ᠦᠭᠡ ᠶ᠋ᠢᠨ ᠵᠦᠢ02-01ᠨᠡᠷ᠎ᠡ ᠦᠭᠡ ᠪᠠ ᠨᠡᠷ᠎ᠡ ᠦᠭᠡ ᠡᠭᠦᠰᠬᠦ-ᠮᠣᠩᠭᠣᠯ ᠬᠡᠯᠡᠨ ᠦ᠌ ᠦᠭᠡᠰ ᠦ᠋ᠨ ᠠᠢᠮᠠᠭ
ᠬᠣᠶᠠᠷ᠃ ᠮᠣᠩᠭᠣᠯ ᠬᠡᠯᠡᠨ ᠦ᠌ ᠦᠭᠡᠰ ᠦ᠋ᠨ ᠠᠢᠮᠠᠭ
ᠮᠣᠩᠭᠣᠯ ᠬᠡᠯᠡᠨ ᠦ᠌ ᠦᠭᠡᠰ ᠢ᠋ ᠦᠭᠡ ᠶ᠋ᠢᠨ ᠵᠦᠢ ᠶ᠋ᠢᠨ ᠬᠤᠪᠢᠷᠠᠯ᠂ ᠦᠭᠡᠯᠡᠪᠦᠷᠢ ᠶ᠋ᠢᠨ ᠵᠦᠢ ᠶ᠋ᠢᠨ ᠰᠢᠨᠵᠢ᠂ ᠦᠭᠡᠰ ᠦ᠋ᠨ ᠬᠡᠢᠰᠪᠦᠷᠢ ᠤᠳᠬ᠎ᠠ ᠶ᠋ᠢ ᠨᠢ ᠦᠨᠳᠦᠰᠦᠯᠡᠨ ᠠᠩᠭᠢᠯᠠᠪᠠᠯ ᠳᠣᠣᠷᠠᠬᠢ ᠮᠡᠲᠦ ᠠᠷᠪᠠᠨ ᠠᠢᠮᠠᠭ ᠲᠤ᠌ ᠬᠤᠪᠢᠶᠠᠵᠤ ᠪᠣᠯᠤᠨ᠎ᠠ᠃
(ᠨᠢᠭᠡ) ᠨᠡᠷ᠎ᠡ ᠦᠭᠡ
(ᠬᠣᠶᠠᠷ) ᠲᠡᠮᠳᠡᠭ ᠦᠭᠡ
(ᠭᠤᠷᠪᠠ) ᠲᠣᠭᠠᠨ ᠤ᠋ ᠦᠭᠡ
(ᠳᠥᠷᠪᠡ) ᠲᠥᠯᠥᠭᠡᠨ ᠦ᠌ ᠦᠭᠡ
(ᠲᠠᠪᠤ) ᠦᠢᠯᠡ ᠦᠭᠡ
(ᠵᠢᠷᠭᠤᠭ᠎ᠠ) ᠳᠠᠢᠪᠤᠷᠢ ᠦᠭᠡ
(ᠳᠣᠯᠣᠭ᠎ᠠ) ᠳᠠᠭᠠᠪᠤᠷᠢ ᠦᠭᠡ
(ᠨᠠᠢ᠍ᠮᠠ) ᠰᠤᠯᠠ ᠦᠭᠡ
(ᠶᠢᠰᠦ) ᠬᠣᠯᠪᠣᠬᠤ ᠦᠭᠡ
(ᠠᠷᠪᠠ) ᠠᠶᠠᠯᠭ᠎ᠠ ᠦᠭᠡ ᠵᠡᠷᠭᠡ ᠪᠣᠯᠤᠨ᠎ᠠ
ᠡᠳᠡᠭᠡᠷ ᠠᠷᠪᠠᠨ ᠠᠢᠮᠠᠭ ᠦᠭᠡᠰ ᠢ᠋ ᠳᠣᠲᠣᠷ᠎ᠠ ᠨᠢ ᠪᠠᠰᠠ ᠪᠣᠳᠠᠲᠤ ᠦᠭᠡᠰ᠂ ᠬᠡᠢᠰᠪᠦᠷᠢ ᠦᠭᠡᠰ ᠭᠡᠵᠦ ᠬᠣᠶᠠᠷ ᠪᠦᠯᠦᠭ ᠲᠦ᠍ ᠬᠤᠪᠢᠶᠠᠵᠤ ᠪᠣᠯᠤᠨ᠎ᠠ᠃ ᠦᠭᠡᠰ ᠦ᠋ᠨ ᠰᠠᠩ ᠤ᠋ᠨ ᠪᠣᠳᠠᠲᠤ ᠤᠳᠬ᠎ᠠ᠂ ᠦᠭᠡ ᠶ᠋ᠢᠨ ᠵᠦᠢ ᠶ᠋ᠢᠨ ᠬᠤᠪᠢᠷᠠᠯ ᠲᠠᠢ ᠪᠥᠭᠡᠳ ᠥᠭᠦᠯᠡᠪᠦᠷᠢ ᠶ᠋ᠢᠨ ᠠᠯᠢ ᠨᠢᠭᠡᠨ ᠭᠡᠰᠢᠭᠦᠨ ᠪᠣᠯᠵᠤ ᠴᠢᠳᠠᠳᠠᠭ ᠦᠭᠡᠰ ᠢ᠋ ᠪᠣᠳᠠᠲᠤ ᠦᠭᠡᠰ ᠭᠡᠨ᠎ᠡ᠃ ᠡᠢᠮᠦ ᠪᠣᠳᠠᠲᠤ ᠦᠭᠡᠰ᠄ ᠨᠡᠷ᠎ᠡ ᠦᠭᠡ᠂ ᠲᠡᠮᠳᠡᠭ ᠦᠭᠡ᠂ ᠲᠣᠭᠠᠨ ᠤ᠋ ᠦᠭᠡ᠂ ᠲᠥᠯᠥᠭᠡᠨ ᠦ᠌ ᠦᠭᠡ᠂ ᠦᠢᠯᠡ ᠦᠭᠡ᠂ ᠳᠠᠢᠪᠤᠷᠢ ᠦᠭᠡ ᠪᠣᠯᠤᠨ᠎ᠠ᠃ ᠶᠡᠷᠦᠩᠬᠡᠢ ᠳ᠋ᠡᠭᠡᠨ ᠭᠠᠭᠴᠠ ᠬᠡᠯᠡᠨ ᠦ᠌ ᠵᠦᠢ ᠶ᠋ᠢᠨ ᠤᠳᠬ᠎ᠠ ᠲᠠᠢ ᠪᠥᠭᠡᠳ ᠥᠭᠦᠯᠡᠪᠦᠷᠢ ᠶ᠋ᠢᠨ ᠳᠣᠲᠣᠷ᠎ᠠ ᠦᠭᠡᠰ ᠦ᠋ᠨ ᠬᠣᠭᠣᠷᠣᠨᠳᠣ ᠶ᠋ᠢᠨ ᠬᠠᠷᠢᠴᠠᠭ᠎ᠠ ᠶ᠋ᠢ ᠵᠢᠭᠠᠬᠤ ᠪᠤᠶᠤ ᠡᠰᠡᠬᠦᠯ᠎ᠡ ᠨᠥᠭᠦᠭᠡ ᠦᠭᠡᠨ ᠳ᠋ᠦ᠍ ᠨᠡᠮᠡᠯᠲᠡ ᠤᠳᠬ᠎ᠠ ᠣᠷᠣᠭᠤᠯᠬᠤ ᠦᠭᠡᠰ ᠢ᠋ ᠬᠡᠢᠰᠪᠦᠷᠢ ᠦᠭᠡᠰ ᠭᠡᠨ᠎ᠡ᠃ ᠡᠢᠮᠦ ᠬᠡᠢᠰᠪᠦᠷᠢ ᠦᠭᠡᠰ ᠨᠢ᠄ ᠳᠠᠭᠠᠪᠤᠷᠢ ᠦᠭᠡ᠂ ᠰᠤᠯᠠ ᠦᠭᠡ᠂ ᠬᠣᠯᠪᠣᠬᠤ ᠦᠭᠡ ᠪᠣᠯᠤᠨ᠎ᠠ᠃ ᠠᠶᠠᠯᠭ᠎ᠠ ᠦᠭᠡᠰ ᠨᠢ ᠪᠣᠳᠠᠲᠤ ᠦᠭᠡᠰ᠂ ᠬᠡᠢᠰᠪᠦᠷᠢ ᠦᠭᠡᠰ ᠦ᠋ᠨ ᠠᠯᠢ ᠠᠯᠢᠨ ᠠ᠋ᠴᠠ ᠢᠯᠭᠠᠪᠤᠷᠢ ᠲᠠᠢ ᠤᠷᠠᠯᠢᠭ ᠦᠭᠡᠰ ᠪᠣᠯᠤᠨ᠎ᠠ᠃
ᠪᠣᠳᠠᠲᠤ ᠦᠭᠡᠰ ᠢ᠋ ᠶᠡᠷᠦᠩᠬᠡᠢ ᠬᠡᠢᠰᠪᠦᠷᠢ ᠤᠳᠬ᠎ᠠ ᠶ᠋ᠢᠨ ᠬᠢᠨᠢ ᠲᠠᠯ᠎ᠠ ᠪᠠᠷ ᠨᠢ ᠦᠵᠡᠪᠡᠯ᠂ ᠨᠡᠷ᠎ᠡ ᠦᠭᠡ ᠨᠢ ᠪᠣᠳᠠᠲᠤ ᠪᠠ ᠬᠡᠢᠰᠪᠦᠷᠢ ᠶᠠᠭᠤᠮ᠎ᠠ ᠶ᠋ᠢ ᠵᠢᠭᠠᠵᠤ᠂ ᠦᠢᠯᠡ ᠦᠭᠡ ᠨᠢ ᠬᠥᠮᠦᠨ ᠶᠠᠭᠤᠮ᠎ᠠ ᠶ᠋ᠢᠨ ᠦᠢᠯᠡ ᠬᠥᠳᠡᠯᠦᠯ ᠢ᠋ ᠵᠢᠭᠠᠨ᠂ ᠲᠡᠮᠳᠡᠭ ᠦᠭᠡ ᠨᠢ ᠬᠥᠮᠦᠨ ᠶᠠᠭᠤᠮ᠎ᠠ ᠪᠠ ᠲᠡᠭᠦᠨ ᠦ᠌ ᠦᠢᠯᠡ ᠬᠥᠳᠡᠯᠭᠡᠭᠡᠨ ᠦ᠌ ᠪᠡᠯᠭᠡ ᠲᠡᠮᠳᠡᠭ᠂ ᠰᠢᠨᠵᠢ ᠪᠠᠢᠳᠠᠯ ᠢ᠋ ᠵᠢᠭᠠᠭᠠᠳ᠂ ᠳᠠᠢᠪᠤᠷᠢ ᠦᠭᠡ ᠨᠢ ᠦᠢᠯᠡ ᠶ᠋ᠢᠨ ᠰᠢᠨᠵᠢ ᠪᠠᠢᠳᠠᠯ᠂ ᠣᠷᠣᠨ᠂ ᠴᠠᠭ᠂ ᠨᠥᠬᠥᠴᠡᠯ ᠰᠢᠯᠲᠠᠭᠠᠨ ᠵᠡᠷᠭᠡ ᠶ᠋ᠢ ᠵᠢᠭᠠᠨ᠎ᠠ᠃ ᠲᠣᠭᠠᠨ ᠤ᠋ ᠦᠭᠡ ᠨᠢ ᠬᠥᠮᠦᠨ ᠶᠠᠭᠤᠮ᠎ᠠ ᠪᠠ ᠲᠡᠭᠦᠨ ᠦ᠌ ᠬᠥᠳᠡᠯᠭᠡᠭᠡᠨ ᠦ᠌ ᠲᠣᠭ᠎ᠠ ᠬᠡᠮᠵᠢᠶ᠎ᠡ ᠶ᠋ᠢ ᠵᠢᠭᠠᠨ᠎ᠠ᠃ ᠲᠥᠯᠥᠭᠡᠨ ᠦ᠌ ᠦᠭᠡ ᠪᠣᠯ ᠬᠥᠮᠦᠨ ᠶᠠᠭᠤᠮ᠎ᠠ ᠪᠠ ᠲᠡᠭᠦᠨ ᠦ᠌ ᠰᠢᠨᠵᠢ ᠲᠡᠮᠳᠡᠭ᠂ ᠦᠢᠯᠡ ᠬᠥᠳᠡᠯᠭᠡᠭᠡᠨ ᠢ᠋ ᠨᠡᠷᠡᠯᠡᠬᠦ ᠦᠭᠡᠢ ᠪᠡᠷ ᠵᠢᠭᠠᠨ᠎ᠠ᠃ ᠬᠡᠢᠰᠪᠦᠷᠢ ᠦᠭᠡᠰ ᠡᠴᠡ ᠳᠠᠭᠠᠪᠤᠷᠢ ᠦᠭᠡ ᠨᠢ ᠥᠭᠦᠯᠡᠪᠦᠷᠢ ᠶ᠋ᠢᠨ ᠳᠣᠲᠣᠷᠠᠬᠢ ᠦᠭᠡᠰ ᠦ᠋ᠨ ᠬᠠᠷᠢᠴᠠᠭ᠎ᠠ ᠶ᠋ᠢ ᠵᠢᠭᠠᠵᠤ᠂ ᠰᠤᠯᠠ ᠦᠭᠡ ᠨᠢ ᠦᠭᠡᠨ ᠳ᠋ᠦ᠍ ᠨᠡᠮᠡᠯᠲᠡ ᠤᠳᠬ᠎ᠠ ᠣᠷᠣᠭᠤᠯᠬᠤ ᠪᠠ ᠬᠣᠯᠪᠣᠬᠤ ᠦᠭᠡ ᠪᠡᠷ ᠦᠭᠡ ᠶ᠋ᠢ ᠬᠣᠯᠪᠣᠬᠤ ᠵᠡᠷᠭᠡ ᠪᠣᠯᠤᠨ᠎ᠠ᠃ ᠠᠶᠠᠯᠭ᠎ᠠ ᠦᠭᠡ ᠨᠢ ᠰᠡᠳᠬᠢᠯ ᠦ᠋ᠨ ᠬᠥᠳᠡᠯᠭᠡᠭᠡᠨ ᠢ᠋ ᠢᠯᠡᠳᠬᠡᠬᠦ ᠪᠣᠯᠤᠨ᠎ᠠ᠃ ᠡᠨᠡ ᠮᠡᠲᠦ ᠪᠡᠷ ᠮᠣᠩᠭᠣᠯ ᠬᠡᠯᠡᠨ ᠦ᠌ ᠦᠭᠡᠰ ᠦ᠋ᠨ ᠠᠢᠮᠠᠭ ᠨᠢ ᠲᠤᠰ ᠲᠤᠰ ᠲᠠᠭᠠᠨ ᠢᠯᠭᠠᠷᠠᠬᠤ ᠣᠨᠴᠠᠯᠢᠭ ᠲᠠᠢ ᠪᠠᠢᠭ᠎ᠠ ᠪᠣᠯᠪᠠᠴᠤ ᠵᠠᠷᠢᠮ ᠦᠭᠡᠰ ᠨᠢ ᠨᠢᠭᠡ ᠠᠢᠮᠠᠭ ᠠ᠋ᠴᠠ ᠨᠥᠭᠦᠭᠡ ᠠᠢᠮᠠᠭ ᠲᠤ᠌ ᠰᠢᠯᠵᠢᠨ ᠬᠡᠷᠡᠭᠯᠡᠭᠳᠡᠬᠦ ᠪᠤᠶᠤ ᠬᠡᠳᠦ ᠬᠡᠳᠦᠨ ᠦᠭᠡᠰ ᠦ᠋ᠨ ᠠᠢᠮᠠᠭ ᠲᠤ᠌ ᠵᠡᠷᠭᠡ ᠪᠡᠷ ᠬᠠᠮᠢᠶᠠᠷᠤᠭᠳᠠᠬᠤ ᠦᠵᠡᠭᠳᠡᠯ ᠪᠠᠢᠳᠠᠭ ᠶᠤᠮ᠃
ᠮᠣᠩᠭᠣᠯ ᠬᠡᠯᠡᠨ ᠦ᠌ ᠦᠭᠡᠰ ᠦ᠋ᠨ ᠠᠢᠮᠠᠭ ᠪᠣᠯ ᠦᠭᠡᠰ ᠦ᠋ᠨ ᠰᠠᠩ ᠤ᠋ᠨ ᠤᠳᠬ᠎ᠠ᠂ ᠦᠭᠡ ᠶ᠋ᠢᠨ ᠵᠦᠢ ᠪᠣᠯᠤᠨ ᠥᠭᠦᠯᠡᠪᠦᠷᠢ ᠶ᠋ᠢᠨ ᠵᠦᠢ ᠶ᠋ᠢᠨ ᠲᠠᠯ᠎ᠠ ᠪᠠᠷ ᠲᠣᠭᠲᠠᠭᠰᠠᠨ ᠬᠡᠮᠵᠢᠶᠡᠨ ᠦ᠌ ᠠᠢᠮᠠᠭᠴᠢᠯᠠᠭᠰᠠᠨ ᠣᠨᠴᠠᠯᠢᠭ ᠪᠦᠬᠦᠢ ᠦᠭᠡᠰ ᠦ᠋ᠨ ᠪᠦᠯᠦᠭ ᠮᠥᠷᠲᠡᠭᠡᠨ ᠬᠡᠯᠡᠨ ᠳ᠋ᠦ᠍ ᠣᠷᠣᠰᠢᠵᠤ ᠪᠠᠢᠬᠤ ᠪᠣᠳᠠᠲᠤ ᠠᠬᠤᠢ ᠪᠣᠯᠤᠨ᠎ᠠ᠃
(ᠨᠢᠭᠡ) ᠨᠡᠷ᠎ᠡ ᠦᠭᠡ ᠪᠠ ᠨᠡᠷ᠎ᠡ ᠦᠭᠡ ᠡᠭᠦᠰᠬᠦ
ᠬᠥᠮᠦᠨ ᠠᠮᠢᠲᠠᠨ᠂ ᠬᠡᠷᠡᠭ ᠪᠣᠳᠠᠰ ᠪᠠ ᠦᠵᠡᠭᠳᠡᠯ ᠢ᠋ ᠰᠢᠭᠤᠳ ᠨᠠᠷᠠᠯᠠᠨ ᠵᠢᠭᠠᠭᠰᠠᠨ ᠦᠭᠡ ᠶ᠋ᠢ ᠨᠡᠷ᠎ᠡ ᠦᠭᠡ ᠭᠡᠨ᠎ᠡ᠃ ᠨᠡᠷ᠎ᠡ ᠦᠭᠡ ᠨᠢ ᠬᠥᠮᠦᠨ ᠦ᠌ ᠵᠦᠢᠯ ᠳ᠋ᠦ᠍ ᠬᠡᠨ? ᠪᠤᠰᠤᠳ ᠠᠮᠢ ᠲᠠᠢ᠂ ᠠᠮᠢ ᠦᠭᠡᠢ ᠵᠦᠢᠯ ᠳ᠋ᠦ᠍ ᠶᠠᠭᠤ? ᠭᠡᠵᠦ ᠠᠰᠠᠭᠤᠬᠤ ᠳ᠋ᠤ᠌ ᠬᠠᠷᠢᠭᠤᠯᠬᠤ ᠦᠭᠡᠰ ᠪᠠᠢᠳᠠᠭ᠃
ᠨᠡᠷ᠎ᠡ ᠦᠭᠡ ᠶ᠋ᠢᠨ ᠠᠢᠮᠠᠭ ᠲᠤ᠌ ᠪᠠᠭᠲᠠᠬᠤ ᠦᠭᠡᠰ ᠢ᠋ ᠤᠳᠬ᠎ᠠ ᠶ᠋ᠢᠨ ᠬᠢᠨᠢ ᠲᠠᠯ᠎ᠠ ᠪᠠᠷ ᠠᠪᠴᠤ ᠦᠵᠡᠪᠡᠯ ᠮᠠᠰᠢ ᠣᠯᠠᠨ ᠶᠠᠩᠵᠤ ᠪᠥᠭᠡᠳ ᠬᠥᠮᠦᠨ᠂ ᠮᠣᠷᠢ᠂ ᠳᠡᠪᠲᠡᠷ᠂ ᠬᠠᠷᠠᠨᠳᠠ᠂ ᠮᠣᠳᠣ᠂ ᠴᠢᠯᠠᠭᠤ᠂ ᠲᠡᠮᠦᠷ ᠭᠡᠬᠦ ᠮᠡᠲᠦ ᠪᠡᠷ ᠠᠮᠢᠲᠠᠨ ᠤᠷᠭᠤᠮᠠᠯ ᠶᠠᠭᠤᠮ᠎ᠠ ᠶ᠋ᠢᠨ ᠨᠡᠷᠡᠰ; ᠪᠣᠷᠣᠭᠠᠨ᠂ ᠰᠠᠯᠬᠢᠨ᠂ ᠭᠡᠷᠡᠯ᠂ ᠴᠠᠬᠢᠯᠭᠠᠨ ᠭᠡᠬᠦ ᠮᠡᠲᠦᠴᠢᠯᠡᠨ ᠪᠠᠢᠭᠠᠯᠢ ᠶ᠋ᠢᠨ ᠦᠵᠡᠭᠳᠡᠯ ᠦ᠋ᠨ ᠨᠡᠷᠡᠰ; ᠬᠦᠴᠦᠨ᠂ ᠵᠣᠷᠢᠭ ᠭᠡᠬᠦ ᠵᠡᠷᠭᠡ ᠪᠡᠷ ᠶᠠᠭᠤᠮ᠎ᠠ ᠶ᠋ᠢᠨ ᠪᠡᠯᠭᠡ ᠴᠢᠨᠠᠷ ᠤ᠋ᠨ ᠨᠡᠷᠡᠰ; ᠭᠦᠶᠦᠳᠡᠯ᠂ ᠶᠠᠪᠤᠳᠠᠯ᠂ ᠡᠷᠭᠢᠯᠲᠡ ᠭᠡᠬᠦ ᠮᠡᠲᠦᠴᠢᠯᠡᠨ ᠦᠢᠯᠡ ᠪᠠᠢᠳᠠᠯ ᠤ᠋ᠨ ᠨᠡᠷ᠎ᠡ; ᠨᠥᠬᠥᠴᠡᠯ᠂ ᠰᠢᠯᠲᠠᠭᠠᠨ᠂ ᠵᠣᠷᠢᠯᠭ᠎ᠠ ᠭᠡᠬᠦ ᠮᠡᠲᠦ ᠪᠡᠷ ᠬᠡᠢᠰᠪᠦᠷᠢ ᠤᠬᠠᠭᠳᠠᠬᠤᠨ ᠤ᠋ ᠨᠡᠷ᠎ᠡ ᠴᠥᠮ ᠨᠡᠷ᠎ᠡ ᠦᠭᠡ ᠶ᠋ᠢᠨ ᠠᠢᠮᠠᠭ ᠲᠤ᠌ ᠪᠠᠭᠲᠠᠨ᠎ᠠ᠃
ᠨᠡᠷ᠎ᠡ ᠦᠭᠡ ᠶ᠋ᠢᠨ ᠦᠭᠡ ᠶ᠋ᠢᠨ ᠵᠦᠢ ᠶ᠋ᠢᠨ ᠰᠢᠨᠵᠢ ᠨᠢ ᠲᠡᠢᠨ ᠢᠯᠭᠠᠯ ᠢ᠋ᠶ᠋ᠠᠷ ᠢᠯᠭᠠᠯᠯᠠᠭᠳᠠᠵᠤ᠂ ᠬᠠᠮᠢᠶᠠᠳᠠᠭᠤᠯᠬᠤ ᠶ᠋ᠢᠨ ᠳᠠᠭᠠᠪᠤᠷᠢ ᠶ᠋ᠢ ᠠᠪᠤᠨ᠂ ᠭᠠᠭᠴᠠ ᠪᠠ ᠣᠯᠠᠨ ᠲᠣᠭᠠᠨ ᠤ᠋ ᠬᠡᠯᠪᠡᠷᠢ ᠪᠡᠷ ᠪᠠᠢᠵᠤ ᠪᠣᠯᠤᠨ᠎ᠠ᠃
ᠵᠢᠱ᠌ᠢᠶᠡᠯᠡᠪᠡᠯ᠄ ᠠᠷᠠᠳ ᠤ᠋ᠨ᠂ ᠭᠦᠩᠱᠧ ᠳ᠋ᠦ᠍᠂
ᠣᠭᠲᠠᠷᠭᠤᠢ ᠪᠠᠷ; ᠵᠣᠷᠢᠭ ᠨᠢ᠂ ᠬᠦᠴᠦ ᠪᠡᠨ᠂ ᠨᠠᠮ ᠮᠢᠨᠢ; ᠪᠠᠭᠰᠢ ᠨᠠᠷ᠂ ᠰᠤᠷᠤᠭᠴᠢᠳ᠂ ᠪᠠᠢᠰᠢᠩ ᠤ᠋ᠳ ᠭᠡᠬᠦ ᠮᠡᠲᠦ᠃
ᠨᠡᠷ᠎ᠡ ᠦᠭᠡ ᠶ᠋ᠢᠨ ᠥᠭᠦᠯᠡᠪᠦᠷᠢ ᠶ᠋ᠢᠨ ᠵᠦᠢ ᠶ᠋ᠢᠨ ᠰᠢᠨᠵᠢ ᠨᠢ᠂ ᠨᠡᠷ᠎ᠡ ᠦᠭᠡ ᠨᠢ ᠥᠭᠦᠯᠡᠪᠦᠷᠢ ᠶ᠋ᠢᠨ ᠶᠠᠮᠠᠷ ᠴᠤ᠌ ᠭᠡᠰᠢᠭᠦᠨ ᠪᠠᠢᠵᠤ ᠪᠣᠯᠬᠤ ᠪᠣᠯᠪᠠᠴᠤ ᠭᠣᠣᠯ ᠲᠥᠯᠥᠪ ᠥᠭᠦᠯᠡᠭᠳᠡᠬᠦᠨ᠂ ᠲᠤᠰᠤᠭᠳᠠᠬᠤᠨ ᠪᠣᠯᠳᠠᠭ᠃
ᠵᠢᠱ᠌ᠢᠶᠡᠯᠡᠪᠡᠯ᠄ ᠨᠠᠷᠠ(ᠥᠭᠦᠯᠡᠭᠳᠡᠬᠦᠨ) ᠮᠠᠨᠳᠤᠪᠠ᠃
ᠪᠠᠭᠰᠢ ᠠ᠋ᠴᠠ(ᠲᠤᠰᠤᠭᠳᠠᠬᠤᠨ) ᠨᠣᠮ ᠵᠢᠭᠡᠯᠡᠪᠡ᠃
ᠪᠡᠭᠡᠵᠢᠩ ᠡᠴᠡ (ᠪᠠᠢᠴᠠ) ᠣᠴᠢᠪᠠ᠃
ᠲᠡᠮᠦᠷ(ᠲᠣᠳᠣᠳᠬᠠᠯ) ᠬᠡᠷᠡᠮ ᠪᠣᠯᠣᠳ(ᠲᠣᠳᠣᠳᠬᠠᠯ) ᠬᠠᠨ᠎ᠠ ᠪᠣᠰᠬᠠᠪᠠ᠃
ᠨᠡᠷ᠎ᠡ ᠦᠭᠡ ᠶ᠋ᠢ ᠪᠦᠲᠦᠴᠡ ᠪᠡᠷ ᠨᠢ ᠦᠨᠳᠦᠰᠦᠨ ᠪᠠ ᠡᠭᠦᠰᠦᠮᠡᠯ ᠨᠡᠷ᠎ᠡ ᠦᠭᠡ ᠭᠡᠵᠦ ᠬᠣᠶᠠᠷ ᠬᠤᠪᠢᠶᠠᠨ᠎ᠠ᠃ ᠦᠨᠳᠦᠰᠦᠨ ᠨᠡᠷ᠎ᠡ ᠦᠭᠡ ᠨᠢ ᠦᠭᠡ ᠶ᠋ᠢᠨ ᠢᠵᠠᠭᠤᠷ ᠢ᠋ᠶ᠋ᠠᠷ ᠢ᠋ᠶ᠋ᠠᠨ ᠪᠠᠢᠬᠤ ᠨᠡᠷ᠎ᠡ ᠦᠭᠡ ᠪᠣᠯᠤᠨ᠎ᠠ᠃ ᠡᠭᠦᠰᠦᠮᠡᠯ ᠨᠡᠷ᠎ᠡ ᠦᠭᠡ ᠨᠢ ᠨᠡᠷ᠎ᠡ᠂ ᠦᠢᠯᠡ ᠦᠭᠡᠨ ᠳ᠋ᠦ᠍ ᠶᠠᠩᠵᠤ ᠪᠦᠷᠢ ᠶ᠋ᠢᠨ ᠳᠠᠭᠠᠪᠤᠷᠢ ᠵᠠᠯᠭᠠᠵᠤ ᠡᠭᠦᠰᠦᠭᠰᠡᠨ ᠨᠡᠷ᠎ᠡ ᠦᠭᠡ ᠶ᠋ᠢ ᠬᠡᠯᠡᠵᠦ ᠪᠠᠢᠨ᠎ᠠ᠃
ᠵᠢᠱ᠌ᠢᠶᠡᠯᠡᠪᠡᠯ᠄ ᠠᠵᠢᠯ - ᠠᠵᠢᠯᠴᠢᠨ
ᠮᠡᠷᠭᠡᠨ - ᠮᠡᠷᠭᠡᠵᠢᠯ - ᠮᠡᠷᠭᠡᠵᠢᠯᠲᠡᠨ᠃
ᠬᠥᠭᠵᠢ - ᠬᠥᠭᠵᠢᠯ᠃
ᠲᠠᠪᠰᠢ - ᠳᠡᠪᠰᠢᠯᠲᠡ ᠭᠡᠬᠦ ᠮᠡᠲᠦ᠃
ᠨᠡᠷ᠎ᠡ ᠦᠭᠡ ᠡᠭᠦᠰᠬᠦ ᠶ᠋ᠢᠨ ᠳᠠᠭᠠᠪᠤᠷᠢ ᠪᠣᠯᠤᠨ ᠲᠡᠭᠦᠨ ᠦ᠌ ᠵᠢᠱ᠌ᠢᠶ᠎ᠡ᠄
- ᠴᠢ᠂ ᠴᠢᠨ᠄ ᠠᠵᠢᠯᠴᠢᠨ᠂ ᠲᠠᠷᠢᠶᠠᠴᠢᠨ᠂ ᠮᠠᠯᠴᠢᠨ᠂ ᠡᠮᠴᠢ᠂ ᠲᠣᠭᠣᠭᠠᠴᠢ᠃
- ᠳ᠋ᠠᠨ᠄ ᠢᠳᠡᠪᠬᠢᠲᠡᠨ᠂ ᠮᠡᠷᠭᠡᠵᠢᠯᠲᠡᠨ᠂ ᠰᠤᠷᠤᠯᠭᠠᠲᠠᠨ᠃
- ᠬᠢ᠂ ᠬᠢᠨ᠄ ᠮᠠᠨ ᠤ᠋ ᠬᠢ᠂ ᠲᠠᠨ ᠤ᠋ ᠬᠢ᠂ ᠮᠠᠨ ᠤ᠋ ᠬᠢᠨ᠂ ᠲᠠᠨ ᠤ᠋ ᠬᠢᠨ᠃
- ᠊ᠪᠴᠢ᠄ ᠬᠤᠷᠤᠭᠤᠪᠴᠢ᠂ ᠪᠠᠭᠤᠪᠴᠢ᠂ ᠴᠢᠬᠢᠪᠴᠢ᠂ ᠬᠦᠵᠦᠭᠦᠪᠴᠢ᠃
- ᠊᠊ᠯᠢ᠊ᠭ᠂ ᠊ᠯᠢᠭ᠌᠄ ᠵᠠᠷᠯᠢᠭ᠂ ᠬᠥᠮᠦᠨᠯᠢᠭ
- ᠊ᠰᠦ᠍᠂ ᠊ᠰᠤᠨ᠄ ᠭᠥᠷᠥᠭᠡᠰᠦ᠂ ᠠᠳᠤᠭᠤᠰᠤᠨ᠂ ᠨᠢᠯᠪᠤᠰᠤ᠃
- ᠊ᠨᠴᠢᠷ᠂ ᠊ᠨᠴᠡᠷ᠄ ᠦᠶᠡᠨᠴᠢᠷ᠂ ᠵᠢᠭᠡᠨᠴᠢᠷ᠂ ᠦᠭᠡᠨᠴᠡᠷ᠃
- ᠊ᠮᠡᠳ᠄ ᠠᠬᠠᠮᠠᠳ᠂ ᠡᠭᠡᠴᠢᠮᠡᠳ᠃
- ᠊ᠯᠢ᠄ ᠦᠶᠡᠯᠢ᠂ ᠰᠠᠭᠠᠯᠢ᠂ ᠰᠠᠴᠤᠯᠢ᠃
- ᠊ᠬᠲᠠᠢ᠂ ᠊᠊ᠭᠲᠡᠢ᠄ ᠡᠷᠡᠭᠲᠡᠢ᠂ ᠡᠮᠡᠭᠲᠡᠢ᠃
- ᠊ᠮ᠄ ᠢᠨᠢᠶᠡᠳᠦᠮ᠂ ᠨᠠᠭᠠᠳᠤᠮ᠃
- ᠊ᠭᠠᠨᠠ᠂ ᠊ᠭᠡᠨᠡ᠄ ᠠᠯᠲᠠᠭᠠᠨ᠎ᠠ᠂ ᠤᠯᠠᠯᠵᠢᠭᠠᠨ᠎ᠠ᠃
- ᠊ᠯᠵᠢ᠄ ᠰᠢᠷᠠᠯᠵᠢ᠂ ᠤᠯᠠᠯᠵᠢ᠃
- ᠊ᠵᠢ᠂ ᠊ᠵᠢᠨ᠄ ᠭᠤᠨᠵᠢ᠂ ᠭᠤᠨᠵᠢᠨ᠂ ᠳᠥᠨᠵᠢ᠂ ᠳᠦᠨᠵᠢᠨ᠃
- ᠊ᠭᠠᠢ᠂ ᠊ᠭᠠᠷ᠄ ᠠᠨᠳᠠᠭᠠᠢ ᠠᠨᠳᠠᠭᠠᠷ᠃
- ᠴᠠᠭ᠄ ᠳᠣᠪᠣᠴᠠᠭ᠂ ᠬᠣᠩᠭᠣᠷᠴᠠᠭ᠃
- ᠊ᠷᠴᠠ᠊ᠭ᠄ ᠳᠣᠪᠣᠷᠴᠠᠭ᠃
- ᠊ᠮᠵᠢ᠄ ᠪᠢᠲᠡᠭᠦᠮᠵᠢ᠃
- ᠊ᠭ᠎ᠠ᠂ ᠬᠡ᠂ ᠊ᠶ᠎ᠡ᠄ ᠤᠶᠠᠭ᠎ᠠ᠂ ᠲᠠᠭᠯᠠᠭ᠎ᠠ᠂ ᠬᠣᠷᠢᠶ᠎ᠠ᠂ ᠬᠡᠮᠵᠢᠶ᠎ᠡ᠃
- ᠊ᠭᠠᠨ᠂ ᠬᠡᠨ᠂ ᠶᠠᠨ᠄ ᠬᠥᠳᠡᠯᠭᠡᠭᠡᠨ᠂ ᠪᠠᠢᠯᠳᠤᠭᠠᠨ᠂ ᠨᠠᠷᠭᠢᠶᠠᠨ᠂ ᠤᠬᠠᠭᠠᠨ᠂ ᠤᠷᠤᠯᠳᠤᠭᠠᠨ᠃
- ᠊ᠭ᠎ᠠ᠂ ᠬᠡ᠄ ᠨᠠᠢᠷᠠᠭᠤᠯᠭ᠎ᠠ᠂ ᠠᠵᠢᠯᠯᠠᠭ᠎ᠠ᠂ ᠦᠳᠡᠰᠢᠯᠡᠭᠡ᠂ ᠡᠭᠦᠷᠭᠡ᠃
- ᠊ᠯᠭ᠎ᠠ᠂ ᠊ᠯᠬᠡ᠄ ᠪᠣᠳᠣᠯᠭ᠎ᠠ᠂ ᠪᠠᠷᠢᠯᠭ᠎ᠠ᠂ ᠥᠭᠦᠯᠡᠯᠭᠡ᠃
- ᠊ᠯ᠄ ᠪᠠᠳᠠᠷᠠᠯ᠂ ᠲᠡᠮᠡᠴᠡᠯ᠂ ᠬᠥᠭᠵᠢᠯ᠂ ᠠᠷᠠᠳᠴᠢᠯᠠᠯ᠃
- ᠪᠤᠷᠢ᠄ ᠲᠠᠢᠯᠪᠤᠷᠢ᠂ ᠪᠠᠲᠤᠯᠠᠪᠤᠷᠢ ᠲᠡᠭᠡᠭᠡᠪᠦᠷᠢ᠂ ᠦᠯᠡᠳᠡᠪᠦᠷᠢ᠂ ᠬᠥᠲᠥᠯᠪᠦᠷᠢ᠃
- ᠊ᠭᠤᠯ᠂ ᠊᠊ᠭᠦᠯ᠄ ᠬᠠᠷᠠᠭᠤᠯ᠂ ᠲᠤᠷᠰᠢᠭᠤᠯ᠃ ᠢᠷᠡᠭᠦᠯ
- ᠊ᠭᠤᠷ᠂ ᠊᠊ᠬᠥᠷ᠄ ᠬᠠᠳᠤᠭᠤᠷ᠂ ᠠᠷᠴᠢᠭᠤᠷ᠂ ᠬᠥᠯᠳᠡᠭᠦᠷ᠃
- ᠊ᠯᠳᠠ᠄ ᠦᠰᠦᠷᠦᠯᠲᠡ᠂ ᠳᠡᠪᠰᠢᠯᠲᠡ᠂ ᠠᠭᠤᠯᠵᠠᠯᠲᠠ᠃
- ᠊ᠭ᠂ ᠊ᠭ᠌᠄ ᠵᠣᠷᠢᠭ᠂ ᠴᠢᠮᠡᠭ᠂ ᠵᠢᠷᠤᠭ᠂ ᠪᠢᠴᠢᠭ᠃
- ᠴᠠ᠄ ᠤᠷᠭᠤᠴᠠ᠂ ᠳᠠᠯᠠᠢᠴᠠ᠂ ᠲᠠᠭᠠᠴᠠ᠂ ᠬᠢᠴᠡ᠃
- ᠊ᠶ᠎ᠡ᠄ ᠲᠠᠷᠢᠶ᠎ᠠ᠂ ᠬᠡᠮᠵᠢᠶ᠎ᠡ᠂ ᠬᠣᠷᠰᠢᠶ᠎ᠠ᠃
- ᠊ᠬᠤᠢ᠂ ᠊᠊ᠬᠦᠢ᠄ ᠰᠡᠳᠬᠢᠬᠦᠢ᠂ ᠥᠭᠦᠯᠡᠬᠦᠢ᠂ ᠮᠡᠳᠡᠷᠡᠬᠦᠢ
- ᠊ᠬᠤᠨ᠂ ᠊ᠭᠦᠨ᠄ᠦᠢᠯᠡᠳᠬᠦᠨ᠂ ᠪᠦᠲᠦᠭᠡᠭᠳᠡᠬᠦᠨ ᠂ᠥᠭᠦᠯᠡᠭᠳᠡᠬᠦᠨ᠂ ᠲᠤᠰᠤᠭᠳᠠᠬᠤᠨ᠃
- ᠊ᠬᠴᠢ᠂ ᠊᠊ᠭ᠌ᠴᠢ᠄ ᠵᠢᠷᠤᠭᠴᠢ᠂ ᠪᠢᠴᠢᠭᠴᠢ᠂ ᠤᠳᠤᠷᠢᠳᠤᠭᠴᠢ᠃
- ᠊᠊ᠭᠠᠴᠢ᠂ ᠊ᠭᠡᠴᠢ᠄ ᠵᠢᠷᠤᠭᠠᠴᠢ᠂ ᠪᠢᠴᠢᠭᠡᠴᠢ᠂ ᠬᠠᠷᠪᠤᠭᠠᠴᠢ᠃
- ᠊ᠶᠠᠴᠢ᠄ ᠪᠠᠷᠢᠶᠠᠴᠢ᠃
- ᠊᠊᠊ᠲᠠᠯ᠄ ᠰᠤᠷᠲᠠᠯ᠂ ᠪᠠᠭᠤᠳᠠᠯ᠂ ᠵᠠᠷᠤᠳᠠᠯ᠂ ᠨᠡᠭᠦᠳᠡᠯ
- ᠊ᠭᠠᠰᠤ᠂ ᠊᠊ᠬᠡᠰᠦ᠄ ᠵᠢᠷᠤᠭᠠᠰᠤ᠂ ᠨᠥᠬᠥᠭᠡᠰᠦ᠃
- ᠊ᠶᠠᠰᠤ᠄ ᠬᠦᠯᠢᠶᠡᠰᠦ᠃
- ᠊᠊ᠳᠠᠰᠤ᠄ ᠦᠷᠡᠳᠡᠰᠦ᠂ ᠤᠬᠢᠶᠠᠳᠠᠰᠤ᠃
- ᠊᠊ᠰᠢ᠄ ᠲᠦᠯᠡᠰᠢ᠂ ᠢᠳᠡᠰᠢ᠂ ᠬᠡᠪᠲᠡᠰᠢ᠂ ᠪᠤᠯᠠᠰᠢ᠃
- ᠊ᠭᠣᠷᠢ᠂ ᠊᠊ᠬᠦᠷᠢ᠄ ᠠᠩᠨᠠᠭᠤᠷᠢ᠂ ᠢᠴᠢᠭᠦᠷᠢ᠃
- ᠊ᠭᠣᠯᠢ᠄ ᠰᠤᠷᠭᠠᠭᠤᠯᠢ᠃
- ᠊ᠩ᠄ ᠲᠠᠷᠢᠶᠠᠯᠠᠩ᠂ ᠬᠦᠷᠢᠶᠡᠯᠡᠩ᠃
- ᠊ᠭᠤᠯᠠᠩ᠂ ᠊ᠭᠦᠯᠡᠩ᠄ ᠴᠠᠳᠬᠤᠯᠠᠩ᠂ ᠥᠯᠥᠰᠬᠦᠯᠡᠩ᠂ ᠪᠠᠶᠠᠰᠬᠤᠯᠠᠩ᠃
- ᠶᠠᠷᠢ᠄ ᠡᠮᠵᠢᠶᠡᠷᠢ᠂ ᠬᠠᠪᠴᠢᠶᠠᠷᠢ᠃
- ᠊ᠮᠰᠠᠷ᠄ ᠰᠠᠨᠠᠮᠰᠠᠷ᠂ ᠤᠬᠠᠮᠰᠠᠷ᠃
- ᠊ᠷᠢ᠄ ᠠᠪᠤᠷᠢ᠂ ᠬᠤᠪᠢᠶᠠᠷᠢ᠂ ᠰᠠᠭᠤᠷᠢ᠃
- ᠊ᠮᠰᠢ᠊ᠭ᠂ ᠊ᠮ᠊ᠰᠢᠭ᠌᠄ ᠭᠠᠢᠬᠠᠮᠰᠢᠭ᠂ ᠠᠶᠤᠮᠰᠢᠭ᠃
- ᠊ᠳᠦ᠄ ᠢᠨᠢᠶᠡᠳᠦ᠂ ᠬᠠᠨᠢᠶᠠᠳᠤ᠂ ᠬᠠᠷᠢᠶᠠᠲᠤ᠃
- ᠊ᠮ᠊ᠲᠡ᠄ ᠪᠠᠷᠢᠮᠲᠠ᠂ ᠪᠣᠭᠣᠮᠲᠠ᠃
- ᠊ᠷ᠄ ᠪᠡᠯᠴᠢᠭᠡᠷ᠃
- ᠊ᠮ᠊ᠵᠢ᠄ ᠲᠤᠰᠠᠯᠠᠮᠵᠢ᠂ ᠤᠳᠤᠷᠢᠳᠤᠮᠵᠢ᠂ ᠦᠵᠡᠮᠵᠢ᠃
- ᠊ᠮᠢ᠄ ᠤᠬᠤᠮᠢ᠂ ᠪᠣᠭᠣᠮᠢ᠃
- ᠊ᠵᠠ᠄ ᠣᠯᠵᠠ᠂ ᠭᠠᠷᠤᠵᠠ᠃
- ᠊ᠰ᠄ ᠵᠣᠬᠢᠰ᠂ ᠠᠯᠳᠠᠰ᠃
- ᠳ᠋ᠠ᠊ᠮ᠄ ᠴᠠᠢᠳᠠᠮ᠃
- ᠊ᠭᠡᠷ᠄ ᠳᠡᠪᠢᠰᠬᠡᠷ᠃
- ᠊ᠪ᠄ ᠰᠡᠳᠦᠪ᠂ ᠲᠥᠰᠥᠪ᠃
- ᠊ᠭᠠᠯᠢ᠂ ᠊ᠭᠡᠯᠢ᠄ ᠦᠶᠡᠭᠡᠯᠢ᠂ ᠬᠠᠶᠠᠭᠠᠯᠢ᠃
- ᠊ᠵᠢᠭ᠂ ᠊ᠵᠡᠭᠡᠢ᠄ ᠡᠭᠡᠵᠢᠭ᠂ ᠡᠭᠡᠵᠡᠭᠡᠢ᠂ ᠭᠦᠨᠵᠡᠭᠡᠢ᠃
- ᠊ᠬᠠᠢ᠂ ᠊ᠬᠡᠢ᠄ ᠠᠩᠭᠠᠬᠠᠢ᠂ ᠳᠡᠭᠳᠡᠭᠡᠬᠡᠢ᠂ ᠡᠷᠪᠡᠬᠡᠢ ᠭᠡᠬᠦ ᠵᠡᠷᠭᠡ ᠪᠣᠯᠤᠨ᠎ᠠ᠃
ᠦᠰᠦᠭ ᠠᠮᠢᠯᠠᠭᠤᠯᠤᠭᠴᠢ᠄ ᠤᠷᠠᠨᠴᠢᠮᠡᠭ᠂ ᠪᠠᠢ᠂ ᠰᠠᠷᠠᠨ᠎ᠠ᠂ ᠪᠠᠶᠠᠨᠴᠡᠴᠡᠭ᠂ ᠮᠥᠩᠭᠥᠨ᠂ ᠠᠯᠲᠠᠨᠴᠢᠮᠡᠭ ᠂ ᠬᠡᠯᠡᠰᠣᠶᠣᠯ(ᠪᠤᠤ ᠵᠢᠨ ᠬᠤᠸᠠ)᠂ ᠨᠠᠷᠠᠨᠲᠤᠶᠠᠭ᠎ᠠ
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠨᠠᠷᠠᠨ᠂ ᠭᠡᠷᠡᠯ
