ᠠᠪᠢᠶᠠᠨ ᠤ᠋ ᠵᠦᠢ05ᠮᠣᠩᠭᠣᠯ ᠬᠡᠯᠡᠨ ᠦ ᠳᠡᠪᠢᠰᠭᠡᠷ ᠦᠰᠦᠭАвины зүйАвины зүй
ᠲᠠᠪᠤ ᠮᠣᠩᠭᠣᠯ ᠬᠡᠯᠡᠨ ᠦ ᠳᠡᠪᠢᠰᠭᠡᠷ ᠦᠰᠦᠭ
ᠮᠣᠩᠭᠣᠯ ᠬᠡᠯᠡᠨ ᠳ᠋ᠦ᠍ ᠵᠥᠪᠬᠡᠨ ᠦᠭᠡ ᠶ᠋ᠢᠨ ᠳᠤᠮᠳᠠ ᠪᠤᠶᠤ ᠠᠳᠠᠭ ᠲᠤ᠌ ᠳᠡᠪᠢᠰᠬᠡᠷᠯᠡᠨ ᠬᠡᠷᠡᠭᠯᠡᠭᠳᠡᠳᠡᠭ ᠵᠤᠷᠰᠢᠯ ᠪᠦᠬᠦᠢ ᠲᠣᠭᠲᠠᠭᠰᠠᠨ ᠨᠢᠭᠡ ᠪᠦᠯᠦᠭ ᠦᠰᠦᠭ ᠊ᠢ ᠳᠡᠪᠢᠰᠭᠡᠷ ᠦᠰᠦᠭ ᠭᠡᠵᠦ ᠪᠣᠯᠤᠨ᠎ᠠ᠃ ᠳᠡᠪᠢᠰᠭᠡᠷ ᠦᠰᠦᠭ ᠊ᠢ ᠬᠡᠯᠡᠬᠦ ᠠᠶᠠᠯᠭᠤ ᠶ᠋ᠢᠨ ᠲᠣᠭᠲᠠᠴᠠ ᠪᠠᠷ ᠨᠢ ᠬᠠᠲᠠᠭᠤ ᠳᠡᠪᠢᠰᠭᠡᠷ᠂ ᠵᠥᠭᠡᠯᠡᠨ ᠳᠡᠪᠢᠰᠭᠡᠷ᠂ ᠡᠭᠡᠰᠢᠭ ᠳᠡᠪᠢᠰᠭᠡᠷᠯᠡᠬᠦ ᠭᠡᠵᠦ ᠭᠤᠷᠪᠠᠨ ᠵᠦᠢᠯ ᠶ᠋ᠢᠡᠷ ᠠᠩᠭᠢᠯᠠᠨ᠎ᠠ᠃
( ᠨᠢᠭᠡ) ᠬᠠᠲᠠᠭᠤ ᠳᠡᠪᠢᠰᠭᠡᠷ᠄ ᠊ᠪ᠂ ᠊ᠬ( ᠊ᠭ᠌) ᠊ᠷ᠂ ᠊ᠰ᠂ ᠊ᠳ᠃
( ᠬᠣᠶᠠᠷ) ᠵᠥᠭᠡᠯᠡᠨ ᠳᠡᠪᠢᠰᠭᠡᠷ᠄ ᠊ᠨ᠂ ᠊ᠮ᠂ ᠊ᠯ᠂ ᠊ᠩ᠃
( ᠭᠤᠷᠪᠠ) ᠡᠭᠡᠰᠢᠭ ᠳᠡᠪᠢᠰᠭᠡᠷ᠄ ᠊ᠢ ᠊ᠸ᠋ ( ᠤᠠ) ᠵᠡᠷᠭᠡ ᠪᠤᠢ᠃
ᠳᠡᠪᠢᠰᠬᠡᠷ ᠦᠰᠦᠭ ᠤ᠋ᠨ ᠬᠡᠷᠡᠭᠯᠡᠭᠳᠡᠬᠦ ᠪᠠᠶ᠋ᠢᠳᠠᠯ ᠢ᠋ ᠦᠵᠡᠭᠦᠯᠦᠭᠰᠡᠨ ᠬᠦᠰᠦᠨᠦᠭ
| ᠳᠡᠪᠢᠰᠬᠡᠷ | ᠤᠩᠰᠢᠯᠭ᠎ᠠ | ᠳᠤᠮᠳᠠ | ᠠᠳᠠᠭ | ᠵᠢᠱ᠌ᠢᠶ᠎ᠡ ᠦᠭᠡ | |
| ᠬᠠᠲᠠᠭᠤ ᠳᠡᠪᠢᠰᠬᠡᠷ |
᠊ᠪ | b | ᠊᠊ᠪ᠊ | ᠊ᠪ | ᠠᠪᠴᠤ᠂ ᠡᠪᠴᠢ᠂ ᠭᠠᠯᠠᠪ᠂ ᠲᠥᠯᠥᠪ |
| ᠊ᠭ᠋( ᠊ᠭ᠌) | g | ᠊ᠠ᠋( ᠊ᠭ᠌᠊) | ᠊ᠭ᠋( ᠊ᠭ᠌) | ᠠᠭᠳᠠ᠂ ᠦᠭᠲᠡ᠂ ᠵᠠᠷᠯᠢᠭ᠂ ᠵᠡᠷᠯᠢᠭ | |
| ᠊ᠷ | r | ᠊ᠷ᠊᠊ | ᠊ᠷ | ᠠᠷᠭ᠎ᠠ᠂ ᠡᠷᠬᠡ᠂ ᠲᠤᠯᠭᠤᠷ᠂ ᠲᠦᠯᠬᠢᠭᠦᠷ | |
| ᠊ᠰ | s | ᠊ᠰ᠊᠊ | ᠊ᠰ | ᠠᠰᠪᠤᠷᠢ᠂ ᠥᠰᠪᠥᠷᠢ᠂ ᠲᠣᠭᠣᠰ᠂ ᠲᠡᠭᠦᠰ | |
| ᠊ᠳ | d | ᠊ᠳ᠊᠊ | ᠊ᠳ | ᠠᠳᠬᠤᠵᠤ᠂ ᠰᠡᠳᠬᠢᠵᠦ᠂ ᠳᠠᠪᠳᠠᠭᠠᠳ᠂ ᠲᠡᠪᠳᠡᠭᠡᠳ | |
| ᠵᠥᠭᠡᠯᠡᠨ ᠳᠡᠪᠢᠰᠬᠡᠷ |
᠊ᠠ | n | ᠊ᠨ᠊᠊ | ᠊ᠠ | ᠠᠨᠳᠠ᠂ ᠡᠨᠳᠡ᠂ ᠠᠯᠳᠠᠭᠰᠠᠨ᠂ ᠦᠯᠳᠡᠭᠰᠡᠨ |
| ᠊ᠮ | m | ᠊ᠮ᠊᠊ | ᠊ᠮ | ᠬᠠᠮᠲᠤ᠂ ᠭᠡᠮᠲᠦ᠂ ᠬᠠᠷᠠᠮ᠂ ᠬᠡᠷᠡᠮ | |
| ᠊ᠯ | l | ᠊ᠯ᠊᠊ | ᠊ᠯ | ᠠᠯᠲᠠ᠂ ᠡᠯᠳᠠ᠂ ᠬᠤᠷᠠᠯ᠂ ᠬᠦᠷᠡᠯ | |
| ᠊ᠩ | ŋ | ᠊ᠩ᠊ | ᠊ᠩ | ᠠᠩᠬ᠎ᠠ᠂ ᠡᠩᠬᠡ᠂ ᠣᠯᠣᠩ᠂ ᠦᠯᠦᠩ | |
| ᠡᠭᠡᠰᠢᠭ ᠳᠡᠪᠢᠰᠭᠡᠷ |
᠊ᠢ | i | ᠊ᠢᠢ᠊᠊( ᠊ᠢ᠊) | ᠊ᠢ | ᠠᠢᠯ᠂ ᠡᠶ᠋ᠢᠮᠦ᠂ ᠣᠯᠳᠠᠬᠤᠢ᠂ ᠦᠯᠡᠳᠡᠬᠦᠢ |
| ᠊ᠦ | ū(u) | ᠊ᠤ᠊ | ᠊ᠦ | ᠠᠲᠠᠷᠤᠤ᠂ ᠬᠦᠳᠤᠷᠤᠤ᠂ ᠯᠢᠩᠬᠤ᠎ᠠ | |
ᠡᠳᠡᠭᠡᠷ ᠳᠡᠪᠢᠰᠬᠡᠷ ᠦᠰᠦᠭ ᠤ᠋ᠨ ᠦᠭᠡ ᠶ᠋ᠢᠨ ᠳᠤᠮᠳᠠ ᠪᠠ ᠠᠳᠠᠭ ᠲᠤ᠌ ᠣᠷᠣᠬᠤ ᠬᠡᠯᠪᠡᠷᠢ ᠨᠢ ᠮᠣᠩᠭᠣᠯ ᠦᠰᠦᠭ ᠤ᠋ᠨ ᠴᠠᠭᠠᠨ ᠲᠣᠯᠣᠭᠠᠢ ᠶ᠋ᠢᠨ ᠦᠶ᠎ᠡ ᠦᠰᠦᠭ ᠦ᠋ᠨ ᠡᠯ᠎ᠡ ᠬᠡᠯᠪᠡᠷᠢ ᠳ᠋ᠦ᠍ ᠪᠦᠷ ᠳᠡᠪᠢᠰᠭᠡᠷᠯᠡᠨ ᠬᠡᠷᠡᠭᠯᠡᠭᠳᠡᠵᠦ ᠪᠣᠯᠬᠤ ᠪᠥᠭᠡᠳ ᠢᠩᠭᠢᠵᠦ ᠵᠠᠯᠭᠠᠨ ᠬᠡᠷᠡᠭᠯᠡᠭᠰᠡᠨ ᠡᠴᠡ ᠰᠠᠶᠢ ᠮᠣᠩᠭᠣᠯ ᠬᠡᠯᠡᠨ ᠦ ᠠᠶᠠᠯᠭᠤ ᠶ᠋ᠢ ᠨᠡᠩ ᠪᠦᠷᠢᠨ ᠲᠥᠬᠥᠷ ᠲᠡᠮᠳᠡᠭᠯᠡᠵᠦ ᠴᠢᠳᠠᠬᠤ ᠪᠣᠯᠵᠠᠢ᠃
ᠵᠢᠱ᠌ᠢᠶᠡᠯᠡᠪᠡᠯ᠄《ᠠ᠊᠂ ᠡ᠊᠂ ᠢ᠊᠂ ᠣ᠊᠂ ᠤ᠊᠂ ᠥ᠊᠂ ᠦ᠊》 ᠬᠡᠮᠡᠬᠦ ᠦᠨᠳᠦᠰᠦᠨ ᠠᠪᠢᠶ᠎ᠠ ᠶ᠋ᠢ ᠲᠡᠮᠳᠡᠭᠯᠡᠭᠰᠡᠨ ᠦᠰᠦᠭ ᠲᠤ᠌ ᠳᠡᠪᠢᠰᠭᠡᠷ ᠦᠰᠦᠭ ᠦ᠋ᠳ ᠊ᠢ ᠵᠠᠯᠭᠠᠪᠠᠯ᠄
《ᠠᠨ᠂ ᠡᠨ᠂ ᠢᠨ᠂ ᠣᠨ᠂ ᠤᠨ᠂ ᠥᠨ᠂ ᠦᠨ》
《ᠠᠮ᠂ ᠡᠮ᠂ ᠢᠮ᠂ ᠣᠮ᠂ ᠤᠮ ᠥᠮ᠂ ᠦᠮ》
《ᠠᠯ᠂ ᠡᠯ᠂ ᠢᠯ᠂ ᠣᠯ᠂ ᠤᠯ᠂ ᠥᠯ᠂ ᠦᠯ》
《ᠠᠩ᠂ ᠡᠩ᠂ ᠢᠩ᠂ ᠣᠩ᠂ ᠤᠩ᠂ ᠥᠩ᠂ ᠦᠩ》
《ᠠᠪ᠂ ᠡᠪ᠂ ᠢᠪ᠂ ᠣᠪ᠂ ᠤᠪ᠂ ᠥᠪ᠂ ᠦᠪ》
《ᠠᠭ᠂ ᠡᠭ᠂ ᠢᠭ᠂ ᠣᠭ᠂ ᠤᠭ᠂ ᠥᠭ᠂ ᠦᠭ》
《ᠠᠷ᠂ ᠡᠷ᠂ ᠢᠷ᠂ ᠣᠷ᠂ ᠤᠷ᠂ ᠥᠷ᠂ ᠦᠷ》
《ᠠᠰ᠂᠂ ᠡᠰ᠂ ᠢᠰ᠂ ᠣᠰ᠂ ᠤᠰ᠂ ᠥᠰ᠂ ᠦᠰ》
《ᠠᠳ᠂ ᠡᠳ᠂ ᠢᠳ᠂ ᠣᠳ᠂ ᠤᠳ᠂ ᠥᠳ᠂ ᠦᠳ》
《ᠠᠤ᠂ ᠡᠤ᠂ ᠢᠤ᠂ ᠣᠤ᠂ ᠤᠣ᠂ ᠥᠤ᠂ ᠦᠤ》
《ᠠᠢ᠂ ᠡᠢ᠂ ᠢᠢ᠂ ᠣᠢ ᠤᠢ᠂ ᠥᠢ᠂ ᠦᠢ》 ᠭᠡᠬᠦ ᠮᠡᠲᠦ ᠪᠡᠷ ᠡᠯᠳᠡᠪ ᠵᠦᠢᠯ ᠦ᠋ᠨ ᠠᠪᠢᠶ᠎ᠠ ᠶ᠋ᠢ ᠲᠡᠮᠳᠡᠭᠯᠡᠵᠦ᠂
《ᠠᠨ ᠲᠣᠯᠣᠭᠠᠢ》 ᠶ᠋ᠢᠨ ᠦᠰᠦᠭ
《ᠠᠮ ᠲᠣᠯᠣᠭᠠᠢ》 ᠶ᠋ᠢᠨ ᠦᠰᠦᠭ
《ᠠᠯ ᠲᠣᠯᠣᠭᠠᠢ》 ᠶ᠋ᠢᠨ ᠦᠰᠦᠭ
《ᠠᠩ ᠲᠣᠯᠣᠭᠠᠢ》 ᠶ᠋ᠢᠨ ᠦᠰᠦᠭ
《ᠠᠪ ᠲᠣᠯᠣᠭᠠᠢ》 ᠶ᠋ᠢᠨ ᠦᠰᠦᠭ
《ᠠᠭ ᠲᠣᠯᠣᠭᠠᠢ》 ᠶ᠋ᠢᠨ ᠦᠰᠦᠭ
《ᠠᠷ ᠲᠣᠯᠣᠭᠠᠢ》 ᠶ᠋ᠢᠨ ᠦᠰᠦᠭ
《ᠠᠰ ᠲᠣᠯᠣᠭᠠᠢ》 ᠶ᠋ᠢᠨ ᠦᠰᠦᠭ
《ᠠᠳ ᠲᠣᠯᠣᠭᠠᠢ》 ᠶ᠋ᠢᠨ ᠦᠰᠦᠭ
《ᠠᠤ ᠲᠣᠯᠣᠭᠠᠢ》 ᠶ᠋ᠢᠨ ᠦᠰᠦᠭ
《ᠠᠢ ᠲᠣᠯᠣᠭᠠᠢ》 ᠶ᠋ᠢᠨ ᠦᠰᠦᠭ ᠵᠡᠷᠭᠡ ᠠᠷᠪᠠᠭᠠᠳ ᠲᠣᠯᠣᠭᠠᠢ ᠶ᠋ᠢᠨ ᠦᠰᠦᠭ ᠊ᠢ ᠪᠦᠲᠦᠭᠡᠵᠦ᠂ ᠮᠣᠩᠭᠣᠯ ᠬᠡᠯᠡᠨ ᠦ ᠠᠪᠢᠶ᠎ᠠ ᠶ᠋ᠢ ᠨᠡᠯᠢᠶᠡᠳ ᠪᠦᠷᠢᠨ ᠲᠡᠮᠳᠡᠭᠯᠡᠵᠦ ᠴᠢᠳᠠᠬᠤ ᠪᠣᠯᠵᠠᠢ᠃ ᠡᠶ᠋ᠢᠮᠦ ᠡᠴᠡ ᠮᠣᠩᠭᠣᠯ ᠬᠡᠯᠡᠨ ᠦ ᠳᠡᠪᠢᠰᠭᠡᠷ ᠦᠰᠦᠭ ᠨᠢ ᠮᠠᠰᠢ ᠴᠢᠬᠤᠯᠠ ᠦᠢᠯᠡᠳᠦᠯ ᠊ᠢ ᠦᠵᠡᠭᠦᠯᠵᠦ ᠪᠠᠶ᠋ᠢᠭ᠎ᠠ ᠶᠤᠮ᠃
ᠦᠰᠦᠭ ᠠᠮᠢᠯᠠᠭᠤᠯᠤᠭᠴᠢ᠄ ᠭᠡᠷᠡᠯ᠂ ᠨᠠᠷᠠᠨᠲᠤᠶᠠᠭ᠎ᠠ᠂ ᠤᠷᠠᠨᠴᠢᠮᠡᠭ᠂ ᠬᠡᠯᠡᠰᠣᠶᠣᠯ( ᠪᠤᠤ ᠵᠢᠨ ᠬᠤᠸᠠ)
ᠬᠢᠨᠠᠭᠴᠢ ᠪᠠᠭᠰᠢ᠄ ᠣᠳᠬᠠᠨᠰᠣ᠎ᠠ᠂ ᠨᠠᠷᠠᠨ᠂ ᠭᠡᠷᠡᠯ᠂ᠪᠠᠶᠠᠨᠴᠡᠴᠡᠭ᠂ ᠰᠡᠬᠡᠭᠡᠷᠡᠯ
