ᠠᠪᠢᠶᠠᠨ ᠤ᠋ ᠵᠦᠢ06ᠮᠣᠩᠭᠣᠯ ᠬᠡᠯᠡᠨ ᠦ ᠦᠶ᠎ᠡ ᠶ᠋ᠢᠨ ᠲᠤᠬᠠᠢАвины зүйАвины зүй
ᠵᠢᠷᠭᠤᠭ᠎ᠠ᠃ ᠮᠣᠩᠭᠣᠯ ᠬᠡᠯᠡᠨ ᠦ ᠦᠶ᠎ᠡ ᠶ᠋ᠢᠨ ᠲᠤᠬᠠᠢ
ᠮᠣᠩᠭᠣᠯ ᠬᠡᠯᠡᠨ ᠳ᠋ᠦ᠍ ᠨᠢᠭᠡ ᠪᠤᠶᠤ ᠬᠡᠳᠦ ᠬᠡᠳᠦᠨ ᠠᠪᠢᠶ᠎ᠠ ᠠ᠋ᠴᠠ ᠪᠦᠲᠦᠭᠰᠡᠨ᠂ ᠤᠩᠰᠢᠬᠤ ᠳ᠋ᠤ᠌ ᠳᠠᠭᠤᠲᠠᠢ᠂ ᠰᠣᠨᠣᠰᠬᠤ ᠳ᠋ᠤ᠌ ᠲᠣᠳᠣᠷᠬᠠᠢ᠂ ᠦᠭᠡ ᠬᠡᠯᠡᠨ ᠦ᠌ ᠲᠠᠰᠤᠷᠬᠠᠢ ᠬᠡᠰᠡᠭ ᠢ᠋ ᠦᠶ᠎ᠡ ᠭᠡᠨ᠎ᠡ᠃ ᠦᠭᠡ ᠨᠢ ᠨᠢᠭᠡ ᠪᠤᠶᠤ ᠬᠡᠳᠦ ᠬᠡᠳᠦᠨ ᠦᠶ᠎ᠡ ᠶ᠋ᠢᠨ ᠨᠡᠢᠯᠡᠪᠦᠷᠢ ᠡᠴᠡ ᠪᠦᠲᠦᠬᠦ ᠪᠥᠭᠡᠳ ᠦᠶ᠎ᠡ ᠨᠢ ᠨᠢᠭᠡ ᠪᠤᠶᠤ ᠬᠡᠳᠦ ᠬᠡᠳᠦᠨ ᠠᠪᠢᠶᠠᠨ ᠤ᠋ ᠨᠡᠢᠯᠡᠪᠦᠷᠢ ᠡᠴᠡ ᠪᠦᠲᠦᠭᠰᠡᠨ ᠶᠦᠮ᠃
ᠵᠢᠱ᠌ᠢᠶᠡᠯᠡᠪᠡᠯ᠄《ᠰᠤᠷᠤᠯᠴᠠᠵᠠᠭᠠᠶᠠ》 ᠭᠡᠳᠡᠭ ᠦᠭᠡ ᠨᠢ《ᠰᠤ᠊ ᠊ᠷᠤᠯ᠊ ᠊ᠴᠠ᠊ ᠊ᠵᠠ᠊ ᠊ᠭᠠ᠊ ᠊ᠶᠠ᠋ 》 ᠭᠡᠰᠡᠨ ᠵᠢᠷᠭᠤᠭᠠᠨ ᠦᠶ᠎ᠡ ᠡᠴᠡ ᠪᠦᠲᠦᠭᠰᠡᠨ ᠪᠥᠭᠡᠳ ᠬᠡᠯᠡᠬᠦ ᠳ᠋ᠦ᠍ ᠠᠭᠤᠰᠬᠢᠨ ᠠ᠋ᠴᠠ ᠭᠠᠷᠤᠭᠰᠠᠨ ᠬᠡᠢ ᠶ᠋ᠢᠨ ᠲᠦᠷᠢᠯᠲᠡ ᠳᠠᠭᠠᠤ ᠬᠢᠯᠪᠠᠷᠬᠠᠨ ᠢ᠋ᠶ᠋ᠠᠷ ᠬᠡᠰᠡᠭᠯᠡᠨ ᠬᠤᠪᠢᠶᠠᠭᠳᠠᠵᠤ ᠲᠣᠳᠣᠷᠬᠠᠢ ᠰᠣᠨᠣᠰᠳᠠᠵᠤ ᠪᠠᠢᠬᠤ ᠶᠤᠮ᠃ ᠦᠭᠡ ᠶ᠋ᠢᠨ ᠡᠢᠮᠦ ᠲᠠᠰᠤᠷᠬᠠᠢ ᠬᠡᠰᠡᠭ ᠢ᠋ ᠦᠶ᠎ᠡ ᠭᠡᠳᠡᠭ᠃
( ᠨᠢᠭᠡ) ᠦᠶ᠎ᠡ ᠶ᠋ᠢᠨ ᠪᠦᠲᠦᠴᠡ
ᠮᠣᠩᠭᠣᠯ ᠪᠢᠴᠢᠭ ᠦ᠋ᠨ ᠬᠡᠯᠡᠨ ᠳ᠋ᠦ᠍ ᠦᠶ᠎ᠡ ᠶ᠋ᠢᠨ ᠪᠦᠲᠦᠴᠡ ᠨᠢ ᠳᠣᠣᠷᠠᠬᠢ ᠮᠡᠲᠦ ᠬᠡᠳᠦᠨ ᠵᠦᠢᠯ ᠪᠣᠢ᠃
1 ᠵᠥᠪᠬᠡᠨ ᠡᠭᠡᠰᠢᠭ ᠡᠴᠡ ᠦᠶ᠎ᠡ ᠪᠦᠲᠦᠳᠡᠭ;
ᠵᠢᠱ᠌ᠢᠶᠡᠯᠡᠪᠡᠯ᠄ ᠠ᠊ ᠊ᠭᠤᠤ᠂ ᠡ᠊ ᠊ᠬᠡ᠂ ᠣ ᠊ᠷᠣᠨ᠂ ᠣᠢ᠂ ᠤ᠊ ᠊ᠯᠠ᠊ ᠊ᠭᠠᠨ᠂ ᠦ᠊ ᠊ᠨᠡᠨ ᠭᠡᠬᠦ ᠮᠡᠲᠦ᠃
2 ᠡᠭᠡᠰᠢᠭ᠂ ᠭᠡᠢᠭᠦᠯᠦᠭᠴᠢ ᠬᠣᠶᠠᠷ ᠠ᠋ᠴᠠ ᠦᠶ᠎ᠡ ᠪᠦᠲᠦᠳᠡᠭ;
ᠵᠢᠱ᠌ᠢᠶᠡᠯᠡᠪᠡᠯ᠄ ᠠᠯ᠊ ᠊ᠳᠠ ᠂ ᠡᠷ᠊ ᠊ᠳᠡ ᠂ ᠢᠷ᠊ ᠊ᠮᠡᠭ᠌ ᠂ ᠣ᠊ᠨ᠊ ᠴᠠ ᠂ ᠤᠷ᠊ ᠊ᠲᠤ ᠂ ᠥᠭ᠊ ᠊᠊ᠳᠡᠭ ᠭᠡᠬᠦ ᠮᠡᠲᠦ᠃
3 ᠭᠡᠢᠭᠦᠯᠦᠭᠴᠢ᠂ ᠡᠬᠡᠰᠢᠭ ᠬᠣᠶᠠᠷ ᠡᠴᠡ ᠦᠶ᠎ᠡ ᠪᠦᠲᠦᠳᠡᠭ᠃
ᠵᠢᠱ᠌ᠢᠶᠡᠯᠡᠪᠡᠯ᠄ ᠨᠠ᠊ ᠊ᠷᠠ ᠂ ᠪᠡ᠊ ᠊ᠶ᠎ᠡ᠂ ᠬᠠ᠊ ᠊ᠲᠠ᠊ ᠊ᠭᠤ᠂
ᠴᠠ᠊ ᠊ᠭᠠᠠ᠊ ᠊ᠰᠦ᠍᠂ ᠰᠣ᠊ ᠊ᠶᠤ᠌᠊ ᠊ᠭ᠎ᠠ᠂
ᠲᠡ᠊ ᠊ᠮᠡ᠊ ᠴᠠ᠂ ᠶ᠋ᠢ᠊ ᠊ᠭᠠ᠊ ᠊ᠪᠤ᠌᠊ ᠊ᠷᠢ ᠭᠡᠬᠦ ᠮᠡᠲᠦ᠃
4 ᠭᠡᠢᠭᠦᠯᠦᠭᠴᠢ᠂ ᠡᠬᠡᠰᠢᠭ᠂ ᠭᠡᠢᠭᠦᠯᠦᠭᠴᠢ ᠂ ᠭᠤᠷᠪᠠ ᠡᠴᠡ ᠦᠶ᠎ᠡ ᠪᠦᠲᠦᠳᠡᠭ᠃
ᠵᠢᠱ᠌ᠢᠶᠡᠯᠡᠪᠡᠯ᠄ ᠳᠠᠩ᠊ ᠊ᠰᠤᠭ᠂ ᠳᠡᠯ᠊ ᠊ᠭᠡᠷ ᠂ ᠰᠢᠷ᠊ ᠊ᠭᠠᠯ᠂
ᠨᠠᠪ᠊ ᠴᠢᠨ ᠂ ᠬᠦ᠊ᠭ᠌᠊ ᠊ᠵᠢᠯ᠂ ᠮᠡᠷ᠊ ᠊ᠬᠡᠨ ᠂ᠮᠤᠷ᠊ ᠊ᠳᠠ᠂ ᠳᠠᠪ᠊ ᠊ᠰᠢᠨ ᠭᠡᠬᠦ ᠮᠡᠲᠦ᠃
5 ᠡᠬᠡᠰᠢᠭ ᠂ ᠭᠡᠢᠭᠦᠯᠦᠭᠴᠢ᠂ ᠭᠡᠢᠭᠦᠯᠦᠭᠴᠢ ᠭᠤᠷᠪᠠ ᠡᠴᠡ ᠦᠶ᠎ᠡ ᠪᠦᠲᠦᠳᠡᠭ᠃
ᠵᠢᠱ᠌ᠢᠶᠡᠯᠡᠪᠡᠯ ᠠᠷᠰ᠊ ᠊ᠯᠠᠨ
6 ᠭᠡᠢᠭᠦᠯᠦᠭᠴᠢ᠂ ᠡᠬᠡᠰᠢᠭ᠂ ᠭᠡᠢᠭᠦᠯᠦᠭᠴᠢ᠂ ᠭᠡᠢᠭᠦᠯᠦᠭᠴᠢ ᠳᠥᠷᠪᠡ ᠡᠴᠡ ᠦᠶ᠎ᠡ ᠪᠦᠲᠦᠳᠡᠭ᠃
ᠵᠢᠰᠢᠶᠠᠯᠠᠪᠠᠯ᠄ ᠪᠠᠷᠰ᠂ ᠲᠡᠷᠰ᠂ ᠮᠧᠲ᠋ᠷ ᠭᠡᠬᠦ ᠮᠡᠲᠦ᠃
7 ᠭᠡᠢᠭᠦᠯᠦᠭᠴᠢ᠂ ᠭᠡᠢᠭᠦᠯᠦᠭᠴᠢ᠂ ᠡᠬᠡᠰᠢᠭ᠂ ᠭᠡᠢᠭᠦᠯᠦᠭᠴᠢ ᠳᠥᠷᠪᠡ ᠡᠴᠡ ᠦᠶ᠎ᠡ ᠪᠦᠲᠦᠳᠡᠭ᠃
ᠵᠢᠱ᠌ᠢᠶᠡᠯᠡᠪᠡᠯ᠄ ᠭ᠌ᠱᠠᠨ᠂ ᠭ᠌ᠬᠢᠷ ᠭᠡᠬᠦ ᠮᠡᠲᠦ᠃
ᠡᠭᠦᠨ ᠳ᠋ᠦ᠍ ᠡᠭᠡᠰᠢᠭ ᠢ᠋ᠶ᠋ᠡᠷ ᠲᠡᠭᠦᠰᠦᠭᠰᠡᠨ ᠦᠶ᠎ᠡ ᠶ᠋ᠢ ᠵᠠᠳᠠᠭᠠᠢ ᠦᠶ᠎ᠡ ᠭᠡᠵᠦ᠂ ᠭᠡᠢᠭᠦᠯᠦᠭᠴᠢ ᠪᠡᠷ ᠲᠡᠭᠦᠰᠦᠭᠰᠡᠨ ᠦᠶ᠎ᠡ ᠶ᠋ᠢ ᠪᠢᠲᠡᠭᠦᠦ ᠦᠶ᠎ᠡ ᠭᠡᠳᠡᠭ᠃
ᠮᠣᠩᠭᠣᠯ ᠪᠢᠴᠢᠭ ᠦ᠋ᠨ ᠬᠡᠯᠡᠨ ᠳ᠋ᠦ᠍ ᠦᠶ᠎ᠡ ᠶ᠋ᠢᠨ ᠪᠦᠲᠦᠴᠡ ᠨᠢ ᠳᠡᠭᠡᠷᠡᠬᠢ ᠮᠡᠲᠦ ᠣᠯᠠᠨ ᠶᠠᠩᠵᠤ ᠪᠠᠢᠭ᠎ᠠ ᠪᠣᠯᠪᠠᠴᠤ ᠦᠭᠡ ᠶ᠋ᠢ ᠦᠶ᠎ᠡ ᠪᠡᠷ ᠲᠠᠰᠤᠯᠬᠤ ᠳ᠋ᠤ᠌ ᠳᠣᠣᠷᠠᠬᠢ ᠮᠡᠲᠦ ᠬᠡᠳᠦᠨ ᠵᠦᠢᠯ ᠦ᠋ᠨ ᠦᠨᠳᠦᠰᠦᠨ ᠠᠷᠭ᠎ᠠ ᠪᠣᠢ᠄
1 ᠬᠣᠶᠠᠷ ᠡᠬᠡᠰᠢᠭ ᠦ᠋ᠨ ᠳᠤᠮᠳᠠ ᠨᠢᠭᠡ ᠭᠡᠢᠭᠦᠯᠦᠭᠴᠢ ᠣᠷᠣᠵᠤ ᠪᠠᠢᠪᠠᠯ ᠲᠡᠷᠡ ᠭᠡᠢᠭᠦᠯᠦᠭᠴᠢ ᠶ᠋ᠢᠨ ᠡᠮᠦᠨᠡᠭᠦᠷ ᠨᠢ ᠲᠠᠰᠤᠯᠤᠨ᠎ᠠ᠃
ᠵᠢᠱ᠌ᠢᠶᠡᠯᠡᠪᠡᠯ᠄ ᠠᠷᠠᠳ — ᠠ᠊ ᠊ᠷᠠᠳ᠂ ᠲᠦᠮᠡᠨ — ᠲᠦ᠊ ᠊ᠮᠠᠨ᠂ ᠠᠵᠢᠯ— ᠠ᠊ ᠊ᠵᠢᠯ ᠂ ᠶᠠᠪᠤᠳᠠᠯ— ᠶᠠ᠊ ᠊ᠪᠤ᠊ ᠳ᠋ᠠᠯ᠃ ᠬᠠᠮᠠᠭᠠᠯᠠᠬᠤ— ᠬᠠ᠊ ᠊ᠮᠡ᠊ ᠊᠊ᠭᠠ᠊ ᠊ᠯᠠ᠊ ᠊ᠬᠤ᠌
2 ᠬᠣᠶᠠᠷ ᠡᠬᠡᠰᠢᠭ ᠦ᠋ᠨ ᠳᠤᠮᠳᠠ ᠬᠣᠶᠠᠷ ᠭᠡᠢᠭᠦᠯᠦᠭᠴᠢ ᠳᠠᠷᠠᠭᠠᠯᠠᠨ ᠣᠷᠣᠵᠤ ᠪᠠᠢᠪᠠᠯ ᠬᠣᠶᠠᠷ ᠭᠡᠢᠭᠦᠯᠦᠭᠴᠢ ᠶ᠋ᠢᠨ ᠳᠤᠮᠳᠠᠭᠤᠷ ᠨᠢ ᠲᠠᠰᠤᠯᠤᠨ᠎ᠠ᠃
ᠵᠢᠱ᠌ᠢᠶᠡᠯᠡᠪᠡᠯ᠄ ᠡᠯᠳᠡᠪ — ᠡ᠊ᠯ᠊ ᠳ᠋ᠡᠪ᠂
ᠳᠡᠪᠲᠡᠷ— ᠳᠡᠪ᠊ ᠊᠊ᠲᠡᠷ᠂
ᠠᠩᠬᠢ — ᠠ᠊ᠩ᠊ ᠊ᠬᠢ᠂
ᠵᠣᠭᠰᠣᠯᠲᠠ— ᠵᠣᠬ᠊ ᠊ᠰᠣ᠊ᠯ᠊ ᠊ᠲ᠊ᠠ᠂
ᠳᠡᠪᠰᠢᠯᠲᠡ— ᠳᠠᠪ᠊ ᠊ᠰᠢᠯ᠊ ᠊ᠲᠠ ᠭᠡᠬᠦ ᠮᠡᠲᠦ᠃
3 ᠬᠣᠶᠠᠷ ᠡᠬᠡᠰᠢᠭ ᠦ᠋ᠨ ᠳᠤᠮᠳᠠ ᠭᠤᠷᠪᠠᠨ ᠭᠡᠢᠭᠦᠯᠦᠭᠴᠢ ᠳᠠᠷᠠᠭᠠᠯᠠᠨ ᠣᠷᠣᠵᠤ ᠪᠠᠢᠪᠠᠯ ᠭᠤᠷᠪᠠᠳᠤᠭᠠᠷ ᠭᠡᠢᠭᠦᠯᠦᠭᠴᠢ ᠶ᠋ᠢᠨ ᠡᠮᠦᠨᠡᠭᠦᠷ ᠨᠢ ᠲᠠᠰᠤᠯᠤᠨ᠎ᠠ᠃᠃
ᠵᠢᠱ᠌ᠢᠶᠡᠯᠡᠪᠡᠯ᠄ ᠲᠡᠷᠰᠯᠡᠭᠦᠦ — ᠲᠡᠷᠰ᠊ ᠊ᠯᠡ᠊ ᠊᠊ᠭᠦ᠊ᠥ᠂
ᠠᠷᠰᠯᠠᠨ— ᠠᠷᠰ᠊ ᠊ᠯᠠᠨ ᠭᠡᠬᠦ ᠮᠡᠲᠦ᠃
( ᠬᠣᠶᠠᠷ) ᠦᠶ᠎ᠡ ᠪᠦᠲᠦᠬᠦ ᠶᠣᠰᠣ
ᠮᠣᠩᠭᠣᠯ ᠬᠡᠯᠡᠨ ᠳ᠋ᠦ᠍ ᠠᠪᠢᠶ᠎ᠠ ᠨᠡᠶ᠋ᠢᠯᠡᠵᠦ ᠦᠶ᠎ᠡ ᠪᠦᠲᠦᠬᠦ ᠶᠣᠰᠣ ᠨᠢ ᠣᠯᠠᠨ ᠵᠦᠢᠯ ᠪᠠᠶ᠋ᠢᠭ᠎ᠠ ᠪᠣᠯᠪᠠᠴᠤ ᠨᠢᠭᠡᠨ ᠦᠨᠳᠦᠰᠦᠨ ᠶᠣᠰᠣ ᠭᠣᠣᠯᠯᠠᠵᠤ ᠪᠠᠶ᠋ᠢᠭ᠎ᠠ ᠶᠤᠮ᠃ ᠡᠨᠡ ᠨᠢ ᠡᠭᠡᠰᠢᠭ ᠠᠪᠢᠶ᠎ᠠ ᠲᠤᠯᠭᠠᠭᠤᠷᠢ ᠪᠡᠶ᠎ᠡ ᠪᠣᠯᠤᠨ ᠦᠶ᠎ᠡ ᠪᠦᠲᠦᠭᠡᠵᠦ ᠴᠢᠳᠠᠬᠤ ᠠ᠋ᠴᠠ ᠪᠤᠰᠤ ᠭᠡᠶ᠋ᠢᠭᠦᠯᠦᠭᠴᠢ ᠠᠪᠢᠶ᠎ᠠ ᠳᠠᠩ ᠶ᠋ᠢᠠᠷ ᠶ᠋ᠢᠠᠨ ᠦᠶ᠎ᠡ ᠪᠦᠲᠦᠭᠡᠵᠦ ᠴᠢᠳᠠᠬᠤ ᠦᠭᠡᠢ ᠶᠤᠮ᠃ ᠡᠶ᠋ᠢᠮᠦ ᠡᠴᠡ ᠡᠭᠡᠰᠢᠭ ᠠᠪᠢᠶ᠎ᠠ ᠨᠢ ᠢᠮᠠᠭᠲᠠ ᠦᠶ᠎ᠡ ᠪᠦᠲᠦᠭᠡᠳᠡᠭ ᠠᠪᠢᠶ᠎ᠠ ᠪᠣᠯᠤᠨ᠎ᠠ᠃
ᠡᠭᠦᠨ ᠳ᠋ᠦ᠍ ᠨᠢᠭᠡ ᠡᠭᠡᠰᠢᠭ ᠠᠪᠢᠶ᠎ᠠ ᠨᠢᠭᠡ ᠦᠶ᠎ᠡ ᠶ᠋ᠢ ᠪᠦᠲᠦᠭᠡᠳᠡᠭ ᠪᠥᠭᠡᠳ ᠡᠩ ᠦ᠋ᠨ ᠪᠠᠢᠳᠠᠯ ᠳ᠋ᠤ᠌ ᠨᠢᠭᠡ ᠦᠶ᠎ᠡ ᠶ᠋ᠢᠨ ᠳᠣᠲᠣᠷ᠎ᠠ ᠬᠣᠶᠠᠷ ᠡᠭᠡᠰᠢᠭ ᠣᠷᠣᠬᠤ ᠦᠭᠡᠢ ᠶᠤᠮ᠃ ᠭᠡᠪᠡᠴᠦ ᠬᠣᠣᠰ ᠡᠭᠡᠰᠢᠭ ᠪᠤᠶᠤ ᠤᠷᠲᠤ ᠡᠭᠡᠰᠢᠭ ᠨᠢ ᠨᠢᠭᠡ ᠦᠶ᠎ᠡ ᠳ᠋ᠦ᠍ ᠣᠷᠣᠬᠤ ᠣᠨᠴᠣᠭᠣᠢ ᠦᠵᠡᠭᠳᠡᠯ ᠪᠠᠶ᠋ᠢᠳᠠᠭ᠃ ᠦᠭᠡ ᠶ᠋ᠢ ᠦᠶ᠎ᠡ ᠪᠡᠷ ᠵᠠᠳᠠᠯᠤᠨ ᠤᠩᠰᠢᠬᠤ ᠪᠠ ᠪᠢᠴᠢᠬᠦ ᠳ᠋ᠡᠭᠡᠨ ᠡᠳᠡᠭᠡᠷ ᠵᠦᠢᠯ ᠊ᠢ ᠭᠦᠢᠴᠡᠳ ᠠᠩᠬᠠᠷᠬᠤ ᠬᠡᠷᠡᠭᠲᠡᠢ᠃
( ᠭᠤᠷᠪᠠ) ᠡᠭᠡᠰᠢᠭ ᠵᠣᠬᠢᠴᠠᠬᠤ ᠶᠣᠰᠣ
ᠮᠣᠩᠭᠣᠯ ᠬᠡᠯᠡᠨ ᠳ᠋ᠦ᠍ ᠡᠬᠡᠰᠢᠭ ᠵᠣᠬᠢᠴᠠᠬᠤ ᠶᠣᠰᠣ ᠭᠡᠵᠦ ᠪᠠᠢᠳᠠᠭ᠃ ᠡᠨᠡ ᠨᠢ ᠡᠩ ᠦ᠋ᠨ ᠪᠠᠢᠳᠠᠯ ᠳᠣᠣᠷ᠎ᠠ᠂ ᠦᠭᠡ ᠶ᠋ᠢᠨ ᠲᠦᠷᠦᠭᠦᠨ ᠦ᠌ ᠦᠶ᠎ᠡ ᠶ᠋ᠢᠨ ᠡᠬᠡᠰᠢᠭ ᠨᠢ ᠮᠥᠨ ᠦᠭᠡᠨ ᠦ᠌ ᠳᠠᠷᠠᠭᠠᠬᠢ ᠦᠶ᠎ᠡ ᠶ᠋ᠢᠨ ᠡᠭᠡᠰᠢᠭ ᠦ᠋ᠳ ᠦ᠋ᠨ ᠳᠠᠷᠠᠭᠠᠯᠠᠨ ᠣᠷᠣᠬᠤ ᠵᠢᠷᠤᠮ ᠢ᠋ ᠢᠯᠭᠠᠨ ᠲᠣᠭᠲᠠᠭᠠᠵᠤ ᠥᠭᠬᠦ ᠶᠣᠰᠣ ᠶ᠋ᠢ ᠬᠡᠯᠡᠵᠦ ᠪᠠᠢᠨ᠎ᠠ᠃ ᠡᠭᠡᠰᠢᠭ ᠦ᠋ᠳ ᠦ᠋ᠨ ᠳᠠᠷᠠᠭᠠᠯᠠᠨ ᠣᠷᠣᠬᠤ ᠵᠢᠷᠤᠮ ᠢ᠋ ᠲᠣᠭᠲᠠᠭᠠᠬᠤ ᠳ᠋ᠤ᠌ ᠭᠣᠣᠯᠳᠠᠭᠤ ᠡᠭᠡᠰᠢᠭ ᠦ᠋ᠳ ᠢ᠋ ᠬᠡᠯᠡᠬᠦ ᠳ᠋ᠦ᠍ ᠬᠡᠯᠡ ᠪᠠ ᠤᠷᠤᠭᠤᠯ ᠤ᠋ᠨ ᠣᠷᠣᠯᠴᠠᠬᠤ ᠪᠠᠢᠳᠠᠯ ᠢ᠋ᠶ᠋ᠠᠷ ᠦᠨᠳᠦᠰᠦ ᠪᠣᠯᠭᠠᠪᠠ᠃
ᠡᠭᠡᠰᠢᠭ ᠦ᠋ᠳ ᠢ᠋ ᠬᠡᠯᠡᠬᠦ ᠳ᠋ᠦ᠍ ᠬᠡᠯᠡᠨ ᠦ᠌ ᠣᠷᠣᠯᠴᠠᠬᠤ ᠪᠠᠢᠳᠠᠯ ᠢ᠋ᠶ᠋ᠠᠷ ᠢᠯᠭᠠᠪᠠᠯ᠂ ᠬᠡᠯᠡᠨ ᠦ᠌ ᠤᠭ ᠢ᠋ᠶ᠋ᠠᠷ ᠥᠭᠦᠯᠡᠭᠳᠡᠬᠦ《ᠠ᠊᠂ ᠣ᠊᠂ ᠤ᠊》ᠭᠤᠷᠪᠠ ᠶ᠋ᠢ ᠴᠢᠩᠭ᠎ᠠ( ᠡᠷ᠎ᠡ) ᠡᠬᠡᠰᠢᠭ ᠭᠡᠨ᠎ᠡ᠃ ᠬᠡᠯᠡᠨ ᠦ᠌ ᠳᠤᠮᠳᠠᠭᠤᠷ ᠦᠭᠦᠯᠡᠭᠳᠡᠬᠦ《ᠡ᠊᠂ ᠥ᠊᠂ ᠦ᠊》 ᠭᠤᠷᠪᠠ ᠶ᠋ᠢ ᠬᠥᠨᠳᠡᠢ( ᠡᠮ᠎ᠡ) ᠡᠬᠡᠰᠢᠭ ᠭᠡᠨ᠎ᠡ᠃ ᠬᠡᠯᠡᠨ ᠦ᠌ ᠦᠵᠦᠭᠦᠷ ᠢ᠋ᠶ᠋ᠡᠷ ᠦᠭᠦᠯᠡᠭᠳᠡᠬᠦ《ᠢ᠊》 ᠡᠬᠡᠰᠢᠭ ᠢ᠋ ᠰᠠᠭᠠᠷᠮᠠᠭ( ᠡᠷᠰᠦ) ᠡᠬᠡᠰᠢᠭ ᠭᠡᠨ᠎ᠡ᠃ ᠮᠣᠩᠭᠣᠯ ᠬᠡᠯᠡᠨ ᠦ᠌ ᠨᠢᠭᠡ ᠦᠭᠡᠨ ᠳ᠋ᠦ᠍ ᠴᠢᠩᠭ᠎ᠠ ᠬᠥᠨᠳᠡᠢ ᠡᠬᠡᠰᠢᠭ ᠬᠣᠯᠢᠯᠳᠤᠨ ᠣᠷᠣᠳᠠᠭ ᠦᠭᠡᠢ᠃ ᠴᠢᠩᠭ᠎ᠠ ᠡᠬᠡᠰᠢᠭ ᠢ᠋ᠶ᠋ᠡᠷ ᠡᠬᠢᠯᠡᠭᠰᠡᠨ ᠦᠶ᠎ᠡ ᠪᠠᠢᠪᠠᠯ ᠳᠠᠷᠠᠭᠠᠯᠠᠨ ᠴᠢᠩᠭ᠎ᠠ ᠡᠭᠡᠰᠢᠭ ᠢᠷᠡᠵᠦ᠂ ᠬᠥᠨᠳᠡᠢ ᠡᠬᠡᠰᠢᠭ ᠢ᠋ᠶ᠋ᠡᠷ ᠡᠬᠢᠯᠡᠭᠰᠡᠨ ᠦᠶ᠎ᠡ ᠪᠠᠢᠪᠠᠯ ᠬᠥᠨᠳᠡᠢ ᠡᠭᠡᠰᠢᠭ ᠳᠠᠭᠠᠯᠳᠤᠨ ᠢᠷᠡᠵᠦ᠂ ᠰᠠᠭᠠᠷᠮᠠᠭ ᠡᠭᠡᠰᠢᠭ ᠢ᠋ᠶ᠋ᠡᠨ ᠴᠢᠩᠭ᠎ᠠ ᠬᠥᠨᠳᠡᠢ ᠡᠭᠡᠰᠢᠭ ᠠᠯᠢ ᠠᠯᠢᠨ ᠳ᠋ᠤ᠌ ᠪᠦᠷ ᠳᠠᠭᠠᠭᠤᠯᠤᠨ ᠠᠪᠴᠤ᠂ ᠴᠢᠩᠭ᠎ᠠ ᠡᠭᠡᠰᠢᠭᠲᠦ ᠦᠭᠡ ᠶ᠋ᠢ ᠳᠠᠭᠠᠪᠠᠯ ᠴᠢᠩᠭ᠎ᠠ ᠪᠠᠷ ᠳᠠᠭᠤᠳᠠᠵᠤ᠂ ᠬᠥᠨᠳᠡᠢ ᠡᠭᠡᠰᠢᠭᠲᠦ ᠦᠭᠡᠨ ᠳ᠋ᠦ᠍ ᠣᠷᠣᠪᠠᠯ ᠬᠥᠨᠳᠡᠢ ᠪᠡᠷ ᠳᠠᠭᠤᠳᠠᠨ᠎ᠠ᠃ ᠨᠢᠭᠡ ᠦᠭᠡ ᠨᠢ ᠪᠦᠷ ᠰᠠᠭᠠᠷᠮᠠᠭ ᠡᠬᠡᠰᠢᠭ ᠢ᠋ᠶ᠋ᠡᠷ ᠪᠦᠲᠦᠭᠰᠡᠨ ᠪᠠᠢᠪᠠᠯ ᠲᠡᠭᠦᠨ ᠦ᠌ ᠴᠢᠨᠠᠷ ᠢ᠋ ᠬᠥᠨᠳᠡᠢ ᠪᠡᠷ ᠲᠣᠭᠲᠠᠭᠠᠨ᠎ᠠ᠃ ᠡᠢᠮᠦ ᠤᠴᠢᠷ ᠠ᠋ᠴᠠ ᠮᠣᠩᠭᠣᠯ ᠬᠡᠯᠡᠨ ᠳ᠋ᠦ᠍ ᠴᠢᠩᠭ᠎ᠠ ᠡᠬᠡᠰᠢᠭ ᠢ᠋ᠶ᠋ᠡᠷ ᠪᠦᠲᠦᠭᠰᠡᠨ ᠦᠭᠡ ᠶ᠋ᠢ ᠴᠢᠩᠭ᠎ᠠ ᠦᠭᠡ᠂ ᠬᠥᠨᠳᠡᠢ ᠡᠬᠡᠰᠢᠭ ᠢ᠋ᠶ᠋ᠡᠷ ᠪᠦᠲᠦᠭᠰᠡᠨ ᠦᠭᠡ ᠶ᠋ᠢ ᠬᠥᠨᠳᠡᠢ ᠦᠭᠡ ᠭᠡᠵᠦ ᠢᠯᠭᠠᠨ ᠬᠡᠯᠡᠳᠡᠭ᠃
ᠵᠢᠱ᠌ᠢᠶᠡᠯᠡᠪᠡᠯ᠄ ᠠᠷᠠᠳ᠂ ᠠᠭᠤᠤ᠂ ᠠᠵᠢᠯᠴᠢᠨ᠂ ᠠᠩᠭᠢ᠂ ᠤᠳᠤᠷᠢᠳᠤᠯᠭ᠎ᠠ᠂ ᠰᠤᠷᠭᠠᠭᠤᠯᠢ᠂ ᠰᠤᠷᠤᠯᠭ᠎ᠠ᠂ ᠰᠤᠷᠤᠭᠴᠢ᠂ ᠪᠠᠭᠰᠢ᠂ ᠠᠵᠢᠯ᠂ ᠶᠠᠪᠤᠳᠠᠯ᠂ ᠵᠠᠰᠠᠭ᠂ ᠵᠠᠬᠢᠷᠭ᠎ᠠ᠂ ᠤᠯᠤᠰ᠂ ᠣᠷᠣᠨ᠂ ᠮᠠᠨᠳᠤᠨ᠂ ᠪᠠᠳᠠᠷᠠᠬᠤ ᠵᠡᠷᠭᠡ ᠦᠭᠡᠰ ᠨᠢ ᠪᠦᠷ ᠴᠢᠩᠭ᠎ᠠ ᠦᠭᠡ ᠪᠣᠯᠬᠤ ᠪᠠ ᠲᠦᠮᠡᠨ᠂ ᠶᠡᠬᠡ᠂ ᠥᠩᠭᠡ᠂ ᠦᠢᠯᠡᠳᠪᠦᠷᠢ᠂ ᠵᠡᠷᠭᠡ᠂ ᠬᠥᠭᠵᠢᠯ᠂ ᠢᠷᠡᠭᠡᠳᠦᠢ᠂ ᠦᠵᠡᠮᠵᠢ᠂ ᠢᠵᠢᠯ᠂ ᠡᠩᠬᠦᠷᠡᠢ᠂ ᠡᠪ᠂ ᠡᠷᠬᠡ᠂ ᠡᠩᠬᠡ᠂ ᠡᠷᠭᠦᠨ᠎ᠡ᠂ ᠥᠭᠡᠳᠡᠯᠡᠨ᠎ᠡ ᠵᠡᠷᠭᠡ ᠦᠭᠡᠰ ᠨᠢ ᠪᠦᠷ ᠬᠥᠨᠳᠡᠢ ᠦᠭᠡ ᠪᠣᠯᠤᠨ᠎ᠠ᠃
ᠡᠬᠡᠰᠢᠭ ᠦ᠋ᠳ ᠢ᠋ ᠬᠡᠯᠡᠬᠦ ᠳ᠋ᠦ᠍ ᠤᠷᠤᠭᠤᠯ ᠤ᠋ᠨ ᠣᠷᠣᠯᠴᠠᠬᠤ ᠪᠠᠢᠳᠠᠯ ᠢ᠋ᠶ᠋ᠠᠷ ᠢᠯᠭᠠᠪᠠᠯ᠂ ᠲᠦᠷᠦᠭᠦᠨ ᠦ᠌ ᠦᠶ᠎ᠡ ᠳ᠋ᠦ᠍《ᠠ᠊᠂ ᠤ᠊ <5>》 ᠪᠠᠢᠪᠠᠯ ᠳᠠᠷᠠᠭᠠᠬᠢ ᠦᠶ᠎ᠡ ᠨᠤᠭᠦᠳ ᠲᠦ᠍《ᠠ᠊᠂ ᠤ᠊ <5>᠂ ᠢ᠊》 ᠣᠷᠣᠵᠤ ᠪᠣᠯᠤᠨ᠎ᠠ᠃ ᠲᠦᠷᠦᠭᠦᠨ ᠦ᠌ ᠦᠶ᠎ᠡ ᠳ᠋ᠦ᠍《ᠣ᠊<4>》ᠪᠠᠢᠪᠠᠯ ᠳᠠᠷᠠᠭᠠᠬᠢ ᠦᠶ᠎ᠡ ᠨᠦ᠍ᠭᠦᠳ ᠲᠦ᠍《ᠣ᠊ <4>᠂ ᠠ᠊᠂ ᠢ᠊᠂ ᠤ᠊ <5>》 ᠣᠷᠣᠵᠤ ᠪᠣᠯᠤᠨ᠎ᠠ᠃ ᠲᠦᠷᠦᠭᠦᠨ ᠦ᠌ ᠦᠶ᠎ᠡ ᠳ᠋ᠦ᠍《ᠡ᠊ ᠂ ᠦ᠊ <7>》 ᠪᠠᠢᠪᠠᠯ ᠳᠠᠷᠠᠭᠠᠬᠢ ᠦᠶ᠎ᠡ ᠨᠤᠭᠦᠳ ᠲᠦ᠍《ᠡ᠊᠂ ᠥ᠊ <7>᠂ ᠢ᠊》 ᠣᠷᠣᠵᠤ ᠪᠣᠯᠤᠨ᠎ᠠ᠃ ᠲᠦᠷᠦᠭᠦᠨ ᠦ᠌ ᠦᠶ᠎ᠡ ᠳ᠋ᠦ᠍《ᠢ᠊》 ᠪᠠᠢᠪᠠᠯ ᠳᠠᠷᠠᠭᠠᠬᠢ ᠦᠶ᠎ᠡ ᠨᠤᠭᠦᠳ ᠲᠦ᠍《ᠠ᠊᠂ ᠡ᠊᠂ ᠢ᠊᠂ ᠣ᠊᠂ ᠤ᠊᠂ ᠦ᠊ <7>》 ᠣᠷᠣᠵᠤ ᠪᠣᠯᠤᠨ᠎ᠠ᠃
ᠵᠢᠱ᠌ᠢᠶᠡᠯᠡᠪᠡᠯ᠄ ᠠᠷᠢᠭᠤᠨ᠂ ᠠᠳᠤᠭᠤ᠂ ᠠᠵᠢᠯ᠂ ᠤᠬᠠᠭᠤᠯᠬᠤ᠂ ᠤᠯᠠᠭᠠᠨ᠂ ᠣᠭᠣᠲᠣᠨ᠎ᠠ᠂ ᠣᠨᠣᠭᠳᠠᠬᠤ᠂ ᠣᠬᠢ᠂ ᠡᠷᠡᠭᠦᠯ᠂ ᠡᠬᠢ᠂ ᠥᠬᠢᠨ᠂ ᠥᠳᠥᠬᠦᠷ᠂ᠥᠭᠡᠳᠡ᠂ ᠥᠭᠡᠬᠦ᠂ ᠰᠥᠨᠢ᠂ ᠥᠭᠡᠳᠡᠯᠡᠬᠦ᠂ ᠢᠯᠭᠠᠪᠤᠷᠢ᠂ ᠢᠯᠡᠭᠦᠦ᠂ ᠢᠷᠣᠭᠠᠷ ᠭᠡᠬᠦ ᠮᠡᠲᠦ᠃
ᠮᠣᠩᠭᠣᠯ ᠬᠡᠯᠡᠨ ᠦ᠌ ᠡᠨᠡ ᠬᠦ᠌ ᠶᠣᠰᠣ ᠶ᠋ᠢ ᠡᠬᠡᠰᠢᠭ ᠵᠣᠬᠢᠴᠠᠬᠤ ᠶᠣᠰᠣ ᠭᠡᠳᠡᠭ᠃ ᠭᠡᠲᠡᠯ᠎ᠡ ᠵᠠᠷᠢᠮ ᠦᠶ᠎ᠡ ᠳ᠋ᠦ᠍ ᠬᠣᠶᠠᠷ ᠦᠭᠡ ᠡᠴᠡ ᠨᠡᠢᠯᠡᠵᠦ ᠪᠦᠲᠦᠭᠰᠡᠨ ᠨᠢᠭᠡ ᠦᠭᠡᠨ ᠳ᠋ᠦ᠍ ᠴᠢᠩᠭ᠎ᠠ ᠬᠥᠨᠳᠡᠢ ᠡᠬᠡᠰᠢᠭ ᠬᠣᠯᠢᠯᠳᠤᠨ ᠣᠷᠣᠬᠤ ᠪᠠ ᠵᠠᠷᠢᠮ ᠨᠡᠷ᠎ᠡ ᠦᠭᠡ ᠶ᠋ᠢ ᠰᠠᠯᠭᠠᠵᠤ ᠪᠢᠴᠢᠬᠦ ᠦᠭᠡᠢ ᠶ᠋ᠢᠨ ᠤᠴᠢᠷ ᠡᠬᠡᠰᠢᠭ ᠵᠣᠬᠢᠴᠠᠬᠤ ᠶᠣᠰᠣ ᠶ᠋ᠢ ᠵᠥᠷᠢᠴᠡᠵᠦ ᠴᠢᠩᠭ᠎ᠠ ᠬᠥᠨᠳᠡᠢ ᠡᠭᠡᠰᠢᠭ ᠢ᠋ ᠬᠤᠳᠬᠤᠯᠳᠤᠭᠤᠯᠤᠨ ᠪᠢᠴᠢᠵᠦ ᠪᠠᠢᠭ᠎ᠠ ᠦᠵᠡᠭᠳᠡᠯ ᠪᠣᠢ᠃
ᠵᠢᠱ᠌ᠢᠶᠡᠯᠡᠪᠡᠯ᠄ ᠬᠥᠬᠡᠬᠣᠲᠠ᠂ ᠬᠠᠷᠠᠮᠦ᠋ᠷᠡᠨ᠂ ᠤᠯᠠᠭᠠᠨᠭᠡᠷᠡᠯ᠂ ᠥᠯᠵᠡᠶ᠋ᠢᠪᠠᠶᠠᠷ᠂ ᠶᠠᠪᠤᠰᠬᠢᠬᠦ᠂ ᠰᠣᠴᠢᠰᠬᠢᠭᠡᠳ ᠭᠡᠬᠦ ᠮᠡᠲᠦ᠃
ᠳᠥᠷᠪᠡ ᠭᠡᠢᠭᠦᠯᠦᠭᠴᠢ ᠵᠣᠬᠢᠴᠠᠬᠤ ᠶᠣᠰᠣ
ᠮᠣᠩᠭᠣᠯ ᠬᠡᠯᠡᠨ ᠳ᠋ᠦ᠍ ᠡᠬᠡᠰᠢᠭ ᠵᠣᠬᠢᠴᠠᠬᠤ ᠶᠣᠰᠣ ᠪᠠᠢᠬᠤ ᠠ᠋ᠴᠠ ᠭᠠᠳᠠᠨ᠎ᠠ᠂ ᠭᠡᠢᠭᠦᠯᠦᠭᠴᠢ ᠵᠣᠬᠢᠴᠠᠬᠤ ᠶᠣᠰᠣ ᠭᠡᠵᠦ ᠪᠠᠰᠠ ᠪᠠᠢᠳᠠᠭ ᠶᠤᠮ᠃ ᠡᠭᠦᠨ ᠢ᠋ ᠪᠢᠳᠡ ᠳᠣᠣᠷᠠᠬᠢ ᠮᠡᠲᠦ ᠬᠣᠶᠠᠷ ᠵᠦᠢᠯ ᠢ᠋ᠶ᠋ᠡᠷ ᠬᠤᠪᠢᠶᠠᠵᠤ ᠦᠵᠡᠶ᠎ᠡ᠃
① ᠭᠡᠢᠭᠦᠯᠦᠭᠴᠢ《ᠬ᠂ ᠊ᠬ᠊᠂ ᠊ᠬ 》᠂《ᠭ᠂ ᠊ᠭ᠋᠊ ᠂ ᠊ᠭ᠊ ᠂ ᠊ᠬ᠋᠂ ᠊ᠭ》 ᠳᠦᠷᠰᠦ ᠨᠢ ᠬᠡᠵᠢᠶᠡᠳᠡ ᠴᠢᠩᠭ᠎ᠠ ᠦᠭᠡᠨ ᠳ᠋ᠦ᠍ ᠪᠢᠴᠢᠭᠳᠡᠬᠦ ᠪᠠ 《ᠭ᠌᠊᠊᠂ ᠊᠊᠊ᠬ᠌᠊ 》《ᠭ᠌᠊᠊᠂ ᠊᠊ᠭ᠌᠊᠊ ᠂ ᠊ᠭ᠌ 》 ᠳᠦᠷᠰᠦ ᠨᠢ ᠬᠡᠵᠢᠶᠡᠳᠡ ᠬᠥᠨᠳᠡᠢ ᠦᠭᠡᠨ ᠳ᠋ᠦ᠍ ᠪᠢᠴᠢᠭᠳᠡᠨ᠎ᠡ᠃
ᠵᠢᠱ᠌ᠢᠶᠡᠯᠡᠪᠡᠯ᠄ ᠬᠠᠮᠠᠭᠠᠯᠠᠬᠤ᠂ ᠬᠠᠮᠲᠤ᠂ ᠬᠣᠯᠪᠣᠬᠤ᠂ ᠪᠠᠭ᠎ᠠ᠂ ᠰᠠᠭ᠎ᠠ᠂ ᠰᠠᠨᠠᠭ᠎ᠠ᠂ ᠭᠠᠵᠠᠷ᠂ ᠠᠭᠤᠳᠠᠮ᠂ ᠬᠤᠪᠢᠰᠬᠠᠯ᠂ ᠳᠤᠷᠠᠰᠬᠠᠯ᠂ ᠲᠤᠭ᠂ ᠮᠠᠭᠲᠠᠬᠤ᠂ ᠪᠠᠭᠲᠠᠬᠤ; ᠬᠡᠯᠡ᠂ ᠪᠢᠴᠢᠭ᠂ ᠦᠵᠡᠬᠦ᠂ ᠬᠥᠭᠵᠢᠬᠦ᠂ ᠭᠡᠷ᠂ ᠭᠡᠷᠡᠯ᠂ ᠦᠭᠡ᠂ ᠦᠬᠡᠷ᠂ ᠥᠭᠡᠳᠡᠯᠡᠬᠦ᠂ ᠥᠭᠰᠥᠬᠦ᠂ ᠡᠷᠬᠢᠮ᠂ ᠡᠷᠭᠢᠨ᠂ ᠵᠢᠭᠡᠯᠡᠨ᠂ ᠵᠢᠭᠳᠡᠷᠡᠬᠦ᠂ ᠵᠢᠷᠦᠬᠡ ᠭᠡᠬᠦ ᠮᠡᠲᠦ᠃
2 ᠭᠡᠢᠭᠦᠯᠦᠭᠴᠢ《᠊ᠪ᠂ ᠊ᠭ( ᠊ᠭ᠌)᠂ ᠊ᠷ᠂ ᠊ᠰ᠂ ᠊ᠳ》 ᠢ᠋ᠶ᠋ᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠵᠢᠶᠡᠳᠡ《ᠴ᠂ ᠲ》 ᠭᠡᠢᠭᠦᠯᠦᠭᠴᠢ ᠪᠡᠷ ᠡᠬᠢᠯᠡᠭᠰᠡᠨ ᠳᠠᠭᠠᠪᠤᠷᠢ ᠶ᠋ᠢ ᠵᠠᠯᠭᠠᠬᠤ ᠪᠠ ᠭᠡᠢᠭᠦᠯᠦᠭᠴᠢ《᠊ᠨ ᠂ ᠊ᠮ᠂ ᠊ᠯ᠂ ᠊ᠩ》 ᠪᠣᠯᠤᠨ ᠡᠬᠡᠰᠢᠭ ᠢ᠋ᠶ᠋ᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠵᠢᠶᠡᠳᠡ《᠊ᠵ᠊᠂ ᠳ》 ᠭᠡᠢᠭᠦᠯᠦᠭᠴᠢ ᠪᠡᠷ ᠡᠬᠢᠯᠡᠭᠰᠡᠨ ᠳᠠᠭᠠᠪᠤᠷᠢ ᠵᠠᠯᠭᠠᠳᠠᠭ ᠶᠤᠮ᠃
ᠵᠢᠰᠢᠶᠠᠯᠠᠪᠠᠯ᠄ ᠠᠪᠴᠤ᠂ ᠥᠭᠴᠦ᠂ ᠰᠤᠷᠴᠤ᠂ ᠭᠠᠷᠴᠠᠢ᠂ ᠤᠯᠤᠰ ᠲᠠᠭᠠᠨ᠂ ᠰᠤᠷᠤᠭᠴᠢᠳ ᠲᠤ᠌᠂ ᠭᠡᠷ ᠲᠡᠭᠡᠨ᠂ ᠡᠭᠡᠰᠢᠭ ᠲᠦ᠍᠂ ᠭᠡᠢᠭᠦᠯᠦᠭᠴᠢ ᠳ᠋ᠦ᠍᠂ ᠶᠠᠪᠤᠵᠠᠢ᠂ ᠲᠦᠮᠡᠨ ᠳ᠋ᠦ᠍᠂ ᠠᠵᠢᠯ ᠳ᠋ᠤ᠌᠂ ᠰᠤᠷᠭᠠᠭᠤᠯᠢ ᠳ᠋ᠠᠭᠠᠨ᠂ ᠵᠢᠭᠠᠪᠤᠷᠢ ᠳ᠋ᠤ᠌᠂ ᠰᠤᠷᠤᠯᠭ᠎ᠠ ᠳ᠋ᠠᠭᠠᠨ᠂ ᠰᠤᠷᠭᠠᠵᠠᠢ ᠭᠡᠬᠦ ᠮᠡᠲᠦ᠃
( ᠲᠠᠪᠤ) ᠡᠷᠭᠦᠯᠲᠡ ᠶ᠋ᠢᠨ ᠤᠴᠢᠷ
ᠮᠣᠩᠭᠣᠯ ᠬᠡᠯᠡᠨ ᠦ᠌ ᠦᠭᠡ ᠨᠢ ᠦᠶ᠎ᠡ ᠡᠴᠡ ᠪᠦᠲᠦᠭᠰᠡᠨ ᠶᠤᠮ᠃ ᠬᠡᠳᠦ ᠬᠡᠳᠦᠨ ᠦᠶ᠎ᠡ ᠪᠡᠷ ᠪᠦᠲᠦᠭᠰᠡᠨ ᠦᠭᠡ ᠶ᠋ᠢ ᠬᠡᠯᠡᠬᠦ ᠳ᠋ᠦ᠍ ᠠᠯᠢ ᠨᠢᠭᠡ ᠦᠶ᠎ᠡ ᠨᠢ ᠪᠤᠰᠤᠳ ᠦᠶ᠎ᠡ ᠡᠴᠡ ᠪᠡᠨ ᠲᠣᠳᠣ ᠬᠦᠴᠦᠲᠡᠢ ᠰᠣᠨᠣᠰᠳᠠᠬᠤ ᠪᠣᠯ ᠲᠡᠭᠦᠨ ᠢ᠋ ᠡᠷᠭᠦᠯᠲᠡᠲᠦ ᠦᠶ᠎ᠡ ᠭᠡᠨ᠎ᠡ᠃ ᠮᠣᠩᠭᠣᠯ ᠬᠡᠯᠡᠨ ᠳ᠋ᠦ᠍ ᠦᠭᠡ ᠶ᠋ᠢᠨ ᠡᠷᠭᠦᠯᠲᠡᠲᠦ ᠦᠶ᠎ᠡ ᠶ᠋ᠢ ᠲᠣᠳᠣ ᠬᠡᠯᠡᠳᠡᠭ ᠪᠥᠭᠡᠳ ᠡᠷᠭᠦᠯᠲᠡᠲᠦ ᠦᠶ᠎ᠡ ᠨᠢ ᠬᠡᠵᠢᠶᠡᠳᠡ ᠦᠭᠡ ᠶ᠋ᠢᠨ ᠨᠢᠭᠡᠳᠦᠭᠡᠷ ᠦᠶ᠎ᠡ ᠳ᠋ᠡᠭᠡᠨ ᠪᠠᠢᠳᠠᠭ ᠶᠤᠮ᠃
ᠵᠢᠱ᠌ᠢᠶᠡᠯᠡᠪᠡᠯ᠄《ᠪᠠᠭᠰᠢ》 ᠭᠡᠳᠡᠭ ᠦᠭᠡ ᠪᠣᠯ《ᠪᠠ᠊ᠬ᠊ ᠊ᠰᠢ》 ᠭᠡᠰᠡᠨ ᠬᠣᠶᠠᠷ ᠦᠶ᠎ᠡ ᠡᠴᠡ ᠪᠦᠲᠦᠭᠰᠡᠨ ᠪᠥᠭᠡᠳ ᠡᠷᠭᠦᠯᠲᠡᠲᠦ ᠦᠶ᠎ᠡ ᠨᠢ ᠨᠢᠭᠡᠳᠦᠭᠡᠷ ᠦᠶ᠎ᠡ《ᠪᠠ᠊ᠬ᠊》 ᠳᠡᠭᠡᠷ᠎ᠡ ᠪᠡᠨ ᠪᠠᠢᠵᠤ᠂ ᠬᠡᠯᠡᠬᠦ ᠳ᠋ᠦ᠍ ᠪᠤᠰᠤᠳ ᠦᠶ᠎ᠡ ᠡᠴᠡ ᠪᠡᠨ ᠲᠣᠳᠣ ᠬᠦᠴᠦᠲᠡᠢ ᠰᠣᠨᠣᠰᠳᠠᠵᠤ ᠪᠠᠢᠭ᠎ᠠ ᠶᠤᠮ᠃
ᠦᠭᠡ ᠶ᠋ᠢᠨ ᠡᠷᠭᠦᠯᠲᠡ ᠡᠴᠡ ᠭᠠᠳᠠᠨ᠎ᠠ᠂ ᠪᠠᠰᠠ ᠤᠳᠬ᠎ᠠ ᠶ᠋ᠢᠨ ᠡᠷᠭᠦᠯᠲᠡ ᠭᠡᠵᠦ ᠪᠠᠢᠳᠠᠭ᠃ ᠥᠭᠦᠯᠡᠪᠦᠷᠢ ᠶ᠋ᠢᠨ ᠳᠣᠲᠣᠷ᠎ᠠ᠂ ᠬᠡᠯᠡᠯᠴᠡᠬᠦ ᠦᠶ᠎ᠡ ᠳ᠋ᠦ᠍ ᠤᠳᠬ᠎ᠠ ᠶ᠋ᠢᠨ ᠲᠠᠯ᠎ᠠ ᠪᠠᠷ ᠬᠠᠮᠤᠭ ᠤ᠋ᠨ ᠴᠢᠬᠤᠯᠠ ᠪᠣᠯᠵᠤ ᠠᠩᠬᠠᠷᠤᠯ ᠲᠥᠪᠯᠡᠷᠡᠵᠦ ᠪᠦᠬᠦᠢ ᠦᠭᠡ ᠨᠢ ᠤᠤᠯ ᠥᠭᠦᠯᠡᠪᠦᠷᠢ ᠶ᠋ᠢᠨ ᠳᠣᠲᠣᠷ᠎ᠠ ᠪᠤᠰᠤᠳ ᠦᠭᠡᠰ ᠡᠴᠡ ᠲᠣᠳᠣ ᠬᠦᠴᠦᠲᠡᠢ ᠪᠠᠢᠳᠠᠭ᠃ ᠡᠭᠦᠨ ᠊ᠢ ᠤᠳᠬ᠎ᠠ ᠶ᠋ᠢᠨ ᠡᠷᠭᠦᠯᠲᠡ ᠭᠡᠨ᠎ᠡ᠃
ᠵᠢᠱ᠌ᠢᠶᠡᠯᠡᠪᠡᠯ᠄ ᠤᠮᠠᠷᠠᠲᠤ ᠣᠷᠣᠨ ᠤ᠋ ᠥᠩᠭᠡ ᠦᠵᠡᠮᠵᠢ
ᠮᠢᠩᠭᠠᠨ ᠭᠠᠵᠠᠷ ᠮᠥᠰᠥ ᠪᠦᠷᠬᠦᠵᠦ
ᠲᠦᠮᠡᠨ ᠭᠠᠵᠠᠷ ᠴᠠᠰᠤ ᠯᠠᠪᠰᠠᠮᠤᠢ᠃
ᠭᠡᠰᠡᠨ ᠥᠭᠦᠯᠡᠪᠦᠷᠢ ᠶ᠋ᠢ ᠬᠡᠯᠡᠬᠦ ᠳ᠋ᠦ᠍᠂《ᠤᠮᠠᠷᠠᠲᠤ ᠣᠷᠣᠨ》 ᠭᠡᠳᠡᠭ ᠦᠭᠡ ᠨᠢ ᠪᠤᠰᠤᠳ ᠦᠭᠡ ᠡᠴᠡ ᠪᠡᠨ ᠲᠣᠳᠣ ᠬᠦᠴᠦᠲᠡᠢ ᠪᠠᠢᠬᠤ ᠲᠤᠯᠠ᠂ ᠡᠨᠡ ᠥᠭᠦᠯᠡᠪᠦᠷᠢ ᠶ᠋ᠢᠨ ᠤᠳᠬ᠎ᠠ ᠶ᠋ᠢᠨ ᠡᠷᠭᠦᠯᠲᠡ ᠶ᠋ᠢᠨ ᠬᠡᠰᠡᠭ ᠪᠣᠯᠤᠨ᠎ᠠ᠃
ᠮᠣᠩᠭᠣᠯ ᠬᠡᠯᠡᠨ ᠳ᠋ᠦ᠍ ᠦᠭᠡ ᠶ᠋ᠢᠨ ᠡᠷᠭᠦᠯᠲᠡ ᠪᠠ ᠤᠳᠬ᠎ᠠ ᠶ᠋ᠢᠨ ᠡᠷᠭᠦᠯᠲᠡ ᠨᠢ ᠮᠠᠰᠢ ᠴᠢᠬᠤᠯᠠ ᠶᠤᠮ᠃ ᠡᠷᠭᠦᠯᠲᠡ ᠶ᠋ᠢ ᠲᠣᠳᠣ ᠬᠡᠯᠡᠪᠡᠯ ᠬᠠᠢᠷ᠎ᠠ ᠰᠡᠳᠬᠢᠯᠭᠡ ᠪᠡᠨ ᠬᠤᠷᠴᠠ ᠲᠣᠳᠣ ᠪᠠᠷ ᠢᠯᠡᠷᠡᠭᠦᠯᠵᠦ ᠤᠳᠬ᠎ᠠ ᠰᠠᠨᠠᠭ᠎ᠠ ᠪᠠᠨ ᠳᠣᠪᠣᠢᠮ᠎ᠠ ᠢᠯᠡᠳᠬᠡᠵᠦ ᠴᠢᠳᠠᠨ᠎ᠠ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠮᠥᠩᠭᠥᠨ᠂ ᠬᠡᠯᠡᠰᠣᠶᠣᠯ(ᠪᠤᠤ ᠵᠢᠨ ᠬᠤᠸᠠ)᠂ ᠠᠯᠲᠠᠨᠴᠢᠮᠡᠭ᠂ ᠳ᠂ ᠣᠶᠤᠨᠪᠢᠯᠢᠭ᠌᠂ ᠭᠡᠷᠡᠯ
ᠬᠢᠨᠠᠭᠴᠢ᠄ ᠬᠡᠯᠡᠰᠣᠶᠤᠯ᠂ ᠨᠠᠷᠠᠨ᠂ ᠰᠡᠬᠡᠭᠡᠷᠡᠯ᠂ ᠣᠳᠬᠠᠨᠰᠣ᠎ᠠ
