ᠦᠭᠡ ᠶ᠋ᠢᠨ ᠵᠦᠢ02-04(ᠳᠥᠷᠪᠡ) ᠲᠥᠯᠥᠭᠡᠨ ᠦ᠌ ᠦᠭᠡ ᠪᠠ ᠲᠥᠯᠥᠭᠡᠨ ᠦ᠌ ᠦᠭᠡ ᠶ᠋ᠢᠨ ᠵᠦᠢᠯ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡ ᠶ᠋ᠢᠨ ᠵᠦᠢ02-04(ᠳᠥᠷᠪᠡ) ᠲᠥᠯᠥᠭᠡᠨ ᠦ᠌ ᠦᠭᠡ ᠪᠠ ᠲᠥᠯᠥᠭᠡᠨ ᠦ᠌ ᠦᠭᠡ ᠶ᠋ᠢᠨ ᠵᠦᠢᠯ

ᠦᠭᠡ ᠶ᠋ᠢᠨ ᠵᠦᠢ02-04(ᠳᠥᠷᠪᠡ) ᠲᠥᠯᠥᠭᠡᠨ ᠦ᠌ ᠦᠭᠡ ᠪᠠ ᠲᠥᠯᠥᠭᠡᠨ ᠦ᠌ ᠦᠭᠡ ᠶ᠋ᠢᠨ ᠵᠦᠢᠯ

ᠠᠩᠭᠢᠯᠠᠯ:ᠬᠡᠯᠡ ᠪᠢᠴᠢᠭ
2025-09-18

373

(ᠳᠥᠷᠪᠡ) ᠲᠥᠯᠥᠭᠡᠨ ᠦ᠌ ᠦᠭᠡ ᠪᠠ ᠲᠥᠯᠥᠭᠡᠨ ᠦ᠌ ᠦᠭᠡ ᠶ᠋ᠢᠨ ᠵᠦᠢᠯ

    ᠬᠥᠮᠦᠨ ᠶᠠᠭᠤᠮ᠎ᠠ᠂ ᠬᠡᠷᠡᠭ ᠪᠣᠳᠠᠰ᠂ ᠵᠢᠴᠢ ᠲᠡᠭᠦᠨ ᠦ᠌ ᠰᠢᠨᠵᠢ ᠴᠢᠨᠠᠷ᠂ ᠲᠣᠭ᠎ᠠ ᠬᠡᠮᠵᠢᠶ᠎ᠡ᠂ ᠦᠢᠯᠡ ᠬᠥᠳᠡᠯᠭᠡᠭᠡᠨ ᠦ᠌ ᠪᠣᠯᠬᠤ ᠣᠷᠣᠨ ᠴᠠᠭ ᠢ᠋ ᠲᠥᠯᠥᠭᠡᠯᠡᠨ ᠵᠢᠭᠠᠭᠰᠠᠨ ᠦᠭᠡ ᠶ᠋ᠢ ᠲᠥᠯᠥᠭᠡᠨ ᠦ᠌ ᠦᠭᠡ ᠭᠡᠨ᠎ᠡ᠃    ᠵᠢᠱ᠌ᠢᠶᠡᠯᠡᠪᠡᠯ᠄ ᠪᠢ᠂ ᠴᠢ᠂ ᠲᠠ᠂ ᠪᠢᠳᠡ᠂ ᠡᠨᠡ᠂ ᠲᠡᠷᠡ᠂ ᠬᠡᠨ᠂ ᠶᠠᠭᠤ ᠭᠡᠬᠦ ᠮᠡᠲᠦ ᠶ᠋ᠢᠨ ᠲᠥᠯᠥᠭᠡᠨ ᠦ᠌ ᠦᠭᠡᠰ ᠨᠢ ᠭᠣᠣᠯ ᠲᠥᠯᠥᠪ ᠨᠡᠷ᠎ᠡ ᠦᠭᠡ ᠶ᠋ᠢᠨ ᠵᠦᠢᠯ ᠊ᠢ ᠲᠥᠯᠥᠭᠡᠯᠡᠵᠦ᠂ ᠡᠢᠮᠦ᠂ ᠲᠡᠢᠮᠦ᠂ ᠡᠨᠡ᠂ ᠲᠡᠷᠡ᠂ ᠠᠯᠢ᠂ ᠶᠠᠮᠠᠷ ᠭᠡᠰᠡᠨ ᠲᠥᠯᠥᠭᠡᠨ ᠦ᠌ ᠦᠭᠡᠰ ᠨᠢ ᠭᠣᠣᠯ ᠲᠥᠯᠥᠪ ᠲᠡᠮᠳᠡᠭ ᠦᠭᠡ ᠶ᠋ᠢ ᠲᠥᠯᠥᠭᠡᠯᠡᠨ᠂ ᠬᠡᠳᠦ᠂ ᠬᠡᠳᠦᠢ ᠭᠡᠬᠦ ᠮᠡᠲᠦ ᠶ᠋ᠢᠨ ᠲᠥᠯᠥᠭᠡᠨ ᠦ᠌ ᠦᠭᠡᠰ ᠨᠢ ᠲᠣᠭᠠᠨ ᠤ᠋ ᠦᠭᠡ ᠶ᠋ᠢ ᠲᠥᠯᠥᠭᠡᠯᠡᠵᠦ᠂ ᠢᠩᠭᠢᠭᠰᠡᠨ᠂ ᠴᠢᠩᠭᠢᠭᠰᠡᠨ᠂ ᠶᠠᠭᠠᠬᠢᠭᠰᠠᠨ ᠭᠡᠬᠦ ᠮᠡᠲᠦ ᠶ᠋ᠢᠨ ᠲᠥᠯᠥᠭᠡᠨ ᠦ᠌ ᠦᠭᠡᠰ ᠨᠢ ᠦᠢᠯᠡ ᠦᠭᠡ ᠶ᠋ᠢ ᠲᠥᠯᠥᠭᠡᠯᠡᠭᠡᠳ᠂ ᠡᠨᠳᠡ᠂ ᠲᠡᠨᠳᠡ᠂ ᠬᠠᠮᠢᠭ᠎ᠠ᠂ ᠬᠡᠵᠢᠶ᠎ᠡ ᠭᠡᠬᠦ ᠮᠡᠲᠦ ᠶ᠋ᠢᠨ ᠲᠥᠯᠥᠭᠡᠨ ᠦ᠌ ᠦᠭᠡᠰ ᠨᠢ ᠳᠠᠢᠪᠤᠷᠢ ᠦᠭᠡ ᠶ᠋ᠢᠨ ᠵᠦᠢᠯ ᠢ᠋ ᠲᠥᠯᠥᠭᠡᠯᠡᠨ᠎ᠡ᠃
   ᠲᠥᠯᠥᠭᠡᠨ ᠦ᠌ ᠦᠭᠡᠰ ᠊ᠢ ᠤᠳᠬ᠎ᠠ ᠶ᠋ᠢᠨ ᠲᠠᠯ᠎ᠠ ᠪᠠᠷ ᠠᠪᠴᠤ ᠦᠵᠡᠪᠡᠯ ᠪᠤᠰᠤᠳ ᠠᠢᠮᠠᠭ ᠤ᠋ᠨ ᠦᠭᠡᠰ ᠦ᠋ᠨ ᠠᠳᠠᠯᠢ ᠶᠠᠮᠠᠷ ᠨᠢᠭᠡᠨ ᠶᠠᠭᠤᠮ᠎ᠠ ᠪᠤᠶᠤ ᠦᠢᠯᠡ ᠶ᠋ᠢ ᠵᠢᠭᠠᠨ ᠨᠡᠷᠡᠯᠡᠳᠡᠭ ᠦᠭᠡᠢ᠂ ᠵᠥᠪᠬᠡᠨ ᠵᠢᠭᠠᠨ ᠬᠡᠯᠡᠳᠡᠭ ᠠᠵᠢ᠃ ᠡᠢᠮᠦ ᠤᠴᠢᠷ ᠠ᠋ᠴᠠ ᠲᠥᠯᠥᠭᠡᠨ ᠦ᠌ ᠦᠭᠡ ᠶ᠋ᠢᠨ ᠵᠦᠢᠯ ᠨᠢ ᠶᠠᠮᠠᠷ ᠨᠢᠭᠡᠨ ᠤᠬᠠᠭᠳᠠᠬᠤᠨ ᠊ᠢ ᠵᠢᠭᠠᠵᠤ ᠴᠢᠳᠠᠳᠠᠭ ᠦᠭᠡᠢ᠃
   ᠲᠥᠯᠥᠭᠡᠨ ᠦ᠌ ᠦᠭᠡ ᠶ᠋ᠢᠨ ᠦᠭᠡ ᠶ᠋ᠢᠨ ᠵᠦᠢ ᠶ᠋ᠢᠨ ᠣᠨᠴᠠᠯᠢᠭ ᠨᠢ᠂ ᠬᠡᠷᠪᠡ ᠮᠣᠩᠭᠣᠯ ᠬᠡᠯᠡᠨ ᠦ᠌ ᠨᠡᠷ᠎ᠡ ᠦᠭᠡ᠂ ᠦᠢᠯᠡ ᠦᠭᠡ ᠶ᠋ᠢᠨ  ᠵᠦᠢᠯ ᠊ᠢ ᠶᠠᠩᠵᠤ ᠪᠦᠷᠢ ᠪᠡᠷ ᠬᠤᠪᠢᠯᠭᠠᠬᠤ ᠳ᠋ᠤ᠌ ᠶᠡᠷᠦᠩᠬᠡᠢ ᠳ᠋ᠡᠭᠡᠨ ᠦᠨᠳᠦᠰᠦ ᠨᠢ ᠡᠪᠳᠡᠷᠡᠳᠡᠭ ᠦᠭᠡᠢ ᠪᠣᠯ ᠵᠠᠷᠢᠮ ᠲᠥᠯᠥᠭᠡᠨ ᠦ᠌ ᠦᠭᠡ ᠶ᠋ᠢᠨ ᠦᠨᠳᠦᠰᠦ ᠥᠭᠡᠷᠡᠴᠢᠯᠡᠭᠳᠡᠨ᠎ᠡ᠃    ᠵᠢᠱ᠌ᠢᠶᠡᠯᠡᠪᠡᠯ᠄ ᠨᠡᠷᠡᠯᠡᠬᠦ ᠶ᠋ᠢᠨ ᠲᠡᠢᠨ ᠢᠯᠭᠠᠯ ᠳ᠋ᠤ᠌《ᠪᠢ》 ᠬᠠᠷᠢᠶᠠᠯᠠᠬᠤ ᠶ᠋ᠢᠨ ᠲᠡᠢᠨ ᠢᠯᠭᠠᠯ ᠳ᠋ᠤ᠌《ᠮᠢᠨᠦ》᠂ ᠥᠭᠬᠦ ᠣᠷᠣᠰᠢᠬᠤ ᠶ᠋ᠢᠨ ᠲᠡᠢᠨ ᠢᠯᠭᠠᠯ ᠳ᠋ᠤ᠌ 《ᠨᠠᠳᠤᠷ》᠂ ᠵᠢᠭᠠᠬᠤ ᠶ᠋ᠢᠨ ᠲᠡᠢᠨ ᠢᠯᠭᠠᠯ ᠳ᠋ᠤ᠌ 《ᠨᠠᠮᠠᠶ᠋ᠢ》᠂ ᠭᠠᠷᠬᠤ ᠶ᠋ᠢᠨ ᠲᠡᠢᠨ ᠢᠯᠭᠠᠯ ᠳ᠋ᠤ᠌《ᠨᠠᠳᠠ ᠠ᠋ᠴᠠ》 ᠭᠡᠵᠦ ᠬᠤᠪᠢᠯᠬᠤ ᠪᠣᠢ᠃ ᠮᠥᠨ ᠭᠠᠭᠴᠠ ᠪᠠ ᠣᠯᠠᠨ ᠤ᠋ ᠲᠣᠭ᠎ᠠ ᠪᠠᠷ ᠢᠯᠭᠠᠷᠠᠬᠤ ᠳ᠋ᠠᠭᠠᠨ ᠪᠤᠰᠤᠳ ᠨᠡᠷ᠎ᠡ ᠶ᠋ᠢᠨ ᠠᠳᠠᠯᠢ ᠣᠯᠠᠨ ᠢ᠋ ᠵᠢᠭᠠᠭᠰᠠᠨ ᠳᠠᠭᠠᠪᠤᠷᠢ ᠶ᠋ᠢ ᠰᠢᠭᠤᠳ ᠵᠠᠯᠭᠠᠬᠤ ᠦᠭᠡᠢ᠂ ᠭᠣᠣᠯ ᠲᠥᠯᠥᠪ ᠵᠣᠬᠢᠬᠤ ᠦᠨᠳᠦᠰᠦ ᠨᠢ ᠥᠭᠡᠷᠡᠴᠢᠯᠡᠭᠳᠡᠨ᠎ᠡ᠃    ᠵᠢᠱ᠌ᠢᠶᠡᠯᠡᠪᠡᠯ᠄ ᠪᠢ(ᠭᠠᠭᠴᠠ ᠶ᠋ᠢᠨ ᠲᠣᠭ᠎ᠠ)᠂ ᠪᠢᠳᠡ(ᠣᠯᠠᠨ ᠤ᠋ ᠲᠣᠭ᠎ᠠ)᠂ ᠡᠨᠡ(ᠭᠠᠭᠴᠠ ᠶ᠋ᠢᠨ ᠲᠣᠭ᠎ᠠ)᠂ ᠡᠳᠡ(ᠣᠯᠠᠨ ᠤ᠋ ᠲᠣᠭ᠎ᠠ)᠂ ᠮᠢᠨᠦ(ᠭᠠᠭᠴᠠ ᠶ᠋ᠢᠨ ᠲᠣᠭ᠎ᠠ)᠂ ᠮᠠᠨ ᠤ᠋(ᠣᠯᠠᠨ ᠤ᠋ ᠲᠣᠭ᠎ᠠ) ᠭᠡᠬᠦ ᠮᠡᠲᠦ᠃
   ᠲᠥᠯᠥᠭᠡᠨ ᠦ᠌ ᠦᠭᠡᠰ ᠦ᠋ᠨ ᠥᠭᠦᠯᠡᠪᠦᠷᠢ ᠶ᠋ᠢᠨ ᠣᠨᠴᠠᠯᠢᠭ ᠨᠢ᠂ ᠨᠡᠷ᠎ᠡ ᠦᠭᠡ ᠶ᠋ᠢ ᠲᠥᠯᠥᠭᠡᠯᠡᠭᠰᠡᠨ ᠨᠢ ᠭᠣᠣᠯ ᠲᠥᠯᠥᠪ ᠥᠭᠦᠯᠡᠭᠳᠡᠬᠦᠨ᠂ ᠲᠤᠰᠤᠭᠳᠠᠬᠤᠨ ᠪᠣᠯᠵᠤ᠂ ᠲᠡᠮᠳᠡᠭ ᠦᠭᠡ ᠶ᠋ᠢ ᠲᠥᠯᠥᠭᠡᠯᠡᠭᠰᠡᠨ ᠨᠢ ᠭᠣᠣᠯ ᠲᠥᠯᠥᠪ ᠲᠣᠳᠣᠳᠬᠠᠯ᠂ ᠳᠠᠢᠪᠤᠷᠢ ᠦᠭᠡ ᠶ᠋ᠢ ᠲᠥᠯᠥᠭᠡᠯᠡᠭᠰᠡᠨ ᠨᠢ ᠪᠠᠢᠴᠠ᠂ ᠦᠢᠯᠡ ᠦᠭᠡ ᠶ᠋ᠢ ᠲᠥᠯᠥᠭᠡᠯᠡᠭᠰᠡᠨ ᠨᠢ ᠥᠭᠦᠯᠡᠬᠦᠨ ᠪᠣᠯᠤᠨ᠎ᠠ᠃
    ᠵᠢᠱ᠌ᠢᠶᠡᠯᠡᠪᠡᠯ᠄ ᠪᠢᠳᠡ(ᠥᠭᠦᠯᠡᠭᠳᠡᠬᠦᠨ) ᠵᠣᠬᠢᠶᠠᠯ ᠢ᠋ ᠰᠤᠷᠤᠯᠴᠠᠵᠤ ᠪᠠᠢᠨ᠎ᠠ᠃
   ᠳᠣᠷᠵᠢ ᠲᠡᠭᠦᠨ ᠢ᠋(ᠲᠤᠰᠤᠭᠳᠠᠬᠤᠨ) ᠠᠪᠤᠭᠠᠳ ᠢᠷ᠎ᠡ᠃
   ᠮᠠᠨ ᠤ᠋(ᠲᠣᠳᠣᠳᠬᠠᠯ) ᠤᠯᠤᠰ ᠤ᠋ᠨ ᠰᠢᠨᠵᠢᠯᠡᠬᠦ ᠤᠬᠠᠭᠠᠨ ᠮᠠᠰᠢ ᠲᠦᠷᠭᠡᠨ ᠬᠥᠭᠵᠢᠵᠦ ᠪᠠᠢᠨ᠎ᠠ᠃
   ᠪᠠᠭᠠᠲᠤᠷ ᠢᠩᠭᠢᠭᠰᠡᠨ ᠪᠠᠢᠨ᠎ᠠ(ᠥᠭᠦᠯᠡᠬᠦᠨ)᠃
   ᠡᠷᠳᠡᠨᠢᠭᠡᠷᠡᠯ᠂ ᠡᠨᠳᠡ(ᠪᠠᠢᠴᠠ) ᠠᠵᠢᠯᠯᠠᠭᠠᠳ ᠢᠳᠡᠪᠬᠢᠲᠡᠨ ᠪᠣᠯᠵᠠᠢ᠃ ᠭᠡᠬᠦ ᠮᠡᠲᠦ᠃
   ᠲᠥᠯᠥᠭᠡᠨ ᠦ᠌ ᠦᠭᠡᠰ ᠢ᠋ ᠤᠳᠬ᠎ᠠ᠂ ᠬᠡᠯᠪᠡᠷᠢ ᠪᠠ ᠥᠭᠦᠯᠡᠪᠦᠷᠢ ᠳ᠋ᠦ᠍ ᠬᠡᠷᠡᠭᠯᠡᠭᠳᠡᠬᠦ ᠪᠠᠢᠳᠠᠯ ᠢ᠋ ᠬᠠᠷᠠᠭᠠᠯᠵᠠᠨ ᠪᠡᠶ᠎ᠡ ᠶ᠋ᠢᠨ ᠲᠥᠯᠥᠭᠡᠨ ᠦ᠌ ᠦᠭᠡ᠂
   ᠵᠢᠭᠠᠬᠤ ᠲᠥᠯᠥᠭᠡᠨ ᠦ᠌ ᠦᠭᠡ᠂ ᠠᠰᠠᠭᠤᠬᠤ ᠲᠥᠯᠥᠭᠡᠨ ᠦ᠌ ᠦᠭᠡ᠂ ᠲᠣᠳᠣᠷᠬᠠᠢ ᠦᠭᠡᠢ ᠲᠥᠯᠥᠭᠡᠨ ᠦ᠌ ᠦᠭᠡ᠂ ᠢᠯᠭᠠᠬᠤ ᠲᠥᠯᠥᠭᠡᠨ ᠦ᠌ ᠦᠭᠡ᠂ ᠥᠪᠡᠷ ᠦ᠋ᠨ ᠲᠥᠯᠥᠭᠡᠨ ᠦ᠌ ᠦᠭᠡ᠂ ᠬᠤᠷᠢᠶᠠᠬᠤ ᠲᠥᠯᠥᠭᠡᠨ ᠦ᠌ ᠦᠭᠡ ᠭᠡᠵᠦ ᠬᠡᠳᠦᠨ ᠵᠦᠢᠯ ᠢ᠋ᠶ᠋ᠡᠷ ᠬᠤᠪᠢᠶᠠᠵᠤ ᠪᠣᠯᠤᠨ᠎ᠠ᠃

   1 ᠪᠡᠶ᠎ᠡ ᠶ᠋ᠢᠨ ᠲᠥᠯᠥᠭᠡᠨ ᠦ᠌ ᠦᠭᠡ
   ᠬᠡᠵᠢᠶᠡᠳᠡ ᠬᠥᠮᠦᠨ ᠦ᠌ ᠪᠡᠶ᠎ᠡ ᠶ᠋ᠢ ᠲᠥᠯᠥᠭᠡᠯᠡᠵᠦ ᠬᠡᠯᠡᠬᠦ ᠦᠭᠡᠰ ᠢ᠋ ᠪᠡᠶ᠎ᠡ ᠶ᠋ᠢᠨ ᠲᠥᠯᠥᠭᠡᠨ ᠦ᠌ ᠦᠭᠡ ᠭᠡᠨ᠎ᠡ᠃
    ᠵᠢᠱ᠌ᠢᠶᠡᠯᠡᠪᠡᠯ᠄ ᠪᠢ᠂ ᠴᠢ᠂ ᠲᠠ᠂ ᠡᠳᠡ᠂  ᠲᠡᠳᠡ᠂ ᠮᠢᠨᠦ᠂ ᠴᠢᠨᠦ᠂ ᠨᠠᠮᠠᠶ᠋ᠢ᠂ ᠴᠢᠮᠠᠶ᠋ᠢ᠂ ᠨᠠᠳᠠ᠂ ᠴᠢᠮ᠎ᠠ᠂ ᠮᠠᠨ᠂ ᠲᠠᠨ᠂ ᠪᠢᠳᠡ ᠭᠡᠬᠦ ᠮᠡᠲᠦ᠃

   2 ᠵᠢᠭᠠᠬᠤ ᠲᠥᠯᠥᠭᠡᠨ ᠦ᠌ ᠦᠭᠡ
       ᠬᠥᠮᠦᠨ ᠶᠠᠭᠤᠮ᠎ᠠ ᠪᠤᠶᠤ ᠲᠡᠭᠦᠨ ᠦ᠌ ᠴᠢᠨᠠᠷ᠂ ᠬᠡᠮᠵᠢᠶ᠎ᠡ᠂ ᠵᠢᠴᠢ ᠦᠢᠯᠡ ᠪᠠᠢᠳᠠᠯ ᠢ᠋ ᠲᠥᠯᠥᠭᠡᠯᠡᠨ ᠵᠢᠭᠠᠬᠤ ᠦᠭᠡᠰ ᠢ᠋ ᠵᠢᠭᠠᠬᠤ ᠲᠥᠯᠥᠭᠡᠨ ᠦ᠌ ᠦᠭᠡ ᠭᠡᠨ᠎ᠡ᠃
    ᠵᠢᠱ᠌ᠢᠶᠡᠯᠡᠪᠡᠯ᠄ ᠡᠨᠡ᠂ ᠲᠡᠷᠡ᠂ ᠡᠳᠦᠢ᠂ ᠲᠡᠳᠦᠢ᠂ ᠡᠢᠮᠦ᠂ ᠲᠡᠢᠮᠦ᠂ ᠢᠩᠭᠢᠬᠦ᠂ ᠴᠢᠩᠭᠢᠬᠦ᠂ ᠡᠨᠳᠡ᠂ ᠲᠡᠨᠳᠡ᠂ ᠲᠤᠰ᠂ ᠥᠨᠥ᠂ ᠮᠥᠨᠥ ᠭᠡᠬᠦ ᠮᠡᠲᠦ᠃
    
    3 ᠠᠰᠠᠭᠤᠬᠤ ᠲᠥᠯᠥᠭᠡᠨ ᠦ᠌ ᠦᠭᠡ
    ᠬᠥᠮᠦᠨ ᠪᠣᠯᠤᠨ ᠶᠠᠭᠤᠮ᠎ᠠ ᠶ᠋ᠢᠨ ᠪᠡᠯᠭᠡ ᠲᠡᠮᠳᠡᠭ᠂ ᠲᠣᠭ᠎ᠠ ᠬᠡᠮᠵᠢᠶ᠎ᠡ᠂ ᠦᠢᠯᠡ ᠬᠥᠳᠡᠯᠭᠡᠭᠡᠨ᠂ ᠪᠣᠯᠤᠭᠰᠠᠨ ᠣᠷᠣᠨ ᠴᠠᠭ ᠢ᠋ ᠲᠥᠯᠥᠭᠡᠯᠡᠨ ᠠᠰᠠᠭᠤᠭᠰᠠᠨ ᠤᠳᠬ᠎ᠠ ᠪᠦᠬᠦᠢ ᠦᠭᠡᠰ ᠢ᠋ ᠠᠰᠠᠭᠤᠬᠤ ᠲᠥᠯᠥᠭᠡᠨ ᠦ᠌ ᠦᠭᠡ ᠭᠡᠨ᠎ᠡ᠃
    ᠵᠢᠱ᠌ᠢᠶᠡᠯᠡᠪᠡᠯ᠄ ᠬᠡᠨ? ᠶᠠᠭᠤ? ᠠᠯᠢ? ᠶᠠᠮᠠᠷ? ᠬᠡᠳᠦ? ᠬᠡᠴᠢᠨᠡᠨ? ᠬᠢᠷᠢ? ᠬᠡᠷᠬᠢᠪᠡ? ᠶᠠᠭᠠᠬᠢᠪᠠ? ᠬᠠᠮᠢᠭ᠎ᠠ? ᠬᠡᠵᠢᠶ᠎ᠡ? ᠭᠡᠬᠦ ᠮᠡᠲᠦ᠃
    ᠠᠰᠠᠭᠤᠬᠤ ᠲᠥᠯᠥᠭᠡᠨ ᠦ᠌ ᠦᠭᠡ ᠶ᠋ᠢᠨ ᠬᠣᠢᠨ᠎ᠠ《ᠪᠣᠢ》 ᠭᠡᠳᠡᠭ ᠰᠤᠯᠠ ᠦᠭᠡ ᠶ᠋ᠢ ᠳᠠᠭᠠᠭᠤᠯᠤᠨ ᠬᠡᠷᠡᠭᠯᠡᠵᠦ《ᠬᠡᠨ ᠪᠣᠢ? ᠶᠠᠭᠤ ᠪᠣᠢ? ᠶᠠᠮᠠᠷ ᠪᠣᠢ?》 ᠭᠡᠬᠦ ᠮᠡᠲᠦ ᠪᠡᠷ ᠠᠰᠠᠭᠤᠵᠤ ᠪᠣᠯᠤᠨ᠎ᠠ᠃
    4 ᠲᠣᠳᠣᠷᠬᠠᠢ ᠦᠭᠡᠢ ᠲᠥᠯᠥᠭᠡᠨ ᠦ᠌ ᠦᠭᠡ
    ᠥᠭᠦᠯᠡᠪᠦᠷᠢ ᠶ᠋ᠢᠨ ᠳᠣᠲᠣᠷᠠᠬᠢ ᠦᠯᠦ ᠮᠡᠳᠡᠭᠳᠡᠬᠦ᠂ ᠲᠣᠳᠣᠷᠬᠠᠢ ᠦᠭᠡᠢ ᠶᠠᠭᠤᠮ᠎ᠠ ᠪᠠ ᠬᠥᠮᠦᠨ᠂ ᠲᠡᠳᠡᠭᠡᠷ ᠦ᠋ᠨ ᠪᠡᠯᠭᠡ ᠲᠡᠮᠳᠡᠭ᠂ ᠦᠢᠯᠡ ᠪᠠᠢᠳᠠᠯ᠂ ᠲᠡᠭᠦᠨ ᠦ᠌ ᠪᠣᠯᠤᠭᠰᠠᠨ ᠣᠷᠣᠨ ᠴᠠᠭ ᠢ᠋ ᠪᠢᠲᠡᠭᠦᠯᠢᠭ ᠢ᠋ᠶ᠋ᠡᠷ ᠲᠥᠯᠥᠭᠡᠯᠡᠨ ᠬᠡᠯᠡᠬᠦ ᠦᠭᠡᠰ ᠢ᠋ ᠲᠣᠳᠣᠷᠬᠠᠢ ᠦᠭᠡᠢ ᠲᠥᠯᠥᠭᠡᠨ ᠦ᠌ ᠦᠭᠡ ᠭᠡᠨ᠎ᠡ᠃ ᠲᠣᠳᠣᠷᠬᠠᠢ ᠦᠭᠡᠢ ᠲᠥᠯᠥᠭᠡᠨ ᠦ᠌ ᠦᠭᠡ ᠶ᠋ᠢ ᠠᠰᠠᠭᠤᠬᠤ ᠲᠥᠯᠥᠭᠡᠨ ᠦ᠌ ᠦᠭᠡ ᠶ᠋ᠢᠨ ᠳᠠᠷᠠᠭ᠎ᠠ《ᠴᠦ᠍᠂ ᠪᠠ᠂ ᠨᠢᠭᠡ᠂ ᠦᠭᠡᠢ》 ᠭᠡᠬᠦ ᠮᠡᠲᠦ ᠦᠭᠡᠰ ᠢ᠋ ᠬᠣᠯᠪᠣᠵᠤ ᠢᠯᠡᠷᠡᠭᠦᠯᠦᠨ᠎ᠡ᠃
    ᠵᠢᠱ᠌ᠢᠶᠡᠯᠡᠪᠡᠯ᠄ ᠬᠡᠨ ᠴᠦ᠍᠂ ᠶᠠᠭᠤ ᠴᠦ᠍᠂ ᠠᠯᠢ ᠴᠤ᠌᠂ ᠠᠯᠢᠪᠠ ᠴᠦ᠍᠂ ᠶᠠᠮᠠᠷ ᠴᠦ᠍᠂ ᠶᠠᠮᠠᠷ ᠪᠠ᠂ ᠬᠡᠳᠦ ᠴᠦ᠍᠂ ᠬᠡᠳᠦᠢ ᠴᠦ᠍᠂ ᠬᠡᠴᠢᠨᠡᠨ ᠴᠦ᠍᠂ ᠬᠡᠵᠢᠶ᠎ᠡ ᠴᠦ᠍᠂ ᠬᠠᠮᠢᠭ᠎ᠠ ᠴᠦ᠍᠂ ᠬᠡᠷᠬᠢᠬᠦ ᠴᠦ᠍᠂ ᠶᠠᠭᠠᠬᠢᠬᠤ ᠴᠦ᠍᠂ ᠬᠡᠨ ᠬᠡᠨ ᠴᠦ᠍᠂ ᠶᠠᠭᠤ ᠶᠠᠭᠤ ᠴᠦ᠍᠂ ᠬᠡᠨ ᠨᠢᠭᠡᠨ᠂ ᠠᠯᠢ ᠨᠢᠭᠡᠨ᠂ ᠶᠠᠮᠠᠷ ᠨᠢᠭᠡᠨ᠂ ᠬᠡᠵᠢᠶ᠎ᠡ ᠨᠢᠭᠡᠨ᠂ ᠬᠠᠮᠢᠭ᠎ᠠ ᠨᠢᠭᠡᠨ᠂ ᠬᠡᠨ ᠬᠡᠨ ᠭᠡᠰᠡᠨ ᠦᠭᠡᠢ᠂ ᠬᠡᠵᠢᠶ᠎ᠡ ᠬᠡᠵᠢᠶ᠎ᠡ ᠭᠡᠰᠡᠨ ᠦᠭᠡᠢ᠂ ᠬᠠᠮᠢᠭ᠎ᠠ ᠬᠠᠮᠢᠭ᠎ᠠ ᠭᠡᠰᠡᠨ ᠦᠭᠡᠢ ᠭᠡᠬᠦ ᠮᠡᠲᠦ᠃

    5 ᠢᠯᠭᠠᠬᠤ ᠲᠥᠯᠥᠭᠡᠨ ᠦ᠌ ᠦᠭᠡ
    ᠨᠢᠭᠡᠨ ᠲᠥᠷᠥᠯ ᠦ᠋ᠨ ᠪᠤᠶᠤ ᠣᠯᠠᠨ ᠲᠥᠷᠥᠯ ᠦ᠋ᠨ ᠬᠥᠮᠦᠨ ᠶᠠᠭᠤᠮ᠎ᠠ ᠶ᠋ᠢᠨ ᠢᠯᠭᠠᠭᠰᠠᠨ ᠴᠢᠨᠠᠷ ᠢ᠋ ᠵᠢᠭᠠᠭᠰᠠᠨ ᠤᠳᠬ᠎ᠠ ᠪᠦᠬᠦᠢ ᠦᠭᠡᠰ ᠢ᠋ ᠢᠯᠭᠠᠬᠤ ᠲᠥᠯᠥᠭᠡᠨ ᠦ᠌ ᠦᠭᠡ ᠭᠡᠨ᠎ᠡ᠃
    ᠵᠢᠱ᠌ᠢᠶᠡᠯᠡᠪᠡᠯ᠄ ᠵᠠᠷᠢᠮ᠂ ᠪᠤᠰᠤᠳ(ᠪᠤᠰᠤ)᠂ ᠥᠭᠡᠷ᠎ᠡ᠂ ᠣᠨᠳᠣᠣ᠂ ᠨᠥᠭᠦᠭᠡ᠂ ᠠᠰᠲᠠᠭᠠᠨ ᠭᠡᠬᠦ ᠮᠡᠲᠦ᠃

    6 ᠥᠪᠡᠷ ᠦ᠋ᠨ ᠲᠥᠯᠥᠭᠡᠨ ᠦ᠌ ᠦᠭᠡ
    ᠥᠭᠦᠯᠡᠪᠦᠷᠢ ᠶ᠋ᠢᠨ ᠳᠣᠲᠣᠷ᠎ᠠ ᠢᠮᠠᠭᠲᠠ ᠤᠤᠯ ᠥᠭᠦᠯᠡᠪᠦᠷᠢ ᠶ᠋ᠢᠨ ᠥᠭᠦᠯᠡᠬᠦᠨ ᠢ᠋ᠶ᠋ᠡᠷ ᠢᠯᠡᠷᠡᠭᠰᠡᠨ ᠦᠢᠯᠡ ᠪᠠᠢᠳᠠᠯ ᠤ᠋ᠨ ᠡᠵᠡᠨ ᠪᠡᠶ᠎ᠡ ᠪᠤᠶᠤ ᠡᠵᠡᠨ ᠪᠤᠰᠤ ᠪᠡᠶ᠎ᠡ ᠶ᠋ᠢ ᠲᠥᠯᠥᠭᠡᠯᠡᠨ ᠵᠢᠭᠠᠳᠠᠭ《ᠥᠪᠡᠷ》 ᠭᠡᠰᠡᠨ ᠢᠵᠠᠭᠤᠷᠲᠤ ᠦᠭᠡ ᠶ᠋ᠢ ᠥᠪᠡᠷ ᠦ᠋ᠨ ᠲᠥᠯᠥᠭᠡᠨ ᠦ᠌ ᠦᠭᠡ ᠭᠡᠨ᠎ᠡ᠃ ᠥᠪᠡᠷ ᠦ᠋ᠨ ᠲᠥᠯᠥᠭᠡᠨ ᠦ᠌ ᠦᠭᠡ ᠶ᠋ᠢ ᠪᠡᠶ᠎ᠡ ᠶ᠋ᠢᠨ ᠲᠥᠯᠥᠭᠡᠨ ᠦ᠌ ᠦᠭᠡ ᠪᠠ ᠪᠤᠰᠤᠳ ᠲᠥᠯᠥᠭᠡᠨ ᠦ᠌ ᠦᠭᠡ ᠲᠡᠢ ᠳᠠᠪᠬᠤᠷᠯᠠᠨ ᠬᠡᠷᠡᠭᠯᠡᠵᠦ ᠪᠣᠯᠤᠨ᠎ᠠ᠃
    ᠵᠢᠱ᠌ᠢᠶᠡᠯᠡᠪᠡᠯ᠄ ᠥᠪᠡᠷ᠂ ᠥᠪᠡᠷ ᠦ᠋ᠨ᠂ ᠥᠪᠡᠷ ᠢ᠋ᠶ᠋ᠡᠨ᠂ ᠥᠪᠡᠰᠦᠪᠡᠨ᠂ ᠥᠪᠡᠷᠲᠡᠭᠡᠨ᠂ ᠥᠪᠡᠷᠰᠡᠳ ᠢ᠋ᠶ᠋ᠡᠨ᠂ ᠪᠢ ᠥᠪᠡᠷ ᠢ᠋ᠶ᠋ᠡᠨ᠂ ᠲᠠ ᠥᠪᠡᠷ ᠦ᠋ᠨ᠂ ᠲᠡᠷᠡ ᠥᠪᠡᠰᠦᠪᠡᠨ ᠭᠡᠬᠦ ᠮᠡᠲᠦ᠃
    ᠮᠣᠩᠭᠣᠯ ᠬᠡᠯᠡᠨ ᠦ᠌ ᠲᠥᠯᠥᠭᠡᠨ ᠦ᠌ ᠦᠭᠡ ᠨᠢ ᠨᠡᠷ᠎ᠡ ᠦᠭᠡ᠂ ᠲᠡᠮᠳᠡᠭ ᠦᠭᠡ᠂ ᠲᠣᠭᠠᠨ ᠤ᠋ ᠦᠭᠡ᠂ ᠳᠠᠢᠪᠤᠷᠢ ᠦᠭᠡ᠂ ᠦᠢᠯᠡ ᠦᠭᠡ ᠶ᠋ᠢ ᠪᠦᠷ ᠲᠥᠯᠥᠭᠡᠯᠡᠵᠦ ᠴᠢᠳᠠᠬᠤ ᠲᠤᠯᠠ ᠨᠡᠷ᠎ᠡ ᠦᠭᠡ ᠶ᠋ᠢ ᠲᠥᠯᠥᠭᠡᠯᠡᠭᠰᠡᠨ ᠨᠢ ᠨᠡᠷ᠎ᠡ ᠦᠭᠡ ᠶ᠋ᠢᠨ᠂ ᠲᠡᠮᠳᠡᠭ ᠦᠭᠡ ᠶ᠋ᠢ ᠲᠥᠯᠥᠭᠡᠯᠡᠭᠰᠡᠨ ᠨᠢ ᠲᠡᠮᠳᠡᠭ ᠦᠭᠡ ᠶ᠋ᠢᠨ᠂ ᠲᠣᠭᠠᠨ ᠤ᠋ ᠦᠭᠡ ᠶ᠋ᠢ ᠲᠥᠯᠥᠭᠡᠯᠡᠭᠰᠡᠨ ᠨᠢ ᠲᠣᠭᠠᠨ ᠤ᠋ ᠦᠭᠡ ᠶ᠋ᠢᠨ᠂ ᠳᠠᠢᠪᠤᠷᠢ ᠦᠭᠡ ᠶ᠋ᠢ ᠲᠥᠯᠥᠭᠡᠯᠡᠭᠰᠡᠨ ᠨᠢ ᠳᠠᠢᠪᠤᠷᠢ ᠦᠭᠡ ᠶ᠋ᠢᠨ᠂ ᠦᠢᠯᠡ ᠦᠭᠡ ᠶ᠋ᠢ ᠲᠥᠯᠥᠭᠡᠯᠡᠭᠰᠡᠨ ᠨᠢ ᠦᠢᠯᠡ ᠦᠭᠡ ᠶ᠋ᠢᠨ ᠰᠢᠨᠵᠢ ᠪᠠᠢᠳᠠᠯ ᠢ᠋ ᠲᠤᠰ ᠲᠤᠰ ᠬᠠᠳᠠᠭᠠᠯᠠᠭᠰᠠᠨ ᠪᠠᠢᠨ᠎ᠠ᠃

   7 ᠬᠤᠷᠢᠶᠠᠬᠤ ᠲᠥᠯᠥᠭᠡᠨ ᠦ᠌ ᠦᠭᠡ
    ᠬᠥᠮᠦᠨ ᠶᠠᠭᠤᠮ᠎ᠠ᠂ ᠬᠡᠷᠡᠭ ᠪᠣᠳᠠᠰ ᠢ᠋ ᠬᠠᠮᠤᠨ ᠬᠤᠷᠢᠶᠠᠩᠭᠤᠢᠯᠠᠬᠤ ᠤᠳᠬ᠎ᠠ ᠪᠦᠬᠦᠢ ᠦᠭᠡᠰ ᠢ᠋ ᠬᠤᠷᠢᠶᠠᠬᠤ ᠲᠥᠯᠥᠭᠡᠨ ᠦ᠌ ᠦᠭᠡ ᠭᠡᠨ᠎ᠡ᠃
    ᠵᠢᠱ᠌ᠢᠶᠡᠯᠡᠪᠡᠯ᠄ ᠪᠦᠬᠦ᠂ ᠪᠦᠬᠦᠨ᠂ ᠪᠦᠬᠦᠢ᠂ ᠪᠦᠬᠦᠯᠢ᠂ ᠪᠦᠷ᠂ ᠪᠦᠭᠦᠳᠡ᠂ ᠪᠦᠭᠦᠳᠡᠭᠡᠷ᠂ ᠴᠥᠮ᠂ ᠨᠡᠢᠲᠡ᠂ ᠬᠠᠮᠤᠭ᠂ ᠳᠠᠶᠠᠩ᠂ ᠳᠠᠶᠠᠭᠠᠷ᠂ ᠡᠯᠳᠡᠪ᠂ ᠡᠯ᠎ᠡ ᠭᠡᠬᠦ ᠮᠡᠲᠦ᠃

  ᠦᠰᠦᠭ ᠠᠮᠢᠯᠠᠭᠤᠯᠤᠭᠴᠢ᠄ ᠮᠥᠩᠭᠥᠨ᠂ ᠭᠡᠷᠡᠯ᠂ ᠬᠡᠯᠡᠰᠣᠶᠣᠯ (ᠪᠤᠤ ᠵᠢᠨ ᠬᠤᠸᠠ)᠂ ᠤᠷᠠᠨᠴᠢᠮᠡᠭ᠂ ᠠᠯᠲᠠᠨᠴᠢᠮᠡᠭ ᠂
  ᠬᠢᠨᠠᠭᠴᠢ ᠪᠠᠭᠰᠢ᠄ ᠨᠠᠷᠠᠨ᠂ ᠡᠭᠦᠯᠡᠩᠬᠤᠸᠠᠷ᠂ ᠣᠳᠬᠠᠨᠰᠣ᠎ᠠ