ᠦᠭᠡ ᠶ᠋ᠢᠨ ᠵᠦᠢ01ᠮᠣᠩᠭᠣᠯ ᠬᠡᠯᠡᠨ ᠦ ᠦᠭᠡ ᠶ᠋ᠢᠨ ᠪᠦᠲᠦᠴᠡÜgiin züiҮгийн зүй
ᠮᠣᠩᠭᠣᠯ ᠬᠡᠯᠡᠨ ᠦ᠌ ᠦᠭᠡ ᠶ᠋ᠢᠨ ᠵᠦᠢ
ᠮᠣᠩᠭᠣᠯ ᠬᠡᠯᠡᠨ ᠦ᠌ ᠲᠣᠭᠲᠠᠭᠰᠠᠨ ᠤᠳᠬ᠎ᠠ ᠲᠠᠢ ᠪᠥᠭᠡᠳ ᠪᠡᠶ᠎ᠡ ᠪᠡᠨ ᠳᠠᠭᠠᠭᠠᠵᠤ ᠬᠡᠷᠡᠭᠯᠡᠭᠳᠡᠳᠡᠭ ᠬᠠᠮᠤᠭ ᠤ᠋ᠨ ᠵᠢᠵᠢᠭ ᠨᠢᠭᠡᠴᠢ ᠶ᠋ᠢ ᠦᠭᠡ ᠭᠡᠨ᠎ᠡ᠃ ᠮᠣᠩᠭᠣᠯ ᠬᠡᠯᠡᠨ ᠳ᠋ᠦ᠍ ᠦᠭᠡ ᠪᠦᠲᠦᠬᠦ ᠪᠠ ᠦᠭᠡ ᠬᠤᠪᠢᠯᠬᠤ ᠶ᠋ᠢᠨ ᠲᠤᠬᠠᠢ ᠬᠡᠯᠡᠨ ᠦ᠌ ᠵᠦᠢ ᠶ᠋ᠢᠨ ᠨᠢᠭᠡ ᠰᠠᠯᠪᠤᠷᠢ ᠰᠢᠨᠵᠢᠯᠡᠬᠦ ᠤᠬᠠᠭᠠᠨ ᠢ᠋ ᠦᠭᠡ ᠶ᠋ᠢᠨ ᠵᠦᠢ ᠭᠡᠨ᠎ᠡ᠃ ᠦᠭᠡ ᠶ᠋ᠢᠨ ᠵᠦᠢ ᠳ᠋ᠦ᠍᠂ ᠦᠭᠡ ᠶ᠋ᠢᠨ ᠬᠡᠯᠡᠨ ᠦ᠌ ᠵᠦᠢ ᠶ᠋ᠢᠨ ᠤᠳᠬ᠎ᠠ᠂ ᠬᠡᠯᠪᠡᠷᠢ ᠶ᠋ᠢ ᠴᠢᠬᠤᠯᠠᠴᠢᠯᠠᠨ ᠰᠤᠳᠤᠯᠬᠤ ᠡᠴᠡ ᠭᠠᠳᠠᠨ᠎ᠠ᠂ ᠬᠡᠯᠡᠨ ᠦ᠌ ᠵᠦᠢ ᠶ᠋ᠢᠨ ᠤᠳᠬ᠎ᠠ ᠬᠡᠯᠪᠡᠷᠢ ᠲᠡᠢ ᠨᠢᠭᠲᠠ ᠬᠣᠯᠪᠣᠭ᠎ᠠ ᠪᠦᠬᠦᠢ ᠦᠭᠡ ᠪᠦᠲᠦᠬᠦ ᠶ᠋ᠢᠨ ᠶᠣᠰᠣᠨ᠂ ᠦᠭᠡᠰ ᠦ᠋ᠨ ᠬᠡᠢᠰᠪᠦᠷᠢ ᠤᠳᠬ᠎ᠠ᠂ᠦᠭᠡ ᠪᠠ ᠥᠭᠦᠯᠡᠪᠦᠷᠢ ᠶ᠋ᠢᠨ ᠵᠦᠢ ᠶ᠋ᠢᠨ ᠬᠢᠨᠢ ᠣᠨᠴᠠᠯᠢᠭ ᠳᠡᠭᠡᠷ᠎ᠡ ᠦᠨᠳᠦᠰᠦᠯᠡᠨ ᠪᠦᠬᠦ ᠦᠭᠡᠰ ᠢ᠋ ᠠᠢᠮᠠᠭᠯᠠᠬᠤ ᠶᠣᠰᠣᠨ ᠢ᠋ ᠪᠠᠰᠠ ᠰᠤᠳᠤᠯᠤᠨ᠎ᠠ᠃
ᠨᠢᠭᠡ᠃ ᠮᠣᠩᠭᠣᠯ ᠬᠡᠯᠡᠨ ᠦ᠌ ᠦᠭᠡ ᠶ᠋ᠢᠨ ᠪᠦᠲᠦᠴᠡ
ᠮᠣᠩᠭᠣᠯ ᠦᠭᠡ ᠶ᠋ᠢ ᠲᠡᠭᠦᠨ ᠦ᠌ ᠤᠳᠬ᠎ᠠ ᠶ᠋ᠢᠨ ᠲᠠᠯ᠎ᠠ ᠪᠠ ᠬᠡᠯᠡᠨ ᠦ᠌ ᠵᠦᠢ ᠶ᠋ᠢᠨ ᠬᠡᠯᠪᠡᠷᠢ ᠶ᠋ᠢᠨ ᠲᠠᠯ᠎ᠠ ᠡᠴᠡ ᠠᠪᠴᠤ ᠦᠵᠡᠪᠡᠯ ᠨᠢᠭᠡ ᠪᠤᠶᠤ ᠬᠡᠳᠦ ᠬᠡᠳᠦᠨ ᠤᠳᠬ᠎ᠠ ᠪᠦᠬᠦᠢ ᠬᠡᠰᠡᠭ ᠢ᠋ᠶ᠋ᠡᠷ ᠪᠦᠷᠢᠯᠳᠦᠭᠰᠡᠨ ᠪᠠᠢᠳᠠᠭ᠃ ᠵᠢᠱ᠌ᠢᠶᠡᠯᠡᠪᠡᠯ᠄《ᠰᠤᠷᠤᠭᠴᠢ》 ᠭᠡᠰᠡᠨ ᠦᠭᠡ ᠨᠢ《ᠰᠤᠷ》᠂《ᠰᠤᠷᠤᠭᠴᠢ》 ᠭᠡᠰᠡᠨ ᠬᠣᠶᠠᠷ ᠵᠦᠢᠯ ᠦ᠋ᠨ ᠤᠳᠬ᠎ᠠ ᠪᠦᠬᠦᠢ ᠬᠡᠰᠡᠭ ᠡᠴᠡ ᠪᠦᠲᠦᠭᠰᠡᠨ ᠪᠠ《ᠮᠡᠳᠡᠭᠦᠯᠪᠡ》 ᠭᠡᠰᠡᠨ ᠦᠭᠡ ᠨᠢ《ᠮᠡᠳᠡ》᠂《ᠮᠡᠳᠡᠭᠦᠯ》᠂《ᠮᠡᠳᠡᠭᠦᠯᠪᠡ》 ᠭᠡᠬᠦ ᠮᠡᠲᠦ ᠭᠤᠷᠪᠠᠨ ᠵᠦᠢᠯ ᠦ᠋ᠨ ᠤᠳᠬ᠎ᠠ ᠪᠦᠬᠦᠢ ᠬᠡᠰᠡᠭ ᠡᠴᠡ ᠪᠦᠲᠦᠵᠡᠢ᠃《ᠰᠤᠷ》᠂《ᠮᠡᠳᠡ》 ᠭᠡᠳᠡᠭ ᠨᠢ ᠤᠤᠯ ᠦᠭᠡ ᠶ᠋ᠢᠨ ᠦᠨᠳᠦᠰᠦᠨ ᠤᠳᠬ᠎ᠠ ᠶ᠋ᠢ ᠢᠯᠡᠷᠡᠭᠦᠯᠵᠦ᠂《ᠰᠤᠷᠤᠭᠴᠢ》᠂《ᠮᠡᠳᠡᠭᠦᠯ》᠂《ᠮᠡᠳᠡᠭᠦᠯᠪᠡ》 ᠭᠡᠳᠡᠭ ᠨᠢ ᠲᠤᠬᠠᠢ ᠶ᠋ᠢᠨ ᠦᠢᠯᠡ ᠶᠠᠪᠤᠳᠠᠯ ᠢ᠋ ᠭᠦᠢᠴᠡᠳᠬᠡᠬᠦ ᠡᠵᠡᠨ ᠡᠲᠡᠭᠡᠳ ᠢ᠋ ᠵᠢᠭᠠᠭᠰᠠᠨ ᠪᠤᠶᠤ ᠤᠤᠯ ᠦᠭᠡ ᠶ᠋ᠢᠨ ᠤᠳᠬ᠎ᠠ ᠳᠠᠭᠠᠤ ᠲᠥᠷᠥᠯ ᠦᠭᠡ ᠪᠣᠢ ᠪᠣᠯᠵᠤ ᠰᠢᠨ᠎ᠡ ᠤᠳᠬ᠎ᠠ ᠶ᠋ᠢ ᠢᠯᠡᠷᠡᠭᠦᠯᠪᠡ᠃ ᠡᠨᠡ ᠮᠡᠲᠦ ᠪᠡᠷ ᠮᠣᠩᠭᠣᠯ ᠬᠡᠯᠡᠨ ᠦ᠌ ᠦᠭᠡᠰ ᠨᠢ ᠦᠨᠳᠦᠰᠦᠨ ᠤᠳᠬ᠎ᠠ ᠶ᠋ᠢ ᠬᠠᠳᠠᠭᠠᠯᠠᠭᠰᠠᠨ ᠢᠵᠠᠭᠤᠷ ᠤ᠋ᠨ ᠬᠡᠰᠡᠭ ᠭᠡᠵᠦ ᠪᠠᠢᠬᠤ ᠪᠥᠭᠡᠳ ᠳᠠᠭᠠᠪᠤᠷᠢ ᠵᠠᠯᠭᠠᠬᠤ ᠳ᠋ᠤ᠌ ᠡᠭᠦᠰᠦᠭᠰᠡᠨ ᠰᠢᠨ᠎ᠡ ᠤᠳᠬ᠎ᠠ ᠶ᠋ᠢ ᠢᠯᠡᠷᠡᠭᠦᠯᠬᠦ ᠡᠭᠦᠰᠦᠮᠡᠯ ᠬᠡᠰᠡᠭ ᠭᠡᠵᠦ ᠪᠠᠢᠬᠤ ᠲᠤᠯᠠ ᠮᠣᠩᠭᠣᠯ ᠬᠡᠯᠡᠨ ᠦ᠌ ᠦᠭᠡᠰ ᠢ᠋ ᠢᠵᠠᠭᠤᠷ᠂ ᠦᠨᠳᠦᠰᠦ᠂ ᠳᠠᠭᠠᠪᠤᠷᠢ ᠭᠡᠵᠦ ᠢᠯᠭᠠᠵᠤ ᠪᠣᠯᠳᠠᠭ᠃
ᠦᠭᠡ ᠶ᠋ᠢᠨ ᠢᠵᠠᠭᠤᠷ
ᠦᠭᠡ ᠶ᠋ᠢᠨ ᠤᠳᠬ᠎ᠠ ᠶ᠋ᠢ ᠨᠢ ᠰᠤᠳᠤᠯᠬᠤ ᠳ᠋ᠤ᠌ ᠴᠠᠭᠠᠰᠢ ᠵᠠᠳᠠᠯᠵᠤ ᠪᠣᠯᠬᠤ ᠦᠭᠡᠢ ᠪᠣᠯᠤᠭᠰᠠᠨ᠂ ᠦᠭᠡ ᠶ᠋ᠢᠨ ᠢᠵᠠᠭᠤᠷ ᠤ᠋ᠨ ᠤᠳᠬ᠎ᠠ ᠶ᠋ᠢ ᠬᠠᠳᠠᠭᠠᠯᠠᠵᠤ ᠪᠠᠢᠭ᠎ᠠ ᠬᠡᠰᠡᠭ ᠢ᠋ ᠦᠭᠡ ᠶ᠋ᠢᠨ ᠨᠢᠭᠡᠳᠦᠭᠡᠷ ᠦᠨᠳᠦᠰᠦ ᠭᠡᠬᠦ ᠪᠤᠶᠤ ᠦᠭᠡ ᠶ᠋ᠢᠨ ᠢᠵᠠᠭᠤᠷ ᠭᠡᠨ᠎ᠡ᠃
ᠵᠢᠱ᠌ᠢᠶᠡᠯᠡᠪᠡᠯ᠄《ᠰᠤᠷᠤᠭᠴᠢ᠂ ᠮᠡᠳᠡᠭᠡᠷᠡᠢ᠂ ᠶᠠᠪᠤᠭᠲᠤᠨ᠂ ᠮᠠᠯᠴᠢᠨ᠂ ᠲᠠᠷᠢᠶᠠᠴᠢᠨ》᠂《ᠠᠭᠰᠠᠨ᠂ ᠠᠰᠤᠭᠠᠢ᠂ ᠪᠥᠯᠥᠭᠡ᠂ ᠬᠣᠢᠭᠤᠷ᠂ ᠬᠣᠢᠨ᠎ᠠ》 ᠭᠡᠬᠦ ᠮᠡᠲᠦ ᠶ᠋ᠢᠨ ᠦᠭᠡᠰ ᠦ᠋ᠨ《ᠰᠤᠷ᠂ ᠮᠡᠳᠡ᠂ ᠶᠠᠪᠤ᠂ ᠳᠠᠷᠢ》᠂《ᠠ᠊᠂ ᠪᠦ᠊᠂ ᠬᠤᠢ》 ᠭᠡᠰᠡᠨ ᠬᠡᠰᠡᠭ ᠨᠢ ᠴᠠᠭᠠᠰᠢ ᠳᠠᠬᠢᠨ ᠦᠭᠡ ᠶ᠋ᠢᠨ ᠦᠨᠳᠦᠰᠦ᠂ ᠳᠠᠭᠠᠪᠤᠷᠢ ᠪᠠᠷ ᠵᠠᠳᠠᠯᠵᠤ ᠪᠣᠯᠬᠤ ᠦᠭᠡᠢ ᠶᠦᠮ᠃ ᠡᠨᠡ ᠨᠢ ᠦᠭᠡ ᠶ᠋ᠢᠨ ᠢᠵᠠᠭᠤᠷ ᠪᠤᠶᠤ ᠨᠢᠭᠡᠳᠦᠭᠡᠷ ᠦᠨᠳᠦᠰᠦ ᠪᠣᠯᠤᠨ᠎ᠠ᠃
ᠦᠭᠡ ᠶ᠋ᠢᠨ ᠢᠵᠠᠭᠤᠷ ᠢ᠋ ᠪᠠᠰᠠ ᠠᠮᠢᠳᠤ ᠢᠵᠠᠭᠤᠷ ᠪᠠ ᠮᠥᠬᠥᠭᠰᠡᠨ ᠢᠵᠠᠭᠤᠷ ᠭᠡᠵᠦ ᠬᠣᠶᠠᠷ ᠵᠦᠢᠯ ᠢ᠋ᠶ᠋ᠡᠷ ᠬᠤᠪᠢᠶᠠᠵᠤ ᠪᠣᠢ᠃ ᠮᠣᠩᠭᠣᠯ ᠬᠡᠯᠡ ᠳ᠋ᠦ᠍ ᠪᠡᠶ᠎ᠡ ᠪᠡᠨ ᠳᠠᠭᠠᠭᠠᠵᠤ ᠬᠡᠷᠡᠭᠯᠡᠭᠳᠡᠨ᠂ ᠶᠠᠮᠠᠷ ᠨᠢᠭᠡᠨ ᠤᠳᠬ᠎ᠠ ᠶ᠋ᠢ ᠢᠯᠡᠳᠬᠡᠵᠦ ᠪᠠᠢᠭ᠎ᠠ ᠢᠵᠠᠭᠤᠷ ᠢ᠋ ᠠᠮᠢᠳᠤ ᠢᠵᠠᠭᠤᠷ ᠭᠡᠬᠦ ᠪᠠ ᠪᠡᠶ᠎ᠡ ᠪᠡᠨ ᠳᠠᠭᠠᠭᠠᠭᠰᠠᠨ ᠤᠳᠬ᠎ᠠ ᠦᠭᠡᠢ᠂ ᠵᠥᠪᠬᠡᠨ ᠳᠠᠭᠠᠪᠤᠷᠢ ᠲᠠᠢ ᠪᠠᠨ ᠨᠡᠢᠯᠡᠭᠡᠳ ᠰᠠᠶᠢ ᠶᠠᠮᠠᠷ ᠨᠢᠭᠡᠨ ᠤᠳᠬ᠎ᠠ ᠶ᠋ᠢ ᠢᠯᠡᠷᠡᠭᠦᠯᠵᠦ ᠪᠠᠢᠭ᠎ᠠ ᠢᠵᠠᠭᠤᠷ ᠢ᠋ ᠮᠥᠬᠥᠭᠰᠡᠨ ᠢᠵᠠᠭᠤᠷ ᠭᠡᠳᠡᠭ᠃ ᠳᠡᠭᠡᠷᠡᠬᠢ ᠵᠢᠱ᠌ᠢᠶᠡᠨ ᠳ᠋ᠡᠬᠢ《ᠰᠤᠷ᠂ ᠮᠡᠳᠡ᠂ ᠶᠠᠪᠤ᠂ ᠮᠠᠯ᠂ ᠳᠠᠷᠢ》 ᠪᠣᠯ ᠠᠮᠢᠳᠤ ᠢᠵᠠᠭᠤᠷ ᠮᠥᠨ᠂《ᠠ᠊᠂ ᠪᠦ᠊᠂ ᠬᠤᠢ》 ᠪᠣᠯ ᠮᠥᠬᠥᠭᠰᠡᠨ ᠢᠵᠠᠭᠤᠷ ᠪᠣᠯᠤᠨ᠎ᠠ᠃
ᠦᠭᠡ ᠶ᠋ᠢᠨ ᠦᠨᠳᠦᠰᠦ
ᠦᠭᠡᠰ ᠦ᠋ᠨ ᠪᠦᠷᠢᠯᠳᠦᠬᠦᠨ ᠦ᠌ ᠤᠳᠬ᠎ᠠ ᠶ᠋ᠢ ᠬᠠᠳᠠᠭᠠᠯᠠᠵᠤ᠂ ᠦᠭᠡ ᠶ᠋ᠢᠨ ᠵᠦᠢ ᠶ᠋ᠢᠨ ᠶᠣᠰᠣᠭᠠᠷ ᠶᠠᠩᠵᠤ ᠪᠦᠷᠢ ᠶ᠋ᠢᠨ ᠳᠠᠭᠠᠪᠤᠷᠢ ᠵᠠᠯᠭᠠᠵᠤ ᠴᠢᠨᠠᠭᠰᠢ ᠪᠠᠨ ᠬᠤᠪᠢᠯᠵᠤ ᠪᠣᠯᠬᠤ ᠦᠭᠡ ᠶ᠋ᠢᠨ ᠲᠡᠢᠮᠦ ᠬᠡᠰᠡᠭ ᠢ᠋ ᠦᠭᠡ ᠶ᠋ᠢᠨ ᠦᠨᠳᠦᠰᠦ ᠭᠡᠨ᠎ᠡ᠃ ᠦᠭᠡ ᠶ᠋ᠢᠨ ᠦᠨᠳᠦᠰᠦ ᠪᠣᠯ ᠤᠤᠯ ᠦᠭᠡ ᠶ᠋ᠢᠨ ᠦᠨᠳᠦᠰᠦᠨ ᠤᠳᠬ᠎ᠠ ᠶ᠋ᠢ ᠵᠢᠭᠠᠵᠤ᠂ ᠦᠭᠡᠨ ᠳ᠋ᠦ᠍ ᠰᠢᠨ᠎ᠡ ᠤᠳᠬ᠎ᠠ ᠣᠷᠣᠭᠤᠯᠬᠤ ᠲᠡᠳᠦᠢ ᠡᠭᠦᠷᠭᠡ ᠲᠡᠢ ᠶᠦᠮ᠃ ᠦᠭᠡ ᠶ᠋ᠢᠨ ᠢᠵᠠᠭᠤᠷ ᠲᠤ᠌ ᠦᠭᠡ ᠪᠦᠲᠦᠭᠡᠬᠦ ᠳᠠᠭᠠᠪᠤᠷᠢ ᠶ᠋ᠢ ᠵᠠᠯᠭᠠᠪᠠᠯ ᠦᠭᠡ ᠶ᠋ᠢᠨ ᠬᠣᠶᠠᠳᠤᠭᠠᠷ᠂ ᠭᠤᠷᠪᠠᠳᠤᠭᠠᠷ᠂ ᠳᠥᠷᠪᠡᠳᠦᠭᠡᠷ ᠭᠡᠬᠦ ᠮᠡᠲᠦ ᠪᠡᠷ ᠬᠡᠳᠦ ᠬᠡᠳᠦᠨ ᠰᠢᠨ᠎ᠡ ᠦᠨᠳᠦᠰᠦ ᠪᠣᠢ ᠪᠣᠯᠵᠤ ᠰᠢᠨ᠎ᠡ ᠤᠳᠬ᠎ᠠ ᠶ᠋ᠢ ᠢᠯᠡᠷᠡᠭᠦᠯᠳᠡᠭ᠃᠃
ᠵᠢᠱ᠌ᠢᠶᠡᠯᠡᠪᠡᠯ᠄《ᠰᠤᠷ— ᠰᠣᠷᠣᠭ᠂ ᠰᠤᠷᠤᠭᠴᠢ᠂ ᠰᠤᠷᠤᠭᠴᠢᠳ》《ᠪᠦᠯᠬᠦᠮ— ᠪᠦᠯᠬᠦᠮᠳᠡ᠂ ᠪᠦᠯᠬᠦᠮᠳᠡᠬᠦᠯ᠂
ᠪᠦᠯᠬᠦᠮᠳᠡᠬᠦᠯᠦᠭᠰᠡᠨ》 ᠭᠡᠬᠦ ᠮᠡᠲᠦ ᠪᠡᠷ《ᠰᠤᠷ᠂ ᠪᠦᠯᠬᠦᠮ》 ᠭᠡᠰᠡᠨ ᠢᠵᠠᠭᠤᠷ ᠦᠨᠳᠦᠰᠦᠨ ᠳ᠋ᠦ᠍ ᠳᠠᠭᠠᠪᠤᠷᠢ ᠵᠠᠯᠭᠠᠵᠤ᠂ ᠤᠤᠯ ᠦᠭᠡ ᠶ᠋ᠢᠨ ᠲᠥᠷᠥᠯ ᠤᠳᠬ᠎ᠠ ᠪᠦᠬᠦᠢ ᠡᠭᠦᠰᠦᠮᠡᠯ ᠦᠨᠳᠦᠰᠦ ᠬᠣᠶᠠᠳᠤᠭᠠᠷ᠂ ᠭᠤᠷᠪᠠᠳᠤᠭᠠᠷ᠂ ᠳᠥᠷᠪᠡᠳᠦᠭᠡᠷ ᠦᠨᠳᠦᠰᠦ ᠡᠭᠦᠰᠴᠡᠢ᠃
ᠦᠭᠡ ᠶ᠋ᠢᠨ ᠳᠠᠭᠠᠪᠤᠷᠢ
ᠦᠭᠡ ᠶ᠋ᠢᠨ ᠢᠵᠠᠭᠤᠷ ᠦᠨᠳᠦᠰᠦ ᠳ᠋ᠦ᠍ ᠵᠠᠯᠭᠠᠵᠤ᠂ ᠤᠤᠯ ᠦᠭᠡᠨ ᠳ᠋ᠦ᠍ ᠰᠢᠨ᠎ᠡ ᠤᠳᠬ᠎ᠠ ᠣᠷᠣᠭᠤᠯᠬᠤ ᠪᠠ ᠦᠭᠡᠰ ᠦ᠋ᠨ ᠬᠣᠭᠣᠷᠣᠨᠳᠣᠬᠢ ᠬᠣᠯᠪᠣᠭᠳᠠᠯ ᠊ᠢ ᠵᠢᠭᠠᠬᠤ ᠬᠡᠰᠡᠭ ᠊ᠢ ᠦᠭᠡ ᠶ᠋ᠢᠨ ᠳᠠᠭᠠᠪᠤᠷᠢ ᠭᠡᠨ᠎ᠡ᠃ ᠦᠭᠡ ᠶ᠋ᠢᠨ ᠳᠠᠭᠠᠪᠤᠷᠢ ᠳ᠋ᠤ᠌ ᠦᠭᠡ ᠪᠦᠲᠦᠭᠡᠬᠦ ᠳᠠᠭᠠᠪᠤᠷᠢ ᠪᠠ ᠦᠭᠡ ᠬᠤᠪᠢᠯᠭᠠᠬᠤ ᠳᠠᠭᠠᠪᠤᠷᠢ ᠭᠡᠵᠦ ᠪᠠᠢᠳᠠᠭ᠃ ᠨᠢᠭᠡ ᠦᠭᠡ ᠡᠴᠡ ᠥᠭᠡᠷ᠎ᠡ ᠰᠢᠨ᠎ᠡ ᠦᠭᠡ ᠪᠦᠲᠦᠭᠡᠬᠦ ᠳ᠋ᠦ᠍ ᠬᠡᠷᠡᠭᠯᠡᠬᠦ ᠳᠠᠭᠠᠪᠤᠷᠢ ᠶ᠋ᠢ ᠦᠭᠡ ᠪᠦᠲᠦᠭᠡᠬᠦ ᠳᠠᠭᠠᠪᠤᠷᠢ ᠭᠡᠳᠡᠭ᠃ ᠨᠡᠷ᠎ᠡ ᠦᠭᠡ ᠶ᠋ᠢᠨ ᠲᠡᠢᠨ ᠢᠯᠭᠠᠯ᠂ ᠣᠯᠠᠨ ᠲᠣᠭ᠎ᠠ᠂ ᠬᠠᠮᠢᠶᠠᠳᠠᠭᠤᠯᠬᠤ᠂ ᠦᠢᠯᠡ ᠦᠭᠡ ᠶ᠋ᠢᠨ ᠬᠡᠯᠪᠡᠷᠢ᠂ ᠬᠡᠪ᠂ ᠪᠠᠢᠳᠠᠯ ᠵᠡᠷᠭᠡ ᠬᠡᠯᠡᠨ ᠦ᠌ ᠵᠦᠢ ᠶ᠋ᠢᠨ ᠶᠠᠩᠵᠤ ᠪᠦᠷᠢ ᠶ᠋ᠢᠨ ᠤᠳᠬ᠎ᠠ ᠶ᠋ᠢ ᠢᠯᠡᠷᠡᠭᠦᠯᠬᠦ ᠳᠠᠭᠠᠪᠤᠷᠢ ᠶ᠋ᠢ ᠦᠭᠡ ᠬᠤᠪᠢᠯᠭᠠᠬᠤ ᠳᠠᠭᠠᠪᠤᠷᠢ ᠭᠡᠨ᠎ᠡ᠃
ᠵᠢᠱ᠌ᠢᠶᠡᠯᠡᠪᠡᠯ᠄《ᠮᠣᠳᠣ— ᠮᠣᠳᠣᠴᠢᠨ》᠂《ᠡᠷ᠎ᠡ— ᠡᠷᠡᠯᠬᠡᠭ》᠂《ᠦᠵᠡ— ᠦᠵᠡᠭᠴᠢ》 ᠭᠡᠬᠦ ᠮᠡᠲᠦ ᠶ᠋ᠢᠨ ᠦᠭᠡᠰ ᠦ᠋ᠨ《ᠮᠣᠳᠣ᠂ ᠡᠷ᠎ᠡ᠂ ᠦᠵᠡ》 ᠭᠡᠳᠡᠭ ᠨᠢ ᠤᠤᠯ ᠦᠭᠡᠰ ᠦ᠋ᠨ ᠢᠵᠠᠭᠤᠷ ᠤ᠋ᠨ ᠤᠳᠬ᠎ᠠ ᠶ᠋ᠢ ᠢᠯᠡᠷᠡᠭᠦᠯᠦᠭᠰᠡᠨ ᠰᠢᠨ᠎ᠡ ᠦᠭᠡ ᠡᠭᠦᠰᠴᠡᠢ᠃《ᠪᠠᠭᠰᠢ ᠨᠠᠷ ᠡᠴᠡ ᠪᠠᠨ》᠂《ᠰᠤᠷᠤᠯᠴᠠᠭᠤᠯᠪᠠ》 ᠭᠡᠬᠦ ᠳ᠋ᠦ᠍《ᠪᠠᠭᠰᠢ》᠂《ᠰᠤᠷ》 ᠭᠡᠳᠡᠭ ᠬᠣᠶᠠᠷ ᠦᠭᠡ ᠶ᠋ᠢᠨ ᠢᠵᠠᠭᠤᠷ ᠲᠤ᠌ ᠦᠭᠡ ᠬᠤᠪᠢᠯᠭᠠᠬᠤ ᠳᠠᠭᠠᠪᠤᠷᠢ ᠶ᠋ᠢ ᠵᠠᠯᠭᠠᠬᠤ ᠳ᠋ᠤ᠌ ᠤᠤᠯ ᠦᠭᠡ ᠶ᠋ᠢᠨ ᠤᠳᠬ᠎ᠠ ᠣᠭᠲᠣ ᠥᠭᠡᠷ᠎ᠡ ᠪᠣᠯᠤᠭᠰᠠᠨ ᠦᠭᠡᠢ᠃ ᠵᠥᠪᠬᠡᠨ《ᠪᠠᠭᠰᠢ》 ᠭᠡᠳᠡᠭ ᠨᠡᠷ᠎ᠡ ᠦᠭᠡ ᠶ᠋ᠢᠨ ᠬᠡᠯᠡᠨ ᠦ᠌ ᠵᠦᠢ ᠶ᠋ᠢᠨ ᠬᠡᠯᠪᠡᠷᠢ ᠶ᠋ᠢ ᠢᠯᠡᠷᠡᠭᠦᠯᠦᠭᠰᠡᠨ ᠪᠠ《ᠰᠤᠷ》 ᠭᠡᠳᠡᠭ ᠦᠢᠯᠡ ᠦᠭᠡ ᠶ᠋ᠢᠨ ᠲᠡᠭᠦᠨ ᠦ᠌ ᠡᠵᠡᠨ ᠪᠡᠶ᠎ᠡ ᠲᠡᠢ ᠪᠡᠨ ᠬᠡᠷᠬᠢᠨ ᠬᠣᠯᠪᠣᠭᠳᠠᠬᠤ ᠪᠣᠯᠤᠨ ᠦᠢᠯᠡ ᠶ᠋ᠢᠨ ᠴᠠᠭ ᠲᠤ᠌ ᠬᠡᠷᠬᠢᠨ ᠬᠣᠯᠪᠣᠭᠳᠠᠬᠤ ᠶ᠋ᠢ ᠵᠢᠭᠠᠵᠠᠢ᠃
ᠦᠭᠡ ᠶ᠋ᠢᠨ ᠪᠦᠲᠦᠴᠡ ᠶ᠋ᠢ ᠬᠦᠰᠦᠨᠦᠭ ᠢ᠋ᠶ᠋ᠡᠷ ᠦᠵᠡᠭᠦᠯᠪᠡᠯ᠄
| ᠵᠢᠱ᠌ᠢᠶ᠎ᠡ ᠦᠭᠡ | ᠢᠵᠠᠭᠤᠷ | ᠦᠨᠳᠦᠰᠦ | ᠪᠦᠲᠦᠭᠡᠬᠦ ᠳᠠᠭᠠᠪᠤᠷᠢ | ᠬᠤᠪᠢᠯᠭᠠᠬᠤ ᠳᠠᠭᠠᠪᠤᠷᠢ |
|---|---|---|---|---|
| ᠠᠵᠢᠯᠴᠢᠨ ᠡᠴᠡ | ᠠᠵᠢᠯ | ᠠᠵᠢᠯᠴᠢᠨ | ᠴᠢᠨ | ᠡᠴᠡ |
| ᠲᠠᠷᠢᠶᠠᠴᠢᠨ ᠳ᠋ᠤ᠌ | ᠳᠠᠷᠢ | ᠲᠠᠷᠢᠶᠠᠴᠢᠨ | ᠶᠠ᠊᠂ ᠴᠢᠨ | ᠳ᠋ᠦ᠍ |
| ᠮᠠᠯᠴᠢᠨ ᠤ᠋ ᠪᠠᠨ | ᠮᠠᠯ | ᠠᠯᠴᠢᠨ | ᠴᠢᠨ | ᠤ᠋ ᠪᠠᠨ |
| ᠰᠤᠷᠤᠯᠴᠠᠭᠤᠯᠪᠠ | ᠰᠤᠷ | ᠰᠤᠷᠤᠯᠴᠠᠭᠤᠯᠪᠠ | — ᠊ᠯᠴᠡ᠊᠂ ᠊ᠭᠤᠯ᠊ ᠊ᠪᠠ | ᠊ᠯᠴᠡ᠊᠂ ᠊ᠭᠤᠯ᠊ ᠊ᠪᠠ |
| ᠶᠠᠪᠤᠲᠠᠯ᠎ᠠ | ᠶᠠᠪᠤ | ᠶᠠᠪᠤᠲᠠᠯ᠎ᠠ | — ᠳ᠋ᠠᠯ᠎ᠠ | ᠳ᠋ᠠᠯ᠎ᠠ |
| ᠬᠦᠴᠦᠷᠬᠡᠭ | ᠬᠦᠴᠦ | ᠬᠦᠴᠦᠷᠬᠡᠭ | ᠊ᠭ᠌ | ᠷᠬᠡ |
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠤᠷᠠᠨᠴᠢᠮᠡᠭ᠂ ᠪᠠᠢ᠂ ᠰᠠᠷᠠᠨ᠎ᠠ
ᠬᠢᠨᠠᠭᠴᠢ᠄ ᠣᠳᠬᠠᠨᠰᠣ᠎ᠠ᠂ ᠨᠠᠷᠠᠨ᠂ᠰᠡᠬᠡᠭᠡᠷᠡᠯ
