ᠦᠭᠡ ᠶ᠋ᠢᠨ ᠵᠦᠢ02-05(ᠲᠠᠪᠤ) ᠦᠢᠯᠡ ᠦᠭᠡ ᠪᠠ ᠦᠢᠯᠡ ᠦᠭᠡ ᠶ᠋ᠢᠨ ᠵᠦᠢᠯ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡ ᠶ᠋ᠢᠨ ᠵᠦᠢ02-05(ᠲᠠᠪᠤ) ᠦᠢᠯᠡ ᠦᠭᠡ ᠪᠠ ᠦᠢᠯᠡ ᠦᠭᠡ ᠶ᠋ᠢᠨ ᠵᠦᠢᠯ

ᠦᠭᠡ ᠶ᠋ᠢᠨ ᠵᠦᠢ02-05(ᠲᠠᠪᠤ) ᠦᠢᠯᠡ ᠦᠭᠡ ᠪᠠ ᠦᠢᠯᠡ ᠦᠭᠡ ᠶ᠋ᠢᠨ ᠵᠦᠢᠯ

ᠠᠩᠭᠢᠯᠠᠯ:ᠬᠡᠯᠡ ᠪᠢᠴᠢᠭ
2025-09-19

225

(ᠲᠠᠪᠤ) ᠦᠢᠯᠡ ᠦᠭᠡ ᠪᠠ ᠦᠢᠯᠡ ᠦᠭᠡ ᠶ᠋ᠢᠨ ᠵᠦᠢᠯ

   ᠬᠥᠮᠦᠨ ᠶᠠᠭᠤᠮ᠎ᠠ᠂ ᠬᠡᠷᠡᠭ ᠪᠣᠳᠠᠰ ᠤ᠋ᠨ ᠦᠢᠯᠡ ᠬᠥᠳᠡᠯᠭᠡᠭᠡᠨ ᠬᠤᠪᠢᠷᠠᠯ ᠪᠠᠢᠳᠠᠯ ᠵᠡᠷᠭᠡ ᠶ᠋ᠢ ᠵᠢᠭᠠᠭᠰᠠᠨ ᠦᠭᠡ ᠶ᠋ᠢ ᠦᠢᠯᠡ ᠦᠭᠡ ᠭᠡᠨ᠎ᠡ᠃ ᠦᠢᠯᠡ ᠦᠭᠡ ᠨᠢ ᠶᠠᠭᠠᠬᠢᠪᠠ? ᠬᠡᠷᠬᠢᠪᠡ? ᠶᠠᠭᠠᠬᠢᠭᠰᠠᠨ ᠪᠣᠢ? ᠬᠡᠷᠬᠢᠬᠦ ᠪᠣᠢ? ᠶᠠᠭᠤ ᠬᠢᠵᠦ ᠪᠠᠢᠨ᠎ᠠ? ᠶᠠᠭᠠᠬᠢᠵᠤ ᠪᠠᠢᠨ᠎ᠠ? ᠭᠡᠬᠦ ᠵᠡᠷᠭᠡ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《ᠶᠠᠪᠤ᠂ ᠰᠤᠷ᠂ ᠣᠴᠢ᠂ ᠦᠵᠡ᠂ ᠠᠪ᠃ ᠶᠠᠪᠤᠭᠠᠷᠠᠢ᠂ ᠰᠣᠷᠣᠭᠲᠤᠨ᠂ ᠣᠴᠢᠲᠤᠭᠠᠢ᠂ ᠦᠵᠡᠭᠡᠰᠡᠢ᠂ ᠠᠪᠤᠶ᠎ᠠ᠃ ᠶᠠᠪᠤᠵᠤ᠂ ᠰᠤᠷᠴᠤ᠂ ᠣᠴᠢᠭᠠᠳ᠂ ᠦᠵᠡᠪᠡᠯ᠂ ᠠᠪᠲᠠᠯ᠎ᠠ᠃ ᠶᠠᠪᠤᠭᠰᠠᠨ᠂ ᠰᠤᠷᠳᠠᠭ᠂ ᠣᠴᠢᠬᠤ᠂ ᠦᠵᠡᠳᠡᠭ᠂ ᠠᠪᠤᠭᠴᠢ᠃ ᠶᠠᠪᠤᠭᠤᠯ᠂ ᠰᠤᠷᠤᠯᠴᠠ᠂ ᠣᠴᠢᠵᠠᠭ᠎ᠠ᠂ ᠦᠵᠡᠭᠳᠡ᠂ ᠠᠪᠤᠯᠴᠠ᠃᠂ ᠶᠠᠪᠤᠰᠬᠢ᠂ ᠦᠵᠡᠰᠬᠢ ᠂ ᠣᠴᠢᠴᠢᠬ᠎ᠠ᠂ ᠠᠪᠴᠠᠭ᠎ᠠ᠂ ᠰᠤᠷᠤᠯᠴᠠᠵᠠᠭᠠᠨ᠎ᠠ ᠃ ᠠᠭᠰᠠᠨ᠂ ᠠᠰᠤᠭᠠᠢ᠂ ᠪᠥᠯᠥᠭᠡ᠂ ᠪᠥᠭᠡᠰᠦ》 ᠭᠡᠬᠦ ᠮᠡᠲᠦᠴᠢᠯᠡᠨ ᠲᠤᠬᠠᠢ ᠶ᠋ᠢᠨ ᠦᠢᠯᠡ ᠶ᠋ᠢᠨ ᠬᠡᠯᠪᠡᠷᠢ᠂ ᠬᠡᠪ᠂ ᠪᠠᠢᠳᠠᠯ ᠢ᠋ ᠵᠢᠭᠠᠨ ᠢᠯᠡᠷᠡᠭᠦᠯᠦᠨ᠎ᠡ᠃
    ᠦᠢᠯᠡ ᠦᠭᠡᠰ ᠢ᠋ ᠲᠡᠭᠦᠨ ᠦ᠌ ᠤᠳᠬ᠎ᠠ ᠶ᠋ᠢᠨ ᠬᠢᠨᠢ ᠲᠠᠯ᠎ᠠ ᠪᠠᠷ ᠦᠵᠡᠪᠡᠯ《ᠴᠢᠷᠮᠠᠢᠬᠤ᠂ ᠲᠡᠮᠡᠴᠡᠬᠦ᠂ ᠠᠮᠢᠳᠤᠷᠠᠬᠤ᠂ ᠠᠵᠢᠯᠯᠠᠬᠤ᠂ ᠬᠥᠳᠡᠯᠮᠦᠷᠢᠯᠡᠬᠦ᠂ ᠶᠠᠪᠤᠬᠤ᠂ ᠵᠣᠭᠰᠣᠬᠤ᠂ ᠤᠨᠲᠠᠬᠤ᠂ ᠰᠡᠷᠡᠬᠦ᠂ ᠡᠪᠡᠳᠬᠦ᠂ ᠪᠠᠶᠠᠷᠯᠠᠬᠤ᠂ ᠭᠣᠮᠣᠳᠠᠬᠤ᠂ ᠵᠢᠷᠭᠠᠬᠤ᠂ ᠵᠣᠪᠠᠬᠤ᠂ ᠦᠬᠦᠬᠦ᠂ ᠴᠠᠢᠷᠠᠬᠤ᠂ ᠰᠢᠷᠠᠯᠠᠬᠤ᠂》 ᠭᠡᠬᠦ ᠮᠡᠲᠦ ᠶ᠋ᠢᠨ ᠦᠢᠯᠡ ᠦᠭᠡ ᠨᠢ ᠬᠥᠮᠦᠨ᠂ ᠶᠠᠭᠤᠮ᠎ᠠ ᠶ᠋ᠢᠨ ᠪᠠᠢᠳᠠᠯ ᠢ᠋ ᠵᠢᠭᠠᠵᠤ᠂《ᠰᠤᠷᠬᠤ᠂ ᠵᠢᠷᠤᠬᠤ᠂ ᠠᠪᠬᠤ᠂ ᠥᠭᠬᠦ᠂ ᠣᠶᠣᠬᠤ᠂ ᠡᠰᠬᠡᠬᠦ᠂ ᠣᠭᠲᠣᠯᠬᠤ᠂ ᠲᠠᠰᠤᠯᠬᠤ᠂ ᠦᠢᠯᠡᠳᠬᠦ᠂ ᠬᠡᠪᠯᠡᠬᠦ᠂ ᠰᠡᠢᠯᠬᠦ᠂ ᠬᠠᠢᠴᠢᠯᠠᠬᠤ᠂》 ᠭᠡᠬᠦ ᠮᠡᠲᠦ ᠶ᠋ᠢᠨ ᠦᠢᠯᠡ ᠦᠭᠡ ᠨᠢ᠂ ᠬᠥᠮᠦᠨ᠂ ᠶᠠᠭᠤᠮ᠎ᠠ ᠶ᠋ᠢᠨ ᠬᠢᠬᠦ ᠪᠦᠲᠦᠭᠡᠬᠦ ᠦᠢᠯᠡ ᠶ᠋ᠢ ᠵᠢᠭᠠᠳᠠᠭ ᠶᠤᠮ᠃
ᠦᠢᠯᠡ ᠦᠭᠡᠨ ᠳ᠋ᠦ᠍ ᠪᠠᠰᠠ ᠨᠡᠷ᠎ᠡ ᠦᠭᠡ ᠶ᠋ᠢᠨ ᠠᠳᠠᠯᠢ ᠦᠨᠳᠦᠰᠦ᠂ ᠳᠠᠭᠠᠪᠤᠷᠢ ᠭᠡᠵᠦ ᠪᠠᠢᠳᠠᠭ ᠪᠢᠯᠡ᠃ ᠬᠣᠶᠠᠳᠤᠭᠠᠷ ᠪᠡᠶ᠎ᠡ ᠳ᠋ᠦ᠍ ᠰᠢᠭᠤᠳ ᠵᠠᠬᠢᠷᠤᠨ ᠬᠡᠯᠡᠭᠰᠡᠨ ᠦᠢᠯᠡ ᠦᠭᠡ《ᠪᠢᠴᠢ᠂ ᠤᠩᠰᠢ᠂ ᠰᠠᠭᠤ》 ᠭᠡᠳᠡᠭ ᠨᠢ ᠶᠠᠮᠠᠷ ᠴᠤ᠌ ᠳᠠᠭᠠᠪᠤᠷᠢ ᠦᠭᠡᠢ ᠲᠤᠯᠠ ᠦᠢᠯᠡ ᠦᠭᠡ ᠶ᠋ᠢᠨ ᠦᠨᠳᠦᠰᠦ ᠪᠣᠯᠤᠨ᠎ᠠ᠃ ᠦᠢᠯᠡ ᠦᠭᠡ ᠶ᠋ᠢᠨ ᠦᠨᠳᠦᠰᠦᠨ ᠳ᠋ᠦ᠍ ᠨᠢᠭᠡ ᠪᠤᠶᠤ᠂ ᠬᠡᠳᠦ ᠬᠡᠳᠦᠨ ᠳᠠᠭᠠᠪᠤᠷᠢ ᠶ᠋ᠢ ᠤᠭᠰᠠᠷᠠᠭᠤᠯᠤᠨ ᠵᠠᠯᠭᠠᠵᠤ《ᠪᠢᠴᠢᠭᠦᠯ᠂ ᠤᠩᠰᠢᠭᠤᠯᠵᠠᠭ᠎ᠠ᠂ ᠰᠠᠭᠤᠯᠭ᠎ᠠ 》 ᠭᠡᠬᠦ ᠮᠡᠲᠦ ᠪᠡᠷ ᠴᠢᠨᠠᠭᠰᠢ ᠬᠤᠪᠢᠯᠭᠠᠵᠤ ᠡᠭᠦᠰᠦᠮᠡᠯ ᠦᠨᠳᠦᠰᠦ ᠡᠭᠦᠰᠬᠡᠵᠦ ᠪᠣᠯᠤᠨ᠎ᠠ᠃

    ᠦᠢᠯᠡ ᠦᠭᠡ ᠶ᠋ᠢᠨ ᠬᠡᠯᠪᠡᠷᠢ

    ᠦᠢᠯᠡ ᠦᠭᠡᠨ ᠳ᠋ᠦ᠍ ᠶᠠᠩᠵᠤ ᠪᠦᠷᠢ ᠶ᠋ᠢᠨ ᠳᠠᠭᠠᠪᠤᠷᠢ ᠵᠠᠯᠭᠠᠵᠤ᠂ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠴᠠᠭ᠂ ᠨᠥᠬᠥᠴᠡᠯ ᠪᠠ ᠬᠥᠮᠦᠨ ᠶᠠᠭᠤᠮ᠎ᠠ ᠶ᠋ᠢᠨ ᠦᠢᠯᠡ ᠪᠠᠢᠳᠠᠯ ᠤ᠋ᠨ ᠪᠡᠯᠭᠡ ᠲᠡᠮᠳᠡᠭ ᠪᠤᠶᠤ ᠡᠰᠡᠬᠦᠯ᠎ᠡ ᠬᠥᠮᠦᠨ ᠦ᠌ ᠵᠠᠬᠢᠷᠬᠤ᠂ ᠬᠦᠰᠡᠬᠦ᠂ ᠪᠣᠯᠭᠣᠮᠵᠢᠯᠠᠬᠤ ᠰᠠᠨᠠᠭ᠎ᠠ ᠶ᠋ᠢ ᠵᠢᠭᠠᠭᠰᠠᠨ ᠶᠠᠩᠵᠤ ᠪᠦᠷᠢ ᠶ᠋ᠢᠨ ᠬᠡᠯᠪᠡᠷᠢ ᠡᠭᠦᠰᠬᠡᠵᠦ ᠪᠣᠯᠤᠨ᠎ᠠ᠃ ᠡᠨᠡ ᠮᠡᠲᠦ ᠪᠡᠷ ᠮᠣᠩᠭᠣᠯ ᠬᠡᠯᠡᠨ ᠦ᠌ ᠦᠢᠯᠡ ᠦᠭᠡ ᠶ᠋ᠢ ᠴᠠᠭ ᠢ᠋ ᠵᠢᠭᠠᠬᠤ ᠬᠡᠯᠪᠡᠷᠢ᠂ ᠵᠠᠬᠢᠷᠬᠤ ᠬᠦᠰᠡᠬᠦ ᠬᠡᠯᠪᠡᠷᠢ᠂ ᠨᠥᠬᠥᠴᠡᠯ ᠦᠢᠯᠡ ᠶ᠋ᠢᠨ ᠬᠡᠯᠪᠡᠷᠢ᠂ ᠲᠡᠮᠳᠡᠭ ᠦᠢᠯᠡ ᠶ᠋ᠢᠨ ᠬᠡᠯᠪᠡᠷᠢ ᠪᠠ ᠳᠤᠲᠠᠮᠠᠭ ᠦᠢᠯᠡ ᠶ᠋ᠢᠨ ᠬᠡᠯᠪᠡᠷᠢ ᠭᠡᠬᠦ ᠲᠠᠪᠤᠨ ᠦᠨᠳᠦᠰᠦᠨ ᠬᠡᠯᠪᠡᠷᠢ ᠳ᠋ᠦ᠍ ᠬᠤᠪᠢᠶᠠᠨ ᠦᠵᠡᠵᠦ ᠪᠣᠯᠤᠨ᠎ᠠ᠃
    ᠡᠨᠡ ᠲᠠᠪᠤᠨ ᠦᠨᠳᠦᠰᠦᠨ ᠬᠡᠯᠪᠡᠷᠢ ᠨᠢ ᠶᠡᠷᠦᠩᠬᠡᠢ ᠬᠡᠢᠰᠪᠦᠷᠢ ᠤᠳᠬ᠎ᠠ ᠪᠠ ᠥᠭᠦᠯᠡᠪᠦᠷᠢ ᠳ᠋ᠦ᠍ ᠬᠡᠷᠡᠭᠯᠡᠭᠳᠡᠬᠦ ᠰᠢᠨᠵᠢ ᠪᠠᠢᠳᠠᠯ ᠢ᠋ᠶ᠋ᠠᠷ ᠢ᠋ᠶ᠋ᠠᠨ ᠲᠤᠰ ᠲᠤᠰ ᠲᠠᠭᠠᠨ ᠪᠦᠷ ᠥᠪᠡᠷᠮᠢᠴᠡ ᠣᠨᠴᠠᠯᠢᠭ ᠲᠠᠢ ᠶᠤᠮ᠃

  1 ᠦᠢᠯᠡ ᠦᠭᠡ ᠶ᠋ᠢᠨ ᠴᠠᠭ ᠢ᠋ ᠵᠢᠭᠠᠬᠤ ᠬᠡᠯᠪᠡᠷᠢ

    ᠦᠢᠯᠡ ᠦᠭᠡ ᠶ᠋ᠢᠨ ᠴᠠᠭ ᠢ᠋ ᠵᠢᠭᠠᠬᠤ ᠬᠡᠯᠪᠡᠷᠢ ᠨᠢ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠪᠣᠯᠤᠭᠰᠠᠨ ᠪᠤᠶᠤ ᠪᠣᠯᠬᠤ ᠴᠠᠭ ᠢ᠋ ᠵᠢᠭᠠᠬᠤ ᠪᠥᠭᠡᠳ ᠥᠭᠦᠯᠡᠪᠦᠷᠢ ᠶ᠋ᠢᠨ ᠤᠳᠬ᠎ᠠ ᠲᠡᠭᠦᠰᠦᠭᠰᠡᠨ ᠥᠭᠦᠯᠡᠬᠦᠨ ᠦ᠌ ᠡᠭᠦᠷᠭᠡ ᠶ᠋ᠢ ᠭᠣᠣᠯᠯᠠᠨ ᠭᠦᠢᠴᠡᠳᠬᠡᠨ᠎ᠡ᠃ ᠡᠢᠮᠦ ᠤᠴᠢᠷ ᠠ᠋ᠴᠠ ᠡᠨᠡ ᠬᠡᠯᠪᠡᠷᠢ ᠶ᠋ᠢᠨ ᠦᠢᠯᠡ ᠦᠭᠡ ᠶ᠋ᠢ ᠦᠢᠯᠡ ᠦᠭᠡ ᠶ᠋ᠢᠨ ᠲᠡᠭᠦᠰ ᠬᠡᠯᠪᠡᠷᠢ ᠭᠡᠳᠡᠭ᠃
    ᠦᠢᠯᠡ ᠦᠭᠡ ᠶ᠋ᠢᠨ ᠴᠠᠭ ᠢ᠋ ᠵᠢᠭᠠᠬᠤ ᠬᠡᠯᠪᠡᠷᠢ ᠶ᠋ᠢ ᠢᠯᠡᠷᠡᠭᠦᠯᠬᠦ ᠳ᠋ᠦ᠍᠄
    (1)《ᠪᠠ᠂ ᠪᠠᠢ》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠥᠩᠭᠡᠷᠡᠭᠰᠡᠨ ᠲᠡᠭᠦᠰᠦᠭᠰᠡᠨ ᠴᠠᠭ ᠢ᠋ ᠵᠢᠭᠠᠭᠰᠠᠨ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠶᠠᠪᠤ- ᠶᠠᠪᠤᠪᠠ᠂
    ᠦᠵᠡ- ᠦᠵᠡᠪᠡ᠂
    ᠢᠷ᠎ᠡ- ᠢᠷᠡᠪᠡ᠂
    ᠰᠣᠨᠣᠰ- ᠰᠣᠨᠣᠰᠪᠠᠢ᠂
    ᠮᠡᠳᠡ- ᠮᠡᠳᠡᠪᠡᠢ᠂
    ᠣᠯ- ᠣᠯᠪᠠᠢ ᠭᠡᠬᠦ ᠮᠡᠲᠦ᠃
   (2)《᠊ᠵᠠᠢ(᠊ᠵᠤᠬᠤᠢ᠂᠊ᠵᠦᠬᠦᠢ)᠂ ᠴᠠᠢ( ᠴᠤᠬᠤᠢ᠂  ᠊ᠴᠦᠬᠦᠢ)》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠥᠩᠭᠡᠷᠡᠨ ᠦᠷᠭᠦᠯᠵᠢᠯᠡᠭᠰᠡᠨ ᠴᠠᠭ ᠢ᠋ ᠵᠢᠭᠠᠭᠰᠠᠨ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄  ᠢᠷ᠎ᠡ- ᠢᠷᠡᠵᠡᠢ᠂ ᠢᠷᠡᠵᠦᠬᠦᠢ᠂
    ᠣᠴᠢ- ᠣᠴᠢᠵᠠᠢ᠂ ᠣᠴᠢᠵᠤᠬᠤᠢ᠂
    ᠬᠥᠷ- ᠬᠦᠷᠴᠡᠢ᠂ ᠬᠦᠷᠴᠦᠬᠦᠢ᠂
    ᠣᠯ- ᠣᠯᠵᠠᠢ᠂ ᠣᠯᠵᠤᠬᠤᠢ᠂
    ᠠᠪ- ᠠᠪᠴᠠᠢ᠂ ᠠᠪᠴᠤᠬᠤᠢ᠂
    ᠥᠭ- ᠥᠭᠴᠡᠢ᠂ ᠦᠭᠴᠦᠬᠦᠢ ᠭᠡᠬᠦ ᠮᠡᠲᠦ᠃
    (3)《(᠊ᠮᠣᠢ᠂ ᠊ᠨᠠᠮ᠂  ᠊ᠶᠤ᠌)》 ᠭᠡᠰᠡᠨ ᠳᠠᠭᠠᠪᠤᠷᠢ ᠪᠠᠷ ᠭᠣᠣᠯ ᠲᠥᠯᠥᠪ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠦᠷᠭᠦᠯᠵᠢᠯᠡᠨ ᠲᠡᠭᠦᠰᠦᠭᠡᠳᠦᠢ ᠪᠠ ᠢᠷᠡᠭᠡᠳᠦᠢ ᠳ᠋ᠦ᠍ ᠭᠦᠢᠴᠡᠳᠬᠡᠬᠦ ᠰᠠᠨᠠᠭ᠎ᠠ ᠶ᠋ᠢ ᠵᠢᠭᠠᠭᠰᠠᠨ ᠦᠢᠯᠡ ᠦᠭᠡ ᠶ᠋ᠢᠨ ᠬᠡᠯᠪᠡᠷᠢ ᠶ᠋ᠢ ᠡᠭᠦᠰᠬᠡᠨ᠎ᠡ᠃
    ᠵᠢᠱ᠌ᠢᠶᠡᠯᠡᠪᠡᠯ᠄ ᠠᠪ- ᠠᠪᠤᠨ᠎ᠠ᠂ ᠠᠪᠤᠮᠤᠢ᠂ ᠠᠪᠤᠨᠠᠮ᠂ ᠠᠪᠤᠶᠤ᠂
    ᠦᠰ- ᠥᠰᠦᠨ᠎ᠡ᠂ ᠥᠰᠦᠮᠦᠢ᠂ ᠦᠰᠦᠨᠡᠮ᠂ ᠦᠰᠦᠶᠦ᠂
    ᠳᠤᠷᠠᠳ- ᠳᠤᠷᠠᠳᠤᠨ᠎ᠠ᠂ ᠳᠤᠷᠠᠳᠤᠮᠤᠢ᠂ ᠳᠤᠷᠠᠳᠤᠨᠠᠮ᠂ ᠳᠤᠷᠠᠳᠤᠶᠤ᠂
    ᠣᠯ- ᠣᠯᠤᠨ᠎ᠠ᠂ ᠣᠯᠤᠮᠤᠢ᠂ ᠣᠯᠤᠨᠠᠮ᠂ ᠣᠯᠤᠶᠤ᠂
    ᠶᠠᠪᠤ - ᠶᠠᠪᠤᠨ᠎ᠠ᠂ ᠶᠠᠪᠤᠮᠤᠢ᠂ ᠶᠠᠪᠤᠨᠠᠮ᠂ ᠶᠠᠪᠤᠶᠤ᠂
    ᠰᠤᠷ- ᠰᠤᠷᠤᠨ᠎ᠠ᠂ ᠰᠣᠷᠣᠮᠤᠢ᠂ ᠰᠤᠷᠤᠨᠠᠮ᠂ ᠰᠣᠷᠣᠶᠤ ᠭᠡᠬᠦ ᠮᠡᠲᠦ᠃
    (4 ) ᠊ᠯ᠎ᠠ (ᠯᠤᠭ᠎ᠠ᠂ ᠯᠤᠭᠡ)》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠰᠠᠶᠢᠬᠠᠨ ᠥᠩᠭᠡᠷᠡᠭᠰᠡᠨ ᠴᠠᠭ ᠢ᠋ ᠵᠢᠭᠠᠭᠰᠠᠨ ᠦᠢᠯᠡ  ᠦᠭᠡ  ᠶ᠋ᠢᠨ ᠬᠡᠯᠪᠡᠷᠢ ᠶ᠋ᠢ ᠡᠭᠦᠰᠬᠡᠨ᠎ᠡ᠃
    ᠵᠢᠱ᠌ᠢᠶᠡᠯᠡᠪᠡᠯ᠄ ᠶᠠᠪᠤ - ᠶᠠᠪᠤᠯ᠎ᠠ᠂ ᠶᠠᠪᠤᠯᠤᠭ᠎ᠠ᠂
    ᠮᠡᠳᠡ- ᠮᠡᠳᠡᠯ᠎ᠡ᠂ ᠮᠡᠳᠡᠯᠦᠭᠡ᠂
    ᠰᠠᠭᠤ- ᠰᠠᠭᠤᠯ᠎ᠠ᠂ ᠰᠠᠭᠤᠯᠤᠭ᠎ᠠ᠂
    ᠦᠵᠡ- ᠦᠵᠡᠯ᠎ᠡ᠂ ᠦᠵᠡᠯᠦᠭᠡ᠂
    ᠬᠠᠷᠠ- ᠬᠠᠷᠠᠯ᠎ᠠ᠂ ᠬᠠᠷᠠᠯᠤᠭ᠎ᠠ᠂
    ᠰᠣᠨᠣᠰ- ᠰᠣᠨᠣᠰᠤᠯ᠎ᠠ᠂ ᠰᠣᠨᠣᠰᠤᠯᠤᠭ᠎ᠠ ᠭᠡᠬᠦ ᠮᠡᠲᠦ᠃

    2 ᠦᠢᠯᠡ ᠦᠭᠡ ᠶ᠋ᠢᠨ ᠵᠠᠬᠢᠷᠬᠤ ᠬᠦᠰᠡᠬᠦ ᠬᠡᠯᠪᠡᠷᠢ

ᠦᠢᠯᠡ ᠦᠭᠡ ᠶ᠋ᠢᠨ ᠵᠠᠬᠢᠷᠬᠤ ᠬᠦᠰᠡᠬᠦ ᠬᠡᠯᠪᠡᠷᠢ ᠨᠢ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠡᠵᠡᠨ ᠦ᠌ ᠵᠠᠬᠢᠷᠬᠤ ᠬᠦᠰᠡᠬᠦ ᠪᠤᠶᠤ ᠪᠣᠯᠭᠣᠮᠵᠢᠯᠠᠬᠤ ᠰᠠᠨᠠᠭ᠎ᠠ ᠶ᠋ᠢ ᠢᠯᠡᠷᠡᠭᠦᠯᠬᠦ ᠪᠥᠭᠡᠳ ᠮᠥᠨ ᠥᠭᠦᠯᠡᠪᠦᠷᠢ ᠶ᠋ᠢᠨ ᠤᠳᠬ᠎ᠠ ᠲᠡᠭᠦᠰᠦᠭᠰᠡᠨ ᠥᠭᠦᠯᠡᠬᠦᠨ ᠦ᠌ ᠡᠭᠦᠷᠭᠡ ᠶ᠋ᠢ ᠭᠣᠣᠯᠯᠠᠨ ᠭᠦᠢᠴᠡᠳᠬᠡᠨ᠎ᠡ᠃ ᠡᠢᠮᠦ ᠤᠴᠢᠷ ᠠ᠋ᠴᠠ ᠡᠨᠡ ᠬᠡᠯᠪᠡᠷᠢ ᠶ᠋ᠢ ᠦᠢᠯᠡ ᠦᠭᠡ ᠶ᠋ᠢᠨ ᠲᠡᠭᠦᠰ ᠬᠡᠯᠪᠡᠷᠢ ᠭᠡᠳᠡᠭ᠃
    ᠦᠢᠯᠡ ᠦᠭᠡ ᠶ᠋ᠢᠨ ᠵᠠᠬᠢᠷᠬᠤ ᠬᠦᠰᠡᠬᠦ ᠬᠡᠯᠪᠡᠷᠢ ᠶ᠋ᠢ ᠢᠯᠡᠷᠡᠭᠦᠯᠬᠦ ᠳ᠋ᠦ᠍᠄
    (1) ᠬᠣᠶᠠᠳᠤᠭᠠᠷ ᠪᠡᠶ᠎ᠡ ᠳ᠋ᠦ᠍ ᠰᠢᠭᠤᠳ ᠵᠠᠬᠢᠷᠤᠨ ᠬᠡᠯᠡᠭᠰᠡᠨ ᠤᠳᠬ᠎ᠠ ᠪᠦᠬᠦᠢ ᠦᠢᠯᠡ ᠦᠭᠡ ᠶ᠋ᠢᠨ ᠬᠡᠯᠪᠡᠷᠢ ᠪᠣᠯ ᠶᠠᠮᠠᠷ ᠴᠤ᠌ ᠳᠠᠭᠠᠪᠤᠷᠢ ᠦᠭᠡᠢ ᠦᠢᠯᠡ ᠦᠭᠡ ᠶ᠋ᠢᠨ ᠦᠨᠳᠦᠰᠦ ᠪᠣᠯᠤᠨ᠎ᠠ᠃
    ᠵᠢᠱ᠌ᠢᠶᠡᠯᠡᠪᠡᠯ᠄ ᠶᠠᠪᠤ᠂ ᠰᠤᠷ᠂ ᠳᠠᠪᠰᠢ᠂ ᠦᠵᠡ᠂ ᠣᠴᠢ᠂ ᠣᠯ᠂ ᠠᠪ᠂ ᠰᠣᠨᠣᠰ᠂ ᠥᠭ᠂ ᠦᠢᠯᠡᠳ᠂ ᠭᠠᠷ᠂ ᠡᠭᠦᠷ᠂ ᠭᠦᠶᠦ᠂ ᠬᠥᠷ᠂ ᠵᠢᠪ᠂ ᠲᠤᠨ᠂ ᠬᠥᠪ᠂ ᠲᠠᠯᠪᠢ᠂ ᠪᠣᠯ᠂ ᠪᠢᠴᠢ᠂ ᠵᠢᠷᠤ ᠭᠡᠬᠦ ᠮᠡᠲᠦ᠃
    (2)《᠊ᠬᠲᠤᠨ᠂  ᠊᠊ᠭ᠌᠊᠊ᠲᠦᠨ 》 ᠭᠡᠰᠡᠨ ᠳᠠᠭᠠᠪᠤᠷᠢ ᠪᠠᠷ ᠬᠣᠶᠠᠳᠤᠭᠠᠷ ᠪᠡᠶ᠎ᠡ ᠶ᠋ᠢ ᠬᠦᠨᠳᠦᠳᠬᠡᠨ ᠵᠠᠬᠢᠷᠤᠭᠰᠠᠨ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠶᠠᠪᠤ- ᠶᠠᠪᠤᠭᠲᠤᠨ᠂ ᠳᠠᠪᠠᠰᠢ - ᠳᠠᠪᠰᠢᠬᠲᠤᠨ᠂ ᠰᠣᠨᠣᠰ- ᠰᠣᠨᠣᠰᠤᠭᠲᠤᠨ᠂ ᠬᠥᠭᠵᠢ- ᠬᠥᠭᠵᠢᠭᠲᠦᠨ᠂ ᠠᠪ- ᠠᠪᠤᠭᠲᠤᠨ᠂ ᠦᠢᠯᠡᠳ- ᠦᠢᠯᠡᠳᠦᠭᠲᠦᠨ᠂ ᠰᠤᠷ- ᠰᠤᠷᠤᠭᠲᠤᠨ᠂ ᠭᠠᠷ- ᠭᠠᠷᠤᠭᠲᠤᠨ ᠭᠡᠬᠦ ᠮᠡᠲᠦ᠃
   (3)《᠊ᠭᠠᠷᠠᠢ᠂ ᠬᠡᠷᠡᠢ》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠬᠦ ᠦᠢᠯᠡ ᠪᠠᠢᠳᠠᠯ ᠢ᠋ ᠬᠣᠶᠠᠳᠤᠭᠠᠷ ᠪᠡᠶ᠎ᠡ ᠳ᠋ᠦ᠍ ᠬᠦᠰᠡᠬᠦ ᠪᠤᠶᠤ ᠠᠩᠬᠠᠷᠤᠭᠤᠯᠤᠨ ᠵᠠᠬᠢᠷᠤᠭᠰᠠᠨ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠳᠠᠪᠠᠰᠢ - ᠳᠠᠪᠰᠢᠭᠠᠷᠠᠢ᠂ ᠬᠥᠭᠵᠢ- ᠬᠥᠭᠵᠢᠭᠡᠷᠡᠢ᠂ ᠶᠠᠪᠤ- ᠶᠠᠪᠤᠭᠠᠷᠠᠢ᠂ ᠦᠵᠡ- ᠦᠵᠡᠭᠡᠷᠡᠢ᠂ ᠣᠯ- ᠣᠯᠤᠭᠠᠷᠠᠢ᠂ ᠥᠭ- ᠥᠭᠭᠦᠭᠡᠷᠡᠢ᠂ ᠰᠣᠨᠣᠰ- ᠰᠣᠨᠣᠰᠤᠭᠠᠷᠠᠢ᠂ ᠰᠠᠭᠤ- ᠰᠠᠭᠤᠭᠠᠷᠠᠢ  ᠭᠡᠬᠦ ᠮᠡᠲᠦ᠃
   (4)《᠊ᠭᠠᠴᠢ᠂ ᠊ᠬᠡᠴᠢ》 ᠭᠡᠰᠡᠨ ᠳᠠᠭᠠᠪᠤᠷᠢ ᠪᠡᠷ ᠲᠤᠬᠠᠢ ᠶ᠋ᠢᠨ ᠦᠢᠯᠡ ᠦᠭᠡ ᠪᠡᠷ ᠢᠯᠡᠷᠡᠬᠦ ᠬᠣᠶᠠᠳᠤᠭᠠᠷ ᠪᠡᠶ᠎ᠡ᠎ ᠳ᠋ᠤ᠌ ᠬᠦᠰᠡᠭᠰᠡᠨ ᠤᠳᠬ᠎ᠠ ᠪᠦᠬᠦᠢ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ ᠃
    ᠵᠢᠱ᠌ᠢᠶᠡᠯᠡᠪᠡᠯ᠄ ᠰᠠᠭᠤ- ᠰᠠᠭᠤᠭᠠᠴᠢ᠂ ᠦᠵᠡ-
 ᠦᠵᠡᠭᠡᠴᠢ᠂ ᠤᠩᠰᠢ- ᠤᠩᠰᠢᠭᠠᠴᠢ᠂
 ᠥᠭ- ᠥᠭᠭᠦᠭᠡᠴᠢ᠂ ᠰᠤᠷ-
 ᠰᠣᠷᠣᠭᠠᠴᠢ᠂ ᠦᠢᠯᠡᠳ-ᠦᠢᠯᠡᠳᠦᠭᠡᠴᠢ᠂
 ᠠᠪ- ᠠᠪᠤᠭᠠᠴᠢ᠂ ᠰᠣᠨᠣᠰ- ᠰᠣᠨᠣᠰᠤᠭᠠᠴᠢ ᠭᠡᠬᠦ ᠮᠡᠲᠦ᠃
   (5)《᠊ᠶ᠎ᠠ》 ᠭᠡᠰᠡᠨ ᠳᠠᠭᠠᠪᠤᠷᠢ ᠪᠠᠷ ᠨᠢᠭᠡᠳᠦᠭᠡᠷ ᠪᠡᠶ᠎ᠡ ᠶ᠋ᠢᠨ ᠰᠢᠢᠳᠦᠨ ᠬᠦᠰᠡᠭᠰᠡᠨ ᠤᠳᠬ᠎ᠠ ᠪᠦᠬᠦᠢ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠳᠠᠪᠰᠢ- ᠳᠠᠪᠰᠢᠶ᠎ᠠ᠂ ᠦᠵᠡ-  ᠦᠵᠡᠶ᠎ᠡ᠂
    ᠣᠴᠢ- ᠣᠴᠢᠶ᠎ᠠ᠂ ᠦᠢᠯᠡᠳ - ᠦᠢᠯᠡᠳᠦᠶ᠎ᠡ᠂ 
    ᠰᠤᠷ- ᠰᠤᠷᠤᠶ᠎ᠠ᠂
  ᠪᠢᠴᠢ- ᠪᠢᠴᠢᠶ᠎ᠡ᠂ ᠲᠠᠯᠪᠢ- ᠲᠠᠯᠪᠢᠶ᠎ᠠ᠂
  ᠭᠠᠷ- ᠭᠠᠷᠤᠶ᠎ᠠ ᠭᠡᠬᠦ ᠮᠡᠲᠦ᠃
  (6)《᠊ᠰᠤᠭᠠᠢ᠂ ᠊ᠰᠦᠭᠡᠢ》 ᠭᠡᠰᠡᠨ ᠳᠠᠭᠠᠪᠤᠷᠢ ᠪᠠᠷ ᠮᠥᠨ ᠨᠢᠭᠡᠳᠦᠭᠡᠷ ᠪᠡᠶ᠎ᠡ ᠶ᠋ᠢᠨ ᠰᠢᠢᠳᠦᠨ ᠬᠦᠰᠡᠭᠰᠡᠨ ᠤᠳᠬ᠎ᠠ ᠪᠦᠬᠦᠢ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠤᠩᠰᠢ- ᠤᠩᠰᠢᠰᠤᠭᠠᠢ᠂ 
    ᠪᠢᠴᠢ- ᠪᠢᠴᠢᠰᠦᠭᠡᠢ᠂
    ᠰᠤᠷ- ᠰᠤᠷᠰᠤᠭᠠᠢ᠂ ᠦᠵᠡ- ᠦᠵᠡᠰᠦᠭᠡᠢ᠂
    ᠣᠴᠢ- ᠣᠴᠢᠰᠤᠭᠠᠢ᠂ ᠥᠭ- ᠥᠭᠰᠦᠭᠡᠢ᠂
    ᠶᠠᠪᠤ- ᠶᠠᠪᠤᠰᠤᠭᠠᠢ᠂ ᠵᠢᠷᠤ- ᠵᠢᠷᠤᠰᠤᠭᠠᠢ ᠭᠡᠬᠦ ᠮᠡᠲᠦ᠃
  (7)《᠊ᠭᠠᠰᠠᠢ᠂ ᠊ᠭᠡᠰᠡᠢ》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠢ᠋ ᠬᠣᠶᠠᠳᠤᠭᠠᠷ ᠭᠤᠷᠪᠠᠳᠤᠭᠠᠷ ᠪᠡᠶ᠎ᠡ ᠡᠴᠡ ᠭᠦᠢᠴᠡᠳᠬᠡᠬᠦ ᠶ᠋ᠢ ᠮᠥᠷᠥᠭᠡᠳᠦᠨ ᠬᠦᠰᠡᠭᠰᠡᠨ ᠤᠳᠬ᠎ᠠ ᠪᠦᠬᠦᠢ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠰᠤᠷ- ᠰᠤᠷᠤᠭᠠᠰᠠᠢ᠂ ᠦᠵᠡ- ᠦᠵᠡᠭᠡᠰᠡᠢ᠂
    ᠶᠠᠪᠤ- ᠶᠠᠪᠤᠭᠠᠰᠠᠢ᠂ ᠬᠥᠭᠵᠢ- ᠬᠥᠭᠵᠢᠭᠡᠰᠡᠢ᠂
    ᠣᠯ- ᠣᠯᠤᠭᠠᠰᠠᠢ᠂ ᠦᠢᠯᠡᠳ- ᠦᠢᠯᠡᠳᠦᠭᠡᠰᠡᠢ᠂
    ᠪᠢᠴᠢ- ᠪᠢᠴᠢᠭᠡᠰᠡᠢ᠂ ᠵᠢᠷᠤ- ᠵᠢᠷᠤᠭᠠᠰᠠᠢ᠂ ᠭᠡᠬᠦ ᠮᠡᠲᠦ᠃
   (8)《᠊ᠬ ᠊ᠭ᠌》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠢ᠋ ᠭᠤᠷᠪᠠᠳᠤᠭᠠᠷ ᠪᠡᠶ᠎ᠡ ᠡᠴᠡ ᠭᠦᠢᠴᠡᠳᠭᠡ ᠭᠡᠵᠦ ᠵᠥᠪᠰᠢᠶᠡᠷᠡᠨ ᠬᠦᠰᠡᠭᠰᠡᠨ ᠤᠳᠬ᠎ᠠ ᠪᠦᠬᠦᠢ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠶᠠᠪᠤ- ᠶᠠᠪᠤᠭ᠂ ᠦᠵᠡ- ᠦᠵᠡᠭ᠂
  ᠤᠩᠰᠢ- ᠤᠩᠰᠢᠭ᠂ ᠭᠥᠭᠵᠢ- ᠬᠥᠭᠵᠢᠭ᠂
  ᠣᠯ- ᠣᠯᠤᠭ᠂ ᠥᠭ- ᠦᠭᠭᠦᠭ᠂
   ᠳᠠᠪᠠᠰᠢ- ᠳᠠᠪᠰᠢᠭ᠂ ᠰᠣᠨᠣᠰ- ᠰᠣᠨᠣᠰᠤᠭ ᠭᠡᠬᠦ ᠮᠡᠲᠦ᠃
   (9)《᠊ᠲᠤᠭᠠᠢ ᠊ᠲᠦᠭᠡᠢ》ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠢ᠋ ᠬᠣᠶᠠᠳᠤᠭᠠᠷ ᠭᠤᠷᠪᠠᠳᠤᠭᠠᠷ ᠪᠡᠶ᠎ᠡ ᠡᠴᠡ ᠭᠦᠢᠴᠡᠳᠬᠡᠬᠦ ᠪᠣᠯᠲᠤᠭᠠᠢ ᠭᠡᠵᠦ ᠬᠦᠰᠡᠭᠰᠡᠨ ᠤᠳᠬ᠎ᠠ ᠪᠦᠬᠦᠢ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠶᠠᠪᠤ - ᠶᠠᠪᠤᠲᠤᠭᠠᠢ ᠬᠥᠭᠵᠢ- ᠬᠥᠭᠵᠢᠲᠦᠭᠡᠢ᠂
    ᠪᠠᠳᠠᠷᠠ- ᠪᠠᠳᠠᠷᠠᠲᠤᠭᠠᠢ᠂ ᠡᠭᠦᠷ- ᠡᠭᠦᠷᠲᠦᠭᠡᠢ᠂
    ᠰᠠᠢᠵᠢᠷᠠ- ᠰᠠᠢᠵᠢᠷᠠᠲᠤᠭᠠᠢ᠂ ᠦᠵᠡ- ᠦᠵᠡᠲᠦᠭᠡᠢ᠂
    ᠬᠡᠯᠡ- ᠬᠡᠯᠡᠲᠦᠭᠡᠢ᠂ ᠬᠠᠯᠠ- ᠬᠠᠯᠠᠲᠤᠭᠠᠢ ᠭᠡᠬᠦ ᠮᠡᠲᠦ᠃
   (10)《᠊ᠭᠤᠵᠠᠢ᠂᠊ᠭᠦᠵᠡᠢ》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠢ᠋ ᠬᠣᠶᠠᠳᠤᠭᠠᠷ ᠪᠤᠶᠤ ᠭᠤᠷᠪᠠᠳᠤᠭᠠᠷ ᠪᠡᠶ᠎ᠡ ᠡᠴᠡ ᠭᠦᠢᠴᠡᠳᠬᠡᠭᠦᠵᠡᠢ ᠭᠡᠵᠦ ᠰᠡᠷᠡᠮᠵᠢᠯᠡᠨ ᠪᠣᠯᠭᠣᠮᠵᠢᠯᠠᠭᠰᠠᠨ ᠤᠳᠬ᠎ᠠ ᠪᠦᠬᠦᠢ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠠᠪ- ᠠᠪᠤᠭᠤᠵᠠᠢ᠂ ᠦᠵᠡ- ᠦᠵᠡᠭᠦᠵᠡᠢ᠂
    ᠰᠣᠨᠣᠰ- ᠰᠣᠨᠣᠰᠤᠭᠤᠵᠠᠢ᠂ᠬᠥᠷ- ᠭᠥᠷᠥᠭᠦᠵᠡᠢ᠂
    ᠶᠠᠪᠤ- ᠶᠠᠪᠤᠭᠤᠵᠠᠢ᠂ ᠢᠷ᠎ᠡ- ᠢᠷᠡᠭᠦᠵᠡᠢ᠂
    ᠣᠯ- ᠣᠯᠤᠭᠤᠵᠠᠢ᠂ ᠠᠯᠲᠠ- ᠠᠯᠳᠠᠭᠤᠵᠠᠢ ᠭᠡᠬᠦ ᠮᠡᠲᠦ᠃
    ᠮᠣᠩᠭᠣᠯ ᠬᠡᠯᠡᠨ ᠦ᠌ ᠵᠠᠬᠢᠷᠬᠤ ᠬᠦᠰᠡᠬᠦ ᠪᠣᠯᠭᠣᠮᠵᠢᠯᠠᠬᠤ ᠦᠢᠯᠡ ᠦᠭᠡ ᠶ᠋ᠢᠨ ᠡᠮᠦᠨ᠎ᠡ《ᠪᠤᠤ᠂ ᠪᠢᠲᠡᠭᠡᠢ᠂ ᠦᠯᠦ᠂ ᠡᠰᠡ᠂》 ᠭᠡᠰᠡᠨ ᠰᠤᠯᠠ ᠦᠭᠡ ᠶ᠋ᠢ ᠬᠡᠷᠡᠭᠯᠡᠵᠦ ᠬᠣᠷᠢᠭᠯᠠᠬᠤ ᠰᠠᠨᠠᠭ᠎ᠠ ᠶ᠋ᠢ ᠢᠯᠡᠳᠬᠡᠵᠦ ᠪᠣᠯᠤᠨ᠎ᠠ᠃
    ᠵᠢᠱ᠌ᠢᠶᠡᠯᠡᠪᠡᠯ᠄ ᠪᠦᠦ ᠶᠠᠪᠤ᠂ ᠪᠢᠲᠡᠭᠡᠢ ᠣᠴᠢ᠂ ᠡᠰᠡ ᠢᠷᠡᠭᠦᠵᠡᠢ᠂ ᠦᠯᠦ ᠮᠡᠳᠡᠭᠦᠵᠡᠢ ᠭᠡᠬᠦ ᠮᠡᠲᠦ᠃

    3· ᠨᠥᠬᠥᠴᠡᠯ ᠦᠢᠯᠡ ᠦᠭᠡ ᠶ᠋ᠢᠨ ᠬᠡᠯᠪᠡᠷᠢ
    ᠨᠥᠬᠥᠴᠡᠯ ᠦᠢᠯᠡ ᠦᠭᠡ ᠶ᠋ᠢᠨ ᠬᠡᠯᠪᠡᠷᠢ ᠨᠢ ᠨᠥᠭᠦᠭᠡ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠨᠥᠬᠥᠴᠡᠯ ᠰᠢᠯᠲᠠᠭᠠᠨ ᠢ᠋ ᠵᠢᠭᠠᠭᠰᠠᠨ ᠦᠢᠯᠡ ᠪᠠᠢᠳᠠᠯ ᠪᠤᠶᠤ ᠲᠡᠭᠦᠨ ᠲᠡᠢ ᠵᠡᠷᠭᠡᠴᠡᠵᠦ ᠤᠷᠢᠳᠴᠢᠯᠠᠵᠤ᠂ ᠬᠠᠮᠲᠤ ᠪᠣᠯᠤᠭᠰᠠᠨ ᠦᠢᠯᠡ ᠪᠠᠢᠳᠠᠯ ᠢ᠋ ᠢᠯᠡᠷᠡᠭᠦᠯᠬᠦ ᠪᠥᠭᠡᠳ ᠥᠭᠦᠯᠡᠪᠦᠷᠢ ᠶ᠋ᠢᠨ ᠤᠳᠬ᠎ᠠ ᠲᠡᠭᠦᠰᠦᠭᠰᠡᠨ ᠥᠭᠦᠯᠡᠬᠦᠨ ᠦ᠌ ᠡᠭᠦᠷᠭᠡ ᠶ᠋ᠢ ᠭᠦᠢᠴᠡᠳᠬᠡᠵᠦ ᠴᠢᠳᠠᠳᠠᠭ ᠦᠭᠡᠢ᠂ ᠵᠥᠪᠬᠡᠨ ᠴᠠᠭ ᠨᠥᠬᠥᠴᠡᠯ ᠰᠢᠯᠲᠠᠭᠠᠨ ᠢ᠋ ᠵᠢᠭᠠᠭᠰᠠᠨ ᠪᠠᠢᠴᠠ ᠪᠤᠶᠤ ᠡᠩ ᠦ᠋ᠨ ᠥᠭᠦᠯᠡᠪᠦᠷᠢ ᠪᠠ ᠡᠩ ᠦ᠋ᠨ ᠨᠡᠢᠯᠡᠮᠡᠯ ᠥᠭᠦᠯᠡᠪᠦᠷᠢ ᠶ᠋ᠢᠨ ᠡᠴᠦᠰ ᠦ᠋ᠨ ᠪᠤᠰᠤ ᠥᠭᠦᠯᠡᠬᠦᠨ᠂ ᠮᠥᠨ ᠭᠡᠰᠢᠭᠦᠨ ᠥᠭᠦᠯᠡᠪᠦᠷᠢ ᠶ᠋ᠢᠨ ᠥᠭᠦᠯᠡᠬᠦᠨ ᠦ᠌ ᠡᠭᠦᠷᠭᠡ ᠶ᠋ᠢ ᠭᠦᠢᠴᠡᠳᠬᠡᠨ᠎ᠡ᠃ ᠡᠢᠮᠦ ᠤᠴᠢᠷ ᠠ᠋ᠴᠠ ᠨᠥᠬᠥᠴᠡᠯ ᠦᠢᠯᠡ ᠦᠭᠡ ᠶ᠋ᠢᠨ ᠬᠡᠯᠪᠡᠷᠢ ᠶ᠋ᠢ ᠵᠠᠷᠢᠮ ᠳ᠋ᠠᠭᠠᠨ ᠲᠡᠭᠦᠰ ᠪᠤᠰᠤ ᠬᠡᠯᠪᠡᠷᠢ ᠭᠡᠵᠦ ᠨᠡᠷᠡᠯᠡᠳᠡᠭ᠃
    ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠦ ᠨᠢ᠄
    (1)《᠊ᠵᠣ᠌᠂ ᠴᠦ᠍》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠲᠠᠢ ᠪᠠᠨ ᠵᠡᠷᠭᠡᠴᠡᠵᠦ ᠪᠣᠯᠤᠭᠰᠠᠨ ᠪᠤᠶᠤ ᠪᠣᠯᠬᠤ ᠦᠢᠯᠡ ᠪᠠᠢᠳᠠᠯ ᠢ᠋ ᠵᠢᠭᠠᠭᠰᠠᠨ ᠵᠡᠷᠭᠡᠴᠡᠬᠦ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄   ᠰᠤᠷ- ᠰᠤᠷᠴᠤ᠂ ᠥᠭ- ᠥᠭᠴᠦ
 ᠪᠠᠳᠠᠷᠠ- ᠪᠠᠳᠠᠷᠠᠵᠤ᠂ ᠬᠥᠭᠵᠢ- ᠬᠥᠭᠵᠢᠵᠦ
  ᠰᠠᠢᠵᠢᠷᠠ- ᠰᠠᠢᠵᠢᠷᠠᠵᠤ᠂ ᠳᠡᠭᠡᠭᠰᠢᠯᠡ- ᠳᠡᠭᠡᠭᠰᠢᠯᠡᠵᠦ᠂
ᠲᠠᠪᠰᠢ- ᠳᠠᠪᠰᠢᠵᠤ᠂ᠥᠭᠡᠳᠡᠯᠡ- ᠥᠭᠡᠳᠡᠯᠡᠵᠦ ᠭᠡᠬᠦ ᠮᠡᠲᠦ᠃
    (2)《᠊᠊ᠭᠠᠳ᠂᠊᠊ᠭᠡᠳ》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠠ᠋ᠴᠠ ᠪᠠᠨ ᠤᠷᠢᠳᠴᠢᠯᠠᠵᠤ ᠪᠣᠯᠤᠭᠰᠠᠨ ᠪᠤᠶᠤ ᠪᠣᠯᠬᠤ ᠦᠢᠯᠡ ᠪᠠᠢᠳᠠᠯ ᠢ᠋ ᠵᠢᠭᠠᠭᠰᠠᠨ ᠤᠷᠢᠳᠴᠢᠯᠠᠬᠤ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠠᠪ - ᠠᠪᠤᠭᠠᠳ᠂ ᠦᠵᠡ - ᠦᠵᠡᠭᠡᠳ᠂
    ᠰᠣᠨᠣᠰ - ᠰᠣᠨᠣᠰᠤᠭᠠᠳ᠂ ᠬᠥᠷ - ᠬᠦᠷᠦᠭᠡᠳ᠂
    ᠰᠤᠷ - ᠰᠤᠷᠤᠭᠠᠳ᠂ ᠬᠥᠭᠵᠢ - ᠬᠥᠭᠵᠢᠭᠡᠳ᠂
    ᠭᠠᠷ - ᠭᠠᠷᠤᠭᠠᠳ᠂ ᠶᠠᠪᠤ - ᠶᠠᠪᠤᠭᠠᠳ᠂ ᠭᠡᠬᠦ ᠮᠡᠲᠦ᠃
    (3)《᠊᠊ᠨ》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠲᠠᠢ ᠨᠢᠭᠡᠨ ᠬᠠᠮᠲᠤ ᠪᠣᠯᠤᠭᠰᠠᠨ ᠪᠤᠶᠤ ᠪᠣᠯᠬᠤ ᠦᠢᠯᠡ ᠪᠠᠢᠳᠠᠯ ᠢ᠋ ᠵᠢᠭᠠᠭᠰᠠᠨ ᠬᠠᠮ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠲᠡᠪᠰᠢ - ᠳᠠᠪᠰᠢᠨ᠂ ᠦᠵᠡ - ᠦᠵᠡᠨ᠂
    ᠣᠯ - ᠣᠯᠤᠨ᠂ ᠥᠭ- ᠦᠭᠭᠦᠨ᠂
    ᠠᠪ - ᠠᠪᠤᠨ᠂ ᠬᠥᠭᠵᠢ- ᠬᠥᠭᠵᠢᠨ᠂
    ᠭᠠᠷ - ᠭᠠᠷᠤᠨ᠂ ᠶᠠᠪᠤ ᠶᠠᠪᠤᠨ - ᠭᠡᠬᠦ ᠮᠡᠲᠦ᠃
    (4) 《ᠪᠠᠯ(ᠪᠠᠰᠤ᠂ ᠊ᠬᠤᠯ᠎ᠠ ᠊ᠬᠥᠯ᠎ᠡ)》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠤ᠋ᠨ ᠢ᠋ᠶ᠋ᠠᠨ ᠪᠣᠯᠵᠣᠯ ᠢ᠋ ᠵᠢᠭᠠᠭᠰᠠᠨ ᠪᠣᠯᠵᠣᠬᠤ ᠨᠥᠬᠥᠴᠡᠯ ᠦᠢᠯᠡ ᠦᠭᠡ ᠡᠭᠦᠰᠬᠡᠨ᠎ᠡ᠃
    ᠵᠢᠱ᠌ᠢᠶᠡᠯᠡᠪᠡᠯ᠄ ᠶᠠᠪᠤ- ᠶᠠᠪᠤᠪᠠᠯ᠂ ᠶᠠᠪᠤᠪᠠᠰᠤ᠂ ᠶᠠᠪᠤᠬᠤᠯ᠎ᠠ᠂
    ᠦᠵᠡ- ᠦᠵᠡᠪᠡᠯ᠂ ᠦᠵᠡᠪᠡᠰᠦ᠂ ᠦᠵᠡᠬᠦᠯ᠎ᠡ᠂
    ᠰᠤᠷ- ᠰᠤᠷᠪᠠᠯ᠂ ᠰᠤᠷᠪᠠᠰᠤ᠂ᠰᠤᠷᠬᠤᠯ᠎ᠠ᠂
    ᠣᠯ- ᠣᠯᠪᠠᠯ᠂ ᠣᠯᠪᠠᠰᠤ᠂ ᠣᠯᠬᠤᠯ᠎ᠠ ᠭᠡᠬᠦ ᠮᠡᠲᠦ᠃

    (5)《᠊᠊ᠪᠠᠴᠤ》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠬᠦ ᠦᠢᠯᠡ ᠪᠠᠢᠳᠠᠯ ᠢ᠋ ᠭᠦᠢᠴᠡᠳᠬᠡᠪᠡᠴᠦ ᠬᠦᠰᠡᠭᠰᠡᠨ ᠦᠷ᠎ᠡ ᠳ᠋ᠦᠩ ᠨᠢ ᠦᠯᠦ ᠭᠠᠷᠬᠤ ᠰᠠᠨᠠᠭ᠎ᠠ ᠶ᠋ᠢ ᠵᠢᠭᠠᠭᠰᠠᠨ ᠳᠤᠲᠠᠭᠳᠠᠬᠤ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠰᠤᠷ- ᠰᠤᠷᠪᠠᠴᠤ᠂
   ᠦᠵᠡ- ᠦᠵᠡᠪᠡᠴᠦ᠂ 
   ᠠᠪ- ᠠᠪᠤᠪᠠᠴᠤ᠂ ᠥᠭ- ᠥᠭᠪᠡᠴᠦ
   ᠣᠯ- ᠣᠯᠪᠠᠴᠤ᠂ ᠬᠡᠯᠡ- ᠬᠡᠯᠡᠪᠡᠴᠦ᠂
   ᠭᠠᠷ- ᠭᠠᠷᠪᠠᠴᠤ᠂ ᠪᠢᠴᠢ- ᠪᠢᠴᠢᠪᠡᠴᠦ ᠭᠡᠬᠦ ᠮᠡᠲᠦ᠃
    (6)《᠊ᠳᠠᠯ᠎ᠠ》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠢ᠋ᠶ᠋ᠠᠨ ᠤᠭᠲᠤᠭᠤᠯᠤᠨ ᠬᠦᠯᠢᠶᠡᠯᠭᠡᠭᠰᠡᠨ ᠪᠤᠶᠤ ᠬᠦᠯᠢᠶᠡᠬᠦ ᠦᠢᠯᠡ ᠪᠠᠢᠳᠠᠯ ᠢ᠋ ᠵᠢᠭᠠᠭᠰᠠᠨ ᠤᠭᠲᠤᠬᠤ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃    
    ᠵᠢᠱ᠌ᠢᠶᠡᠯᠡᠪᠡᠯ᠄ ᠰᠤᠷ- ᠰᠤᠷᠲᠠᠯ᠎ᠠ᠂ ᠦᠵᠡ- ᠦᠵᠡᠲᠡᠯ᠎ᠡ᠂ ᠶᠠᠪᠤ- ᠶᠠᠪᠤᠲᠠᠯ᠎ᠠ᠂ ᠬᠥᠷ - ᠬᠦᠷᠲᠡᠯ᠎ᠡ᠂
    ᠣᠯ- ᠣᠯᠲᠠᠯ᠎ᠠ᠂
    ᠬᠡᠯᠡ- ᠬᠡᠯᠡᠲᠡᠯ᠎ᠡ᠂
    ᠭᠠᠷ-ᠭᠠᠷᠲᠠᠯ᠎ᠠ᠂
    ᠳᠤᠯ- ᠲᠤᠯᠲᠠᠯ᠎ᠠ ᠭᠡᠬᠦ ᠮᠡᠲᠦ
    (7)《᠊ᠮᠠᠭᠴᠠ᠂᠊ᠮᠡᠭᠴᠡ》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠳ᠋ᠤ᠌ ᠳᠠᠷᠤᠢ ᠪᠡᠯᠡᠳᠬᠡᠭᠰᠡᠨ ᠪᠤᠶᠤ ᠪᠡᠯᠡᠳᠬᠡᠬᠦ ᠦᠢᠯᠡ ᠪᠠᠢᠳᠠᠯ ᠢ᠋ ᠵᠢᠭᠠᠭᠰᠠᠨ ᠪᠡᠯᠡᠳᠬᠡᠬᠦ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄
ᠲᠡᠪᠰᠢ- ᠳᠠᠪᠰᠢᠮᠠᠭᠴᠠ᠂
ᠦᠵᠡ- ᠦᠵᠡᠮᠡᠭᠴᠡ᠂
ᠰᠤᠷ- ᠰᠤᠷᠤᠮᠠᠭᠴᠠ᠂
ᠬᠥᠷ- ᠬᠦᠷᠦᠮᠡᠭᠴᠡ᠂
ᠣᠯ- ᠣᠯᠤᠮᠠᠭᠴᠠ᠂
ᠥᠭ- ᠥᠭᠭᠦᠮᠡᠭᠴᠡ᠂
ᠭᠠᠷ- ᠭᠠᠷᠤᠮᠠᠭᠴᠠ᠂
ᠠᠪ- ᠠᠪᠤᠮᠠᠭᠴᠠ ᠭᠡᠬᠦ ᠮᠡᠲᠦ᠃
    (8)《᠊ᠭᠰᠠᠭᠠᠷ᠂ ᠊ᠭ᠌ᠰᠡᠭᠡᠷ》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠢ᠋ᠶ᠋ᠠᠨ ᠪᠣᠯᠲᠠᠯ᠎ᠠ ᠦᠷᠭᠦᠯᠵᠢᠯᠡᠭᠰᠡᠨ ᠪᠤᠶᠤ ᠦᠷᠭᠦᠯᠵᠢᠯᠡᠬᠦ᠂ ᠡᠰᠡᠬᠦᠯ᠎ᠡ ᠭᠣᠣᠯ ᠦᠢᠯᠡ ᠪᠠᠢᠳᠠᠯ ᠳ᠋ᠤ᠌ ᠪᠡᠯᠡᠳᠬᠡᠭᠰᠡᠨ ᠪᠤᠶᠤ ᠪᠡᠯᠡᠳᠬᠡᠬᠦ ᠦᠢᠯᠡ ᠪᠠᠢᠳᠠᠯ ᠢ᠋ ᠵᠢᠭᠠᠭᠰᠠᠨ ᠦᠷᠭᠦᠯᠵᠢᠯᠡᠬᠦ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠦᠨ᠎ᠡ᠃
    ᠵᠢᠱ᠌ᠢᠶᠡᠯᠡᠪᠡᠯ᠄
    ᠲᠠᠪᠰᠢ- ᠲᠠᠪᠰᠢᠭᠰᠠᠭᠠᠷ᠂ 
    ᠦᠰ- ᠥᠰᠦᠭᠰᠡᠭᠡᠷ᠂
    ᠠᠪ- ᠠᠪᠤᠭᠰᠠᠭᠠᠷ᠂
    ᠥᠭ- ᠥᠭᠭᠦᠭᠰᠡᠭᠡᠷ᠂
    ᠶᠠᠪᠤ- ᠶᠠᠪᠤᠭᠰᠠᠭᠠᠷ᠂
    ᠬᠥᠭᠵᠢ- ᠬᠥᠭᠵᠢᠭᠰᠡᠭᠡᠷ᠂
    ᠭᠠᠷ- ᠭᠠᠷᠤᠭᠰᠠᠭᠠᠷ᠂
ᠪᠢᠴᠢ- ᠪᠢᠴᠢᠭᠰᠡᠭᠡᠷ ᠭᠡᠬᠦ ᠮᠡᠲᠦ᠃
   (9)《᠊ᠬᠤᠶ᠎ᠠ᠂᠊ᠬᠥᠶ᠎ᠡ (᠊ᠷ᠎ᠡ )》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠤ᠋ᠨ ᠢ᠋ᠶ᠋ᠠᠨ ᠵᠣᠷᠢᠯᠭ᠎ᠠ ᠶ᠋ᠢ ᠵᠢᠭᠠᠭᠰᠠᠨ ᠵᠣᠷᠢᠬᠤ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠰᠣᠨᠣᠰ- ᠰᠣᠨᠣᠰᠬᠤᠶ᠎ᠠ᠂ ᠦᠵᠡ- ᠦᠵᠡᠬᠦᠶ᠎ᠡ᠂
    ᠲᠠᠢᠯ- ᠲᠠᠢᠯᠬᠤᠶ᠎ᠠ᠂ ᠥᠭ- ᠥᠭᠭᠦᠶ᠎ᠡ᠂
    ᠠᠪ- ᠠᠪᠬᠤᠶ᠎ᠠ- ᠠᠪᠤᠷ᠎ᠠ᠂
    ᠭᠠᠷ- ᠭᠠᠷᠬᠤᠶ᠎ᠠ᠂
    ᠪᠢᠴᠢ- ᠪᠢᠴᠢᠬᠦᠶ᠎ᠡ- ᠪᠢᠴᠢᠷ᠎ᠡ ᠭᠡᠬᠦ ᠮᠡᠲᠦ᠃
    (10)《᠊ᠬᠤᠯᠠᠷ᠂᠊ᠬᠦᠯᠡᠷ》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠢ᠋ᠶ᠋ᠠᠨ ᠳᠠᠭᠠᠯᠳᠤᠵᠤ ᠪᠦᠲᠦᠬᠦ ᠦᠢᠯᠡ ᠪᠠᠢᠳᠠᠯ ᠢ᠋ ᠵᠢᠭᠠᠭᠰᠠᠨ ᠳᠠᠭᠠᠯᠳᠤᠬᠤ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠠᠪ- ᠠᠪᠬᠤᠯᠠᠷ᠂ ᠦᠵᠡ- ᠦᠵᠡᠬᠦᠯᠡᠷ᠂
    ᠶᠠᠪᠤ- ᠶᠠᠪᠤᠬᠤᠯᠠᠷ᠂ ᠬᠡᠯᠡ- ᠬᠡᠯᠡᠬᠦᠯᠡᠷ᠂
    ᠬᠠᠷᠠ- ᠬᠠᠷᠠᠬᠤᠯᠠᠷ᠂ ᠦᠰ- ᠥᠰᠬᠦᠯᠡᠷ᠂
    ᠰᠤᠷ- ᠰᠤᠷᠬᠤᠯᠠᠷ᠂ ᠪᠢᠴᠢ- ᠪᠢᠴᠢᠬᠦᠯᠡᠷ ᠭᠡᠬᠦ ᠮᠡᠲᠦ᠃
    (11)《᠊ᠩ᠊ᠭᠤᠳᠠ᠂᠊ᠩ᠊ᠭᠦᠳᠡ᠂ ᠊ᠩ᠊ᠭᠠᠨ᠂ ᠊ᠩ᠊ᠭᠡᠨ》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠢ᠋ ᠳᠠᠯᠢᠮᠳᠠᠨ ᠭᠦᠢᠴᠡᠳᠬᠡᠬᠦ ᠦᠢᠯᠡ ᠪᠠᠢᠳᠠᠯ ᠢ᠋ ᠵᠢᠭᠠᠭᠰᠠᠨ ᠳᠠᠯᠢᠮᠳᠠᠬᠤ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠬᠠᠷᠠ- ᠬᠠᠷᠠᠩᠭᠤᠲᠠ᠂ ᠬᠠᠷᠠᠩᠭᠠᠨ᠂
    ᠥᠭ- ᠥᠭᠭᠦᠩᠬᠦᠲᠡ᠂ ᠥᠭᠭᠥᠩᠭᠡᠨ᠂
    ᠭᠠᠷ- ᠭᠠᠷᠤᠩᠭᠤᠲᠠ᠂ ᠭᠠᠷᠤᠩᠭᠠᠨ᠂
    ᠣᠴᠢ- ᠣᠴᠢᠩᠭᠤᠲᠠ᠂ ᠣᠴᠢᠩᠭᠠᠨ ᠭᠡᠬᠦ ᠮᠡᠲᠦ᠃
    (12)《᠊ᠮᠠᠵᠢᠨ᠂  ᠊ᠮᠠᠨᠵᠢᠨ》 ᠭᠡᠰᠡᠨ ᠳᠠᠭᠠᠪᠤᠷᠢ ᠪᠠᠷ ᠭᠣᠣᠯ ᠦᠢᠯᠡ ᠪᠠᠢᠳᠠᠯ ᠢ ᠭᠦᠢᠴᠡᠳᠬᠡᠬᠦ ᠳ᠋ᠦ᠍ ᠮᠠᠭᠠᠳᠯᠠᠬᠤ ᠦᠢᠯᠡ ᠪᠠᠢᠳᠠᠯ ᠢ᠋ ᠵᠢᠭᠠᠭᠰᠠᠨ ᠮᠠᠭᠠᠳᠯᠠᠬᠤ ᠨᠥᠬᠥᠴᠡᠯ ᠦᠢᠯᠡ ᠦᠭᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠠᠪ- ᠠᠪᠤᠮᠠᠵᠢᠨ᠂ ᠠᠪᠤᠮᠠᠨᠵᠢᠨ᠂
    ᠪᠢᠴᠢ- ᠪᠢᠴᠢᠮᠡᠵᠢᠨ᠂ ᠪᠢᠴᠢᠮᠡᠨᠵᠢᠨ᠂
    ᠰᠤᠷ- ᠰᠤᠷᠮᠠᠵᠢᠨ᠂ ᠰᠤᠷᠤᠮᠠᠨᠵᠢᠨ᠂
    ᠲᠠᠪᠰᠢ- ᠳᠠᠪᠰᠢᠮᠠᠵᠢᠨ᠂ ᠲᠠᠪᠰᠢᠮᠠᠨᠵᠢᠨ ᠭᠡᠬᠦ ᠮᠡᠲᠦ᠃

4 ᠲᠡᠮᠳᠡᠭ ᠦᠢᠯᠡ ᠶ᠋ᠢᠨ ᠬᠡᠯᠪᠡᠷᠢ
   ᠲᠡᠮᠳᠡᠭ ᠦᠢᠯᠡ ᠶ᠋ᠢᠨ ᠬᠡᠯᠪᠡᠷᠢ ᠨᠢ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠴᠠᠭ ᠢ᠋ ᠵᠢᠭᠠᠵᠤ ᠴᠢᠳᠠᠬᠤ ᠠ᠋ᠴᠠ ᠭᠠᠳᠠᠨ᠎ᠠ᠂ ᠬᠣᠯᠪᠣᠭᠳᠠᠬᠤ ᠬᠥᠮᠦᠨ ᠶᠠᠭᠤᠮ᠎ᠠ ᠶ᠋ᠢᠨ ᠦᠢᠯᠡ ᠶ᠋ᠢᠨ ᠪᠡᠯᠭᠡ ᠲᠡᠮᠳᠡᠭ ᠢ᠋ ᠪᠠᠰᠠ ᠵᠢᠭᠠᠯᠴᠠᠵᠦ ᠴᠢᠳᠠᠨ᠎ᠠ᠃ ᠲᠡᠮᠳᠡᠭ ᠦᠢᠯᠡ ᠨᠢ ᠲᠡᠢᠨ ᠢᠯᠭᠠᠯ  ᠢ᠋ᠶ᠋ᠠᠷ ᠪᠦᠷᠢᠨ ᠢᠯᠭᠠᠯᠯᠠᠭᠳᠠᠵᠤ᠂ ᠥᠭᠦᠯᠡᠪᠦᠷᠢ ᠶ᠋ᠢᠨ ᠶᠠᠮᠠᠷ ᠴᠤ᠌ ᠭᠡᠰᠢᠭᠦᠨ ᠦ᠌ ᠡᠭᠦᠷᠭᠡ ᠶ᠋ᠢ ᠭᠦᠢᠴᠡᠳᠬᠡᠵᠦ ᠴᠢᠳᠠᠬᠤ ᠲᠤᠯᠠ ᠦᠢᠯᠡ ᠦᠭᠡ᠂
ᠨᠡᠷ᠎ᠡ ᠦᠭᠡ ᠶ᠋ᠢᠨ ᠠᠯᠢ ᠠᠯᠢᠨ ᠤ᠋ ᠬᠢ ᠴᠢᠨᠠᠷ ᠢ᠋ ᠪᠦᠷ ᠬᠠᠳᠠᠭᠠᠯᠠᠭᠰᠠᠨ ᠪᠠᠢᠳᠠᠭ᠃ ᠡᠢᠮᠦ ᠤᠴᠢᠷ ᠠ᠋ᠴᠠ ᠲᠡᠮᠳᠡᠭ ᠦᠢᠯᠡ ᠶ᠋ᠢᠨ ᠬᠡᠯᠪᠡᠷᠢ ᠶ᠋ᠢ ᠲᠡᠭᠦᠰ ᠪᠤᠰᠤ ᠬᠡᠯᠪᠡᠷᠢ ᠭᠡᠵᠦ ᠨᠡᠷᠡᠯᠡᠳᠡᠭ ᠶᠤᠮ᠃
    ᠲᠡᠮᠳᠡᠭ ᠦᠢᠯᠡ ᠶ᠋ᠢᠨ ᠬᠡᠯᠪᠡᠷᠢ ᠡᠭᠦᠰᠬᠦ ᠨᠢ᠄
    (1)《᠊ᠭᠰᠠᠨ᠂᠊ᠭ᠌ᠰᠡᠨ》 ᠭᠡᠰᠡᠨ ᠳᠠᠭᠠᠪᠤᠷᠢ ᠪᠠᠷ ᠥᠩᠭᠡᠷᠡᠨ ᠲᠡᠭᠦᠰᠦᠭᠰᠡᠨ ᠴᠠᠭ ᠢ᠋ ᠵᠢᠭᠠᠭᠰᠠᠨ ᠲᠡᠮᠳᠡᠭ ᠦᠢᠯᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠲᠠᠪᠰᠢ- ᠳᠠᠪᠰᠢᠭᠰᠠᠨ᠂ ᠦᠵᠡ- ᠦᠵᠡᠭᠰᠡᠨ᠂᠊
   ᠰᠤᠷ- ᠰᠤᠷᠤᠭᠰᠠᠨ ᠂ ᠥᠭ - ᠥᠭᠭᠦᠭᠰᠡᠨ᠂
    ᠣᠴᠢ- ᠣᠴᠢᠭᠰᠠᠨ᠂ ᠭᠥᠭᠵᠢ- ᠬᠥᠭᠵᠢᠭᠰᠡᠨ᠂
   ᠭᠠᠷ- ᠭᠠᠷᠤᠭᠰᠠᠨ ᠂ ᠶᠠᠪᠤ- ᠶᠠᠪᠤᠭᠰᠠᠨ ᠭᠡᠬᠦ ᠮᠡᠲᠦ᠃
    (2)《᠊ᠭ᠎ᠠ᠂ ᠊᠊ᠬᠡ》 ᠭᠡᠰᠡᠨ ᠳᠠᠭᠠᠪᠤᠷᠢ ᠪᠠᠷ ᠥᠩᠭᠡᠷᠡᠨ ᠦᠷᠭᠦᠯᠵᠢᠯᠡᠭᠰᠡᠨ ᠴᠠᠭ ᠢ᠋ ᠵᠢᠭᠠᠭᠰᠠᠨ ᠲᠡᠮᠳᠡᠭ ᠦᠢᠯᠡ ᠶ᠋ᠢᠨ ᠬᠡᠯᠪᠡᠷᠢ ᠡᠭᠦᠰᠬᠡᠬᠦ ᠪᠥᠭᠡᠳ ᠡᠨᠡ ᠬᠡᠯᠪᠡᠷᠢ ᠳ᠋ᠦ᠍《ᠦᠭᠡᠢ᠂ ᠡᠳᠦᠢ》 ᠭᠡᠰᠡᠨ ᠦᠭᠡᠢᠰᠬᠡᠬᠦ ᠦᠭᠡ ᠲᠡᠢ ᠬᠣᠯᠪᠣᠨ ᠬᠡᠷᠡᠭᠯᠡᠬᠦ ᠨᠢ ᠠᠷᠪᠢᠨ ᠪᠠᠢᠳᠠᠭ᠃
    ᠵᠢᠱ᠌ᠢᠶᠡᠯᠡᠪᠡᠯ᠄ ᠠᠪ- ᠠᠪᠤᠭ᠎ᠠ ᠦᠭᠡᠢ᠂ ᠠᠪᠤᠭᠠᠳᠤᠢ᠂
   ᠦᠵᠡ- ᠦᠵᠡᠭᠡ ᠦᠭᠡᠢ᠂ ᠦᠵᠡᠭᠡᠳᠦᠢ᠂
   ᠭᠠᠷ- ᠭᠠᠷᠤᠭ᠎ᠠ ᠦᠭᠡᠢ᠂ ᠭᠠᠷᠤᠭᠠᠳᠤᠢ᠂
  ᠣᠴᠢ- ᠣᠴᠢᠭ᠎ᠠ ᠦᠭᠡᠢ᠂ ᠣᠴᠢᠭᠠᠳᠤᠢ ᠭᠡᠬᠦ ᠮᠡᠲᠦ᠃
    (3)《᠊᠊ᠭᠴᠢ᠂ ᠊ᠭ᠌ᠴᠢ》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠦᠭᠡ ᠪᠡᠷ ᠢᠯᠡᠷᠡᠭᠰᠡᠨ ᠦᠢᠯᠡ ᠪᠠᠢᠳᠠᠯ ᠤ᠋ᠨ ᠪᠠᠢᠩᠭᠤ ᠭᠦᠢᠴᠡᠳᠬᠡᠭᠴᠢ ᠦᠢᠯᠡ ᠶ᠋ᠢᠨ ᠡᠵᠡᠨ ᠢ᠋ ᠵᠢᠭᠠᠭᠰᠠᠨ ᠲᠡᠮᠳᠡᠭ ᠦᠢᠯᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠬᠢᠨᠠ- ᠬᠢᠨᠠᠭᠴᠢ᠂ ᠪᠡᠯᠡᠳ- ᠪᠡᠯᠡᠳᠦᠭᠴᠢ᠂
    ᠰᠤᠷ- ᠰᠤᠷᠤᠭᠴᠢ᠂ ᠦᠵᠡ- ᠦᠵᠡᠭᠴᠢ᠂
    ᠠᠪ- ᠠᠪᠤᠭᠴᠢ᠂ ᠮᠡᠳᠡ- ᠮᠡᠳᠡᠭᠴᠢ᠂
    ᠰᠣᠨᠣᠰ- ᠰᠣᠨᠣᠰᠤᠭᠴᠢ᠂ ᠤᠩᠰᠢ- ᠤᠩᠰᠢᠭᠴᠢ ᠭᠡᠬᠦ ᠮᠡᠲᠦ᠃
   (4)《ᠳ᠋ᠠᠭ᠂ ᠳ᠋ᠡᠭ》 ᠭᠡᠰᠡᠨ ᠳᠠᠭᠠᠪᠤᠷᠢ ᠪᠠᠷ ᠪᠠᠢᠩᠭᠤ ᠭᠦᠢᠴᠡᠳᠬᠡᠳᠡᠭ ᠦᠢᠯᠡ ᠪᠠᠢᠳᠠᠯ ᠢ᠋ ᠵᠢᠭᠠᠭᠰᠠᠨ ᠲᠡᠮᠳᠡᠭ ᠦᠢᠯᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄ ᠲᠡᠪᠰᠢ- ᠳᠠᠪᠰᠢᠳᠠᠭ᠂ ᠮᠡᠳᠡ- ᠮᠡᠳᠡᠳᠡᠭ᠂
    ᠰᠤᠷ- ᠰᠤᠷᠳᠠᠭ᠂ ᠦᠵᠡ- ᠦᠵᠡᠳᠡᠭ᠂
ᠣᠯ- ᠣᠯᠳᠠᠭ᠂ ᠭᠥᠭᠵᠢ- ᠬᠥᠭᠵᠢᠳᠡᠭ᠂
    ᠤᠩᠰᠢ- ᠤᠩᠰᠢᠳᠠᠭ᠂ ᠪᠢᠴᠢ- ᠪᠢᠴᠢᠳᠡᠭ ᠭᠡᠬᠦ ᠮᠡᠲᠦ᠃
    (5)《᠊᠊ᠬᠤ᠌᠂᠊᠊ᠬᠦ》 ᠭᠡᠰᠡᠨ ᠳᠠᠭᠠᠪᠤᠷᠢ ᠪᠠᠷ ᠢᠷᠡᠭᠡᠳᠦᠢ ᠴᠠᠭ ᠲᠤ᠌ ᠪᠣᠯᠬᠤ ᠦᠢᠯᠡ ᠪᠠᠢᠳᠠᠯ ᠢ᠋ ᠵᠢᠭᠠᠭᠰᠠᠨ ᠲᠡᠮᠳᠡᠭ ᠦᠢᠯᠡ ᠶ᠋ᠢᠨ ᠬᠡᠯᠪᠡᠷᠢ ᠡᠭᠦᠰᠬᠡᠨ᠎ᠡ᠃
    ᠵᠢᠰᠢᠶᠠᠯᠠᠪᠠᠯ᠄ ᠰᠤᠷ- ᠰᠤᠷᠬᠤ᠂ ᠦᠵᠡ- ᠦᠵᠡᠬᠦ᠂
    ᠳᠠᠪᠲᠠ- ᠳᠠᠪᠲᠠᠬᠤ᠂    ᠪᠢᠴᠢ- ᠪᠢᠴᠢᠬᠦ᠂
  ᠤᠩᠰᠢ- ᠤᠩᠰᠢᠬᠤ᠂    ᠬᠥᠭᠵᠢ- ᠬᠥᠭᠵᠢᠬᠦ᠂
    ᠭᠠᠷ- ᠭᠠᠷᠬᠤ᠂ ᠵᠢᠷᠤ- ᠵᠢᠷᠤᠬᠤ ᠭᠡᠬᠦ ᠮᠡᠲᠦ᠃
    (6)《᠊᠊ᠬᠤᠶ᠋ᠢᠴᠠ᠂ ᠊᠊ᠭᠦᠢᠴᠡ》 ᠭᠡᠰᠡᠨ ᠳᠠᠭᠠᠪᠤᠷᠢ ᠪᠠᠷ ᠲᠤᠬᠠᠢ ᠶ᠋ᠢᠨ ᠦᠢᠯᠡ ᠪᠠᠢᠳᠠᠯ ᠢ᠋ ᠢᠷᠡᠭᠡᠳᠦᠢ ᠳ᠋ᠦ᠍ ᠭᠦᠢᠴᠡᠳᠬᠡᠵᠦ ᠴᠢᠳᠠᠬᠤᠢᠴᠠ ᠴᠢᠨᠠᠷ ᠢ᠋ ᠵᠢᠭᠠᠭᠰᠠᠨ ᠲᠡᠮᠳᠡᠭ ᠦᠢᠯᠡ ᠶ᠋ᠢᠨ ᠬᠡᠯᠪᠡᠷᠢ ᠡᠭᠦᠰᠬᠡᠨ᠎ᠡ᠃
    ᠵᠢᠱ᠌ᠢᠶᠡᠯᠡᠪᠡᠯ᠄   ᠰᠤᠷ- ᠰᠤᠷᠬᠤᠢᠴᠠ᠂ ᠮᠡᠳᠡ- ᠮᠡᠳᠡᠬᠦᠢᠴᠡ᠂
    ᠴᠢᠳᠠ- ᠴᠢᠳᠠᠬᠤᠢᠴᠠ᠂ ᠬᠥᠷ- ᠬᠦᠷᠬᠦᠢᠴᠡ᠂
    ᠪᠣᠯ- ᠪᠣᠯᠬᠤᠢᠴᠠ᠂ ᠬᠠᠷᠠ- ᠬᠠᠷᠠᠬᠤᠢᠴᠠ᠂
    ᠣᠯ- ᠣᠯᠬᠤᠢᠴᠠ᠂ ᠥᠭ- ᠦᠭᠬᠦᠢᠴᠡ ᠭᠡᠬᠦ ᠮᠡᠲᠦ᠃

5 ᠳᠤᠲᠠᠮᠠᠭ ᠦᠢᠯᠡ ᠦᠭᠡ ᠶ᠋ᠢᠨ ᠬᠡᠯᠪᠡᠷᠢ
    ᠮᠣᠩᠭᠣᠯ ᠬᠡᠯᠡᠨ ᠳ᠋ᠦ᠍《ᠠ᠊᠂ ᠪᠦ᠊》 ᠬᠣᠶᠠᠷ ᠮᠥᠬᠥᠭᠰᠡᠨ ᠢᠵᠠᠭᠤᠷ ᠠ᠋ᠴᠠ ᠡᠭᠦᠰᠦᠭᠰᠡᠨ ᠦᠢᠯᠡ ᠦᠭᠡ ᠶ᠋ᠢᠨ ᠨᠡᠯᠢᠶᠡᠳ ᠬᠡᠯᠪᠡᠷᠢ ᠪᠠᠢᠳᠠᠭ᠃ ᠡᠨᠡ《ᠠ᠊᠂ᠪᠦ᠊》 ᠬᠡᠮᠡᠬᠦ ᠮᠥᠬᠥᠭᠰᠡᠨ ᠢᠵᠠᠭᠤᠷᠲᠤ ᠦᠭᠡ ᠨᠢ ᠦᠢᠯᠡ ᠦᠭᠡ ᠶ᠋ᠢᠨ ᠶᠠᠩᠵᠤ ᠪᠦᠷᠢ ᠶ᠋ᠢᠨ ᠬᠤᠪᠢᠯᠤᠯ ᠢ᠋ᠶ᠋ᠠᠷ ᠪᠦᠷᠢᠨ ᠬᠤᠪᠢᠯᠳᠠᠭ ᠦᠭᠡᠢ ᠲᠤᠯᠠ ᠡᠨᠡ ᠬᠣᠶᠠᠷ ᠢᠵᠠᠭᠤᠷᠲᠤ ᠦᠢᠯᠡ ᠦᠭᠡ ᠶ᠋ᠢ ᠳᠤᠲᠠᠮᠠᠭ ᠦᠢᠯᠡ ᠦᠭᠡ ᠭᠡᠨ᠎ᠡ᠃
    ᠮᠣᠩᠭᠣᠯ ᠪᠢᠴᠢᠭ ᠦ᠋ᠨ ᠬᠡᠯᠡᠨ ᠳ᠋ᠦ᠍《ᠠ᠊᠂ ᠪᠦ᠊ 》 ᠶ᠋ᠢᠨ ᠮᠥᠬᠥᠭᠰᠡᠨ ᠢᠵᠠᠭᠤᠷᠲᠤ ᠦᠢᠯᠡ ᠦᠭᠡ ᠶ᠋ᠢᠨ ᠠᠷᠪᠢᠨ ᠲᠣᠬᠢᠶᠠᠯᠳᠤᠳᠠᠭ ᠬᠡᠯᠪᠡᠷᠢ ᠨᠢ᠄ 
    ᠠᠵᠢ᠂ ᠠᠰᠤᠭᠠᠢ᠂ ᠠᠲᠤᠭᠠᠢ᠂ ᠠᠮᠤᠢ᠂ ᠠᠶᠤ᠂ ᠠᠪᠠ᠂ ᠠᠪᠠᠢ᠂ ᠠᠵᠤᠭᠤ᠂ ᠠᠭᠴᠢ᠂ ᠠᠬᠤ᠂ ᠠᠬᠤᠢ᠂ ᠠᠭᠰᠠᠨ᠂ ᠠᠪᠠᠰᠤ᠂ ᠠᠬᠤᠯ᠎ᠠ᠂ ᠠᠪᠠᠴᠤ᠂ ᠠᠵᠤ᠂ ᠠᠭᠠᠳ᠂ ᠠᠲᠠᠯ᠎ᠠ᠂ ᠠᠭᠰᠠᠭᠠᠷ; ᠪᠥᠯᠥᠭᠡ᠂ ᠪᠦᠬᠦᠢ᠂ ᠪᠥᠭᠡᠰᠦ᠂ ᠪᠥᠭᠡᠳ᠂ ᠪᠥᠭᠡᠲᠡᠯ᠎ᠡ᠂ ᠪᠦᠷᠢ ᠭᠡᠬᠦ ᠮᠡᠲᠦ᠃

ᠦᠢᠯᠡ ᠦᠭᠡ ᠶ᠋ᠢᠨ ᠬᠡᠪ
    ᠮᠣᠩᠭᠣᠯ ᠬᠡᠯᠡᠨ ᠦ᠌ ᠦᠢᠯᠡ ᠪᠠᠢᠳᠠᠯ ᠤ᠋ᠨ ᠲᠡᠭᠦᠨ ᠦ᠌ ᠡᠵᠡᠨ ᠪᠡᠶ᠎ᠡ ᠪᠠ ᠲᠤᠰᠤᠭᠳᠠᠬᠤᠨ ᠤ᠋ ᠬᠠᠷᠢᠴᠠᠭ᠎ᠠ ᠶ᠋ᠢ ᠢᠯᠡᠷᠡᠭᠦᠯᠬᠦ ᠦᠢᠯᠡ ᠶ᠋ᠢᠨ ᠬᠡᠯᠪᠡᠷᠢᠯ ᠢ᠋ ᠦᠢᠯᠡ ᠦᠭᠡ ᠶ᠋ᠢᠨ ᠬᠡᠪ ᠭᠡᠨ᠎ᠡ᠃ ᠦᠢᠯᠡ ᠦᠭᠡ ᠶ᠋ᠢᠨ ᠬᠡᠪ ᠨᠢ ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍ ᠶᠠᠩᠵᠤ ᠪᠦᠷᠢ ᠶ᠋ᠢᠨ ᠦᠭᠡ ᠬᠤᠪᠢᠯᠭᠠᠬᠤ ᠳᠠᠭᠠᠪᠤᠷᠢ ᠵᠠᠯᠭᠠᠵᠤ ᠡᠭᠦᠰᠦᠭᠰᠡᠨ ᠡᠭᠦᠰᠦᠮᠡᠯ ᠦᠨᠳᠦᠰᠦ ᠪᠣᠯᠬᠤ ᠶᠤᠮ᠃
    ᠵᠢᠱ᠌ᠢᠶᠡᠯᠡᠪᠡᠯ᠄ ᠦᠵᠡ- ᠦᠵᠡᠨ᠎ᠡ᠂ ᠦᠵᠡᠪᠡ᠂ ᠦᠵᠡᠭᠦᠯ᠂ ᠦᠵᠡᠯᠴᠡ᠂ ᠦᠵᠡᠭᠳᠡ᠂ ᠦᠵᠡᠵᠡᠭᠡ᠃
    ᠪᠡᠷᠢ- ᠪᠠᠷᠢᠶ᠎ᠠ᠂ ᠪᠠᠷᠢᠵᠠᠢ᠂ ᠪᠠᠷᠢᠭᠤᠯ᠂ ᠪᠠᠷᠢᠯᠴᠠ᠂ ᠪᠠᠷᠢᠭᠳᠠ᠂ ᠪᠠᠷᠢᠯᠳᠤ ᠭᠡᠬᠦ ᠮᠡᠲᠦ᠃ 
    ᠮᠣᠩᠭᠣᠯ ᠬᠡᠯᠡᠨ ᠦ᠌ ᠦᠢᠯᠡ ᠦᠭᠡ ᠶ᠋ᠢᠨ ᠬᠡᠪ ᠢ᠋ ᠢᠯᠡᠷᠡᠭᠦᠯᠦᠭᠰᠡᠨ ᠡᠭᠦᠰᠦᠮᠡᠯ ᠦᠨᠳᠦᠰᠦ ᠨᠢ ᠦᠢᠯᠡ ᠦᠭᠡ ᠶ᠋ᠢᠨ ᠶᠠᠩᠵᠤ ᠪᠦᠷᠢ ᠶ᠋ᠢᠨ ᠳᠠᠭᠠᠪᠤᠷᠢ ᠪᠠᠷ ᠢᠯᠭᠠᠷᠠᠬᠤ ᠪᠥᠭᠡᠳ ᠥᠪᠡᠷ ᠢ᠋ᠶ᠋ᠡᠨ ᠦᠢᠯᠡᠳᠬᠦ ᠬᠡᠪ ᠲᠦ᠍ ᠶᠠᠩᠵᠤ ᠪᠦᠷᠢ ᠶ᠋ᠢᠨ ᠳᠠᠭᠠᠪᠤᠷᠢ ᠶ᠋ᠢ ᠵᠠᠯᠭᠠᠵᠤ᠂ ᠪᠤᠰᠤᠳ ᠢ᠋ᠶ᠋ᠠᠷ ᠦᠢᠯᠡᠳᠦᠭᠦᠯᠬᠦ ᠬᠡᠪ᠂ ᠪᠤᠰᠤᠳ ᠲᠠᠢ ᠬᠠᠮᠲᠤᠷᠠᠨ ᠦᠢᠯᠡᠳᠦᠯᠳᠦᠬᠦ ᠬᠡᠪ᠂ ᠪᠤᠰᠤᠳ ᠤ᠋ᠨ ᠡᠷᠬᠡᠨ ᠳ᠋ᠦ᠍ ᠦᠢᠯᠡᠳᠦᠭᠳᠡᠬᠦ ᠬᠡᠪ᠂ ᠬᠠᠷᠢᠯᠴᠠᠨ ᠦᠢᠯᠡᠳᠦᠯᠴᠡᠬᠦ ᠬᠡᠪ᠂ ᠣᠯᠠᠨ ᠶ᠋ᠢᠠᠷ ᠢ᠋ᠶ᠋ᠠᠨ ᠦᠢᠯᠡᠳᠴᠡᠭᠡᠬᠦ ᠬᠡᠪ ᠭᠡᠬᠦ ᠮᠡᠲᠦ ᠬᠡᠪ ᠦ᠋ᠳ ᠢ᠋ ᠡᠭᠦᠰᠬᠡᠨ᠎ᠡ᠃
   
  1 ᠥᠪᠡᠷ ᠢ᠋ᠶ᠋ᠡᠨ ᠦᠢᠯᠡᠳᠬᠦ ᠬᠡᠪ᠄
    ᠦᠢᠯᠡ ᠶ᠋ᠢᠨ ᠡᠵᠡᠨ ᠪᠡᠶ᠎ᠡ᠂ ᠤᠤᠯ ᠦᠢᠯᠡ ᠶ᠋ᠢ ᠥᠪᠡᠷ ᠢ᠋ᠶ᠋ᠡᠨ ᠭᠦᠢᠴᠡᠳᠬᠡᠬᠦ ᠰᠠᠨᠠᠭ᠎ᠠ ᠶ᠋ᠢ ᠢᠯᠡᠷᠡᠭᠦᠯᠳᠡᠭ᠃ ᠦᠢᠯᠡ ᠦᠭᠡ ᠶ᠋ᠢᠨ ᠡᠨᠡ ᠬᠡᠪ ᠲᠦ᠍ ᠲᠤᠰᠬᠠᠢᠯᠠᠭᠰᠠᠨ ᠳᠠᠭᠠᠪᠤᠷᠢ ᠪᠠᠢᠬᠤ ᠦᠭᠡᠢ᠃
    ᠵᠢᠱ᠌ᠢᠶᠡᠯᠡᠪᠡᠯ᠄ ᠶᠠᠪᠤᠨ᠎ᠠ᠂ ᠶᠠᠪᠤᠪᠠ᠂ ᠶᠠᠪᠤᠵᠠᠢ᠂ ᠶᠠᠪᠤᠯ᠎ᠠ᠂
    ᠦᠵᠡᠶ᠎ᠡ᠂ ᠦᠵᠡᠭᠰᠡᠨ᠂ ᠦᠵᠡᠳᠡᠭ᠂
    ᠰᠤᠷᠤᠯ᠎ᠠ᠂ ᠰᠤᠷᠤᠶ᠎ᠠ᠂ ᠰᠤᠷᠪᠠ᠂ ᠰᠤᠷᠴᠠᠢ ᠭᠡᠬᠦ ᠮᠡᠲᠦ᠃
   
  2 ᠪᠤᠰᠤᠳ ᠢ᠋ᠶ᠋ᠠᠷ ᠦᠢᠯᠡᠳᠦᠭᠦᠯᠬᠦ ᠬᠡᠪ᠄
     ᠦᠢᠯᠡ ᠦᠭᠡ ᠶ᠋ᠢᠨ ᠢᠵᠠᠭᠤᠷ   ᠦᠨᠳᠦᠰᠦᠨ ᠳ᠋ᠦ᠍《᠊ᠭᠤᠯ᠂ ᠊ᠬᠥᠯ᠂ ᠊ᠯᠭ᠎ᠡ᠂ ᠊ᠯᠭᠡ᠂ ᠊ᠭ᠎ᠠ᠂ ᠬᠡ》 ᠳᠠᠭᠠᠪᠤᠷᠢ ᠶ᠋ᠢ ᠵᠠᠯᠭᠠᠪᠠᠯ ᠪᠤᠰᠤᠳ ᠢ᠋ᠶ᠋ᠠᠷ ᠦᠢᠯᠡᠳᠦᠭᠦᠯᠬᠦ ᠬᠡᠪ ᠢ᠋ ᠢᠯᠡᠷᠡᠭᠦᠯᠬᠦ ᠦᠢᠯᠡ ᠦᠭᠡ ᠡᠭᠦᠰᠦᠨ᠎ᠡ᠃ ᠡᠭᠦᠨ ᠳ᠋ᠦ᠍ 《᠊ᠭ᠎ᠠ᠂ ᠬᠡ》ᠳᠠᠭᠠᠪᠤᠷᠢ ᠶ᠋ᠢ 《᠊ᠰ᠊᠊᠂ ᠊᠊ᠳ᠊》 ᠢ᠋ᠶ᠋ᠡᠷ ᠲᠡᠭᠦᠰᠦᠭᠰᠡᠨ ᠦᠢᠯᠡ ᠦᠭᠡᠨ ᠳ᠋ᠦ᠍ ᠵᠠᠯᠭᠠᠪᠠᠯ᠂《᠊ᠭ᠎ᠠ᠂ ᠬᠡ》 ᠨᠢ 《᠊ᠬ᠎ᠠ᠂ ᠬᠡ》 ᠪᠣᠯᠤᠨ ᠬᠤᠪᠢᠷᠠᠨ᠎ᠠ᠃
    ᠵᠢᠱ᠌ᠢᠶᠡᠯᠡᠪᠡᠯ᠄ ᠶᠠᠪᠤ- ᠶᠠᠪᠤᠭᠤᠯ᠂ 
   ᠦᠵᠡ-  ᠦᠵᠡᠭᠦᠯ᠂ 
   ᠰᠠᠭᠤ- ᠰᠠᠭᠤᠯᠭ᠎ᠠ᠂
   ᠲᠡᠭᠦ -  ᠲᠡᠭᠦᠯᠭᠡ᠂
   ᠰᠤᠷ- ᠰᠤᠷᠭ᠎ᠠ᠂ 
   ᠪᠣᠰ- ᠪᠤᠰᠬ᠎ᠠ᠂
   ᠤᠰᠠᠳ- ᠤᠰᠠᠳᠬ᠎ᠠ 
   ᠡᠮᠦᠰ- ᠡᠮᠦᠰᠭᠡ ᠭᠡᠬᠦ ᠮᠡᠲᠦ᠃

  3 ᠪᠤᠰᠤᠳ ᠲᠠᠢ ᠬᠠᠮᠲᠤᠷᠠᠨ ᠦᠢᠯᠡᠳᠦᠯᠳᠦᠬᠦ ᠬᠡᠪ᠄
ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍ 《᠊᠊ᠯ᠊᠊ᠲᠦ》 ᠳᠠᠭᠠᠪᠤᠷᠢ ᠶ᠋ᠢ ᠵᠠᠯᠭᠠᠪᠠᠯ ᠪᠤᠰᠤᠳ ᠲᠠᠢ ᠬᠠᠮᠲᠤᠷᠠᠨ ᠦᠢᠯᠡᠳᠦᠯᠳᠦᠬᠦ ᠬᠡᠪ ᠢ᠋ ᠢᠯᠡᠷᠡᠭᠦᠯᠦᠭᠰᠡᠨ ᠦᠢᠯᠡ ᠦᠭᠡ ᠡᠭᠦᠰᠦᠨ᠎ᠡ᠃
    ᠵᠢᠱ᠌ᠢᠶᠡᠯᠡᠪᠡᠯ᠄ ᠪᠡᠷᠢ- ᠪᠠᠷᠢᠯᠳᠤ᠂
    ᠬᠠᠷᠪᠤ- ᠬᠠᠷᠪᠤᠯᠳᠤ᠂
    ᠫᠤᠤᠳᠠ- ᠫᠣᠣᠳᠠᠯᠳᠤ᠂
    ᠬᠤᠳᠬᠤ- ᠬᠤᠳᠬᠤᠯᠳᠤ᠂
    ᠲᠤᠯ- ᠲᠤᠯᠤᠯᠳᠤ᠂
    ᠲᠡᠮᠡᠴᠡ- ᠲᠡᠮᠡᠴᠡᠯᠳᠦ ᠭᠡᠬᠦ ᠮᠡᠲᠦ᠃

  4 ᠪᠤᠰᠤᠳ ᠲᠠᠢ ᠬᠠᠷᠢᠯᠴᠠᠨ ᠦᠢᠯᠡᠳᠦᠯᠴᠡᠬᠦ ᠬᠡᠪ᠄
ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍《᠊ᠯ᠊ᠴᠡ》 ᠳᠠᠭᠠᠪᠤᠷᠢ ᠶ᠋ᠢ ᠵᠠᠯᠭᠠᠪᠠᠯ ᠪᠤᠰᠤᠳ ᠲᠠᠢ ᠬᠠᠷᠢᠯᠴᠠᠨ ᠦᠢᠯᠡᠳᠦᠯᠴᠡᠬᠦ ᠬᠡᠪ ᠢ᠋ ᠢᠯᠡᠷᠡᠭᠦᠯᠦᠭᠰᠡᠨ ᠦᠢᠯᠡ ᠦᠭᠡ ᠡᠭᠦᠰᠦᠨ᠎ᠡ᠃
    ᠵᠢᠱ᠌ᠢᠶᠡᠯᠡᠪᠡᠯ᠄ ᠶᠠᠷᠢ- ᠶᠠᠷᠢᠯᠴᠠ᠂ ᠶᠠᠪᠤ- ᠶᠠᠪᠤᠯᠴᠠ᠂ᠦᠵᠡ- ᠦᠵᠡᠯᠴᠡ᠂ ᠬᠠᠪᠰᠤᠷ- ᠬᠠᠪᠰᠤᠷᠤᠯᠴᠠ᠂    ᠲᠤᠰᠠᠯᠠ- ᠲᠤᠰᠠᠯᠠᠯᠴᠠ᠂ ᠠᠪ- ᠠᠪᠤᠯᠴᠠ ᠭᠡᠬᠦ ᠮᠡᠲᠦ᠃

   5 ᠣᠯᠠᠨ ᠢ᠋ᠶ᠋ᠠᠷ ᠢ᠋ᠶ᠋ᠠᠨ ᠦᠢᠯᠡᠳᠴᠡᠭᠡᠬᠦ ᠬᠡᠪ᠄
ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍《ᠴᠠᠭ᠎ᠠ  ᠴᠡᠭᠡ᠂   ᠊ᠵᠠᠭ᠎ᠠ   ᠊ᠵᠡᠬᠡ》ᠳᠠᠭᠠᠪᠤᠷᠢ ᠶ᠋ᠢ ᠵᠠᠯᠭᠠᠪᠠᠯ ᠣᠯᠠᠨ ᠢ᠋ᠶ᠋ᠠᠷ ᠢ᠋ᠶ᠋ᠠᠨ ᠦᠢᠯᠡᠳᠴᠡᠭᠡᠬᠦ ᠬᠡᠪ ᠢ᠋ ᠢᠯᠡᠷᠡᠭᠦᠯᠦᠭᠰᠡᠨ ᠦᠢᠯᠡ ᠦᠭᠡ ᠡᠭᠦᠰᠦᠨ᠎ᠡ᠃
    ᠵᠢᠱ᠌ᠢᠶᠡᠯᠡᠪᠡᠯ᠄ ᠭᠠᠷ- ᠭᠠᠷᠴᠠᠭ᠎ᠠ᠂ ᠬᠥᠷ-  ᠬᠦᠷᠴᠡᠭᠡ᠂    
    ᠣᠷᠣ- ᠣᠷᠣᠵᠠᠭ᠎ᠠ᠂   ᠢᠳᠡ- ᠢᠳᠡᠵᠡᠭᠡ᠂
    ᠶᠠᠷᠢ- ᠶᠠᠷᠢᠵᠠᠭ᠎ᠠ   ᠦᠵᠡ- ᠦᠵᠡᠵᠡᠭᠡ
    ᠪᠣᠰ-ᠪᠣᠰᠴᠠᠭ᠎ᠠ᠂ ᠦᠰᠦᠷ- ᠦᠰᠦᠷᠴᠢᠬᠡ ᠭᠡᠬᠦ ᠮᠡᠲᠦ᠃
    
6  ᠪᠤᠰᠤᠳ ᠤ᠋ᠨ ᠡᠷᠬᠡᠨ ᠳ᠋ᠦ᠍ ᠦᠢᠯᠡᠳᠦᠭᠳᠡᠬᠦ ᠬᠡᠪ᠄
   ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍《᠊ᠬᠳᠠ᠂ ᠊ᠭ᠌ᠲᠡ᠂ ᠳᠡ 》ᠳᠠᠭᠠᠪᠤᠷᠢ ᠶ᠋ᠢ ᠵᠠᠯᠭᠠᠪᠠᠯ ᠪᠤᠰᠤᠳ ᠤ᠋ᠨ ᠡᠷᠬᠡᠨ ᠳ᠋ᠦ᠍ ᠦᠢᠯᠡᠳᠦᠭᠳᠡᠬᠦ ᠬᠡᠪ ᠢ᠋ ᠢᠯᠡᠷᠡᠭᠦᠯᠦᠭᠰᠡᠨ ᠦᠢᠯᠡ ᠦᠭᠡ ᠡᠭᠦᠰᠦᠨ᠎ᠡ᠃
    ᠵᠢᠱ᠌ᠢᠶᠡᠯᠡᠪᠡᠯ᠄ ᠴᠣᠬᠢ- ᠴᠣᠬᠢᠭᠳᠠ᠂ ᠦᠵᠡ- ᠦᠵᠡᠭᠳᠡ
    ᠳᠠᠷᠤ- ᠳᠠᠷᠤᠭᠳᠠ᠂ ᠪᠡᠷᠢ- ᠪᠠᠷᠢᠭᠳᠠ
    ᠢᠯᠡ- ᠢᠯᠠᠭᠳᠠ᠂ ᠣᠯ- ᠣᠯᠳᠠ᠂
    ᠠᠪ- ᠠᠪᠲᠠ᠂ ᠰᠣᠨᠣᠰ- ᠰᠣᠨᠣᠰᠳᠠ ᠭᠡᠬᠦ ᠮᠡᠲᠦ᠃
    ᠡᠭᠦᠨ ᠳ᠋ᠦ᠍ ᠨᠢᠭᠡ ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍ ᠦᠢᠯᠡ ᠦᠭᠡ ᠶ᠋ᠢᠨ ᠬᠡᠪ ᠦ᠋ᠨ ᠳᠠᠭᠠᠪᠤᠷᠢ ᠶ᠋ᠢ ᠬᠡᠳᠦ ᠬᠡᠳᠦ ᠪᠡᠷ ᠤᠭᠰᠠᠷᠠᠭᠤᠯᠤᠨ ᠵᠠᠯᠭᠠᠵᠤ ᠪᠣᠯᠤᠨ᠎ᠠ᠃
    ᠵᠢᠱ᠌ᠢᠶᠡᠯᠡᠪᠡᠯ᠄ ᠶᠠᠷᠢ- ᠶᠠᠷᠢᠯᠴᠠ᠂ ᠶᠠᠷᠢᠯᠴᠠᠭᠤᠯ᠂ ᠶᠠᠷᠢᠯᠵᠠᠭᠤᠯᠵᠠᠭ᠎ᠠ᠂
    ᠣᠷᠣ- ᠣᠷᠣᠯᠴᠠ᠂ ᠣᠷᠣᠯᠴᠠᠭᠤᠯ᠂ ᠣᠷᠣᠯᠴᠠᠭᠤᠯᠵᠠᠭ᠎ᠠ᠂
    ᠪᠡᠷᠢ- ᠪᠠᠷᠢᠯᠳᠤ᠂ ᠪᠠᠷᠢᠯᠳᠤᠭᠤᠯ᠂ ᠪᠠᠷᠢᠯᠳᠤᠭᠤᠯᠵᠠᠭ᠎ᠠ᠂
    ᠤᠨᠤ- ᠣᠨᠣᠭᠳᠠᠭᠤᠯ᠂ ᠣᠨᠣᠭᠳᠠᠭᠤᠯᠵᠠᠭ᠎ᠠ ᠭᠡᠬᠦ ᠮᠡᠲᠦ᠃

ᠦᠢᠯᠡ ᠦᠭᠡ ᠶ᠋ᠢᠨ ᠪᠠᠢᠳᠠᠯ
    ᠮᠣᠩᠭᠣᠯ ᠬᠡᠯᠡᠨ ᠦ᠌ ᠦᠢᠯᠡ ᠪᠠᠢᠳᠠᠯ ᠤ᠋ᠨ ᠬᠡᠷᠬᠢᠨ ᠪᠣᠯᠤᠭᠰᠠᠨ ᠪᠤᠶᠤ ᠪᠣᠯᠵᠤ ᠪᠠᠢᠭ᠎ᠠ ᠬᠢᠭᠡᠳ ᠪᠣᠯᠬᠤ ᠶ᠋ᠢᠨ ᠰᠠᠨᠠᠭ᠎ᠠ ᠶ᠋ᠢ ᠵᠢᠭᠠᠬᠤ ᠦᠢᠯᠡ ᠦᠭᠡ ᠶ᠋ᠢᠨ ᠲᠡᠢᠮᠦ ᠬᠡᠯᠪᠡᠷᠢᠯ ᠢ᠋ ᠦᠢᠯᠡ ᠦᠭᠡ ᠶ᠋ᠢᠨ ᠪᠠᠢᠳᠠᠯ ᠭᠡᠨ᠎ᠡ᠃ ᠦᠢᠯᠡ ᠦᠭᠡ ᠶ᠋ᠢᠨ ᠪᠠᠢᠳᠠᠯ ᠨᠢ ᠵᠥᠪᠬᠡᠨ ᠤᠭ ᠦᠢᠯᠡ ᠪᠠᠢᠳᠠᠯ ᠤ᠋ᠨ ᠬᠡᠷᠬᠢᠨ ᠪᠣᠯᠵᠤ ᠪᠠᠢᠭ᠎ᠠ ᠪᠠᠢᠳᠠᠯ ᠢ᠋ ᠵᠢᠭᠠᠬᠤ ᠪᠥᠭᠡᠳ ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍ ᠶᠠᠩᠵᠤ ᠪᠦᠷᠢ ᠶ᠋ᠢᠨ ᠦᠭᠡ ᠬᠤᠪᠢᠯᠭᠠᠬᠤ ᠳᠠᠭᠠᠪᠤᠷᠢ ᠵᠠᠯᠭᠠᠵᠤ ᠡᠭᠦᠰᠬᠦ ᠪᠤᠶᠤ ᠦᠭᠡ ᠬᠤᠷᠰᠢᠵᠤ ᠥᠭᠦᠯᠡᠪᠦᠷᠢ ᠶ᠋ᠢᠨ ᠵᠦᠢ ᠶ᠋ᠢᠨ ᠠᠷᠭ᠎ᠠ ᠪᠠᠷ ᠢᠯᠡᠷᠡᠭᠦᠯᠬᠦ ᠵᠡᠷᠭᠡ ᠪᠡᠷ ᠦᠢᠯᠡ ᠦᠭᠡ ᠶ᠋ᠢᠨ ᠪᠠᠢᠳᠠᠯ ᠢ᠋ ᠡᠭᠦᠰᠬᠡᠵᠦ ᠪᠣᠯᠤᠨ᠎ᠠ᠃
    ᠵᠢᠱ᠌ᠢᠶᠡᠯᠡᠪᠡᠯ᠄ ᠰᠤᠷ - ᠰᠤᠷᠴᠢᠬ᠎ᠠ᠂ ᠮᠡᠳᠡ - ᠮᠡᠳᠡᠴᠢᠬᠡ᠂
    ᠪᠣᠳᠣ - ᠪᠣᠳᠣᠯᠬᠢᠯᠠ᠂ ᠶᠠᠪᠤ - ᠶᠠᠪᠤᠰᠬᠢ᠂
    ᠲᠡᠳᠡ - ᠲᠠᠲᠠᠭᠠᠯᠵᠠ᠂ ᠳᠡᠯᠪᠡ - ᠳᠠᠯᠪᠠᠴᠢ᠂
    ᠶᠠᠪᠤ - ᠶᠠᠪᠤᠭᠰᠠᠭᠠᠷ ᠂ ᠪᠣᠳᠣ - ᠪᠣᠳᠣᠭᠰᠠᠭᠠᠷ᠂
    ᠶᠠᠪᠤᠭᠰᠠᠭᠠᠷ - ᠶᠠᠪᠤᠭᠰᠠᠭᠠᠷ᠂
    ᠪᠣᠳᠣᠭᠰᠠᠭᠠᠷ - ᠪᠣᠳᠣᠭᠰᠠᠭᠠᠷ᠂
    ᠶᠠᠪᠤᠨ ᠶᠠᠪᠤᠨ᠂ ᠪᠣᠳᠣᠨ ᠪᠣᠳᠣᠨ᠂
    ᠶᠠᠪᠤᠭᠠᠳ ᠶᠠᠪᠤᠭᠠᠳ᠂ ᠪᠣᠳᠣᠭᠠᠳ ᠪᠣᠳᠣᠭᠠᠳ
    ᠰᠤᠷᠴᠤ ᠪᠠᠢ᠂ ᠪᠢᠴᠢᠵᠦ ᠪᠠᠢ᠂ ᠰᠤᠷᠴᠤ ᠪᠠᠢᠭᠠᠷᠠᠢ᠂ ᠪᠢᠴᠢᠵᠦ ᠪᠠᠢᠭᠠᠷᠠᠢ ᠭᠡᠬᠦ ᠮᠡᠲᠦ᠃
    ᠮᠣᠩᠭᠣᠯ ᠬᠡᠯᠡᠨ ᠦ᠌ ᠦᠢᠯᠡ ᠦᠭᠡ ᠶ᠋ᠢᠨ ᠪᠠᠢᠳᠠᠯ ᠢ᠋ ᠢᠯᠡᠷᠡᠭᠦᠯᠦᠭᠰᠡᠨ ᠦᠨᠳᠦᠰᠦ ᠨᠢ ᠶᠠᠩᠵᠤ ᠪᠦᠷᠢ ᠶ᠋ᠢᠨ ᠳᠠᠭᠠᠪᠤᠷᠢ ᠪᠠᠷ ᠢᠯᠭᠠᠷᠠᠬᠤ ᠪᠥᠭᠡᠳ ᠡᠩ ᠦ᠋ᠨ ᠦᠢᠯᠡᠳᠬᠦ ᠪᠠᠢᠳᠠᠯ ᠳ᠋ᠤ᠌ ᠶᠠᠩᠵᠤ ᠪᠦᠷᠢ ᠶ᠋ᠢᠨ ᠳᠠᠭᠠᠪᠤᠷᠢ ᠵᠠᠯᠭᠠᠵᠤ᠂ ᠬᠣᠷᠣᠮᠬᠠᠨ ᠦᠢᠯᠡᠳᠬᠦ ᠪᠠᠢᠳᠠᠯ᠂ ᠦᠷᠭᠦᠯᠵᠢᠯᠡᠨ ᠦᠢᠯᠡᠳᠬᠦ ᠪᠠᠢᠳᠠᠯ᠂ ᠳᠠᠬᠢᠨ ᠳᠠᠪᠲᠠᠨ ᠦᠢᠯᠡᠳᠬᠦ ᠪᠠᠢᠳᠠᠯ᠂ ᠪᠦᠷᠢᠮᠦᠰᠦᠨ ᠦᠢᠯᠡᠳᠬᠦ ᠪᠠᠢᠳᠠᠯ᠂ ᠲᠦᠷ ᠦᠢᠯᠡᠳᠬᠦ ᠪᠠᠢᠳᠠᠯ ᠵᠡᠷᠭᠡ ᠶ᠋ᠢ ᠡᠭᠦᠰᠬᠡᠨ᠎ᠡ᠃

    1 ᠡᠩ ᠦ᠋ᠨ ᠦᠢᠯᠡᠳᠬᠦ ᠪᠠᠢᠳᠠᠯ᠄
   ᠦᠢᠯᠡ ᠦᠭᠡ ᠶ᠋ᠢᠨ ᠴᠠᠭ ᠢ᠋ ᠵᠢᠭᠠᠬᠤ ᠬᠡᠯᠪᠡᠷᠢ᠂ ᠵᠠᠬᠢᠷᠬᠤ ᠬᠦᠰᠡᠬᠦ ᠬᠡᠯᠪᠡᠷᠢ ᠪᠠ ᠲᠡᠮᠳᠡᠭ ᠦᠢᠯᠡ ᠶ᠋ᠢᠨ ᠬᠡᠯᠪᠡᠷᠢ ᠪᠡᠷ ᠢᠯᠡᠷᠡᠬᠦ ᠪᠥᠭᠡᠳ ᠲᠤᠰᠬᠠᠢ ᠳᠠᠭᠠᠪᠤᠷᠢ ᠪᠠᠢᠬᠤ ᠦᠭᠡᠢ᠃
    ᠵᠢᠱ᠌ᠢᠶᠡᠯᠡᠪᠡᠯ᠄ ᠶᠠᠪᠤ᠂ ᠰᠤᠷ᠂ ᠣᠴᠢ᠂ ᠦᠵᠡ᠂ ᠠᠪ᠂ ᠪᠣᠳᠣ᠂ ᠲᠡᠳᠡ᠂ ᠪᠢᠴᠢᠨ᠎ᠡ᠂ ᠪᠢᠴᠢᠪᠡ᠂ ᠪᠢᠴᠢᠭᠰᠡᠨ᠂ ᠪᠢᠴᠢᠳᠡᠭ᠂ ᠪᠢᠴᠢᠭᠡᠷᠡᠢ᠂ ᠪᠢᠴᠢᠭᠲᠦᠨ ᠭᠡᠬᠦ ᠮᠡᠲᠦ᠃

  2 ᠬᠣᠷᠣᠮᠬᠠᠨ ᠦᠢᠯᠡᠳᠬᠦ ᠪᠠᠢᠳᠠᠯ᠄
  ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍《᠊ᠰᠬᠢ᠂  ᠊ᠪᠬᠢ᠂ ᠬᠢ》 ᠳᠠᠭᠠᠪᠤᠷᠢ ᠶ᠋ᠢ ᠵᠠᠯᠭᠠᠪᠠᠯ᠂ ᠬᠣᠷᠣᠮᠬᠠᠨ ᠦᠢᠯᠡᠳᠬᠦ ᠪᠠᠢᠳᠠᠯ ᠢ᠋ ᠵᠢᠭᠠᠭᠰᠠᠨ ᠦᠢᠯᠡ ᠦᠭᠡ ᠡᠭᠦᠰᠦᠨ᠎ᠡ᠃

    ᠵᠢᠱ᠌ᠢᠶᠡᠯᠡᠪᠡᠯ᠄ ᠶᠠᠪᠤ- ᠶᠠᠪᠤᠰᠬᠢ᠂
    ᠠᠮᠠᠷᠠ- ᠠᠮᠠᠷᠠᠰᠬᠢ᠂
    ᠭᠢᠯᠠᠢ- ᠬᠢᠯᠠᠪᠬᠢ᠂
    ᠰᠣᠴᠢ- ᠰᠣᠴᠢᠰᠬᠢ᠂
    ᠥᠨᠳᠡᠢ- ᠥᠨᠳᠡᠰᠬᠢ
    ᠪᠦᠬᠦᠢ- ᠪᠥᠬᠥᠰᠬᠢ᠂
    ᠣᠪᠣᠢ- ᠣᠪᠣᠰᠬᠢ᠂
    ᠱᠣᠪᠣᠢ ᠱᠣᠪᠣᠰᠬᠢ ᠭᠡᠬᠦ ᠮᠡᠲᠦ᠃

   3 ᠲᠦᠷ ᠦᠢᠯᠡᠳᠬᠦ ᠪᠠᠢᠳᠠᠯ᠄
    ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍《᠊ᠵᠠᠨ᠎ᠠ》ᠳᠠᠭᠠᠪᠤᠷᠢ ᠶ᠋ᠢ ᠵᠠᠯᠭᠠᠪᠠᠯ ᠲᠦᠷ ᠦᠢᠯᠡᠳᠬᠦ ᠪᠠᠢᠳᠠᠯ ᠢ᠋ ᠵᠢᠭᠠᠭᠰᠠᠨ ᠦᠢᠯᠡ ᠦᠭᠡ ᠡᠭᠦᠰᠦᠨ᠎ᠡ᠃
    ᠵᠢᠱ᠌ᠢᠶᠡᠯᠡᠪᠡᠯ᠄ ᠪᠣᠳᠣ - ᠪᠣᠳᠣᠵᠠᠨ᠎ᠠ᠂ ᠶᠠᠪᠤ - ᠶᠠᠪᠤᠵᠠᠨ᠎ᠠ᠂
    ᠬᠦᠯᠢᠶᠡ - ᠬᠦᠯᠢᠶᠡᠵᠡᠨ᠎ᠡ᠂ᠠᠪ -ᠠᠪᠵᠠᠨ᠎ᠠ᠂
    ᠰᠠᠭᠤ - ᠰᠠᠭᠤᠵᠠᠨ᠎ᠠ᠂ ᠪᠢᠴᠢ - ᠪᠢᠴᠢᠵᠡᠨ᠎ᠡ᠂
    ᠪᠠᠢ - ᠪᠠᠶ᠋ᠢᠵᠠᠨ᠎ᠠ ᠭᠡᠬᠦ ᠮᠡᠲᠦ᠃

    4 ᠦᠷᠭᠦᠯᠵᠢᠯᠡᠨ ᠦᠢᠯᠡᠳᠬᠦ ᠪᠠᠢᠳᠠᠯ᠄
   ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍《᠊᠊ᠪᠡᠬᠢᠯᠡ᠂ ᠊᠊ᠯᠬᠢᠯᠡ᠂  ᠊ᠨᠢ》 ᠳᠠᠭᠠᠪᠤᠷᠢ ᠶ᠋ᠢ ᠵᠠᠯᠭᠠᠪᠠᠯ ᠦᠷᠭᠦᠯᠵᠢᠯᠡᠨ ᠦᠢᠯᠡᠳᠬᠦ ᠪᠠᠢᠳᠠᠯ ᠢ᠋ ᠵᠢᠭᠠᠭᠰᠠᠨ ᠦᠢᠯᠡ ᠦᠭᠡ ᠡᠭᠦᠰᠦᠨ᠎ᠡ᠃
    ᠵᠢᠱ᠌ᠢᠶᠡᠯᠡᠪᠡᠯ᠄    ᠪᠣᠳᠣ - ᠪᠣᠳᠣᠯᠬᠢᠯᠠ᠂    ᠨᠤᠬᠤ - ᠨᠤᠬᠤᠯᠬᠢᠯᠠ᠂
    ᠳᠦᠷᠢ- ᠲᠦᠷᠢᠯᠬᠢᠯᠡ᠂ᠠᠨᠢ - ᠠᠨᠢᠪᠬᠢᠯᠠ᠂
    ᠲᠣᠭᠲᠠ - ᠲᠣᠭᠲᠠᠨᠢ ᠭᠡᠬᠦ ᠮᠡᠲᠦ᠃

    5 ᠳᠠᠬᠢᠨ ᠳᠠᠪᠲᠠᠨ ᠦᠢᠯᠡᠳᠬᠦ ᠪᠠᠢᠳᠠᠯ᠄
    ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍《᠊ᠯᠡ᠂ ᠊ᠯ᠂ ᠴᠢ᠂ ᠊ᠯᠵᠠ᠂  ᠊᠊ᠪᠠᠯᠵᠠ᠂ ᠊ᠭᠠᠯᠵᠠ  ᠊᠊ᠬᠡᠯᠵᠡ᠂ ᠊᠊ᠭᠠᠨ᠎ᠠ᠂  ᠊᠊ᠭᠡᠨ᠎ᠡ》 ᠳᠠᠭᠠᠪᠤᠷᠢ ᠶ᠋ᠢ ᠵᠠᠯᠭᠠᠪᠠᠯ᠂ ᠳᠠᠬᠢᠨ ᠳᠠᠪᠲᠠᠨ ᠦᠢᠯᠡᠳᠬᠦ ᠪᠠᠢᠳᠠᠯ ᠢ᠋ ᠵᠢᠭᠠᠭᠰᠠᠨ ᠦᠢᠯᠡ ᠦᠭᠡ ᠡᠭᠦᠰᠦᠨ᠎ᠡ᠃
    ᠵᠢᠱ᠌ᠢᠶᠡᠯᠡᠪᠡᠯ᠄ ᠴᠣᠬᠢ- ᠴᠣᠬᠢᠯᠠ᠂ᠳᠠᠷᠤ- ᠳᠠᠷᠤᠯ᠂
    ᠨᠤᠬᠤ- ᠨᠤᠬᠤᠴᠢ᠂ ᠨᠠᠢᠭᠤ- ᠨᠠᠢᠭᠤᠯᠵᠠ᠂
    ᠲᠡᠳᠡ- ᠲᠠᠲᠠᠪᠠᠯᠵᠠ᠂ ᠲᠠᠲᠠᠭᠠᠯᠵᠠ᠂
    ᠬᠠᠵᠠᠢ- ᠬᠠᠵᠠᠶ᠋ᠢᠭᠠᠨ᠎ᠠ᠂ ᠪᠥᠨᠲᠥᠢ - ᠪᠦᠨᠲᠦᠶ᠋ᠢᠭᠡᠨ᠎ᠡ ᠭᠡᠬᠦ ᠮᠡᠲᠦ᠃

    6 ᠪᠦᠷᠢᠮᠦᠰᠦᠨ ᠦᠢᠯᠡᠳᠬᠦ ᠪᠠᠢᠳᠠᠯ᠄
    ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍《ᠴᠢᠬ᠎ᠠ᠂ ᠴᠢᠬᠡ᠂ ᠴᠢ》 ᠳᠠᠭᠠᠪᠤᠷᠢ ᠶ᠋ᠢ ᠵᠠᠯᠭᠠᠪᠠᠯ᠂ ᠪᠦᠷᠢᠮᠦᠰᠦᠨ ᠦᠢᠯᠡᠳᠬᠦ ᠪᠠᠢᠳᠠᠯ ᠢ᠋ ᠵᠢᠭᠠᠭᠰᠠᠨ ᠦᠢᠯᠡ ᠦᠭᠡ ᠡᠭᠦᠰᠦᠨ᠎ᠡ᠃
    ᠵᠢᠱ᠌ᠢᠶᠡᠯᠡᠪᠡᠯ᠄ ᠰᠠᠭᠤ- ᠰᠠᠭᠤᠴᠢᠬ᠎ᠠ᠂ ᠦᠵᠡ- ᠦᠵᠡᠴᠢᠬᠡ᠂
    ᠶᠠᠪᠤ- ᠶᠠᠪᠤᠴᠢᠬ᠎ᠠ᠂ ᠬᠥᠷ- ᠬᠦᠷᠴᠢᠬᠡ᠂
    ᠭᠠᠷ- ᠭᠠᠷᠴᠢᠬ᠎ᠠ᠂ ᠪᠢᠴᠢ- ᠪᠢᠴᠢᠴᠢᠬᠡ᠂
    ᠰᠤᠷ- ᠰᠤᠷᠴᠢᠬ᠎ᠠ᠂ ᠬᠢ- ᠬᠢᠴᠢᠬᠡ ᠭᠡᠬᠦ ᠮᠡᠲᠦ᠃   
    ᠡᠭᠦᠨᠴᠡ ᠭᠠᠳᠠᠨ᠎ᠠ᠂ ᠦᠢᠯᠡ ᠦᠭᠡ ᠶ᠋ᠢᠨ ᠪᠠᠢᠳᠠᠯ ᠢ᠋ ᠢᠯᠡᠷᠡᠭᠦᠯᠬᠦ ᠳ᠋ᠦ᠍ ᠦᠭᠡ ᠬᠣᠷᠰᠢᠵᠤ ᠥᠭᠦᠯᠡᠪᠦᠷᠢ ᠶ᠋ᠢᠨ ᠵᠦᠢ ᠶ᠋ᠢᠨ ᠠᠷᠭ᠎ᠠ ᠪᠠᠷ ᠢᠯᠡᠷᠡᠭᠦᠯᠵᠦ ᠪᠣᠯᠤᠨ᠎ᠠ᠃
    1 ᠦᠢᠯᠡ ᠶ᠋ᠢᠨ ᠵᠠᠪᠰᠠᠷ ᠦᠭᠡᠢ ᠦᠷᠭᠦᠯᠵᠢᠯᠡᠬᠦ ᠪᠠᠢᠳᠠᠯ ᠢ᠋ ᠢᠯᠡᠷᠡᠭᠦᠯᠬᠦ ᠬᠤᠷᠰᠢᠶ᠎ᠠ ᠦᠭᠡ ᠪᠣᠢ᠃
    ᠵᠢᠱ᠌ᠢᠶᠡᠯᠡᠪᠡᠯ᠄ ᠦᠵᠡ᠂ ᠦᠵᠡᠭᠰᠡᠭᠡᠷ᠂ ᠪᠣᠳᠣ᠂   ᠪᠣᠳᠣᠭᠰᠠᠭᠠᠷ᠂ ᠬᠠᠷᠠ ᠬᠠᠷᠠᠭᠰᠠᠭᠠᠷ᠂ ᠶᠠᠪᠤ ᠶᠠᠪᠤᠭᠰᠠᠭᠠᠷ ᠭᠡᠬᠦ ᠮᠡᠲᠦ᠃
    2  ᠦᠢᠯᠡ  ᠶ᠋ᠢᠨ ᠤᠳᠠᠲᠠᠯ᠎ᠠ ᠦᠷᠭᠦᠯᠵᠢᠯᠡᠬᠦ ᠪᠠᠢᠳᠠᠯ ᠢ᠋ ᠢᠯᠡᠷᠡᠭᠦᠯᠬᠦ ᠬᠤᠷᠰᠢᠶ᠎ᠠ ᠦᠭᠡ ᠪᠣᠢ᠃
    ᠵᠢᠱ᠌ᠢᠶᠡᠯᠡᠪᠡᠯ᠄ ᠰᠠᠭᠤᠵᠤ ᠰᠠᠭᠤᠵᠤ᠂ ᠪᠣᠳᠣᠵᠤ ᠪᠣᠳᠣᠵᠤ᠂ ᠪᠢᠴᠢᠵᠦ ᠪᠢᠴᠢᠵᠦ᠂ ᠶᠠᠪᠤᠵᠤ ᠶᠠᠪᠤᠵᠤ ᠭᠡᠬᠦ ᠮᠡᠲᠦ
    3 ᠦᠢᠯᠡ ᠶ᠋ᠢᠨ ᠠᠯᠭᠤᠷᠬᠠᠨ ᠦᠷᠭᠦᠯᠵᠢᠯᠡᠬᠦ ᠪᠠᠢᠳᠠᠯ  ᠢ᠋ ᠢᠯᠡᠷᠡᠭᠦᠯᠬᠦ ᠬᠤᠷᠰᠢᠶ᠎ᠠ ᠦᠭᠡ ᠪᠣᠢ᠃
    ᠵᠢᠱ᠌ᠢᠶᠡᠯᠡᠪᠡᠯ᠄ ᠰᠠᠭᠤᠭᠰᠠᠭᠠᠷ ᠰᠠᠭᠤᠭᠰᠠᠭᠠᠷ᠂ ᠪᠣᠳᠣᠭᠰᠠᠭᠠᠷ ᠪᠣᠳᠣᠭᠰᠠᠭᠠᠷ᠂ ᠪᠢᠴᠢᠭᠰᠡᠭᠡᠷ ᠪᠢᠴᠢᠭᠰᠡᠭᠡᠷ᠂ ᠶᠠᠪᠤᠭᠰᠠᠭᠠᠷ ᠶᠠᠪᠤᠭᠰᠠᠭᠠᠷ ᠭᠡᠬᠦ ᠮᠡᠲᠦ᠃    
    4 ᠦᠢᠯᠡ ᠶ᠋ᠢᠨ ᠳᠠᠬᠢᠨ ᠳᠠᠬᠢᠨ ᠦᠷᠭᠦᠯᠵᠢᠯᠡᠬᠦ  ᠪᠠᠢᠳᠠᠯ ᠢ᠋ ᠢᠯᠡᠷᠡᠭᠦᠯᠬᠦ ᠬᠤᠷᠰᠢᠶ᠎ᠠ ᠦᠭᠡ ᠪᠣᠢ᠃
    ᠵᠢᠱ᠌ᠢᠶᠡᠯᠡᠪᠡᠯ᠄ ᠪᠣᠳᠣᠨ ᠪᠣᠳᠣᠨ᠂ ᠬᠠᠷᠠᠨ ᠬᠠᠷᠠᠨ᠂ ᠶᠠᠪᠤᠨ ᠶᠠᠪᠤᠨ᠂ ᠦᠵᠡᠨ ᠦᠵᠡᠨ ᠭᠡᠬᠦ ᠮᠡᠲᠦ᠃ 
    5 ᠦᠢᠯᠡ ᠶ᠋ᠢᠨ ᠲᠤᠰ ᠲᠤᠰ ᠦᠷᠭᠦᠯᠵᠢᠯᠡᠬᠦ ᠪᠠᠢᠳᠠᠯ ᠢ᠋ ᠢᠯᠡᠷᠡᠭᠦᠯᠬᠦ ᠬᠤᠷᠰᠢᠶ᠎ᠠ ᠦᠭᠡ ᠪᠣᠢ᠃
    ᠵᠢᠱ᠌ᠢᠶᠡᠯᠡᠪᠡᠯ᠄ ᠳᠠᠭᠤᠳᠠᠭᠠᠳ ᠳᠠᠭᠤᠳᠠᠭᠠᠳ᠂ ᠦᠵᠡᠭᠡᠳ ᠦᠵᠡᠭᠡᠳ᠂ ᠬᠠᠷᠠᠭᠠᠳ ᠬᠠᠷᠠᠭᠠᠳ᠂ ᠬᠥᠭᠡᠭᠡᠳ ᠬᠥᠭᠡᠭᠡᠳ ᠭᠡᠬᠦ ᠮᠡᠲᠦ᠃
   ᠮᠣᠩᠭᠣᠯ ᠬᠡᠯᠡᠨ ᠳ᠋ᠦ᠍ ᠪᠠᠰᠠ ᠨᠥᠬᠥᠴᠡᠯ ᠦᠢᠯᠡ ᠦᠭᠡ ᠶ᠋ᠢᠨ ᠵᠡᠷᠭᠡᠴᠡᠬᠦ ᠬᠡᠯᠪᠡᠷᠢ ᠶ᠋ᠢ《ᠪᠠᠢ》 ᠭᠡᠳᠡᠭ ᠲᠤᠰᠠᠯᠠᠬᠤ ᠦᠢᠯᠡ ᠦᠭᠡ ᠲᠠᠢ ᠬᠣᠯᠪᠣᠵᠤ ᠦᠢᠯᠡ ᠶ᠋ᠢᠨ ᠦᠷᠭᠦᠯᠵᠢᠯᠡᠬᠦ ᠪᠠᠢᠳᠠᠯ ᠢ᠋ ᠢᠯᠡᠷᠡᠭᠦᠯᠵᠦ ᠪᠠᠢᠬᠤ ᠪᠥᠭᠡᠳ ᠠᠮᠠᠨ ᠠᠶᠠᠯᠭᠤᠨ ᠳ᠋ᠤ᠌ ᠠᠷᠪᠢᠨ ᠬᠡᠷᠡᠭᠯᠡᠵᠦ ᠪᠣᠢ᠃
    ᠵᠢᠱ᠌ᠢᠶᠡᠯᠡᠪᠡᠯ᠄ ᠢᠷᠡᠵᠦ ᠪᠠᠢᠭᠠᠷᠠᠢ᠂ ᠦᠵᠡᠵᠦ ᠪᠠᠢᠭᠠᠷᠠᠢ᠂ ᠰᠣᠨᠣᠰᠴᠤ ᠪᠠᠢ᠂ ᠠᠩᠬᠠᠷᠴᠤ ᠪᠠᠢ ᠭᠡᠬᠦ ᠮᠡᠲᠦ᠃

    ᠲᠤᠰᠬᠤ ᠪᠠ ᠡᠰᠡ ᠲᠤᠰᠬᠤ ᠦᠢᠯᠡ ᠦᠭᠡ
  ᠮᠣᠩᠭᠣᠯ ᠬᠡᠯᠡᠨ ᠦ᠌ ᠦᠢᠯᠡ ᠦᠭᠡ ᠨᠢ ᠤᠤᠯ ᠦᠢᠯᠡ ᠶ᠋ᠢᠨ ᠪᠣᠯᠤᠭᠰᠠᠨ ᠴᠠᠭ ᠪᠠ ᠪᠠᠢᠳᠠᠯ ᠬᠢᠭᠡᠳ ᠦᠢᠯᠡ ᠶ᠋ᠢᠨ ᠡᠵᠡᠨ ᠪᠡᠶ᠎ᠡ ᠲᠡᠢ ᠬᠡᠷᠬᠢᠨ ᠬᠣᠯᠪᠣᠭᠳᠠᠬᠤ ᠶ᠋ᠢ ᠢᠯᠡᠷᠡᠭᠦᠯᠵᠦ ᠴᠢᠳᠠᠬᠤ ᠠ᠋ᠴᠠ ᠭᠠᠳᠠᠨ᠎ᠠ᠂ ᠲᠤᠬᠠᠢ ᠶ᠋ᠢᠨ ᠦᠢᠯᠡ ᠦᠭᠡ ᠶ᠋ᠢᠨ ᠰᠢᠭᠤᠳ ᠲᠤᠰᠬᠤ ᠲᠤᠰᠤᠭᠳᠠᠬᠤᠨ ᠲᠠᠢ ᠬᠡᠷᠬᠢᠨ ᠬᠣᠯᠪᠣᠭᠳᠠᠬᠤ ᠶ᠋ᠢ ᠪᠠᠰᠠ ᠢᠯᠡᠷᠡᠭᠦᠯᠵᠦ ᠴᠢᠳᠠᠨ᠎ᠠ᠃ ᠡᠢᠮᠦ ᠤᠴᠢᠷ ᠠ᠋ᠴᠠ ᠮᠣᠩᠭᠣᠯ ᠬᠡᠯᠡᠨ ᠦ᠌ ᠪᠦᠬᠦ ᠦᠢᠯᠡ ᠦᠭᠡ ᠶ᠋ᠢ ᠲᠤᠰᠤᠭᠳᠠᠬᠤᠨ ᠲᠠᠢ ᠰᠢᠭᠤᠳ ᠬᠣᠯᠪᠣᠭᠳᠠᠬᠤ ᠡᠰᠡᠬᠦ ᠶ᠋ᠢ ᠨᠢ ᠦᠵᠡᠵᠦ ᠲᠤᠰᠬᠤ ᠪᠠ ᠡᠰᠡ ᠲᠤᠰᠬᠤ ᠦᠢᠯᠡ ᠦᠭᠡ ᠭᠡᠵᠦ ᠬᠣᠶᠠᠷ ᠪᠦᠯᠦᠭ ᠢ᠋ᠶ᠋ᠡᠷ ᠠᠩᠭᠢᠯᠠᠵᠤ ᠪᠣᠯᠤᠨ᠎ᠠ᠃
    ᠲᠤᠰᠬᠤ ᠦᠢᠯᠡ ᠦᠭᠡ- ᠰᠢᠭᠤᠳ ᠲᠤᠰᠤᠭᠳᠠᠬᠤᠨ ᠱᠠᠭᠠᠷᠳᠠᠬᠤ ᠪᠤᠶᠤ ᠰᠢᠭᠤᠳ ᠲᠤᠰᠤᠭᠳᠠᠬᠤᠨ ᠠᠪᠴᠤ ᠴᠢᠳᠠᠬᠤ ᠪᠦᠬᠦ ᠦᠢᠯᠡ ᠦᠭᠡ ᠶ᠋ᠢ ᠲᠤᠰᠬᠤ ᠦᠢᠯᠡ ᠦᠭᠡ ᠭᠡᠨ᠎ᠡ᠃ ᠲᠤᠰᠬᠤ ᠦᠢᠯᠡ ᠦᠭᠡ ᠨᠢ ᠦᠢᠯᠡ ᠪᠠᠢᠳᠠᠯ ᠤ᠋ᠨ ᠡᠵᠡᠨ ᠪᠡᠶ᠎ᠡ ᠡᠴᠡ ᠭᠠᠳᠠᠨ᠎ᠠ᠂ ᠠᠯᠢ ᠨᠢᠭᠡᠨ ᠬᠥᠮᠦᠨ ᠶᠠᠭᠤᠮ᠎ᠠ ᠳ᠋ᠤ᠌ ᠰᠢᠭᠤᠳ ᠲᠤᠰᠤᠭᠰᠠᠨ ᠤᠳᠬ᠎ᠠ ᠶ᠋ᠢ ᠢᠯᠡᠷᠡᠭᠦᠯᠦᠨ᠎ᠡ᠃
    ᠵᠢᠱ᠌ᠢᠶᠡᠯᠡᠪᠡᠯ᠄ ᠥᠭᠬᠦ᠂ ᠠᠪᠬᠤ᠂ ᠦᠵᠡᠬᠦ᠂ ᠰᠣᠨᠣᠰᠬᠤ᠂ ᠤᠩᠰᠢᠬᠤ᠂ ᠢᠳᠡᠬᠦ᠂ ᠪᠣᠳᠣᠬᠤ᠂ ᠵᠢᠷᠤᠬᠤ᠂ ᠴᠣᠬᠢᠬᠤ᠂ ᠨᠦᠳᠦᠬᠦ᠂ ᠲᠥᠯᠥᠬᠦ᠂ ᠨᠢᠴᠠᠯᠠᠬᠤ ᠭᠡᠬᠦ ᠮᠡᠲᠦ᠃
    ᠡᠰᠡ ᠲᠤᠰᠬᠤ ᠦᠢᠯᠡ ᠦᠭᠡ- ᠰᠢᠭᠤᠳ ᠲᠤᠰᠤᠭᠳᠠᠬᠤᠨ ᠢ᠋ ᠱᠠᠭᠠᠷᠳᠠᠬᠤ ᠦᠭᠡᠢ ᠪᠤᠶᠤ ᠰᠢᠭᠤᠳ ᠲᠤᠰᠤᠭᠳᠠᠬᠤᠨ ᠠᠪᠴᠤ ᠴᠢᠳᠠᠬᠤ ᠦᠭᠡᠢ ᠪᠦᠬᠦ ᠦᠢᠯᠡ ᠦᠭᠡ ᠶ᠋ᠢ ᠡᠰᠡ ᠲᠤᠰᠬᠤ ᠦᠢᠯᠡ ᠦᠭᠡ ᠭᠡᠨ᠎ᠡ᠃ ᠡᠰᠡ ᠲᠤᠰᠬᠤ ᠦᠢᠯᠡ ᠦᠭᠡ ᠨᠢ ᠡᠵᠡᠨ ᠪᠡᠶ᠎ᠡ ᠡᠴᠡ ᠪᠡᠨ ᠣᠨᠳᠣᠣ ᠬᠥᠮᠦᠨ ᠶᠠᠭᠤᠮ᠎ᠠ ᠳ᠋ᠤ᠌ ᠰᠢᠭᠤᠳ ᠲᠤᠰᠬᠤ ᠤᠳᠬ᠎ᠠ ᠶ᠋ᠢ ᠢᠯᠡᠷᠡᠭᠦᠯᠬᠦ ᠦᠭᠡᠢ ᠪᠠᠢᠳᠠᠭ᠃
    ᠵᠢᠱ᠌ᠢᠶᠡᠯᠡᠪᠡᠯ᠄ ᠶᠠᠪᠤᠬᠤ᠂ ᠢᠷᠡᠬᠦ᠂ ᠰᠠᠭᠤᠬᠤ᠂ ᠵᠣᠭᠰᠣᠬᠤ᠂ ᠵᠤᠭᠠᠴᠠᠬᠤ᠂ ᠬᠡᠪᠲᠡᠬᠦ᠂ ᠤᠨᠲᠠᠬᠤ᠂ ᠰᠡᠷᠢᠬᠦ᠂ ᠪᠣᠰᠬᠤ᠂ ᠭᠦᠶᠦᠬᠦ᠂ ᠢᠨᠢᠶᠡᠬᠦ᠂ ᠬᠠᠨᠢᠶᠠᠬᠤ ᠭᠡᠬᠦ ᠮᠡᠲᠦ᠃
   ᠡᠭᠦᠨ ᠳ᠋ᠦ᠍ ᠮᠣᠩᠭᠣᠯ ᠬᠡᠯᠡᠨ ᠦ᠌ ᠪᠦᠬᠦ ᠦᠢᠯᠡ ᠦᠭᠡ ᠶ᠋ᠢ ᠲᠡᠭᠦᠨ ᠦ᠌ ᠰᠢᠭᠤᠳ ᠲᠤᠰᠤᠭᠳᠠᠬᠤᠨ ᠠᠪᠴᠤ ᠴᠢᠳᠠᠬᠤ ᠡᠰᠡᠬᠦ ᠪᠡᠷ ᠨᠢ ᠢᠯᠭᠠᠵᠤ ᠲᠤᠰᠬᠤ ᠪᠠ ᠡᠰᠡ ᠲᠤᠰᠬᠤ ᠦᠢᠯᠡ ᠦᠭᠡ ᠭᠡᠵᠦ ᠬᠣᠶᠠᠷ ᠪᠦᠯᠦᠭ ᠢ᠋ᠶ᠋ᠡᠷ ᠠᠩᠭᠢᠯᠠᠵᠤ ᠪᠠᠢᠭ᠎ᠠ ᠪᠣᠯᠪᠠᠴᠤ ᠡᠭᠦᠰᠦᠮᠡᠯ ᠦᠢᠯᠡ ᠦᠭᠡ ᠶ᠋ᠢᠨ ᠬᠤᠪᠢ ᠳ᠋ᠤ᠌ ᠠᠪᠴᠤ ᠦᠵᠡᠪᠡᠯ ᠲᠡᠭᠦᠨ ᠦ᠌ ᠦᠭᠡ ᠬᠤᠪᠢᠯᠭᠠᠬᠤ ᠳᠠᠭᠠᠪᠤᠷᠢ ᠪᠠᠷ ᠨᠢ ᠲᠡᠳᠡᠭᠡᠷ ᠦ᠋ᠨ ᠲᠤᠰᠬᠤ ᠪᠠ ᠡᠰᠡ ᠲᠤᠰᠬᠤ ᠦᠢᠯᠡ ᠦᠭᠡ ᠶ᠋ᠢᠨ ᠠᠯᠢᠨ ᠪᠣᠯᠬᠤ ᠶ᠋ᠢ ᠢᠯᠭᠠᠨ ᠮᠡᠳᠡᠵᠦ ᠪᠣᠯᠤᠨ᠎ᠠ᠃
    ᠵᠢᠱ᠌ᠢᠶᠡᠯᠡᠪᠡᠯ᠄ ᠬᠤᠭᠤ- ᠬᠤᠭᠤᠯ᠂ ᠬᠤᠭᠤᠷᠠ᠂
    ᠶᠠᠪᠤ- ᠶᠠᠪᠤᠭᠤᠯ᠂ ᠶᠠᠪᠤᠪᠠ᠂
    ᠰᠠᠭᠤ- ᠰᠠᠭᠤᠯᠭ᠎ᠠ᠂ ᠰᠠᠭᠤᠶ᠎ᠠ ᠭᠡᠬᠦ ᠮᠡᠲᠦ᠃

  ᠦᠰᠦᠭ ᠠᠮᠢᠯᠠᠭᠤᠯᠤᠭᠴᠢ᠄ ᠬᠡᠯᠡᠰᠣᠶᠣᠯ (ᠪᠤᠤ ᠵᠢᠨ ᠬᠤᠸᠠ)᠂ ᠮᠥᠩᠭᠥᠨ᠂ ᠠᠯᠲᠠᠨᠴᠢᠮᠡᠭ᠂ ᠪᠣᠷᠵᠢᠭᠢᠨ ᠡᠷᠴᠢᠨ᠂ ᠤᠷᠠᠨᠴᠢᠮᠡᠭ᠂ ᠪᠠᠢ᠂ ᠰᠠᠷᠠᠨ᠎ᠠ᠂ ᠪᠠᠶᠠᠨᠴᠡᠴᠡᠭ᠂ ᠭᠡᠷᠡᠯ᠂ ᠨᠠᠷᠠᠨᠲᠤᠶᠠᠭ᠎ᠠ᠂᠂᠂᠂ 
  ᠬᠢᠨᠠᠭᠴᠢ᠄ ᠨᠠᠷᠠᠨ᠂ ᠪᠠᠯ᠂ ᠰᠡᠬᠡᠭᠡᠷᠡᠯ᠂ ᠡᠭᠦᠯᠡᠩᠬᠤᠸᠠᠷ᠂ ᠪᠣᠷᠵᠢᠭᠢᠨ ᠡᠷᠴᠢᠨ᠂ ᠣᠳᠬᠠᠨᠰᠣ᠎ᠠ