᠪᠠ᠃ ᠮᠥᠨ《ᠯᠠᠮᠠ ᠬᠥᠮᠦᠨ᠂ᠲᠠᠢᠭᠠᠨ ᠬᠣᠶᠠᠷ ᠢᠵᠢᠯᠢᠬᠡᠨ ᠪᠠᠢᠳᠠᠭ》 ᠭᠡᠰᠡᠨ ᠬᠣᠣᠷᠯᠠᠯ ᠲᠠᠢ ᠰᠠᠨᠠᠭ᠎ᠠ ᠨᠢ ᠭᠠᠯᠳᠠᠨ ᠤ᠋ ᠲᠠᠷᠢᠬᠢᠨ ᠭᠦᠨ ᠳ᠋ᠦ᠍ ᠦᠯᠡᠳᠡᠵᠡᠢ᠃

ᠠᠷᠪᠠ ᠶᠢᠰᠦ

      ᠴᠡᠴᠡᠨ ᠢ᠋ ᠲᠠᠢᠭᠠᠨ ᠪᠣᠯᠭᠠᠪᠠ ᠭᠡᠵᠦ ᠭᠠᠯᠳᠠᠨ ᠲᠡᠮᠳᠡᠭᠯᠡᠪᠡ᠃ᠬᠠᠭᠠᠨ ᠤ᠋ ᠥᠷᠭᠥᠭᠡ ᠡᠵᠡᠭᠦᠢ ᠮᠡᠲᠦ ᠪᠠᠢᠪᠠᠴᠤ ᠰᠡᠩᠭᠡ ᠲᠣᠳᠣ ᠪᠢᠴᠢᠭ ᠦ᠋ᠨ ᠵᠠᠬᠢᠳᠠᠯ ᠤᠩᠰᠢᠵᠤ ᠰᠠᠭᠤᠨ᠎ᠠ᠃ ᠡᠨᠡ ᠵᠠᠬᠢᠳᠠᠯ ᠢ᠋ ᠰᠡᠪᠳᠡᠨᠵᠠᠯ ᠪᠢᠴᠢᠵᠡᠢ᠃ ᠲᠡᠷᠡ ᠪᠡᠷ ᠬᠣᠰᠢᠭᠤ ᠲᠠᠰᠤᠳᠠᠵᠤ ᠪᠡᠶ᠎ᠡ ᠳᠠᠭᠠᠭᠠᠭᠰᠠᠨ ᠪᠢᠯᠡ᠃ ᠨᠠᠳᠠ ᠬᠣᠰᠢᠭᠤ ᠨᠤᠲᠤᠭ ᠴᠢᠮᠠᠯᠠᠭᠳᠠᠨ᠎ᠠ᠃ᠮᠠᠨᠵᠤ ᠶ᠋ᠢᠨ ᠬᠠᠭᠠᠨ ᠮᠢᠨᠦ ᠵᠢᠳᠬᠦᠯ ᠢ᠋ ᠦᠨᠡᠯᠡᠨ ᠰᠠᠢᠰᠢᠶᠠᠵᠤ ᠵᠢᠶᠦ᠋ᠨ ᠸᠠᠩ ᠴᠣᠯᠠ ᠣᠯᠭᠣᠵᠤ ᠪᠠᠢᠬᠤ ᠳ᠋ᠤ᠌ ᠰᠡᠩᠭᠡ ᠬᠠᠭᠠᠨ ᠴᠢᠬᠢᠨ ᠳᠦᠯᠡᠢ ᠰᠠᠭᠤᠬᠤ ᠨᠢ ᠶᠠᠭᠤᠨ ᠤ᠋ ᠬᠢ ᠪᠢᠯᠡ?  ᠰᠠᠪᠳᠠᠨᠵᠠᠯ ᠮᠢᠨᠦ ᠵᠢᠶᠦ᠋ᠨ ᠸᠠᠩ ᠴᠣᠯᠠ ᠳ᠋ᠤ᠌ ᠲᠣᠬᠢᠷᠠᠬᠤ ᠨᠤᠲᠤᠭ ᠤᠰᠤ ᠬᠡᠷᠡᠭ ᠲᠡᠢ ᠪᠠᠢᠨ᠎ᠠ᠃ ᠵᠡᠭᠦᠨᠭᠠᠷ ᠤ᠋ᠨ ᠬᠠᠭᠠᠨ ᠰᠡᠩᠭᠡ ᠳ᠋ᠦ᠍ ᠡᠴᠢᠭᠡ ᠨᠢᠭᠡᠲᠦ ᠰᠠᠪᠳᠠᠨᠵᠠᠯ ᠨᠢ ᠢᠢᠨ ᠬᠦ᠌ ᠲᠤᠯᠭᠠᠨ ᠱᠠᠭᠠᠷᠳᠠᠵᠤ ᠵᠠᠬᠢᠳᠠᠯ ᠢᠯᠡᠭᠡᠵᠡᠢ᠃
      ᠲᠥᠪᠡᠳ ᠨᠤᠲᠤᠭ ᠠ᠋ᠴᠠ ᠢᠷᠡᠭᠰᠡᠨ ᠴᠠᠭ ᠠ᠋ᠴᠠ ᠬᠣᠢᠰᠢ ᠬᠡᠢᠳ ᠲᠦ᠍ ᠱᠠᠪᠢᠯᠠᠨ ᠰᠠᠭᠤᠵᠤ ᠪᠤᠶᠠᠨ ᠤ᠋ ᠮᠥᠷ ᠬᠥᠭᠡᠭᠡᠵᠦ ᠪᠣᠢ ᠳᠡᠭᠦᠦ ᠭᠠᠯᠳᠠᠨ ᠨᠢ ᠨᠠᠮᠤᠭᠤᠬᠠᠨ ᠣᠷᠣᠵᠤ ᠢᠷᠡᠬᠦ ᠳ᠋ᠦ᠍ ᠰᠡᠩᠭᠡ ᠶ᠋ᠢᠨ ᠴᠢᠷᠠᠢ ᠳ᠋ᠤ᠌ ᠭᠡᠷᠡᠯ ᠭᠡᠢᠪᠡ᠃
       — ᠬᠠᠭᠠᠨ ᠠᠬ᠎ᠠ ᠶᠠᠭᠤᠨ ᠳ᠋ᠤ᠌ ᠤᠢᠮᠤᠷᠠᠯ᠎ᠠ
ᠪᠣᠢ ᠭᠡᠵᠦ ᠭᠠᠯᠳᠠᠨ ᠠᠰᠠᠭᠤᠬᠤ ᠳ᠋ᠤ᠌ ᠰᠡᠩᠭᠡ᠂
      — ᠰᠡᠪᠳᠡᠨᠵᠠᠯ ᠳᠠᠬᠢᠭᠠᠳ ᠨᠤᠲᠤᠭ ᠲᠠᠰᠤᠳᠠᠬᠤ ᠰᠠᠨᠠᠭ᠎ᠠ ᠲᠠᠢ ᠪᠠᠢᠨ᠎ᠠ ᠭᠡᠯ᠎ᠡ᠃
     ᠭᠠᠯᠳᠠᠨ ᠥᠭᠦᠯᠡᠷᠦᠨ᠂
     — ᠬᠠᠭᠠᠨ ᠠᠬ᠎ᠠ ᠳ᠋ᠤ᠌ ᠪᠢ ᠲᠤᠰᠠᠯᠠᠬᠤ ᠶ᠋ᠢ 
ᠬᠢᠴᠢᠶᠡᠨ᠎ᠡ᠃ ᠮᠢᠨᠦ ᠳᠣᠣᠭᠤᠷ ᠤᠷᠭᠤᠮᠠᠯ ᠤ᠋ᠨ 
ᠦᠨᠳᠦᠰᠦ ᠴᠢᠭᠢᠭ ᠬᠥᠬᠥᠵᠦ ᠪᠠᠢᠭ᠎ᠠ ᠨᠢ ᠮᠡᠳᠡᠷᠡᠭᠳᠡᠨ᠎ᠡ᠃ ᠬᠠᠷ᠎ᠠ ᠡᠷᠴᠢᠰ ᠮᠥᠷᠡᠨ ᠦ᠌ ᠤᠰᠤ ᠳᠣᠷᠣᠭᠰᠢ ᠪᠠᠨ ᠨᠠᠪᠴᠢᠨ ᠪᠠᠷᠠᠭᠳᠠᠰᠢ ᠦᠭᠡᠢ ᠶᠡᠬᠡ ᠴᠢᠭᠢᠭ ᠪᠣᠯᠵᠠᠢ᠃ᠨᠠᠳᠠ ᠬᠡᠢ ᠪᠡᠶ᠎ᠡ ᠣᠷᠣᠰᠢᠨ᠎ᠠ᠃ ᠬᠡᠢ ᠪᠡᠶ᠎ᠡ ᠪᠥᠭᠡᠰᠦ ᠬᠥᠮᠦᠰ ᠦ᠋ᠨ ᠰᠡᠳᠬᠢᠯ ᠰᠠᠨᠠᠭ᠎ᠠ ᠶ᠋ᠢ ᠮᠡᠳᠡᠷᠡᠳᠡᠭ ᠪᠢᠯᠡ ᠭᠡᠵᠦ ᠰᠡᠩᠭᠡ ᠬᠠᠭᠠᠨ ᠤ᠋ ᠲᠠᠷᠢᠬᠢ ᠲᠣᠯᠣᠭᠠᠢ ᠳ᠋ᠤ᠌ ᠬᠡᠵᠢᠶ᠎ᠡ ᠴᠦ᠍ ᠪᠣᠳᠣᠭᠳᠠᠵᠤ ᠪᠠᠢᠭ᠎ᠠ ᠦᠭᠡᠢ ᠵᠦᠢᠯ ᠢ᠋ ᠬᠡᠯᠡᠪᠡ᠃
     ᠰᠡᠩᠭᠡ ᠬᠠᠭᠠᠨ᠂
    — ᠰᠡᠪᠳᠡᠨᠵᠠᠯ ᠢ᠋ ᠶᠠᠭᠠᠬᠢᠯᠲᠠᠢ ᠪᠣᠢ? ᠭᠡᠵᠦ ᠠᠰᠠᠭᠤᠪᠠ᠃
    — ᠬᠠᠭᠠᠨ ᠠᠬ᠎ᠠ ᠪᠤᠤ ᠴᠢᠬᠤᠯᠳᠠ! ᠨᠠᠭᠠᠨ᠎ᠠ ᠨᠢ ᠨᠢᠭᠡ ᠴᠡᠭᠡᠷ ᠭᠠᠷᠭᠠᠨ᠎ᠠ᠃ ᠪᠣᠯᠵᠤ  ᠥᠭᠪᠡᠯ ᠰᠠᠪᠳᠠᠨᠵᠠᠯ ᠢ᠋ ᠵᠠᠯᠠᠵᠤ  ᠠᠪᠴᠢᠷᠠᠭᠲᠤᠨ᠃
    — ᠶᠠᠮᠠᠷ ᠴᠡᠭᠡᠷ ᠪᠢᠯᠡ?
    — ᠬᠠᠭᠠᠨ ᠣᠯᠪᠣᠭ ᠪᠤᠵᠠᠷᠲᠤᠭᠰᠠᠨ ᠪᠠᠢᠨ᠎ᠠ᠃ ᠣᠯᠪᠣᠭ ᠳᠡᠭᠡᠷ᠎ᠡ ᠪᠢᠳᠡᠨ ᠦ᠌ ᠲᠣᠮᠣ ᠠᠬ᠎ᠠ ᠴᠡᠴᠡᠨ ᠶᠣᠰᠣ ᠪᠤᠰᠤ ᠪᠠᠷ ᠪᠦᠰᠡᠭᠦᠢ ᠨᠣᠣᠯᠠᠵᠤ᠂ ᠮᠠᠨ ᠤ᠋ ᠠᠬ᠎ᠠ ᠳᠡᠭᠦᠦᠰ ᠦ᠋ᠨ ᠲᠠᠩᠭᠠᠷᠢᠭ ᠲᠤ᠌ ᠰᠡᠪ ᠰᠠᠭᠤᠪᠠ᠃ ᠲᠡᠢᠮᠦ ᠶ᠋ᠢᠨ ᠲᠤᠯᠠ ᠴᠡᠴᠡᠨ ᠠᠬ᠎ᠠ ᠶ᠋ᠢ ᠨᠢᠭᠦᠯ ᠦᠢᠯᠡᠳᠬᠦ ᠡᠴᠡ ᠰᠡᠷᠡᠮᠵᠢᠯᠡᠭᠦᠯᠦᠨ ᠲᠠᠢᠭᠠᠨ ᠪᠣᠯᠭᠠᠶ᠎ᠠ᠃
      — ᠴᠡᠴᠡᠨ ᠠᠬ᠎ᠠ ᠲᠠᠪᠤᠨ ᠬᠡᠦᠬᠡᠳ ᠲᠡᠢ ᠪᠤᠰᠤ ᠤᠤ?
  — ᠲᠡᠷᠡ ᠲᠣᠰᠤᠮ ᠢ᠋ᠶ᠋ᠠᠨ ᠰᠠᠢᠨ᠃ ᠲᠠᠢᠭᠠᠨ ᠨᠠᠷ ᠤ᠋ᠨ ᠶᠠᠪᠤᠳᠠᠯ ᠢ ᠴᠡᠴᠡᠨ ᠠᠬ᠎ᠠ ᠬᠢᠨᠠᠵᠤ ᠪᠠᠢᠭ᠃ ᠵᠣᠣᠪᠠ ᠲᠠᠢᠭᠠᠨ ᠳ᠋ᠤ᠌ ᠡᠨᠡ ᠬᠦ᠌ ᠴᠡᠭᠡᠷ ᠭᠠᠷᠭᠠᠬᠤ ᠶᠣᠰᠣᠯᠠᠯ ᠢ᠋ ᠪᠡᠶᠡᠴᠢᠯᠡᠨ ᠦᠢᠯᠡᠳᠬᠦ ᠳᠠᠭᠠᠭᠠᠯᠭᠠᠪᠤᠷᠢ ᠬᠠᠭᠠᠨ ᠠᠬ᠎ᠠ ᠥᠭᠭᠥᠭᠲᠥᠨ!
   — ᠴᠡᠴᠡᠨ ᠠᠬ᠎ᠠ ᠶ᠋ᠢᠨ ᠦᠷ᠎ᠡ ᠦᠨᠳᠦᠰᠦ ᠲᠠᠰᠤᠷᠠᠬᠤ ᠦᠭᠡᠢ ᠪᠣᠯᠬᠣᠷ ᠬᠤᠪᠢᠯᠭᠠᠨ ᠳᠡᠭᠦᠦ ᠵᠥᠪ ᠪᠣᠳᠣᠵᠠᠢ᠃
  — ᠭᠡᠭᠡᠨ ᠡᠳᠦᠷ ᠣᠪᠣᠬᠠᠢ ᠳ᠋ᠤ᠌ ᠦᠢᠯᠡᠳᠬᠦ ᠶ᠋ᠢ ᠰᠠᠢᠲᠤᠷ ᠮᠡᠳᠡᠭᠡᠷᠡᠢ᠃ᠲᠡᠭᠡᠬᠦ ᠳ᠋ᠡᠭᠡᠨ ᠲᠠ ᠪᠤᠷᠤᠭᠤ ᠰᠠᠨᠠᠭ᠎ᠠ ᠲᠠᠢ ᠠᠬ᠎ᠠ ᠳᠡᠭᠦᠦᠰ ᠢ᠋ ᠲᠡᠨᠳᠡ ᠪᠠᠢᠯᠭᠠᠬᠤ ᠶ᠋ᠢ ᠬᠢᠴᠢᠶᠡᠭᠡᠷᠡᠢ!
   — ᠶᠠᠮᠠᠷ ᠮᠡᠷᠭᠡᠨ ᠰᠠᠨᠠᠭ᠎ᠠ ᠪᠣᠢ᠃ ᠲᠡᠭᠷᠢ ᠡᠴᠡ ᠡᠢᠮᠦ ᠰᠠᠨᠠᠭ᠎ᠠ ᠲᠥᠷᠥᠭᠦᠯᠦᠨ᠎ᠡ ᠰᠢᠦ᠃
     — ᠪᠢ ᠮᠥᠨ ᠯᠡ ᠵᠢᠷᠦᠬᠡ ᠶ᠋ᠢ ᠨᠢ ᠦᠬᠦᠭᠦᠯᠵᠦ ᠪᠠᠢᠭ᠎ᠠ ᠶᠤᠮ᠃
ᠴᠥᠭᠡᠨ ᠬᠥᠮᠦᠨ ᠦ᠌ ᠵᠢᠷᠦᠬᠡ ᠵᠣᠷᠢᠭ ᠨᠢᠳᠦᠨ ᠳ᠋ᠡᠭᠡᠨ ᠪᠠᠢᠳᠠᠭ᠃ ᠨᠢᠳᠦ ᠪᠡᠷ  ᠦᠵᠡᠭᠰᠡᠨ ᠬᠡᠵᠢᠶ᠎ᠡ ᠴᠤ ᠦᠯᠦ ᠮᠠᠷᠲᠠᠨ᠎ᠠ᠃ᠴᠣᠭᠴᠠᠰ ᠮᠥᠴᠢᠯᠡᠳᠡᠭ ᠲᠥᠪᠡᠳ ᠦ᠋ᠳ ᠦ᠋ᠨ ᠭᠠᠷ ᠠ᠋ᠴᠠ ᠬᠡᠨ ᠴᠦ᠍ ᠮᠢᠬ᠎ᠠ ᠠᠪᠴᠤ ᠢᠳᠡᠳᠡᠭ ᠦᠭᠡᠢ᠃ ᠴᠡᠴᠡᠨ ᠠᠬ᠎ᠠ ᠡᠮᠡᠰ ᠬᠡᠦᠬᠡᠨ ᠡᠴᠡ ᠬᠣᠯᠠ ᠶᠠᠪᠤᠭ᠃
    — ᠳᠡᠭᠦᠦ ᠮᠢᠨᠦ ᠡᠨᠡ ᠪᠣᠯ ᠶᠣᠷᠣ ᠪᠤᠰᠤ ᠤᠤ?
     — ᠠᠬ᠎ᠠ ᠲᠠ ᠶᠠᠭᠤᠨ ᠳ᠋ᠤ᠌ ᠡᠮᠢᠶᠡᠨ᠎ᠡ?
  — ᠡᠮᠡᠰ ᠥᠬᠢᠳ ᠲᠦ᠍ ᠳᠤᠷᠠᠲᠠᠢ ᠡᠷ᠎ᠡ ᠬᠥᠮᠦᠨ ᠢ᠋ ᠲᠠᠢᠭᠠᠨ ᠪᠣᠯᠭᠠᠬᠤ ᠠᠶᠤᠯ ᠥᠰᠢᠶ᠎ᠡ ᠵᠠᠩᠭᠢᠳᠬᠤ ᠪᠣᠢ ᠢ᠎ᠡ᠃
    — ᠬᠡᠨ ᠳ᠋ᠦ᠍ ᠁?
    — ᠲᠤᠬᠠᠢᠯᠠᠪᠠᠯ ᠬᠠᠭᠠᠨ ᠤ᠋ ᠤᠷᠤᠭ ᠲᠥᠷᠥᠯ ᠳ᠋ᠦ᠍ ᠁
  — ᠥᠪᠡᠷ ᠢ᠋ᠶ᠋ᠡᠨ ᠬᠠᠭᠠᠨ ᠤ᠋ ᠤᠷᠤᠭ ᠤ᠋ᠨ ᠬᠥᠮᠦᠨ ᠤᠴᠢᠷ ᠢᠩᠭᠢᠵᠦ ᠴᠤᠴᠢᠷᠠᠬᠤ ᠦᠭᠡᠢ ᠪᠣᠯ ᠨᠢᠭᠡ ᠳᠣᠪᠣ ᠨᠢᠭᠡ ᠠᠭᠤᠯᠠ ᠨᠢ ᠬᠥᠮᠦᠨ ᠦ᠌ ᠬᠢ ᠪᠣᠯᠤᠭᠰᠠᠭᠠᠷ 
ᠵᠡᠭᠥᠨᠭᠠᠷ ᠤ᠋ᠨ ᠨᠤᠲᠤᠭ ᠳᠠᠭᠤᠰᠤᠨ᠎ᠠ᠃ ᠨᠥᠭᠦᠭᠡ ᠲᠠᠯ᠎ᠠ ᠪᠠᠷ ᠪᠣᠢ ᠪᠠᠭ᠎ᠠ ᠦᠭᠡᠢ ᠮᠢᠬᠠᠨ ᠪᠡᠶᠡᠳᠡᠨ ᠨᠦ᠍ᠭᠦᠳ ᠨᠢᠭᠡᠨ ᠢ᠋ᠶ᠋ᠡᠨ ᠠᠯᠠᠵᠤ 
ᠲᠡᠯᠡᠨ᠎ᠡ᠃ ᠬᠠᠭᠠᠨ ᠤ᠋ ᠲᠣᠷᠭᠠᠨ ᠰᠦᠷᠦᠭ ᠤᠷᠤᠭᠤ ᠬᠠᠯᠳᠠᠵᠤ ᠪᠠᠢᠭ᠎ᠠ ᠶᠤᠮ ᠴᠢᠨᠢ ᠠᠮᠢ ᠨᠠᠰᠤ ᠶ᠋ᠢ ᠬᠥᠨᠥᠭᠡᠬᠦ ᠠᠮᠠᠷᠬᠠᠨ ᠪᠢᠵᠡ ᠳᠡ᠃ ᠣᠢᠷᠠᠬᠠᠨ ᠠ᠋ᠴᠠ ᠵᠠᠨᠤᠭᠠᠳ ᠪᠠᠢᠨ᠎ᠠ ᠰᠢᠦ ᠳᠡ᠃
   — ᠬᠤᠪᠢᠯᠭᠠᠨ ᠲᠠ ᠳᠠᠷᠠᠰᠤ ᠳᠠᠭᠠᠯᠠᠬᠤ ᠤᠤ?
   — ᠦᠭᠡᠢ᠂ ᠪᠢ ᠳᠠᠷᠠᠰᠤ ᠪᠠᠷ ᠰᠡᠷᠵᠢᠮ ᠡᠷᠭᠦᠮᠦᠢ!
     ᠲᠦᠷᠺ ᠰᠢᠪᠡᠷ ᠸᠠᠭᠠᠷ ᠲᠠᠢ ᠳᠠᠷᠠᠰᠤ ᠶ᠋ᠢ ᠠᠶᠠᠭᠠᠴᠢ ᠠᠪᠴᠢᠷᠠᠪᠠ᠃ ᠳᠠᠷᠠᠰᠤ ᠬᠦᠷᠡᠩ ᠥᠩᠭᠡ ᠲᠡᠢ ᠠᠵᠢ᠃ ᠳᠠᠷᠠᠰᠤ ᠶ᠋ᠢᠨ ᠰᠡᠩᠭᠢᠨᠡᠭᠰᠡᠨ ᠠᠩᠬᠢᠯᠤᠭᠤᠨ ᠦᠨᠦᠷ ᠥᠷᠭᠥᠭᠡ ᠪᠡᠷ ᠳᠦᠭᠦᠷᠡᠩ ᠬᠠᠩᠬᠤᠯᠤᠨ᠎ᠠ᠃ ᠲᠦᠷᠺ ᠳᠡᠷᠡᠰᠦᠨ ᠦ᠌ ᠦᠨᠦᠷ ᠬᠠᠮᠠᠷ ᠠᠮᠠ ᠪᠠᠷ ᠴᠣᠷᠭᠢᠨ ᠴᠡᠭᠡᠵᠢᠨ ᠭᠦᠨ ᠤᠷᠤᠭᠤ ᠨᠢᠯ ᠬᠢᠨ ᠣᠷᠣᠵᠤ ᠢᠷᠡᠪᠡ᠃ ᠭᠠᠯᠳᠠᠨ ᠥᠭᠦᠯᠡᠪᠡ᠃
      — ᠲᠠ ᠪᠣᠯ ᠬᠠᠭᠠᠨ ᠬᠥᠮᠦᠨ᠃ ᠬᠠᠭᠠᠨ ᠪᠣᠯ ᠬᠣᠶᠠᠷ ᠬᠥᠯᠲᠡᠨ ᠦ᠌ ᠬᠣᠬᠢᠮᠠᠢ ᠲᠣᠯᠣᠭᠠᠢ ᠶ᠋ᠢ 
ᠬᠢᠷᠭᠠᠳᠠᠭ ᠪᠥᠭᠡᠳ ᠪᠠᠰᠠ ᠥᠷᠥᠰᠢᠶᠡᠳᠡᠭ᠃ ᠬᠠᠷᠢᠨ ᠪᠤᠷᠬᠠᠨ ᠤ᠋ ᠬᠤᠲᠤᠭᠲᠤ ᠬᠤᠪᠢᠯᠭᠠᠨ ᠪᠥᠭᠡᠰᠦ ᠣᠶᠤᠨ ᠰᠠᠨᠠᠭ᠎ᠠ ᠶ᠋ᠢ ᠴᠡᠪᠡᠷᠰᠢᠭᠦᠯᠵᠦ ᠪᠤᠯᠠᠩᠭᠢᠷ ᠢ᠋ ᠠᠷᠢᠯᠭᠠᠵᠤ ᠪᠠᠢᠳᠠᠭ ᠪᠢᠯᠡ᠃ ᠲᠡᠭᠡᠬᠦ ᠪᠡᠷ ᠬᠠᠭᠠᠨ ᠤ᠋ ᠵᠠᠷᠯᠢᠭ ᠬᠥᠬᠡ ᠲᠩᠷᠢ ᠶ᠋ᠢᠨ ᠳᠣᠣᠷ᠎ᠠ ᠬᠠᠮᠤᠭ ᠤ᠋ᠨ ᠬᠦᠴᠦᠲᠡᠢ ᠪᠢᠯᠡ᠃
     — ᠪᠢ ᠵᠥᠭᠡᠯᠡᠳᠡᠭᠡᠳ ᠪᠠᠢᠵᠠᠢ᠃ ᠴᠡᠴᠡᠨ ᠢ᠋ ᠲᠠᠢᠭᠠᠨ ᠪᠣᠯᠭᠠᠶ᠎ᠠ᠃
     — ᠬᠠᠭᠠᠨ ᠪᠣᠯ ᠬᠠᠲᠠᠭᠤ ᠵᠥᠭᠡᠯᠡᠨ ᠬᠣᠶᠠᠷ ᠤ᠋ᠨ ᠲᠤᠢᠯ ᠪᠠᠢᠪᠠᠰᠤ ᠵᠣᠬᠢᠯᠲᠠᠢ᠃ ᠭᠡᠮᠲᠡᠨ ᠢ᠋ ᠭᠡᠰᠬᠡᠨ᠂ ᠢᠷᠭᠡᠳ ᠠᠷᠠᠳ ᠢ᠋ ᠮᠠᠩᠨᠠᠢ ᠲᠡᠨᠢᠢᠯᠭᠡᠵᠦ ᠪᠠᠢᠬᠤ ᠨᠢ ᠵᠥᠪ᠃ ᠡᠷᠲᠡᠨ ᠦ᠌ 
ᠰᠤᠳᠤᠷ ᠲᠤ᠌ ᠢᠩᠭᠢᠵᠦ ᠪᠢᠴᠢᠭᠰᠡᠨ ᠪᠠᠢᠳᠠᠭ ᠶᠤᠮ᠃
     — ᠳᠡᠭᠦᠦ ᠯᠠᠮᠠ ᠶ᠋ᠢᠨ ᠬᠤᠪᠢᠯᠭᠠᠨ ᠰᠢᠨᠵᠢ ᠳ᠋ᠦ᠍ ᠢᠲᠡᠭᠡᠨ᠎ᠡ᠃
     ᠬᠠᠭᠠᠨ ᠰᠡᠩᠭᠡ ᠳᠡᠭᠦᠦ ᠲᠡᠢ ᠪᠡᠨ ᠰᠠᠨᠠᠭ᠎ᠠ ᠨᠡᠢᠯᠡᠭᠰᠡᠨ ᠪᠢᠯᠡ᠃ ᠳᠡᠭᠦᠦ ᠯᠠᠮᠠ ᠶ᠋ᠢᠨ ᠤᠩᠰᠢᠭᠰᠠᠨ ᠮᠡᠳᠡᠭᠰᠡᠨ ᠡᠭᠡᠯ ᠦᠭᠡᠢ ᠲᠤᠯᠠ ᠣᠢ ᠲᠣᠢ ᠳ᠋ᠤ᠌ ᠰᠢᠩᠭᠡᠭᠡᠬᠦ ᠪᠡᠷᠬᠡ᠃ ᠲᠩᠷᠢ ᠶ᠋ᠢᠨ ᠣᠳᠣᠳ ᠪᠦᠷᠢᠨ ᠵᠢᠷᠭᠠᠭᠰᠠᠨ ᠬᠣᠢᠨ᠎ᠠ ᠭᠠᠯᠳᠠᠨ ᠭᠠᠳᠠᠭᠠᠯᠠᠪᠠ᠃ ᠭᠠᠯᠳᠠᠨ ᠬᠤᠪᠢᠯᠭᠠᠨ ᠶᠡᠬᠡᠲᠡᠨ ᠭᠠᠢᠬᠠᠰᠢᠷᠠᠭᠰᠠᠨ ᠪᠠᠢᠯ᠎ᠠ᠃ ᠲᠡᠭᠦᠨ ᠢ᠋ ᠴᠠᠰᠤᠲᠤ ᠶ᠋ᠢᠨ ᠣᠷᠣᠨ ᠲᠥᠪᠡᠳ ᠲᠦ᠍
ᠶᠠᠪᠤᠬᠤ ᠶ᠋ᠢᠨ ᠡᠮᠦᠨᠡᠬᠡᠨ ᠲᠠᠢᠭᠠᠨ ᠬᠡᠮᠡᠬᠦ ᠡᠷ᠎ᠡ ᠴᠤ᠌ ᠪᠢᠰᠢ᠂ ᠡᠮ᠎ᠡ ᠴᠤ᠌ ᠪᠢᠰᠢ ᠵᠣᠪᠠᠯᠠᠩᠲᠠᠨ ᠤ᠋ ᠡᠮᠭᠡᠨᠢᠯᠲᠦ ᠬᠤᠪᠢ ᠵᠠᠶᠠᠭ᠎ᠠ ᠶ᠋ᠢ 
ᠴᠡᠴᠡᠨ ᠠᠬ᠎ᠠ ᠨᠢ ᠭᠠᠯᠳᠠᠨ ᠳ᠋ᠤ᠌ ᠲᠣᠬᠣᠵᠠᠢ᠃ ᠲᠡᠷᠡ ᠬᠦ᠌ ᠵᠡᠭᠦᠳᠦ ᠮᠡᠲᠦ ᠶᠠᠷᠢᠶ᠎ᠠ ᠨᠢᠭᠡᠨ ᠴᠠᠭ ᠲᠤ᠌ ᠪᠠᠶᠠᠯᠠᠨ᠎ᠠ ᠭᠡᠳᠡᠭ ᠢ᠋ ᠪᠠᠭᠠᠬᠠᠨ ᠭᠠᠯᠳᠠᠨ ᠶᠠᠭᠠᠬᠢᠵᠤ ᠭᠠᠳᠠᠷᠯᠠᠬᠤ ᠪᠢᠯᠡ᠃
       ᠭᠡᠲᠡᠯ᠎ᠡ ᠲᠠᠢᠭᠠᠨ ᠤ᠋ ᠵᠣᠪᠠᠯᠠᠩᠲᠤ ᠵᠠᠶᠠᠭ᠎ᠠ ᠨᠢ ᠴᠡᠭᠡᠷ ᠭᠠᠷᠭᠠᠬᠤ ᠰᠢᠯᠢᠳᠡᠭ ᠠᠷᠭ᠎ᠠ
ᠪᠠᠢᠭᠰᠠᠨ ᠢ᠋ ᠲᠩᠷᠢ ᠨᠢᠭᠡ ᠡᠳᠦᠷ 
ᠭᠠᠯᠳᠠᠨ ᠳ᠋ᠤ᠌ ᠬᠡᠯᠡᠵᠦ ᠥᠭᠪᠡ᠃
      ᠭᠠᠯᠳᠠᠨ ᠬᠤᠪᠢᠯᠭᠠᠨ ᠲᠡᠷᠡ ᠦᠭᠡ ᠶ᠋ᠢ ᠬᠠᠭᠠᠨ ᠠᠬ᠎ᠠ ᠰᠡᠩᠭᠡ ᠳ᠋ᠦ᠍ ᠬᠡᠯᠡᠵᠦ ᠥᠭᠪᠡ᠃ ᠦᠭᠡᠨ ᠦ᠌ ᠦᠵᠦᠭᠦᠷ ᠤᠲᠠᠰᠤ ᠬᠦᠪᠦᠷᠡᠬᠦ ᠮᠡᠲᠦ ᠤᠷᠲᠤᠰᠤᠭᠰᠠᠭᠠᠷ ᠨᠢᠭᠡ ᠡᠳᠦᠷ ᠠᠶᠤᠩᠭ᠎ᠠ ᠳᠤᠤᠭᠠᠷᠬᠤ ᠯᠤᠭ᠎ᠠ ᠠᠮᠠᠨ ᠵᠠᠷᠯᠢᠭ ᠴᠡᠴᠡᠨ ᠬᠡᠮᠡᠬᠦ ᠡᠷ᠎ᠡ ᠶ᠋ᠢᠨ ᠵᠠᠰᠠᠭ᠎ᠠ ᠶ᠋ᠢ ᠣᠨᠣᠭᠠᠯ᠎ᠠ᠃ ᠴᠡᠴᠡᠨ ᠢ᠋ ᠲᠠᠢᠭᠠᠨ ᠪᠣᠯᠭᠠᠭᠰᠠᠨ ᠨᠢ ᠰᠡᠪᠳᠡᠨᠵᠠᠯ ᠤ᠋ᠨ ᠠᠭᠠᠭ ᠣᠮᠣᠭ ᠢ᠋ ᠱᠠᠯᠴᠢᠢᠯᠭᠠᠵᠠᠢ᠃ 
    ᠰᠡᠪᠳᠡᠨᠵᠠᠯ ᠨᠢᠳᠦᠨ ᠳ᠋ᠡᠭᠡᠨ ᠠᠢᠳᠠᠰ ᠲᠠᠢ ᠬᠣᠴᠣᠷᠴᠠᠢ᠃ ᠲᠡᠭᠡᠭᠡᠳ ᠰᠡᠪᠳᠡᠨᠵᠠᠯ ᠭᠡᠨᠡᠳᠲᠡ ᠠᠢᠳᠠᠰ ᠠ᠋ᠴᠠ ᠪᠠᠨ ᠰᠠᠯᠪᠠ᠃ ᠤᠴᠢᠷ ᠨᠢ ᠴᠡᠴᠡᠨ ᠲᠡᠭᠦᠨ ᠳ᠋ᠦ᠍《ᠪᠢ ᠡᠮᠡᠰ ᠲᠡᠢ ᠨᠥᠬᠥᠴᠡᠭᠰᠡᠨ ᠬᠡᠪ ᠢ᠋ᠶ᠋ᠡᠷ᠃ ᠰᠡᠩᠭᠡ ᠨᠠᠮᠠᠶ᠋ᠢ ᠥᠷᠥᠰᠢᠶᠡᠵᠦ ᠭᠡᠨᠡᠳᠡᠭᠰᠡᠨ》 ᠭᠡᠵᠡᠢ᠃ ᠰᠡᠪᠳᠡᠨᠵᠠᠯ ᠠᠬ᠎ᠠ ᠶ᠋ᠢᠨ 
ᠦᠭᠡ ᠶ᠋ᠢ ᠰᠣᠨᠣᠰᠤᠭᠠᠳ ᠳᠠᠪᠠᠷᠠᠵᠠᠢ᠃

ᠬᠣᠷᠢ

    ᠲᠡᠷᠡ ᠴᠠᠭᠠᠨ ᠢᠷᠪᠢᠰ ᠨᠠᠮᠠᠶ᠋ᠢ ᠬᠠᠷᠠᠵᠤ ᠪᠠᠢᠭᠰᠠᠨ ᠢ᠋ᠶ᠋ᠠᠨ ᠪᠤᠴᠠᠭᠠᠳ ᠶᠠᠪᠤᠴᠢᠬᠠᠯ᠎ᠠ᠃ ᠬᠡᠩᠬᠦᠳᠡᠭ ᠳᠡᠭᠡᠭᠦᠷ ᠢᠶᠡᠨ ᠬᠠᠷ᠎ᠠ ᠣᠯᠣᠮ ᠲᠠᠢ ᠪᠠᠢᠪᠠ ᠭᠡᠮᠡᠨ ᠭᠠᠯᠳᠠᠨ ᠪᠣᠳᠣᠪᠠ᠃

   ᠮᠣᠷᠢᠳ ᠤ᠋ᠨ ᠬᠠᠮᠠᠷ ᠲᠠᠴᠢᠭᠢᠨᠠᠵᠤ᠂ ᠮᠣᠷᠢᠳ ᠦᠷᠭᠦᠬᠦ ᠳ᠋ᠦ᠍ ᠬᠥᠯ ᠢ᠋ᠶ᠋ᠡᠷ ᠨᠢ ᠠᠰᠬ᠎ᠠ ᠴᠢᠯᠠᠭᠤ ᠨᠤᠷᠠᠵᠤ ᠠᠯᠲᠠᠢ ᠶ᠋ᠢᠨ ᠴᠠᠰᠤᠲᠤ ᠬᠢᠷ᠎ᠠ ᠠ᠋ᠴᠠ ᠠᠭᠠᠵᠢᠮ ᠢ᠋ᠶ᠋ᠠᠷ ᠴᠤᠪᠤᠷᠠᠭᠰᠠᠭᠠᠷ ᠪᠠᠭᠤᠬᠤ ᠨᠢ ᠴᠣᠷᠣᠰ ᠣᠪᠣᠭ ᠤ᠋ᠨ ᠬᠢᠨ ᠪᠠᠢᠯ᠎ᠠ᠃ ᠭᠠᠯᠳᠠᠨ ᠲᠠᠢ ᠬᠠᠷᠠᠴᠠ ᠲᠤᠯᠭᠠᠷᠠᠭᠰᠠᠨ ᠢᠷᠪᠢᠰ ᠦ᠋ᠨ ᠨᠢᠳᠦ ᠨᠢ ᠰᠢᠷ᠎ᠠ ᠴᠥᠭᠥᠴᠡ ᠲᠡᠢ᠂ ᠴᠠᠭᠠᠨ ᠲᠤᠶᠠᠭ᠎ᠠ ᠲᠠᠢ ᠠᠵᠢ᠃ ᠢᠷᠪᠢᠰ ᠦᠯᠦ ᠴᠠᠪᠴᠢᠷᠠᠨ ᠭᠠᠯᠳᠠᠨ ᠤ᠋ ᠪᠣᠷᠣ ᠨᠢᠳᠦ ᠶ᠋ᠢ ᠰᠢᠷᠲᠡᠭᠰᠡᠨ ᠢ᠋ᠶ᠋ᠡᠨ ᠬᠠᠷᠠᠴᠠ ᠪᠠᠨ ᠤᠷᠤᠭᠰᠢᠯᠠᠭᠤᠯᠤᠭᠰᠠᠭᠠᠷ ᠳᠡᠰ ᠬᠠᠷ᠎ᠠ ᠴᠢᠯᠠᠭᠤ ᠶ᠋ᠢ ᠣᠨᠣᠭᠠᠵᠤ ᠬᠠᠷᠠᠪᠠ᠃ ᠭᠠᠯᠳᠠᠨ ᠮᠣᠷᠢᠳ ᠤ᠋ᠨ ᠬᠠᠮᠠᠷ ᠲᠠᠴᠢᠭᠢᠨᠠᠨ ᠠᠰᠬ᠎ᠠ ᠨᠤᠷᠠᠬᠤ ᠴᠢᠮᠡᠭᠡ ᠪᠡᠷ ᠡᠷᠭᠢᠵᠦ ᠬᠠᠷᠠᠬᠤ ᠳ᠋ᠤ᠌ ᠠᠳᠤᠭᠤᠨ ᠤ᠋ ᠨᠢᠳᠦᠨ ᠳ᠋ᠦ᠍ ᠬᠣᠣᠷ ᠰᠢᠩᠭᠡᠨ ᠪᠠᠴᠢᠮᠳᠠᠬᠤ ᠳ᠋ᠠᠭᠠᠨ ᠪᠡᠶ᠎ᠡ ᠪᠡᠨ ᠠᠭᠳᠠᠯᠠᠨ ᠴᠢᠩᠭᠠᠯᠠᠵᠤ ᠨᠠᠯᠠᠤ ᠠᠰᠬ᠎ᠠ ᠬᠠᠳᠠ ᠤᠷᠤᠭᠤ ᠨᠢᠰᠴᠢᠬᠡᠵᠦ ᠳᠥᠭᠥᠵᠡᠢ᠃ ᠣᠷᠣᠢ ᠪᠣᠯᠵᠤ ᠨᠠᠷᠠᠨ ᠤ᠋ ᠲᠤᠶᠠᠭ᠎ᠠ ᠠᠭᠤᠯᠠ ᠶ᠋ᠢᠨ ᠠᠰᠬᠠᠲᠤ ᠡᠩᠭᠡᠷ  ᠢ᠋ ᠨᠢᠭᠡᠵᠢᠨ ᠰᠡᠳᠡ ᠲᠠᠯᠪᠢᠵᠤ ᠠᠰᠬᠠᠷᠠᠬᠤ ᠮᠥᠨᠥᠬᠢ ᠴᠠᠭᠠᠨ ᠢᠷᠪᠢᠰ ᠳᠣᠭᠣᠯᠠᠩ ᠬᠥᠯ ᠢ᠋ᠶ᠋ᠡᠷ ᠢ᠋ᠶ᠋ᠡᠨ ᠲᠠᠢᠪᠤᠭᠤᠬᠠᠨ ᠠᠯᠬᠤᠵᠤ ᠪᠠᠢᠯ᠎ᠠ᠃
     ᠭᠠᠯᠳᠠᠨ ᠤ᠋ ᠳᠡᠷᠭᠡᠳᠡ ᠶᠠᠪᠤᠭᠰᠠᠨ ᠠᠷᠴᠠ ᠪᠠᠭᠠᠲᠤᠷ ᠰᠤᠮᠤ ᠲᠠᠯᠪᠢᠬᠤ ᠶ᠋ᠢ ᠬᠣᠷᠢᠭᠯᠠᠵᠤ᠂
     — ᠢᠷᠪᠢᠰ ᠨᠢᠭᠡ ᠡᠳᠦᠷ ᠡᠷᠭᠢᠭᠡᠳ 
ᠢᠷᠡᠨ᠎ᠡ ᠭᠡᠪᠡ᠃
     — ᠲᠠ ᠶᠠᠭᠠᠬᠢᠵᠤ ᠮᠡᠳᠡᠪᠡ ᠭᠡᠵᠦ ᠠᠷᠴᠠ ᠪᠠᠭᠠᠲᠤᠷ ᠠᠰᠠᠭᠤᠪᠠ᠃
     — ᠨᠠᠮᠠᠶ᠋ᠢ ᠲᠠᠨᠢᠭᠰᠠᠨ ᠤᠴᠢᠷ ᠠ᠋ᠴᠠ ᠪᠤᠴᠠᠭᠠᠳ ᠶᠠᠪᠤᠯ᠎ᠠ ᠰᠢᠦ ᠳᠡ ᠭᠡᠵᠦ ᠭᠠᠯᠳᠠᠨ ᠯᠠᠮᠠ ᠶ᠋ᠢ ᠬᠡᠯᠡᠬᠦ ᠳ᠋ᠦ᠍᠂
     — ᠲᠡᠷᠡ ᠵᠢᠯ ᠦ᠋ᠨ ᠨᠥᠭᠦᠭᠡ ᠢᠷᠪᠢᠰ ᠮᠥᠨ ᠤᠤ? ᠭᠡᠵᠦ ᠠᠷᠴᠠ ᠪᠠᠭᠠᠲᠤᠷ ᠭᠠᠢᠬᠠᠪᠠ᠃
     — ᠮᠥᠨ ᠭᠡᠵᠦ ᠭᠠᠯᠳᠠᠨ ᠯᠠᠮᠠ ᠲᠠᠢᠪᠤᠩ ᠥᠭᠦᠯᠡᠯ᠎ᠡ᠃
     — ᠣᠳᠣ ᠪᠢᠳᠡ ᠬᠠᠮᠢᠭᠠᠰᠢ ᠣᠳᠤᠨ᠎ᠠ ᠭᠡᠵᠦ ᠠᠷᠴᠠ ᠶ᠋ᠢ ᠲᠡᠭᠡᠨᠡᠭᠡᠯᠵᠡᠬᠦ ᠳ᠋ᠦ᠍ ᠭᠠᠯᠳᠠᠨ᠂
     — ᠯᠠᠮᠠ ᠬᠤᠪᠢᠯᠭᠠᠳ ᠤ᠋ᠨ ᠵᠤᠰᠠᠯᠠᠩ ᠳ᠋ᠤ᠌ ᠬᠦᠷᠦᠨ᠎ᠡ ᠭᠡᠯ᠎ᠡ᠃

ᠬᠣᠷᠢᠨ ᠨᠢᠭᠡ

      ᠠᠩ ᠳ᠋ᠤ᠌ ᠮᠣᠷᠳᠠᠭᠰᠠᠳ ᠤ᠋ᠨ ᠴᠤᠭᠯᠠᠭᠠᠨ ᠳᠡᠭᠡᠷ᠎ᠡ ᠣᠴᠢᠬᠤ ᠳ᠋ᠤ᠌ ᠴᠣᠷᠣᠰ ᠣᠪᠣᠭ ᠤ᠋ᠨ ᠠᠬ᠎ᠠ ᠳᠡᠭᠦᠦ ᠭᠠᠯᠳᠠᠨ  ᠢ᠋ ᠲᠣᠭᠣᠷᠢᠨ  ᠪᠦᠴᠢᠵᠦ
     ― ᠴᠡᠴᠡᠨ ᠲᠠᠢᠵᠢ ᠬᠠᠮᠢᠭ᠎ᠠ ᠣᠴᠢᠭᠰᠠᠨ ᠪᠣᠢ? ᠭᠡᠮᠡᠨ ᠰᠢᠯᠭᠠᠪᠠ᠃ ᠭᠡᠲᠡᠯ᠎ᠡ ᠬᠡᠨ ᠨᠢᠭᠡ ᠨᠢ᠂
     ― ᠣᠷᠣᠰ ᠬᠤᠳᠠᠯᠳᠤᠭᠠᠴᠢᠨ ᠤ᠋ ᠪᠦᠷᠬᠦᠬᠡᠷ ᠮᠠᠯᠠᠭᠠᠢ ᠲᠠᠢ ᠡᠬᠡᠨᠡᠷ ᠢ᠋ ᠳᠠᠭᠠᠭᠠᠳ ᠶᠠᠪᠤᠭᠰᠠᠨ ᠭᠡᠪᠡ᠃
     ᠭᠠᠯᠳᠠᠨ ᠲᠡᠮᠳᠡᠭᠯᠡᠯ ᠢ᠋ᠶ᠋ᠡᠨ ᠲᠦᠷ ᠬᠣᠢᠰᠢᠯᠠᠭᠤᠯᠵᠤ ᠪᠣᠳᠣᠯ ᠳ᠋ᠤ᠌ ᠠᠪᠲᠠᠯ᠎ᠠ᠃ ᠴᠡᠴᠡᠨ ᠲᠠᠢᠭᠠᠨ ᠪᠤᠰᠤ ᠤᠤ? ᠡᠰᠡᠬᠦᠯ᠎ᠡ ᠬᠠᠭᠠᠨ ᠠᠬ᠎ᠠ ᠠᠯᠳᠠᠭ᠎ᠠ ᠭᠠᠷᠭᠠᠪᠠ ᠤᠤ? ᠵᠣᠣᠪᠠ ᠲᠠᠢᠭᠠᠨ ᠨᠠᠳᠠ《ᠴᠡᠴᠡᠨ ᠲᠠᠢᠵᠢ ᠶ᠋ᠢᠨ ᠲᠥᠮᠥᠰᠥ ᠶ᠋ᠢ ᠨᠣᠬᠠᠢ ᠠᠮᠠᠨ ᠳ᠋ᠠᠭᠠᠨ ᠬᠦᠯᠬᠦᠵᠦ ᠦᠵᠡᠭᠰᠡᠨ ᠢ᠋ᠶ᠋ᠡᠨ ᠬᠡᠯᠡ ᠪᠡᠷ ᠢ᠋ᠶ᠋ᠡᠨ ᠪᠤᠴᠠᠭᠠᠭᠠᠳ ᠲᠦᠯᠬᠢᠴᠢᠬᠡᠭᠰᠡᠨ᠃ ᠵᠠᠭᠠᠷ ᠠ᠋ᠴᠠ ᠨᠢ ᠪᠣᠯᠤᠭᠠᠳ ᠲᠥᠮᠥᠰᠥ ᠶ᠋ᠢ ᠨᠣᠬᠠᠢ ᠢᠳᠡᠭᠡ ᠦᠭᠡᠢ》 ᠭᠡᠰᠡᠨ᠃ ᠴᠡᠴᠡᠨ ᠲᠠᠢᠵᠢ ᠪᠦᠷᠬᠦᠬᠡᠷ ᠮᠠᠯᠠᠭᠠᠢ ᠲᠠᠢ ᠣᠷᠣᠰ ᠡᠬᠡᠨᠡᠷ ᠳᠠᠭᠠᠭᠠᠳ ᠶᠠᠪᠤᠳᠠᠭ ᠨᠢ ᠶᠠᠭᠤᠨ? ᠦᠨᠡᠨ ᠢ᠋ ᠬᠡᠨ ᠮᠡᠳᠡᠬᠦ ᠪᠢᠯᠡ? ᠰᠡᠩᠭᠡ ᠬᠠᠭᠠᠨ ᠯᠠᠪ ᠮᠡᠳᠡᠨ᠎ᠡ᠃
        ᠭᠠᠯᠳᠠᠨ ᠢᠢᠨ ᠬᠦ᠌ ᠪᠣᠳᠣᠯ ᠳ᠋ᠤ᠌ ᠠᠪᠲᠠᠯ᠎ᠠ᠃
  — ᠬᠠᠭᠠᠨ ᠠᠬ᠎ᠠ ᠲᠠ ᠴᠡᠴᠡᠨ ᠢ᠋ 
ᠥᠷᠥᠰᠢᠶᠡᠵᠡᠢ ᠭᠡᠮᠡᠨ ᠭᠠᠯᠳᠠᠨ ᠲᠡᠭᠦᠨ ᠦ᠌ ᠠᠰᠠᠷ ᠲᠤ᠌ ᠣᠷᠣᠭᠰᠠᠨ ᠬᠣᠢᠨ᠎ᠠ ᠪᠠᠨ ᠲᠤᠯᠭᠠᠵᠤ ᠠᠰᠠᠭᠤᠪᠠ᠃
     — ᠴᠢᠮ᠎ᠠ ᠳ᠋ᠤ᠌ ᠬᠡᠨ ᠬᠡᠯᠡᠪᠡ ᠭᠡᠮᠡᠨ ᠰᠡᠩᠭᠡ ᠬᠠᠭᠠᠨ ᠰᠣᠴᠢᠨ ᠬᠠᠷᠢᠭᠤ ᠠᠰᠠᠭᠤᠯ᠎ᠠ᠃
  — ᠪᠢ ᠮᠡᠳᠡᠭᠰᠡᠨ᠃
  — ᠡᠷ᠎ᠡ ᠬᠥᠮᠦᠨ ᠪᠣᠯᠬᠤ ᠪᠠᠷ ᠨᠢ ᠥᠷᠥᠭᠡᠰᠦᠨ ᠲᠥᠮᠥᠰᠥ ᠲᠡᠢ ᠨᠢ ᠦᠯᠡᠳᠡᠭᠡᠴᠢᠬᠡᠭᠰᠡᠨ ᠶᠦᠮ᠃
  — ᠬᠠᠭᠠᠨ ᠠᠬ᠎ᠠ ᠲᠠ ᠠᠯᠳᠠᠵᠠᠢ᠃
  — ᠪᠢ ᠥᠷᠦᠪᠳᠦᠭᠰᠡᠨ ᠪᠢᠯᠡ᠃
  — ᠬᠣᠭ ᠤ᠋ᠨ ᠤᠷᠭᠤᠮᠠᠯ ᠶᠡᠬᠡᠳᠡᠪᠡᠯ ᠬᠡᠭᠡᠷ᠎ᠡ ᠶ᠋ᠢᠨ ᠨᠣᠭᠣᠭ᠎ᠠ ᠶ᠋ᠢ ᠰᠦᠢᠳᠬᠡᠳᠡᠭ
 ᠶᠦᠮ ᠳᠡ᠃ ᠬᠣᠭ ᠤ᠋ᠨ ᠤᠷᠭᠤᠮᠠᠯ ᠦᠨᠳᠦᠰᠦ ᠦᠭᠡᠢ ᠮᠥᠷᠳᠡᠯ᠎ᠡ ᠪᠡᠨ ᠠᠮᠠᠷᠬᠠᠨ ᠲᠠᠷᠬᠠᠳᠠᠭ ᠪᠤᠰᠤ ᠤᠤ? ᠬᠣᠭ ᠤ᠋ᠨ ᠤᠷᠭᠤᠮᠠᠯ ᠭᠠᠭᠴᠠ ᠬᠣᠷᠭᠣᠯ  ᠢ᠋ ᠬᠦᠷᠲᠡᠯ᠎ᠡ ᠰᠦᠪᠡᠯᠡᠭᠡᠳ ᠤᠷᠭᠤᠳᠠᠭ ᠰᠢᠦ ᠳᠡ᠃
  — ᠴᠡᠴᠡᠨ ᠣᠳᠣ ᠵᠢᠷᠦᠬᠡ ᠦᠭᠡᠢ ᠪᠣᠯᠤᠭᠰᠠᠨ᠃
  — ᠦᠭᠡᠢ᠂ ᠲᠡᠷᠡ ᠠᠷᠢᠶᠠᠲᠠᠨ ᠪᠣᠯᠤᠭᠰᠠᠨ᠃
  —ᠴᠡᠴᠡᠨ ᠡᠴᠡ ᠪᠢ ᠠᠶᠤᠬᠤ ᠦᠭᠡᠢ ᠪᠠᠢᠨ᠎ᠠ᠃
  — ᠳᠤᠲᠠᠭᠤ ᠪᠣᠳᠣᠭᠰᠠᠨ ᠦᠢᠯᠡ ᠠᠯᠳᠠᠭ᠎ᠠ ᠪᠦᠬᠦᠨ ᠦ᠌ ᠡᠬᠢᠯᠡᠯ ᠪᠣᠯᠳᠠᠭ ᠵᠢᠮ᠎ᠡ ᠲᠡᠢ᠃ ᠦᠢᠯᠡ ᠶ᠋ᠢᠨ ᠦᠷ᠎ᠡ ᠠᠶᠠᠨᠳᠠᠭᠠᠨ ᠬᠡᠵᠢᠶ᠎ᠡ ᠨᠢᠭᠡᠨ ᠴᠠᠭ ᠲᠤ᠌ ᠭᠠᠢ ᠲᠠᠷᠢᠵᠤ ᠮᠡᠳᠡᠬᠦ ᠤᠴᠢᠷ ᠠ᠋ᠴᠠ ᠡᠷᠲᠡᠬᠡᠨ ᠲᠠᠰᠤᠯᠬᠤ ᠬᠡᠷᠡᠭᠲᠡᠢ᠃
  — ᠨᠠᠮᠠᠶ᠋ᠢ ᠶᠠᠭᠤᠨ ᠳ᠋ᠤ᠌ ᠵᠢᠮᠡᠯᠡᠪᠡ?
  — ᠲᠠ ᠪᠥᠭᠡᠷᠡᠩᠬᠡᠢ ᠰᠠᠨᠠᠭ᠎ᠠ ᠲᠠᠢ ᠶᠤᠮ᠃
  — ᠨᠠᠳᠠ ᠥᠪᠡᠷ ᠦ᠋ᠨ ᠪᠣᠳᠣᠯ ᠪᠠᠢᠵᠤ ᠪᠣᠯᠬᠤ ᠦᠭᠡᠢ ᠭᠡᠵᠦ ᠤᠤ?
  —ᠥᠩᠭᠡᠷᠡᠭᠰᠡᠨ ᠦ᠌ ᠬᠣᠢᠨ᠎ᠠ ᠠ᠋ᠴᠠ
ᠬᠣᠶᠠᠭᠤᠯᠠ ᠪᠠᠨ ᠠᠮᠠ ᠵᠥᠷᠢᠬᠦ ᠪᠡᠨ ᠬᠢᠴᠢᠶᠡᠶ᠎ᠡ᠃
    ᠰᠡᠩᠭᠡ ᠬᠠᠭᠠᠨ 《ᠡᠨᠡ ᠭᠠᠯᠳᠠᠨ ᠯᠠᠮᠠ ᠪᠤᠷᠬᠠᠨ ᠤ᠋ ᠪᠦᠷᠢᠯᠸ᠎ᠠ ᠮᠥᠷᠲᠡᠯ᠎ᠡ ᠪᠡᠨ ᠶᠠᠮᠠᠷ ᠬᠠᠲᠠᠭᠤ ᠬᠥᠮᠦᠨ ᠪᠣᠢ᠃ ᠭᠠᠯᠳᠠᠨ ᠢ᠋ ᠲᠥᠪᠡᠳ ᠤᠷᠤᠭᠤ ᠶᠠᠭᠠᠷᠠᠨ ᠪᠤᠴᠠᠭᠠᠬᠤ ᠬᠡᠷᠡᠭᠲᠡᠢ᠃ ᠣᠷᠣᠰ ᠤ᠋ᠨ ᠬᠤᠳᠠᠯᠳᠤᠭᠠᠴᠢᠳ ᠲᠤ᠌ ᠮᠥᠨ ᠬᠠᠲᠠᠭᠤᠷᠠᠭᠠᠳ ᠪᠠᠢᠨ᠎ᠠ᠃ ᠣᠷᠣᠰ ᠬᠤᠳᠠᠯᠳᠤᠭᠠᠴᠢᠳ ᠲᠠᠲᠠᠪᠤᠷᠢ ᠬᠥᠯᠥᠰᠥ ᠡᠴᠡ ᠵᠢᠭᠤᠲᠠᠭᠰᠠᠨ᠃ ᠨᠠᠮᠠᠶ᠋ᠢ ᠬᠡᠯᠡᠭᠰᠡᠭᠡᠷ ᠪᠠᠢᠲᠠᠯ᠎ᠠ ᠭᠠᠯᠳᠠᠨ ᠬᠤᠳᠠᠯᠳᠤᠭᠠᠴᠢᠳ ᠢ᠋ ᠠᠯᠪᠠ ᠭᠤᠪᠴᠢᠭᠤᠷ ᠢ᠋ᠶ᠋ᠠᠷ ᠳᠠᠷᠤᠮᠲᠠᠯᠠᠵᠤ ᠪᠠᠢᠨ᠎ᠠ᠃ ᠭᠠᠯᠳᠠᠨ ᠡᠭᠦᠨ ᠡᠴᠡ ᠬᠣᠢᠰᠢ ᠨᠣᠮ ᠤ᠋ᠨ
ᠮᠥᠷ ᠢ᠋ᠶ᠋ᠡᠨ ᠬᠥᠭᠡᠭᠡᠪᠡᠯ ᠲᠠᠭᠠᠷᠠᠨ᠎ᠠ》 ᠭᠡᠵᠦ ᠰᠡᠳᠬᠢᠨ ᠪᠣᠳᠣᠯ᠎ᠠ᠃
     ᠡᠨᠡ ᠦᠶ᠎ᠡ ᠳ᠋ᠦ᠍ ᠲᠤᠩᠭᠠᠯᠠᠭ ᠪᠤᠯᠠᠭ᠂ᠬᠠᠷᠠᠵᠠ ᠤᠰᠤᠨ ᠤ᠋ ᠣᠢᠷᠠᠯᠴᠠᠭ᠎ᠠ ᠵᠠᠳᠠᠭᠠᠢ ᠭᠠᠯ ᠥᠷᠲᠥᠵᠡᠢ᠃ ᠭᠠᠯ ᠳ᠋ᠤ᠌ ᠮᠢᠬ᠎ᠠ ᠰᠢᠷᠠᠵᠤ ᠢᠳᠡᠵᠡᠭᠡᠨ᠎ᠡ᠃ ᠠᠪᠠ ᠬᠣᠮᠣᠷᠭᠠᠨ ᠳ᠋ᠤ᠌ ᠬᠡᠢᠮᠣᠷᠢ ᠨᠢ ᠰᠡᠷᠭᠦᠭᠰᠡᠨ ᠠᠬ᠎ᠠ ᠳᠡᠭᠦᠦ ᠨᠠᠷ ᠢᠨᠢᠶᠡᠳᠦ ᠬᠥᠷ ᠲᠡᠢ ᠪᠠᠢᠯ᠎ᠠ᠃ ᠵᠠᠪᠠᠵᠢᠨ ᠠ᠋ᠴᠠ ᠪᠠᠨ ᠨᠠᠷᠢᠬᠠᠨ ᠰᠠᠬᠠᠯ ᠤᠷᠭᠤᠭᠤᠯᠤᠭᠰᠠᠨ ᠰᠡᠪᠳᠡᠨᠵᠡᠯ 
ᠲᠡᠳᠡᠨ ᠦ᠌ ᠬᠢᠨ ᠦ᠌ ᠳᠠᠭᠤᠳᠠᠯᠭ᠎ᠠ ᠪᠠᠷ ᠢᠷᠡᠵᠡᠢ᠃ ᠮᠣᠷᠢᠳ ᠤ᠋ᠨ ᠡᠮᠡᠭᠡᠯ ᠲᠣᠨᠣᠭᠯᠠᠯ᠂ ᠳᠠᠭᠠᠭᠤᠯᠢ ᠴᠡᠷᠢᠭ ᠦ᠋ᠳ ᠦ᠋ᠨ ᠵᠢᠰᠦ ᠴᠢᠷᠠᠢ ᠥᠩᠭᠡᠯᠢᠭ ᠠᠵᠢ᠃
      ᠵᠠᠳᠠᠭᠠᠢ ᠭᠠᠯ ᠢ᠋ ᠲᠣᠭᠣᠷᠢᠭᠠᠳ ᠥᠨᠳᠥᠷ ᠮᠥᠷᠭᠥᠴᠡᠭ ᠪᠠᠢᠬᠤ ᠪᠥᠭᠡᠳ ᠳᠠᠷᠠᠰᠤ ᠪᠢᠲᠡᠭᠦᠦ ᠤᠷᠭᠤᠭᠰᠠᠨ ᠪᠠᠶᠠᠨ ᠪᠦᠷᠢᠳᠦ ᠪᠣᠯᠠᠢ᠃ ᠭᠠᠯᠳᠠᠨ ᠡᠩ ᠦ᠋ᠨ ᠠᠷᠠᠳ ᠮᠠᠶᠢᠭ ᠢ᠋ᠶ᠋ᠠᠷ ᠰᠢᠷ᠎ᠠ ᠳᠡᠪᠡᠯ ᠡᠮᠦᠰᠴᠦ᠂
ᠶᠡᠦᠳᠡᠨ ᠮᠠᠯᠠᠭᠠᠢ ᠮᠥᠷᠥ ᠪᠡᠨ ᠬᠠᠯᠠᠭᠯᠠᠨ ᠲᠠᠯᠪᠢᠵᠤ᠂ ᠮᠠᠯᠠᠭᠠᠢ ᠶ᠋ᠢᠨ ᠪᠦᠴᠡ ᠶ᠋ᠢ 
ᠵᠠᠩᠭᠢᠳᠴᠤ ᠤᠨᠵᠢᠭᠤᠯᠤᠭᠰᠠᠨ ᠠᠭᠠᠳ ᠬᠢᠲᠤᠭ᠎ᠠ ᠮᠡᠰᠡ᠂ ᠨᠤᠮᠤ ᠰᠤᠮᠤ ᠦᠭᠡᠢ ᠠᠵᠢ᠃
      — ᠬᠤᠳᠠᠯᠳᠤᠭ᠎ᠠ ᠬᠢᠬᠦ ᠶ᠋ᠢ ᠪᠢ ᠴᠢᠯᠥᠭᠡᠲᠡᠢ ᠪᠣᠯᠭᠠᠭᠰᠠᠨ ᠶᠤᠮ᠃ ᠣᠷᠣᠰ᠂ ᠬᠢᠲᠠᠳ᠂ ᠲᠥᠪᠡᠳ᠂ ᠮᠠᠨᠵᠤ ᠶ᠋ᠢᠨ ᠲᠥᠯᠥᠭᠡᠨ ᠦ᠌ ᠡᠯᠴᠢ ᠨᠠᠷ ᠥᠷᠲᠡᠭᠡ ᠤᠯᠠᠭ᠎ᠠ ᠪᠠᠷ ᠵᠠᠷ ᠦᠭᠡᠢ ᠨᠡᠪᠲᠡᠷᠡᠵᠦ ᠪᠠᠢᠭ᠎ᠠ ᠭᠡᠮᠡᠨ ᠰᠦᠷ ᠬᠦᠴᠦᠨ ᠳ᠋ᠡᠭᠡᠨ ᠪᠠᠬᠠᠷᠬᠠᠬᠤ ᠠᠶᠠᠰ ᠲᠠᠢ ᠰᠡᠩᠭᠡ ᠬᠠᠭᠠᠨ ᠥᠭᠦᠯᠡᠪᠡ᠃
      — ᠲᠠᠲᠠᠪᠤᠷᠢ ᠭᠤᠪᠴᠢᠭᠤᠷ ᠠᠪᠬᠤ ᠬᠡᠷᠡᠭᠲᠡᠢ ᠭᠡᠮᠡᠨ ᠠᠬ᠎ᠠ ᠳᠡᠭᠦᠤᠰ ᠤ᠋ᠨ ᠳᠤᠮᠳᠠ ᠭᠠᠯᠳᠠᠨ ᠦᠭᠡ ᠴᠢᠯᠠᠭᠤᠳᠠᠪᠠ᠃ 
      — ᠪᠣᠭᠣᠮᠲᠠ ᠪᠠᠷ ᠨᠡᠪᠲᠡᠷᠡᠬᠦ ᠳ᠋ᠡᠭᠡᠨ ᠫᠢᠶᠣᠣ ᠪᠢᠴᠢᠭ ᠠᠪᠴᠤ ᠲᠠᠲᠠᠪᠤᠷᠢ ᠲᠥᠯᠥᠵᠦ ᠪᠠᠢᠭ᠎ᠠ᠃ ᠵᠠᠷᠢᠮ ᠨᠢ ᠬᠠᠷᠠᠭᠤᠯ ᠤ᠋ᠨ ᠪᠣᠭᠣᠮᠲᠠ ᠪᠠᠷ ᠪᠢᠰᠢ ᠥᠭᠡᠷ᠎ᠡ ᠭᠠᠵᠠᠷ ᠢ᠋ᠶ᠋ᠠᠷ ᠨᠡᠪᠲᠡᠷᠡᠵᠦ ᠵᠡᠭᠦᠨᠭᠠᠷ ᠤ᠋ᠨ ᠬᠠᠭᠠᠨ ᠤ᠋ ᠴᠠᠭᠠᠵᠠ ᠶ᠋ᠢ ᠵᠥᠷᠢᠴᠡᠳᠡᠭ᠃ ᠬᠠᠭᠠᠨ ᠴᠠᠭᠠᠵᠠ ᠪᠣᠯ ᠨᠢᠭᠡ ᠡᠳᠦᠷ ᠢᠯᠡᠳᠲᠡ ᠪᠣᠯᠤᠨ ᠲᠡᠳᠡᠨ ᠦ᠌ ᠲᠣᠯᠣᠭᠠᠢ ᠳᠡᠭᠡᠷ᠎ᠡ ᠪᠠᠭᠤᠬᠤ ᠶᠣᠰᠣᠲᠠᠢ ᠪᠤᠰᠤ ᠤᠤ? ᠭᠡᠮᠡᠨ ᠰᠡᠩᠭᠡ ᠠᠬ᠎ᠠ ᠳᠡᠭᠦᠤᠰ ᠤ᠋ᠨ ᠨᠢᠳᠦ ᠶ᠋ᠢ ᠬᠠᠷᠠᠵᠤ ᠬᠠᠲᠠᠭᠤᠬᠠᠨ ᠥᠭᠦᠯᠡᠪᠡ᠃
     ᠬᠠᠭᠠᠨ ᠰᠡᠩᠭᠡ ᠶ᠋ᠢᠨ ᠡᠨᠡ ᠬᠠᠲᠠᠭᠤ ᠦᠭᠡ ᠰᠡᠪᠳᠡᠨᠵᠡᠯ ᠦ᠋ᠨ ᠵᠢᠷᠦᠬᠡᠨ ᠳ᠋ᠦ᠍ ᠰᠢᠪᠡᠪᠡ᠃ ᠰᠡᠪᠳᠡᠨᠵᠡᠯ ᠦ᠋ᠨ ᠪᠡᠶ᠎ᠡ ᠳᠠᠭᠠᠭᠠᠬᠤ ᠭᠡᠰᠡᠨ ᠬᠣᠮᠣᠬᠠᠢ ᠪᠣᠳᠣᠯ ᠳ᠋ᠤ᠌ ᠰᠡᠩᠭᠡ ᠬᠠᠭᠠᠨ ᠢᠯᠡᠳᠲᠡ ᠳᠤᠷ᠎ᠠ ᠦᠭᠡᠢ ᠪᠢᠯᠡ᠃ ᠮᠥᠨ ᠭᠠᠯᠳᠠᠨ ᠯᠠᠮᠠ᠂ ᠡᠴᠢᠭᠡ ᠶ᠋ᠢᠨ ᠢ᠋ᠶ᠋ᠡᠨ ᠬᠤᠷᠢᠶᠠᠵᠤ ᠬᠤᠮᠢᠭᠰᠠᠨ ᠨᠤᠲᠤᠭ ᠤᠰᠤ ᠶ᠋ᠢ ᠪᠤᠰᠤᠳ ᠤ᠋ᠨ ᠬᠥᠯ ᠢ᠋ᠶ᠋ᠡᠷ ᠭᠢᠰᠬᠢᠭᠦᠯᠵᠦ ᠳᠠᠯᠠᠬᠠᠭᠣᠯᠵᠦ ᠲᠡᠳᠡᠨ ᠦ᠌ ᠮᠠᠯ ᠤ᠋ᠨ ᠪᠡᠯᠴᠢᠭᠡᠷ ᠪᠣᠯᠭᠠᠬᠤ ᠦᠭᠡᠢ ᠶᠤᠮᠰᠠᠨ ᠬᠡᠮᠡᠬᠦ ᠬᠠᠲᠠᠭᠤ ᠰᠠᠨᠠᠭ᠎ᠠ ᠲᠠᠢ ᠪᠠᠢᠪᠠ᠃ ᠪᠠᠷᠢᠭᠳᠠᠵᠤ ᠠᠯᠠᠭᠤᠯᠤᠭᠰᠠᠨ ᠣᠷᠣᠰ ᠬᠤᠳᠠᠯᠳᠤᠭᠠᠴᠢᠨ ᠢ᠋ ᠰᠡᠪᠳᠡᠨᠵᠡᠯ ᠳᠠᠭᠠᠭᠤᠯᠵᠤ ᠶᠠᠪᠤᠭᠠᠳ ᠵᠢᠭᠤᠲᠠᠭᠰᠠᠨ ᠪᠢᠯᠡ᠃
      ᠵᠠᠳᠠᠭᠠᠢ ᠭᠠᠯ ᠤ᠋ᠨ ᠪᠢᠯᠢᠭ ᠤᠯᠠᠭᠠᠨ ᠭᠠᠯ ᠠᠬ᠎ᠠ ᠳᠡᠭᠦᠦ ᠨᠠᠷ ᠤ᠋ᠨ ᠬᠤᠪᠴᠠᠰᠤ ᠪᠣᠯᠤᠨ ᠨᠢᠭᠤᠷ ᠴᠢᠷᠠᠢ ᠶ᠋ᠢ ᠬᠠᠶᠠ ᠰᠡᠭᠦᠳᠡᠷᠳᠡᠭᠦᠯᠵᠥ ᠂ ᠬᠠᠶᠠ ᠭᠡᠷᠡᠯᠲᠦᠭᠦᠯᠦᠨ ᠪᠠᠢᠨ᠎ᠠ᠃ ᠤᠳᠠᠭᠠᠨ ᠰᠠᠭᠤᠵᠤ ᠬᠥᠭᠡᠷᠦᠯᠳᠦᠨ ᠶᠠᠷᠢᠵᠤ ᠪᠣᠢ 
ᠡᠷᠳᠡᠨᠢᠪᠠᠭᠠᠲᠤᠷ ᠬᠣᠩ ᠲᠠᠢᠵᠢ ᠶ᠋ᠢᠨ 
ᠬᠥᠪᠡᠭᠦᠳ ᠦ᠋ᠨ ᠴᠠᠭᠠᠨ᠎ᠠ ᠳᠠᠭᠠᠭᠤᠯᠢ ᠴᠡᠷᠢᠭ ᠦ᠋ᠳ ᠭᠠᠯ ᠲᠦᠯᠡᠵᠦ᠂ ᠮᠢᠬ᠎ᠠ ᠰᠢᠷᠠᠵᠤ ᠢᠳᠡᠵᠡᠭᠡᠨ ᠫᠡᠷ ᠫᠡᠷ ᠬᠥᠭᠡᠷᠦᠯᠳᠦᠵᠦ ᠪᠥᠯᠥᠭᠡ᠃
    ᠭᠠᠯ ᠤ᠋ᠨ ᠳᠡᠷᠭᠡᠳᠡ ᠪᠡᠶ᠎ᠡ ᠪᠡᠨ ᠲᠥᠭᠡᠨᠡᠨ᠂ ᠦᠬᠡᠭᠦᠰᠢᠯᠡᠨ ᠰᠠᠭᠤᠬᠤ ᠠᠬᠤᠢ ᠳ᠋ᠤ᠌ ᠰᠠᠪᠳᠠᠨᠵᠠᠯ ᠣᠭᠲᠣᠬᠠᠨ ᠦᠯᠦ ᠳᠤᠤᠭᠠᠷᠬᠤ ᠪᠥᠭᠡᠳ ᠬᠠᠶᠠ ᠵᠠᠯᠢᠵᠢᠨ ᠢᠨᠢᠶᠡᠮᠰᠦᠭᠯᠡᠵᠦ ᠪᠠᠢᠯ᠎ᠠ᠃ ᠰᠠᠪᠳᠠᠨᠵᠠᠯ
ᠭᠠᠯ ᠤ᠋ᠨ ᠳᠥᠯᠥ ᠳ᠋ᠦ᠍ ᠰᠡᠭᠦᠳᠡᠷᠳᠡᠬᠦ ᠴᠡᠴᠡᠨ ᠲᠠᠢᠵᠢ ᠤᠷᠤᠭᠤ ᠨᠢᠳᠦ ᠢᠷᠮᠡᠪᠡ᠃ ᠴᠡᠴᠡᠨ ᠲᠠᠢᠵᠢ ᠶ᠋ᠢᠨ ᠳᠡᠷᠡᠰᠦᠨ ᠳ᠋ᠦ᠍ ᠬᠠᠯᠠᠮᠴᠠᠵᠤ ᠤᠯᠠᠢᠭᠰᠠᠨ ᠴᠢᠷᠠᠢ ᠳ᠋ᠤ᠌ ᠲᠡᠯᠴᠢᠯᠡᠭᠰᠡᠨ ᠵᠠᠨᠤᠯ ᠭᠦᠶᠦᠭᠡᠳ ᠥᠩᠭᠡᠷᠡᠬᠦ ᠳ᠋ᠦ᠍ ᠲᠡᠷᠡ ᠪᠡᠷ ᠬᠣᠭᠣᠯᠠᠢ ᠵᠠᠰᠠᠪᠠ᠃
         — ᠪᠢᠳᠡᠨ ᠦ᠌ ᠥᠩᠭᠡᠨ ᠳᠡᠭᠡᠷ᠎ᠡ ᠵᠡᠭᠦᠨᠭᠠᠷ ᠤ᠋ᠨ ᠬᠠᠭᠠᠨᠲᠤ ᠤᠯᠤᠰ ᠮᠠᠨᠳᠤᠨ ᠪᠠᠳᠠᠷᠠᠨ᠎ᠠ᠃ ᠲᠡᠢᠮᠦ ᠤᠤ? ᠭᠡᠮᠡᠨ ᠴᠡᠴᠡᠨ ᠲᠠᠯ᠎ᠠ ᠵᠠᠰᠠᠬᠤ ᠮᠠᠶᠢᠭ ᠢ᠋ᠶ᠋ᠠᠷ ᠬᠡᠯᠡᠬᠦ ᠳ᠋ᠦ᠍ ᠴᠠᠭᠠᠨ᠎ᠠ ᠨᠢ ᠬᠣᠷᠣᠰᠤᠯ ᠢᠯᠡᠳᠲᠡ ᠮᠡᠳᠡᠷᠡᠭᠳᠡᠵᠦ ᠪᠠᠢᠯ᠎ᠠ᠃ ᠰᠡᠩᠭᠡ ᠵᠤᠵᠠᠭᠠᠨ ᠣᠯᠪᠣᠭ  ᠲᠤ ᠪᠡᠶ᠎ᠡ ᠪᠡᠨ ᠲᠤᠬᠠᠯᠠᠨ《ᠪᠢᠳᠡᠨ ᠦ᠌ ᠥᠩᠭᠡᠨ ᠳᠡᠭᠡᠷ᠎ᠡ ᠭᠡᠨ᠎ᠡ ᠠ᠋ ᠁ ᠪᠢᠳᠡᠨ ᠦ᠌ ᠭᠡᠨ᠎ᠡ ᠤᠤ? ᠪᠢᠳᠡ ᠪᠢᠰᠢ᠁ ᠬᠠᠭᠠᠨ ᠰᠡᠩᠭᠡ ᠶ᠋ᠢᠨ ᠥᠩᠭᠡ᠁ 
ᠵᠡᠭᠦᠨᠭᠠᠷ ᠤ᠋ᠨ ᠬᠠᠭᠠᠨᠲᠤ ᠤᠯᠤᠰ ᠤ᠋ᠳ ᠢ᠋ ᠬᠡᠳᠦᠨ ᠲᠣᠯᠣᠭᠠᠢ ᠲᠡᠢ ᠪᠠᠢᠯᠭᠠᠬᠤ ᠭᠡᠪᠡᠯ ᠴᠡᠴᠡᠨ ᠠᠬ᠎ᠠ ᠶ᠋ᠢᠨ ᠰᠠᠨᠠᠭ᠎ᠠ ᠪᠦᠲᠦᠬᠦ ᠦᠭᠡᠢ ᠪᠢᠵᠡ᠃ ᠥᠷᠥᠭᠡᠰᠦᠨ ᠵᠠᠰᠠᠭ᠎ᠠ ᠲᠠᠢ ᠦᠯᠡᠳᠡᠭᠰᠡᠨ ᠡᠨᠡ ᠡᠷ᠎ᠡ ᠦᠮᠡᠬᠡᠢ ᠪᠡᠨ ᠲᠠᠯᠪᠢᠬᠤ ᠦᠭᠡᠢ ᠨᠢ ᠪᠣᠯᠤᠯᠲᠠᠢ᠃ ᠦᠷᠦ ᠡᠪᠡᠳᠬᠦ ᠪᠡᠷ ᠦᠷᠦ ᠤᠷᠤᠭᠤ ᠢᠰᠬᠦᠯᠦᠨ᠎ᠡ ᠭᠡᠳᠡᠭ ᠦᠨᠡᠨ ᠶᠦᠮ᠃ ᠴᠢᠮᠠᠶ᠋ᠢ ᠲᠣᠯᠣᠭᠠᠢ ᠦᠭᠡᠢ ᠪᠣᠯᠭᠠᠭᠰᠠᠨ ᠴᠤ᠌ ᠪᠢ ᠴᠢᠳᠠᠨ᠎ᠠ》 ᠭᠡᠵᠦ ᠰᠢᠵᠠᠭᠤᠷ ᠵᠠᠭᠤᠨ ᠪᠣᠳᠣᠭᠠᠳ᠂
           — ᠴᠥᠮ ᠢ᠋ᠶ᠋ᠡᠷ ᠢ᠋ᠶ᠋ᠡᠨ ᠨᠢᠭᠡ ᠠᠭᠠᠷ ᠢ᠋ᠶ᠋ᠠᠷ ᠠᠮᠢᠰᠬᠤᠯᠯᠠᠬᠤ ᠲᠠᠭᠠᠲᠠᠢ ᠪᠠᠢᠨ᠎ᠠ ᠰᠢᠦ ᠭᠡᠵᠦ ᠴᠡᠴᠡᠨ ᠲᠠᠢᠵᠢ ᠳ᠋ᠤ᠌ ᠬᠠᠷᠢᠭᠤ ᠪᠠᠷᠢᠪᠠ᠃ ᠴᠡᠴᠡᠨ ᠦ᠌ ᠳᠣᠲᠣᠷ᠎ᠠ ᠰᠢᠲᠠᠵᠤ《ᠵᠣᠣᠪᠠ ᠲᠠᠢᠭᠠᠨ ᠨᠠᠳᠠ ᠬᠠᠯᠳᠠᠭᠰᠠᠨ ᠨᠢ ᠶᠠᠭᠠᠬᠢᠪᠠᠴᠤ ᠲᠡᠭᠦᠨ ᠦ᠌ ᠰᠠᠨᠠᠭ᠎ᠠ ᠪᠢᠰᠢ᠃ ᠡᠨᠡ ᠰᠡᠩᠭᠡ᠂ ᠭᠠᠯᠳᠠᠨ ᠬᠣᠶᠠᠭᠤᠯᠠ ᠶ᠋ᠢᠨ 
ᠶᠠᠪᠤᠭᠤᠯᠤᠯᠭ᠎ᠠ᠃ ᠭᠠᠯᠳᠠᠨ ᠨᠤᠲᠤᠭ ᠲᠠᠭᠠᠨ
ᠢᠷᠡᠭᠰᠡᠨ ᠢ᠋ᠶ᠋ᠡᠷ ᠣᠯᠠᠨ ᠤ᠋ ᠰᠡᠳᠬᠢᠯ ᠢ᠋ ᠥᠪᠡᠷ 
ᠲᠡᠭᠡᠨ ᠲᠠᠲᠠᠵᠤ᠂ ᠬᠠᠭᠠᠨ ᠤ᠋ ᠭᠣᠯᠣᠮᠲᠠ ᠶ᠋ᠢ 
ᠴᠡᠪᠡᠷᠯᠡᠵᠦ ᠪᠠᠢᠨ᠎ᠠ᠃ ᠭᠠᠯᠳᠠᠨ ᠯᠠᠮᠠ ᠴᠤ  ᠯᠤᠤᠰ
ᠰᠠᠪᠳᠠᠭ ᠢ᠋ ᠠᠷᠭᠠᠳᠠᠵᠤ᠂ ᠲᠡᠭᠷᠢ ᠭᠠᠵᠠᠷ ᠊ᠢ ᠲᠠᠢᠳᠬᠤᠷᠠᠭᠤᠯᠬᠤ ᠪᠤᠷᠬᠠᠨ ᠤ᠋ 
ᠡᠷᠳᠡᠮ ᠳ᠋ᠦ᠍ ᠰᠤᠷᠤᠯᠴᠠᠵᠠᠢ᠃ ᠡᠨᠡ ᠬᠣᠶᠠᠷ ᠰᠠᠯᠤᠩᠭᠢᠳᠠ ᠪᠠᠢᠪᠠᠯ ᠰᠠᠢᠨ ᠰᠠᠨ᠃ ᠬᠣᠶᠠᠭᠤᠯᠠ ᠪᠠᠨ ᠨᠡᠢᠯᠡᠬᠦ ᠪᠡᠷ ᠳᠡᠢᠯᠦᠭᠳᠡᠰᠢ ᠦᠭᠡᠢ ᠨᠢ》 ᠭᠡᠮᠡᠨ ᠪᠣᠳᠣᠬᠤ ᠵᠠᠭᠤᠷ᠎ᠠ᠂
     — ᠵᠡᠭᠦᠨᠭᠠᠷ  ᠤ᠋ᠨ ᠬᠠᠭᠠᠨᠲᠤ ᠤᠯᠤᠰ ᠤ᠋ᠨ ᠲᠥᠯᠥᠭᠡ ᠪᠢ ᠵᠢᠳᠬᠦᠨ᠎ᠡ ᠭᠡᠵᠦ ᠲᠦᠢᠪᠡᠭᠦᠯᠦᠨ ᠥᠩᠭᠡᠷᠡᠬᠦ ᠶ᠋ᠢ ᠬᠢᠴᠢᠶᠡᠪᠡ᠃
     ᠵᠤᠳᠪᠠᠪᠠᠭᠠᠲᠤᠷ ᠡᠨᠡ ᠦᠶ᠎ᠡ ᠳ᠋ᠦ᠍ ᠴᠡᠴᠡᠨ ᠲᠠᠢᠵᠢ ᠲᠡᠢᠰᠢ ᠴᠡᠬᠡᠯᠵᠡᠨ ᠬᠠᠷᠠᠭᠠᠳ《ᠴᠡᠴᠡᠨ ᠠᠬ᠎ᠠ ᠶ᠋ᠢᠨ ᠭᠤᠢᠪᠠᠮᠠᠬᠠᠢ ᠵᠠᠩ ᠢ᠋ ᠶᠠᠭᠠᠬᠢᠨ᠎ᠠ ᠳᠠ》 ᠭᠡᠵᠦ ᠴᠢᠬᠤᠯᠳᠠᠭᠠᠳ᠂
     — ᠠᠬ᠎ᠠ ᠳᠡᠭᠦᠦ ᠪᠢᠳᠡᠨᠦᠰ ᠨᠢᠭᠡ ᠠᠳᠬᠤᠨ ᠳ᠋ᠤ᠌ ᠪᠠᠢᠭ᠎ᠠ ᠱᠠᠭ᠎ᠠ ᠪᠤᠰᠤ ᠤᠤ? ᠶᠠᠭᠠᠬᠢᠵᠤ ᠪᠣᠯᠭᠣᠭᠠᠬᠤ ᠪᠠᠨ ᠬᠠᠭᠠᠨ ᠲᠠ ᠥᠪᠡᠷ ᠢ᠋ᠶ᠋ᠡᠨ ᠮᠡᠳᠡᠨ᠎ᠡ ᠪᠣᠢ ᠵ᠎ᠠ᠃ ᠳᠥᠷᠪᠡᠨ ᠣᠢᠷᠠᠳ ᠤ᠋ᠨ ᠨᠡᠭᠦᠳᠡᠯᠴᠢᠳ ᠬᠠᠯᠢᠮᠠᠭ ᠠ᠋ᠴᠠ᠂ ᠲᠦᠷᠺ ᠡᠴᠡ᠂ ᠬᠥᠬᠡᠨᠠᠭᠤᠷ ᠠ᠋ᠴᠠ ᠢᠷᠡᠭᠰᠡᠭᠡᠷ ᠪᠠᠢᠨ᠎ᠠ᠃ ᠮᠠᠨ ᠤ᠋ ᠬᠠᠯᠬᠠᠴᠤᠳ ᠡᠯᠢᠭᠡ ᠨᠢᠭᠡᠲᠡᠨ ᠢ᠋ᠶ᠋ᠡᠨ ᠲᠦᠰᠢᠬᠦ ᠶ᠋ᠢ ᠬᠡᠨ ᠪᠠᠢᠭ ᠭᠡᠬᠦᠪ᠃ ᠬᠡᠷᠪᠡ ᠣᠢᠷᠠᠳ᠂ ᠬᠠᠯᠬ᠎ᠠ ᠬᠣᠶᠠᠷ ᠬᠠᠨᠠᠲᠤ ᠭᠡᠷ ᠲᠡᠭᠡᠨ ᠴᠣᠭ ᠠᠮᠢᠳᠤᠷᠠᠬᠤ ᠴᠠᠭ ᠢᠷᠡᠪᠡᠯ ᠪᠢ ᠯᠠᠪ ᠳᠤᠷᠠᠲᠠᠢ ᠪᠠᠢᠨ᠎ᠠ ᠭᠡᠵᠦ ᠵᠠᠭᠤᠨ ᠳᠡᠮᠵᠢᠵᠦ ᠬᠣᠯᠠᠳᠴᠤ ᠣᠳᠤᠭᠰᠠᠨ ᠠᠬ᠎ᠠ ᠳᠡᠭᠦᠦ ᠪᠡᠨ ᠳᠤᠷᠠᠰᠬᠤ ᠮᠡᠲᠦ ᠭᠤᠨᠢᠭ ᠲᠠᠢ ᠪᠠᠷ ᠥᠭᠦᠯᠡᠬᠦ ᠳᠦ ᠬᠠᠭᠠᠨ ᠠᠰᠠᠷ ᠲᠤ ᠴᠢᠮᠡᠭᠡ ᠨᠠᠮᠳᠠᠵᠤ ᠬᠦᠯᠢᠶᠡᠯᠲᠡ ᠡᠭᠦᠰᠦᠯ᠎ᠡ᠃ ᠲᠡᠳᠡ ᠨᠢᠭᠡᠳᠴᠦ ᠠᠮᠢᠳᠤᠷᠠᠬᠤ ᠶ᠋ᠢ ᠬᠦᠯᠢᠶᠡᠭᠰᠡᠭᠡᠷ ᠳᠥᠷᠪᠡᠨ ᠵᠠᠭᠤᠨ ᠢ᠋ ᠥᠷᠲᠡᠭᠡᠯᠡᠭᠰᠡᠨ ᠲᠩᠷᠢᠯᠢᠭ ᠡᠪᠦᠭᠡᠳ ᠦ᠋ᠨ ᠢ᠋ᠶ᠋ᠡᠨ ᠰᠠᠨᠠᠭ᠎ᠠ ᠶ᠋ᠢ ᠭᠦᠢᠴᠡᠭᠡᠵᠦ᠂ᠦᠢᠯᠡᠰ ᠢ᠋ ᠦᠷᠭᠦᠯᠵᠢᠯᠡᠭᠦᠯᠬᠦ ᠶ᠋ᠢ ᠬᠦᠰᠡᠵᠦ ᠪᠠᠢᠯ᠎ᠠ᠃ ᠳᠥᠷᠪᠡᠨ ᠣᠢᠷᠠᠳ ᠤ᠋ᠨ ᠭᠠᠯ ᠳ᠋ᠤ᠌ ᠴᠤᠴᠠᠯᠢ ᠨᠡᠮᠡᠵᠦ ᠶᠠᠪᠤᠭ᠎ᠠ ᠶᠠᠰᠤᠨ ᠤ᠋ ᠦᠶ᠎ᠡ ᠨᠤᠭᠦᠳ ᠨᠢᠭᠡᠨ ᠦ᠌ ᠪᠡᠨ ᠳᠡᠭᠡᠷ᠎ᠡ ᠭᠠᠷᠬᠤ ᠶ᠋ᠢ ᠰᠠᠨᠠᠭᠠᠷᠬᠠᠨ ᠲᠡᠮᠡᠴᠡᠯᠳᠦᠭᠰᠡᠭᠡᠷ ᠪᠠᠢᠯ᠎ᠠ᠃
     ᠭᠠᠯ ᠤ᠋ᠨ ᠰᠢᠩᠬᠤᠨ ᠤᠯᠠᠭᠠᠨ ᠳᠥᠯᠥ ᠵᠤᠳᠪᠠᠪᠠᠭᠠᠲᠤᠷ ᠤ᠋ᠨ ᠨᠢᠭᠤᠷ ᠢ᠋ ᠳᠣᠯᠢᠶᠠᠬᠤ ᠳ᠋ᠤ᠌ ᠲᠡᠭᠦᠨ ᠦ᠌ ᠵᠡᠷᠭᠡᠴᠡᠭᠡ ᠰᠠᠭᠤᠭ᠎ᠠ ᠴᠡᠴᠡᠨ ᠲᠠᠢᠵᠢ ᠳᠡᠰ ᠬᠠᠷ᠎ᠠ ᠦᠵᠡᠭᠳᠡᠨ᠎ᠡ᠃ᠬᠠᠭᠠᠨ ᠤ᠋ ᠬᠡᠭᠡᠷ᠎ᠡ ᠶ᠋ᠢᠨ ᠠᠰᠠᠷ  ᠲᠤ ᠠᠰᠠᠭᠠᠭᠰᠠᠨ ᠭᠠᠯ ᠨᠢ ᠴᠣᠷᠭᠢᠷᠠᠭᠰᠠᠭᠠᠷ ᠤᠯᠠᠭᠠᠨ ᠥᠩᠭᠡ ᠪᠡᠷ ᠰᠡᠭᠦᠳᠡᠷᠲᠡᠭᠦᠯᠵᠦ ᠪᠠᠢᠯ᠎ᠠ᠃ ᠰᠡᠩᠭᠡ ᠬᠠᠭᠠᠨ᠂
     — ᠬᠠᠯᠬ᠎ᠠ ᠶ᠋ᠢ ᠪᠢ ᠮᠥᠷᠥᠭᠡᠳᠬᠦ ᠦᠭᠡᠢ᠃ ᠲᠡᠳᠡ ᠪᠢᠳᠡ ᠯᠤᠭ᠎ᠠ ᠠᠳᠠᠯᠢ ᠮᠣᠩᠭᠣᠯᠴᠤᠳ᠃ ᠬᠠᠷᠢᠨ ᠪᠢ ᠴᠢᠩᠭᠢᠰ ᠬᠠᠭᠠᠨ ᠤ᠋ ᠶᠡᠬᠡ ᠮᠣᠩᠭᠣᠯ ᠤᠯᠤᠰ ᠢ᠋ ᠪᠠᠢᠭᠤᠯᠤᠮᠠᠷ ᠪᠠᠢᠨ᠎ᠠ ᠭᠡᠬᠦ ᠳ᠋ᠦ᠍ ᠭᠠᠯᠳᠠᠨ ᠯᠠᠮᠠ᠂ 
     — ᠠᠬ᠎ᠠ ᠬᠠᠭᠠᠨ ᠢ᠋ ᠪᠢ ᠳᠡᠮᠵᠢᠨ᠎ᠡ᠃ ᠶᠡᠬᠡ ᠮᠣᠩᠭᠣᠯ ᠤᠯᠤᠰ ᠡᠳᠦᠭᠡ ᠳᠡᠭᠡᠳᠦ ᠮᠣᠩᠭᠣᠯᠴᠤᠳ ᠭᠡᠰᠡᠨ ᠨᠡᠷ᠎ᠡ ᠡᠴᠡ ᠴᠢᠨᠠᠭᠰᠢ ᠦᠭᠡᠢ ᠪᠣᠯᠵᠠᠢ᠃ ᠬᠠᠯᠬ᠎ᠠ ᠶ᠋ᠢᠨ ᠨᠣᠶᠠᠳ ᠪᠠᠰᠠ ᠬᠠᠭᠠᠨ ᠠᠬ᠎ᠠ ᠶ᠋ᠢᠨ ᠰᠠᠨᠠᠭᠰᠠᠨ ᠢ᠋ ᠰᠠᠨᠠᠵᠤ᠂ ᠮᠥᠷᠥᠭᠡᠳᠦᠭᠰᠡᠨ ᠢ᠋ ᠮᠥᠷᠥᠭᠡᠳᠴᠦ ᠶᠠᠪᠤᠭ᠎ᠠ ᠪᠢᠵᠡ᠃ ᠨᠢᠭᠡ ᠵᠦᠭ ᠲᠦ᠍ ᠶᠠᠪᠤᠭ᠎ᠠ ᠪᠠᠨ ᠮᠡᠳᠡᠯᠴᠡᠬᠦ ᠠᠪᠠᠰᠤ ᠶᠡᠬᠡ ᠦᠷᠭᠦᠭᠡᠨ ᠦ᠌ ᠪᠡᠨ ᠪᠠᠢᠷᠢ ᠶ᠋ᠢ ᠴᠣᠭ ᠲᠠᠭᠠᠨ ᠵᠠᠰᠠᠯᠴᠠᠵᠤ ᠪᠣᠯᠤᠨ᠎ᠠ ᠭᠡᠮᠡᠨ ᠮᠠᠰᠢ ᠲᠣᠳᠣ ᠥᠭᠦᠯᠡᠪᠡ᠃
      ᠴᠡᠴᠡᠨ ᠲᠠᠢᠵᠢ᠂ ᠵᠤᠳᠪᠠᠪᠠᠭᠠᠲᠤᠷ ᠨᠣᠶᠠᠨ᠂ ᠰᠡᠪᠳᠡᠨᠵᠡᠯ ᠸᠠᠩ  ᠤ᠋ᠨ ᠵᠢᠷᠭᠤᠭᠠᠨ ᠨᠢᠳᠦ ᠯᠠᠮᠠ ᠳᠡᠭᠦᠦ ᠪᠡᠨ ᠰᠢᠷᠲᠡᠵᠦ ᠮᠠᠰᠢᠳᠠ ᠭᠠᠢᠬᠠᠭᠰᠠᠨ ᠪᠠᠢᠳᠠᠯ ᠲᠠᠢ ᠪᠣᠯᠪᠠ᠃ ᠴᠡᠴᠡᠨ ᠲᠠᠢᠵᠢ《ᠡᠨᠡ ᠭᠠᠯᠳᠠᠨ ᠪᠤᠷᠬᠠᠨ ᠤ᠋ ᠨᠣᠮ ᠠ᠋ᠴᠠ ᠠᠯᠢᠵᠠᠢ》 ᠭᠡᠵᠦ ᠪᠣᠳᠣᠨ᠎ᠠ᠃ ᠵᠤᠳᠪᠠᠪᠠᠭᠠᠲᠤᠷ ᠨᠣᠶᠠᠨ《ᠭᠠᠯᠳᠠᠨ ᠤ᠋ ᠣᠶᠤᠨ ᠰᠠᠨᠠᠭ᠎ᠠ ᠶ᠋ᠢ ᠵᠣᠭᠰᠣᠭᠠᠬᠤ ᠠᠷᠭ᠎ᠠ ᠦᠭᠡᠢ ᠪᠣᠯᠵᠠᠢ》 ᠭᠡᠮᠡᠨ ᠠᠳᠬᠠᠪᠠ᠃ ᠰᠡᠪᠳᠡᠨᠵᠡᠯ 《ᠡᠨᠡ ᠯᠠᠮᠠ ᠲᠥᠪᠡᠳ ᠡᠴᠡ ᠬᠠᠮᠢᠭᠠᠰᠢ ᠣᠳᠪᠠ ᠭᠡᠵᠦ᠃ ᠲᠥᠷᠥ ᠶ᠋ᠢᠨ ᠬᠡᠷᠡᠭ ᠲᠦ᠍ ᠬᠤᠳᠬᠤᠯᠳᠤᠬᠤ ᠰᠠᠨᠠᠭ᠎ᠠ ᠲᠠᠢ ᠶᠤᠮ》 ᠭᠡᠵᠦ ᠵᠢᠷᠦᠬᠡ ᠪᠡᠨ ᠡᠪᠡᠳᠭᠡᠪᠡ ᠃
      ᠣᠳᠣᠳ ᠬᠤᠴᠢᠭᠰᠠᠨ ᠲᠠᠯ᠎ᠠ ᠬᠡᠭᠡᠷ᠎ᠡ ᠨᠤᠲᠤᠭ  ᠲᠤ ᠣᠢᠷᠠᠳ ᠤ᠋ᠨ ᠠᠬ᠎ᠠ ᠳᠡᠭᠦᠦᠰ ᠬᠦᠵᠦᠭᠦᠨ ᠦ᠌ ᠶᠠᠰᠤ ᠮᠥᠯᠵᠢᠵᠦ᠂ ᠳᠠᠷᠠᠰᠤ ᠰᠥᠩᠨᠡᠵᠦ᠂ ᠥᠷ ᠦ᠋ᠨ ᠭᠡᠭᠡ ᠲᠠᠲᠠᠲᠠᠯ᠎ᠠ ᠰᠠᠭᠤᠵᠠᠭᠠᠪᠠ᠃ ᠭᠡᠨᠡᠳᠲᠡ ᠭᠠᠯᠳᠠᠨ ᠯᠠᠮᠠ ᠴᠡᠴᠡᠨ ᠲᠠᠢᠵᠢ ᠠ᠋ᠴᠠ ᠠᠰᠠᠭᠤᠪᠠ᠃
       — ᠴᠦᠬᠦᠢ ᠤᠪᠠᠰᠢ ᠠᠪᠠᠭ᠎ᠠ ᠬᠠᠭᠠᠨ ᠰᠠᠭᠤᠨ᠎ᠠ ᠭᠡᠯ᠎ᠡ᠃ ᠴᠡᠴᠡᠨ ᠰᠣᠴᠢᠨ ᠰᠡᠳᠬᠢᠯ ᠦ᠋ᠨ ᠢ᠋ᠶ᠋ᠡᠨ ᠬᠥᠨᠳᠡᠭᠦᠷ ᠢ᠋ ᠮᠡᠳᠡᠭᠳᠡᠬᠦ ᠦᠭᠡᠢ ᠶ᠋ᠢ ᠬᠢᠴᠢᠶᠡᠨ ᠪᠠᠢᠵᠤ᠂
     — ᠶᠡᠬᠡ ᠬᠠᠲᠤᠨ ᠤ᠋ ᠳᠤ ᠰᠠᠭᠤᠳᠠᠭ ᠪᠣᠯᠤᠭᠰᠠᠨ ᠭᠡᠬᠦ ᠨᠢ ᠡᠵᠢ ᠪᠡᠨ ᠬᠠᠢᠷᠠᠯᠠᠭᠰᠠᠨ 
ᠠ᠋ᠴᠠ ᠶᠡᠬᠡ ᠬᠠᠲᠤᠨ ᠭᠡᠵᠦ ᠳᠠᠭᠤᠳᠠᠵᠠᠢ᠃ 
ᠶᠡᠬᠡ ᠬᠠᠲᠤᠨ ᠪᠠᠯᠵᠢᠳᠠᠷ᠎ᠠ ᠪᠣᠯ ᠴᠡᠴᠡᠨ ᠵᠤᠳᠪᠠᠪᠠᠭᠠᠲᠤᠷ ᠬᠣᠶᠠᠷ ᠤ᠋ᠨ ᠡᠬᠡ ᠪᠢᠯᠡ᠃ ᠡᠬᠡ ᠨᠢ ᠡᠴᠢᠭᠡ ᠬᠣᠩ ᠲᠠᠢᠵᠢ ᠶ᠋ᠢᠨ ᠳᠡᠭᠦᠦ ᠲᠡᠢ ᠳᠡᠷ᠎ᠡ ᠨᠡᠢᠯᠡᠭᠦᠯᠦᠭᠰᠡᠨ ᠪᠠᠢᠵᠠᠢ᠃
    — ᠶᠡᠬᠡ ᠬᠠᠲᠤᠨᠲᠠᠨ ᠠᠮᠤᠭᠤᠯᠠᠩ ᠤᠤ? ᠭᠡᠵᠦ ᠭᠠᠯᠳᠠᠨ ᠯᠠᠮᠠ ᠴᠡᠴᠡᠨ ᠡᠴᠡ ᠳᠠᠭ᠎ᠠ ᠦᠭᠡᠢᠬᠡᠨ ᠠᠰᠠᠭᠤᠬᠤ ᠳ᠋ᠤ᠌᠂ 
    — ᠡᠵᠢ ᠨᠣᠢᠷ ᠲᠠᠭᠠᠨ ᠰᠠᠢᠨ ᠭᠡᠵᠦ ᠬᠠᠷᠢᠭᠤᠯᠤᠭᠰᠠᠨ ᠨᠢ《ᠴᠢᠮ᠎ᠠ ᠳ᠋ᠤ᠌ ᠬᠦᠷᠲᠡᠭᠡᠯ ᠦᠭᠡᠢ》 ᠭᠡᠰᠡᠨ ᠲᠡᠢ ᠠᠳᠠᠯᠢ ᠪᠠᠢᠯ᠎ᠠ᠃ ᠴᠡᠴᠡᠨ ᠲᠠᠢᠵᠢ ᠶ᠋ᠢᠨ ᠳᠠᠭ᠎ᠠ ᠦᠭᠡᠢ ᠪᠠᠢᠳᠠᠯ ᠢ᠋ 
ᠲᠦᠢᠪᠡᠭᠦᠯᠬᠦ ᠰᠠᠨᠠᠭ᠎ᠠ ᠲᠠᠢ ᠭᠠᠯᠳᠠᠨ ᠯᠠᠮᠠ᠂
    — ᠡᠴᠢᠭᠡ ᠶ᠋ᠢᠨ ᠰᠢᠷ᠎ᠠ ᠰᠢᠯᠦᠭᠦᠰᠦ ᠠᠳᠤᠭᠤᠨ ᠰᠦᠷᠦᠭ ᠲᠡᠭᠡᠨ ᠪᠠᠢᠨ᠎ᠠ ᠤᠤ? ᠭᠡᠬᠦ ᠳ᠋ᠦ᠍ ᠵᠣᠳᠪᠠ ᠨᠣᠶᠠᠨ  ᠡᠯᠭᠦᠨ ᠠᠪᠴᠤ᠂     
    —   ᠥᠲᠡᠯᠦᠭᠰᠡᠨ ᠠᠳᠤᠭᠤᠰᠤ ᠬᠠᠮᠢᠭ᠎ᠠ ᠣᠴᠢᠬᠤᠪ ᠭᠡᠯ᠎ᠡ᠃
    — ᠮᠢᠨᠦ ᠬᠠᠢᠷᠠᠲᠠᠢ ᠮᠣᠷᠢ ᠁!  ᠭᠡᠵᠦ ᠭᠠᠯᠳᠠᠨ ᠬᠡᠯᠡᠪᠡ᠃
    — ᠰᠢᠷ᠎ᠠ ᠰᠢᠯᠦᠭᠦᠰᠦ ᠶ᠋ᠢᠨ ᠤᠳᠤᠮ ᠮᠠᠨ ᠤ᠋ ᠰᠦᠷᠦᠭ ᠲᠦ᠍ ᠴᠤ᠌ ᠪᠣᠢ ᠭᠡᠵᠦ 
ᠵᠣᠳᠪᠠᠪᠠᠭᠠᠲᠤᠷ ᠨᠣᠶᠠᠨ ᠰᠠᠢᠷᠬᠠᠯ᠎ᠠ᠃
    — ᠠᠳᠤᠭᠤᠨ ᠰᠦᠷᠦᠭ ᠢ᠋ ᠲᠠᠰᠤᠯᠵᠤ ᠲᠠᠭᠤᠳᠠᠭ ᠡᠵᠡᠨ ᠦ᠌ ᠬᠥᠯ ᠢ᠋ ᠮᠤᠬᠤᠷᠯᠠᠵᠤ ᠴᠡᠭᠡᠷ ᠭᠠᠷᠭᠠᠭᠰᠠᠨ ᠭᠡᠳ ᠭᠠᠯᠳᠠᠨ ᠺᠢᠷᠭᠢᠽ ᠡᠬᠡ ᠲᠡᠢ ᠴᠡᠴᠡᠨ᠂ ᠵᠣᠳᠪᠠᠪᠠᠭᠠᠲᠤᠷ ᠬᠣᠶᠠᠷ ᠢ᠋ ᠬᠠᠷᠠᠪᠠ᠃ ᠵᠣᠳᠪᠠᠪᠠᠭᠠᠳᠤᠷ ᠨᠣᠶᠠᠨ ᠨᠢᠳᠦ ᠪᠡᠨ ᠨᠢᠭᠤᠵᠤ᠂ ᠴᠡᠴᠡᠨ ᠲᠠᠢᠵᠢ ᠵᠢᠰᠢᠭᠦᠦ ᠬᠠᠷᠠᠵᠤ ᠪᠠᠢᠯ᠎ᠠ᠃ ᠡᠷᠲᠡᠨ ᠡᠴᠡ ᠭᠠᠯᠳᠠᠨ ᠠ᠋ᠴᠠ ᠲᠡᠷᠡ ᠬᠣᠶᠠᠷ ᠠᠬ᠎ᠠ ᠨᠢ ᠬᠠᠷᠠᠴᠠ ᠪᠤᠷᠤᠭᠤᠯᠠᠬᠤ ᠪᠣᠯᠵᠠᠢ᠃ ᠭᠠᠯᠳᠠᠨ ᠯᠠᠮᠠ ᠪᠠᠭ᠎ᠠ ᠨᠠᠰᠤᠨ ᠠ᠋ᠴᠠ ᠪᠠᠨ ᠲᠡᠳᠡᠨ ᠦ᠌ ᠰᠠᠨᠠᠭ᠎ᠠ ᠮᠠᠭᠤᠲᠠᠢ ᠭᠡᠳᠡᠭ ᠢ᠋ ᠮᠡᠳᠡᠭᠰᠡᠨ ᠪᠢᠯᠡ᠃
     ᠰᠠᠷᠠᠨ  ᠤ᠋ ᠴᠠᠭᠠᠨ ᠭᠡᠷᠡᠯ ᠣᠢᠷᠠᠳ ᠤ᠋ᠨ ᠬᠠᠷ᠎ᠠ ᠲᠠᠯ᠎ᠠ ᠶ᠋ᠢ ᠳᠦᠭᠦᠷᠭᠡᠵᠡᠢ᠃ ᠬᠠᠭᠠᠨ ᠤ᠋ ᠠᠰᠠᠷ ᠢ᠋ ᠲᠣᠭᠣᠷᠢᠭᠠᠳ ᠣᠯᠠᠨ ᠲᠦᠳᠡᠭ ᠤᠯᠠᠯᠵᠠᠨ᠎ᠠ᠃
     ᠭᠠᠯᠳᠠᠨ ᠯᠠᠮᠠ ᠶ᠋ᠢᠨ ᠬᠡᠢ ᠪᠡᠶ᠎ᠡ ᠶ᠋ᠢᠨ ᠬᠠᠮᠢᠭ᠎ᠠ ᠨᠢᠭᠡ ᠲᠡᠢ ᠡᠴᠡ《ᠰᠢᠷ᠎ᠠ ᠰᠢᠯᠦᠭᠦᠰᠦ ᠰᠠᠢᠬᠠᠨ ᠮᠣᠷᠢ ᠪᠠᠢᠭᠰᠠᠨ᠃ ᠮᠢᠭᠮᠠᠨᠰᠠᠩᠵᠠᠢ ᠰᠠᠢᠨ ᠮᠡᠳᠡᠨ᠎ᠡ᠃ ᠳᠠᠨᠵᠢᠯᠠ ᠠᠷᠴᠠ ᠬᠣᠶᠠᠷ  ᠴᠤ ᠠᠨᠳᠠᠬᠤ ᠦᠭᠡᠢ ᠮᠡᠳᠡᠨ᠎ᠡ᠃ ᠬᠠᠷᠢᠨ ᠳᠣᠲᠣᠨᠣ ᠶ᠋ᠢᠨ ᠨᠥᠬᠥᠷ ᠭᠠᠢᠳᠠᠪ ᠮᠠᠨᠢ ᠲᠡᠷᠡ ᠰᠠᠢᠬᠠᠨ ᠬᠦᠯᠦᠭ ᠮᠣᠷᠢ ᠶ᠋ᠢ ᠦᠵᠡᠭᠡ ᠦᠭᠡᠢ》 ᠭᠡᠮᠡᠨ ᠪᠣᠳᠣᠭᠳᠠᠪᠠ᠃ ᠲᠡᠭᠡᠭᠡᠳ ᠮᠢᠭᠮᠠᠨᠰᠠᠩᠵᠠᠢ  ᠶ᠋ᠢᠨ ᠳᠦᠷᠢ ᠶ᠋ᠢ ᠰᠠᠨᠠᠬᠤ ᠭᠡᠵᠦ ᠭᠠᠯᠳᠠᠨ ᠣᠷᠣᠯᠳᠣᠨ᠎ᠠ᠃ ᠴᠡᠴᠡᠭ ᠦ᠋ᠨ ᠪᠤᠳᠠᠩ ᠳᠤᠮᠳᠠ  ᠮᠢᠭᠮᠠᠨᠰᠠᠩᠵᠠᠢ ᠲᠣᠷᠮᠣᠢᠵᠤ ᠪᠠᠢᠨ᠎ᠠ᠃ ᠪᠦᠰᠡᠭᠦᠢ ᠶ᠋ᠢᠨ ᠨᠢᠳᠦ ᠭᠠᠯᠳᠠᠨ ᠤ᠋ ᠣᠢ ᠲᠣᠢ ᠳ᠋ᠤ᠌ ᠬᠠᠳᠠᠭᠠᠰᠤᠲᠠᠢ ᠦᠯᠡᠳᠡᠭᠰᠡᠨ ᠶᠦᠮ᠃
       ᠡᠨᠡ ᠰᠠᠴᠠᠭᠤ ᠭᠠᠯᠳᠠᠨ《ᠪᠢ ᠲᠠᠢᠭᠠᠨ ᠪᠢᠰᠢ ᠡᠷ᠎ᠡ ᠬᠥᠮᠦᠨ》ᠭᠡᠮᠡᠨ ᠪᠣᠳᠣᠬᠤ ᠳ᠋ᠠᠭᠠᠨ ᠶᠠᠭᠠᠬᠢᠭᠠᠳ ᠮᠢᠭᠮᠠᠨᠰᠠᠩᠵᠠᠢ ᠰᠠᠨᠠᠭᠳᠠᠭᠠᠳ ᠪᠠᠢᠳᠠᠭ ᠢ᠋ ᠳᠠᠭᠠᠵᠤ ᠶᠠᠳᠠᠪᠠ᠃ ᠲᠡᠭᠦᠨ ᠦ᠌ ᠬᠡᠢ ᠪᠡᠶ᠎ᠡ᠂ ᠮᠢᠬᠠᠨ ᠪᠡᠶ᠎ᠡ ᠶ᠋ᠢᠨ ᠠᠯᠢ ᠨᠢᠭᠡ ᠬᠡᠰᠡᠭ ᠲᠦ᠍ ᠮᠢᠭᠮᠠᠨᠰᠠᠩᠵᠠᠢ ᠬᠡᠮᠡᠬᠦ ᠲᠣᠷᠮᠣᠭᠣᠷ ᠳᠥᠯᠭᠡᠬᠡᠨ ᠪᠦᠰᠡᠭᠦᠢ ᠦᠯᠡᠳᠡᠵᠡᠢ᠃
       ᠭᠠᠯᠳᠠᠨ ᠪᠦᠰᠡᠭᠦᠢ ᠶ᠋ᠢᠨ ᠳᠦᠷᠢ ᠶ᠋ᠢ ᠨᠢᠳᠦᠨ ᠡᠴᠡ ᠪᠡᠨ ᠬᠥᠭᠡᠭᠡᠬᠦ ᠶ᠋ᠢ ᠬᠦᠰᠡᠭᠰᠡᠨ ᠦᠭᠡᠢ ᠤᠳᠠᠲᠠᠯ᠎ᠠ ᠰᠠᠭᠤᠪᠠ᠃

  ᠦᠰᠦᠭ ᠠᠮᠢᠯᠠᠭᠤᠯᠤᠭᠴᠢ᠄ ᠳ᠂ ᠣᠶᠤᠨᠴᠢᠮᠡᠭ᠂ ᠠ᠊·ᠮᠢᠬᠣᠸᠠᠷ᠂  ᠨᠠ᠊᠂ ᠴᠠᠭᠠᠨ᠂ ᠨᠠᠷᠠᠨᠲᠣᠭᠣᠰ᠂ ᠠᠨᠢᠷ᠂ ᠣᠳᠬᠠᠨᠴᠡᠴᠡᠭ᠂ ᠪᠦᠷᠢᠨᠴᠡᠴᠡᠭ᠂  ᠠ᠊·ᠴᠠᠭᠠᠨ᠂ ᠠᠨᠢᠷ᠂ ᠤᠤᠭᠠᠨᠵᠢᠳ᠂ ᠡᠷᠳᠡᠨᠢᠪᠢᠯᠢᠭ᠂ ᠤᠳᠤᠨᠭᠡᠷᠡᠯ᠂ ᠬᠣᠨᠢᠴᠢᠨ ᠴᠠᠰᠤᠨ᠎ᠠ᠂
  ᠬᠢᠨᠠᠭᠴᠢ ᠪᠠᠭᠰᠢ᠄ ᠠᠨᠢᠷ᠂ ᠣᠳᠬᠠᠨᠰᠣ᠎ᠠ᠂ ᠨᠠᠷᠠᠨ᠂ ᠲᠣᠳᠣᠭᠡᠷᠡᠯ᠂ ᠤᠤᠭᠠᠨᠵᠢᠳ