ᠭᠠᠯᠳᠠᠨ ᠪᠣᠱᠣᠭᠲᠤ ᠬᠠᠭᠠᠨ02ᠳᠡᠳ᠋ ᠳᠡᠪᠲᠡᠷ -ᠳ· ᠵᠠᠮᠢᠶᠠᠨГалдан бошгот хаан-Т·Жамъян
ᠨᠢᠭᠡ
ᠡᠴᠢᠭᠡ ᠪᠠᠭᠠᠲᠤᠷ ᠬᠣᠩ ᠲᠠᠢᠵᠢ ᠶ᠋ᠢᠨ ᠴᠣᠯᠠ ᠨᠢ ᠬᠤᠲᠤᠭᠴᠢᠨ ᠪᠥᠯᠥᠭᠡ᠃ ᠲᠡᠭᠦᠨ ᠳ᠋ᠦ᠍ ᠠᠷᠪᠠᠨ ᠨᠢᠭᠡᠨ ᠬᠥᠪᠡᠭᠦᠨ ᠪᠣᠢ᠃ ᠠᠯᠲᠠᠢ ᠶ᠋ᠢᠨ ᠶᠡᠬᠡ ᠠᠭᠤᠯᠠᠰ ᠳᠤᠮᠳᠠ ᠭᠠᠯᠳᠠᠨ ᠤ᠋ ᠤᠳᠤᠮ ᠤᠭᠰᠠᠭ᠎ᠠ ᠨᠤᠲᠤᠭᠰᠢᠨ ᠢᠳᠡᠭᠡᠰᠢᠵᠦ ᠣᠯᠠᠨ ᠣᠨ ᠵᠢᠯ ᠢ᠋ ᠥᠩᠭᠡᠷᠡᠭᠡᠯ᠎ᠡ᠃
ᠬᠠᠮᠤᠭ ᠤ᠋ᠨ ᠠᠬᠠᠮᠠᠳ ᠬᠥᠪᠡᠭᠦᠨ ᠴᠡᠴᠡᠨ ᠪᠥᠭᠡᠳ ᠲᠡᠭᠦᠨ ᠦ᠌ ᠬᠤᠪᠢ ᠵᠠᠶᠠᠭ᠎ᠠ ᠡᠮᠭᠡᠨᠢᠯᠲᠡᠢ᠂ ᠪᠠᠷᠴᠢᠳ ᠶᠡᠬᠡᠲᠡᠢ᠂ ᠵᠡᠭᠦᠨᠭᠠᠷ ᠤ᠋ᠨ ᠬᠠᠭᠠᠨ ᠤ᠋ ᠰᠠᠭᠤᠳᠠᠯ ᠳ᠋ᠤ᠌ ᠰᠠᠨᠠᠭᠠᠷᠬᠠᠴᠢ ᠪᠠᠢᠪᠠ᠃ ᠬᠠᠭᠠᠨ ᠰᠠᠭᠤᠳᠠᠯ ᠤ᠋ᠨ ᠲᠥᠯᠥᠭᠡ ᠬᠣᠵᠢᠮ ᠠᠯᠠᠭᠳᠠᠭᠰᠠᠨ ᠶᠤᠮ᠃ ᠳᠡᠩᠳᠡᠭᠦᠦ ᠥᠭᠡᠨᠲᠡᠭᠴᠢ ᠵᠠᠩ ᠠ᠋ᠴᠠ ᠪᠠᠨ ᠠᠮᠢ ᠪᠠᠨ ᠠᠯᠳᠠᠭᠰᠠᠨ ᠶᠤᠮ᠃
ᠳᠠᠷᠠᠭ᠎ᠠ ᠵᠣᠳᠪᠠᠪᠠᠭᠠᠲᠤᠷ ᠶᠤᠮ᠃ ᠵᠣᠳᠪᠠᠪᠠᠭᠠᠲᠣᠷ ᠲᠥᠷᠥᠭᠰᠡᠨ ᠠᠬ᠎ᠠ ᠴᠡᠴᠡᠨ ᠲᠡᠢ ᠬᠤᠤᠪᠢᠯᠳᠤᠭᠰᠠᠨ ᠪᠥᠯᠥᠭᠡ᠃ ᠴᠡᠴᠡᠨ ᠨᠢ ᠲᠡᠭᠦᠨ ᠦ᠌ ᠠᠭᠤᠷ ᠢ᠋ ᠲᠠᠲᠠᠵᠤ ᠪᠤᠷᠤᠭᠤ ᠦᠢᠯᠡ ᠳ᠋ᠦ᠍ ᠳᠠᠭᠤᠳᠠᠭᠰᠠᠨ ᠪᠣᠯᠠᠢ᠃ ᠬᠠᠮᠲᠤ ᠳ᠋ᠠᠭᠠᠨ ᠴᠠᠭᠠᠵᠠ ᠶ᠋ᠢᠨ ᠲᠠᠪᠴᠠᠩ ᠳᠡᠭᠡᠷ᠎ᠡ ᠳᠠᠸᠠᠴᠢ ᠶ᠋ᠢ ᠵᠣᠯᠠᠮᠠᠯᠠᠭᠰᠠᠨ ᠠᠷᠠᠰᠤ ᠡᠮᠬᠦᠬᠦ ᠶ᠋ᠢ ᠦᠵᠡᠭᠰᠡᠨ ᠶᠦᠮ᠃ ᠬᠠᠳᠠᠨ ᠬᠠᠪᠴᠢᠯ ᠠ᠋ᠴᠠ ᠴᠡᠴᠡᠨ ᠠᠬ᠎ᠠ ᠶ᠋ᠢᠨ ᠬᠠᠮᠲᠤ ᠴᠦᠯᠡᠯᠭᠡ ᠳ᠋ᠦ᠍ ᠳᠠᠭᠤᠳᠠᠵᠠᠢ᠃
ᠬᠥᠪᠡᠭᠦᠨ ᠰᠠᠪᠳᠠᠨᠵᠠᠯ᠃ ᠰᠠᠪᠳᠠᠨᠵᠠᠯ ᠤ᠋ᠨ ᠤᠳᠤᠮ ᠬᠣᠶᠠᠷ ᠦᠶ᠎ᠡ ᠪᠣᠯᠵᠤ ᠲᠠᠰᠤᠷᠠᠭᠰᠠᠨ ᠪᠠᠢᠨ᠎ᠠ᠃ ᠡᠴᠢᠭᠡ ᠬᠣᠩ ᠲᠠᠢᠵᠢ ᠶ᠋ᠢ ᠬᠣᠣᠷᠯᠠᠭᠳᠠᠭᠰᠠᠨ ᠤ᠋ ᠳᠠᠷᠠᠭ᠎ᠠ ᠲᠡᠭᠦᠨ ᠦ᠌ ᠪᠠᠭ᠎ᠠ ᠬᠠᠲᠤᠨ ᠠᠮᠢᠨᠳᠠᠷᠡ ᠨᠢ ᠰᠡᠪᠳᠡᠨᠵᠡᠯ ᠢ᠋ ᠳᠠᠭᠠᠵᠤ ᠮᠠᠨᠵᠤ ᠶ᠋ᠢᠨ ᠬᠠᠭᠠᠨ ᠤ᠋ ᠢᠪᠡᠭᠡᠯ ᠳ᠋ᠦ᠍ ᠳᠠᠭᠠᠷ᠎ᠠ ᠣᠷᠣᠵᠤ ᠬᠤᠪᠢ ᠵᠠᠶᠠᠭ᠎ᠠ ᠪᠠᠷ ᠢ᠋ᠶ᠋ᠠᠨ ᠲᠣᠭᠯᠠᠵᠠᠢ᠃ ᠰᠠᠪᠲᠠᠨᠵᠠᠯ ᠮᠠᠨᠵᠤ ᠶ᠋ᠢᠨ ᠲᠤᠷᠬᠢᠷᠠᠯᠲᠠ ᠪᠠᠷ ᠠᠨᠤ ᠬᠠᠲᠤᠨ ᠢ᠋ ᠬᠠᠷᠪᠤᠵᠤ ᠬᠠᠷ᠎ᠠ ᠲᠣᠯᠣᠭᠠᠢ ᠪᠠᠨ ᠨᠠᠷᠠᠰᠤᠨ ᠳ᠋ᠤ᠌ ᠴᠠᠪᠴᠢᠭᠤᠯᠵᠠᠢ᠃
ᠬᠥᠪᠡᠭᠦᠨ ᠪᠠᠨᠳᠢᠷ᠃ ᠪᠠᠨᠳᠢᠷ ᠤ᠋ᠨ ᠠᠴᠢ ᠨᠢ ᠽᠠᠮᠪᠠᠯ᠃ ᠽᠠᠮᠪᠠᠯ ᠪᠥᠭᠡᠰᠦ ᠤᠷᠪᠠᠭᠴᠢ ᠰᠠᠪᠳᠠᠨᠵᠠᠯ ᠤ᠋ᠨ ᠵᠠᠰᠠᠭ ᠵᠠᠯᠭᠠᠮᠵᠢᠯᠠᠭᠰᠠᠨ ᠠᠵᠤᠭᠤ᠃
ᠬᠥᠪᠡᠭᠦᠨ ᠵᠣᠷᠢᠭᠲᠤ ᠬᠣᠰᠢᠭᠤᠴᠢ᠃ ᠵᠣᠷᠢᠭᠲᠤ ᠬᠣᠰᠢᠭᠤᠴᠢ ᠨᠢ ᠳᠠᠷᠤᠢ ᠵᠠᠰᠠᠭ ᠬᠦᠩ ᠷᠠᠪᠳᠠᠨ ᠤ᠋ ᠬᠤᠰᠢᠭᠤᠨ ᠤ᠋ ᠣᠪᠣᠭ ᠮᠥᠨ᠃
ᠬᠥᠪᠡᠭᠦᠨ ᠣᠨᠤᠴᠢᠨ᠃ ᠣᠨᠤᠴᠢᠨ ᠠᠬ᠎ᠠ ᠶ᠋ᠢᠨ ᠬᠥᠪᠡᠭᠦᠨ ᠳᠠᠨᠵᠢᠯᠠ ᠪᠥᠭᠡᠰᠦ ᠵᠠᠰᠠᠭ ᠬᠦᠩ ᠡᠷᠭᠦᠮᠵᠢᠯᠡᠭᠳᠡᠭᠰᠡᠨ ᠤᠴᠢᠷ ᠰᠠᠢᠨ ᠨᠣᠶᠠᠨ ᠠᠢᠮᠠᠭ ᠲᠤ᠌ ᠰᠠᠭᠤᠵᠤ ᠵᠡᠭᠦᠨᠭᠠᠷ ᠤ᠋ᠨ ᠲᠥᠯᠥᠭᠡ ᠰᠡᠭᠦᠯ ᠦ᠋ᠨ ᠲᠤᠯᠤᠯᠳᠤᠭᠠᠨ ᠳ᠋ᠤ᠌ ᠭᠠᠯᠳᠠᠨ ᠲᠠᠢ ᠬᠠᠮᠲᠤᠷᠠᠵᠤ ᠣᠷᠣᠯᠴᠠᠨ ᠭᠠᠯᠳᠠᠨ ᠨᠠᠰᠤᠨ ᠬᠤᠲᠤᠭ ᠣᠯᠲᠠᠯ᠎ᠠ ᠴᠣᠭ ᠲᠡᠮᠡᠴᠡᠵᠦ ᠶᠠᠪᠤᠭᠰᠠᠨ ᠬᠤᠭᠤᠷᠠᠰᠢ ᠦᠭᠡᠢ ᠪᠠᠭᠠᠲᠤᠷ ᠮᠥᠨ᠃ ᠭᠠᠨᠴᠠᠬᠦ ᠳᠠᠨᠵᠢᠯᠠ ᠳ᠋ᠤᠷ ᠢᠲᠡᠭᠡᠵᠦ ᠪᠣᠯᠤᠨ᠎ᠠ᠃
ᠬᠥᠪᠡᠭᠦᠨ ᠰᠡᠩᠭᠡ᠃ ᠵᠡᠭᠦᠨᠭᠠᠷ ᠤ᠋ᠨ ᠬᠠᠭᠠᠨ ᠤ᠋ ᠠᠬ᠎ᠠ ᠲᠡᠷᠡᠪᠡᠷ ᠳᠠᠸᠠᠴᠢ ᠳ᠋ᠤ᠌ ᠠᠯᠠᠭᠳᠠᠪᠠ᠃ ᠪᠤᠰᠤᠷᠮᠠᠭ ᠤ᠋ᠨ ᠴᠠᠭᠠᠨ᠎ᠠ ᠠᠪᠠᠭ᠎ᠠ ᠠᠬ᠎ᠠ ᠴᠦᠬᠦᠢ ᠤᠪᠠᠰᠢ᠂ ᠠᠬ᠎ᠠ ᠴᠡᠴᠡᠨ᠂ ᠵᠤᠳᠪᠠᠪᠠᠭᠠᠲᠤᠷ᠂ ᠬᠣᠶᠠᠷ ᠨᠢᠭᠤᠷᠲᠤ ᠰᠠᠪᠳᠠᠨᠵᠠᠯ᠂ ᠠᠬᠠᠢᠲᠠᠨ ᠠᠮᠢᠨᠳᠠᠷ᠎ᠠ ᠮᠡᠲᠦᠰ ᠪᠣᠢ᠃
ᠬᠥᠪᠡᠭᠦᠨ ᠭᠠᠯᠳᠠᠨ᠃ ᠲᠡᠭᠦᠨ ᠢ᠋ ᠪᠣᠱᠣᠭᠲᠤ ᠬᠡᠮᠡᠮᠦᠢ᠃
ᠬᠥᠪᠡᠭᠦᠨ ᠪᠤᠮ ᠪᠥᠭᠡᠳ ᠴᠣᠯᠠ ᠨᠢ ᠡᠷᠳᠡᠨᠢ ᠲᠠᠢᠱ᠌ᠢ ᠬᠡᠮᠡᠮᠦᠢ᠃ ᠲᠡᠭᠦᠨ ᠦ᠌ ᠠᠴᠢ ᠳᠠᠸᠠᠴᠢ ᠮᠥᠨ᠃ ᠳᠠᠸᠠᠴᠢ ᠨᠢ ᠬᠠᠭᠠᠨ ᠰᠠᠭᠤᠳᠠᠯ ᠤ᠋ᠨ ᠲᠥᠯᠥᠭᠡ ᠮᠤᠩᠬᠠᠭ ᠶᠠᠪᠤᠳᠠᠯ ᠳ᠋ᠤ᠌ ᠣᠷᠣᠯᠴᠠᠭᠴᠢ ᠠᠵᠤᠭᠤ᠃ ᠳᠠᠸᠠᠴᠢ ᠳ᠋ᠤ᠌ ᠮᠠᠨᠵᠤ ᠨᠠᠷ ᠴᠢᠨ ᠸᠠᠩ ᠴᠣᠯᠠ ᠡᠷᠭᠦᠮᠵᠢᠯᠡᠭᠰᠡᠨ ᠪᠣᠯᠪᠠᠴᠤ ᠮᠣᠩᠭᠣᠯ ᠠᠢᠮᠠᠭ ᠲᠤ᠌ ᠳᠠᠩᠰᠠ ᠦᠭᠡᠢ ᠪᠢᠯᠡ᠃
ᠬᠥᠪᠡᠭᠦᠨ ᠲᠣᠷᠵᠢᠵᠠᠪ᠃ ᠬᠠᠯᠬ᠎ᠠ ᠶ᠋ᠢᠨ ᠲᠦᠰᠢᠶᠡᠲᠦ ᠬᠠᠨ ᠴᠠᠬᠣᠳᠳᠣᠷᠵᠢ ᠳ᠋ᠤ᠌ ᠠᠯᠠᠭᠳᠠᠪᠠ᠃ ᠡᠪ ᠦ᠋ᠨ ᠡᠭᠦᠳᠡ ᠶ᠋ᠢ ᠠᠩᠬ᠎ᠠ ᠬᠡᠮᠬᠡ ᠲᠠᠲᠠᠭᠰᠠᠨ ᠬᠥᠮᠦᠨ ᠪᠣᠯ ᠴᠠᠬᠣᠳᠳᠣᠷᠵᠢ ᠶᠤᠮ᠃ ᠬᠡᠯᠡ ᠮᠡᠳᠡᠭᠡᠴᠢ ᠶ᠋ᠢ ᠠᠯᠠᠨ᠎ᠠ ᠭᠡᠳᠡᠭ ᠵᠤᠲᠠᠭ ᠦᠭᠡᠢ ᠬᠡᠷᠡᠭ ᠨᠥᠭᠦᠭᠡ ᠲᠠᠯ᠎ᠠ ᠪᠠᠷ ᠥᠳᠥᠭᠡᠵᠦ ᠰᠡᠳᠦᠭᠰᠡᠨ ᠬᠡᠷᠡᠭ᠃ ᠨᠠᠰᠤᠨ ᠲᠤᠷᠰᠢ ᠶ᠋ᠢᠨ ᠵᠥᠷᠢᠴᠡᠯ ᠬᠠᠭᠠᠴᠠᠯ ᠴᠠᠬᠣᠳᠳᠣᠷᠵᠢ ᠠ᠋ᠴᠠ ᠡᠭᠦᠰᠪᠡ᠃
ᠬᠥᠪᠡᠭᠦᠨ ᠫᠣᠩᠰᠣᠭᠳᠠᠰᠢ᠃ ᠠᠴᠢ ᠭᠠᠯᠵᠡᠳᠳᠣᠷᠵᠢ ᠨᠢ ᠴᠣᠷᠣᠰ ᠬᠠᠨ ᠡᠷᠭᠦᠮᠵᠢᠯᠡᠭᠳᠡᠵᠦ ᠶᠠᠪᠤᠪᠠ᠃
ᠬᠥᠪᠡᠭᠦᠨ ᠲᠠᠷᠮ᠎ᠠ᠃ ᠲᠠᠷᠮ᠎ᠠ ᠠ᠋ᠴᠠ ᠭᠤᠷᠪᠠᠨ ᠦᠶ᠎ᠡ ᠤᠯᠠᠮᠵᠢᠯᠠᠭᠳᠠᠵᠤ᠂ ᠭᠤᠷᠪᠠᠨ ᠦᠶ᠎ᠡ ᠮᠤᠯᠲᠤᠷᠠᠵᠤ ᠢᠷᠡᠭᠡᠳ ᠳᠣᠲᠣᠭᠠᠳᠤ ᠰᠢᠯᠤᠭᠤᠨ ᠬᠠᠷᠢ ᠶ᠋ᠢᠨ ᠮᠣᠩᠭᠣᠯ ᠬᠤᠰᠢᠭᠤᠨ ᠳ᠋ᠤ᠌ ᠲᠡᠳᠡ ᠣᠷᠣᠵᠤ ᠨᠡᠢᠯᠡᠵᠡᠢ᠃
ᠭᠠᠯᠳᠠᠨ ᠥᠪᠡᠷ ᠦ᠋ᠨ ᠶᠠᠰᠤᠨ ᠲᠥᠷᠥᠯ ᠢ᠋ ᠢᠩᠭᠢᠵᠦ ᠳᠠᠭᠠᠵᠤ ᠲᠡᠮᠳᠡᠭᠯᠡᠭᠰᠡᠨ ᠢ᠋ ᠬᠣᠵᠢᠮ ᠬᠣᠢᠨ᠎ᠠ ᠣᠢᠷᠠᠳ᠂ ᠮᠣᠩᠭᠣᠯ ᠲᠤᠭᠤᠷᠭᠠᠲᠠᠨ ᠤ᠋ ᠪᠢᠴᠢᠭᠲᠡᠨ ᠮᠡᠷᠭᠡᠳ ᠰᠡᠬᠦᠨ ᠤᠩᠰᠢᠵᠤ᠂ ᠡᠴᠢᠭᠡ ᠬᠣᠩ ᠲᠠᠢᠵᠢ ᠶ᠋ᠢᠨ ᠠᠷᠪᠠᠨ ᠨᠢᠭᠡᠨ ᠰᠠᠯᠠᠭ᠎ᠠ ᠪᠠᠷ ᠪᠡᠳᠡᠷᠢᠨ ᠰᠤᠷᠪᠤᠯᠵᠢᠯᠠᠬᠤ ᠪᠣᠢ ᠺᠡ᠃ ᠴᠣᠬᠣᠮ ᠳ᠋ᠠᠭᠠᠨ ᠴᠠᠭ ᠬᠤᠭᠤᠴᠠᠭ᠎ᠠ ᠶ᠋ᠢ ᠠᠯᠳᠠᠵᠤ ᠮᠠᠭᠠᠳ ᠦᠭᠡᠢ ᠬᠡᠮᠡᠬᠦ ᠶ᠋ᠢᠨ ᠤᠴᠢᠷ ᠦᠢᠯᠡ ᠶᠠᠪᠤᠳᠠᠯ ᠤ᠋ᠨ ᠳᠡᠰ ᠳᠠᠷᠠᠭᠠᠯᠠᠯ ᠢ᠋ ᠡᠰᠡ ᠪᠠᠷᠠᠭᠠᠯᠠᠪᠠ᠃ ᠡᠳᠡᠨ ᠦ᠌ ᠬᠤᠪᠢ ᠵᠠᠶᠠᠭ᠎ᠠ ᠶ᠋ᠢ ᠲᠣᠳᠣᠷᠬᠠᠢ ᠳᠡᠯᠭᠡᠶ᠎ᠡ᠃
ᠨᠢᠭᠡᠨ ᠴᠠᠭ ᠲᠤᠷ ᠡᠨᠡ ᠬᠦ᠌ ᠠᠬ᠎ᠠ ᠳᠡᠬᠦᠤᠰ ᠤ᠋ᠨ ᠨᠠᠮᠲᠠᠷ ᠲᠡᠦᠬᠡ ᠦᠯᠡᠳᠡᠵᠦ ᠪᠣᠯᠬᠤ ᠶᠤᠮ᠃ ᠦᠯᠡᠳᠡᠬᠦ ᠪᠡᠷ ᠦᠯᠦ ᠪᠠᠷᠠᠮ ᠮᠥᠰᠬᠢᠨ ᠬᠥᠭᠡᠭᠡᠵᠦ ᠲᠣᠳᠣᠷᠠᠭᠤᠯᠬᠤ ᠶ᠋ᠢ ᠬᠡᠨ ᠪᠠᠢᠭ ᠭᠡᠬᠦᠪ᠃ ᠣᠯᠠᠨ ᠭᠣᠷᠣᠬ᠎ᠠ ᠨᠡᠢᠯᠡᠵᠦ ᠭᠣᠣᠯ ᠪᠣᠯᠳᠠᠭ᠃ ᠭᠣᠣᠯ ᠳ᠋ᠤ᠌ ᠨᠡᠢᠯᠡᠭᠡ ᠦᠭᠡᠢ ᠭᠣᠷᠣᠬ᠎ᠠ ᠬᠠᠲᠠᠵᠤ ᠰᠠᠢᠷ ᠪᠣᠯᠳᠠᠭ᠃ ᠭᠠᠯᠳᠠᠨ ᠠ᠋ᠴᠠ ᠪᠤᠰᠤᠳ ᠠᠷᠪᠠᠨ ᠨᠢᠭᠡᠨ ᠰᠠᠯᠠᠭ᠎ᠠ ᠶ᠋ᠢ ᠲᠤᠰ ᠪᠦᠷᠢ ᠳ᠋ᠡᠭᠡᠨ ᠭᠣᠣᠯ ᠪᠣᠯᠵᠤ ᠮᠣᠣᠲᠤᠤ ᠴᠠᠭᠠᠰᠣᠨ᠎ᠠ ᠨᠤᠲᠠᠯᠠᠭᠳᠠᠨ ᠦᠯᠡᠳᠡᠬᠦ ᠶ᠋ᠢ ᠰᠡᠳᠬᠢᠯ ᠦ᠋ᠨ ᠰᠡᠪ ᠦᠭᠡᠢ ᠲᠡᠮᠳᠡᠭᠯᠡᠵᠦ ᠪᠠᠢᠨ᠎ᠠ᠃
ᠬᠣᠶᠠᠷ
ᠡᠴᠢᠭᠡ ᠬᠣᠩ ᠲᠠᠢᠵᠢ ᠶ᠋ᠢᠨ ᠲᠣᠮᠣ ᠬᠥᠪᠡᠭᠦᠨ ᠴᠡᠴᠡᠨ ᠡᠴᠢᠭᠡ ᠶ᠋ᠢᠨ ᠢ᠋ᠶ᠋ᠡᠨ ᠤᠢᠳᠤᠮᠠᠬᠠᠢ᠂ ᠳᠤᠷᠠᠯᠠᠮᠠᠬᠠᠢ ᠮᠠᠭᠤ ᠵᠠᠩ ᠢ᠋ ᠬᠠᠭᠤᠯᠵᠤ ᠲᠥᠷᠥᠵᠡᠢ᠃ ᠵᠡᠭᠦᠨᠭᠠᠷ ᠤ᠋ᠨ ᠬᠠᠭᠠᠨᠲᠤ ᠤᠯᠤᠰ ᠤ᠋ᠨ ᠭᠣᠯᠣᠮᠲᠠ ᠶ᠋ᠢ ᠪᠣᠢ ᠪᠣᠯᠭᠠᠬᠤ ᠪᠤᠵᠢᠭᠢᠨᠠᠭᠠᠨ ᠳᠤᠮᠳᠠ ᠥᠰᠴᠡᠢ᠃ ᠪᠠᠯᠵᠢᠳᠠᠷ᠎ᠠ ᠨᠢ ᠶᠡᠬᠡᠳᠡ ᠥᠮᠥᠭᠡᠷᠡᠳᠡᠭ ᠪᠠᠢᠵᠠᠢ᠃ ᠺᠠᠷᠬᠢᠽ ᠠᠪᠠᠭᠠᠢᠴᠤᠤᠯ ᠬᠡᠦᠬᠡᠳ ᠢ᠋ᠶ᠋ᠡᠨ ᠥᠮᠥᠭᠡᠷᠡᠬᠦ ᠶ᠋ᠢᠨ ᠲᠤᠯᠠᠳᠠ ᠡᠬᠡ ᠪᠣᠯᠤᠭᠰᠠᠨ ᠮᠡᠲᠦ ᠪᠤᠰᠤᠳ ᠠ᠋ᠴᠠ ᠬᠠᠷᠠᠮᠯᠠᠨ᠎ᠠ᠃
ᠡᠴᠢᠭᠡ ᠬᠣᠩ ᠲᠠᠢᠵᠢ ᠶ᠋ᠢᠨ ᠨᠢᠭᠡᠨ ᠮᠢᠩᠭᠠᠲᠤ ᠴᠡᠷᠢᠭ ᠦ᠋ᠨ ᠵᠠᠭᠤᠲᠤ ᠶ᠋ᠢᠨ ᠠᠬᠠᠯᠠᠭᠴᠢ ᠪᠠᠷ ᠴᠡᠴᠡᠨ ᠢ᠋ ᠲᠥᠪ ᠠᠽᠢᠶ᠎ᠠ ᠶ᠋ᠢᠨ ᠪᠠᠢᠯᠳᠤᠭᠠᠨ ᠳ᠋ᠤ᠌ ᠶᠠᠪᠤᠭᠤᠯᠤᠭᠰᠠᠨ ᠪᠢᠯᠡ᠃
ᠪᠠᠢᠯᠳᠤᠭᠠᠨ ᠳᠠᠭᠤᠰᠴᠤ ᠬᠣᠲᠠ᠂ ᠲᠣᠰᠬᠣᠳ ᠠ᠋ᠴᠠ ᠣᠯᠵᠠ ᠶ᠋ᠢᠨ ᠲᠠᠷᠢᠶᠠᠴᠢᠳ ᠢ᠋ ᠲᠠᠭᠤᠵᠤ ᠢᠷᠡᠪᠡ᠃ ᠲᠠᠷᠢᠶᠠᠴᠢᠳ ᠳᠠᠳᠤᠷᠠ ᠪᠣᠭᠣᠯ ᠺᠸᠮᠴᠢ ᠬᠡᠮᠡᠬᠦ ᠦᠵᠡᠰᠬᠦᠯᠡᠩᠲᠦ ᠡᠬᠡᠨᠡᠷ ᠲᠡᠢ᠂ ᠨᠠᠷᠭᠢᠯ ᠬᠡᠮᠡᠬᠦ ᠳᠠᠭᠠᠭᠤᠯᠢ ᠥᠬᠢᠨ ᠲᠡᠢ ᠨᠢᠭᠡᠨ ᠡᠷ᠎ᠡ ᠪᠠᠢᠵᠠᠢ᠃ ᠬᠠᠷ᠎ᠠ ᠡᠷᠴᠢᠰ ᠮᠥᠷᠡᠨ ᠦ᠌ ᠰᠠᠪᠠ ᠬᠥᠨᠳᠡᠢ ᠪᠡᠷ ᠱᠤᠤᠳᠤᠤ ᠲᠠᠲᠠᠵᠤ ᠬᠥᠬᠡ ᠠᠷᠪᠠᠢ᠂ ᠭᠦᠴᠡ ᠪᠤᠳᠠᠭ᠎ᠠ ᠲᠠᠷᠢᠶᠠᠯᠠᠪᠠ᠃ ᠣᠯᠵᠠ ᠶ᠋ᠢᠨ ᠲᠠᠷᠢᠶᠠᠴᠢᠳ ᠢ᠋ ᠰᠠᠢᠲᠤᠷ ᠬᠠᠷᠠᠭᠠᠯᠵᠠᠵᠤ ᠪᠠᠢ ᠭᠡᠮᠡᠨ ᠡᠴᠢᠭᠡ ᠬᠣᠩ ᠲᠠᠢᠵᠢ ᠴᠡᠴᠡᠨ ᠢ᠋ ᠠᠶᠠᠨ ᠲᠡᠢᠨ ᠦ᠌ ᠬᠥᠯ ᠡᠴᠡ ᠴᠢᠯᠥᠭᠡᠯᠡᠭᠰᠡᠨ ᠶᠦᠮ᠃ ᠴᠡᠴᠡᠨ ᠳᠤᠷ᠎ᠠ ᠮᠡᠳᠡᠨ ᠪᠣᠭᠣᠯ ᠺᠧᠮᠴᠢ ᠶ᠋ᠢ ᠭᠠᠯᠳᠠᠮ᠎ᠠ ᠪᠠᠭᠠᠲᠤᠷ ᠤ᠋ᠨ ᠪᠡᠬᠢᠯᠡᠯᠲᠡ ᠳ᠋ᠦ᠍ ᠭᠠᠯ ᠲᠣᠭᠣᠭᠠᠨ ᠤ᠋ ᠵᠠᠷᠤᠴᠠ ᠪᠠᠷ ᠢᠯᠡᠭᠡᠵᠦ᠂ ᠦᠵᠡᠰᠬᠦᠯᠡᠩᠲᠦ ᠡᠬᠡᠨᠡᠷ ᠢ᠋ ᠨᠢ ᠥᠪᠡᠷᠲᠡᠭᠡᠨ ᠦᠯᠡᠳᠡᠭᠡᠬᠦ ᠳ᠋ᠦ᠍ ᠰᠢᠷ᠎ᠠ ᠲᠠᠢ ᠡᠬᠡᠨᠡᠷ ᠭᠣᠣᠯ ᠤ᠋ᠨ ᠣᠰᠤᠨ᠎ᠠ ᠣᠢᠵᠤ ᠦᠬᠦᠪᠡ᠃
ᠨᠠᠷᠭᠢᠯ ᠥᠬᠢᠨ ᠦᠯᠡᠳᠡᠪᠡ᠃ ᠲᠡᠭᠦᠨ ᠦ᠌ ᠲᠣᠬᠢᠯᠵᠠᠭᠤᠷ ᠪᠡᠶ᠎ᠡ᠂ ᠪᠤᠯᠪᠠᠷᠠᠢ ᠴᠣᠭᠴᠠᠰ ᠴᠡᠴᠡᠨ ᠢ᠋ ᠰᠣᠷᠢᠨᠵᠢᠨ ᠠᠳᠠᠯᠢ ᠲᠠᠲᠠᠵᠠᠢ᠃ ᠵᠥᠪᠬᠡᠨ ᠴᠡᠴᠡᠨ ᠪᠤᠰᠤ ᠲᠡᠭᠦᠨ ᠦ᠌ ᠳᠡᠭᠦᠦ ᠵᠣᠳᠪᠠᠪᠠᠭᠠᠲᠤᠷ ᠨᠢ ᠴᠦ᠍ ᠲᠡᠭᠦᠨ ᠳ᠋ᠦ᠍ ᠲᠠᠲᠠᠭᠳᠠᠪᠠ᠃ ᠠᠬ᠎ᠠ᠂ ᠳᠡᠭᠦᠦ ᠬᠣᠶᠠᠷ ᠴᠢᠰᠤ ᠪᠠᠨ ᠰᠡᠳᠡᠷᠡᠲᠡᠯ᠎ᠡ ᠵᠣᠳᠣᠯᠳᠤᠵᠤ ᠳᠠᠷᠠᠭ᠎ᠠ ᠨᠢ ᠡᠪᠯᠡᠷᠡᠭᠡᠳ ᠨᠠᠷᠭᠢᠯ ᠤ᠋ᠨ ᠠᠷᠤ ᠠ᠋ᠴᠠ ᠡᠭᠡᠯᠵᠢᠯᠡᠨ ᠭᠦᠶᠦᠳᠡᠭ ᠪᠠᠢᠯ᠎ᠠ᠃ ᠣᠯᠵᠠ ᠶ᠋ᠢᠨ ᠥᠬᠢᠨ ᠬᠠᠭᠠᠨ ᠤ᠋ ᠬᠥᠪᠡᠭᠦᠳ ᠲᠡᠢ ᠬᠣᠯᠪᠣᠭᠳᠠᠬᠤ ᠨᠢ ᠲᠡᠷᠡ᠃
ᠨᠠᠷᠭᠢᠯ ᠤ᠋ᠨ ᠵᠠᠪᠬᠠᠢ ᠵᠠᠢᠳᠠᠩ ᠶᠠᠪᠤᠳᠠᠯ ᠬᠣᠲᠠ ᠬᠦᠷᠢᠶ᠎ᠡ ᠪᠡᠷ ᠨᠢᠭᠡ ᠲᠠᠷᠬᠠᠬᠤ ᠳ᠋ᠤ᠌ ᠤᠭᠰᠠᠭ᠎ᠠ ᠭᠠᠷᠪᠠᠯᠢ᠂ ᠰᠢᠲᠦᠯᠭᠡ ᠨᠢᠭᠡᠲᠡᠢ ᠣᠯᠵᠠᠨ ᠤ᠋ ᠲᠠᠷᠢᠶᠠᠴᠢᠳ ᠲᠡᠭᠦᠨ ᠢ᠋ ᠴᠢᠯᠠᠭᠤ ᠪᠠᠷ ᠰᠢᠳᠡᠭᠰᠡᠭᠡᠷ ᠠᠮᠢ ᠨᠠᠰᠤ ᠶ᠋ᠢ ᠨᠢ ᠪᠦᠷᠢᠯᠭᠡᠭᠰᠡᠨ ᠪᠢᠯᠡ᠃
ᠴᠡᠴᠡᠨ ᠠᠬ᠎ᠠ ᠣᠯᠵᠠ ᠶ᠋ᠢᠨ ᠲᠠᠷᠢᠶᠠᠴᠢᠳ ᠢ᠋ ᠡᠨᠡ ᠶᠠᠪᠤᠳᠠᠯ ᠤ᠋ᠨ ᠤᠯᠠᠮ ᠠ᠋ᠴᠠ ᠨᠢᠭᠡ ᠨᠢᠭᠡ ᠪᠡᠷ ᠲᠠᠰᠢᠭᠤᠷᠳᠠᠨ ᠵᠣᠳᠣᠵᠤ ᠲᠠᠷᠴᠢᠯᠭᠠᠳᠠᠭ ᠪᠠᠢᠯ᠎ᠠ᠃ ᠴᠡᠴᠡᠨ ᠠᠬ᠎ᠠ ᠰᠦᠷ ᠦᠵᠡᠭᠦᠯᠬᠦ ᠳᠤᠷᠠᠲᠠᠢ᠃ ᠴᠡᠴᠡᠨ ᠠᠬ᠎ᠠ ᠲᠡᠰᠢᠶ᠎ᠡ ᠲᠤᠯᠵᠤ ᠬᠠᠩᠬᠠᠯᠵᠠᠨ᠂ ᠲᠠᠰᠢᠭᠤᠷ ᠳᠠᠯᠠᠢᠵᠤ ᠪᠣᠭᠣᠯ ᠤ᠋ᠳ ᠢ᠋ ᠳᠠᠯᠢᠳᠠᠴᠢᠭᠤᠯᠤᠨ ᠤᠰᠤᠨ ᠦᠵᠦᠮ ᠦ᠋ᠨ ᠲᠠᠯᠠᠪᠠᠢ ᠳᠤᠮᠳᠠ ᠠᠯᠬᠤᠨ᠎ᠠ᠃ ᠴᠡᠴᠡᠨ ᠢ᠋ ᠬᠠᠷᠠᠭᠰᠠᠨ ᠣᠯᠵᠠ ᠶ᠋ᠢᠨ ᠲᠠᠷᠢᠶᠠᠴᠢᠳ ᠲᠣᠯᠣᠭᠠᠢ ᠪᠠᠨ ᠬᠠᠭ᠎ᠠ ᠴᠣᠬᠢᠭᠤᠯᠬᠤ ᠦᠭᠡᠢ ᠶ᠋ᠢᠨ ᠲᠤᠯᠠᠳᠠ《ᠬᠠᠭᠠᠨ ᠢᠷᠡᠯ᠎ᠡ᠂ ᠬᠠᠭᠠᠨ ᠶᠠᠪᠤᠵᠤ ᠪᠠᠢᠨ᠎ᠠ》 ᠭᠡᠮᠡᠨ ᠮᠣᠩᠭᠣᠯ ᠬᠡᠯᠡ ᠪᠡᠷ ᠬᠠᠰᠬᠢᠷᠤᠨ᠎ᠠ᠃ ᠴᠡᠴᠡᠨ ᠠᠬ᠎ᠠ ᠶ᠋ᠢᠨ ᠶᠠᠪᠤᠳᠠᠯ ᠡᠴᠢᠭᠡ ᠬᠣᠩ ᠲᠠᠢᠵᠢ ᠶ᠋ᠢᠨ ᠴᠢᠬᠢᠨ ᠳ᠋ᠦ᠍ ᠬᠦᠷᠴᠦ《ᠣᠯᠵᠠ ᠶ᠋ᠢᠨ ᠪᠣᠭᠣᠯ ᠤ᠋ᠳ ᠢ᠋ ᠵᠣᠳᠣᠵᠤ ᠪᠣᠯᠤᠨ᠎ᠠ᠃ ᠬᠠᠷᠢᠨ ᠥᠪᠡᠷ ᠢ᠋ ᠪᠡᠨ ᠬᠠᠭᠠᠨ ᠭᠡᠮᠡᠨ ᠶᠠᠭᠤᠨ ᠳ᠋ᠤ᠌ ᠡᠷᠭᠦᠮᠵᠢᠯᠡᠨ᠎ᠡ ᠪᠣᠢ᠃ ᠡᠷᠡᠭᠦᠯ ᠰᠣᠭᠲᠣᠭᠤ ᠨᠢ ᠮᠡᠳᠡᠭᠳᠡᠬᠦ ᠦᠭᠡᠢ ᠲᠠᠩᠬᠠᠢ ᠵᠠᠩ ᠲᠠᠢ》 ᠭᠡᠮᠡᠨ ᠡᠭᠳᠡᠭᠦᠴᠡᠨ ᠪᠣᠳᠣᠭᠠᠳ᠂
— ᠴᠡᠴᠡᠨ ᠢ᠋ ᠮᠢᠩᠭᠠᠲᠤ ᠴᠡᠷᠢᠭ ᠦ᠋ᠨ ᠨᠣᠶᠠᠨ ᠪᠣᠯᠭᠠᠵᠤ ᠠᠭᠤᠯᠠ ᠶ᠋ᠢᠨ ᠪᠡᠬᠢᠯᠡᠯᠲᠡ ᠳ᠋ᠦ᠍ ᠰᠠᠭᠤᠯᠭ᠎ᠠ ᠭᠡᠵᠦ ᠵᠠᠷᠯᠢᠭᠳᠠᠵᠠᠢ᠃ᠠᠭᠤᠯᠠ ᠶ᠋ᠢᠨ ᠪᠡᠬᠢᠯᠡᠯᠲᠡ ᠪᠣᠯ ᠬᠣᠢᠲᠤ ᠵᠦᠭ ᠲᠦ᠍ ᠳᠠᠯᠠᠢ ᠶ᠋ᠢᠨ ᠰᠠᠮᠠᠭᠤᠨ ᠪᠣᠯᠬᠤ ᠠ᠋ᠴᠠ ᠰᠡᠷᠡᠮᠵᠢᠯᠡᠨ ᠰᠠᠭᠤᠳᠠᠭ ᠴᠡᠷᠢᠭ ᠦ᠋ᠨ ᠬᠦᠷᠢᠶ᠎ᠡ ᠶᠦᠮ᠃ ᠲᠡᠷᠡ ᠴᠡᠷᠢᠭ ᠦ᠋ᠨ ᠬᠦᠷᠢᠶ᠎ᠡ ᠶ᠋ᠢ ᠬᠡᠷᠡᠮ ᠬᠠᠰᠢᠶ᠎ᠠ ᠪᠠᠷ ᠬᠠᠰᠢᠵᠠᠢ᠃ ᠬᠠᠰᠢᠶ᠎ᠠ ᠶ᠋ᠢ ᠴᠢᠯᠠᠭᠤ ᠪᠠᠷ ᠥᠨᠳᠥᠷ ᠭᠡᠭᠴᠢ ᠥᠷᠥᠵᠡᠢ᠃ ᠴᠡᠴᠡᠨ ᠨᠣᠶᠠᠨ ᠵᠢᠯ ᠰᠢᠬᠠᠮ ᠤᠢᠳᠬᠠᠷᠲᠤ ᠪᠡᠬᠢᠯᠡᠯᠲᠡ ᠳ᠋ᠦ᠍ ᠬᠠᠷᠠᠭᠤᠯ ᠤ᠋ᠨ ᠠᠯᠪᠠ ᠬᠠᠰᠢᠭᠠᠳ ᠡᠴᠢᠭᠡ ᠬᠣᠩ ᠲᠠᠢᠵᠢ ᠠ᠋ᠴᠠ ᠭᠣᠶᠣᠭᠰᠠᠭᠠᠷ ᠪᠠᠢᠵᠤ ᠪᠤᠴᠠᠵᠤ ᠢᠷᠡᠪᠡ᠃ ᠴᠡᠴᠡᠨ ᠠᠬ᠎ᠠ ᠶ᠋ᠢᠨ ᠬᠠᠭᠠᠨ ᠪᠣᠯᠬᠤ ᠨᠢᠭᠤᠴᠠ ᠬᠦᠰᠡᠯ ᠣᠪᠣᠯᠵᠠᠨ ᠬᠥᠳᠡᠯᠦᠭᠰᠡᠭᠡᠷ ᠪᠠᠢᠭᠰᠠᠨ ᠶᠤᠮ᠃
ᠭᠤᠷᠪᠠ
ᠨᠠᠷᠭᠢᠯ ᠬᠡᠦᠬᠡᠨ ᠢ᠋ ᠦᠬᠦᠭᠰᠡᠨ ᠦ᠌ ᠳᠠᠷᠠᠭ᠎ᠠ ᠵᠣᠳᠪᠠᠪᠠᠭᠠᠲᠤᠷ ᠬᠡᠭᠡᠷ᠎ᠡ ᠬᠥᠳᠡᠭᠡ ᠪᠡᠷ ᠳᠡᠮᠡᠢ ᠲᠡᠨᠦᠵᠦ ᠮᠣᠷᠢᠳ ᠴᠤᠴᠠᠭᠠᠨ ᠠᠪᠠ ᠬᠣᠮᠣᠷᠭᠠᠨ ᠳ᠋ᠤ᠌ ᠴᠠᠭ ᠢ᠋ ᠦᠷᠡᠨ᠎ᠡ᠃ ᠨᠢᠭᠡ ᠤᠳᠠᠭ᠎ᠠ ᠪᠦᠷᠭᠦᠳ ᠦ᠋ᠨ ᠴᠠᠭᠴᠠᠬᠠᠢ ᠪᠠᠷᠢᠬᠤ ᠪᠠᠷ ᠬᠠᠳᠠ ᠬᠠᠪᠴᠢᠯ ᠠ᠋ᠴᠠ ᠨᠢᠰᠴᠦ ᠦᠬᠦᠬᠦ ᠶ᠋ᠢᠨ ᠳᠠᠪᠠᠭᠠᠨ ᠳᠡᠭᠡᠷ᠎ᠡ ᠭᠠᠯᠳᠠᠮ᠎ᠠ ᠪᠠᠭᠠᠲᠤᠷ ᠪᠤᠭᠤᠢᠯᠢᠳᠠᠨ ᠲᠠᠲᠠᠵᠤ ᠲᠣᠭᠲᠠᠭᠠᠭᠠᠳ ᠠᠮᠢ ᠶ᠋ᠢ ᠨᠢ ᠠᠪᠤᠷᠠᠵᠠᠢ᠃
ᠶᠡᠬᠡ ᠬᠦᠷᠢᠶᠡᠨ ᠳ᠋ᠦ᠍ ᠢᠷᠡᠭᠰᠡᠨ ᠬᠣᠢᠨ᠎ᠠ ᠪᠠᠨ ᠵᠤᠳᠪᠠᠪᠠᠭᠠᠲᠤᠷ ᠨᠣᠶᠠᠨ ᠭᠠᠯᠳᠠᠮ᠎ᠠ ᠪᠠᠭᠠᠲᠤᠷ ᠲᠤ᠌᠂
— ᠪᠢ ᠬᠠᠭᠠᠨ ᠪᠣᠯᠤᠨ᠎ᠠ᠃ᠲᠡᠭᠡᠬᠦ ᠪᠡᠷ ᠢ᠋ᠶ᠋ᠡᠨ ᠴᠢᠮ᠎ᠠ ᠶ᠋ᠢ ᠪᠦᠬᠦ ᠴᠡᠷᠢᠭ ᠦ᠋ᠨ ᠵᠠᠩᠵᠤᠨ ᠳ᠋ᠤ᠌ ᠡᠷᠭᠦᠮᠵᠢᠯᠡᠨ᠎ᠡ᠃ ᠲᠡᠷᠡ ᠬᠦᠷᠲᠡᠯ᠎ᠡ ᠠᠮᠠ ᠪᠠᠨ ᠵᠢᠮᠢᠢᠭᠡᠳ ᠶᠠᠪᠤᠵᠤ ᠪᠠᠢ᠃ ᠬᠠᠳᠠᠨ ᠬᠠᠯᠢᠯ ᠳ᠋ᠤ᠌ ᠪᠣᠯᠤᠭᠰᠠᠨ ᠶᠠᠪᠤᠳᠠᠯ ᠢ᠋ ᠬᠡᠨ ᠳ᠋ᠦ᠍ ᠴᠦ᠍ ᠪᠦᠦ ᠬᠡᠯᠡ ᠭᠡᠵᠡᠢ᠃
ᠪᠦᠷᠭᠦᠳ ᠦ᠋ᠨ ᠴᠠᠭᠴᠠᠬᠠᠢ ᠪᠠᠷᠢᠨ᠎ᠠ ᠭᠡᠳᠡᠭ ᠡᠷ᠎ᠡ ᠵᠣᠷᠢᠭ ᠤ᠋ᠨ ᠰᠤᠷᠭᠠᠭᠤᠯᠢ ᠪᠢᠯᠡ᠃ ᠪᠦᠷᠭᠦᠳ ᠡᠭᠦᠷ ᠢ᠋ᠶ᠋ᠡᠨ ᠬᠠᠳᠠᠨ ᠬᠠᠪᠴᠢᠯ ᠳ᠋ᠤ᠌ ᠵᠠᠰᠠᠨ᠎ᠠ᠃ ᠪᠦᠷᠭᠦᠳ ᠦ᠋ᠨ ᠡᠭᠦᠷ ᠲᠦ᠍ ᠬᠦᠷᠬᠦ ᠵᠠᠮ ᠳᠥᠷᠪᠡᠨ ᠵᠦᠭ ᠡᠴᠡ ᠪᠡᠷᠬᠡ ᠲᠡᠢ᠃ᠳᠡᠭᠡᠷ᠎ᠡ ᠡᠴᠡ ᠨᠢ ᠪᠠᠭᠤᠬᠤ ᠶᠠᠮᠠᠷ ᠴᠤ᠌ ᠠᠷᠭ᠎ᠠ ᠦᠭᠡᠢ᠃ ᠳᠡᠭᠦᠵᠢᠩ ᠢ᠋ᠶ᠋ᠡᠷ ᠡᠭᠦᠷ ᠲᠦ᠍ ᠬᠦᠷᠬᠦ ᠭᠡᠪᠡᠯ ᠬᠠᠳᠠᠨ ᠴᠣᠬᠢᠶ᠎ᠠ ᠬᠠᠯᠬᠠᠯᠠᠨ᠎ᠠ᠃ ᠬᠠᠳᠠᠨ ᠴᠣᠬᠢᠶ᠎ᠠ ᠶ᠋ᠢᠨ ᠣᠷᠣᠭᠰᠢ ᠪᠠᠨ ᠲᠦᠷᠢᠵᠦ ᠲᠣᠭᠲᠠᠭᠰᠠᠨ ᠨᠠᠯᠠᠤ ᠬᠠᠳᠠ ᠳᠡᠭᠦᠵᠢᠩ ᠡᠴᠡ ᠬᠥᠨᠳᠡᠢᠷᠡᠭᠦᠯᠵᠦ ᠡᠭᠦᠷ ᠲᠦ᠍ ᠬᠦᠷᠬᠦ ᠨᠥᠬᠥᠴᠡᠯ ᠦᠭᠡᠢ ᠪᠣᠯᠭᠠᠳᠠᠭ᠃
ᠪᠠᠷᠠᠭᠤᠨ ᠪᠣᠯᠤᠨ ᠵᠡᠭᠦᠨ ᠲᠠᠯ᠎ᠠ ᠠ᠋ᠴᠠ ᠬᠠᠳᠠᠨ ᠬᠢᠰᠠᠭ᠎ᠠ ᠶ᠋ᠢ ᠭᠡᠵᠢᠯᠡᠭᠥᠷᠳᠡᠨ ᠶᠠᠪᠤᠬᠤ ᠪᠥᠭᠡᠰᠦ ᠢᠷᠮᠡᠭ ᠦᠭᠡᠢ ᠣᠯᠢᠭᠠᠷ ᠬᠠᠳᠠᠨ ᠳ᠋ᠤ᠌ ᠬᠦᠷᠴᠦ ᠭᠤᠯᠠᠰᠴᠤ ᠦᠬᠦᠬᠦ ᠠᠶᠤᠯᠲᠠᠢ᠃
ᠬᠠᠮᠤᠭ ᠤ᠋ᠨ ᠨᠠᠢᠳᠠᠪᠤᠷᠢᠲᠠᠢ ᠵᠠᠮ ᠨᠢ ᠳᠣᠣᠷ᠎ᠠ ᠠ᠋ᠴᠠ ᠳᠡᠭᠡᠭᠰᠢ ᠥᠭᠰᠥᠬᠦ ᠪᠣᠯᠠᠢ᠃ ᠥᠭᠰᠥᠨ ᠥᠭᠰᠥᠭᠰᠡᠭᠡᠷ ᠡᠭᠦᠷ ᠲᠦ᠍ ᠬᠦᠷᠦᠭᠰᠡᠨ ᠬᠣᠢᠨ᠎ᠠ ᠪᠠᠨ ᠡᠷᠭᠢᠵᠦ ᠪᠠᠭᠤᠬᠤ ᠨᠢ ᠨᠢᠰᠴᠦ ᠦᠬᠦᠬᠦ ᠠᠶᠤᠯ ᠠᠪᠴᠢᠷᠠᠨ᠎ᠠ᠃ ᠵᠤᠳᠪᠠᠪᠠᠭᠠᠲᠤᠷ ᠨᠣᠶᠠᠨ ᠤ᠋ ᠨᠢᠰᠦᠭᠰᠡᠨ ᠬᠠᠳᠠᠨ ᠬᠠᠯᠢᠯ ᠤ᠋ᠨ ᠢᠷᠣᠭᠠᠷ ᠲᠤ᠌ ᠬᠡᠳᠦ ᠬᠡᠳᠦᠨ ᠪᠣᠭᠣᠯ ᠤ᠋ᠨ ᠥᠭᠢᠷᠡᠭᠰᠡᠨ ᠶᠠᠰᠤ ᠴᠠᠢᠷᠠᠵᠤ ᠪᠠᠢᠳᠠᠭ᠃ ᠡᠴᠢᠭᠡ ᠬᠣᠩ ᠲᠠᠢᠵᠢ ᠵᠤᠳᠪᠠᠪᠠᠭᠠᠲᠤᠷ ᠤ᠋ᠨ ᠪᠦᠷᠭᠦᠳ ᠢ᠋ ᠬᠠᠷᠠᠵᠤ ᠰᠠᠢᠰᠢᠶᠠᠭᠠᠳ᠂
— ᠬᠥᠪᠡᠭᠦᠨ ᠥᠪᠡᠷ ᠦ᠋ᠨ ᠭᠠᠷ ᠢ᠋ᠶ᠋ᠠᠷ ᠪᠠᠷᠢᠭᠰᠠᠨ ᠭᠡᠪᠡ ᠤᠤ ᠭᠡᠪᠡ᠃
— ᠡᠴᠢᠭᠡ ᠲᠠᠨ ᠳ᠋ᠤ᠌ ᠪᠡᠯᠡᠭᠯᠡᠬᠦ ᠭᠡᠵᠦ ᠠᠪᠴᠢᠷᠠᠭᠰᠠᠨ ᠪᠢᠯᠡ ᠭᠡᠮᠡᠨ ᠵᠤᠳᠪᠠᠪᠠᠭᠠᠲᠤᠷ ᠵᠢᠱ᠌ᠢᠮᠡ ᠦᠭᠡᠢ ᠥᠭᠦᠯᠡᠵᠡᠢ᠃
ᠡᠴᠢᠭᠡ ᠬᠣᠩ ᠲᠠᠢᠵᠢ ᠪᠡᠶᠡᠰᠦᠨ᠂
— ᠪᠦᠷᠭᠦᠳ ᠲᠡᠭᠷᠢ ᠭᠠᠵᠠᠷ ᠤ᠋ᠨ ᠠᠮᠢᠲᠠᠨ ᠭᠡᠮᠡᠨ ᠭᠥᠪᠳᠥᠨᠡᠪᠡ᠃
— ᠡᠴᠢᠭᠡ ᠲᠠ ᠶᠠᠭᠠᠬᠢᠭᠠᠳ ᠭᠠᠵᠠᠷ ᠤ᠋ᠨ ᠠᠮᠢᠲᠠᠨ ᠭᠡᠪᠡ ᠭᠡᠵᠦ ᠵᠤᠳᠪᠠᠪᠠᠭᠠᠲᠤᠷ ᠠᠰᠠᠭᠤᠪᠠ᠃
— ᠭᠠᠵᠠᠷ ᠲᠤ᠌ ᠲᠥᠷᠥᠳᠡᠭ ᠪᠤᠰᠤ ᠤᠤ ᠭᠡᠵᠦ ᠬᠣᠩ ᠲᠠᠢᠵᠢ ᠥᠭᠦᠯᠡᠪᠡ᠃ ᠪᠦᠷᠭᠦᠳ ᠦ᠋ᠨ ᠴᠠᠭᠴᠠᠬᠠᠢ ᠭᠠᠵᠠᠷ ᠤ᠋ᠨ ᠬᠡᠪᠡᠯᠢ ᠳ᠋ᠦ᠍ ᠡᠭᠦᠷ ᠲᠡᠭᠡᠨ ᠥᠨᠳᠡᠭᠡᠯᠡᠳᠡᠭ ᠪᠢᠯᠡ᠃ ᠪᠦᠷᠭᠦᠳ ᠭᠠᠵᠠᠷ ᠲᠤ᠌ ᠲᠥᠷᠥᠵᠦ᠂ ᠲᠡᠭᠷᠢ ᠳ᠋ᠦ᠍ ᠥᠲᠡᠯᠳᠡᠭ ᠵᠢᠭᠦᠷᠲᠡᠨ᠂ ᠪᠦᠷᠭᠦᠳ ᠦ᠋ᠨ ᠴᠠᠭᠴᠠᠬᠠᠢ ᠪᠠᠷᠢᠵᠤ ᠲᠡᠵᠢᠭᠡᠬᠦ ᠨᠢ ᠣᠢᠷᠠᠳ ᠲᠤ᠌ ᠡᠷ᠎ᠡ ᠵᠣᠷᠢᠭ᠂ ᠠᠵᠠ ᠬᠡᠢᠮᠣᠷᠢ ᠶᠤᠮ᠃
ᠡᠴᠢᠭᠡ ᠬᠣᠩ ᠲᠠᠢᠵᠢ ᠬᠣᠶᠠᠳᠤᠭᠠᠷ ᠬᠥᠪᠡᠭᠦᠨ ᠵᠤᠳᠪᠠᠪᠠᠭᠠᠲᠤᠷ ᠲᠤ᠌ ᠬᠠᠨᠳᠤᠵᠤ᠂
— ᠪᠦᠷᠭᠦᠳ ᠪᠡᠯᠡᠭᠯᠡᠬᠦ ᠭᠡᠰᠡᠨ ᠬᠥᠪᠡᠭᠦᠨ ᠦ᠌ ᠰᠠᠨᠠᠭ᠎ᠠ ᠳ᠋ᠤ᠌ ᠲᠠᠯᠠᠷᠬᠠᠯ᠎ᠠ᠃ ᠨᠠᠮᠠᠶ᠋ᠢ ᠵᠠᠭᠤᠲᠤ ᠴᠡᠷᠢᠭ᠂ ᠵᠠᠭᠤᠨ ᠪᠦᠷᠭᠦᠳ ᠬᠠᠮᠠᠭᠠᠯᠠᠨ ᠳᠠᠭᠠᠬᠤ ᠲᠤᠯᠠ ᠬᠥᠪᠡᠭᠦᠨ ᠴᠢ ᠥᠪᠡᠷ ᠦ᠋ᠨ ᠪᠦᠷᠭᠦᠳ ᠲᠡᠢ ᠪᠣᠯ᠃ ᠥᠪᠡᠷ ᠦ᠋ᠨ ᠪᠦᠷᠭᠦᠳ ᠲᠡᠢ ᠬᠥᠮᠦᠨ ᠬᠣᠯᠠ ᠭᠠᠵᠠᠷ ᠣᠳᠴᠤ ᠨᠢᠳᠦ ᠲᠠᠢᠯᠬᠤ ᠤᠴᠢᠷ ᠲᠠᠢ᠂ ᠴᠢᠮᠠᠶ᠋ᠢ ᠬᠥᠬᠡᠨᠠᠭᠤᠷ ᠤ᠋ᠨ ᠴᠡᠷᠢᠭ ᠦ᠋ᠨ ᠬᠦᠷᠢᠶ᠎ᠡ ᠶ᠋ᠢ ᠪᠡᠬᠢᠵᠢᠭᠦᠯᠬᠦ ᠠᠵᠢᠯ ᠳ᠋ᠤ᠌ ᠵᠢᠳᠬᠦᠭᠦᠯᠦᠨᠡ᠃ ᠲᠡᠨᠳᠡ ᠰᠢᠯᠭᠠᠷᠠᠬᠤ ᠠᠪᠠᠰᠤ ᠣᠢᠷᠠᠳ ᠤ᠋ᠨ ᠶᠡᠬᠡ ᠴᠡᠷᠢᠭ ᠲᠦ᠍ ᠨᠣᠶᠠᠨ ᠰᠠᠭᠤᠨ᠎ᠠ ᠭᠡᠯᠡ᠃ ᠵᠣᠳᠪᠠᠪᠠᠭᠠᠲᠤᠷ ᠠᠬ᠎ᠠ ᠶ᠋ᠢᠨ ᠬᠣᠣᠷ ᠰᠢᠷ᠎ᠠ ᠬᠥᠳᠡᠯᠵᠦ᠂
—ᠡᠴᠢᠭᠡ ᠲᠠ ᠨᠠᠮᠠᠶ᠋ᠢ ᠶᠡᠬᠡ ᠬᠦᠷᠢᠶᠡᠨ ᠭᠠᠳᠠᠨ᠎ᠠ ᠭᠠᠷᠭᠠᠪᠠ᠃ ᠬᠡᠨ ᠦ᠌ ᠬᠠᠳᠬᠤᠯᠭ᠎ᠠ ᠪᠠᠢᠭᠰᠠᠨ ᠴᠤ᠌ ᠪᠢ ᠬᠥᠬᠡᠨᠠᠭᠤᠷ ᠲᠤ᠌ ᠰᠠᠭᠤᠶ᠎ᠠ᠃ ᠨᠠᠮᠠᠶ᠋ᠢ ᠲᠠ ᠦᠯᠦ ᠲᠣᠭᠣᠪᠠ ᠭᠡᠮᠡᠨ ᠭᠣᠮᠣᠳᠠᠯᠯᠠᠵᠠᠢ᠃ ᠭᠣᠮᠣᠳᠠᠯ ᠤ᠋ᠨ ᠬᠠᠷ᠎ᠠ ᠦᠶᠡᠷ ᠵᠣᠳᠪᠠᠪᠠᠭᠠᠲᠤᠷ ᠤ᠋ᠨ ᠴᠡᠭᠡᠵᠢᠨ ᠳᠤᠮᠳᠠᠭᠤᠷ ᠤᠷᠤᠰᠪᠠ᠃ ᠵᠣᠳᠪᠠᠪᠠᠭᠠᠲᠤᠷ ᠡᠴᠢᠭᠡ ᠬᠣᠩ ᠲᠠᠢᠵᠢ ᠶ᠋ᠢᠨ ᠢ᠋ᠶ᠋ᠡᠨ ᠢᠪᠡᠭᠡᠯ ᠳ᠋ᠦ᠍ ᠪᠠᠭᠲᠠᠵᠤ ᠤᠯᠠᠮ ᠢ᠋ᠶ᠋ᠠᠷ ᠵᠡᠭᠦᠨᠭᠠᠷ ᠤ᠋ᠨ ᠬᠠᠭᠠᠨᠲᠤ ᠤᠯᠤᠰ ᠤ᠋ᠨ ᠡᠮᠬᠢᠯᠩᠳᠡᠡ ᠪᠣᠢ ᠭᠠᠯ ᠭᠣᠯᠣᠮᠲᠠ ᠳ᠋ᠤ᠌ ᠡᠵᠡᠨ ᠰᠠᠭᠤᠬᠤ ᠬᠦᠰᠡᠯ ᠲᠡᠢ ᠪᠠᠢᠯ᠎ᠠ᠃
ᠳᠥᠷᠪᠡ
ᠰᠡᠪᠳᠡᠨᠵᠠᠯ ᠤ᠋ᠨ ᠡᠬᠡ ᠬᠣᠲᠣᠩ ᠪᠦᠰᠡᠭᠦᠢ ᠪᠠᠢᠪᠠ᠃ ᠬᠣᠲᠣᠩ ᠬᠡᠦᠬᠡᠨ ᠬᠣᠶᠠᠷᠳᠠᠬᠢ ᠬᠡᠦᠬᠡᠳ ᠢ᠋ᠶ᠋ᠡᠨ ᠲᠥᠷᠥᠭᠦᠯᠵᠦ ᠴᠢᠳᠠᠯ ᠦᠭᠡᠢ ᠰᠠᠪᠠᠨ ᠤ᠋ ᠬᠠᠯᠠᠭᠤᠨ ᠢ᠋ᠶ᠋ᠠᠷ ᠥᠭᠡᠳᠡ ᠪᠣᠯᠵᠠᠢ᠃ ᠰᠡᠪᠳᠡᠨᠵᠡᠯ ᠪᠠᠭᠠᠠ᠋ᠴᠠ ᠪᠠᠨ ᠡᠴᠢᠭᠡ ᠬᠣᠩ ᠲᠠᠢᠵᠢ ᠶ᠋ᠢᠨ ᠦᠭᠡᠨ ᠡᠴᠡ ᠵᠥᠷᠢᠵᠦ᠂ ᠨᠤᠲᠤᠭ ᠬᠣᠰᠢᠭᠤ ᠵᠠᠬᠢᠷᠬᠤ ᠶ᠋ᠢ ᠬᠦᠰᠡᠵᠡᠢ᠃
ᠵᠥᠷᠢᠭᠦᠳ ᠬᠥᠪᠡᠭᠦᠨ ᠢ᠋ ᠡᠴᠢᠭᠡ ᠲᠠᠰᠢᠭᠤᠷ ᠢ᠋ᠶ᠋ᠠᠷ ᠢ᠋ᠶ᠋ᠠᠨ ᠵᠠᠯᠬᠠᠭᠠᠬᠤ ᠭᠡᠰᠡᠨ ᠪᠣᠯᠪᠠᠴᠤ ᠲᠡᠭᠦᠨ ᠡᠴᠡ ᠡᠰᠡ ᠶᠠᠭᠤᠮ᠎ᠠ ᠪᠣᠯᠵᠠᠢ᠃ ᠰᠡᠪᠳᠡᠨᠵᠠᠯ ᠡᠴᠢᠭᠡ ᠶ᠋ᠢᠨ ᠠᠮᠢᠳᠤ ᠠᠬᠤᠢ ᠳ᠋ᠤ᠌ ᠰᠠᠬᠠᠯ ᠤᠷᠭᠤᠭᠤᠯᠵᠤ᠂ ᠬᠣᠶᠠᠷ ᠡᠬᠡᠨᠡᠷ ᠠᠪᠴᠠᠢ᠃ ᠰᠡᠪᠳᠡᠨᠵᠠᠯ ᠢᠮᠠᠭᠲᠠ ᠨᠢᠭᠤᠭᠳᠠᠵᠤ ᠶᠠᠪᠤᠨ᠎ᠠ᠃ ᠰᠡᠪᠳᠡᠨᠵᠠᠯ ᠭᠠᠯᠳᠠᠨ ᠳ᠋ᠤ᠌ ᠦᠮᠡᠬᠡᠢ ᠬᠦᠷᠡᠨ᠎ᠡ ᠰᠢᠭ ᠰᠠᠨᠠᠭᠳᠠᠳᠠᠭ ᠪᠠᠢᠯ᠎ᠠ᠃ ᠰᠠᠨᠠᠭ᠎ᠠ ᠨᠢ ᠦᠮᠡᠬᠡᠢ ᠁
ᠰᠡᠪᠳᠡᠨᠵᠠᠯ ᠠᠬ᠎ᠠ ᠶ᠋ᠢᠨ ᠵᠠᠮ ᠭᠠᠯᠳᠠᠨ ᠲᠠᠢ ᠲᠠᠷᠰᠯᠡᠳᠡᠨ ᠣᠭᠲᠣᠯᠤᠯᠴᠠᠵᠤ᠂ ᠪᠡᠶ᠎ᠡ ᠪᠡᠨ ᠤᠲᠤᠵᠤ᠂ ᠴᠢᠭᠤᠯᠭᠠᠨ ᠬᠤᠷᠠᠯᠳᠤᠬᠤ ᠳ᠋ᠤ᠌ ᠰᠦᠷᠭᠦᠯᠳᠦᠵᠦ ᠶᠠᠪᠤᠭᠰᠠᠭᠠᠷ ᠡᠴᠦᠰ ᠲᠡᠭᠡᠨ ᠭᠤᠨᠢᠭᠲᠠᠢ ᠪᠠᠷ ᠲᠡᠭᠦᠰᠦᠨ᠎ᠡ ᠭᠡᠳᠡᠭ ᠢ᠋ ᠲᠥᠰᠦᠭᠡᠯᠡᠵᠦ ᠪᠠᠢᠯ᠎ᠠ᠃
ᠭᠠᠯᠳᠠᠨ ᠤ᠋ ᠲᠡᠮᠳᠡᠭᠯᠡᠯ ᠦ᠋ᠨ ᠬᠠᠮᠤᠭ ᠤ᠋ᠨ ᠠᠲᠠᠷᠠᠮᠠᠭᠠ ᠲᠠᠢ ᠬᠠᠭᠤᠳᠠᠰᠤ ᠰᠡᠪᠳᠡᠨᠵᠠᠯ ᠳ᠋ᠤ᠌ ᠵᠣᠷᠢᠭᠤᠯᠤᠭᠳᠠᠬᠤ ᠪᠢᠯᠡ᠃ ᠰᠡᠪᠳᠡᠨᠵᠠᠯ ᠤ᠋ᠨ ᠪᠠᠢᠳᠠᠯ ᠢ᠋ ᠮᠠᠨᠵᠤ ᠶ᠋ᠢᠨ ᠡᠯᠴᠢ ᠲᠤᠷᠰᠢᠭᠤᠯ ᠤ᠋ᠳ ᠡᠷᠲᠡᠨ ᠡᠴᠡ ᠮᠡᠳᠡᠵᠡᠢ᠃ ᠰᠡᠪᠳᠡᠨᠵᠠᠯ ᠬᠡᠦᠬᠡᠨ ᠳ᠋ᠦ᠍ ᠳᠤᠷᠠᠲᠠᠢ ᠪᠠᠢᠯ᠎ᠠ᠃ ᠰᠡᠪᠳᠡᠨᠵᠠᠯ ᠤ᠋ᠨ ᠬᠡᠦᠬᠡᠮᠰᠦᠭ ᠢ᠋ ᠮᠠᠨᠵᠤ ᠶ᠋ᠢᠨ ᠲᠠᠯ᠎ᠠ ᠠᠰᠢᠭᠯᠠᠵᠤ ᠴᠢᠳᠠᠭᠰᠠᠨ ᠶᠤᠮ᠃
ᠡᠴᠢᠭᠡ ᠬᠣᠩ ᠲᠠᠢᠵᠢ ᠰᠡᠪᠳᠡᠨᠵᠠᠯ ᠢ᠋ ᠨᠢᠳᠦᠨ ᠡᠴᠡ ᠪᠡᠨ ᠬᠣᠯᠠ ᠪᠠᠢᠯᠭᠠᠬᠤ ᠰᠠᠨᠠᠭ᠎ᠠ ᠲᠠᠢ ᠪᠣᠯᠪᠠᠴᠤ ᠢᠮᠠᠭᠲᠠ ᠡᠴᠢᠭᠡ ᠶ᠋ᠢᠨ ᠨᠢᠳᠦᠨ ᠳ᠋ᠦ᠍ ᠥᠷᠭᠡᠰᠦ ᠮᠡᠲᠦ ᠳᠣᠷᠣᠭᠰᠠᠭᠠᠷ ᠪᠥᠯᠥᠭᠡ᠃ ᠰᠡᠪᠳᠡᠨᠵᠠᠯ ᠲᠤᠯᠤᠯᠳᠤᠭᠠᠨ ᠳ᠋ᠤ᠌ ᠨᠢᠭᠤᠭᠳᠠᠵᠤ ᠠᠮᠢᠳᠤ ᠦᠯᠡᠳᠡᠨ᠎ᠡ᠃ ᠡᠨᠡ ᠠᠬ᠎ᠠ ᠶ᠋ᠢᠨ ᠡᠨᠳᠡ ᠮᠥᠷ ᠦ᠋ᠨ ᠵᠠᠩ ᠪᠤᠷᠬᠠᠨ ᠤ᠋ ᠰᠤᠷᠭᠠᠯ ᠢ᠋ᠶ᠋ᠠᠷ ᠪᠤᠷᠤᠭᠤ ᠡᠷᠭᠢᠵᠡᠢ᠃ ᠰᠡᠪᠳᠡᠡᠵᠠᠯ ᠢ᠋ ᠡᠴᠢᠭᠡ ᠬᠣᠩ ᠲᠠᠢᠵᠢ ᠶ᠋ᠢᠨ ᠪᠠᠭ᠎ᠠ ᠬᠠᠲᠤᠨ ᠠᠮᠢᠨᠳᠠᠷ᠎ᠠ ᠲᠠᠢ ᠨᠡᠢᠯᠡᠭᠦᠯᠦᠭᠰᠡᠨ ᠡᠴᠡ ᠬᠣᠢᠰᠢ ᠠᠷᠤ ᠬᠠᠯᠬ᠎ᠠ᠂ ᠬᠥᠬᠡᠨᠠᠭᠤᠷ ᠢ᠋ᠶ᠋ᠠᠷ ᠳᠠᠮᠵᠢᠨ ᠮᠠᠨᠵᠤ ᠨᠤᠭᠤᠳ ᠲᠡᠢᠰᠢ ᠪᠡᠯᠡᠭ ᠬᠦᠷᠭᠡᠵᠦ ᠵᠢᠶᠦ᠋ᠨ ᠸᠠᠩ ᠴᠣᠯᠠ ᠠᠪᠴᠤ ᠥᠪᠡᠷ ᠦ᠋ᠨ ᠬᠣᠰᠢᠭᠤ ᠲᠠᠢ ᠪᠣᠯᠤᠭᠰᠠᠨ ᠴᠤ᠌ ᠰᠡᠳᠬᠢᠯ ᠬᠠᠨᠤᠭᠰᠠᠨ ᠦᠭᠡᠢ᠃
ᠭᠠᠯᠳᠠᠨ ᠢ᠋ ᠲᠥᠪᠡᠳ ᠡᠴᠡ ᠢᠷᠡᠭᠰᠡᠨ ᠡᠴᠡ ᠬᠣᠢᠰᠢ ᠰᠡᠪᠳᠡᠨᠵᠠᠯ ᠠᠬ᠎ᠠ ᠮᠠᠨᠵᠤ ᠤᠷᠤᠭᠤ ᠣᠳᠤᠭᠰᠠᠨ ᠰᠤᠷᠠᠭ ᠢ᠋ᠶ᠋ᠠᠷ ᠪᠡᠶ᠎ᠡ ᠲᠡᠰᠦᠷᠡᠴᠦ ᠪᠠᠢᠪᠠ᠃ ᠬᠥᠬᠡᠬᠣᠲᠠ ᠶ᠋ᠢᠨ ᠬᠦᠷᠢᠶᠡᠨ ᠳ᠋ᠦ᠍ ᠰᠠᠭᠤᠳᠠᠭ ᠢᠯᠠᠭᠤᠭᠰᠠᠨ ᠬᠤᠲᠤᠭᠲᠤ ᠵᠠᠬᠢᠳᠠᠯ ᠳ᠋ᠠᠭᠠᠨ《ᠰᠡᠪᠳᠡᠨᠵᠠᠯ ᠰᠡᠵᠢᠭ ᠲᠥᠷᠥᠭᠦᠯᠵᠦ ᠪᠠᠢᠨ᠎ᠠ᠃ ᠮᠠᠨᠵᠤ ᠶ᠋ᠢᠨ ᠬᠠᠭᠠᠨ ᠳ᠋ᠤ᠌ ᠲᠣᠯᠢᠭᠠᠨᠠᠬᠤ ᠶᠡᠬᠡᠰᠪᠡ᠃ ᠡᠩᠬᠡ ᠠᠮᠤᠭᠤᠯᠠᠩ ᠬᠠᠭᠠᠨ ᠵᠠᠬᠢᠶ᠎ᠠ ᠳᠠᠭᠠᠭᠠᠯᠭᠠᠪᠤᠷᠢ ᠥᠭᠳᠡᠭ ᠪᠣᠯᠤᠯᠲᠠᠢ᠃ ᠬᠡᠷᠪᠡ ᠸᠴᠢᠷᠳᠦ ᠰᠡᠴᠡᠨ ᠬᠠᠭᠠᠨ ᠴᠤᠭᠯᠠᠭᠠᠨ ᠳᠠᠷᠤᠭ᠎ᠠ ᠶ᠋ᠢᠨ ᠡᠷᠬᠡ ᠪᠡᠨ ᠪᠦᠷᠢᠮᠦᠰᠦᠨ ᠠᠯᠳᠠᠬᠤ ᠠᠪᠠᠰᠤ ᠰᠠᠪᠳᠠᠨᠵᠠᠯ ᠡᠪᠦᠭᠡᠨ ᠬᠠᠭᠠᠨ ᠢ᠋ ᠪᠤᠷᠤᠭᠤ ᠴᠢᠭ ᠲᠦ᠍ ᠬᠥᠲᠥᠯᠵᠦ ᠮᠠᠭᠠᠳ᠃ ᠮᠠᠨᠵᠤ ᠶ᠋ᠢᠨ ᠬᠠᠭᠠᠨ ᠤ᠋ ᠬᠣᠲᠠ ᠬᠦᠷᠢᠶᠡᠨ ᠳ᠋ᠦ᠍ ᠰᠠᠪᠳᠠᠨᠵᠠᠯ ᠬᠡᠳᠦᠢ ᠳ᠋ᠦ᠍ ᠪᠠᠭᠤᠳᠠᠯᠯᠠᠵᠤ ᠬᠡᠳᠦᠢ ᠳ᠋ᠦ᠍ ᠪᠤᠴᠠᠵᠤ ᠪᠠᠢᠭ᠎ᠠ ᠶ᠋ᠢ ᠮᠠᠨ ᠤ᠋ ᠬᠢᠨ ᠦ᠌ ᠬᠥᠮᠦᠰ ᠰᠠᠢᠲᠤᠷ ᠲᠡᠩᠨᠡᠵᠦ ᠪᠠᠢᠭ᠎ᠠ ᠲᠤᠯᠠ ᠰᠡᠳᠬᠢᠯ ᠢ᠋ᠶ᠋ᠡᠨ ᠪᠦᠦ ᠴᠢᠯᠡᠭᠡ᠃ ᠪᠤᠷᠬᠠᠨ ᠤ᠋ ᠣᠯᠠᠨ ᠱᠠᠪᠢ ᠨᠠᠷ ᠬᠤᠪᠢᠯᠭᠠᠨ ᠲᠠᠨ ᠳ᠋ᠤ᠌ ᠲᠤᠰᠠᠯᠠᠬᠤ ᠳ᠋ᠤ᠌ ᠪᠡᠯᠡᠨ》 ᠭᠡᠵᠦ ᠥᠭᠦᠯᠡᠵᠡᠢ᠃
ᠲᠠᠪᠤ
ᠠᠬ᠎ᠠ ᠪᠠᠨᠳᠢᠷ ᠶᠣᠰᠣ ᠲᠣᠮᠣᠭ᠎ᠠ ᠲᠠᠢ᠂ ᠭᠦᠳᠦᠰ ᠰᠢᠯᠤᠭᠤᠨ ᠵᠠᠩ ᠲᠠᠢ᠂ ᠬᠤᠤᠳᠤᠤ ᠶᠠᠪᠤᠳᠠᠯ ᠳ᠋ᠤ᠌ ᠳᠤᠷ᠎ᠠ ᠦᠭᠡᠢ ᠨᠢᠭᠡᠨ ᠪᠠᠢᠪᠠ᠃ ᠪᠡᠨᠳᠢᠷ ᠦ᠋ᠨ ᠠᠴᠢ ᠽᠡᠮᠪᠡᠯ ᠶᠠᠭ ᠦᠭᠡᠢ ᠬᠣᠣᠷ ᠰᠢᠷ᠎ᠠ ᠲᠠᠢ᠂ ᠡᠷᠡᠰᠬᠥᠳ ᠬᠥᠪᠡᠭᠦᠨ ᠪᠥᠭᠡᠳ ᠰᠠᠪᠳᠠᠨᠵᠠᠯ ᠤ᠋ᠨ ᠵᠠᠰᠠᠭ ᠢ᠋ ᠵᠠᠯᠭᠠᠮᠵᠢᠯᠠᠭᠴᠢ ᠪᠣᠯᠬᠤ ᠨᠢ ᠲᠣᠳᠣᠷᠬᠠᠢ ᠪᠣᠯᠪᠠ᠃
ᠪᠠᠨᠳᠢᠷ ᠠᠬ᠎ᠠ ᠴᠡᠷᠢᠭ ᠦ᠋ᠨ ᠠᠯᠪᠠᠨ ᠳ᠋ᠤ᠌ ᠵᠠᠭᠤᠲᠤ ᠳᠠᠷᠤᠭᠠᠯᠠᠵᠤ ᠣᠯᠠᠨ ᠤᠳᠠᠭ᠎ᠠ ᠲᠤᠯᠤᠯᠳᠤᠭᠠᠨ ᠳ᠋ᠤ᠌ ᠣᠷᠣᠯᠴᠠᠭᠰᠠᠨ ᠪᠢᠯᠡ᠃ ᠨᠢᠭᠡ ᠤᠳᠠᠭ᠎ᠠ ᠶ᠋ᠢᠨ ᠲᠤᠯᠤᠯᠳᠤᠭᠠᠨ ᠳ᠋ᠤ᠌ ᠪᠠᠨᠳᠢᠷ ᠠᠬ᠎ᠠ ᠵᠡᠭᠦᠨ ᠨᠢᠳᠦᠨ ᠡᠴᠡ ᠪᠡᠨ ᠰᠠᠯᠪᠠ᠃ ᠵᠡᠭᠦᠨ ᠨᠢᠳᠦ ᠪᠡᠨ ᠰᠣᠬᠣᠷᠠᠭᠰᠠᠨ ᠤ᠋ ᠳᠠᠷᠠᠭ᠎ᠠ ᠪᠠᠨᠳᠢᠷ ᠠᠬ᠎ᠠ ᠬᠠᠭᠠᠨ ᠤ᠋ ᠣᠲᠣᠭ ᠤ᠋ᠨ ᠮᠠᠯ ᠠᠬᠤᠢ ᠶ᠋ᠢ ᠪᠦᠷᠢᠳᠬᠡᠨ ᠵᠠᠬᠢᠷᠴᠤ ᠪᠠᠢᠯ᠎ᠠ᠃
ᠪᠠᠨᠳᠢᠷ ᠠᠬ᠎ᠠ ᠳᠥᠷᠪᠡᠨ ᠬᠥᠪᠡᠭᠦᠨ ᠲᠡᠢ᠂ ᠲᠣᠮᠣ ᠬᠥᠪᠡᠭᠦᠨ ᠪᠤᠬᠠᠷ ᠣᠷᠴᠢᠮ ᠳ᠋ᠤ᠌ ᠠᠮᠢ ᠦᠷᠡᠭᠳᠡᠭᠰᠡᠨ ᠪᠥᠭᠡᠳ ᠬᠣᠶᠠᠳᠤᠭᠠᠷ ᠬᠥᠪᠡᠭᠦᠨ ᠨᠢ ᠽᠡᠮᠪᠡᠯ ᠲᠠᠢᠵᠢ ᠶᠤᠮ᠃ ᠽᠡᠮᠪᠡᠯ ᠲᠠᠢᠵᠢ ᠲᠠᠪᠤᠨ ᠨᠠᠰᠤᠲᠠᠢ ᠳ᠋ᠠᠭᠠᠨ ᠲᠣᠳᠣ ᠪᠢᠴᠢᠭ ᠰᠤᠷᠴᠤ ᠭᠠᠯᠳᠠᠨ ᠳ᠋ᠤ᠌ ᠵᠠᠬᠢᠳᠠᠯ ᠢᠯᠡᠭᠡᠵᠦ ᠪᠠᠢᠪᠠ᠃ ᠽᠡᠮᠪᠡᠯ ᠬᠠᠭᠠᠨ ᠠᠪᠠᠭ᠎ᠠ ᠲᠠᠨ ᠤ᠋ ᠨᠡᠷ᠎ᠡ ᠰᠦᠷ ᠣᠢᠷᠢᠳ ᠤ᠋ᠳ ᠢ᠋ ᠳᠠᠷᠤᠩᠭᠤᠢᠯᠠᠪᠠ᠃ ᠪᠢ ᠲᠠᠨ ᠰᠢᠭ᠋ ᠨᠡᠷ᠎ᠡ ᠲᠡᠢ᠂ ᠰᠦᠷ ᠲᠡᠢ ᠪᠣᠯᠬᠤ ᠶᠤᠮᠰᠠᠨ ᠭᠡᠮᠡᠨ ᠪᠢᠴᠢᠭᠰᠡᠨ ᠶᠦᠮ᠃
ᠵᠢᠷᠭᠤᠭ᠎ᠠ
ᠵᠣᠷᠢᠭᠲᠤ ᠬᠣᠰᠢᠭᠤᠴᠢ ᠠᠬ᠎ᠠ ᠲᠥᠷᠥᠭᠰᠡᠨ ᠡᠴᠢᠭᠡ ᠡᠷᠳᠡᠨᠢᠪᠠᠭᠠᠲᠤᠷ ᠬᠣᠩ ᠲᠠᠢᠵᠢ ᠲᠠᠢ ᠵᠢᠷᠤᠭ ᠰᠢᠭ᠋ ᠠᠳᠠᠯᠢᠬᠠᠨ ᠪᠠᠢᠯ᠎ᠠ᠃ ᠵᠣᠷᠢᠭᠲᠤ ᠬᠣᠰᠢᠭᠤᠴᠢ ᠠᠬ᠎ᠠ ᠳ᠋ᠤ᠌ ᠠᠵᠠ ᠳᠤᠲᠠᠪᠠ᠃ ᠲᠡᠭᠦᠨ ᠳ᠋ᠦ᠍ ᠬᠥᠪᠡᠭᠦᠨ ᠵᠠᠶᠠᠭᠠᠭᠰᠠᠨ ᠦᠭᠡᠢ᠃ ᠭᠤᠷᠪᠠᠨ ᠡᠬᠡᠨᠡᠷ ᠡᠴᠡ ᠳᠣᠯᠣᠭ᠎ᠠ᠂ ᠳᠣᠯᠣᠭᠠᠨ ᠥᠬᠢᠨ ᠲᠥᠷᠥᠵᠡᠢ᠃ ᠵᠣᠷᠢᠭᠲᠤ ᠬᠣᠰᠢᠭᠤᠴᠢ ᠠᠬ᠎ᠠ᠂
— ᠪᠢ ᠬᠣᠷᠢᠨ ᠨᠢᠭᠡᠨ ᠳ᠋ᠠᠷ᠎ᠠ ᠡᠬᠡ ᠭᠡᠵᠦ ᠬᠠᠯᠠᠮᠴᠠᠭᠰᠠᠨ ᠦᠶ᠎ᠡ ᠳ᠋ᠡᠭᠡᠨ ᠰᠠᠢᠷᠬᠠᠵᠤ ᠭᠣᠮᠣᠳᠠᠬᠤ ᠶ᠋ᠢᠨ ᠬᠣᠭᠣᠷᠣᠨᠳᠣ ᠥᠭᠦᠯᠡᠨ᠎ᠡ᠃ ᠬᠣᠷᠢᠨ ᠨᠢᠭᠡᠨ ᠳ᠋ᠠᠷ᠎ᠠ ᠡᠬᠡ ᠨᠢ ᠵᠡᠭᠦᠨᠭᠠᠷ ᠤ᠋ᠨ ᠲᠠᠢᠵᠢ ᠢᠵᠠᠭᠤᠷᠲᠠᠨ ᠤ᠋ ᠡᠬᠡᠨᠡᠷ ᠪᠣᠯᠵᠤ᠂ ᠲᠡᠳᠡᠨ ᠦ᠌ ᠠᠮᠠ ᠪᠦᠯᠢ ᠪᠠᠷᠤᠭ ᠵᠠᠭᠤ ᠰᠢᠬᠠᠮ ᠪᠣᠯᠵᠤ ᠥᠳᠬᠡᠷᠡᠪᠡ᠃
ᠵᠠᠰᠠᠭ ᠬᠦᠩ ᠷᠠᠪᠲᠠᠨ ᠤ᠋ ᠬᠤᠰᠢᠭᠤᠨ ᠤ᠋ ᠣᠪᠣᠭ ᠨᠢ ᠵᠣᠷᠢᠭᠲᠤ ᠬᠣᠰᠢᠭᠤᠴᠢ ᠠᠬ᠎ᠠ ᠪᠣᠯᠠᠢ᠃
ᠳᠣᠯᠣᠭ᠎ᠠ
ᠠᠬ᠎ᠠ ᠣᠨᠤᠴᠢᠨ ᠪᠥᠬᠡ ᠪᠠᠢᠪᠠ᠃ ᠪᠢᠷ᠎ᠠ ᠬᠦᠴᠦ ᠶᠡᠬᠡᠲᠡᠢ᠂ ᠪᠡᠶ᠎ᠡ ᠲᠣᠮᠣ᠂ ᠱᠣᠣ ᠳ᠋ᠠᠭᠠᠨ ᠴᠠᠭᠯᠠᠰᠢ ᠦᠭᠡᠢ ᠲᠡᠩᠬᠡᠭᠡ ᠲᠡᠢ ᠳᠠᠢᠴᠢᠨ ᠡᠷ᠎ᠡ ᠪᠢᠯᠡ᠃ ᠣᠨᠤᠴᠢᠨ ᠠᠬ᠎ᠠ ᠮᠥᠨ ᠬᠣᠰᠢᠭᠤ ᠨᠣᠶᠠᠨ ᠶᠤᠮ᠃ ᠬᠠᠮᠤᠭ ᠤ᠋ᠨ ᠰᠡᠭᠦᠯ ᠳ᠋ᠦ᠍ ᠪᠠᠱᠺᠢᠷ ᠠ᠋ᠴᠠ ᠣᠯᠵᠠᠯᠠᠵᠤ ᠠᠪᠴᠢᠷᠠᠭᠰᠠᠨ ᠥᠬᠢᠨ ᠲᠡᠢ ᠣᠨᠤᠴᠢᠨ ᠠᠬ᠎ᠠ ᠭᠡᠷᠯᠡᠪᠡ᠃ ᠪᠠᠱᠺᠢᠷ ᠬᠡᠦᠬᠡᠨ ᠤᠷᠲᠤ ᠰᠣᠷᠮᠤᠤᠰᠤ ᠲᠠᠢ᠂ ᠬᠠᠷ᠎ᠠ ᠨᠢᠳᠦ ᠲᠡᠢ᠂ ᠥᠨᠳᠥᠷ ᠰᠢᠯᠪᠢ ᠲᠡᠢ ᠭᠤᠸᠠᠯᠢᠭ ᠪᠦᠰᠡᠭᠦᠢ ᠪᠠᠢᠭᠰᠠᠨ᠃ ᠲᠡᠭᠦᠨ ᠳ᠋ᠦ᠍ ᠳᠠᠨᠵᠢᠯᠠ ᠮᠠᠰᠢᠳᠠ ᠳᠤᠷ᠎ᠠ ᠦᠭᠡᠢᠴᠡᠨ ᠡᠴᠢᠭᠡ ᠣᠨᠤᠴᠢᠨ ᠲᠠᠢ ᠠᠮᠠ ᠮᠤᠷᠤᠢᠵᠠᠢ᠃ ᠪᠠᠱᠺᠢᠷ ᠬᠡᠦᠬᠡᠨ ᠡᠴᠡ ᠬᠡᠦᠬᠡᠳ ᠳᠥᠷᠥᠭᠡ ᠦᠭᠡᠢ᠃ ᠬᠡᠦᠬᠡᠨ ᠦ᠌ ᠬᠠᠷ᠎ᠠ ᠨᠢᠳᠦ ᠨᠢ ᠮᠥᠰᠥᠨ ᠦ᠌ ᠴᠣᠨᠣᠭ ᠰᠢᠭ᠋ ᠮᠡᠯᠮᠡᠷᠡᠵᠦ᠂ ᠡᠪᠦᠭᠡᠨ ᠨᠣᠶᠠᠨ ᠠ᠋ᠴᠠ ᠤᠢᠳᠬᠤ ᠶ᠋ᠢᠨ ᠡᠷᠬᠡ ᠪᠡᠷ ᠤᠷᠭᠤᠵᠤ ᠠᠯᠠᠭ᠎ᠠ ᠪᠣᠯᠪᠠ᠃
ᠳᠠᠨᠵᠢᠯᠠ ᠭᠠᠯᠳᠠᠨ ᠳ᠋ᠤ᠌᠂
— ᠲᠡᠷᠡ ᠬᠡᠦᠬᠡᠨ ᠦᠬᠦᠪᠡᠯ ᠲᠠᠭᠠᠷᠠᠨ᠎ᠠ ᠭᠡᠵᠦ ᠬᠡᠯᠡᠭᠰᠡᠨ᠃ ᠳᠠᠨᠵᠢᠯᠠ ᠪᠣᠯ ᠣᠨᠤᠴᠢᠨ ᠠᠬ᠎ᠠ ᠰᠢᠭ᠋ ᠲᠣᠮᠣ ᠪᠡᠶ᠎ᠡ ᠲᠡᠢ᠂ ᠲᠡᠩᠬᠡᠭᠡ ᠲᠠᠮᠢᠷ ᠶᠡᠬᠡᠲᠡᠢ᠂ ᠵᠠᠷ ᠲᠠᠢ ᠪᠥᠬᠡ ᠪᠠᠢᠯ᠎ᠠ᠃ ᠭᠠᠯᠳᠠᠨ ᠲᠠᠢ ᠪᠠᠷᠢᠯᠳᠤᠬᠤ ᠶᠤᠮᠰᠠᠨ ᠭᠡᠳᠡᠭ ᠢ᠋ᠶ᠋ᠡᠨ ᠨᠢᠭᠤᠵᠤ ᠶᠠᠳᠠᠨ ᠪᠠᠢᠳᠠᠭ ᠰᠠᠨ᠃
— ᠬᠠᠭᠠᠨ ᠲᠠ ᠪᠠᠷᠢᠯᠳᠤᠳᠠᠭ ᠪᠢᠵᠡ ᠳᠡ᠃
— ᠲᠡᠢᠮᠦ᠃
— ᠬᠠᠭᠠᠨ ᠲᠠ ᠪᠠᠷᠢᠯᠳᠤᠭ᠎ᠠ ᠦᠭᠡᠢ ᠤᠳᠠᠭᠰᠠᠨ ᠤᠤ?
— ᠤᠳᠠᠭᠰᠠᠨ᠃
— ᠬᠠᠭᠠᠨ ᠲᠠ ᠪᠥᠬᠡ ᠶ᠋ᠢᠨ ᠡᠮᠦᠰᠬᠡᠯ ᠡᠮᠦᠰᠴᠦ ᠦᠵᠡᠭᠰᠡᠨ ᠤᠤ?
— ᠦᠵᠡᠭᠰᠡᠨ᠃
— ᠬᠣᠶᠠᠭᠤᠯᠠ ᠪᠠᠨ ᠪᠠᠷᠢᠯᠳᠤᠪᠠᠯ ᠵᠡᠭᠦᠨᠭᠠᠷ ᠤ᠋ᠨ ᠬᠠᠭᠠᠨ ᠤ᠋ ᠨᠡᠷ᠎ᠡ ᠳ᠋ᠦ᠍ ᠰᠡᠪ ᠰᠠᠭᠤᠬᠤ ᠤᠤ?
— ᠰᠠᠭᠤᠨ᠎ᠠ᠃
— ᠬᠠᠭᠠᠨ ᠲᠠ ᠨᠠᠮᠠᠶ᠋ᠢ ᠥᠷᠥᠰᠢᠶᠡ!
ᠳᠠᠨᠵᠢᠯᠠ ᠭᠠᠯᠳᠠᠨ ᠲᠠᠢ ᠨᠣᠴᠣᠯᠳᠤᠬᠤ ᠶ᠋ᠢ ᠬᠡᠴᠢᠨᠡᠭᠡᠨ ᠬᠦᠰᠡᠪᠡᠴᠦ ᠴᠢᠳᠠᠭ᠎ᠠ ᠦᠭᠡᠢ ᠶᠦᠮ᠃ ᠲᠡᠢᠨ ᠳᠣᠯᠣᠭᠠᠨ ᠤ᠋ ᠤᠷᠲᠤ ᠵᠠᠮ ᠢ᠋ ᠬᠠᠮᠲᠤ ᠳ᠋ᠠᠭᠠᠨ ᠲᠤᠭᠤᠯᠵᠤ ᠠᠬ᠎ᠠ ᠳᠡᠭᠦᠦ ᠡᠴᠡ ᠢᠯᠡᠭᠦᠦ ᠳᠣᠲᠣᠨᠣ ᠨᠥᠬᠥᠳ ᠪᠣᠯᠤᠭᠰᠠᠨ ᠰᠠᠨ᠃
ᠨᠠᠢ᠍ᠮᠠ
ᠠᠬ᠎ᠠ ᠰᠡᠩᠭᠡ ᠵᠡᠭᠦᠨᠭᠠᠷ ᠢ᠋ ᠱᠠᠭ᠎ᠠ ᠰᠢᠭ᠋ ᠴᠤᠭᠯᠠᠭᠤᠯᠤᠭᠰᠠᠨ᠃ ᠭᠠᠯᠳᠠᠨ ᠲᠥᠪᠡᠳ ᠡᠴᠡ ᠢᠷᠡᠭᠰᠡᠨ᠃ ᠣᠯᠠᠨ ᠠᠷᠪᠢᠨ ᠬᠡᠢᠳ ᠪᠠᠢᠭᠤᠯᠵᠤ᠂ ᠵᠠᠯᠠᠭᠤ ᠯᠠᠮᠠ ᠨᠠᠷ ᠢ᠋ ᠬᠡᠢᠳ ᠲᠦ᠍ ᠰᠠᠭᠤᠯᠭᠠᠵᠤ ᠠᠳᠢᠰ ᠬᠦᠷᠲᠡᠭᠡᠭᠰᠡᠨ᠃
ᠬᠠᠭᠠᠨ ᠠᠬ᠎ᠠ ᠰᠡᠩᠭᠡ ᠴᠤᠭᠯᠠᠭᠤᠯᠤᠭᠰᠠᠨ ᠱᠠᠭ᠎ᠠ ᠪᠠᠨ ᠠᠳᠬᠤᠵᠤ ᠴᠢᠳᠠᠭ᠎ᠠ ᠦᠭᠡᠢ ᠶᠦᠮ᠃ ᠬᠠᠭᠠᠨ ᠤ᠋ ᠤᠳᠤᠮ ᠤ᠋ᠨ ᠠᠬ᠎ᠠ ᠳᠡᠭᠦᠦᠰ ᠲᠡᠭᠦᠨ ᠦ᠌ ᠡᠰᠡᠷᠭᠦ ᠬᠤᠤᠪᠢᠯᠳᠤᠭᠠᠨ ᠬᠢᠵᠦ ᠠᠮᠢ ᠨᠠᠰᠤ ᠶ᠋ᠢ ᠨᠢ ᠪᠦᠷᠢᠯᠭᠡᠭᠰᠡᠨ ᠪᠢᠯᠡ᠃
ᠰᠡᠩᠭᠡ ᠶᠢᠨ ᠪᠠᠭ᠎ᠠ ᠬᠠᠲᠤᠨ ᠠᠨᠤᠳᠠᠷ᠎ᠠ᠃ ᠲᠡᠭᠦᠨ ᠦ᠌ ᠬᠥᠪᠡᠭᠦᠨ ᠴᠡᠸᠠᠩᠷᠠᠪᠳᠠᠨ᠃ ᠬᠣᠵᠢᠮ ᠤ᠋ᠨ ᠬᠣᠢᠴᠢ ᠡᠳᠦᠷ ᠬᠦᠷᠲᠡᠯ᠎ᠡ ᠨᠢᠭᠡᠨ ᠬᠡᠪᠡᠯᠢ ᠳ᠋ᠦ᠍ ᠪᠦᠷᠢᠯᠳᠦᠭᠰᠡᠨ ᠰᠡᠩᠭᠡ ᠠᠬ᠎ᠠ ᠮᠢᠨᠢ ᠪᠤᠷᠬᠠᠳ ᠤ᠋ᠨ ᠳᠤᠮᠳᠠ ᠦᠯᠡᠳᠡᠭᠰᠡᠨ ᠶᠦᠮ᠃ ᠥᠨᠳᠥᠷ ᠭᠡᠭᠡᠨ ᠦ᠌ ᠤᠷᠠᠯᠠᠭᠰᠠᠨ ᠵᠠᠷᠢᠮ ᠨᠢᠭᠡᠨ ᠪᠤᠷᠬᠠᠨ ᠤ᠋ ᠳᠦᠷᠢ ᠳ᠋ᠦ᠍ ᠰᠡᠩᠭᠡ ᠠᠬ᠎ᠠ ᠪᠣᠢ ᠭᠡᠮᠡᠨ ᠰᠠᠨᠠᠭᠳᠠᠨ᠎ᠠ᠃ ᠰᠡᠩᠭᠡ ᠠᠬ᠎ᠠ ᠪᠢᠳᠡ ᠬᠣᠶᠠᠷ ᠣᠢᠷᠠᠬᠠᠨ ᠴᠤ᠌ ᠶᠤᠮ ᠰᠢᠭ᠋᠂ ᠬᠣᠯᠠ ᠴᠤ᠌ ᠶᠤᠮ ᠰᠢᠭ᠋ ᠪᠠᠢᠭᠰᠠᠭᠠᠷ ᠪᠠᠢᠯ᠎ᠠ᠃ ᠠᠬ᠎ᠠ ᠬᠠᠭᠠᠨ ᠤ᠋ ᠬᠣᠢᠨ᠎ᠠ᠎ᠠ᠋ᠴᠠ ᠲᠠᠢᠳᠬᠤᠷᠠᠰᠢ ᠦᠭᠡᠢ ᠶᠡᠬᠡ ᠪᠡᠷ ᠭᠠᠰᠢᠭᠤᠳᠠᠵᠤ ᠪᠢᠯᠡ᠃ ᠬᠥᠬᠡᠨᠠᠭᠤᠷ ᠤ᠋ᠨ ᠬᠥᠬᠡ ᠲᠠᠯ᠎ᠠ᠎ᠠ᠋ᠴᠠ ᠡᠭᠦᠷᠢᠳᠡ ᠰᠠᠯᠵᠤ ᠪᠠᠢᠭ᠎ᠠ ᠪᠠᠨ ᠳᠠᠩᠴᠤ ᠮᠡᠳᠡᠭᠡ ᠦᠭᠡᠢ ᠶᠦᠮ᠃ ᠣᠢᠷᠠᠳ ᠬᠥᠮᠦᠰ ᠲᠦ᠍
ᠰᠡᠳᠬᠢᠯ ᠬᠦᠷᠲᠡᠭᠡᠵᠦ᠂ ᠵᠡᠭᠦᠨᠭᠠᠷ ᠤ᠋ᠨ ᠬᠠᠭᠠᠨ ᠲᠥᠷᠥ ᠶ᠋ᠢᠨ ᠬᠡᠷᠡᠭ ᠲᠦ᠍ ᠵᠢᠳᠬᠦᠨ ᠬᠡᠰᠡᠭ ᠬᠤᠭᠤᠴᠠᠭ᠎ᠠ ᠰᠡᠩᠭᠡ ᠠᠬ᠎ᠠ ᠨᠠᠳᠠ ᠳ᠋ᠤ᠌
ᠲᠠᠭᠠᠲᠠᠢ᠂ ᠳᠠᠭ᠎ᠠ ᠦᠭᠡᠢ ᠬᠣᠶᠠᠷ ᠶᠠᠩᠵᠤ ᠪᠠᠷ
ᠬᠠᠨᠳᠤᠳᠠᠭ ᠪᠠᠢᠪᠠ᠃
ᠰᠡᠩᠭᠡ ᠠᠬ᠎ᠠ ᠶ᠋ᠢᠨ ᠢᠲᠡᠭᠡᠮᠡᠲᠡᠭᠡᠢ ᠭᠡᠨᠡᠨ ᠵᠠᠩ ᠲᠡᠭᠦᠨ ᠦ᠌ ᠠᠮᠢ ᠨᠠᠰᠤ ᠶ᠋ᠢ ᠠᠪᠴᠤ ᠣᠳᠤᠯ᠎ᠠ᠃ ᠪᠤᠷᠬᠠᠨ ᠪᠠᠢᠪᠠᠴᠤ ᠮᠢᠬ᠎ᠠ ᠴᠢᠰᠤᠨ ᠳ᠋ᠤ᠌
ᠲᠥᠷᠥᠭᠰᠡᠨ ᠪᠡᠶ᠎ᠡ ᠶ᠋ᠢ ᠳᠠᠭᠠᠭᠠᠨ᠎ᠠ ᠭᠡᠳᠡᠭ
ᠬᠤᠳᠠᠯ ᠪᠤᠰᠤ ᠤᠤ?
ᠶᠠᠭᠤ ᠦᠨᠡᠨ ᠪᠣᠢ? ᠲᠥᠷᠥᠬᠦ ᠦᠨᠡᠨ᠂
ᠦᠬᠦᠬᠦ ᠦᠨᠡᠨ᠃ ᠲᠥᠷᠥᠬᠦ᠂ ᠦᠬᠦᠬᠦ ᠦᠨᠡᠨ ᠦ᠌ ᠬᠣᠭᠣᠷᠣᠨᠳᠣ ᠬᠷᠸᠠ
ᠪᠠᠭᠲᠠᠨ᠎ᠠ᠃ ᠰᠡᠩᠭᠡ ᠠᠬ᠎ᠠ ᠶ᠋ᠢᠨ
ᠠᠮᠢᠳᠤᠷᠠᠯ ᠦᠨᠡᠨ ᠳ᠋ᠦ᠍ ᠭᠦᠢᠴᠡᠭᠳᠡᠭᠰᠡᠨ ᠪᠢᠯᠡ᠃
ᠠᠬ᠎ᠠ ᠶ᠋ᠢᠨ ᠢ᠋ᠶ᠋ᠡᠨ ᠠᠷᠢᠭᠤᠨ ᠰᠦᠨᠡᠰᠦᠨ ᠳ᠋ᠦ᠍ ᠮᠥᠷᠭᠥᠵᠦ ᠶᠠᠪᠤᠶ᠎ᠠ ᠭᠡᠮᠡᠨ ᠭᠠᠯᠳᠠᠨ ᠳᠠᠭᠠᠳᠬᠠᠪᠠ᠃
ᠶᠢᠰᠦ
ᠨᠢᠭᠡ ᠨᠡᠷ᠎ᠡ ᠭᠠᠯᠳᠠᠨ ᠨᠠᠮᠠᠶ᠋ᠢ
ᠪᠣᠱᠣᠭᠲᠤ ᠬᠡᠮᠡᠮᠦᠢ ᠤᠰᠤ ᠭᠣᠣᠯ ᠨᠢ
ᠤᠷᠤᠰᠤᠭᠠᠳ᠂ ᠤᠷᠤᠰᠤᠭᠠᠳ ᠲᠤᠨᠲᠠᠷᠠᠨᠠ ᠭᠡᠵᠦ ᠦᠭᠡᠢ ᠤᠷᠭᠤᠮᠠᠯ ᠡᠪᠡᠰᠦ ᠨᠢ
ᠬᠠᠭᠳᠠᠷᠠᠭᠠᠳ᠂ ᠬᠠᠭᠳᠠᠷᠠᠭᠠᠳ ᠪᠠᠷᠠᠭᠳᠠᠨ᠎ᠠ ᠭᠡᠵᠦ ᠦᠭᠡᠢ
ᠭᠠᠯᠳᠠᠨ ᠤ᠋ ᠪᠡᠶ᠎ᠡ ᠤᠷᠤᠰᠤᠨ᠎ᠠ
ᠭᠠᠯᠳᠠᠨ ᠤ᠋ ᠪᠡᠶ᠎ᠡ ᠤᠷᠭᠤᠨ᠎ᠠ
ᠳᠥᠷᠪᠡᠨ ᠣᠢᠷᠠᠳ ᠢ᠋ ᠳᠥᠷᠦᠭᠡᠨ ᠳᠡᠭᠡᠷ᠎ᠡ ᠪᠡᠨ
ᠪᠤᠰᠬᠠᠪᠠ ᠪᠢ!
ᠵᠡᠭᠦᠨᠭᠠᠷ ᠤ᠋ᠨ ᠤᠯᠤᠰ ᠢ᠋
ᠵᠢᠷᠦᠬᠡᠨ ᠲᠠᠮᠢᠷ ᠢ᠋ᠶ᠋ᠠᠷ ᠨᠢᠭᠡᠳᠬᠡᠪᠡ ᠪᠢ!
ᠠᠷᠪᠠ
ᠵᠤᠯᠠᠢ ᠶ᠋ᠢ ᠭᠢᠰᠬᠢᠭᠰᠡᠨ ᠳᠡᠭᠦᠦ ᠶ᠋ᠢᠨ ᠨᠡᠷ᠎ᠡ ᠪᠤᠮ᠃ ᠲᠡᠭᠦᠨ ᠦ᠌ ᠴᠣᠯᠠ ᠶ᠋ᠢ ᠡᠷᠳᠡᠨᠢ ᠲᠡᠢᠰᠢ ᠬᠡᠮᠡᠮᠦᠢ᠃ ᠲᠡᠭᠦᠨ ᠦ᠌ ᠠᠴᠢ ᠳᠠᠸᠠᠴᠢ ᠮᠥᠨ᠃ ᠳᠠᠸᠠᠴᠢ ᠳ᠋ᠤ᠌ ᠮᠠᠨᠵᠤ ᠨᠠᠷ ᠴᠢᠨ ᠸᠠᠩ ᠴᠣᠯᠠ ᠡᠷᠭᠦᠮᠵᠢᠯᠡᠵᠡᠢ᠃ ᠳᠠᠸᠠᠴᠢ ᠪᠣᠯ ᠦᠯᠢᠭᠡᠷ ᠲᠦ᠍ ᠭᠠᠷᠳᠠᠭ ᠢᠷᠣ᠎ᠠ ᠵᠥᠩᠨᠡᠭᠰᠡᠨ ᠬᠥᠬᠡ ᠰᠠᠯᠬᠢ ᠰᠢᠭ᠋ ᠬᠡᠢᠰᠴᠦ ᠢᠷᠡᠳᠡᠭ ᠭᠠᠢ ᠶᠤᠮ᠃ ᠳᠠᠸᠠᠴᠢ ᠨᠢᠭᠡ ᠡᠳᠦᠷ ᠠᠪᠠᠭ᠎ᠠ ᠠᠬ᠎ᠠ ᠴᠦᠬᠦᠢ ᠤᠪᠠᠰᠢ ᠲᠠᠢ ᠠᠭᠤᠯᠵᠠᠵᠠᠢ᠃ ᠴᠦᠬᠦᠢ ᠤᠪᠠᠰᠢ ᠶ᠋ᠢᠨ ᠨᠢᠳᠦ ᠪᠤᠯᠠᠩᠭᠢᠷ ᠲᠠᠢ ᠪᠠᠢᠪᠠ᠃
— ᠳᠠᠸᠠᠴᠢ ᠴᠢ ᠬᠠᠮᠢᠭ᠎ᠠ ᠬᠦᠷᠦᠨ᠎ᠡ?
— ᠬᠠᠭᠠᠨ ᠰᠡᠩᠭᠡ ᠶ᠋ᠢᠨ ᠥᠷᠭᠥᠭᠡ ᠶ᠋ᠢ ᠵᠣᠷᠢᠵᠤ ᠶᠠᠪᠤᠨ᠎ᠠ᠃
— ᠬᠠᠭᠠᠨ ᠬᠣᠣᠷᠯᠠᠭᠳᠠᠭᠰᠠᠨ ᠁
— ᠬᠡᠵᠢᠶ᠎ᠡ ᠲᠡᠷᠡ ᠪᠣᠢ? ᠬᠡᠨ ᠡᠭᠦᠨ ᠢ᠋ ᠬᠢᠪᠡ? ᠵᠡᠭᠦᠨᠭᠠᠷ ᠤ᠋ᠨ ᠬᠠᠭᠠᠨ ᠰᠠᠭᠤᠳᠠᠯ ᠡᠵᠡᠭᠦᠢᠷᠡᠭᠰᠡᠨ ᠤᠤ? ᠵᠥᠪ ᠳᠡ ᠬᠦ᠂ ᠣᠳᠣ ᠬᠥᠳᠡᠯᠬᠦ ᠴᠠᠭ ᠪᠣᠯᠤᠯ᠎ᠠ᠃ᠳᠠᠸᠠᠴᠢ ᠶ᠋ᠢ ᠦᠭᠡ ᠪᠡᠨ ᠤᠷᠤᠰᠬᠠᠵᠤ ᠳᠠᠭᠤᠰᠤᠭ᠎ᠠ ᠦᠭᠡᠢ ᠪᠠᠢᠬᠤ ᠳ᠋ᠤ᠌ ᠴᠦᠬᠦᠢ ᠤᠪᠠᠰᠢ᠂
— ᠬᠡᠷᠢᠶ᠎ᠡ ᠪᠠᠷᠬᠢᠷᠠᠬᠤ ᠪᠣᠯᠤᠭ᠎ᠠ ᠦᠭᠡᠢ ᠪᠠᠢᠨ᠎ᠠ ᠭᠡᠪᠡ᠃
ᠳᠠᠸᠠᠴᠢ ᠶ᠋ᠢᠨ ᠨᠢᠭᠤᠷ ᠴᠢᠨᠦᠷᠡᠨ ᠤᠯᠠᠢᠵᠤ᠂
— ᠴᠦᠬᠦᠢ ᠤᠪᠠᠰᠢ ᠲᠠᠨ ᠤ᠋ ᠪᠠᠭᠠᠯᠵᠠᠭᠤᠷ ᠢ᠋ ᠰᠢᠭᠠᠬᠤ ᠶᠤᠮᠰᠠᠨ᠂ ᠨᠠᠮᠠᠶ᠋ᠢ ᠶᠠᠭᠤᠨ ᠳ᠋ᠤ᠌ ᠲᠤᠷᠰᠢᠪᠠ᠃ ᠬᠡᠷᠪᠡ ᠳᠠᠸᠠᠴᠢ ᠮᠢᠨᠦ ᠰᠠᠨᠠᠭ᠎ᠠ ᠶ᠋ᠢ ᠬᠠᠭᠠᠨ ᠮᠡᠳᠡᠪᠡᠯ ᠨᠠᠳᠠᠳᠤ ᠬᠦᠢᠲᠡᠨ ᠮᠡᠰᠡ ᠡᠮᠬᠦᠭᠦᠯᠦᠨᠡ᠃ ᠲᠠ ᠰᠠᠨᠠᠭ᠎ᠠ ᠪᠠᠨ
ᠬᠡᠯᠡ ᠭᠡᠮᠡᠨ ᠲᠦᠷᠢᠮᠳᠡᠨ ᠰᠢᠬᠠᠵᠠᠢ᠃
ᠴᠦᠬᠦᠢ ᠤᠪᠠᠰᠢ ᠴᠠᠷ ᠲᠠᠢ ᠢᠨᠢᠶᠡᠵᠦ᠂
— ᠬᠠᠭᠠᠨ ᠰᠠᠭᠤᠳᠠᠯ ᠳ᠋ᠤ᠌ ᠬᠡᠨ ᠲᠣᠬᠢᠷᠠᠨ᠎ᠠ ᠭᠡᠵᠦ ᠠᠰᠠᠭᠤᠵᠠᠢ᠃ ᠳᠠᠸᠠᠴᠢ
ᠬᠠᠷᠢᠭᠤ ᠳ᠋ᠤ᠌ ᠨᠢ᠂
— ᠪᠢ ᠲᠣᠬᠢᠷᠠᠨ᠎ᠠ ᠭᠡᠵᠦ ᠢᠴᠢᠩᠭᠦᠪᠲᠦᠷ ᠲᠡᠢ ᠥᠴᠢᠪᠡ᠃
ᠮᠣᠭᠠᠢ ᠶ᠋ᠢᠨ ᠬᠦᠵᠦᠭᠦᠨ ᠡᠴᠡ ᠠᠳᠬᠤᠬᠤ ᠵᠣᠷᠢᠭ ᠲᠠᠢ ᠵᠢᠷᠦᠬᠡᠲᠡᠨ ᠣᠯᠬᠤ ᠪᠠᠷ ᠰᠢᠨᠠᠯᠵᠤ ᠶᠠᠪᠤᠭᠰᠠᠨ ᠴᠦᠬᠦᠢ ᠤᠪᠠᠰᠢ ᠴᠠᠷ ᠢ᠋ᠶ᠋ᠠᠨ ᠨᠢᠯᠪᠤᠵᠤ᠂
— ᠰᠥᠨᠢ ᠠᠭᠤᠯᠵᠠᠶ᠎ᠠ ᠭᠡᠪᠡ᠃
ᠳᠠᠸᠠᠴᠢ ᠶ᠋ᠢᠨ ᠨᠡᠷ᠎ᠡ ᠮᠣᠩᠭᠣᠯ ᠠᠢᠮᠠᠭ ᠲᠤ᠌ ᠳᠠᠩᠰᠠ ᠦᠭᠡᠢ ᠦᠯᠡᠳᠡᠵᠡᠢ᠃ ᠳᠠᠸᠠᠴᠢ ᠨᠢ ᠠᠬ᠎ᠠ ᠪᠤᠮ ᠤ᠋ᠨ ᠵᠡᠭᠦᠨ ᠬᠠᠴᠠᠷ ᠳᠠᠭᠠᠨ ᠲᠣᠳᠣ ᠬᠠᠷ᠎ᠠ ᠮᠡᠩᠭᠡ ᠲᠡᠢ ᠪᠢᠯᠡ᠃ ᠲᠡᠷᠡ ᠬᠥᠪᠡᠭᠦᠨ ᠲᠠᠪᠲᠤᠷ ᠦᠭᠡᠢ ᠪᠡᠷ ᠢ᠋ᠶ᠋ᠡᠨ ᠴᠤᠤᠲᠠᠢ ᠪᠠᠢᠪᠠ᠃ ᠲᠡᠭᠦᠨ ᠦ᠌ ᠬᠥᠬᠡ ᠰᠠᠯᠬᠢ ᠯᠤᠭ᠎ᠠ ᠬᠥᠩᠭᠡᠨ ᠵᠠᠩ ᠢ᠋ ᠴᠥᠭᠦᠢ ᠤᠪᠠᠰᠢ ᠡᠭᠡᠵᠡᠭ ᠢ᠋ ᠨᠢ ᠣᠯᠵᠤ ᠠᠰᠢᠭᠯᠠᠪᠠ᠃
ᠴᠡᠴᠡᠨ ᠵᠤᠳᠪᠠᠪᠠᠭᠠᠳᠤᠷ ᠬᠣᠶᠠᠷ ᠢ᠋
ᠴᠦᠯᠡᠭᠰᠡᠨ᠃ ᠳᠠᠸᠠᠴᠢ ᠳ᠋ᠤ᠌ ᠵᠤᠯᠤᠮ᠎ᠠ ᠡᠮᠬᠦᠭᠦᠯᠵᠦ ᠬᠣᠷᠣᠭᠠᠭᠰᠠᠨ᠃
ᠪᠤᠮ ᠠᠬ᠎ᠠ ᠶ᠋ᠢᠨ ᠠᠴᠢ ᠬᠥᠪᠡᠭᠦᠨ ᠳᠠᠸᠠᠴᠢ ᠦᠬᠦᠵᠦ ᠲᠡᠭᠦᠰᠪᠡ᠃ ᠪᠤᠮ ᠡᠷᠳᠡᠨᠢ ᠶ᠋ᠢᠨ ᠶᠠᠰᠤᠨ ᠲᠥᠷᠥᠯ ᠦᠷᠭᠦᠯᠵᠢᠯᠡᠵᠦ ᠤᠯᠠᠮ ᠥᠳᠬᠡᠷᠡᠵᠦ ᠪᠢᠯᠡ᠃
ᠠᠷᠪᠠᠨ ᠨᠢᠭᠡ
ᠨᠣᠶᠠᠨ ᠳᠣᠷᠵᠢᠵᠠᠪ ᠢ᠋ ᠶᠠᠭᠠᠬᠢᠨ ᠮᠠᠷᠲᠠᠬᠤ ᠪᠢᠯᠡ᠃ ᠳᠡᠭᠦᠦ ᠨᠣᠶᠠᠨ ᠢ᠋ ᠭᠠᠯᠳᠠᠨ ᠪᠡᠯᠡᠭ ᠰᠡᠯᠲᠡ ᠶ᠋ᠢᠨ ᠬᠠᠮᠲᠤ ᠭᠤᠷᠪᠠᠨ ᠵᠠᠭᠤᠨ ᠴᠡᠷᠢᠭ ᠳᠠᠭᠠᠭᠤᠯᠤᠨ ᠮᠠᠨᠵᠤ ᠶ᠋ᠢᠨ ᠬᠠᠭᠠᠨ ᠳ᠋ᠤᠷ
ᠢᠯᠡᠭᠡᠪᠡ᠃
ᠤᠭ ᠨᠢ ᠥᠪᠥᠷ ᠮᠣᠩᠭᠣᠯ ᠤ᠋ᠨ ᠨᠤᠲᠤᠭ ᠢ᠋ᠶ᠋ᠠᠷ ᠣᠳᠤᠭᠰᠠᠨ ᠪᠣᠯ ᠵᠠᠮ ᠴᠡᠪᠡᠷ ᠪᠠᠢᠵᠠᠢ᠃ ᠬᠥᠬᠡᠬᠣᠲᠠ ᠪᠠᠷ ᠢᠯᠠᠭᠤᠭᠰᠠᠨ ᠬᠤᠲᠤᠭᠲᠤ ᠳ᠋ᠤ᠌ ᠪᠠᠷᠠᠭᠠᠯᠬᠠᠯᠠᠵᠣ ᠬᠡᠯᠡ ᠮᠡᠳᠡᠭᠡ ᠳᠣᠭᠣᠯᠭᠠᠭᠠᠳ ᠶᠠᠪᠤᠭᠤᠯᠬᠤ ᠪᠠᠢᠭᠰᠠᠨ ᠶᠤᠮ᠃
ᠭᠡᠲᠡᠯ᠎ᠡ ᠳᠣᠷᠵᠢᠵᠠᠪ ᠨᠣᠶᠠᠨ᠂
— ᠠᠷᠤ ᠬᠠᠯᠬ᠎ᠠ ᠶ᠋ᠢᠨ ᠨᠤᠲᠤᠭ ᠢ᠋ᠶ᠋ᠠᠷ ᠨᠡᠪᠲᠡᠷᠡᠵᠦ ᠮᠠᠨᠵᠤᠤᠷ ᠣᠷᠣᠬᠤ ᠲᠦᠳᠡ ᠵᠠᠮ ᠪᠣᠢ ᠭᠡᠮᠡᠨ ᠭᠠᠯᠳᠠᠨ ᠳ᠋ᠤ᠌ ᠪᠠᠷᠠᠯᠬᠠᠬᠤ ᠳ᠋ᠠᠭᠠᠨ ᠬᠡᠯᠡᠭᠰᠡᠨ ᠶᠦᠮ᠃ ᠬᠠᠭᠠᠨ ᠭᠠᠯᠳᠠᠨ᠂
— ᠲᠦᠳᠡ ᠶ᠋ᠢ ᠬᠠᠷᠠᠵᠤ ᠳᠥᠷᠪᠡ ᠬᠣᠨᠣᠯ᠎ᠠ ᠭᠡᠳᠡᠭ᠃ ᠢᠯᠠᠭᠤᠭᠰᠠᠨ ᠬᠤᠲᠤᠭᠲᠤ ᠳ᠋ᠤ᠌ ᠰᠠᠶᠢᠪᠲᠤᠷ ᠡᠯᠴᠢ ᠵᠠᠷᠤᠭᠰᠠᠨ᠃ ᠮᠠᠨᠵᠤ ᠨᠠᠷ ᠠᠷᠤ ᠬᠠᠯᠬ᠎ᠠ ᠶ᠋ᠢ ᠬᠦᠯᠬᠦᠬᠦ ᠰᠠᠨᠠᠭ᠎ᠠ ᠲᠠᠢ ᠳ᠋ᠠᠭ᠃ ᠲᠡᠳᠡᠨ ᠡᠴᠡ ᠤᠷᠢᠲᠠᠵᠤ ᠮᠢᠩᠭᠠᠨ ᠯᠠᠮᠠ ᠬᠠᠯᠬ᠎ᠠ ᠳ᠋ᠤ᠌ ᠣᠷᠣᠭᠤᠯᠵᠤ᠂ ᠮᠠᠨᠵᠤ ᠶ᠋ᠢᠨ ᠲᠦᠷᠢᠮᠡᠬᠡᠢ ᠪᠣᠳᠣᠯ ᠢ᠋ ᠲᠠᠨᠢᠭᠤᠯᠬᠤ ᠶ᠋ᠢ ᠢᠯᠠᠭᠤᠭᠰᠠᠨ ᠬᠤᠲᠤᠭᠲᠤ ᠳ᠋ᠤ᠌ ᠰᠠᠨᠠᠯ ᠪᠣᠯᠭᠠᠭᠰᠠᠨ᠃ ᠮᠢᠨᠦ ᠰᠠᠨᠠᠭ᠎ᠠ ᠬᠤᠲᠤᠭᠲᠤ ᠶ᠋ᠢᠨ ᠰᠠᠨᠠᠭᠠᠨ ᠳ᠋ᠤ᠌ ᠨᠡᠢᠴᠡᠨ᠎ᠡ ᠭᠡᠳᠡᠭ ᠲᠦ᠍ ᠢᠲᠡᠭᠡᠯ ᠲᠡᠢ ᠪᠠᠢᠨ᠎ᠠ᠃ ᠳᠣᠷᠵᠢᠵᠠᠪ ᠲᠠ ᠶᠠᠪᠤᠭᠰᠠᠨ ᠢ᠋ᠶ᠋ᠠᠷ ᠢ᠋ᠶ᠋ᠠᠨ ᠶᠠᠪᠤ᠃ ᠬᠢᠴᠢᠶᠡᠯᠲᠡᠢ ᠬᠢᠨᠠᠮᠠᠭᠠᠢ ᠶᠠᠪᠤᠭᠠᠷᠠᠢ ᠭᠡᠮᠡᠨ ᠥᠭᠦᠯᠡᠪᠡ᠃ᠨᠣᠶᠠᠨ ᠳᠣᠷᠵᠢᠵᠠᠪ ᠨᠡᠭᠡᠭᠡᠯᠲᠡ ᠲᠡᠢ ᠡᠭᠦᠳᠡ ᠪᠡᠷ ᠠᠭᠤᠯᠠᠰ ᠤ᠋ᠨ ᠵᠦᠭ ᠬᠠᠷᠠᠵᠤ ᠪᠠᠢᠭᠰᠠᠨ ᠢ᠋ᠶ᠋ᠠᠨ᠂
— ᠥᠯᠥᠰᠦᠭᠰᠡᠨ ᠴᠢᠨᠣ᠎ᠠ ᠨᠢᠭᠡᠨ ᠢ᠋ᠶ᠋ᠡᠨ ᠪᠠᠷᠢᠳᠠᠭ ᠦᠭᠡᠢ ᠪᠢᠵᠡ ᠳᠡ ᠭᠡᠵᠦ ᠠᠰᠠᠭᠤᠵᠤ ᠬᠠᠷᠢᠭᠤᠯᠬᠤ ᠶ᠋ᠢᠨ ᠬᠣᠭᠣᠷᠣᠨᠳᠣ ᠬᠡᠯᠡᠪᠡ᠃
ᠳᠣᠷᠵᠢᠵᠠᠪ ᠤ᠋ᠨ ᠪᠡᠯᠡᠳᠬᠡᠯ ᠰᠠᠢᠲᠠᠢ ᠲᠣᠷᠭᠠᠨ ᠴᠡᠷᠢᠭ ᠬᠥᠲᠥᠯᠦᠭᠡ ᠮᠣᠷᠢ ᠲᠠᠢ ᠣᠢᠷᠠᠳ ᠠ᠋ᠴᠠ ᠮᠣᠷᠳᠠᠭᠰᠠᠨ ᠶᠤᠮ᠃ᠲᠦᠰᠢᠶᠡᠲᠦ ᠬᠠᠨ ᠴᠠᠭᠳᠳᠣᠷᠵᠢ᠂
— ᠳᠣᠷᠵᠢᠵᠠᠪ ᠢ᠋ ᠴᠠᠭᠠᠵᠠᠯᠠ! ᠵᠢᠭᠤᠲᠠᠭᠰᠠᠨ ᠴᠡᠷᠢᠭ ᠦ᠋ᠳ ᠢ᠋ ᠬᠥᠭᠡᠭᠡᠵᠦ ᠭᠦᠢᠴᠡᠭᠡᠳ ᠴᠠᠪᠴᠢᠵᠤ ᠠᠯᠠ ᠭᠡᠮᠡᠨ ᠣᠩᠭᠣᠨ ᠴᠠᠭᠠᠨ ᠴᠠᠢᠳᠠᠮ ᠳ᠋ᠤ᠌ ᠠᠭᠤᠷᠰᠠᠨ ᠬᠠᠰᠬᠢᠷᠤᠭᠰᠠᠨ ᠢ᠋ ᠬᠣᠵᠢᠮ ᠰᠣᠨᠣᠰᠬᠤ ᠳ᠋ᠤ᠌ ᠵᠢᠷᠦᠬᠡᠨ ᠦ᠌ ᠤᠭ ᠲᠤ᠌ ᠡᠪᠡᠳᠵᠦ ᠪᠢᠯᠡ᠃ ᠡᠨᠡ ᠬᠡᠷᠡᠭ ᠶᠠᠪᠤᠳᠠᠯ ᠳ᠋ᠤ᠌ ᠮᠠᠨᠵᠤ ᠶ᠋ᠢᠨ ᠬᠠᠭᠠᠨ ᠳᠠᠪᠤᠰᠤ ᠰᠠᠴᠤᠭᠰᠠᠨ ᠪᠠᠢᠵᠠᠢ᠃
ᠳᠣᠷᠵᠢᠵᠠᠪ ᠨᠣᠶᠠᠨ ᠢ᠋ ᠴᠠᠭᠠᠵᠠᠯᠠᠭᠰᠠᠨ ᠲᠤᠯᠠ ᠬᠠᠭᠠᠨ ᠭᠠᠯᠳᠠᠨ ᠢ᠋ ᠠᠷᠤ ᠬᠠᠯᠬ᠎ᠠ ᠶ᠋ᠢ ᠥᠷᠥᠰᠢᠶᠡᠬᠦ ᠰᠡᠳᠬᠢᠯ ᠦᠭᠡᠢ ᠪᠣᠯᠭᠠᠪᠠ᠃ ᠴᠠᠭᠳᠳᠣᠷᠵᠢ ᠭᠠᠯᠳᠠᠨ ᠳ᠋ᠤ᠌ ᠳᠤᠷ᠎ᠠ ᠦᠭᠡᠢ᠂ ᠮᠠᠨᠵᠤ ᠳ᠋ᠤ᠌ ᠳᠤᠷᠠᠲᠠᠢ ᠪᠠᠢᠭᠰᠠᠨ ᠢ᠋ ᠲᠡᠭᠡᠬᠦ ᠳ᠋ᠦ᠍ ᠮᠡᠳᠡᠭᠰᠡᠨ ᠶᠦᠮ᠃
ᠠᠷᠪᠠᠨ ᠬᠣᠶᠠᠷ
ᠡᠴᠢᠭᠡ ᠨᠢᠭᠡᠲᠦ ᠨᠢᠭᠡ ᠳᠡᠭᠦᠦ ᠶ᠋ᠢ ᠨᠢ ᠫᠣᠩᠰᠤᠭᠳᠠᠰᠢ ᠬᠡᠮᠡᠬᠦ ᠪᠦᠯᠦᠭ᠃ ᠡᠴᠢᠭᠡ ᠬᠣᠩ ᠲᠠᠢᠵᠢ ᠶ᠋ᠢᠨ ᠦᠵᠦᠮᠦᠴᠢᠨ ᠡᠬᠡᠨᠡᠷ ᠡᠴᠡ ᠲᠥᠷᠥᠭᠰᠡᠨ ᠫᠣᠩᠰᠣᠭᠳᠠᠰᠢ ᠠᠭᠤᠷ ᠲᠠᠢ ᠲᠣᠭᠰᠢᠨ ᠬᠥᠮᠦᠨ ᠪᠠᠢᠵᠠᠢ᠃ ᠫᠣᠩᠰᠤᠭᠳᠠᠰᠢ ᠬᠣᠰᠢᠭᠤ ᠨᠣᠶᠠᠨ ᠤ᠋ ᠪᠠᠨ ᠳᠠᠭᠵᠠ ᠶ᠋ᠢ ᠲᠠᠰᠢᠭᠤᠷ ᠢ᠋ᠶ᠋ᠠᠷ ᠢ᠋ᠶ᠋ᠠᠨ ᠴᠥᠮᠥ ᠴᠣᠬᠢᠵᠤ ᠠᠯᠠᠭᠠᠳ ᠬᠣᠰᠢᠭᠤ ᠨᠣᠶᠠᠨ ᠪᠣᠯᠪᠠ᠃ ᠨᠣᠶᠠᠨ ᠰᠠᠭᠤᠭᠰᠠᠨ ᠤ᠋ ᠪᠠᠨ ᠳᠠᠷᠠᠭ᠎ᠠ ᠴᠡᠷᠢᠭ ᠦ᠋ᠨ ᠠᠭᠲᠠ ᠭᠠᠷᠭᠠᠵᠤ ᠥᠭᠭᠦᠭᠰᠡᠨ ᠦᠭᠡᠢ ᠭᠡᠮᠡᠨ ᠲᠠᠢᠵᠢ ᠪᠡᠭᠡᠵᠦ ᠶ᠋ᠢ ᠴᠣᠬᠢᠵᠤ ᠠᠯᠠᠭᠠᠳ ᠬᠣᠰᠢᠭᠤ ᠨᠣᠶᠠᠨ ᠤ᠋ ᠰᠠᠭᠤᠳᠠᠯ ᠠ᠋ᠴᠠ ᠬᠣᠪᠬᠣᠷᠠᠪᠠ᠃
ᠫᠣᠩᠰᠣᠭᠳᠠᠰᠢ ᠶ᠋ᠢᠨ ᠠᠴᠢ ᠬᠦᠦ ᠭᠠᠯᠵᠠᠳᠳᠣᠷᠵᠢ ᠨᠡᠯᠢᠶᠡᠳ ᠬᠣᠵᠢᠭᠤ ᠴᠣᠷᠣᠰ ᠬᠠᠨ ᠡᠷᠭᠦᠮᠵᠢᠯᠡᠭᠳᠡᠵᠦ ᠲᠤᠭ ᠪᠠᠷᠢᠵᠤ ᠶᠠᠪᠤᠪᠠ᠃
ᠠᠷᠪᠠᠨ ᠭᠤᠷᠪᠠ
ᠡᠴᠢᠭᠡ ᠶ᠋ᠢᠨ ᠨᠠᠢ᠍ᠮᠠᠨ ᠬᠠᠲᠤᠨ ᠠ᠋ᠴᠠ ᠲᠥᠷᠥᠭᠰᠡᠨ ᠠᠷᠪᠠᠨ ᠨᠢᠭᠡᠨ ᠬᠥᠪᠡᠭᠦᠨ ᠦ᠌ ᠳᠣᠲᠣᠷ᠎ᠠ ᠠ᠋ᠴᠠ ᠪᠢᠴᠢᠭ ᠦ᠋ᠨ ᠮᠥᠷ ᠬᠥᠭᠡᠭᠡᠭᠰᠡᠨ ᠨᠢ ᠲᠠᠷᠮ᠎ᠠ ᠶᠤᠮ᠃ ᠲᠠᠷᠮ᠎ᠠ ᠬᠠᠭᠠᠨ ᠤ᠋ ᠳᠣᠲᠣᠭᠠᠳᠤ ᠨᠣᠮ ᠤ᠋ᠨ ᠥᠷᠭᠥᠭᠡ ᠶ᠋ᠢ ᠡᠮᠬᠢᠯᠡᠵᠦ ᠴᠡᠭᠴᠡ ᠲᠡᠢ ᠪᠣᠯᠭᠠᠪᠠ᠃ ᠲᠥᠪᠡᠳ ᠡᠴᠡ ᠢᠷᠡᠭᠡᠳ ᠰᠡᠩᠭᠡ ᠠᠬ᠎ᠠ ᠶ᠋ᠢᠨ ᠳᠡᠷᠭᠡᠳᠡ ᠬᠡᠰᠡᠭ ᠬᠤᠭᠤᠴᠠᠭ᠎ᠠ ᠶ᠋ᠢ ᠥᠩᠭᠡᠷᠡᠭᠡᠬᠦ ᠳ᠋ᠡᠭᠡᠨ ᠭᠠᠯᠳᠠᠨ ᠲᠥᠪᠡᠳ᠂ ᠬᠢᠲᠠᠳ᠂ ᠮᠠᠨᠵᠤ ᠵᠣᠬᠢᠶᠠᠯ ᠢ᠋ ᠲᠣᠳᠣ ᠦᠰᠦᠭ ᠢ᠋ᠶ᠋ᠡᠷ ᠬᠥᠷᠪᠡᠭᠦᠯᠦᠨ ᠪᠠᠭᠤᠯᠭᠠᠵᠤ ᠪᠢᠯᠡ᠃
ᠲᠡᠷᠡ ᠬᠦ᠌ ᠬᠥᠷᠪᠡᠭᠦᠯᠭᠡ ᠶ᠋ᠢ ᠲᠠᠷᠮ᠎ᠠ ᠵᠢᠷᠤᠮᠯᠠᠨ ᠴᠡᠭᠴᠡᠯᠡᠵᠦ ᠳᠠᠭᠤᠰᠬᠠᠭᠠᠳ ᠨᠣᠮ ᠤ᠋ᠨ ᠮᠥᠷ ᠬᠥᠭᠡᠭᠡᠵᠦ ᠡᠨᠡᠳᠬᠡᠭ ᠭᠠᠵᠠᠷ ᠣᠳᠪᠠ᠃
ᠲᠠᠷᠮ᠎ᠠ ᠶ᠋ᠢᠨ ᠴᠡᠭᠴᠡᠯᠡᠭᠰᠡᠨ ᠨᠣᠮ ᠪᠢᠴᠢᠭ ᠢ᠋ ᠠᠨᠤ ᠬᠠᠲᠤᠨ᠂ ᠠᠬᠠᠳᠠᠷ᠎ᠠ ᠬᠠᠲᠤᠨ ᠬᠣᠶᠠᠭᠤᠯᠠ ᠤᠩᠰᠢᠵᠤ ᠪᠠᠷᠢᠨᠲᠠᠭ ᠪᠣᠭᠣᠯᠲᠠ ᠲᠠᠢ᠂ ᠮᠣᠳᠣᠨ ᠱᠣᠭᠣᠯ ᠲᠠᠢ ᠥᠷᠭᠥᠭᠡ ᠪᠣᠢ ᠪᠣᠯᠭᠠᠵᠠᠢ᠃ ᠨᠣᠮ ᠤ᠋ᠨ ᠥᠷᠭᠥᠭᠡ ᠶ᠋ᠢ ᠠᠬᠠᠳᠠᠷ᠎ᠠ ᠬᠠᠲᠤᠨ ᠡᠵᠡᠮᠳᠡᠪᠡ᠃
ᠶᠡᠷᠦ ᠨᠢ ᠬᠠᠭᠠᠨ ᠤ᠋ ᠨᠣᠮ ᠤ᠋ᠨ ᠦᠷᠭᠦᠭᠡᠨ ᠳ᠋ᠦ᠍ ᠰᠢᠭᠤᠳ ᠠᠯᠬᠤᠵᠤ ᠣᠷᠣᠭᠰᠠᠨ ᠬᠥᠮᠦᠨ ᠪᠣᠯ ᠠᠬᠠᠳᠠᠷ᠎ᠠ ᠬᠠᠲᠤᠨ ᠪᠠᠢᠯ᠎ᠠ᠃ ᠲᠠᠷᠮ᠎ᠠ ᠳᠡᠭᠦᠦ ᠡᠴᠡ ᠬᠣᠢᠰᠢᠬᠢ ᠭᠤᠷᠪᠠᠨ ᠦᠶ᠎ᠡ ᠰᠠᠯᠠᠭᠠᠯᠠᠵᠤ ᠤᠷᠤᠰᠤᠭᠠᠳ ᠳᠣᠲᠣᠭᠠᠳᠤ ᠰᠢᠯᠤᠭᠤᠨ ᠬᠠᠷᠢ ᠶ᠋ᠢᠨ ᠮᠣᠩᠭᠣᠯ ᠬᠤᠰᠢᠭᠤᠨ ᠳ᠋ᠤ᠌ ᠨᠡᠢᠯᠡᠵᠦ ᠰᠤᠷᠠᠭ ᠠᠯᠳᠠᠷᠠᠪᠠ᠃
ᠠᠷᠪᠠᠨ ᠳᠥᠷᠪᠡ
ᠬᠣᠩ ᠲᠠᠢᠵᠢ ᠡᠷᠳᠡᠨᠢᠪᠠᠭᠠᠲᠤᠷ ᠤ᠋ᠨ ᠬᠥᠪᠡᠭᠦᠳ ᠦ᠋ᠨ ᠬᠤᠪᠢ ᠵᠠᠶᠠᠭ᠎ᠠ ᠶ᠋ᠢ ᠲᠣᠪᠴᠢᠬᠠᠨ ᠲᠡᠮᠳᠡᠭᠯᠡᠵᠦ ᠦᠯᠡᠳᠡᠭᠡᠪᠡ᠃
ᠡᠴᠢᠭᠡ ᠨᠠᠢ᠍ᠮᠠᠨ ᠬᠠᠲᠤᠨ ᠲᠠᠢ ᠪᠠᠢᠪᠠ᠃ ᠨᠠᠢ᠍ᠮᠠᠨ ᠬᠠᠲᠤᠨ ᠠ᠋ᠴᠠ ᠠᠷᠪᠠᠨ ᠨᠢᠭᠡᠨ ᠰᠠᠯᠠᠭ᠎ᠠ ᠤᠷᠭᠤᠵᠤ ᠰᠠᠯᠠᠭ᠎ᠠ ᠪᠦᠷᠢ ᠨᠢ ᠮᠥᠴᠢᠷᠯᠡᠵᠦ ᠦᠷ᠎ᠡ ᠵᠢᠮᠢᠰ ᠢ᠋ᠶ᠋ᠡᠨ ᠦᠯᠡᠳᠡᠭᠡᠵᠦ ᠡᠳᠦᠢ ᠬᠦᠷᠪᠡ᠃ ᠡᠴᠢᠭᠡ ᠶ᠋ᠢᠨ ᠦᠯᠡᠳᠡᠭᠡᠭᠰᠡᠨ ᠦᠷ᠎ᠡ ᠵᠢᠮᠢᠰ ᠢ᠋ ᠴᠡᠪᠡᠷᠯᠡᠬᠦ ᠶ᠋ᠢ ᠬᠢᠴᠢᠶᠡᠭᠰᠡᠨ᠃ ᠵᠠᠷᠢᠮ ᠵᠢᠮᠢᠰ ᠢᠯᠵᠠᠷᠠᠵᠤ ᠮᠠᠭᠤᠳᠠᠵᠠᠢ᠃ ᠢᠯᠵᠠᠷᠠᠭᠰᠠᠨ ᠵᠢᠮᠢᠰ ᠢ᠋ ᠮᠥᠴᠢᠷ ᠡᠴᠡ ᠨᠢ ᠰᠠᠯᠭᠠᠵᠤ ᠬᠠᠶᠠᠪᠠ᠃ ᠵᠠᠷᠢᠮ ᠵᠢᠮᠢᠰ ᠬᠣᠣᠷ ᠲᠠᠢ ᠪᠠᠢᠪᠠ᠃ ᠨᠢᠭᠡ ᠦᠷ᠎ᠡ ᠶ᠋ᠢᠨ ᠮᠣᠳᠣᠨ ᠠ᠋ᠴᠠ ᠰᠠᠢᠨ ᠪᠠ ᠮᠠᠭᠤ ᠵᠢᠮᠢᠰ ᠤᠷᠭᠤᠳᠠᠭ ᠠᠵᠢ᠃
ᠬᠠᠭᠠᠨ ᠭᠠᠯᠳᠠᠨ ᠤ᠋ ᠲᠡᠮᠳᠡᠭᠯᠡᠯ ᠳ᠋ᠦ᠍ ᠠᠬ᠎ᠠ ᠳᠡᠭᠦᠦ ᠨᠠᠷ ᠤ᠋ᠨ ᠪᠣᠯᠤᠨ ᠳᠥᠷᠪᠡᠨ ᠣᠢᠷᠠᠳ ᠤ᠋ᠨ ᠨᠠᠮᠲᠠᠷ ᠲᠡᠦᠬᠡ ᠪᠢᠴᠢᠭᠳᠡᠬᠦ ᠲᠤᠯᠠ ᠪᠤᠭᠤᠷᠤᠯ ᠥᠲᠡᠭᠦᠰ᠂ᠦᠷ᠎ᠡ ᠠᠴᠢ ᠨᠠᠷ ᠰᠣᠨᠢᠷᠬᠠᠬᠤ ᠨᠢ ᠵᠦᠢ᠃ ᠲᠥᠷᠥᠯ ᠠᠷᠠᠯᠵᠢᠭᠰᠠᠨ ᠨᠢᠭᠡᠨ ᠬᠥᠮᠦᠨ ᠦ᠌ ᠠᠮᠢᠳᠤᠷᠠᠯ ᠶᠠᠮᠠᠷᠬᠠᠨ ᠪᠠᠶᠠᠨ ᠨᠠᠮᠲᠠᠷ ᠲᠠᠢ ᠪᠣᠢ᠃ ᠴᠠᠪ ᠴᠠᠭᠠᠨ ᠴᠠᠰᠤᠨ ᠳᠡᠭᠡᠷ᠎ᠡ᠂ ᠮᠣᠯᠲᠣᠭᠴᠢᠨ ᠲᠠᠤᠯᠠᠢ ᠶ᠋ᠢᠨ ᠮᠥᠷ ᠰᠢᠭ ᠲᠣᠳᠣ ᠬᠠᠷ᠎ᠠ ᠪᠢᠴᠢᠭ ᠢ᠋ᠶ᠋ᠡᠷ ᠪᠢᠴᠢᠪᠡᠢ᠃
ᠠᠷᠪᠠᠨ ᠲᠠᠪᠤ
ᠶᠠᠪᠤᠬᠤ ᠴᠠᠭ ᠪᠣᠯᠤᠭᠰᠠᠨ ᠢ᠋ ᠪᠢᠰᠬᠢᠭᠦᠷ ᠦ᠋ᠨ ᠣᠯᠢᠬᠤ ᠮᠡᠲᠦ ᠳᠠᠭᠤᠨ ᠵᠠᠷᠯᠠᠵᠤ᠂ ᠣᠢᠷᠠᠳ ᠤ᠋ᠨ ᠬᠣᠲᠠ ᠬᠦᠷᠢᠶ᠎ᠡ ᠳᠡᠭᠡᠭᠦᠷ ᠲᠦᠭᠡᠪᠡ᠃ ᠲᠡᠭᠦᠨᠴᠡ ᠬᠥᠰᠬᠡ ᠬᠣᠯᠠᠳᠴᠤ ᠶᠠᠪᠤᠨ᠎ᠠ᠃ ᠮᠣᠬᠣᠯᠠᠭᠲᠤ ᠲᠡᠷᠭᠡ᠂ ᠲᠡᠮᠡᠭᠡᠨ ᠲᠡᠷᠭᠡ᠂ ᠢᠳᠡᠰᠢ ᠶ᠋ᠢᠨ ᠦᠬᠡᠷ᠂ ᠬᠣᠲᠠᠴᠢ ᠨᠣᠬᠠᠢ ᠮᠡᠲᠦ ᠡᠴᠡ ᠬᠣᠯᠢᠯᠳᠤᠵᠤ ᠪᠠᠭᠰᠢᠷᠠᠭᠰᠠᠨ ᠨᠡᠭᠦᠳᠡᠯ ᠬᠣᠲᠠ ᠬᠦᠷᠢᠶ᠎ᠡ ᠡᠴᠡ ᠬᠣᠯᠠᠳᠴᠠᠢ᠃ ᠨᠡᠭᠦᠳᠡᠯ ᠦ᠋ᠨ ᠴᠠᠭᠠᠨ᠎ᠠ ᠬᠠᠭᠳᠠᠷᠠᠭᠰᠠᠨ ᠡᠪᠡᠰᠦ ᠨᠣᠭᠣᠭᠠᠨ ᠤ᠋ ᠲᠣᠭᠣᠰᠣᠨᠴᠢᠷ ᠲᠠᠲᠠᠵᠤ ᠲᠡᠷᠲᠡᠭᠡᠬᠢ ᠠᠯᠤᠰ ᠤ᠋ᠨ ᠠᠭᠤᠯᠠᠰ ᠪᠦᠳᠡᠭᠢᠷᠡᠨ᠎ᠡ᠃ ᠴᠡᠴᠡᠭ ᠦ᠋ᠨ ᠲᠣᠭᠣᠰᠣ ᠶᠡᠬᠡ ᠪᠠᠢᠯ᠎ᠠ᠃
ᠪᠤᠬᠠᠷ ᠭᠠᠵᠠᠷ ᠤᠷᠠᠯᠠᠭᠰᠠᠨ᠂ ᠺᠢᠷᠭᠢᠽ ᠴᠢᠮᠡᠭᠯᠡᠯ ᠪᠦᠬᠦᠢ ᠵᠢᠤᠵᠠ ᠲᠡᠷᠭᠡ ᠽᠠᠶ᠎ᠠ ᠪᠠᠨᠳᠢᠳᠠ ᠭᠡᠭᠡᠨ ᠪᠣᠯᠤᠨ ᠭᠠᠯᠳᠠᠨ ᠢ᠋ ᠬᠦᠯᠢᠶᠡᠨ᠎ᠡ᠃ ᠬᠥᠯᠦᠭᠰᠡᠨ ᠮᠣᠷᠢᠨ ᠤ᠋ ᠱᠠᠩᠬᠤ ᠲᠠᠯ᠎ᠠ ᠤᠷᠲᠤ ᠪᠥᠭᠡᠳ ᠬᠣᠯᠠ ᠶ᠋ᠢᠨ ᠠᠶᠠᠨ ᠳ᠋ᠤ᠌ ᠤᠳᠠᠭᠠᠨ ᠬᠤᠭᠤᠴᠠᠭ᠎ᠠ ᠪᠠᠷ ᠣᠳᠬᠤ ᠪᠠᠨ ᠲᠠᠭᠠᠮᠠᠭᠯᠠᠬᠤ ᠮᠡᠲᠦ ᠢᠵᠢᠯᠢ ᠰᠦᠷᠦᠭ ᠢ᠋ᠶ᠋ᠡᠨ ᠬᠠᠷᠠᠨ ᠬᠠᠮᠠᠷ ᠢ᠋ᠶ᠋ᠠᠨ ᠰᠠᠷᠲᠠᠯᠵᠠᠭᠤᠯᠤᠨ ᠲᠦᠬᠦᠭᠡᠯᠵᠡᠬᠦ ᠪᠥᠯᠥᠭᠡ᠃
ᠪᠢᠰᠬᠢᠭᠦᠷ ᠦ᠋ᠨ ᠳᠠᠭᠤ ᠨᠠᠮᠳᠠᠬᠤ ᠳ᠋ᠤ᠌ ᠭᠡᠭᠡᠨᠳᠡᠨ ᠢ᠋ ᠦᠳᠡᠵᠦ ᠪᠣᠢ
ᠬᠣᠲᠠ ᠬᠦᠷᠢᠶ᠎ᠡ ᠶ᠋ᠢᠨ ᠬᠢᠨ ᠮᠥᠷᠭᠥᠯᠴᠢᠳ
ᠵᠠᠯᠪᠠᠷᠢᠯ ᠦᠢᠯᠡᠳᠴᠦ ᠴᠣᠭ ᠰᠢᠭ᠋ ᠨᠢᠳᠦ ᠪᠡᠨ
ᠠᠨᠢᠰᠬᠢᠨ ᠵᠢᠤᠵᠠ ᠳ᠋ᠤ᠌ ᠪᠠᠨ ᠰᠠᠭᠤᠪᠠ᠃ ᠡᠴᠢᠭᠡ ᠬᠠᠭᠠᠨ ᠭᠠᠯᠳᠠᠨ ᠤ᠋ ᠬᠥᠬᠥᠯ ᠢ᠋ ᠢᠯᠢᠵᠦ᠂
— ᠬᠣᠪᠢᠯᠭᠠᠨᠲᠠᠨ ᠳᠠᠭᠤᠳᠠᠵᠤ ᠪᠠᠢᠨ᠎ᠠ ᠭᠡᠪᠡ᠃
ᠮᠥᠷᠭᠥᠯᠴᠢᠳ ᠰᠢᠲᠣᠯᠭᠡᠳᠡᠳ ᠭᠠᠵᠠᠷ ᠲᠤ᠌ ᠪᠣᠬᠢᠷᠴᠤ ᠰᠥᠭᠥᠳᠪᠡ᠃ ᠭᠡᠭᠡᠨᠲᠡᠨ ᠵᠠᠯᠪᠠᠷᠢᠭᠰᠠᠭᠠᠷ ᠰᠠᠭᠤᠨ᠎ᠠ᠃
ᠬᠠᠲᠤᠨ ᠡᠬᠡ ᠶᠥᠮ ᠠᠭ᠎ᠠ ᠵᠢᠤᠵᠠ ᠲᠡᠷᠭᠡᠨ ᠦ᠌ ᠬᠥᠨᠳᠡᠯᠡᠪᠴᠢ᠂ ᠮᠣᠷᠢᠨ ᠤ᠋ ᠮᠠᠩᠨᠠᠢ ᠳ᠋ᠤ᠌ ᠰᠦ ᠳᠤᠰᠤᠭᠠᠪᠠ᠃
ᠬᠥᠲᠥᠴᠢ ᠪᠠᠬᠢᠮ ᠡᠷ᠎ᠡ《ᠴᠥᠬᠥ》ᠭᠡᠮᠡᠨ ᠰᠦᠷᠲᠡᠢ ᠤᠶᠠᠩᠭᠠᠯᠠᠨ ᠳᠠᠭᠤᠳᠠᠬᠤ ᠳ᠋ᠤ᠌ ᠡᠮᠡᠭᠡᠯ ᠦ᠋ᠨ ᠪᠦᠭᠦᠷᠭᠡᠨ ᠡᠴᠡ ᠪᠠᠷᠢᠴᠢᠬᠠᠭᠰᠠᠨ ᠴᠡᠷᠢᠭ ᠦ᠋ᠳ ᠳᠥᠷᠥᠭᠡ ᠪᠡᠨ ᠬᠠᠷᠰᠢᠭᠤᠯᠤᠨ ᠳᠠᠷᠬᠢᠲᠠᠯᠠ ᠮᠣᠷᠳᠠᠵᠤ᠂ ᠰᠡᠯᠡᠮ᠎ᠡ ᠵᠢᠩᠭᠢᠷ ᠳᠤᠤᠭᠠᠷᠤᠯ᠎ᠠ᠃
ᠬᠠᠷ᠎ᠠ ᠡᠷᠴᠢᠰ ᠮᠥᠷᠡᠨ ᠦ᠌ ᠬᠥᠪᠡᠭᠡᠨ ᠡᠴᠡ ᠠᠩᠬ᠎ᠠ ᠢᠩᠭᠢᠵᠦ ᠮᠣᠷᠳᠠᠭᠰᠠᠨ ᠪᠢᠯᠡ᠃ ᠬᠤᠰᠤᠨ ᠣᠢ ᠨᠢᠴᠦᠭᠦᠷᠡᠵᠦ ᠲᠤᠩ ᠴᠠᠭᠠᠨ ᠮᠥᠴᠢᠷ ᠦ᠋ᠳ ᠨᠢ ᠭᠤᠨᠢᠭᠲᠠᠢᠬᠠᠨ ᠰᠠᠷᠪᠠᠢᠬᠤ ᠠᠭᠠᠳ ᠨᠠᠷᠠᠰᠤ᠂ ᠬᠠᠷ᠎ᠠ ᠮᠣᠳᠣᠨ ᠣᠢ ᠪᠡᠬᠢᠯᠳᠣᠨ ᠬᠠᠷᠠᠩᠭᠤᠢ ᠲᠠᠲᠠᠵᠤ᠂ ᠮᠣᠳᠣᠳ ᠤ᠋ᠨ ᠵᠠᠪᠰᠠᠷ ᠢ᠋ᠶ᠋ᠠᠷ ᠨᠠᠮᠤᠷ ᠤ᠋ᠨ ᠲᠤᠩᠭᠠᠯᠠᠭ ᠤᠰᠤᠨ ᠤ᠋ ᠭᠡᠭᠡ ᠲᠠᠲᠠᠨ᠎ᠠ᠃
ᠲᠣᠮᠣ ᠠᠬ᠎ᠠ ᠴᠡᠴᠡᠨ ᠨᠠᠮᠠᠶ᠋ᠢ ᠬᠥᠳᠡᠯᠬᠦ ᠡᠴᠡ ᠡᠮᠦᠨᠡᠬᠡᠨ ᠦᠷᠭᠦᠭᠡᠨ ᠦ᠌ ᠠᠷᠤ ᠳ᠋ᠤ᠌ ᠬᠥᠲᠥᠯᠵᠦ ᠠᠪᠠᠴᠢᠭᠠᠳ᠂
— ᠴᠢ ᠯᠠᠮᠠ ᠪᠣᠯᠤᠨ᠎ᠠ ᠭᠡᠨ᠎ᠡ᠃
— ᠲᠡᠢᠮᠦ ᠠ᠋᠂ ᠪᠢ ᠯᠠᠮᠠ ᠪᠣᠯᠤᠨ᠎ᠠ ᠭᠡᠮᠡᠨ ᠰᠠᠨᠠᠭᠠᠨ ᠳ᠋ᠤ᠌ ᠦᠭᠡᠢ ᠬᠡᠯᠡᠲᠡᠯ᠎ᠡ ᠴᠡᠴᠡᠨ ᠠᠬ᠎ᠠ ᠬᠥᠬᠥᠷᠡᠵᠦ᠂
— ᠯᠠᠮᠠ ᠪᠣᠯ ᠰᠠᠬᠢᠯ ᠰᠠᠨᠸᠠᠷ ᠲᠠᠢ ᠲᠠᠢᠭᠠᠨ ᠮᠥᠨ ᠭᠡᠵᠦ ᠨᠠᠮᠠᠶ᠋ᠢ ᠮᠤᠬᠤᠷᠳᠠᠭᠤᠯᠪᠠ᠃
— ᠲᠠ ᠶᠠᠭᠠᠬᠢᠭᠰᠠᠨ ᠮᠠᠭᠤᠬᠠᠢ ᠬᠥᠮᠦᠨ ᠪᠣᠢ? ᠯᠠᠮᠠ ᠪᠠᠭᠰᠢ ᠶ᠋ᠢ ᠲᠠᠢᠭᠠᠨ ᠭᠡᠪᠡ ᠤᠤ? ᠲᠠ ᠶᠠᠭᠠᠬᠢᠭᠠᠳ ᠢᠩᠭᠢᠵᠦ ᠬᠡᠯᠡᠵᠦ ᠪᠠᠢᠭ᠎ᠠ ᠶᠤᠮ?
— ᠭᠠᠯᠳᠠᠨ ᠮᠢᠨᠢ᠂ ᠲᠠᠢᠭᠠᠨ ᠬᠡᠦᠬᠡᠳ ᠲᠡᠢ ᠪᠠᠢᠳᠠᠭ ᠤᠤ? ᠲᠠᠢᠭᠠᠨ ᠲᠡᠭᠡᠭᠡᠳ ᠡᠬᠡᠨᠡᠷ ᠲᠡᠢ ᠪᠠᠢᠳᠠᠭ ᠤᠤ? ᠠᠬ᠎ᠠ ᠨᠢ ᠯᠠᠮᠠ ᠪᠠᠭᠰᠢ ᠶ᠋ᠢ ᠲᠠᠢᠭᠠᠨ ᠰᠢᠭ᠋ ᠡᠬᠡᠨᠡᠷ ᠦᠭᠡᠢ ᠪᠠᠢᠳᠠᠭ ᠭᠡᠰᠡᠨ ᠶᠦᠮ᠃ ᠳᠡᠭᠦᠦ ᠮᠢᠨᠢ ᠪᠢᠲᠡᠭᠡᠢ ᠴᠢᠬᠤᠯᠳᠠ᠃ ᠨᠠᠮᠠᠶ᠋ᠢ ᠵᠣᠳᠪᠠ ᠲᠠᠢ ᠬᠡᠦᠬᠡᠨ ᠪᠤᠯᠢᠶᠠᠯᠳᠤᠬᠤ ᠳ᠋ᠤ᠌ ᠴᠢ ᠬᠣᠰᠢᠭᠤ ᠲᠥᠷᠥᠵᠦ ᠪᠠᠢᠭᠰᠠᠨ᠃
— ᠠᠬ᠎ᠠ ᠲᠠᠨ ᠢ᠋ ᠲᠠᠢᠭᠠᠨ ᠰᠢᠭ᠋ ᠵᠠᠰᠠᠴᠢᠬᠠᠪᠠᠯ ᠲᠠᠭᠠᠷᠠᠨ᠎ᠠ᠃
— ᠦ ᠬᠦ ᠁ ᠨᠠᠮᠠᠶ᠋ᠢ ᠵᠠᠰᠠᠵᠤ ᠶᠠᠭᠠᠬᠢᠨᠠᠮ? ᠦᠷ᠎ᠡ ᠦᠨᠳᠦᠰᠦ ᠦᠭᠡᠢ ᠪᠣᠯᠭᠠᠬᠤ ᠰᠠᠨᠠᠭ᠎ᠠ ᠲᠠᠢ ᠶᠤᠮ᠃ ᠴᠢᠮᠠᠶ᠋ᠢ ᠪᠠᠭ᠎ᠠ ᠳ᠋ᠤ᠌ ᠵᠠᠰᠠᠬᠤ ᠪᠠᠢᠭᠰᠠᠨ ᠶᠤᠮ᠃ ᠳᠠᠩᠴᠤ ᠥᠷᠦᠪᠳᠦᠭᠰᠡᠨ ᠁
— ᠬᠣᠪ ᠵᠢᠪ ᠶᠠᠷᠢᠬᠤ ᠦᠭᠡᠢ ᠪᠣᠯᠤᠨ᠎ᠠ ᠰᠢᠦ ᠳᠡ᠃ ᠵᠣᠤᠪᠡ ᠲᠠᠢᠭᠠᠨ ᠢ᠋ ᠬᠠᠷ᠎ᠠ᠃ ᠬᠣᠭᠣᠯᠠ ᠢᠳᠡᠨ᠎ᠡ᠂ ᠨᠣᠬᠠᠢ ᠰᠢᠭ᠋ ᠬᠠᠶᠠᠭ᠎ᠠ ᠮᠡᠨᠡᠨ᠎ᠡ᠃ ᠲᠡᠭᠡᠭᠡᠳ ᠭᠦᠢᠴᠡᠭᠡ᠃
— ᠭᠠᠯᠳᠠᠨ ᠳᠡᠭᠦᠦ ᠰᠢᠷ᠎ᠠ ᠲᠠᠢ ᠶᠤᠮ᠃ ᠭᠡᠬᠦ ᠳ᠋ᠡᠭᠡᠨ ᠮᠢᠨᠦ ᠵᠠᠮ ᠠ᠋ᠴᠠ ᠡᠷᠲᠡᠬᠡᠨ ᠬᠣᠯᠠᠳᠤᠯ᠎ᠠ᠃ ᠶᠠᠮᠠᠷ ᠪᠣᠯᠪᠠᠴᠤ ᠨᠠᠳᠠ ᠰᠠᠭᠠᠳ ᠪᠣᠯᠬᠤ ᠦᠭᠡᠢ ᠨᠢ ᠲᠣᠳᠣᠷᠬᠠᠢ᠃ ᠮᠢᠨᠦ ᠳᠡᠭᠦᠦ ᠰᠠᠢᠨ ᠯᠠᠮᠠ ᠪᠣᠯᠤᠭᠠᠷᠠᠢ! ᠴᠢᠮᠠᠶ᠋ᠢ ᠯᠠᠮᠠ ᠪᠣᠯᠤᠭ᠎ᠠ ᠦᠭᠡᠢ ᠶᠦᠮ ᠪᠣᠯ ᠲᠠᠢᠭᠠᠨ ᠪᠣᠯᠭᠠᠬᠤ ᠪᠠᠢᠭᠰᠠᠨ ᠶᠤᠮ᠃
— ᠴᠡᠴᠡᠨ ᠠᠬ᠎ᠠ ᠲᠠ ᠨᠠᠮᠠᠶ᠋ᠢ ᠥᠳᠥᠭᠡᠪᠡ᠃ ᠦᠭᠡ ᠶ᠋ᠢᠨ ᠰᠢᠷᠬ᠎ᠠ ᠠᠷᠢᠯᠳᠠᠭ ᠦᠭᠡᠢ ᠪᠤᠰᠤ ᠤᠤ?
— ᠭᠠᠯᠳᠠᠨ ᠳᠡᠭᠦᠦ ᠨᠠᠰᠤᠨ ᠠ᠋ᠴᠠ ᠪᠠᠨ ᠦᠳᠡᠯᠦᠭᠡ ᠶᠦᠮ ᠭᠡᠭᠴᠢ᠃ ᠡᠴᠢᠭᠡ ᠬᠣᠩ ᠲᠠᠢᠵᠢ ᠰᠡᠩᠭᠡ ᠳ᠋ᠦ᠍ ᠰᠦᠢ ᠲᠠᠯᠪᠢᠭᠰᠠᠨ ᠪᠠᠢᠲᠠᠯ᠎ᠠ ᠴᠢᠮ᠎ᠠ ᠳ᠋ᠤ᠌ ᠪᠣᠯ ᠬᠡᠵᠢᠶ᠎ᠡ ᠴᠦ᠍ ᠰᠦᠢ ᠲᠠᠯᠪᠢᠬᠤ ᠦᠭᠡᠢ᠃ ᠰᠡᠩᠭᠡ ᠶ᠋ᠢᠨ ᠰᠦᠢ ᠲᠠᠯᠪᠢᠭᠰᠠᠨ ᠥᠬᠢᠨ ᠢ᠋ ᠨᠢ ᠠᠨᠤᠳᠠᠷ᠎ᠠ ᠭᠡᠳᠡᠭ ᠶᠦᠮ᠃ ᠲᠠ ᠨᠠᠷ ᠴᠠᠰᠤᠲᠤ ᠶ᠋ᠢᠨ ᠣᠷᠣᠨ ᠲᠠᠢᠰᠢ ᠣᠳᠬᠤ ᠵᠠᠮ ᠳ᠋ᠠᠭᠠᠨ ᠬᠥᠬᠡᠨᠠᠭᠤᠷ ᠲᠤ᠌ ᠸᠴᠢᠷᠲᠦ
ᠰᠡᠴᠡᠨ ᠬᠠᠭᠠᠨ ᠤ᠋ ᠳ᠋ᠤ᠌ ᠣᠴᠢᠨ᠎ᠠ᠃ ᠰᠡᠩᠭᠡ ᠶ᠋ᠢᠨ ᠬᠠᠲᠤᠨ ᠲᠡᠨᠳᠡ ᠪᠠᠢᠭ᠎ᠠ᠃ ᠰᠠᠢᠨ ᠬᠠᠷᠠᠵᠤ ᠠᠪᠤᠭᠠᠷᠠᠢ!
— ᠵᠠ᠂ ᠲᠡᠭᠡᠭᠡᠳ᠁
— ᠬᠣᠵᠢᠮ ᠰᠡᠩᠭᠡ ᠮᠢᠨᠦ ᠡᠮᠦᠨ᠎ᠡ ᠬᠥᠨᠳᠡᠯᠢᠰᠴᠦ ᠮᠠᠭᠠᠳ᠂ ᠡᠷᠲᠡᠬᠡᠨ ᠮᠡᠳᠡᠵᠦ ᠪᠠᠢ᠃ ᠭᠠᠯᠳᠠᠨ ᠴᠢᠨᠦ ᠬᠤᠪᠢ ᠵᠣᠬᠢᠶᠠᠯ ᠬᠠᠷᠢᠨ ᠥᠭᠡᠷᠡᠴᠢᠯᠡᠭᠳᠡᠪᠡ᠃ ᠳᠥᠩᠭᠡ ᠳ᠋ᠦ᠍ ᠣᠷᠣᠪᠠ᠃
— ᠨᠠᠮᠠᠶ᠋ᠢ ᠴᠠᠰᠤᠲᠤ ᠠ᠋ᠴᠠ ᠢᠷᠡᠬᠦ ᠳ᠋ᠦ᠍ ᠲᠠ ᠬᠣᠭᠣᠯᠠᠨ ᠤ᠋ ᠪᠠᠨ ᠰᠠᠪᠠ ᠶ᠋ᠢ ᠪᠦᠲᠦᠨ ᠪᠠᠢᠯᠭᠠᠵᠤ ᠪᠠᠢᠭᠠᠷᠠᠢ᠃
— ᠰᠠᠢᠨ ᠯᠠᠮᠠ ᠪᠣᠯᠵᠤ ᠪᠤᠶᠠᠨ ᠬᠤᠷᠢᠶᠠᠬᠤ ᠶ᠋ᠢ ᠬᠦᠰᠡᠶ᠎ᠡ᠃ ᠪᠤᠷᠤᠭᠤ ᠬᠣᠢᠰᠢ ᠪᠠᠨ ᠁
ᠴᠡᠴᠡᠨ ᠡᠢᠨ ᠬᠦ᠌ ᠲᠣᠭᠣᠮᠵᠢᠷ ᠦᠭᠡᠢ ᠥᠭᠦᠯᠡᠭᠡᠳ ᠭᠠᠯᠳᠠᠨ ᠢ᠋ ᠦᠯᠦ ᠣᠢᠰᠢᠶᠠᠭᠰᠠᠨ ᠪᠠᠢᠳᠠᠯ ᠲᠠᠢ ᠥᠷᠭᠥᠭᠡ ᠭᠡᠷ ᠦ᠋ᠨ ᠢ᠋ᠶ᠋ᠡᠨ ᠵᠦᠭ ᠠᠯᠬᠤᠪᠠ᠃ ᠡᠴᠢᠭᠡ ᠶ᠋ᠢᠨ ᠶᠡᠬᠡ ᠬᠠᠲᠤᠨ ᠪᠠᠯᠵᠢᠳᠠᠷ᠎ᠠ ᠠ᠋ᠴᠠ ᠲᠥᠷᠥᠭᠰᠡᠨ ᠲᠣᠮᠣ ᠠᠬ᠎ᠠ ᠴᠡᠴᠡᠨ ᠨᠡᠯᠢᠶᠡᠳ ᠡᠷᠲᠡ ᠡᠴᠡ ᠦ ᠡᠷᠢᠵᠦ᠂ ᠰᠡᠩᠭᠡ ᠠᠬ᠎ᠠ ᠳ᠋ᠤ᠌ ᠪᠠᠰᠠ ᠭᠠᠯᠳᠠᠨ ᠳ᠋ᠤ᠌ ᠠᠲᠠᠭᠠᠷᠬᠠᠵᠤ ᠪᠠᠢᠭᠰᠠᠨ ᠢ᠋ ᠣᠨ ᠵᠢᠯ ᠦ᠋ᠨ ᠤᠷᠤᠰᠬᠠᠯ ᠳ᠋ᠤ᠌ ᠮᠡᠳᠡᠵᠦ ᠪᠢᠯᠡ᠃
ᠠᠷᠪᠠᠨ ᠵᠢᠷᠭᠤᠭ᠎ᠠ
ᠵᠠᠮ ᠵᠠᠭᠤᠷ᠎ᠠ ᠰᠠᠷ᠎ᠠ ᠢᠯᠡᠭᠦᠦ ᠠᠶᠠᠯᠠᠭᠰᠠᠨ ᠤ᠋ ᠳᠠᠷᠠᠭᠠᠬᠢ ᠥᠷᠯᠥᠭᠡ᠂ ᠰᠠᠬᠤᠯᠢᠭ ᠡᠪᠡᠰᠦᠨ ᠳᠣᠲᠣᠷ᠎ᠠ ᠠ᠋ᠴᠠ ᠨᠠᠷᠠ ᠮᠠᠨᠳᠤᠪᠠ᠃ ᠨᠠᠷᠠ ᠶ᠋ᠢᠨ ᠭᠦᠨ ᠰᠢᠷᠭᠠᠯ ᠲᠤᠶᠠᠭ᠎ᠠ ᠶ᠋ᠢ ᠰᠥᠭᠡᠯ ᠨᠢ ᠲᠠᠲᠠᠷᠠᠭᠠ ᠦᠭᠡᠢ ᠡᠪᠡᠰᠦ ᠨᠣᠭᠣᠭ᠎ᠠ ᠭᠡᠭᠡᠯᠡᠵᠡᠢ᠃ ᠨᠠᠮᠤᠷ ᠴᠠᠭ ᠤ᠋ᠨ ᠥᠨᠳᠥᠷ ᠴᠠᠢᠪᠤᠷ ᠡᠪᠡᠰᠦ ᠶᠠᠭᠠᠬᠢᠭᠠᠳ ᠨᠠᠷᠠ ᠶ᠋ᠢ ᠬᠡᠭᠡᠯᠡᠵᠦ ᠪᠠᠢᠭ᠎ᠠ ᠶ᠋ᠢ ᠭᠠᠢᠬᠠᠮᠠᠷ ᠪᠠᠢᠯ᠎ᠠ᠃ ᠶᠠᠪᠤᠭᠠᠨ ᠳ᠋ᠠᠭᠠᠨ ᠥᠨᠳᠥᠷ ᠰᠥᠮᠡᠨ ᠡᠪᠡᠰᠦ ᠭᠠᠵᠠᠷ ᠲᠠᠭᠠᠨ ᠦᠯᠡᠳᠡᠵᠦ ᠮᠥᠨᠥᠬᠢ ᠨᠠᠷᠠᠨ ᠲᠩᠷᠢ ᠳ᠋ᠦ᠍ ᠠᠭᠠᠵᠢᠭᠤᠬᠠᠨ ᠬᠥᠭᠡᠷᠴᠦ ᠪᠢᠯᠡ᠃ ᠲᠠᠯ᠎ᠠ ᠶ᠋ᠢᠨ ᠨᠠᠷᠠ ᠶᠠᠭᠠᠬᠢᠵᠤ ᠮᠠᠨᠳᠤᠳᠠᠭ ᠢ᠋ ᠬᠠᠷᠠᠭᠠᠳ ᠪᠠᠶᠠᠰᠬᠤ ᠰᠡᠳᠬᠢᠯ ᠲᠥᠷᠥᠭᠰᠡᠨ ᠶᠣᠮᠳᠠᠭ᠃
ᠸᠴᠢᠷᠲᠦ ᠰᠡᠴᠡᠨ ᠬᠠᠭᠠᠨ ᠤ᠋ ᠬᠣᠲᠠ ᠬᠦᠷᠢᠶ᠎ᠡ ᠡᠪᠡᠰᠦ ᠴᠡᠴᠡᠭ ᠦ᠋ᠨ ᠴᠠᠭᠠᠨ ᠲᠣᠭᠣᠰᠣᠨᠴᠢᠷ ᠪᠢᠲᠡᠭᠦᠦ ᠪᠦᠷᠬᠦᠭᠰᠡᠨ ᠲᠠᠯ᠎ᠠ ᠶ᠋ᠢᠨ ᠲᠡᠷᠲᠡᠭᠡ ᠡᠴᠡ ᠴᠠᠢᠪᠠᠯᠵᠠᠨ ᠣᠢᠷᠠᠳᠪᠠ᠃ ᠬᠥᠬᠡᠨᠠᠭᠤᠷ ᠬᠡᠮᠡᠬᠦ ᠡᠩ ᠦᠭᠡᠢ ᠲᠠᠯ᠎ᠠ ᠨᠤᠲᠤᠭ ᠲᠤ᠌ ᠢᠷᠡᠵᠡᠢ᠃ ᠤᠰᠤ᠂ ᠤᠷᠭᠤᠮᠠᠯ ᠲᠡᠭᠰᠢ ᠤᠷᠲᠤ ᠬᠥᠪᠡᠭᠡ ᠬᠠᠷᠠᠭᠳᠠᠨ᠎ᠠ᠃ ᠠᠯᠤᠰ ᠤ᠋ᠨ ᠠᠯᠤᠰ ᠲᠤ᠌ ᠬᠥᠬᠡ ᠠᠭᠤᠯᠠ ᠵᠡᠷᠭᠡᠯᠭᠡ ᠳ᠋ᠦ᠍ ᠲᠠᠢᠪᠠᠯᠵᠠᠨᠠ᠃ ᠨᠠᠮᠤᠷ ᠴᠠᠭ ᠤ᠋ᠨ ᠡᠪᠡᠰᠦ ᠨᠣᠭᠣᠭᠠᠨ ᠤ᠋ ᠲᠣᠭᠣᠰᠣᠨᠴᠢᠷ ᠲᠤ᠌ ᠵᠡᠷᠭᠡᠯᠭᠡ ᠨᠢ ᠳᠠᠪᠠᠯᠭᠠᠯᠠᠬᠤ ᠮᠡᠲᠦ ᠦᠵᠡᠭᠳᠡᠨ᠎ᠡ᠃
ᠰᠦᠷᠦᠭ ᠴᠠᠭᠠᠨ ᠲᠡᠮᠡᠭᠡ ᠪᠡᠯᠴᠢᠨ᠎ᠡ᠃ ᠭᠠᠯᠳᠠᠨ ᠪᠣᠯᠤᠨ ᠽᠠᠶ᠎ᠠ ᠪᠠᠨᠳᠢᠳᠠ ᠭᠡᠭᠡᠨᠲᠡᠨ ᠦ᠌ ᠬᠥᠰᠬᠡ ᠸᠴᠢᠷᠲᠦ ᠰᠡᠴᠡᠨ ᠬᠠᠭᠠᠨ ᠤ᠋ ᠬᠣᠲᠠ ᠬᠦᠷᠢᠶᠡᠨ ᠡᠴᠡ ᠵᠠᠢᠳᠠᠭᠤᠬᠠᠨ ᠬᠣᠲᠠᠯᠠ ᠪᠠᠭᠤᠵᠠᠢ᠃ ᠠᠶᠠᠨ ᠤ᠋ ᠬᠦᠷᠢᠶ᠎ᠡ ᠪᠣᠯ ᠭᠣᠣᠯ ᠲᠥᠯᠥᠪ ᠵᠣᠳᠣᠭᠠᠷ ᠂ ᠮᠠᠢᠬᠠᠨ ᠰᠡᠯᠲᠡ ᠡᠴᠡ ᠪᠦᠷᠢᠳᠦᠨ᠎ᠡ᠃ ᠳᠠᠭᠠᠭᠠᠮᠠᠯ ᠤ᠋ᠨ ᠬᠣᠶᠠᠷ ᠲᠠᠯ᠎ᠠ ᠳ᠋ᠠᠭᠠᠨ ᠪᠢᠲᠡᠭᠦᠦ ᠤᠭᠠᠯᠵᠠ ᠲᠠᠢ ᠮᠠᠢᠬᠠᠨ ᠬᠦᠷᠢᠶ᠎ᠡ ᠶ᠋ᠢᠨ ᠲᠥᠪ ᠳᠤᠮᠳᠠ ᠪᠠᠢᠷᠢᠯᠠᠵᠠᠢ᠃
ᠰᠡᠴᠡᠨ ᠬᠠᠭᠠᠨ ᠸᠴᠢᠷᠲᠤ ᠪᠣᠯᠪᠠᠰᠤ ᠭᠠᠯᠳᠠᠨ ᠤ᠋ ᠡᠴᠢᠭᠡ ᠡᠷᠳᠡᠨᠢᠪᠠᠭᠠᠲᠤᠷ ᠬᠣᠩ ᠲᠠᠢᠵᠢ ᠲᠠᠢ ᠣᠢᠷᠠᠳ ᠤ᠋ᠨ ᠴᠢᠭᠤᠯᠭᠠᠨ ᠤ᠋ ᠲᠡᠷᠢᠭᠦᠨ ᠢ᠋ ᠡᠭᠡᠯᠵᠢ ᠳᠠᠷᠠᠭ᠎ᠠ ᠪᠠᠷ ᠠᠬᠠᠯᠠᠳᠠᠭ ᠬᠥᠮᠦᠨ ᠪᠢᠯᠡ᠃
ᠸᠴᠢᠷᠲᠤ ᠰᠡᠴᠡᠨ ᠨᠢ ᠪᠣᠰᠤᠭᠠᠳᠠᠭᠤ ᠨᠢᠭᠤᠷ ᠲᠠᠢ᠂ ᠴᠠᠢᠪᠤᠷ ᠴᠢᠷᠠᠢ ᠲᠠᠢ᠂ ᠡᠷᠡᠯᠬᠡᠭ ᠪᠠᠭᠠᠲᠤᠷ ᠡᠷ᠎ᠡ ᠶ᠋ᠢᠨ ᠰᠢᠨᠵᠢ ᠪᠠᠭ᠎ᠠ᠂ ᠪᠢᠴᠢᠭ ᠦ᠋ᠨ ᠬᠥᠮᠦᠨ ᠦ᠌ ᠲᠥᠷᠬᠦ ᠲᠡᠢ ᠨᠢᠭᠡᠨ ᠪᠠᠢᠯ᠎ᠠ᠃
ᠽᠠᠶ᠎ᠠ ᠪᠠᠨᠳᠢᠳᠠ ᠭᠡᠭᠡᠨ ᠦ᠌ ᠠᠮᠤᠷ ᠠᠮᠤᠭᠤᠯᠠᠩ ᠢ᠋ ᠡᠷᠢᠵᠦ ᠲᠦᠳᠡᠯ ᠦᠭᠡᠢ ᠭᠠᠯᠳᠠᠨ ᠢ᠋ ᠱᠣᠬᠣᠭᠣᠷᠬᠠᠪᠠ᠃
— ᠭᠠᠯᠳᠠᠨ ᠬᠥᠪᠡᠭᠦᠨ ᠮᠥᠨ ᠤᠤ? ᠭᠡᠵᠦ ᠸᠴᠢᠷᠲᠤ ᠰᠡᠴᠡᠨ ᠠᠰᠠᠭᠤᠪᠠ᠃
— ᠪᠢ ᠮᠥᠨ ᠪᠢᠯᠡ ᠭᠡᠮᠡᠨ ᠥᠴᠢᠪᠡ᠃
— ᠴᠢᠮᠠᠶ᠋ᠢ ᠬᠦᠯᠢᠶᠡᠵᠦ ᠪᠠᠢᠯ᠎ᠠ ᠭᠡᠵᠦ ᠲᠡᠷᠡ ᠪᠡᠷ ᠬᠦᠨᠳᠦᠳᠬᠡᠯ ᠲᠡᠢ ᠥᠭᠦᠯᠡᠭᠡᠳ ᠨᠢᠳᠦ ᠪᠡᠨ ᠴᠠᠪᠴᠢᠯᠠᠨ ᠬᠠᠷᠠᠪᠠ᠃ ᠭᠠᠯᠳᠠᠨ ᠠ᠋ᠴᠠ ᠶᠠᠮᠠᠷ ᠨᠢᠭᠡᠨ ᠶᠠᠭᠤᠮ᠎ᠠ ᠡᠷᠢᠵᠦ ᠪᠠᠢᠭᠰᠠᠨ ᠢ᠋ᠶ᠋ᠠᠨ ᠣᠯᠪᠠ ᠪᠣᠯᠤᠯᠲᠠᠢ ᠵᠠᠳᠠᠭᠠᠢ ᠠᠮᠢᠰᠬᠤᠭ᠎ᠠ ᠠᠪᠤᠭᠠᠳ ᠦᠷᠭᠦᠭᠡᠨ ᠳ᠋ᠡᠭᠡᠨ ᠤᠷᠢᠯ᠎ᠠ᠃
ᠣᠢᠷᠠᠳ ᠤ᠋ᠨ ᠴᠢᠭᠤᠯᠭᠠᠨ ᠢ᠋ ᠡᠯᠦᠨᠴᠡ ᠬᠤᠯᠤᠨᠴᠠ ᠠ᠋ᠴᠠ ᠪᠠᠨ ᠲᠡᠷᠢᠭᠦᠯᠡᠵᠦ ᠢᠷᠡᠭᠰᠡᠳ ᠦ᠋ᠨ ᠦᠷᠭᠦᠭᠡᠨ ᠳ᠋ᠦ᠍ ᠰᠠᠭᠠᠳᠠᠪᠠ᠃ ᠸᠴᠢᠷᠲᠤ ᠰᠡᠴᠡᠨ ᠬᠠᠭᠠᠨ ᠤ᠋ ᠡᠯᠦᠨᠴᠡ ᠡᠴᠢᠭᠡ ᠪᠦᠪᠡᠢ ᠪᠥᠯᠥᠭᠡ᠃ ᠪᠦᠪᠡᠢ ᠨᠢ ᠬᠠᠨᠢ ᠨᠣᠶᠠᠨ ᠬᠣᠩᠭᠣᠷ ᠤ᠋ᠨ ᠬᠥᠪᠡᠭᠦᠨ ᠪᠥᠯᠥᠭᠡ᠃ ᠬᠠᠨᠢ ᠨᠣᠶᠠᠨ ᠬᠣᠩᠭᠣᠷ ᠤ᠋ᠨ ᠬᠥᠪᠡᠭᠦᠨ ᠨᠢ ᠸᠴᠢᠷᠲᠤ ᠰᠡᠴᠡᠨ ᠬᠠᠭᠠᠨ ᠤ᠋ ᠡᠴᠢᠭᠡ ᠪᠠᠢᠪᠠᠭᠠᠰ ᠪᠠᠭᠠᠲᠤᠷ ᠠᠵᠢ᠃ ᠤᠳᠤᠮ ᠢ᠋ᠶ᠋ᠠᠷ ᠢ᠋ᠶ᠋ᠠᠨ ᠣᠢᠷᠠᠳ ᠤ᠋ᠨ ᠴᠢᠭᠤᠯᠭᠠᠨ ᠢ᠋ ᠲᠡᠷᠢᠭᠦᠯᠡᠵᠦ᠂ ᠥᠨᠳᠥᠷ ᠳᠡᠭᠡᠳᠦ ᠵᠢᠩᠳᠠᠭᠠᠨ ᠳ᠋ᠤ᠌ ᠡᠳᠦᠢ ᠬᠦᠷᠲᠡᠯ᠎ᠡ ᠪᠠᠢᠵᠤ᠂ ᠲᠩᠷᠢ ᠶ᠋ᠢᠨ ᠲᠠᠭᠠᠯᠠᠯ ᠳ᠋ᠤ᠌ ᠨᠡᠢᠴᠡᠭᠰᠡᠨ ᠨᠢ ᠪᠥᠴᠢᠭᠰᠠᠨ ᠣᠯᠠᠨ ᠳ᠋ᠤ᠌ ᠲᠤᠩ ᠲᠠᠭᠠᠲᠠᠢ ᠰᠡᠳᠬᠢᠭᠳᠡᠯ ᠲᠥᠷᠥᠭᠦᠯᠦᠨ᠎ᠡ᠃
ᠸᠴᠢᠷᠲᠤ ᠰᠡᠴᠡᠨ ᠨᠤᠮᠤ ᠶ᠋ᠢᠨ ᠬᠡᠯᠪᠡᠷᠢᠲᠦ ᠰᠠᠬᠠᠯ ᠢ᠋ᠶ᠋ᠠᠨ ᠢᠯᠢᠵᠦ ᠴᠠᠷ᠎ᠠ ᠲᠠᠪᠠᠭ ᠲᠤ᠌ ᠦᠷᠦᠭᠰᠡᠨ ᠢᠳᠡᠭᠡ ᠴᠠᠭ᠎ᠠ᠂ ᠮᠣᠳᠣᠨ ᠲᠥᠮᠫᠥᠨ ᠲᠡᠢ ᠮᠢᠬ᠎ᠠ᠂ ᠸᠠᠭᠠᠷ ᠰᠠᠪᠠ ᠲᠠᠢ ᠤᠮᠳᠠᠭ᠎ᠠ ᠵᠡᠷᠭᠡ ᠡᠴᠡ ᠢᠳᠡ ᠤᠤᠭᠤ ᠭᠡᠮᠡᠨ ᠨᠠᠢᠷᠰᠠᠭ ᠢ᠋ᠶ᠋ᠠᠷ ᠥᠭᠦᠯᠡᠨ᠎ᠡ᠃《ᠡᠨᠡ ᠭᠠᠯᠳᠠᠨ ᠬᠥᠪᠡᠭᠦᠨ ᠴᠠᠬᠢᠯᠠᠵᠤ ᠶᠠᠪᠤᠭ᠎ᠠ ᠢᠷᠪᠢᠰ ᠮᠡᠲᠦ ᠶᠠᠭᠤᠲᠠᠢ ᠬᠡᠢᠮᠥᠷᠢᠯᠢᠭ ᠪᠣᠢ᠃ ᠷᠢᠳᠢ ᠰᠢᠳᠢ ᠲᠡᠢ ᠮᠡᠩᠭᠡ ᠲᠡᠢ ᠶᠦᠮ᠃ ᠡᠢᠮᠦ ᠬᠥᠮᠦᠨ ᠢ᠋ ᠪᠢ ᠮᠠᠰᠢ ᠬᠣᠪᠣᠷ ᠦᠵᠡᠵᠡᠢ᠃ ᠣᠢᠷᠠᠳ ᠤ᠋ᠨ ᠵᠠᠭᠤᠨ ᠨᠠᠢ᠍ᠮᠠᠨ ᠬᠥᠪᠡᠭᠦᠨ ᠢ᠋ ᠲᠡᠷᠢᠭᠦᠯᠡᠵᠦ ᠴᠠᠰᠤᠲᠤ ᠶ᠋ᠢᠨ ᠣᠷᠣᠨ ᠳ᠋ᠤ᠌ ᠪᠤᠷᠬᠠᠨ ᠤ᠋ ᠨᠣᠮ ᠰᠤᠷᠤᠨ᠎ᠠ ᠭᠡᠪᠡ ᠤᠤ? ᠬᠤᠳᠤᠭᠴᠢᠨ ᠪᠠᠭᠠᠲᠤᠷ ᠤ᠋ᠨ ᠭᠠᠷ ᠲᠤ᠌ ᠵᠡᠭᠦᠨᠭᠠᠷ ᠤ᠋ᠨ ᠤᠯᠤᠰ ᠯᠠᠪ ᠣᠷᠣᠬᠤ ᠨᠢ ᠃ ᠡᠳᠡᠨ ᠲᠡᠢ ᠤᠷᠤᠭ ᠪᠠᠷᠢᠯᠳᠤᠬᠤ ᠨᠢ ᠶᠠᠭᠤᠲᠠᠢ ᠰᠠᠢᠨ ᠪᠣᠢ》 ᠭᠡᠮᠡᠨ ᠸᠴᠢᠷᠲᠤ ᠰᠡᠴᠡᠨ ᠪᠣᠳᠣᠵᠤ ᠪᠠᠢᠵᠠᠢ᠃
— ᠠᠨᠤᠳᠠᠷ᠎ᠠ ᠶ᠋ᠢ ᠳᠠᠭᠤᠳᠠ ᠭᠡᠮᠡᠨ ᠸᠴᠢᠷᠲᠤ ᠰᠡᠴᠡᠨ ᠥᠭᠦᠯᠡᠪᠡ᠃
ᠠᠨᠤᠳᠠᠷ᠎ᠠ ᠶ᠋ᠢ ᠬᠠᠷᠠᠬᠤ ᠬᠦᠰᠡᠯ ᠣᠷᠭᠢᠯᠵᠤ ᠪᠠᠢᠭᠰᠠᠨ ᠢ᠋ ᠨᠢᠭᠤᠬᠤ ᠶᠠᠭᠤᠨ᠃ ᠠᠨᠤᠳᠠᠷ᠎ᠠ ᠪᠣᠯ ᠭᠠᠯᠳᠠᠨ ᠤ᠋ ᠠᠬ᠎ᠠ ᠰᠡᠩᠭᠡ ᠶ᠋ᠢᠨ ᠰᠦᠢᠲᠦ ᠥᠬᠢᠨ ᠶᠦᠮ᠃ ᠰᠡᠩᠭᠡ ᠠᠬ᠎ᠠ ᠬᠠᠲᠤᠨ ᠢ᠋ᠶ᠋ᠠᠨ ᠠᠯᠢ ᠬᠡᠳᠦᠢᠨ ᠲᠣᠪᠯᠠᠵᠠᠢ᠃ ᠭᠠᠯᠳᠠᠨ ᠳ᠋ᠤ᠌ ᠬᠠᠲᠤᠨ ᠲᠣᠪᠯᠠᠬᠤ ᠪᠠᠢᠲᠤᠭᠠᠢ ᠰᠦᠢ ᠲᠠᠯᠪᠢᠬᠤ ᠡᠳᠦᠷ ᠢᠷᠡᠨ᠎ᠡ ᠭᠡᠵᠦ ᠤᠤ? ᠥᠬᠢᠳ ᠪᠣᠯ ᠭᠠᠭᠴᠠ ᠬᠦ᠌ ᠡᠷᠡᠴᠦᠳ ᠦ᠋ᠨ ᠤᠮᠳᠠᠯᠠᠬᠤ ᠳᠠᠷᠠᠰᠤ ᠶᠤᠮ᠃ ᠭᠠᠯᠳᠠᠨ ᠮᠡᠲᠦ ᠶ᠋ᠢᠨ ᠯᠠᠮᠠ ᠨᠠᠷ ᠠ᠋ᠴᠠ ᠳᠡᠩᠳᠡᠭᠦᠦ ᠬᠣᠯᠠ ᠪᠢᠯᠡ᠃ ᠥᠬᠢᠳ ᠮᠥᠷᠥᠭᠡᠳᠬᠦ ᠡᠷᠬᠡ ᠦᠭᠡᠢ ᠪᠣᠯᠤᠭᠰᠠᠨ ᠳ᠋ᠠᠭᠠᠨ ᠭᠠᠯᠳᠠᠨ ᠶᠡᠬᠡᠳᠡ ᠭᠤᠨᠢᠭᠯᠠᠵᠤ
ᠪᠠᠢᠯ᠎ᠠ᠃ ᠴᠡᠴᠡᠨ ᠠᠬ᠎ᠠ ᠭᠠᠯᠳᠠᠨ ᠢ᠋ ᠦᠭᠡ ᠪᠡᠷ ᠬᠣᠣᠷᠯᠠᠭᠰᠠᠨ ᠢ᠋ ᠲᠡᠷᠡ ᠬᠣᠵᠢᠮ ᠨᠢ ᠰᠠᠶᠢ ᠣᠢᠯᠠᠭᠠᠪᠠ᠃
ᠳᠠᠷᠠᠰᠭᠡᠨ ᠬᠣᠶᠠᠷ ᠥᠬᠢᠨ ᠡᠭᠦᠳᠡ ᠪᠡᠷ ᠣᠷᠣᠵᠤ ᠢᠷᠡᠭᠡᠳ ᠲᠠᠨᠢᠬᠤ ᠦᠭᠡᠢ ᠬᠥᠮᠦᠰ ᠡᠴᠡ ᠪᠡᠷᠬᠡᠰᠢᠶᠡᠨ ᠵᠣᠭᠰᠣᠪᠠ᠃
— ᠮᠢᠨᠦ ᠥᠬᠢᠳ ᠭᠡᠵᠦ ᠸᠴᠢᠷᠲᠤ ᠰᠡᠴᠡᠨ ᠥᠭᠦᠯᠡᠪᠡ᠃
ᠥᠬᠢᠳ ᠦ᠋ᠨ ᠡᠮᠦᠰᠦᠭᠰᠡᠨ ᠬᠤᠪᠴᠠᠰᠤ ᠲᠣᠷᠭᠠᠮᠰᠤᠭ ᠪᠥᠭᠡᠳ ᠨᠠᠮᠢᠷᠠᠭᠰᠠᠨ ᠤᠷᠲᠤ ᠠᠵᠢ᠃ ᠲᠡᠳᠡᠨ ᠦ᠌ ᠭᠣᠶᠣᠮᠰᠣᠭ ᠵᠡᠭᠦᠯᠲᠡ ᠴᠢᠮᠡᠭᠯᠡᠯ ᠡᠷᠬᠡ ᠦᠭᠡᠢ ᠬᠠᠷᠠᠭ᠎ᠠ ᠲᠠᠲᠠᠨ᠎ᠠ᠃
ᠶᠠᠯᠢᠮ ᠦᠭᠡᠢ ᠥᠨᠳᠥᠷ ᠨᠢᠷᠤᠭᠤ ᠲᠠᠢ᠂ ᠮᠣᠢᠯ ᠬᠠᠷ᠎ᠠ ᠨᠢᠳᠦ ᠲᠡᠢ᠂ ᠰᠢᠯᠤᠭᠤᠨ ᠬᠠᠮᠠᠷ ᠲᠠᠢ᠂ ᠬᠣᠩᠭᠣᠷ ᠴᠠᠢᠪᠤᠷ ᠴᠢᠷᠠᠢ ᠲᠠᠢ ᠨᠢ ᠠᠨᠤᠳᠠᠷ᠎ᠠ ᠪᠠᠢᠯ᠎ᠠ᠃ ᠠᠨᠤᠳᠠᠷ᠎ᠠ ᠭᠠᠯᠳᠠᠨ ᠢ᠋ ᠬᠠᠷᠠᠭᠠᠳ ᠪᠠᠢᠬᠤ ᠳ᠋ᠤ᠌ ᠲᠡᠷᠡ ᠢᠴᠢᠪᠡ᠃ ᠭᠡᠲᠡᠯ᠎ᠡ ᠡᠴᠢᠭᠡ ᠨᠢ ᠲᠡᠭᠦᠨ ᠳ᠋ᠦ᠍᠂
— ᠰᠡᠩᠭᠡ ᠶ᠋ᠢᠨ ᠳᠡᠭᠦᠦ ᠭᠠᠯᠳᠠᠨ᠃ ᠲᠥᠪᠡᠳ ᠲᠦ᠍ ᠪᠤᠷᠬᠠᠨ ᠤ᠋ ᠨᠣᠮ ᠰᠤᠷᠬᠤ ᠪᠠᠷ ᠶᠠᠪᠤᠵᠤ ᠪᠠᠢᠨ᠎ᠠ ᠭᠡᠪᠡ᠃
ᠠᠨᠤᠳᠠᠷ᠎ᠠ ᠴᠡᠭᠡᠯ ᠬᠣᠭᠣᠯᠠᠢ ᠪᠠᠷ ᠪᠢ ᠭᠠᠯᠳᠠᠨ ᠢ᠋ ᠮᠡᠳᠡᠨ᠎ᠡ ᠭᠡᠪᠡ᠃
ᠸᠴᠠᠷᠲᠤ ᠰᠡᠴᠡᠨ ᠬᠠᠭᠠᠨ ᠨᠠᠷᠭᠢᠶᠠᠨ ᠲᠠᠢ ᠪᠠᠷ ᠢᠨᠢᠶᠡᠵᠦ᠂
— ᠮᠠᠨ ᠤ᠋ ᠠᠨᠤᠳᠠᠷ᠎ᠠ ᠲᠤᠭᠤᠯᠤᠭᠰᠠᠨ ᠰᠣᠨᠣᠰᠤᠭᠰᠠᠨ ᠢ᠋ᠶ᠋ᠠᠨ ᠶᠡᠷᠦ ᠮᠠᠷᠲᠠᠬᠤ ᠦᠭᠡᠢ᠃ ᠭᠠᠯᠳᠠᠨ ᠢ᠋ ᠮᠡᠳᠡᠨ᠎ᠡ ᠭᠡᠨ᠎ᠡ᠃ ᠳᠥᠩᠭᠡᠵᠦ ᠴᠢᠷᠠᠢ ᠵᠢᠰᠦ ᠶ᠋ᠢ ᠨᠢ ᠬᠠᠷᠠᠵᠤ ᠪᠠᠢᠵᠤ᠂᠂᠂᠂ ᠨᠡᠷ᠎ᠡ ᠶ᠋ᠢ ᠨᠢ ᠮᠡᠳᠡᠳᠡᠭ ᠦᠨᠡᠨ ᠰᠢᠦ ᠭᠡᠳ ᠨᠢᠭᠤᠷ ᠳᠦᠭᠦᠷᠡᠩ ᠮᠦᠰᠢᠶᠡᠪᠡ᠃
ᠠᠨᠤᠳᠠᠷ᠎ᠠ ᠤᠯᠠᠮ ᠴᠡᠭᠡᠯ ᠬᠣᠭᠣᠯᠠᠢ ᠪᠠᠷ᠂
— ᠰᠦᠢᠲᠦ ᠬᠠᠨ ᠬᠦᠦ ᠶ᠋ᠢᠨ ᠳᠡᠭᠦᠦ ᠢᠷᠡᠯ᠎ᠡ ᠰᠢᠦ ᠳᠡ᠃ ᠲᠥᠪᠡᠳ ᠦ᠋ᠨ ᠴᠠᠰᠤᠲᠤ ᠠᠭᠤᠯᠠ ᠡᠨᠳᠡ ᠡᠴᠡ ᠬᠠᠷᠠᠭᠳᠠᠳᠠᠭ ᠭᠡᠯᠡ᠃
— ᠠᠯᠢᠪ ᠬᠠᠷᠢᠶ᠎ᠠ ᠭᠡᠳ ᠭᠠᠯᠳᠠᠨ ᠤᠬᠤᠰᠬᠢᠨ ᠦᠷᠭᠦᠭᠡᠨ ᠡᠴᠡ ᠭᠠᠷᠪᠠ᠃
— ᠲᠡᠷᠡ ᠲᠩᠷᠢ ᠶ᠋ᠢᠨ ᠬᠠᠶᠠᠭᠠᠨ ᠳ᠋ᠤ᠌ ᠴᠠᠭᠠᠨ ᠠᠭᠤᠯᠠ ᠪᠠᠢᠨ᠎ᠠ ᠤᠤ᠂᠂᠂᠂ ᠲᠡᠷᠡ ᠴᠠᠭᠠᠨ ᠠᠭᠤᠯᠠᠨ ᠳ᠋ᠤ᠌ ᠬᠦᠷᠲᠡᠯ᠎ᠡ ᠡᠨᠳᠡ ᠡᠴᠡ ᠭᠤᠷᠪᠠᠨ ᠰᠠᠷ᠎ᠠ ᠠᠶᠠᠯᠠᠳᠠᠭ ᠶᠤᠮ᠃ ᠬᠣᠯᠠ ᠪᠠᠢᠭ᠎ᠠ ᠪᠢᠵᠡ᠃ ᠶᠠᠮᠠᠷ ᠬᠣᠯᠠ ᠶᠠᠪᠤᠵᠤ ᠪᠠᠢᠭ᠎ᠠ ᠶᠤᠮ ᠪᠣᠢ ᠭᠡᠮᠡᠨ ᠠᠨᠤᠳᠠᠷ᠎ᠠ ᠤᠶᠠᠩᠭᠠᠯᠠᠭᠤᠯᠤᠨ ᠥᠭᠦᠯᠡᠪᠡ᠃
ᠲᠩᠷᠢ ᠶ᠋ᠢᠨ ᠬᠠᠶᠠᠭᠠᠨ ᠳ᠋ᠤ᠌ ᠪᠣᠢ ᠴᠠᠭᠠᠨ ᠠᠭᠤᠯᠠ ᠴᠣᠬᠣᠮ ᠳ᠋ᠠᠭᠠᠨ ᠭᠠᠯᠳᠠᠨ ᠳ᠋ᠤ᠌ ᠦᠯᠦ ᠦᠵᠡᠭᠳᠡᠨ᠎ᠡ᠃ ᠲᠩᠷᠢ ᠶ᠋ᠢᠨ ᠬᠠᠶᠠᠭ᠎ᠠ ᠨᠢᠯ ᠳ᠋ᠡᠭᠡᠨ ᠴᠠᠭᠠᠨ ᠪᠠᠢᠪᠠ᠃ ᠠᠭᠤᠵᠢᠮ ᠬᠡᠭᠡᠷ᠎ᠡ ᠲᠠᠯ᠎ᠠ ᠳ᠋ᠤ᠌ ᠥᠰᠦᠭᠰᠡᠨ ᠪᠣᠯᠬᠣᠷ ᠢ᠋ᠶ᠋ᠠᠨ ᠠᠨᠤᠳᠠᠷ᠎ᠠ ᠶ᠋ᠢᠨ ᠨᠢᠳᠦᠨ ᠳ᠋ᠦ᠍ ᠲᠡᠷᠲᠡᠭᠡᠬᠢ ᠠᠯᠤᠰ ᠤ᠋ᠨ ᠠᠭᠤᠯᠠ ᠲᠣᠳᠣ ᠬᠠᠷᠠᠭᠳᠠᠭᠰᠠᠨ ᠪᠢᠵᠡ᠃
— ᠬᠣᠯᠠ ᠶᠠᠪᠤᠨ᠎ᠠ ᠭᠡᠵᠦ ᠡᠴᠢᠭᠡ ᠬᠣᠩ ᠲᠠᠢᠵᠢ ᠭᠠᠯᠳᠠᠨ ᠳ᠋ᠤ᠌ ᠬᠡᠯᠡᠭᠰᠡᠨ᠃ ᠭᠠᠯᠳᠠᠨ ᠢ᠋ ᠬᠣᠯᠠ ᠶᠠᠪᠤᠭᠤᠯᠤᠨ᠎ᠠ ᠭᠡᠵᠦ ᠬᠠᠲᠤᠨ ᠡᠬᠡ ᠤᠬᠢᠯᠠᠭᠰᠠᠨ᠃ ᠦᠨᠡᠬᠡᠷ ᠬᠣᠯᠠ ᠶᠠᠪᠤᠬᠤ ᠰᠠᠢᠬᠠᠨ ᠴᠣ ᠶᠤᠮ ᠰᠢᠭ᠋᠂᠂᠂᠂ ᠭᠡᠮᠡᠨ ᠥᠭᠦᠯᠡᠪᠡ᠃
ᠠᠨᠤᠳᠠᠷ᠎ᠠ ᠠᠯᠤᠰ ᠲᠠᠢᠰᠢ ᠬᠦᠰᠡᠮᠵᠢᠯᠡᠵᠦ ᠬᠠᠷᠠᠭᠠᠴᠢᠯᠠᠭᠰᠠᠨ ᠴᠢᠭ ᠲᠡᠭᠡᠨ᠂
— ᠴᠠᠭᠠᠨ ᠠᠭᠤᠯᠠ ᠶ᠋ᠢᠨ ᠨᠠᠭᠠᠨ᠎ᠠ ᠴᠠᠭᠠᠨ᠎ᠠ ᠥᠴᠢᠨᠡᠭᠡᠨ ᠠᠭᠤᠯᠠ ᠪᠣᠢ᠃ ᠳᠥᠷᠪᠡᠨ ᠤᠯᠠᠷᠢᠯ ᠳ᠋ᠤ᠌ ᠥᠩᠭᠡ ᠪᠡᠨ ᠰᠣᠯᠢᠳᠠᠭ ᠲᠡᠷᠡ ᠣᠯᠠᠨ ᠠᠭᠤᠯᠠ ᠶ᠋ᠢ ᠨᠡᠷᠡᠯᠡᠵᠦ ᠮᠡᠳᠡᠬᠦ ᠦᠭᠡᠢ ᠴᠦ᠍ ᠳᠦᠷᠰᠦᠯᠡᠵᠦ ᠴᠢᠳᠠᠨ᠎ᠠ᠃ ᠤᠯᠠᠭᠠᠨ᠂ ᠰᠢᠷ᠎ᠠ᠂ ᠬᠥᠬᠡ᠂ ᠴᠠᠭᠠᠨ ᠥᠩᠭᠡ ᠲᠡᠢ ᠠᠭᠤᠯᠠᠰ ᠱᠣᠪᠬᠣ᠂ ᠬᠠᠪᠲᠠᠭᠠᠢ᠂ ᠲᠠᠰᠢᠭᠤ᠂ ᠪᠥᠭᠡᠷᠡᠩᠬᠡᠢ ᠣᠷᠣᠢ ᠲᠠᠢ ᠪᠠᠢᠳᠠᠭ ᠶᠤᠮ᠃ ᠴᠢ ᠬᠥᠬᠡᠨᠠᠭᠤᠷ ᠢ᠋ᠶ᠋ᠠᠷ ᠴᠠᠭᠠᠰᠢ ᠨᠠᠭᠠᠰᠢ ᠪᠠᠨ ᠵᠣᠷᠴᠢᠬᠤ ᠳ᠋ᠠᠭᠠᠨ ᠡᠨᠡ ᠣᠯᠠᠨ ᠠᠭᠤᠯᠠ ᠶ᠋ᠢ ᠵᠢᠰᠦᠯᠡᠵᠦ ᠬᠠᠷᠠᠭᠠᠷᠠᠢ ᠭᠡᠮᠡᠨ ᠭᠠᠯᠳᠠᠨ ᠳ᠋ᠤ᠌ ᠠᠮᠢᠨᠴᠢᠯᠠᠨ ᠶᠠᠷᠢᠪᠠ᠃
— ᠵᠠ᠂ ᠲᠡᠭᠡᠨ᠎ᠡ ᠭᠡᠵᠦ ᠭᠠᠯᠳᠠᠨ ᠬᠡᠯᠡᠪᠡ᠃
ᠪᠦᠰᠡᠭᠦᠢ ᠬᠥᠮᠦᠨ ᠦ᠌ ᠨᠠᠮᠪᠠ ᠲᠥᠷᠬᠦ ᠪᠦᠬᠦᠢ ᠬᠣᠩᠭᠣᠷ ᠴᠠᠢᠪᠤᠷ ᠴᠢᠷᠠᠢ ᠲᠠᠢ᠂ ᠮᠣᠢᠯ ᠬᠠᠷ᠎ᠠ ᠨᠢᠳᠦ ᠨᠢ ᠲᠤᠨᠤᠷᠠᠭᠰᠠᠨ ᠠᠨᠤᠳᠠᠷ᠎ᠠ ᠭᠠᠯᠳᠠᠨ ᠢ᠋ ᠬᠠᠮᠢᠶᠠᠲᠠᠨ ᠰᠠᠳᠤᠨ ᠯᠤᠭ᠎ᠠ ᠠᠳᠠᠯᠢ ᠢᠯᠡᠭᠦᠦ ᠳᠣᠲᠣᠨᠣᠴᠢᠯᠠᠨ ᠪᠠᠢᠯ᠎ᠠ᠃
ᠬᠥᠬᠡᠨᠠᠭᠤᠷ ᠤ᠋ᠨ ᠪᠦᠰᠡᠭᠦᠢ ᠰᠢᠭᠦᠷᠡᠮ᠎ᠡ ᠰᠢᠷᠭᠠᠯ ᠡᠪᠡᠰᠦᠨ ᠳᠤᠮᠳᠠᠭᠤᠷ ᠶᠠᠪᠤᠭᠰᠠᠭᠠᠷ ᠭᠠᠵᠠᠷ ᠤ᠋ᠨ ᠬᠥᠷᠥᠰᠥ ᠶ᠋ᠢ ᠲᠠᠴᠢᠷᠬᠠᠨ ᠠᠲᠠᠯ᠎ᠠ ᠪᠠᠨ ᠪᠢᠲᠡᠭᠦᠦ ᠪᠦᠷᠬᠦᠭᠰᠡᠨ ᠪᠣᠷᠣ ᠬᠦᠷᠡᠩ ᠡᠪᠡᠰᠦ ᠶ᠋ᠢᠨ ᠦᠨᠳᠦᠰᠦ ᠳᠤᠮᠳᠠ ᠣᠷᠣᠪᠠ᠃
ᠠᠨᠤᠳᠠᠷ᠎ᠠ ᠭᠠᠯᠳᠠᠨ ᠢ᠋ ᠰᠢᠷᠳᠡᠭᠰᠡᠨ ᠴᠢᠭ ᠲᠡᠭᠡᠨ᠂
— ᠴᠢ ᠠᠬ᠎ᠠ ᠲᠠᠢ ᠪᠠᠨ ᠠᠳᠠᠯᠢᠬᠠᠨ ᠤᠤ? ᠭᠡᠮᠡᠨ ᠠᠰᠠᠭᠤᠪᠠ᠃
— ᠮᠡᠳᠡᠬᠦ ᠦᠭᠡᠢ ᠠ᠋ ᠭᠡᠵᠦ ᠭᠠᠯᠳᠠᠨ ᠬᠠᠷᠢᠭᠤᠯᠪᠠ᠃
ᠠᠨᠤᠳᠠᠷ᠎ᠠ ᠲᠡᠭᠦᠨ ᠢ᠋ ᠮᠥᠨ ᠬᠦ᠌ ᠭᠢᠷᠠᠬᠠᠢ ᠠᠵᠢᠵᠤ᠂
— ᠲᠠ ᠬᠣᠶᠠᠷ ᠤ᠋ᠨ ᠨᠢᠳᠦ ᠠᠳᠠᠯᠢᠬᠠᠨ ᠶᠤᠮ ᠪᠠᠢᠨ᠎ᠠ ᠭᠡᠪᠡ᠃
ᠭᠠᠯᠳᠠᠨ ᠢᠩᠭᠢᠵᠦ ᠠᠨᠤᠳᠠᠷ᠎ᠠ ᠬᠡᠮᠡᠬᠦ ᠰᠡᠩᠭᠡ ᠠᠬ᠎ᠠ ᠶ᠋ᠢᠨ ᠰᠦᠢᠲᠦ ᠪᠦᠰᠡᠭᠦᠢ ᠶ᠋ᠢᠨ ᠥᠩᠭᠡ ᠵᠢᠰᠦ ᠶ᠋ᠢ ᠭᠠᠢᠬᠠᠵᠤ᠂ ᠢᠯᠳᠠᠮ ᠲᠡᠨᠢᠭᠦᠨ ᠠᠭᠠᠰᠢ ᠶ᠋ᠢ ᠪᠠᠬᠠᠳᠤᠵᠤ ᠪᠢᠯᠡ᠃
ᠠᠨᠤᠳᠠᠷ᠎ᠠ ᠲᠡᠷᠡ ᠬᠦ᠌ ᠡᠪᠡᠰᠦᠨ ᠦ᠌ ᠪᠣᠷᠣ ᠦᠨᠳᠦᠰᠦ᠂ ᠬᠦᠷᠡᠩ ᠦᠨᠳᠦᠰᠦ ᠬᠣᠯᠢᠯᠳᠤᠨ ᠤᠷᠭᠤᠭᠰᠠᠨ ᠬᠦᠷᠢᠶ᠎ᠡ ᠶ᠋ᠢ ᠳᠣᠣᠷ᠎ᠠ ᠪᠠᠨ ᠡᠷᠭᠢᠯᠳᠦᠨ ᠵᠢᠭᠠᠵᠤ ᠪᠢᠯᠡ᠃
— ᠬᠠᠷᠠᠵᠤ ᠪᠠᠢᠨ᠎ᠠ ᠤᠤ? ᠭᠠᠯᠳᠠᠨ!
— ᠶᠠᠮᠠᠷ ᠲᠣᠮᠣ ᠪᠤᠢᠷ ᠪᠣᠢ?
— ᠡᠨᠳᠡ ᠰᠢᠪᠠᠭᠤ ᠥᠨᠳᠡᠭᠡᠯᠡᠳᠡᠭ ᠶᠦᠮ᠃
—ᠰᠢᠪᠠᠭᠤᠨ ᠤ᠋ ᠡᠭᠦᠷ ᠳᠦᠭᠦᠷᠡᠩ ᠪᠠᠢᠭ᠎ᠠ᠃
— ᠶᠠᠮᠠᠷ ᠣᠯᠠᠨ ᠡᠭᠦᠷ ᠪᠠᠢᠭ᠎ᠠ ᠶ᠋ᠢ ᠬᠠᠷᠠᠭᠠᠴᠢ᠂ ᠭᠠᠯᠳᠠᠨ!
ᠲᠡᠷᠡ ᠬᠦ᠌ ᠳᠤᠭᠤᠢ ᠪᠣᠷᠣ ᠬᠦᠷᠡᠩ ᠲᠣᠭᠣᠷᠢᠮ ᠲᠡᠷᠡ ᠴᠢᠭ ᠢ᠋ᠶ᠋ᠡᠷ ᠢ᠋ᠶ᠋ᠡᠨ ᠰᠢᠪᠠᠭᠤᠨ ᠤ᠋ ᠡᠭᠦᠷ ᠪᠠᠢᠪᠠ᠃ ᠰᠢᠪᠠᠭᠤᠨ ᠤ᠋ ᠡᠭᠦᠷ ᠵᠢᠵᠢᠭᠬᠡᠨ ᠠᠲᠠᠯ᠎ᠠ ᠡᠪᠯᠢᠭ ᠤᠷᠠᠨ ᠪᠥᠯᠥᠭᠡ᠃ ᠡᠭᠦᠷ ᠪᠣᠯᠭᠠᠨ ᠢ᠋ ᠡᠪᠡᠰᠦᠨ ᠦ᠌ ᠴᠠᠭᠠᠨ᠂ ᠰᠢᠷ᠎ᠠ᠂ ᠬᠥᠬᠡ᠂ ᠨᠣᠭᠣᠭᠠᠨ ᠡᠰᠢ ᠪᠡᠷ ᠵᠠᠰᠠᠵᠤ᠂ ᠵᠠᠢ ᠵᠠᠪᠰᠠᠷ ᠨᠢ ᠬᠥᠪᠥᠩ ᠮᠡᠲᠦ ᠵᠥᠭᠡᠯᠡᠨ ᠡᠪᠡᠰᠦ ᠪᠡᠷ ᠲᠣᠣᠷᠯᠠᠵᠠᠢ᠃ ᠨᠢᠭᠡ ᠳᠣᠣᠷ᠎ᠠ ᠰᠢᠪᠠᠭᠤᠨ ᠤ᠋ ᠡᠭᠦᠷ ᠡᠢᠮᠦ ᠣᠯᠠᠨ ᠪᠠᠢᠳᠠᠭ ᠢ᠋ ᠮᠡᠳᠡᠭᠰᠡᠨ ᠶᠦᠮ ᠃
— ᠪᠣᠷᠣ ᠪᠣᠷᠣ ᠶ᠋ᠢᠨ ᠪᠢᠯᠵᠤᠤᠬᠠᠢ ᠡᠨᠳᠡ ᠥᠨᠳᠡᠭᠡᠯᠡᠳᠡᠭ ᠶᠦᠮ ᠭᠡᠵᠦ ᠠᠨᠤᠳᠠᠷ᠎ᠠ ᠥᠭᠦᠯᠡᠪᠡ᠃ ᠬᠠᠷᠢᠨ ᠠᠨᠤᠳᠠᠷ᠎ᠠ ᠶ᠋ᠢᠨ ᠳᠡᠭᠦᠦ ᠠᠬᠠᠳᠠᠷ᠎ᠠ ᠡᠭᠡᠴᠢ ᠶ᠋ᠢᠨ ᠢ᠋ᠶ᠋ᠡᠨ ᠦᠭᠡ ᠪᠠ ᠬᠥᠳᠡᠯᠭᠡᠭᠡᠨ ᠢ᠋ ᠨᠢ ᠳᠠᠭᠤᠷᠢᠶᠠᠵᠤ ᠳᠠᠭᠠᠭᠰᠠᠭᠠᠷ ᠪᠠᠢᠯ᠎ᠠ᠃ ᠲᠡᠷᠡ ᠬᠣᠶᠠᠷ ᠤᠰᠤᠨ ᠤ᠋ ᠰᠤᠳᠠᠯ ᠰᠢᠭ᠋ ᠢᠵᠢᠯᠢᠬᠡᠨ ᠥᠬᠢᠨ ᠶᠦᠮ᠃
ᠠᠷᠪᠠᠨ ᠳᠣᠯᠣᠭ᠎ᠠ
ᠸᠴᠢᠷᠲᠤ ᠰᠡᠴᠡᠨ ᠬᠠᠭᠠᠨ ᠤ᠋ ᠬᠢ ᠡᠴᠡ ᠬᠥᠳᠡᠯᠦᠭᠡᠳ ᠣᠢᠷᠠᠳ ᠨᠤᠲᠤᠭ ᠤ᠋ᠨ ᠢ᠋ᠶ᠋ᠠᠨ ᠮᠥᠷᠭᠥᠯᠴᠢᠳ ᠦ᠋ᠨ ᠬᠡᠰᠡᠭ ᠪᠤᠰᠠᠭ ᠴᠤᠪᠤᠭ᠎ᠠ ᠲᠠᠢ ᠲᠠᠭᠠᠷᠠᠯᠳᠤᠪᠠ᠃ ᠮᠥᠷᠭᠥᠯᠴᠢᠳ ᠮᠠᠨ ᠤ᠋ ᠨᠡᠭᠦᠳᠡᠯ ᠬᠥᠰᠬᠡ ᠶ᠋ᠢ ᠪᠠᠷᠠᠭᠠᠳᠠᠨ ᠳᠠᠭᠠᠬᠤ ᠪᠣᠯᠤᠯ᠎ᠠ᠃ ᠲᠠᠯ᠎ᠠ ᠬᠡᠭᠡᠷ᠎ᠡ ᠨᠤᠲᠤᠭ ᠲᠤ᠌ ᠴᠠᠭᠠᠨ ᠲᠡᠮᠡᠭᠡ ᠴᠠᠳᠬᠤᠯᠳᠤᠨ ᠰᠦᠷᠦᠭ ᠢ᠋ᠶ᠋ᠡᠷ ᠢ᠋ᠶ᠋ᠡᠨ ᠪᠡᠯᠴᠢᠵᠦ᠂ ᠲᠠᠷᠭᠤᠯᠠᠭᠰᠠᠨ ᠴᠠᠭᠠᠨ ᠵᠡᠭᠡᠷ᠎ᠡ ᠣᠭᠣᠨᠣ᠂ ᠰᠢᠷᠠᠭᠴᠢᠨ ᠢ᠋ᠶ᠋ᠠᠷ ᠢᠯᠭᠠᠷᠠᠨ ᠰᠦᠷᠦᠭᠯᠡᠵᠦ᠂ ᠡᠪᠡᠰᠦᠨ ᠦ᠌ ᠴᠠᠭᠠᠨ ᠲᠣᠭᠣᠰᠣ ᠶ᠋ᠢ ᠦᠷᠭᠦᠭᠡᠨ ᠬᠤᠢᠯᠠᠷᠠᠬᠤ ᠪᠥᠯᠥᠭᠡ᠃ ᠴᠡᠴᠡᠭ ᠦ᠋ᠨ ᠲᠣᠭᠣᠰᠣ ᠦᠯᠡᠮᠵᠢ ᠶᠡᠬᠡ ᠪᠡᠷ ᠪᠣᠰᠤᠨ᠎ᠠ᠃
ᠬᠣᠱᠤᠳ᠂ ᠲᠣᠷᠭᠤᠳ ᠠᠢᠯ ᠤ᠋ᠳ ᠤ᠋ᠨ ᠬᠠᠶᠠᠭ᠎ᠠ ᠪᠠᠷ ᠥᠩᠭᠡᠷᠡᠬᠦ ᠪᠡᠷ ᠠᠪᠠᠭᠠᠢ ᠬᠡᠦᠬᠡᠨ ᠨᠦ᠍ᠭᠦᠳ ᠰᠦ ᠡᠷᠭᠦᠨ ᠦᠳᠡᠨ᠎ᠡ᠃ ᠸᠴᠢᠷᠲᠤ ᠰᠡᠴᠡᠨ ᠬᠠᠭᠠᠨ ᠦᠳᠡ ᠶ᠋ᠢᠨ ᠭᠠᠵᠠᠷ ᠠᠶᠠᠯᠠᠵᠤ ᠪᠤᠴᠠᠬᠤ ᠳ᠋ᠠᠭᠠᠨ᠂
— ᠣᠢᠷᠠᠳ ᠲᠦᠮᠡᠨ ᠠᠵᠠ ᠲᠠᠢ ᠶᠤᠮ᠃ ᠨᠢᠭᠡ ᠵᠠᠭᠤ ᠨᠠᠢ᠍ᠮᠠᠨ ᠬᠤᠪᠢᠯᠭᠠᠨ ᠲᠠᠢ ᠪᠣᠯᠵᠤ ᠨᠢᠭᠦᠯ ᠬᠢᠯᠢᠨᠴᠡ ᠪᠡᠨ ᠳᠤᠮᠳᠠᠯᠠᠬᠤ ᠶᠤᠮ ᠪᠠᠢᠨ᠎ᠠ᠃ ᠵᠠᠭᠤᠨ ᠨᠠᠢ᠍ᠮᠠᠨ ᠯᠠᠮᠠ ᠶ᠋ᠢᠨ ᠲᠡᠭᠦᠨᠴᠡ ᠭᠠᠯᠳᠠᠨ ᠬᠠᠨ ᠬᠦᠦ ᠶ᠋ᠢᠨ ᠵᠠᠮ ᠨᠢ ᠥᠯᠵᠡᠢ ᠲᠡᠢ ᠪᠣᠯᠲᠤᠭᠠᠢ ᠭᠡᠮᠡᠨ ᠢᠷᠦᠭᠡᠯ ᠡᠷᠭᠦᠪᠡ᠃
ᠵᠠᠮ ᠵᠠᠭᠤᠷ᠎ᠠ ᠴᠡᠴᠡᠨ ᠠᠬ᠎ᠠ ᠶ᠋ᠢᠨ ᠰᠢᠪᠡᠨᠡᠨ ᠬᠡᠯᠡᠭᠰᠡᠨ《ᠲᠠᠢᠭᠠᠨ ᠬᠥᠮᠦᠨ ᠡᠬᠡᠨᠡᠷ ᠠᠪᠳᠠᠭ ᠦᠭᠡᠢ᠂ ᠲᠠᠢᠭᠠᠨ ᠬᠥᠮᠦᠨ ᠬᠡᠦᠬᠡᠳ ᠦᠭᠡᠢ ᠪᠠᠢᠳᠠᠭ᠂ ᠯᠠᠮᠠ ᠬᠥᠮᠦᠨ ᠲᠠᠢᠭᠠᠨ ᠲᠠᠢ ᠢᠵᠢᠯᠢ》 ᠭᠡᠮᠡᠨ ᠨᠠᠮᠠᠶ᠋ᠢ ᠦᠷᠭᠦᠭᠡᠨ ᠦ᠌ ᠭᠠᠳᠠᠨ᠎ᠠ ᠬᠥᠲᠥᠯᠵᠦ ᠠᠪᠠᠴᠢᠭᠠᠳ ᠥᠭᠦᠯᠡᠭᠰᠡᠨ ᠨᠢ ᠬᠣᠷᠣᠰᠤᠯ ᠲᠥᠷᠥᠭᠦᠯᠵᠦ ᠪᠠᠢᠯ᠎ᠠ᠃
ᠲᠡᠭᠡᠬᠦ ᠳ᠋ᠦ᠍ ᠬᠡᠳᠦᠢᠪᠡᠷ ᠨᠠᠰᠤ ᠪᠠᠯᠴᠢᠷ ᠪᠠᠢᠭᠰᠠᠨ ᠪᠣᠯᠪᠠᠴᠤ ᠬᠣᠷᠢᠨ ᠵᠢᠯ ᠦ᠋ᠨ ᠬᠣᠢᠨ᠎ᠠ ᠬᠠᠭᠠᠨ ᠰᠡᠨᠳᠡᠢ ᠳ᠋ᠦ᠍ ᠵᠠᠯᠠᠷᠠᠵᠤ᠂ ᠲᠡᠮᠳᠡᠭᠯᠡᠯ ᠪᠡᠷᠯᠡᠵᠦ ᠪᠠᠢᠬᠤ ᠳ᠋ᠠᠭᠠᠨ ᠭᠠᠯᠳᠠᠨ ᠶᠠᠭᠤᠨ ᠳ᠋ᠤ᠌ ᠡᠭᠦᠨ ᠢ᠋ ᠰᠠᠨᠠᠭᠠᠯᠵᠠᠪᠠ᠃ ᠴᠡᠴᠡᠨ ᠭᠠᠯᠳᠠᠨ ᠳ᠋ᠤ᠌ ᠪᠤᠰᠤ ᠰᠡᠩᠭᠡ ᠠᠬ᠎ᠠ ᠳ᠋ᠤ᠌ ᠨᠢ ᠬᠣᠷᠣᠰᠴᠤ ᠪᠠᠢᠵᠠᠢ᠃ ᠬᠠᠭᠠᠨ ᠤ᠋ ᠲᠣᠮᠣ ᠬᠥᠪᠡᠭᠦᠨ ᠬᠠᠭᠠᠨ ᠰᠠᠭᠤᠳᠠᠯ ᠳ᠋ᠤ᠌ ᠰᠠᠨᠠᠭᠠᠷᠬᠠᠵᠤ ᠶᠠᠪᠤᠭᠰᠠᠭᠠᠷ ᠲᠡᠭᠦᠰᠪᠡ᠃
ᠬᠥᠬᠡᠨᠠᠭᠤᠷ ᠤ᠋ᠨ ᠲᠠᠯ᠎ᠠ ᠨᠤᠲᠤᠭ ᠡᠷᠲᠡᠨ ᠦ᠌ ᠨᠡᠭᠦᠳᠡᠯᠴᠢᠳ ᠦ᠋ᠨ ᠬᠣᠪᠢᠯ ᠲᠠᠲᠠᠭᠰᠠᠨ ᠵᠠᠮ ᠲᠠᠢ ᠪᠥᠯᠥᠭᠡ᠃ ᠲᠡᠷᠡ ᠰᠣᠷᠪᠢ ᠮᠡᠲᠦ ᠵᠠᠮ ᠣᠨ ᠵᠢᠯ ᠦ᠋ᠨ ᠪᠣᠷᠣᠭ᠎ᠠ ᠬᠤᠷ᠎ᠠ᠂ ᠠᠭᠲᠠ ᠮᠣᠷᠢᠳ ᠤ᠋ᠨ ᠲᠤᠭᠤᠷᠠᠢ ᠳ᠋ᠤ᠌ ᠤᠯᠠᠮ ᠥᠷᠭᠡᠵᠢᠭᠰᠡᠭᠡᠷ ᠠᠯᠤᠰ ᠲᠠᠢᠰᠢ ᠬᠥᠳᠡᠯᠦᠨ᠎ᠡ᠃
ᠡᠷᠭᠢᠵᠦ ᠬᠠᠷᠠᠬᠤ ᠳ᠋ᠤ᠌ ᠠᠯᠲᠠᠢ ᠶ᠋ᠢᠨ ᠠᠭᠤᠯᠠᠰ ᠤ᠋ᠨ ᠪᠠᠷ᠎ᠠ ᠲᠠᠰᠤᠷᠠᠵᠠᠢ᠃ ᠴᠠᠭᠠᠨ ᠪᠣᠷᠭᠢᠶ᠎ᠠ ᠲᠠᠲᠠᠭᠤᠯᠤᠭᠰᠠᠨ ᠠᠭᠤᠯᠠ ᠶ᠋ᠢᠨ ᠭᠣᠣᠯ᠂ᠰᠦᠷᠯᠢᠭ ᠬᠠᠳᠠᠲᠤ ᠣᠷᠭᠢᠯ ᠭᠠᠵᠠᠷ ᠤ᠋ᠨ ᠬᠣᠯᠠ ᠳ᠋ᠤ᠌ ᠭᠡᠭᠡᠭᠳᠡᠨ ᠬᠣᠴᠣᠷᠴᠤ ᠭᠠᠯᠳᠠᠨ ᠢ᠋ ᠥᠨᠦᠴᠢᠷᠡᠭᠦᠯᠵᠦ ᠪᠠᠢᠯ᠎ᠠ᠃ᠭᠠᠯᠳᠠᠨ ᠬᠥᠪᠡᠭᠦᠨ ᠠᠭᠤᠯᠠ ᠤᠰᠤᠨ ᠠ᠋ᠴᠠ ᠪᠠᠨ ᠬᠣᠯᠠᠳᠤᠭᠰᠠᠭᠠᠷ ᠠᠵᠢ᠃ ᠭᠠᠯᠳᠠᠨ ᠡᠪᠡᠰᠦ᠂ ᠴᠡᠴᠡᠭ ᠦ᠋ᠨ ᠲᠣᠭᠣᠰᠣᠨ ᠳ᠋ᠤ᠌ ᠳᠠᠷᠤᠭᠤᠯᠤᠭᠰᠠᠭᠠᠷ ᠣᠳᠪᠠ᠃ᠡᠪᠡᠰᠦ᠂ᠴᠡᠴᠡᠭ ᠦ᠋ᠨ ᠲᠣᠭᠣᠰᠣᠨ ᠳᠤᠮᠳᠠᠭᠤᠷ ᠰᠥᠯ ᠰᠠᠢᠲᠠᠢ ᠨᠠᠮᠤᠷ ᠴᠠᠭ ᠢ᠋ᠶ᠋ᠠᠷ ᠠᠯᠤᠰ ᠭᠠᠵᠠᠷ ᠣᠳᠬᠤ ᠰᠠᠢᠬᠠᠨ ᠪᠠᠢᠯ᠎ᠠ᠃
ᠠᠷᠪᠠᠨ ᠨᠠᠢ᠍ᠮᠠ
ᠲᠥᠪᠡᠳ ᠦ᠋ᠨ ᠨᠤᠲᠤᠭ ᠤᠷᠤᠭᠤ ᠣᠢᠷᠠᠳ ᠤ᠋ᠨ ᠬᠥᠰᠬᠡ ᠨᠡᠭᠦᠳᠡᠯ ᠰᠢᠷᠭᠤᠨ ᠣᠷᠣᠵᠤ ᠭᠠᠩᠭ᠎ᠠ᠂ ᠬᠠᠪᠴᠢᠯ ᠪᠦᠬᠦᠢ ᠨᠠᠷᠢᠨ ᠵᠠᠮ ᠢ᠋ᠶ᠋ᠠᠷ ᠥᠭᠰᠥᠭᠰᠡᠭᠡᠷ᠃ᠮᠣᠷᠢᠳ᠂ᠲᠡᠮᠡᠭᠡ ᠮᠠᠯ ᠤ᠋ᠨ ᠬᠥᠯ ᠢ᠋ᠶ᠋ᠡᠷ ᠴᠢᠯᠠᠭᠤ ᠥᠩᠬᠥᠷᠢᠨ ᠨᠤᠷᠠᠵᠤ᠂ ᠭᠦᠨ ᠰᠠᠢᠷ ᠤ᠋ᠨ ᠢᠷᠣᠭᠠᠷ ᠬᠠᠷᠠᠯᠠᠨ᠎ᠠ᠃ ᠠᠭᠤᠯᠠ ᠥᠨᠳᠥᠷᠰᠦᠨᠡ᠃
ᠬᠥᠰᠬᠡ ᠶ᠋ᠢᠨ ᠠᠬᠠᠯᠠᠭᠴᠢ ᠳᠠᠪᠠᠭ᠎ᠠ ᠥᠭᠡᠳᠡ ᠥᠭᠰᠥᠵᠦ ᠶᠠᠪᠤᠭᠠᠳ᠂
— ᠲᠦᠷᠦᠭᠦᠴᠢ ᠶ᠋ᠢᠨ ᠲᠡᠮᠡᠭᠡᠨ ᠦ᠌ ᠨᠢᠳᠦ ᠶ᠋ᠢ ᠪᠣᠭᠣᠬᠤ ᠤᠤ? ᠵᠢᠷᠦᠬᠡ ᠠᠯᠳᠠᠭᠠᠳ ᠪᠠᠢᠬᠤ ᠰᠢᠭ᠋ ᠪᠠᠢᠨ᠎ᠠ᠃ ᠶᠠᠭᠠᠬᠢᠬᠤ ᠪᠣᠢ? ᠭᠡᠬᠦ ᠳ᠋ᠦ᠍ ᠵᠠᠭᠤᠲᠤ ᠴᠡᠷᠢᠭ ᠦ᠋ᠨ ᠱᠠᠯᠠᠮᠠᠭᠠᠢ ᠵᠠᠩᠵᠤᠨ ᠪᠠᠷᠬᠢᠷᠠᠵᠤ᠂
— ᠴᠢ ᠮᠡᠳᠡᠵᠦ ᠪᠠᠢᠭᠰᠠᠨ ᠶᠤᠮ ᠪᠣᠯ ᠪᠣᠭᠣᠬᠤ ᠦᠭᠡᠢ ᠶᠠᠭᠠᠬᠢᠭᠰᠠᠨ ᠶᠤᠮ᠃ ᠡᠳᠦᠢ ᠥᠨᠳᠥᠷ ᠲᠦ᠍ ᠭᠠᠷᠤᠭᠰᠠᠨ ᠬᠣᠢᠨ᠎ᠠ ᠮᠡᠩᠳᠡᠵᠦ ᠪᠠᠢᠳᠠᠭ᠃ ᠥᠭᠡᠳᠡ ᠦᠭᠡᠢ ᠲᠤᠷᠤᠰᠬ᠎ᠠ᠁ ᠭᠡᠯᠡ᠃
ᠣᠯᠠᠨ ᠶᠠᠪᠠᠭᠠᠨ ᠢᠷᠭᠡᠳ ᠲᠡᠮᠡᠭᠡ ᠮᠠᠯ ᠲᠠᠭᠤᠵᠤ ᠶᠠᠪᠤᠨ᠎ᠠ᠃ ᠨᠡᠪᠰᠡᠢᠭᠰᠡᠨ ᠤᠷᠲᠤ ᠴᠤᠪᠤᠭᠠᠨ ᠤ᠋ ᠬᠥᠯ ᠴᠤᠴᠠᠵᠤ ᠵᠠᠮ ᠤᠯᠠᠮ ᠥᠭᠰᠥᠭᠦᠷ ᠪᠣᠯᠤᠨ᠎ᠠ᠃
ᠴᠠᠰᠤᠨ ᠤ᠋ ᠬᠥᠯ ᠮᠦᠰᠥᠳᠡᠵᠡᠢ᠃ ᠮᠥᠰᠥᠨ ᠡᠴᠡ ᠨᠠᠷᠠᠨ ᠤ᠋ ᠭᠡᠷᠡᠯ ᠣᠢᠵᠤ ᠵᠢᠬᠡᠭᠦᠨ ᠢ᠋ᠶ᠋ᠡᠷ ᠭᠢᠯᠲᠠᠭᠠᠨᠠᠨ᠎ᠠ᠃ ᠳᠠᠪᠠᠭ᠎ᠠ ᠶ᠋ᠢᠨ ᠣᠷᠣᠢ ᠳ᠋ᠤ᠌ ᠴᠣᠪᠣᠭᠠᠨ ᠤ᠋ ᠲᠦᠷᠦᠭᠦᠴᠢ ᠶ᠋ᠢᠨ ᠬᠥᠰᠬᠡ ᠭᠠᠷᠴᠤ ᠢᠷᠡᠨ᠎ᠡ᠃ ᠳᠠᠪᠠᠭᠠᠨ ᠤ᠋ ᠣᠷᠣᠢ ᠲᠡᠨᠢᠭᠦᠨ ᠠᠵᠢ᠃ ᠬᠡᠴᠢᠨᠡᠭᠡᠨ ᠠᠴᠢᠶ᠎ᠠ ᠬᠥᠰᠬᠡ᠂ ᠵᠢᠤᠵᠠ ᠲᠡᠷᠭᠡ ᠪᠠᠭᠲᠠᠵᠤ ᠪᠠᠷ ᠵᠠᠢᠲᠠᠢ ᠪᠠᠢᠪᠠ᠃
ᠣᠯᠪᠣᠬᠲᠣ ᠰᠡᠦᠬᠡ ᠲᠡᠷᠭᠡᠨ ᠡᠴᠡ ᠵᠠᠯᠠᠭᠤᠬᠠᠨ ᠯᠠᠮᠠ ᠶ᠋ᠢ ᠰᠤᠭᠤᠳᠠᠨ ᠪᠠᠭᠤᠯᠭᠠᠬᠤ ᠳ᠋ᠤ᠌ ᠲᠡᠷᠡ ᠪᠡᠷ ᠨᠠᠮᠪᠠ ᠲᠡᠭᠦᠯᠳᠡᠷ ᠠᠯᠬᠤᠵᠤ ᠣᠪᠣᠭᠠᠨ ᠳ᠋ᠤ᠌ ᠴᠢᠯᠠᠭᠤ ᠨᠡᠮᠡᠪᠡ᠃ ᠭᠣᠨᠵᠣᠭᠣᠷ ᠨᠢᠭᠤᠷ ᠲᠠᠢ᠂ ᠲᠣᠮᠣ ᠴᠢᠬᠢ ᠲᠡᠢ᠂ ᠬᠠᠷ᠎ᠠ ᠨᠢᠳᠦ ᠲᠡᠢ ᠯᠠᠮᠠ ᠪᠠᠷ᠎ᠠ ᠪᠣᠯᠣᠭᠰᠠᠳ ᠤ᠋ᠨ ᠢ᠋ᠶ᠋ᠠᠨ ᠲᠠᠢᠰᠢ ᠬᠠᠷᠠᠭᠠᠴᠢᠯᠠᠬᠤ ᠳ᠋ᠤ᠌ ᠬᠥᠮᠦᠰ ᠰᠦᠰᠦᠭᠯᠡᠨ ᠮᠥᠷᠭᠥᠵᠦ ᠭᠠᠵᠠᠷ ᠪᠣᠬᠢᠷᠴᠠᠢ᠃ᠬᠠᠷᠢᠨ ᠬᠠᠮᠠᠭᠠᠯᠠᠯᠲᠠ ᠶ᠋ᠢᠨ ᠴᠡᠷᠢᠭ ᠦ᠋ᠳ ᠬᠠᠷ᠎ᠠ ᠶᠡᠬᠡᠲᠡᠢ ᠬᠠᠷᠠᠨ᠎ᠠ᠃ ᠲᠥᠪᠡᠳ ᠮᠣᠩᠭᠣᠯ ᠯᠠᠮᠠ ᠨᠠᠷ᠂ ᠴᠡᠷᠢᠭ ᠦ᠋ᠳ ᠳᠠᠭᠠᠯᠳᠤᠬᠤ ᠶ᠋ᠢ ᠪᠣᠳᠣᠪᠠᠯ ᠵᠠᠯᠠᠭᠤ ᠯᠠᠮᠠ ᠵᠢᠩᠳᠠᠭ᠎ᠠ ᠥᠨᠳᠥᠷ ᠠᠵᠢ᠃
ᠡᠨᠡ ᠦᠶ᠎ᠡ ᠳ᠋ᠦ᠍ ᠠᠷᠭᠤᠮᠠᠭ ᠮᠣᠷᠢᠳ ᠤ᠋ᠳ ᠳᠠᠪᠠᠭ᠎ᠠ ᠥᠭᠡᠳᠡ ᠥᠭᠰᠥᠵᠦ ᠣᠪᠣᠭᠠᠨ ᠤ᠋ ᠴᠢᠩᠬ᠎ᠠ ᠡᠮᠦᠨ᠎ᠡ ᠡᠴᠡ ᠭᠠᠷᠴᠤ ᠢᠷᠡᠭᠡᠳ ᠣᠯᠠᠨ ᠮᠥᠷᠭᠥᠯᠴᠢᠳ᠂ ᠯᠠᠮᠠ ᠬᠤᠸᠠᠷᠠᠭ ᠤ᠋ᠳ᠂ ᠴᠡᠷᠢᠭ ᠡᠷᠡᠰ ᠡᠴᠡ ᠳᠠᠢᠵᠢᠬᠤ ᠮᠡᠲᠦ ᠵᠣᠭ ᠲᠣᠰᠴᠤ ᠣᠪᠣᠭᠠᠨ ᠤ᠋ ᠵᠡᠭᠦᠨ ᠲᠠᠯ᠎ᠠ ᠳ᠋ᠤ᠌ ᠵᠥᠷᠢᠵᠦ ᠵᠣᠭᠰᠣᠨ᠎ᠠ᠃ ᠳᠠᠪᠠᠭᠠᠨ ᠤ᠋ ᠲᠡᠨᠢᠭᠦᠨ ᠣᠷᠣᠢ ᠬᠥᠮᠦᠰ ᠢ᠋ᠶ᠋ᠡᠷ ᠳᠦᠭᠦᠷᠪᠡ᠃
ᠪᠣᠭᠳᠠ ᠯᠠᠮᠠ ᠶ᠋ᠢ ᠰᠡᠦᠬᠡ ᠲᠡᠷᠭᠡᠨ ᠳ᠋ᠦ᠍ ᠰᠠᠭᠤᠯᠭᠠᠬᠤ ᠪᠠᠷ ᠤᠷᠢᠨ ᠵᠠᠯᠠᠬᠤ ᠳ᠋ᠤ᠌ ᠲᠡᠷᠡ ᠪᠡᠷ ᠮᠣᠷᠢᠳ ᠤ᠋ᠨ ᠬᠥᠯᠥᠰᠥ ᠦᠨᠦᠷᠲᠦᠵᠦ ᠲᠠᠭᠠᠲᠠᠢᠬᠠᠨ ᠢᠨᠢᠶᠡᠮᠰᠦᠭᠯᠡᠵᠦ᠂ ᠣᠪᠣᠭᠠᠨ ᠤ᠋ ᠪᠠᠷᠠᠭᠤᠨ ᠲᠠᠯ᠎ᠠ ᠶ᠋ᠢᠨ ᠣᠢᠷᠠᠳ ᠮᠣᠩᠭᠣᠯᠴᠤᠳ ᠤᠷᠤᠭᠤ ᠬᠠᠷᠠᠵᠤ ᠵᠣᠭᠰᠣᠨ᠎ᠠ᠃
ᠮᠣᠩᠭᠣᠯᠴᠤᠳ ᠮᠥᠨ ᠬᠦ᠌ ᠯᠠᠮᠠ ᠶ᠋ᠢ ᠪᠢᠰᠢᠷᠠᠯᠲᠠᠢᠬᠡᠨ ᠬᠠᠷᠠᠵᠠᠭᠠᠨ᠎ᠠ᠃
— ᠲᠠ ᠪᠦᠬᠦᠨ ᠠᠮᠤᠷᠬᠠᠨ ᠰᠠᠢᠨ ᠮᠣᠷᠢᠯᠠᠵᠤ ᠶᠠᠪᠤᠨ᠎ᠠ ᠤᠤ ᠭᠡᠮᠡᠨ ᠮᠥᠨᠥᠬᠢ ᠯᠠᠮᠠ ᠨᠠᠢᠷ ᠲᠠᠯᠪᠢᠨ ᠮᠡᠨᠳᠦ ᠮᠡᠳᠡᠯ᠎ᠡ᠃ ᠣᠢᠷᠠᠳ ᠴᠡᠷᠢᠭ ᠦ᠋ᠨ ᠵᠠᠩᠵᠤᠨ᠂
— ᠪᠤᠷᠬᠠᠨ ᠤ᠋ ᠣᠷᠣᠨ ᡀᠠᠰᠠ ᠣᠷᠣᠬᠤ ᠪᠠᠷ ᠪᠠᠭᠠᠲᠤᠷ ᠬᠣᠩ ᠲᠠᠢᠵᠢ ᠶ᠋ᠢᠨ ᠨᠤᠲᠤᠭ ᠠ᠋ᠴᠠ ᠠᠮᠤᠷ ᠠᠮᠤᠭᠤᠯᠠᠩ ᠶᠠᠪᠤᠨ᠎ᠠ ᠭᠡᠵᠦ ᠮᠡᠨᠳᠦᠯᠡᠪᠡ᠃ ᠭᠡᠲᠡᠯ᠎ᠡ ᠮᠥᠨᠥᠬᠢ ᠨᠢᠳᠦᠨ ᠳ᠋ᠦ᠍ ᠳᠤᠯᠠᠭᠠᠬᠠᠨ ᠲᠣᠮᠣ ᠴᠢᠬᠢ ᠲᠡᠢ ᠯᠠᠮᠠ᠂
— ᠪᠠᠭᠰᠢ ᠯᠠᠮᠠ ᠽᠠᠶ᠎ᠠ ᠪᠠᠨᠳᠢᠳᠠ ᠭᠡᠭᠡᠨ ᠬᠠᠮᠲᠤ ᠮᠣᠷᠢᠯᠠᠵᠤ ᠢᠷᠡᠭᠰᠡᠨ ᠤᠤ? ᠭᠡᠮᠡᠨ ᠨᠠᠢᠷᠰᠠᠭ ᠳᠣᠲᠣᠨᠣ ᠪᠠᠷ ᠥᠭᠦᠯᠡᠪᠡ᠃
— ᠣᠳᠣᠬᠠᠨ ᠢᠷᠡᠨ᠎ᠡ᠃ ᠪᠣᠭᠳᠠ ᠯᠠᠮᠠᠳᠠᠳ ᠲᠠ ᠪᠣᠯᠭᠣᠭᠠᠵᠤ ᠥᠷᠥᠰᠢᠶᠡ᠃ ᠳᠠᠪᠠᠭ᠎ᠠ ᠥᠨᠳᠥᠷ ᠲᠤᠯᠠ ᠮᠠᠴᠤᠵᠤ ᠵᠢᠳᠬᠦᠭᠰᠡᠭᠡᠷ ᠣᠢᠷᠠᠲᠤᠨ ᠶᠠᠪᠤᠭ᠎ᠠ ᠭᠡᠵᠦ ᠴᠡᠷᠢᠭ ᠦ᠋ᠨ ᠠᠬᠠᠯᠠᠭᠴᠢ ᠬᠡᠯᠡᠪᠡ᠃
ᠽᠠᠶ᠎ᠠ ᠪᠠᠨᠳᠢᠳᠠ ᠨᠠᠮᠠᠬᠠᠢᠵᠠᠮᠰᠣ᠂ ᠬᠠᠨ ᠬᠦᠦ ᠭᠠᠯᠳᠠᠨ ᠤ᠋ ᠬᠠᠮᠲᠤ ᠣᠪᠣᠭᠠᠨ ᠳᠡᠭᠡᠷ᠎ᠡ ᠪᠠᠭᠤᠪᠠ᠃ ᠮᠣᠩᠭᠣᠯ ᠤ᠋ᠨ ᠠᠩᠬᠠᠳᠤᠭᠠᠷ ᠪᠣᠭᠳᠠ ᠵᠢᠪᠽᠣᠨᠳᠠᠮᠪᠠ ᠬᠡᠮᠡᠬᠦ ᠥᠨᠳᠥᠷ ᠭᠡᠭᠡᠨ ᠵᠠᠨᠠᠪᠠᠽᠠᠷ᠂ ᠣᠢᠷᠠᠳ ᠲᠤ᠌ ᠰᠠᠭᠤᠵᠤ ᠪᠣᠢ ᠭᠡᠭᠡᠨᠳᠡᠨ ᠽᠠᠶ᠎ᠠ ᠪᠠᠨᠳᠢᠳᠠ ᠨᠠᠮᠠᠬᠠᠢᠵᠠᠮᠰᠣ ᠳ᠋ᠤ᠌ ᠪᠥᠬᠥᠢᠵᠦ ᠮᠣᠳᠣᠷ ᠤ᠋ᠨ ᠠᠳᠢᠰ ᠬᠦᠷᠲᠡᠪᠡ᠃ ᠨᠠᠮᠠᠬᠠᠢᠵᠠᠮᠰᠣ ᠭᠡᠭᠡᠨᠳᠡᠨ ᠪᠥᠭᠡᠰᠦ ᠪᠣᠭᠳᠠ ᠯᠠᠮᠠ ᠶ᠋ᠢᠨ ᠨᠣᠮ ᠤ᠋ᠨ ᠪᠠᠭᠰᠢ ᠪᠠᠢᠭᠰᠠᠨ ᠪᠢᠯᠡ᠃ ᠲᠡᠷᠡ ᠶᠡᠬᠡ ᠯᠠᠮᠠᠳᠠᠨ ᠠᠯᠲᠠᠢ ᠬᠢᠵᠠᠭᠠᠷ᠂ ᠬᠠᠷ᠎ᠠ ᠡᠷᠴᠢᠰ ᠮᠥᠷᠡᠨ ᠦ᠌ ᠰᠠᠪᠠ ᠨᠤᠲᠤᠭ ᠵᠡᠭᠦᠨᠭᠠᠷ ᠢ᠋ᠶ᠋ᠠᠷ ᠪᠡᠳᠡᠷᠢᠨ ᠶᠠᠪᠤᠵᠤ ᠪᠤᠷᠬᠠᠨ ᠱᠠᠰᠢᠨ ᠤ᠋ ᠰᠤᠳᠤᠷ ᠨᠣᠮ ᠵᠠᠯᠠᠵᠤ᠂ ᠲᠥᠷᠥᠬᠦ ᠦᠬᠦᠬᠦ ᠶ᠋ᠢᠨ ᠵᠠᠪᠰᠠᠷ ᠪᠤᠶᠠᠨ ᠦᠢᠯᠡᠳᠴᠦ᠂ ᠨᠢᠭᠦᠯ ᠡᠴᠡ ᠨᠢᠭᠤᠭᠳᠠᠵᠤ ᠶᠠᠪᠤᠬᠤ ᠶ᠋ᠢᠨ ᠤᠬᠠᠭᠠᠷᠠᠯ ᠢ᠋ ᠲᠠᠨᠢᠭᠤᠯᠤᠭᠰᠠᠭᠠᠷ ᠬᠡᠳᠦᠨ ᠵᠢᠯ ᠢ᠋ ᠦᠳᠡᠭᠰᠡᠨ ᠪᠠᠢᠵᠠᠢ᠃ ᠳᠥᠷᠪᠡᠨ ᠣᠢᠷᠠᠳ ᠲᠤ᠌ ᠰᠦᠮ᠎ᠡ ᠳᠤᠭᠠᠩ ᠪᠤᠰᠬᠠᠵᠤ᠂ ᠲᠡᠷᠡ ᠬᠡᠪ ᠢ᠋ᠶ᠋ᠡᠷ ᠢ᠋ᠶ᠋ᠡᠨ ᠰᠦᠰᠦᠭᠲᠡᠨ ᠣᠯᠠᠨ ᠲᠠᠢ ᠪᠣᠯᠵᠠᠢ᠃ ᠤᠭ ᠠ᠋ᠴᠠ ᠨᠠᠮᠠᠬᠠᠢᠵᠠᠮᠰᠣ ᠯᠠᠮᠠᠲᠠᠨ ᠢ᠋ ᠳᠠᠯᠠᠢ ᠯᠠᠮᠠ ᠶ᠋ᠢᠨ ᠵᠦᠭ ᠡᠴᠡ ᠵᠡᠭᠦᠨᠭᠠᠷ ᠲᠠᠢᠰᠢ ᠤᠲᠤᠭᠤᠯᠵᠤ᠂ ᠲᠦᠮᠡᠨ ᠣᠯᠠᠨ ᠤ᠋ ᠲᠠᠭᠠᠰᠢᠶᠠᠯ ᠢ᠋ ᠬᠦᠯᠢᠶᠡᠵᠦ᠂ ᠪᠤ᠍ᠳ᠌ᠳ᠌᠍ᠾᠠ ᠶ᠋ᠢᠨ ᠰᠤᠷᠭᠠᠯ ᠨᠣᠮᠯᠠᠯ ᠢ᠋ ᠲᠠᠨᠢᠭᠤᠯᠵᠤ ᠳᠥᠷᠪᠡᠨ ᠣᠢᠷᠠᠳ ᠢ᠋ ᠬᠦᠯᠢᠴᠡᠩᠭᠦᠢ ᠳᠤᠭᠤᠯᠭᠠᠪᠤᠷᠢ ᠲᠠᠢ ᠱᠠᠪᠢ ᠪᠣᠯᠭᠠᠬᠤ ᠶ᠋ᠢ ᠬᠦᠰᠡᠭᠰᠡᠨ ᠪᠠᠢᠵᠠᠢ᠃ ᠠᠭᠤᠯᠠ ᠲᠠᠯ᠎ᠠ᠂ ᠭᠣᠪᠢ ᠨᠤᠲᠤᠭ ᠤ᠋ᠨ ᠳᠤᠮᠳᠠᠭᠤᠷ ᠪᠡᠳᠡᠷᠢᠨ ᠶᠠᠪᠤᠵᠤ ᠱᠠᠪᠢ ᠨᠠᠷ ᠤ᠋ᠨ ᠢ᠋ᠶ᠋ᠠᠨ ᠲᠣᠭ᠎ᠠ ᠶ᠋ᠢ ᠠᠷᠪᠢᠵᠢᠭᠤᠯᠵᠤ ᠳᠠᠯᠠᠢ ᠪᠠᠭᠰᠢ ᠶ᠋ᠢᠨ ᠢ᠋ᠶ᠋ᠡᠨ ᠳᠠᠭᠠᠭᠠᠯᠭᠠᠪᠤᠷᠢ ᠶ᠋ᠢ ᠪᠡᠶᠡᠯᠡᠭᠦᠯᠦᠭᠰᠡᠨ ᠢ᠋ᠶ᠋ᠡᠨ ᠲᠡᠭᠦᠨ ᠳ᠋ᠦ᠍ ᠲᠠᠨᠢᠭᠤᠯᠬᠤ ᠪᠠᠷ ᠶᠠᠪᠤᠭ᠎ᠠ ᠨᠢ ᠨᠠᠮᠠᠬᠠᠢᠵᠠᠮᠰᠣ ᠯᠠᠮᠠᠳᠠᠨ ᠳ᠋ᠤ᠌ ᠲᠠᠭᠠᠲᠠᠢ ᠬᠡᠷᠡᠭ ᠪᠠᠢᠨ᠎ᠠ᠃ ᠨᠠᠮᠠᠬᠠᠢᠵᠠᠮᠰᠣ ᠭᠡᠭᠡᠨᠲᠡᠨ ᠦ᠌ ᠡᠭᠡᠯ ᠦᠭᠡᠢ ᠵᠢᠳᠬᠦᠯ ᠦ᠋ᠨ ᠰᠢᠮ᠎ᠡ ᠪᠡᠷ ᠣᠢᠷᠠᠳ ᠤ᠋ᠨ ᠤᠳᠤᠮ ᠤᠭᠰᠠᠭ᠎ᠠ ᠰᠠᠢᠲᠠᠢ ᠬᠥᠪᠡᠭᠦᠳ ᠭᠠᠯᠳᠠᠨ ᠤ᠋ ᠠᠷᠤ ᠠ᠋ᠴᠠ ᠰᠢᠯᠢ ᠪᠡᠨ ᠳᠠᠷᠤᠨ ᠲᠥᠪᠡᠳ ᠦ᠋ᠨ ᠠᠷᠢᠭᠤᠨ ᠣᠷᠣᠨ ᠳ᠋ᠤ᠌ ᠢᠷᠡᠨ᠎ᠡ ᠁ ᠭᠠᠯᠳᠠᠨ ᠢ᠋ ᠬᠠᠷᠠᠭᠠᠳ ᠥᠨᠳᠥᠷ ᠭᠡᠭᠡᠨ ᠵᠠᠨᠠᠪᠠᠽᠠᠷ ᠵᠡᠷᠭᠡ ᠵᠢᠩᠳᠠᠭ᠎ᠠ ᠪᠠᠨ ᠪᠣᠳᠣᠵᠠᠢ᠃ ᠥᠨᠳᠥᠷ ᠭᠡᠭᠡᠨ《ᠭᠠᠯᠳᠠᠨ ᠴᠢ ᠪᠣᠯ ᠯᠤᠤᠰ ᠰᠠᠪᠳᠠᠭ ᠤ᠋ᠨ ᠪᠦᠷᠢᠯᠸ᠎ᠠ ᠶᠤᠮ᠃ ᠴᠢᠮᠠᠶ᠋ᠢ ᠶᠠᠮᠠᠷ ᠶᠡᠬᠡ ᠡᠷᠡᠰᠳᠡᠯ᠂ ᠭᠠᠷᠤᠵᠠ ᠳᠠᠭᠠᠵᠤ ᠶᠠᠪᠤᠨ᠎ᠠ ᠪᠣᠢ? ᠤᠬᠠᠭᠠᠨ ᠰᠡᠷᠭᠦᠯᠡᠩ᠂ ᠣᠯᠵᠠ ᠶ᠋ᠢᠨ ᠤᠭᠤᠲᠠ ᠨᠡᠭᠡᠭᠡᠯᠲᠡᠲᠡᠢ ᠬᠥᠮᠦᠨ ᠢ᠋ ᠳᠠᠭᠠᠳᠠᠭ ᠮᠠᠭᠤ ᠵᠦᠭ ᠦ᠋ᠨ ᠰᠠᠪᠳᠠᠭ ᠲᠠᠢ ᠲᠡᠷᠰᠯᠡᠬᠦ ᠶᠦᠮ ᠪᠠᠢᠨ᠎ᠠ》 ᠭᠡᠵᠦ ᠪᠣᠳᠣᠪᠠ᠃ ᠥᠨᠳᠥᠷ ᠭᠡᠭᠡᠨ ᠦ᠌ ᠨᠢᠳᠦ ᠶᠡᠬᠡᠳᠡ ᠰᠦᠮᠡᠢᠵᠡᠢ᠃ ᠨᠠᠮᠠᠬᠠᠢᠵᠠᠮᠰᠣ ᠯᠠᠮᠠᠳᠠᠨ ᠲᠡᠭᠦᠨ ᠳ᠋ᠦ᠍ ᠭᠠᠯᠳᠠᠨ ᠢ᠋ ᠲᠠᠨᠢᠯᠴᠠᠭᠤᠯᠪᠠ᠃ ᠯᠠᠮᠠ ᠨᠠᠮᠤᠭᠤᠬᠠᠨ ᠳᠠᠭᠤ ᠪᠠᠷ᠂
— ᠡᠨᠡ ᠬᠥᠪᠡᠭᠦᠨ ᠪᠣᠯ ᠵᠡᠭᠦᠨᠭᠠᠷ ᠤ᠋ᠨ ᠬᠠᠭᠠᠨ ᠡᠷᠳᠡᠨᠢᠪᠠᠭᠠᠲᠤᠷ ᠬᠣᠩ ᠲᠠᠢᠵᠢ ᠶ᠋ᠢᠨ ᠵᠢᠷᠭᠤᠳᠤᠭᠠᠷ ᠬᠦᠦ ᠭᠠᠯᠳᠠᠨ ᠪᠢᠯᠡ᠃ ᠪᠣᠭᠳᠠ ᠭᠡᠭᠡᠨ ᠲᠠ ᠬᠥᠪᠡᠭᠦᠨ ᠢ᠋ ᠪᠣᠯᠭᠣᠭᠠᠨ᠎ᠠ ᠤᠤ?ᠲᠠᠨ ᠤ᠋ ᠵᠠᠯᠠᠷᠠᠳᠠᠭ ᠳᠠᠰᠢᠯᠠᡁᠠᠮᠣ ᠬᠡᠢᠳ ᠢ᠋ ᠵᠣᠷᠢᠵᠤ ᠶᠠᠪᠤᠭ᠎ᠠ ᠭᠡᠪᠡ᠃
ᠥᠨᠳᠥᠷ ᠭᠡᠭᠡᠨ ᠵᠠᠨᠠᠪᠠᠽᠠᠷ ᠽᠠᠶ᠎ᠠ ᠭᠡᠭᠡᠨ ᠦ᠌ ᠤᠷᠮ᠎ᠠ ᠶ᠋ᠢ ᠬᠤᠭᠤᠯᠬᠤ ᠦᠭᠡᠢ ᠶ᠋ᠢᠨ ᠲᠤᠯᠠᠳᠠ ᠵᠠᠯᠠᠭᠤᠬᠠᠨ ᠴᠠᠢᠪᠤᠷ ᠴᠢᠷᠠᠢ ᠳ᠋ᠠᠭᠠᠨ ᠢᠨᠢᠶᠡᠮᠰᠦᠭᠯᠡᠯ ᠲᠣᠳᠣᠷᠠᠭᠤᠯᠤᠨ᠂
— ᠭᠠᠯᠳᠠᠨ ᠬᠥᠪᠡᠭᠦᠨ ᠢ᠋ ᠪᠢ ᠲᠠᠨᠢᠵᠤ ᠮᠡᠳᠡᠨ᠎ᠡ᠃ ᠬᠥᠪᠡᠭᠦᠨ ᠦ᠌ ᠨᠢᠳᠦ ᠴᠣᠭᠯᠢᠭ ᠶᠤᠮ᠃ ᠨᠣᠮ ᠤ᠋ᠨ ᠡᠷᠬᠢᠮ ᠪᠠᠭᠰᠢᠲᠠᠨ ᠣᠢᠷᠠᠳ ᠠ᠋ᠴᠠ ᠬᠥᠮᠦᠨ ᠢ᠋ᠶ᠋ᠡᠨ ᠵᠥᠪ ᠲᠠᠨᠢᠵᠤ ᠣᠯᠵᠠᠢ᠃ ᠮᠣᠩᠭᠣᠯ ᠠ᠋ᠴᠠ ᠡᠷᠭᠢᠵᠦ ᠢᠷᠡᠭᠡᠳ ᠪᠢᠳᠡ ᠭᠦᠨ ᠳᠣᠲᠣᠨᠣ ᠲᠠᠨᠢᠯᠴᠠᠨ᠎ᠠ᠃ ᠠᠯᠢᠪ ᠨᠠᠭᠠᠰᠢ ᠪᠠᠨ ᠢᠷ᠎ᠡ ᠭᠡᠳ ᠮᠣᠳᠣᠷ ᠤ᠋ᠨ ᠠᠳᠢᠰ ᠬᠦᠷᠲᠡᠭᠡᠪᠡ᠃
ᠥᠨᠳᠥᠷ ᠭᠡᠭᠡᠨ ᠦ᠌ ᠮᠣᠳᠣᠷ ᠤ᠋ᠨ ᠠᠳᠢᠰ ᠲᠠᠯᠪᠢᠭᠰᠠᠨ ᠮᠠᠩᠨᠠᠢ ᠶ᠋ᠢᠨ ᠲᠤᠰ ᠭᠠᠵᠠᠷ ᠬᠠᠯᠠᠭᠤᠨ ᠲᠥᠭᠡᠨᠡᠪᠡ᠃ᠥᠨᠳᠥᠷ ᠭᠡᠭᠡᠨ ᠵᠠᠨᠠᠪᠠᠽᠠᠷ ᠪᠣᠯ ᠭᠠᠯᠳᠠᠨ ᠤ᠋ ᠰᠡᠳᠬᠢᠯ ᠳ᠋ᠦ᠍ ᠬᠠᠳᠠᠭᠠᠯᠠᠭᠳᠠᠨ ᠦᠯᠡᠳᠡᠭᠰᠡᠨ ᠴᠣᠷ ᠤ᠋ᠨ ᠭᠠᠭᠴᠠ ᠬᠠᠯᠠᠭᠤᠨ ᠭᠠᠷᠳᠠᠨ᠃ ᠲᠡᠭᠦᠨ ᠦ᠌ ᠭᠠᠷ ᠮᠠᠰᠢ ᠬᠠᠯᠠᠭᠤᠨ ᠪᠠᠢᠭᠰᠠᠨ ᠰᠢᠦ᠃ ᠥᠨᠳᠥᠷ ᠭᠡᠭᠡᠨ ᠦ᠌ ᠨᠢᠳᠦ ᠤᠢᠳᠬᠠᠷ ᠲᠠᠢ ᠬᠠᠷᠠᠭᠳᠠᠭᠰᠠᠨ᠃ ᠵᠠᠨᠠᠪᠠᠽᠠᠷ ᠭᠡᠭᠡᠨ ᠭᠠᠯᠳᠠᠨ ᠢ᠋ ᠲᠠᠯᠠᠷᠬᠠᠬᠤ ᠶ᠋ᠢᠨ ᠣᠷᠣᠨ ᠳ᠋ᠤ᠌ ᠵᠢᠭᠠᠬᠠᠨ ᠴᠡᠷᠪᠡᠵᠦ ᠪᠢᠯᠡ᠃
ᠨᠠᠮᠬᠠᠢᠵᠠᠮᠰᠣ ᠭᠡᠭᠡᠨᠳᠡᠨ ᠬᠠᠯᠬ᠎ᠠ᠂ ᠣᠢᠷᠠᠳ ᠬᠣᠶᠠᠷ ᠬᠥᠪᠡᠭᠦᠨ ᠢ᠋ ᠣᠭᠲᠣ ᠰᠠᠨᠠᠮᠰᠠᠷ ᠦᠭᠡᠢ ᠲᠠᠭᠠᠷᠠᠯᠳᠤᠭᠰᠠᠨ ᠳ᠋ᠤ᠌ ᠪᠠᠰᠠ ᠬᠦ᠌ ᠭᠠᠢᠬᠠᠵᠤ ᠪᠣᠢ ᠪᠣᠯᠤᠯᠲᠠᠢ᠃ ᠳᠠᠪᠠᠭᠠᠨ ᠤ᠋ ᠣᠷᠣᠢ ᠳ᠋ᠤ᠌ ᠬᠡᠪ ᠭᠡᠨᠡᠳᠲᠡ ᠬᠡᠳᠦ ᠬᠡᠳᠦᠨ ᠬᠠᠷ᠎ᠠ ᠳᠡᠰ ᠪᠠᠭᠤᠪᠠ᠃ᠴᠡᠷᠢᠭ ᠦ᠋ᠳ ᠦ᠋ᠨ ᠮᠣᠷᠢᠳ ᠳᠣᠷᠭᠢᠵᠤ᠂ ᠮᠥᠷᠭᠥᠯᠴᠢᠳ ᠦ᠋ᠨ ᠶᠠᠳᠠᠷᠠᠭᠤ ᠴᠢᠷᠠᠢ ᠳᠡᠰ ᠰᠢᠪᠠᠭᠤᠨ ᠤ᠋ ᠰᠡᠭᠦᠳᠡᠷ ᠡᠴᠡ ᠪᠣᠯᠭᠣᠮᠵᠢᠯᠠᠬᠤ ᠠᠵᠢ᠃ ᠳᠡᠰ ᠪᠠᠭᠤᠬᠤ ᠳ᠋ᠤ᠌ ᠲᠣᠭᠣᠷᠢᠨ ᠰᠠᠭᠤᠭᠠᠳ ᠮᠢᠬ᠎ᠠ ᠢᠳᠡᠵᠦ ᠪᠠᠢᠭᠰᠠᠨ ᠵᠠᠷᠢᠮ ᠨᠢ ᠶᠠᠰᠤ ᠪᠠᠨ ᠰᠢᠪᠠᠭᠤᠨ ᠤ᠋ ᠵᠦᠭ ᠰᠢᠳᠡᠪᠡ᠃
ᠥᠨᠳᠥᠷ ᠭᠡᠭᠡᠨ ᠵᠠᠨᠠᠪᠠᠽᠠᠷ《ᠦᠢᠯᠡ ᠶ᠋ᠢᠨ ᠦᠷ᠎ᠡ ᠪᠡᠷ ᠭᠠᠯᠳᠠᠨ ᠲᠠᠢ ᠲᠠᠭᠠᠷᠠᠪᠠ᠃ ᠦᠢᠯᠡ ᠶ᠋ᠢᠨ ᠦᠷ᠎ᠡ ᠡᠴᠡ ᠪᠤᠯᠲᠠᠬᠤ ᠠᠷᠭ᠎ᠠ ᠦᠭᠡᠢ》 ᠭᠡᠮᠡᠨ ᠪᠣᠳᠣᠵᠤ ᠠᠮᠵᠢᠪᠠ᠃ ᠭᠠᠯᠳᠠᠨ ᠤ᠋ ᠨᠢᠳᠦ ᠪᠤᠰᠤ᠂ ᠬᠣᠶᠠᠷ ᠵᠣᠪᠬᠢ ᠶ᠋ᠢᠨ ᠮᠡᠩᠭᠡ ᠥᠨᠳᠥᠷ ᠭᠡᠭᠡᠨ ᠢ᠋ ᠡᠢᠨ ᠬᠦ᠌ ᠡᠷᠭᠢᠴᠡᠭᠦᠯᠦᠨ ᠪᠣᠳᠣᠬᠤ ᠳ᠋ᠤ᠌ ᠬᠦᠷᠭᠡᠵᠡᠢ᠃
ᠲᠡᠷᠡ ᠮᠡᠩᠭᠡ ᠳ᠋ᠦ᠍ ᠢᠷᠦᠭᠡᠯ ᠴᠦ᠍ ᠪᠣᠢ᠂ ᠬᠠᠷᠢᠶᠠᠯ ᠴᠤ᠌ ᠪᠣᠢ᠃
ᠠᠷᠪᠠ ᠶᠢᠰᠦ
ᠭᠠᠯᠳᠠᠨ ᠪᠣᠯ ᠬᠠᠭᠠᠨ ᠤ᠋ ᠬᠦᠦ ᠤᠴᠢᠷ ᠠ᠋ᠴᠠ ᠬᠠᠨ ᠬᠦᠦ ᠮᠥᠨ᠃ ᠲᠡᠷᠡ ᠬᠥᠪᠡᠭᠦᠨ ᠬᠣᠩ ᠲᠠᠢᠵᠢ ᠶ᠋ᠢᠨ ᠬᠥᠪᠡᠭᠦᠨ ᠪᠣᠯᠬᠣᠷ ᠬᠣᠩ ᠲᠠᠢᠵᠢ ᠶᠤᠮ᠃ ᠭᠡᠬᠦ ᠳ᠋ᠡᠭᠡᠨ ᠪᠤᠷᠬᠠᠨ ᠪᠣᠭᠳᠠ ᠶ᠋ᠢᠨ ᠱᠠᠪᠢ ᠪᠣᠯᠵᠤ ᠭᠡᠭᠡᠷᠡᠬᠦ ᠠᠪᠠᠰᠤ ᠢᠵᠠᠭᠤᠷᠲᠠᠨ ᠰᠠᠨᠸᠠᠷᠲᠠᠨ ᠪᠣᠯᠤᠨ᠎ᠠ᠃
ᠰᠢᠷ᠎ᠠ ᠲᠣᠷᠭᠠᠨ ᠲᠣᠨᠣᠭ ᠪᠦᠬᠦᠢ ᠡᠮᠦᠨ᠎ᠡ ᠭᠠᠵᠠᠷ ᠤᠷᠠᠯᠠᠭᠰᠠᠨ ᠮᠥᠩᠭᠥᠨ ᠰᠡᠦᠬᠡ ᠳᠣᠲᠣᠷ᠎ᠠ ᠪᠣᠭᠳᠠ ᠭᠡᠭᠡᠨ ᠰᠠᠭᠤᠭᠰᠠᠨ ᠪᠠᠢᠪᠠ᠃ ᠵᠠᠨᠠᠪᠠᠽᠠᠷ ᠰᠡᠦᠬᠡ ᠶ᠋ᠢᠨ ᠰᠢᠷ᠎ᠠ ᠲᠣᠷᠭᠠᠨ ᠬᠥᠰᠢᠭᠡ ᠶ᠋ᠢ ᠰᠡᠬᠦᠬᠦ ᠦᠶ᠎ᠡ ᠳ᠋ᠦ᠍ ᠭᠠᠯᠳᠠᠨ ᠥᠪᠡᠷ ᠦ᠋ᠨ ᠵᠢᠤᠵᠠ ᠲᠡᠷᠭᠡᠨ ᠦ᠌ ᠭᠡᠭᠡᠪᠴᠢ ᠪᠡᠷ ᠬᠠᠷᠠᠵᠤ ᠲᠡᠳᠡᠨ ᠲᠡᠢ ᠬᠠᠷᠠᠴᠠ ᠲᠤᠯᠭᠠᠷᠠᠪᠠ᠃ᠵᠠᠨᠠᠪᠠᠽᠠᠷ᠂ᠭᠠᠯᠳᠠᠨ ᠬᠣᠶᠠᠭᠤᠯᠠ ᠢᠨᠢᠶᠡᠮᠰᠦᠭᠯᠡᠨ᠎ᠡ᠃
ᠪᠣᠭᠳᠠ ᠭᠡᠭᠡᠨᠲᠡᠨ ᠳᠠᠭᠠᠭᠤᠯ ᠤ᠋ᠳ ᠤ᠋ᠨ ᠬᠠᠮᠲᠤ ᠮᠣᠩᠭᠣᠯ ᠨᠤᠲᠤᠭ ᠤ᠋ᠨ ᠵᠦᠭ᠂ ᠬᠠᠷᠢᠨ ᠭᠠᠯᠳᠠᠨ ᡀᠠᠰᠠ ᠲᠠᠢᠰᠢ ᠵᠡᠷᠭᠡ ᠬᠥᠳᠡᠯᠵᠦ ᠳᠠᠪᠠᠭᠠᠨ ᠤ᠋ ᠣᠷᠣᠢ ᠬᠣᠭᠣᠰᠣᠷᠠᠪᠠ᠃ ᠬᠡᠳᠦᠨ ᠳᠡᠰ ᠭᠡᠢᠴᠢᠳ᠂ ᠮᠥᠷᠭᠥᠯᠴᠢᠳ ᠦ᠋ᠨ ᠦᠯᠡᠳᠡᠭᠡᠭᠰᠡᠨ ᠢᠳᠡᠰᠢ ᠤᠤᠭᠤᠰᠢ ᠶ᠋ᠢᠨ ᠦᠯᠡᠳᠡᠭᠳᠡᠯ ᠢ᠋ ᠬᠠᠤ ᠬᠠᠮᠤᠵᠤ ᠢᠳᠡᠭᠡᠳ ᠴᠠᠳᠬᠤᠯᠠᠩ ᠭᠦᠵᠡᠭᠡ ᠪᠡᠨ ᠳᠠᠭᠠᠭᠠᠵᠤ ᠶᠠᠳᠠᠨ ᠲᠡᠭᠷᠢ ᠳ᠋ᠦ᠍ ᠳᠡᠭᠦᠯᠢᠪᠡ᠃
ᠳᠡᠰ ᠰᠢᠪᠠᠭᠤᠳ ᠤ᠋ᠨ ᠴᠢᠩᠬ᠎ᠠ ᠳᠡᠭᠡᠷ᠎ᠡ ᠨᠢᠭᠡᠨ ᠪᠦᠷᠭᠦᠳ ᠡᠷᠭᠢᠨ᠎ᠡ᠃ ᠠᠯᠲᠠᠢ ᠶ᠋ᠢᠨ ᠪᠦᠷᠭᠦᠳ ᠴᠣᠭ ᠮᠡᠲᠦ ᠨᠢᠳᠦ ᠪᠡᠷ ᠭᠠᠯᠳᠠᠨ ᠤ᠋ ᠰᠠᠭᠤᠵᠤ ᠶᠠᠪᠤᠭ᠎ᠠ ᠪᠤᠬᠠᠷ ᠭᠠᠵᠠᠷ ᠤᠷᠠᠯᠠᠭᠰᠠᠨ ᠵᠢᠤᠵᠠ ᠲᠡᠷᠭᠡ ᠶ᠋ᠢ ᠠᠯᠳᠠᠯ ᠦᠭᠡᠢ ᠰᠢᠷᠳᠡᠨ ᠳᠠᠭᠠᠨ᠎ᠠ᠃ ᠵᠢᠤᠵᠠ ᠲᠡᠷᠭᠡᠨ ᠦ᠌ ᠪᠦᠬᠡᠭᠡᠭ ᠦ᠋ᠨ ᠬᠣᠶᠠᠷ ᠲᠠᠯ᠎ᠠ ᠳ᠋ᠤ᠌ ᠰᠠᠴᠤᠭ ᠲᠠᠢ ᠰᠢᠷ᠎ᠠ ᠳᠠᠷᠴᠤᠭ ᠬᠡᠢᠰᠬᠡᠵᠡᠢ᠃ ᠲᠡᠷᠢᠭᠦᠨ ᠳ᠋ᠦ᠍ ᠶᠠᠪᠤᠭ᠎ᠠ ᠮᠣᠷᠢᠲᠤ ᠴᠡᠷᠢᠭ ᠦ᠋ᠳ ᠣᠢᠷᠠᠳ ᠤ᠋ᠨ ᠬᠥᠬᠡ ᠲᠤᠭ ᠢ᠋ ᠮᠠᠨᠳᠤᠭᠤᠯᠵᠤ ᠶᠠᠪᠤᠨ᠎ᠠ᠃
ᠪᠤ᠍ᠳ᠌ᠳ᠌ᠾᠠ ᠶ᠋ᠢᠨ ᠱᠠᠰᠢᠨ ᠤ᠋ ᠭᠡᠭᠡᠨᠲᠡᠨ᠂ ᠣᠢᠷᠠᠳ ᠤ᠋ᠨ ᠮᠣᠷᠢᠲᠤ ᠪᠠᠭ ᠴᠡᠷᠢᠭ ᠶᠠᠪᠤᠭ᠎ᠠ ᠨᠢ ᠵᠠᠮ ᠵᠠᠭᠤᠷ᠎ᠠ ᠶ᠋ᠢᠨ ᠠᠢᠯ ᠬᠦᠷᠢᠶᠡᠨ ᠳ᠋ᠦ᠍ ᠳᠠᠩᠴᠤ ᠲᠣᠳᠣᠷᠬᠠᠢ ᠪᠠᠢᠯ᠎ᠠ᠃ ᠡᠢᠮᠦ ᠨᠦᠰᠡᠷ ᠬᠥᠰᠬᠡ ᠬᠣᠪᠣᠷ ᠶᠠᠪᠤᠳᠠᠭ ᠪᠢᠯᠡ᠃
ᠡᠨᠡ ᠦᠶ᠎ᠡ ᠪᠣᠯ1650 ᠣᠨ ᠤ᠋ ᠴᠠᠭᠠᠨ ᠪᠠᠷᠰ ᠵᠢᠯ ᠦ᠋ᠨ ᠰᠢᠪᠲᠤᠷᠠᠭ᠎ᠠ ᠴᠠᠭᠠᠭᠴᠢᠨ ᠲᠠᠤᠯᠠᠢ ᠵᠢᠯ ᠦ᠋ᠨ ᠪᠣᠱᠣᠭ᠎ᠠ ᠪᠠᠢᠪᠠ᠃ ᠭᠠᠯᠳᠠᠨ ᠲᠠᠢ ᠲᠥᠪᠡᠳ ᠦ᠋ᠨ ᠥᠨᠳᠥᠷ ᠠᠭᠤᠯᠠᠨ ᠳ᠋ᠤ᠌ ᠵᠥᠷᠢᠵᠦ ᠥᠩᠭᠡᠷᠡᠭᠰᠡᠨ ᠥᠨᠳᠥᠷ ᠭᠡᠭᠡᠨ ᠵᠠᠨᠠᠪᠠᠽᠠᠷ ᠶᠠᠭ ᠲᠡᠷᠡ ᠵᠢᠯ ᠸᠴᠢᠷᠳᠠᠷ᠎ᠠ ᠪᠤᠷᠬᠠᠨ ᠢ᠋ ᠤᠷᠠᠯᠠᠨ ᠪᠦᠲᠦᠭᠡᠭᠰᠡᠨ ᠭᠡᠳᠡᠭ ᠢ᠋ ᠲᠡᠮᠳᠡᠭᠯᠡᠶ᠎ᠡ᠃ ᠭᠠᠯᠳᠠᠨ ᠤ᠋ ᠵᠢᠤᠵᠠ ᠶ᠋ᠢᠨ ᠠᠷᠤ ᠠ᠋ᠴᠠ ᠴᠡᠷᠢᠭ ᠡᠷᠡᠰ᠂ ᠠᠴᠢᠶ᠎ᠠ ᠲᠠᠢ ᠲᠡᠮᠡᠭᠡᠨ ᠵᠢᠩ᠂ ᠮᠥᠷᠭᠥᠯᠴᠢᠳ ᠳᠠᠭᠠᠯᠳᠤᠨ ᠣᠪᠣᠭᠠᠷᠠᠵᠤ ᠪᠠᠭᠤᠵᠤ ᠣᠳᠬᠤ ᠳ᠋ᠤ᠌ ᠰᠠᠶᠢᠬᠠᠨ ᠱᠠᠰᠢᠨ ᠤ᠋ ᠶᠡᠬᠡᠰ ᠳᠡᠭᠡᠳᠦᠰ ᠦ᠋ᠨ ᠲᠦᠷ ᠪᠠᠭᠤᠳᠠᠯᠯᠠᠭᠰᠠᠨ ᠴᠠᠰᠤᠲᠤ ᠠᠭᠤᠯᠠ ᠶ᠋ᠢᠨ ᠣᠪᠣᠭᠠᠨ ᠳᠡᠭᠡᠭᠦᠷ ᠴᠠᠰᠤ ᠪᠤᠲᠠᠷᠠᠵᠤ ᠢᠩᠭᠡ ᠶ᠋ᠢᠨ ᠲᠤᠢᠯᠠᠳᠠᠰᠤ ᠰᠢᠳᠡᠯᠡᠵᠦ ᠡᠬᠢᠯᠡᠪᠡ᠃ ᠲᠡᠭᠷᠢ ᠳ᠋ᠦ᠍ ᠳᠡᠰ ᠰᠢᠪᠠᠭᠤ ᠠᠯᠠᠭ᠎ᠠ᠃ ᠴᠠᠰᠤᠨ ᠳᠤᠮᠳᠠ ᠪᠦᠷᠭᠦᠳ ᠪᠥᠷᠲᠥᠯᠵᠡᠬᠦ ᠠᠪᠠᠢ᠃
ᠭᠠᠯᠳᠠᠨ ᠪᠣᠯ ᠬᠤᠷᠴᠠ ᠬᠦᠷᠡᠩ ᠨᠢᠳᠦ ᠲᠡᠢ᠂ ᠳᠠᠢᠴᠢᠨ ᠱᠠᠯᠠᠮᠠᠭᠠᠢ ᠬᠥᠳᠡᠯᠭᠡᠭᠡᠨ ᠲᠡᠢ᠂ ᠮᠣᠩᠬᠣᠷᠳᠠᠭᠤ ᠬᠠᠮᠠᠷ ᠲᠠᠢ᠂ ᠨᠢᠭᠤᠷ ᠰᠢᠨ᠎ᠠ ᠤᠷᠲᠤ ᠲᠠᠢ᠂ ᠡᠷᠰᠭᠦᠳ ᠴᠢᠷᠠᠢᠯᠢᠭ ᠬᠥᠪᠡᠭᠦᠨ ᠪᠠᠢᠪᠠ᠃ ᠳᠥᠷᠥᠭᠡ ᠬᠣᠷᠰᠢᠭᠤᠯᠵᠤ ᠶᠠᠪᠤᠭ᠎ᠠ ᠨᠠᠮᠬᠠᠢᠵᠠᠮᠰᠤ ᠯᠠᠮᠠᠲᠠᠨ ᠭᠠᠯᠳᠠᠨ ᠳ᠋ᠤ᠌ ᠨᠠᠮᠠᠨᠴᠢᠯᠠᠨ ᠵᠠᠬᠢᠵᠤ ᠬᠡᠯᠡᠪᠡ᠃
— ᠭᠠᠯᠳᠠᠨ ᠬᠥᠪᠡᠭᠦᠨ ᠪᠡᠴᠢᠨ ᠵᠢᠯ ᠲᠡᠢ ᠪᠤᠰᠤ ᠤᠤ? ᠭᠡᠪᠡ᠃
— ᠲᠡᠢᠮᠦ ᠠ᠋᠂ ᠪᠠᠭᠰᠢ᠁
— ᠠᠰᠠᠭᠤᠭᠰᠠᠨ ᠬᠥᠮᠦᠨ ᠳ᠋ᠦ᠍ ᠵᠢᠯ ᠢ᠋ᠶ᠋ᠡᠨ ᠪᠦᠦ ᠬᠡᠯᠡ᠃ ᠨᠢᠭᠤᠵᠤ ᠪᠠᠢ᠃ ᠴᠢᠮᠠᠶ᠋ᠢ ᠣᠯᠵᠠᠯᠠᠨ᠎ᠠ᠃
—ᠵᠠ᠂ ᠨᠡᠷ᠎ᠡ ᠪᠡᠨ ᠬᠡᠯᠡᠵᠦ ᠪᠣᠯᠬᠤ ᠤᠤ? ᠨᠡᠷ᠎ᠡ ᠭᠡᠨ᠎ᠡ?᠂ ᠨᠡᠷ᠎ᠡ ᠴᠢᠨᠢ ᠪᠤᠷᠬᠠᠨ ᠤ᠋ ᠬᠡᠰᠢᠭ᠃ ᠪᠤᠷᠬᠠᠨ ᠤ᠋ ᠬᠡᠰᠢᠭ ᠢ᠋ ᠪᠤᠳᠠᠭ᠎ᠠ ᠮᠡᠲᠦ ᠲᠦᠭᠡᠭᠡᠬᠦ ᠶᠣᠰᠣᠲᠠᠢ᠃ ᠶᠠᠪᠤᠭᠠᠨ ᠳ᠋ᠠᠭᠠᠨ ᠴᠢᠨᠦ ᠨᠡᠷ᠎ᠡ ᠰᠦᠯᠳᠡ ᠪᠣᠯᠤᠨ᠎ᠠ᠃ ᠬᠦᠦ ᠮᠢᠨᠢ᠁
— ᠰᠠᠶᠢ ᠶ᠋ᠢᠨ ᠪᠣᠭᠳᠠ ᠯᠠᠮᠠ ᠲᠠᠨ ᠤ᠋ ᠱᠠᠪᠢ ᠶᠤᠮ ᠤᠤ?
— ᠮᠢᠨᠦ ᠱᠠᠪᠢ ᠤᠴᠢᠷ ᠠ᠋ᠴᠠ ᠪᠣᠭᠳᠠ ᠯᠠᠮᠠ ᠨᠠᠳᠠᠳᠤ ᠮᠥᠷᠭᠥᠵᠦ ᠪᠠᠢᠭ᠎ᠠ ᠶᠤᠮ᠃1639 ᠣᠨ ᠳ᠋ᠤ᠌ ᠠᠷᠤ᠂ ᠥᠪᠥᠷ ᠬᠠᠩᠭᠠᠢ ᠶ᠋ᠢᠨ ᠵᠠᠭᠠᠭ ᠲᠤ᠌ ᠰᠢᠷᠡᠭᠡ ᠴᠠᠭᠠᠨ ᠨᠠᠭᠤᠷ ᠤ᠋ᠨ ᠬᠥᠪᠡᠭᠡᠨᠠ ᠰᠢᠷ᠎ᠠ ᠪᠥᠰ ᠳᠠᠪᠤᠤ ᠪᠠᠷ ᠬᠦᠷᠢᠶ᠎ᠡ ᠲᠠᠲᠠᠵᠤ ᠰᠢᠷ᠎ᠠ ᠤᠷᠲᠤ ᠪᠣᠰᠬᠠᠭᠠᠳ ᠲᠠᠪᠤᠨ ᠨᠠᠰᠤᠲᠠᠢ ᠵᠠᠨᠠᠪᠠᠽᠠᠷ ᠢ᠋ ᠮᠣᠩᠭᠣᠯ ᠤ᠋ᠨ ᠱᠠᠰᠢᠨ ᠤ᠋ ᠠᠩᠬᠠᠳᠤᠭᠠᠷ ᠪᠣᠭᠳᠠ ᠳ᠋ᠤ᠌ ᠡᠷᠭᠦᠮᠵᠢᠯᠡᠭᠰᠡᠨ ᠶᠦᠮ᠃ ᠵᠠᠨᠠᠪᠠᠽᠠᠷ ᠤ᠋ᠨ ᠡᠴᠢᠭᠡ ᠲᠦᠰᠢᠶᠡᠲᠦ ᠬᠠᠨ ᠭᠣᠮᠪᠤᠳᠣᠷᠵᠢ ᠮᠣᠩᠭᠣᠯᠴᠤᠳ ᠤ᠋ᠨ ᠡᠶ᠎ᠡ ᠡᠪ ᠦ᠋ᠨ ᠬᠣᠯᠪᠣᠭ᠎ᠠ ᠶ᠋ᠢ ᠪᠤᠷᠬᠠᠨ ᠤ᠋ ᠱᠠᠪᠢ ᠨᠠᠷ ᠪᠡᠬᠢᠵᠢᠭᠦᠯᠬᠦ ᠭᠡᠬᠦ ᠡᠴᠡ ᠬᠦᠦ ᠪᠡᠨ ᠯᠠᠮᠠ ᠪᠣᠯᠭᠠᠵᠤ ᠲᠦᠮᠡᠨ ᠣᠯᠠᠨ ᠢ᠋ ᠥᠪᠡᠷ ᠲᠡᠭᠡᠨ ᠲᠠᠲᠠᠬᠤ ᠪᠣᠳᠣᠯ ᠡᠪᠦᠷᠯᠡᠭᠰᠡᠨ ᠶᠦᠮ ᠰᠢᠦ ᠳᠡ᠃
— ᠡᠴᠢᠭᠡ ᠬᠣᠩ ᠲᠠᠢᠵᠢ ᠨᠠᠮᠠᠶ᠋ᠢ ᠪᠠᠰᠠ ᠯᠠᠮᠠ ᠪᠣᠯᠭᠠᠵᠤ ᠣᠢᠷᠠᠳ ᠮᠣᠩᠭᠣᠯ ᠲᠦᠮᠡᠨ ᠢ᠋ ᠠᠮᠤᠷᠵᠢᠭᠤᠯᠤᠨ᠎ᠠ ᠭᠡᠪᠡ ᠤᠤ?
— ᠴᠣᠬᠣᠮ᠂ ᠴᠣᠬᠣᠮ᠃
— ᠤᠷᠢᠳᠤ ᠰᠥᠨᠢ ᠮᠢᠨᠦ ᠵᠡᠭᠦᠳᠦᠨ ᠳ᠋ᠦ᠍ ᠳᠤᠸᠠ ᠰᠣᠬᠣᠷ ᠢᠷᠡᠯ᠎ᠡ᠃ ᠳᠤᠸᠠ ᠰᠣᠬᠣᠷ ᠮᠠᠩᠨᠠᠢ ᠳᠡᠭᠡᠷ᠎ᠡ ᠪᠡᠨ ᠲᠣᠮᠣ ᠨᠢᠳᠦ ᠲᠡᠢ ᠶᠦᠮ᠃ ᠲᠡᠷᠡ ᠨᠠᠳᠠᠳᠤ ᠭᠤᠷᠪᠠᠨ ᠨᠢᠳᠦ ᠲᠡᠢ ᠰᠠᠨᠠᠭᠳᠠᠭᠰᠠᠨ᠃ ᠴᠢᠩᠭᠢᠰ ᠬᠠᠭᠠᠨ ᠤ᠋ ᠳᠡᠭᠡᠳᠦ ᠢᠵᠠᠭᠤᠷ ᠳᠤᠸᠠ ᠰᠣᠬᠣᠷ ᠪᠣᠯ ᠮᠠᠨ ᠤ᠋ ᠬᠢᠨ ᠦ᠌ ᠲᠩᠷᠢ ᠡᠴᠢᠭᠡ ᠪᠢᠵᠡ ᠳᠡ᠃ ᠲᠩᠷᠢ ᠡᠴᠢᠭᠡ ᠨᠠᠳᠠ ᠲᠠᠢ ᠠᠭᠤᠯᠵᠠᠪᠠ᠃
— ᠰᠠᠢᠬᠠᠨ ᠵᠡᠭᠦᠳᠦ ᠪᠠᠢᠨ᠎ᠠ᠃ ᠭᠤᠷᠪᠠ ᠪᠢᠲᠡᠭᠡᠢ ᠬᠡᠯᠡ᠂ ᠳᠥᠷᠪᠡᠨ ᠨᠢᠳᠦ ᠲᠡᠢ ᠬᠥᠮᠦᠨ ᠪᠠᠢᠳᠠᠭ ᠶᠤᠮ᠃
— ᠲᠡᠷᠡ ᠬᠡᠨ ᠪᠣᠢ?
— ᠴᠠᠭ ᠨᠢ ᠪᠣᠯᠬᠤ ᠪᠠᠷ ᠴᠢᠮ᠎ᠠ ᠳ᠋ᠤ᠌ ᠬᠡᠯᠡᠨ᠎ᠡ᠂ ᠬᠦᠦ ᠮᠢᠨᠢ᠂ ᠳᠤᠸᠠ ᠰᠣᠬᠣᠷ ᠴᠢᠮᠠᠶ᠋ᠢ ᠮᠡᠳᠡᠴᠢᠬᠡᠵᠡᠢ᠃ ᠴᠢᠮ᠎ᠠ ᠠ᠋ᠴᠠ ᠰᠠᠯᠬᠤ ᠦᠭᠡᠢ ᠨᠢ ᠃ ᠰᠠᠢᠨ ᠢᠷᠦᠭᠡᠯ ᠢ᠋ᠶ᠋ᠡᠷ ᠁ ᠳᠡᠭᠡᠳᠦ ᠡᠪᠦᠭᠡᠳ ᠢ᠋ᠶ᠋ᠡᠨ ᠮᠡᠳᠡᠵᠦ ᠪᠠᠢᠬᠤ ᠨᠢ ᠪᠤᠶᠠᠨ ᠤ᠋ ᠰᠠᠳᠤᠨ ᠴᠢᠮ᠎ᠠ ᠳ᠋ᠤ᠌ ᠶᠡᠬᠡ ᠲᠤᠰᠠᠲᠠᠢ᠃
ᠠᠴᠢᠶ᠎ᠠ ᠬᠥᠰᠬᠡ ᠴᠡᠷᠢᠭ ᠦ᠋ᠳ ᠂ ᠮᠥᠷᠭᠥᠯᠴᠢᠳ ᠠᠭᠤᠯᠠ ᠲᠠᠰᠢᠶᠠᠭᠰᠠᠨ ᠵᠠᠮ ᠢ᠋ᠶ᠋ᠠᠷ ᠴᠤᠪᠤᠷᠠᠵᠤ᠂ ᠨᠣᠭᠣᠭ᠎ᠠ ᠬᠠᠯᠢᠭᠤᠷᠠᠭᠰᠠᠨ ᠪᠠᠯ ᠤᠷᠤᠭᠤ ᠨᠢ ᠤᠷᠤᠭᠤᠳᠠᠪᠠ᠃ ᠠᠭᠤᠯᠠ ᠶ᠋ᠢᠨ ᠬᠢᠵᠢᠯᠡᠭᠦᠷ ᠵᠠᠮ ᠡᠭᠴᠡ ᠰᠦᠷᠯᠢᠭ ᠤᠴᠢᠷ ᠠ᠋ᠴᠠ ᠬᠥᠰᠬᠡ ᠠᠭᠠᠵᠢᠮ ᠢ᠋ᠶ᠋ᠠᠷ ᠤᠷᠤᠭᠤᠳᠠᠨ᠎ᠠ᠃ ᠣᠪᠣᠭᠠᠨ ᠤ᠋ ᠴᠠᠭᠠᠨ᠎ᠠ ᠪᠣᠭᠳᠠ ᠯᠠᠮᠠ ᠶ᠋ᠢᠨ ᠰᠢᠷ᠎ᠠ ᠴᠤᠪᠤᠭ᠎ᠠ᠂ ᠣᠪᠣᠭᠠᠨ ᠤ᠋ ᠨᠠᠭᠠᠨ᠎ᠠ ᠭᠠᠯᠳᠠᠨ ᠬᠠᠨ ᠬᠦᠦ ᠶ᠋ᠢᠨ ᠬᠥᠬᠡ ᠴᠤᠪᠤᠭ᠎ᠠ ᠬᠦᠪᠦᠷᠡᠨ᠎ᠡ᠃
ᠭᠠᠯᠳᠠᠨ ᠢ᠋ ᠢᠵᠠᠭᠤᠷ ᠤᠭᠰᠠᠭ᠎ᠠ ᠲᠠᠢ ᠭᠡᠳᠡᠭ ᠢ᠋ ᠡᠴᠢᠭᠡ ᠬᠣᠩ ᠲᠠᠢᠵᠢ᠂ ᠽᠠᠶ᠎ᠠ ᠪᠠᠨᠳᠢᠳᠠ ᠭᠡᠭᠡᠨ ᠬᠣᠶᠠᠷ ᠪᠠᠢᠨ ᠪᠠᠢᠨ ᠰᠠᠨᠠᠭᠤᠯᠤᠨ᠎ᠠ᠃ ᠶᠠᠪᠤᠭᠠᠨ ᠳ᠋ᠠᠭᠠᠨ ᠵᠡᠭᠦᠨᠭᠠᠷ ᠤ᠋ᠨ ᠬᠠᠭᠠᠨᠲᠤ ᠤᠯᠤᠰ ᠤ᠋ᠨ ᠲᠥᠯᠥᠭᠡ ᠠᠮᠢ ᠪᠠᠨ ᠡᠷᠭᠦᠬᠦ ᠪᠡᠨ ᠣᠢᠯᠠᠭᠠᠪᠠ᠁ ᠬᠠᠷ᠎ᠠ ᠬᠥᠯᠥᠰᠥ ᠪᠡᠨ ᠴᠤᠪᠤᠭᠤᠯᠤᠨ ᠲᠡᠷᠭᠡ ᠮᠥᠷᠥᠯᠡᠨ ᠵᠢᠳᠬᠦᠬᠦ ᠶ᠋ᠢ ᠲᠡᠳᠡ ᠵᠥᠩᠨᠡᠭᠰᠡᠨ ᠦᠭᠡᠢ᠃ ᠣᠯᠠᠨ ᠠᠷᠠᠳ ᠤ᠋ᠨ ᠰᠡᠳᠬᠢᠯ ᠰᠠᠨᠠᠭ᠎ᠠ ᠶ᠋ᠢ ᠬᠣᠢᠨ᠎ᠠ ᠠ᠋ᠴᠠ ᠪᠠᠨ ᠳᠠᠭᠠᠭᠤᠯᠵᠤ᠂ ᠣᠷᠣᠢ ᠶ᠋ᠢᠨ ᠳᠡᠭᠡᠳᠦ ᠪᠤᠷᠬᠠᠨ ᠢ᠋ᠶ᠋ᠠᠨ ᠰᠢᠲᠦᠨ ᠵᠠᠯᠠᠵᠤ ᠣᠢᠷᠠᠳ ᠲᠦᠮᠡᠨ ᠢ᠋ ᠱᠠᠭ᠎ᠠ ᠰᠢᠭ᠋ ᠠᠳᠬᠤᠬᠤ ᠶ᠋ᠢ ᠭᠠᠯᠳᠠᠨ ᠳ᠋ᠤ᠌ ᠠᠭᠠᠵᠢᠮ ᠢ᠋ᠶ᠋ᠠᠷ ᠣᠢᠯᠠᠭᠠᠭᠤᠯᠤᠭᠰᠠᠨ ᠪᠢᠯᠡ᠃
ᠡᠨᠡ ᠨᠢ ᠢᠯᠳᠦ ᠪᠠᠮᠪᠠᠢ᠂ ᠲᠣᠪᠰᠢᠭᠤᠷ ᠬᠤᠭᠤᠷ᠂ ᠳᠣᠯᠣᠭᠠᠨ᠂ ᠭᠤᠨᠢᠭ ᠤ᠋ᠨ ᠨᠢᠯᠪᠤᠰᠤ᠂ ᠨᠡᠭᠦᠳᠡᠯ ᠰᠠᠭᠤᠳᠠᠯ ᠠ᠋ᠴᠠ ᠬᠣᠯᠠᠳᠴᠤ ᠣᠳᠤᠨ᠎ᠠ ᠭᠡᠰᠡᠨ ᠦᠭᠡ ᠪᠢᠰᠢ᠃ ᠱᠣᠷᠪᠣᠭ ᠭᠠᠰᠢᠭᠤᠨ ᠪᠣᠯᠭᠠᠨ ᠢ᠋ ᠠᠮᠰᠠᠵᠤ ᠲᠡᠷᠡ ᠴᠢᠨᠡᠭᠡ ᠪᠡᠷ ᠢ᠋ᠶ᠋ᠡᠨ ᠠᠮᠢᠳᠤᠷᠠᠯ ᠤᠷᠤᠭᠤ ᠨᠠᠪᠴᠢᠨ ᠣᠷᠣᠬᠤ ᠶ᠋ᠢ ᠰᠠᠨᠠᠭᠤᠯᠵᠤ ᠪᠠᠢᠯ᠎ᠠ᠃
ᠪᠤᠷᠬᠠᠨ ᠤ᠋ ᠨᠣᠮ ᠦᠢᠯᠡᠳᠴᠦ ᠪᠠᠢᠬᠤ ᠳ᠋ᠠᠭᠠᠨ ᠴᠤ᠌ ᠲᠥᠷᠥ ᠶ᠋ᠢᠨ ᠲᠣᠳᠣ ᠦᠰᠦᠭ ᠲᠡᠢ ᠲᠠᠮᠠᠭ᠎ᠠ ᠶ᠋ᠢ ᠠᠳᠬᠤᠵᠤ ᠰᠠᠭᠤᠬᠤ ᠳ᠋ᠠᠭᠠᠨ ᠴᠤ᠌ ᠭᠠᠯᠳᠠᠨ ᠤ᠋ ᠨᠢᠳᠦᠨ ᠳ᠋ᠦ᠍ ᠨᠢᠭᠡᠨ ᠵᠢᠷᠤᠭ ᠬᠠᠷᠠᠭᠳᠠᠵᠤ᠂ ᠰᠡᠳᠬᠢᠯ ᠳ᠋ᠦ᠍ ᠨᠢ ᠨᠢᠭᠡᠨ ᠠᠶᠠᠯᠭᠤ ᠡᠭᠡᠰᠢᠭᠯᠡᠳᠡᠭ ᠶᠦᠮ᠃ ᠲᠡᠷᠡ ᠨᠢ ᠡᠷᠲᠡᠨ ᠦ᠌ ᠭᠤᠨᠢᠭᠲᠤ ᠳᠠᠭᠤᠤ ᠮᠡᠲᠦ ᠵᠢᠷᠦᠬᠡᠨ ᠳ᠋ᠦ᠍ ᠣᠷᠣᠰᠢᠨ᠎ᠠ᠃
ᠦᠭᠡᠢᠯᠡᠯ ᠭᠤᠨᠢᠭ ᠵᠢᠷᠦᠬᠡᠨ ᠳ᠋ᠦ᠍ ᠦᠭᠡ ᠬᠡᠯᠡᠨ᠎ᠡ᠃《᠁ ᠴᠢᠩᠭᠢᠰ ᠬᠠᠭᠠᠨ ᠤ᠋ ᠪᠠᠢᠭᠤᠯᠤᠭᠰᠠᠨ ᠶᠡᠬᠡ ᠮᠣᠩᠭᠣᠯ ᠤᠯᠤᠰ ᠤ᠋ᠨ ᠡᠨᠡᠬᠡᠨ ᠬᠡᠰᠡᠭ ᠢ᠋ ᠠᠷᠪᠠᠨ ᠳᠣᠯᠣᠳᠤᠭᠠᠷ ᠵᠠᠭᠤᠨ ᠳ᠋ᠤ᠌ ᠵᠡᠭᠦᠨᠭᠠᠷ ᠤ᠋ᠨ ᠬᠠᠭᠠᠨᠲᠤ ᠤᠯᠤᠰ ᠭᠡᠮᠡᠨ ᠨᠠᠷᠠᠯᠠᠮᠤᠢ᠃ᠡᠨᠡ ᠬᠦ᠌ ᠬᠠᠭᠠᠨᠲᠤ ᠤᠯᠤᠰ ᠤ᠋ᠨ ᠬᠠᠷᠢᠶᠠᠯᠠᠯ ᠨᠢ ᠬᠣᠪᠲᠣ᠂ ᠳᠥᠷᠪᠡᠳ ᠦ᠋ᠨ ᠬᠢᠵᠠᠭᠠᠷ᠂ ᠠᠯᠲᠠᠢ ᠲᠩᠷᠢ ᠠᠭᠤᠯᠠ ᠶ᠋ᠢᠨ ᠴᠠᠭᠠᠨ ᠵᠤᠯᠠᠢ᠂ ᠰᠢᠷᠭ᠎ᠠ᠂ ᠪᠣᠷᠣ ᠴᠥᠵᠢ᠂ ᠬᠣᠨᠢᠨ ᠤᠰᠤ᠂ ᠮᠢᠩᠭᠠᠨ ᠤ᠋ ᠪᠤᠲᠠᠷᠠᠭᠠᠲᠣ ᠭᠣᠪᠢ᠂ ᠳᠣᠷᠣᠨᠠᠲᠤ ᠳᠦᠷᠺᠸᠨ᠋ᠰᠲ᠋ᠠᠨ ᠬᠠᠰᠠᠭ ᠤ᠋ᠨ ᠲᠠᠯ᠎ᠠ ᠬᠡᠭᠡᠷ᠎ᠡ ᠨᠤᠲᠤᠭ᠂ ᠳᠤᠮᠳᠠᠳᠤ ᠠᠽᠢᠶ᠎ᠠ ᠶ᠋ᠢᠨ ᠨᠢᠭᠡ ᠮᠢᠩᠭ᠎ᠠ ᠬᠣᠶᠠᠷ ᠵᠠᠭᠤ ᠢᠯᠡᠭᠦᠦ ᠬᠣᠲᠠ ᠪᠠᠯᠭᠠᠳ᠂ ᠣᠷᠳᠣᠰ ᠠ᠋ᠴᠠ ᠬᠥᠬᠡᠨᠠᠭᠤᠷ ᠬᠦᠷᠲᠡᠯ᠎ᠡ ᠠᠯᠠᠱᠠ ᠶ᠋ᠢᠨ ᠰᠠᠪᠠ ᠭᠠᠵᠠᠷ ᠪᠦᠬᠦᠯᠢ ᠳ᠋ᠡᠭᠡᠨ ᠪᠠᠭᠲᠠᠵᠠᠢ᠃ ᠮᠣᠷᠢᠲᠠᠨ ᠪᠠᠭᠠᠲᠤᠷ ᠤ᠋ᠳ ᠤ᠋ᠨ ᠲᠤᠯᠤᠯᠳᠤᠭᠠᠨ ᠤ᠋ ᠲᠠᠯᠠᠪᠠᠢ ᠵᠡᠭᠦᠨᠭᠠᠷ ᠪᠣᠯᠵᠤ ᠪᠠᠢᠯ᠎ᠠ ᠁ 》᠃
ᠠᠩᠬ᠎ᠠ ᠤᠳᠠᠭ᠎ᠠ ᠬᠥᠬᠡᠨᠠᠭᠤᠷ ᠢ᠋ᠶ᠋ᠠᠷ ᠳᠠᠭᠠᠷᠢᠵᠤ ᠣᠳᠬᠤ ᠳ᠋ᠤ᠌ ᠠᠨᠤᠳᠠᠷ᠎ᠠ ᠪᠢᠯᠵᠤᠤᠬᠠᠢ ᠲᠡᠷᠢᠭᠦᠲᠡᠨ ᠬᠡᠭᠡᠷ᠎ᠡ ᠲᠠᠯ᠎ᠠ ᠶ᠋ᠢᠨ ᠪᠢᠴᠢᠬᠠᠨ ᠰᠢᠪᠠᠭᠤᠳ ᠤ᠋ᠨ ᠭᠤᠷᠪᠠ ᠳᠥᠷᠪᠡ ᠪᠡᠷ ᠨᠢ ᠥᠨᠳᠡᠭᠡ ᠪᠡᠨ ᠳᠠᠷᠤᠳᠠᠭ ᠡᠪᠡᠰᠦ ᠨᠣᠭᠣᠭᠠᠨ ᠤ᠋ ᠳᠣᠲᠣᠷᠠᠬᠢ ᠡᠭᠦᠷ ᠢ᠋ ᠦᠵᠡᠭᠦᠯᠦᠭᠰᠡᠨ ᠨᠢ ᠳᠡᠩᠳᠡᠭᠦᠦ ᠪᠠᠭ᠎ᠠ ᠪᠠᠯᠴᠢᠷ ᠭᠡᠵᠦ ᠰᠠᠨᠠᠭᠰᠠᠨ ᠤ᠋ ᠬᠢ ᠪᠢᠵᠡ᠃ ᠲᠡᠷᠡ ᠪᠡᠷ ᠴᠡᠷᠢᠭ ᠦ᠋ᠨ ᠬᠦᠷᠢᠶᠡᠨ ᠳ᠋ᠦ᠍ ᠠᠪᠠᠴᠢᠨ ᠨᠤᠮᠤ ᠰᠤᠮᠤ ᠪᠠᠨ ᠬᠠᠷᠠᠭᠤᠯᠤᠭᠰᠠᠨ ᠪᠣᠯ ᠤᠯᠠᠮ ᠢᠯᠡᠭᠦᠦ ᠰᠡᠳᠬᠢᠯ ᠳ᠋ᠦ᠍ ᠦᠯᠡᠳᠡᠬᠦ ᠪᠠᠢᠵᠠᠢ᠃ ᠸᠴᠢᠷᠲᠦ ᠰᠡᠴᠡᠨ ᠬᠠᠭᠠᠨ ᠤ᠋ ᠴᠡᠷᠢᠭ ᠦ᠋ᠨ ᠬᠦᠷᠢᠶᠡᠨ ᠡᠴᠡ ᠬᠡᠳᠦᠨ ᠮᠣᠷᠢᠲᠠᠨ ᠳᠠᠪᠬᠢᠨ ᠢᠷᠡᠬᠦ ᠳ᠋ᠦ᠍ ᠰᠡᠯᠡᠮ᠎ᠡ ᠨᠢ ᠶᠡᠷᠦ ᠪᠤᠰᠤ ᠶ᠋ᠢᠨ ᠰᠢᠷ᠎ᠠ ᠠᠯᠠᠭ ᠢᠯᠭᠢ ᠶ᠋ᠢᠨ ᠠᠷᠠᠰᠤ ᠪᠠᠷ ᠪᠦᠷᠢᠵᠦ ᠬᠢᠭᠰᠡᠨ ᠨᠢ ᠲᠦᠷᠺ ᠬᠤᠳᠠᠯᠳᠤᠭᠠᠴᠢᠳ ᠤ᠋ᠨ ᠵᠠᠷᠤᠳᠠᠭ ᠠᠷᠠᠰᠤ ᠪᠠᠢᠪᠠ᠃ ᠲᠦᠷᠺ ᠦ᠋ᠳ ᠬᠥᠬᠡᠨᠠᠭᠤᠷ ᠲᠤ᠌ ᠣᠴᠢᠳᠠᠭ ᠪᠠᠢᠭᠰᠠᠨ ᠢ᠋ ᠯᠠᠪᠲᠠᠢᠶ᠎ᠠ ᠮᠡᠳᠡᠵᠦ ᠪᠢᠯᠡ᠃ ᠲᠡᠢᠮᠦ ᠲᠦᠷᠺ ᠢᠯᠭᠢ ᠶ᠋ᠢᠨ ᠤᠭᠤᠲᠠᠨ ᠳ᠋ᠤ᠌ ᠮᠢᠭᠮᠠᠨᠰᠠᠩᠵᠠᠢ ᠥᠬᠢᠨ ᠦᠰᠦᠨ ᠦ᠌ ᠪᠡᠨ ᠰᠢᠷ᠎ᠠ ᠰᠤᠪᠤᠳ ᠤ᠋ᠨ ᠭᠣᠶᠣᠯᠠᠯ ᠢ᠋ᠶ᠋ᠠᠨ ᠬᠠᠳᠠᠭᠠᠯᠠᠳᠠᠭ ᠰᠠᠨ᠃
ᠬᠣᠷᠢ
— ᠵᠠᠮ ᠲᠡᠭᠦᠰᠪᠡ᠃ ᠵᠠᠮ ᠤ᠋ᠨ ᠲᠡᠭᠦᠰᠬᠡᠯ ᠳ᠋ᠦ᠍ ᠯᡁᠠᠰᠨ ᠬᠡᠮᠡᠬᠦ ᠪᠤ᠍ᠳ᠌ᠳ᠌ᠾᠨ ᠤ᠋ ᠱᠠᠰᠢᠨ ᠤ᠋ ᠬᠣᠲᠠ ᠪᠠᠯᠭᠠᠳ ᠪᠣᠰᠴᠠᠢ᠃ ᠲᠡᠨᠳᠡ ᠠᠶᠠᠯᠠᠴᠢᠨ᠂ ᠭᠡᠢᠴᠢᠨ᠂ ᠮᠥᠷᠭᠥᠯᠴᠢᠳ ᠠᠢᠮᠠᠭ᠂ ᠣᠲᠣᠭ ᠢ᠋ᠶ᠋ᠠᠷ ᠢ᠋ᠶ᠋ᠠᠨ ᠳᠤᠭᠤᠢ ᠬᠦᠷᠢᠶ᠎ᠡ ᠪᠣᠯᠤᠨ ᠪᠠᠭᠤᠵᠠᠭᠠᠵᠠᠢ᠃ ᠪᠠᠭᠤᠳᠠᠯ ᠪᠦᠷᠢ ᠳ᠋ᠦ᠍ ᠭᠣᠷᠲᠢᠭ ᠲᠢᠭ ᠲᠠᠲᠠᠭᠰᠠᠨ ᠪᠠᠢᠪᠠ᠃ ᠭᠠᠭᠴᠠᠬᠠᠨ ᠣᠯᠣᠭᠠᠢ ᠲᠠᠢ ᠰᠢᠷ᠎ᠠ ᠲᠣᠰᠣ ᠪᠠᠨ ᠪᠤᠷᠬᠠᠨ ᠳ᠋ᠤ᠌ ᠡᠷᠭᠦᠬᠦ ᠪᠡᠷ ᠢᠷᠡᠭᠰᠡᠨ ᠴᠦ᠍ ᠪᠠᠢᠳᠠᠭ᠃ ᠰᠢᠷ᠎ᠠ ᠲᠣᠰᠣᠨ ᠡᠴᠡ ᠪᠡᠨ ᠰᠠᠯᠪᠠᠯ ᠢᠳᠡᠬᠦ ᠬᠣᠭᠣᠯᠠ ᠦᠭᠡᠢ ᠬᠠᠷᠠᠭᠳᠠᠨ᠎ᠠ᠃ ᠪᠤᠷᠬᠠᠨ ᠪᠠᠭᠰᠢ ᠶ᠋ᠢᠨ ᠲᠥᠯᠥᠭᠡᠨ᠎ᠡ ᠬᠠᠷᠠᠩᠭᠠᠳᠠᠬᠣ ᠪᠠᠭᠠᠳᠠᠨ᠎ᠠ᠃ ᠪᠤᠷᠬᠠᠨ ᠤ᠋ ᠲᠥᠯᠥᠭᠡ ᠦᠬᠦᠬᠦ ᠳ᠋ᠦ᠍ ᠬᠣᠢᠲᠤ ᠲᠥᠷᠥᠯ ᠳ᠋ᠡᠭᠡᠨ ᠪᠤᠶᠠᠨᠲᠤ ᠬᠥᠮᠦᠨ ᠵᠠᠶᠠᠭᠠᠨ᠎ᠠ᠃ ᠬᠣᠢᠲᠤ ᠲᠥᠷᠥᠯ ᠢ᠋ᠶ᠋ᠡᠨ ᠪᠣᠳᠣᠵᠤ ᠠᠮᠠᠨ ᠳ᠋ᠠᠭᠠᠨ ᠡᠮᠬᠦᠬᠦ ᠰᠢᠷ᠎ᠠ ᠲᠣᠰᠣ ᠶ᠋ᠢ ᠵᠤᠯᠠ ᠡᠷᠭᠦᠬᠦ ᠳ᠋ᠦ᠍ ᠵᠣᠷᠢᠭᠤᠯᠤᠨ᠎ᠠ᠃ ᠮᠥᠷᠭᠥᠯᠴᠢᠳ ᠴᠤᠭᠯᠠᠷᠠᠵᠠᠢ᠃ ᠮᠥᠷᠭᠥᠯᠴᠢᠳ ᠦ᠋ᠨ ᠬᠦᠷᠢᠶ᠎ᠡ ᠡᠭᠦᠰᠦᠭᠰᠡᠨ ᠠᠵᠢ᠃
ᡀᠠᠰᠠ ᠬᠡᠮᠡᠬᠦ ᠰᠢᠷ᠎ᠠ ᠶ᠋ᠢᠨ ᠱᠠᠰᠢᠨ ᠤ᠋ ᠰᠦᠮ᠎ᠡ ᠳᠤᠭᠠᠩ ᠪᠠᠭᠰᠢᠷᠠᠵᠤ᠂ ᠨᠣᠬᠠᠢ ᠵᠣᠣᠯᠠᠬᠣ᠂ ᠮᠠᠨᠢ ᠮᠡᠭᠵᠡᠮ ᠡᠭᠡᠰᠢᠭᠯᠡᠭᠰᠡᠨ ᠭᠠᠵᠠᠷ ᠲᠤ᠌ ᠵᠡᠭᠦᠨᠭᠠᠷ ᠤ᠋ᠨ ᠬᠥᠪᠡᠭᠦᠳ ᠡᠴᠡ ᠬᠠᠮᠤᠭ ᠤ᠋ᠨ ᠲᠡᠷᠢᠭᠦᠨ ᠳ᠋ᠦ᠍ ᠭᠠᠯᠳᠠᠨ ᠰᠠᠬᠢᠯ ᠬᠦᠷᠲᠡᠵᠡᠢ᠃
ᠰᠥᠨᠢ ᠳᠦᠯᠢ ᠶ᠋ᠢᠨ ᠴᠠᠭ ᠪᠠᠢᠯ᠎ᠠ᠃ ᠪᠤᠳᠠᠯᠠᠩ ᠬᠡᠢᠳ ᠦ᠋ᠨ ᠳᠡᠭᠡᠷ᠎ᠡ ᠣᠳᠣ ᠲᠦᠭᠡᠵᠡᠢ᠃ ᠭᠠᠯᠳᠠᠨ ᠰᠣᠴᠢᠨ ᠰᠡᠷᠡᠪᠡ᠃《ᠨᠣᠢᠷ ᠮᠠᠭᠤᠳᠠᠪᠠ》 ᠭᠡᠵᠦ ᠲᠡᠷᠡ ᠪᠣᠳᠣᠪᠠ᠃
ᠭᠠᠯᠳᠠᠨ ᠤ᠋ ᠳᠦᠷᠢ ᠲᠥᠷᠬᠦ ᠥᠭᠡᠷᠡᠴᠢᠯᠡᠭᠳᠡᠵᠦ᠂ ᠵᠣᠷᠢᠮᠠᠭ ᠨᠢᠳᠦ ᠨᠢ ᠤᠢᠳᠬᠠᠷ ᠲᠠᠢ᠂ ᠠᠵᠢᠭᠴᠢ ᠭᠢᠷᠠᠬᠠᠢ ᠪᠣᠯᠵᠠᠢ᠃ ᠭᠠᠯᠳᠠᠨ ᠯᠠᠮᠠ ᠬᠠᠷ᠎ᠠ ᠳᠠᠷᠤᠵᠤ ᠵᠡᠭᠦᠳᠦᠯᠡᠭᠡᠳ ᠶᠠᠭ ᠬᠠᠲᠤᠨ ᠡᠬᠡ ᠰᠢᠭ ᠢ᠋ᠶ᠋ᠡᠨ《ᠮᠠᠭᠤ ᠢᠷᠣ᠎ᠠ ᠶ᠋ᠢᠨ ᠵᠡᠭᠦᠳᠦ》 ᠭᠡᠵᠦ ᠰᠢᠪᠡᠨᠡᠪᠡ᠃
ᠭᠠᠯᠳᠠᠨ ᠪᠥᠭᠡᠰᠦ ᠲᠠᠰᠢᠯᠠᠾᠠᠮᠤ ᠬᠡᠢᠳ ᠦ᠋ᠨ ᠲᠡᠷᠢᠭᠦᠨ ᠱᠠᠪᠢ ᠪᠣᠯᠵᠤ᠂ ᠲᠣᠬᠢᠯᠢᠭ ᠦᠷᠭᠦᠭᠡᠨ ᠳ᠋ᠦ᠍ ᠭᠠᠭᠴᠠᠭᠠᠷ ᠰᠠᠭᠤᠳᠠᠭ ᠪᠠᠢᠪᠠ᠃ ᠠᠶᠠᠭᠠᠴᠢ ᠯᠠᠮᠠ ᠨᠣᠢᠷᠰᠤᠵᠠᠢ᠃ ᠠᠶᠠᠭᠠᠴᠢ ᠬᠤᠷᠬᠢᠷᠠᠭᠰᠠᠭᠠᠷ ᠪᠠᠢᠯ᠎ᠠ᠃
ᠭᠠᠯᠳᠠᠨ ᠤ᠋ ᠥᠷᠥᠭᠡᠨ ᠦ᠌ ᠬᠠᠭᠠᠯᠭᠠᠨ ᠤ᠋ ᠴᠠᠭᠠᠨ᠎ᠠ ᠬᠠᠭᠠᠯᠭ᠎ᠠ᠂ ᠪᠠᠰᠠ ᠬᠠᠭᠠᠯᠭ᠎ᠠ᠂ ᠳᠠᠬᠢᠭᠠᠳ ᠬᠠᠭᠠᠯᠭ᠎ᠠ᠂ ᠳᠠᠷᠠᠭ᠎ᠠ ᠶ᠋ᠢᠨ ᠬᠠᠭᠠᠯᠭ᠎ᠠ ᠪᠠᠷ ᠳᠤᠭᠠᠩ ᠤ᠋ᠨ ᠬᠠᠵᠠᠭᠤ ᠶ᠋ᠢᠨ ᠬᠠᠭᠠᠯᠭᠠᠨ ᠳ᠋ᠤ᠌ ᠬᠦᠷᠴᠦ ᠲᠡᠷᠡ ᠬᠠᠭᠠᠯᠭ᠎ᠠ ᠪᠠᠷ ᠭᠠᠳᠠᠭᠠᠯᠠᠳᠠᠭ ᠪᠥᠯᠥᠭᠡ᠃
ᠭᠠᠯᠳᠠᠨ ᠯᠠᠮᠠ ᠬᠤᠪᠴᠠᠰᠤ ᠲᠠᠢ ᠪᠠᠨ ᠲᠥᠭᠰᠢᠭᠦᠷᠢᠲᠡᠢᠬᠡᠨ ᠶᠠᠪᠤᠭᠰᠠᠭᠠᠷ ᠬᠠᠭᠠᠯᠭ᠎ᠠ ᠪᠦᠷᠢ ᠶ᠋ᠢᠨ ᠡᠮᠦᠨ᠎ᠡ ᠴᠢᠩᠨᠠᠷᠬᠠᠨ ᠰᠠᠭᠠᠳᠠᠭᠰᠠᠭᠠᠷ ᠡᠭᠦᠳᠡᠨ ᠦ᠌ ᠬᠠᠭᠠᠯᠭᠠᠨ ᠳ᠋ᠤ᠌ ᠲᠤᠯᠵᠤ ᠣᠴᠢᠪᠠ᠃
ᠲᠡᠷᠡ ᠬᠠᠭᠠᠯᠭ᠎ᠠ ᠨᠡᠭᠡᠭᠡᠯ᠎ᠡ᠃ ᠠᠭᠤᠯᠠ ᠶ᠋ᠢᠨ ᠵᠢᠬᠡᠭᠥᠪᠳᠣᠷ ᠰᠠᠯᠬᠢ ᠰᠡᠪᠡᠯᠵᠡᠨ ᠦᠯᠢᠶᠡᠯ᠎ᠡ᠃ ᠨᠣᠣᠷᠬᠠᠢ ᠬᠤᠪᠴᠠᠰᠤ ᠲᠠᠢ ᠭᠠᠯᠳᠠᠨ ᠤ᠋ ᠦᠶ᠎ᠡ ᠳᠠᠩ ᠤ᠋ᠨ ᠨᠢᠭᠡᠨ ᠬᠥᠪᠡᠭᠦᠨ ᠵᠣᠭᠰᠣᠵᠤ ᠪᠠᠢᠨ᠎ᠠ᠃ ᠬᠥᠪᠡᠭᠦᠨ ᠲᠠᠭᠠᠷᠠᠵᠠᠢ᠃
— ᠴᠢ ᠶᠠᠭᠤᠨ ᠤ᠋ ᠬᠥᠮᠦᠨ ᠪᠣᠢ ᠭᠡᠵᠦ ᠠᠰᠠᠭᠤᠪᠠ᠃
— ᠪᠢ ᠬᠣᠱᠤᠳ ᠣᠪᠣᠭ ᠤ᠋ᠨ ᠭᠠᠢᠳᠠᠪ ᠭᠡᠭᠴᠢ ᠪᠤᠷᠬᠠᠨ ᠤ᠋ ᠣᠷᠣᠨ ᠳ᠋ᠤ᠌ ᠮᠥᠷᠭᠥᠬᠦ ᠪᠡᠷ ᠡᠵᠢ ᠪᠡᠨ ᠳᠠᠭᠠᠭᠤᠯᠵᠤ ᠢᠷᠡᠭᠰᠡᠨ ᠶᠦᠮ᠃ ᠡᠵᠢ ᠮᠢᠨᠢ ᠶᠠᠳᠠᠷᠠᠬᠤ ᠶ᠋ᠢᠨ ᠲᠤᠢᠯ ᠳ᠋ᠤ᠌ ᠬᠦᠷᠴᠦ ᠨᠠᠰᠤ ᠪᠠᠷᠠᠪᠠ᠃ ᠲᠡᠭᠡᠭᠡᠳ ᠪᠢ ᠭᠠᠰᠢᠭᠤᠳᠠᠨ ᠬᠣᠩ ᠲᠠᠢᠵᠢ ᠶ᠋ᠢᠨ ᠬᠥᠪᠡᠭᠦᠨ ᠢ᠋ ᠡᠷᠢᠵᠦ ᠪᠡᠳᠡᠷᠢᠭᠰᠡᠭᠡᠷ ᠢᠷᠡᠪᠡ᠃ ᠶᠡᠬᠡ ᠬᠥᠯ ᠦ᠋ᠨ ᠭᠠᠵᠠᠷ ᠬᠡᠴᠡᠭᠦᠦ ᠶᠦᠮ᠃ ᠬᠥᠮᠦᠨ ᠰᠤᠷᠠᠭᠯᠠᠨ᠎ᠠ ᠭᠡᠳᠡᠭ ᠮᠠᠯ ᠤ᠋ᠨ ᠡᠷᠢᠯ ᠳ᠋ᠦ᠍ ᠬᠠᠲᠠᠬᠤ ᠠ᠋ᠴᠠ ᠳᠣᠯᠣᠭᠠᠨ ᠳᠣᠣᠷ᠎ᠠ ᠠᠵᠢ᠃ ᠲᠠᠨ ᠤ᠋ ᠬᠠᠮᠢᠭ᠎ᠠ ᠰᠠᠭᠤᠳᠠᠭ ᠢ᠋ ᠳᠤᠭᠠᠩᠴᠢ ᠯᠠᠮᠠ ᠥᠭᠡᠷ᠎ᠡ ᠨᠢᠭᠡ ᠯᠠᠮᠠ ᠳ᠋ᠤ᠌ ᠶᠠᠷᠢᠵᠤ ᠪᠠᠢᠬᠤ ᠳ᠋ᠤ᠌ ᠰᠣᠨᠣᠰᠴᠤ ᠮᠡᠳᠡᠯ᠎ᠡ᠃ ᠬᠠᠢᠭᠰᠠᠭᠠᠷ ᠶᠠᠪᠤᠭᠠᠳ ᠬᠦᠷᠴᠦ ᠢᠷᠡᠯ᠎ᠡ᠃
— ᠨᠠᠮᠠᠶ᠋ᠢ ᠶᠠᠭ ᠣᠯᠵᠠᠢ᠃ ᠪᠢ ᠭᠠᠯᠳᠠᠨ ᠪᠠᠢᠨ᠎ᠠ᠃
— ᠡᠵᠢ ᠮᠢᠨᠢ ᠬᠣᠩ ᠲᠠᠢᠵᠢ ᠶ᠋ᠢᠨ ᠬᠦᠦ ᠡᠴᠡ ᠠᠳᠢᠰ ᠠᠪᠬᠤ ᠶᠤᠮᠰᠠᠨ ᠭᠡᠵᠦ ᠶᠠᠷᠢᠳᠠᠭ ᠪᠠᠢᠭᠰᠠᠨ᠃ ᠳᠠᠩᠴᠤ ᠠᠳᠢᠰ ᠠᠪᠴᠤ ᠴᠢᠳᠠᠭᠰᠠᠨ ᠦᠭᠡᠢ᠃ ᠡᠵᠢ ᠶ᠋ᠢ ᠪᠡᠨ ᠬᠡᠭᠡᠷ᠎ᠡ ᠨᠤᠲᠤᠭᠯᠠᠭᠤᠯᠪᠠ᠃ ᠪᠢ ᠭᠠᠭᠴᠠᠭᠠᠷ ᠦᠯᠡᠳᠡᠪᠡ᠃
— ᠳᠣᠲᠣᠭᠰᠢ ᠪᠠᠨ ᠣᠷᠣᠭᠠᠴᠢ᠂᠂᠂᠂
— ᠪᠢ ᠠᠷᠢᠭᠤᠨ ᠳᠤᠭᠠᠩ ᠳ᠋ᠤ᠌ ᠣᠷᠣᠵᠤ ᠪᠣᠯᠬᠤ ᠦᠭᠡᠢ ᠠ᠋᠃ ᠨᠠᠳᠠᠳᠤ ᠪᠤᠵᠠᠷ ᠰᠢᠩᠭᠡᠭᠰᠡᠨ ᠪᠠᠢᠭ᠎ᠠ᠃ ᠬᠡᠭᠦᠷ ᠦ᠋ᠨ ᠭᠠᠵᠠᠷ ᠠ᠋ᠴᠠ ᠢᠷᠡᠯ᠎ᠡ᠃
— ᠴᠢ ᠪᠣᠯ ᠪᠤᠶᠠᠨ ᠬᠢᠵᠦ ᠶᠠᠪᠤᠭ᠎ᠠ ᠬᠥᠮᠦᠨ᠃ ᠡᠵᠢ ᠪᠡᠨ ᠳᠠᠭᠠᠭᠤᠯᠵᠤ ᠡᠨᠡ ᠬᠣᠯᠠ ᠭᠠᠵᠠᠷ ᠢᠷᠡᠨ᠎ᠡ ᠭᠡᠳᠡᠭ ᠬᠢᠷᠢ ᠪᠠᠷᠤᠭ ᠤ᠋ᠨ ᠬᠥᠮᠦᠨ ᠦ᠌ ᠰᠠᠪᠠᠨ ᠳ᠋ᠤ᠌ ᠪᠠᠭᠲᠠᠬᠤ ᠦᠭᠡᠢ ᠶᠡᠬᠡ ᠪᠤᠶᠠᠨ ᠶᠤᠮ ᠰᠢᠦ᠃ ᠪᠤᠤ ᠵᠣᠪᠠ!
— ᠬᠤᠪᠢᠯᠭᠠᠨ ᠲᠠ ᠨᠠᠮᠠᠶ᠋ᠢ ᠥᠷᠥᠰᠢᠶᠡᠵᠦ ᠪᠣᠯᠭᠣᠭᠠᠪᠠᠯ ᠪᠢ ᠣᠷᠣᠶ᠎ᠠ᠃
ᠭᠠᠯᠳᠠᠨ ᠯᠠᠮᠠ᠂ ᠭᠠᠢᠳᠠᠪ ᠬᠥᠪᠡᠭᠦᠨ ᠳ᠋ᠦ᠍ ᠬᠣᠭᠣᠯᠠ ᠤᠮᠳᠠ ᠥᠭᠴᠦ ᠲᠡᠩᠬᠡᠷᠡᠭᠦᠯᠦᠭᠡᠳ ᠤᠨᠲᠠᠭᠤᠯᠪᠠ᠃ ᠪᠠᠷᠢᠨᠲᠠᠭ ᠲᠠᠢ ᠰᠤᠳᠤᠷ ᠳᠦᠭᠦᠷᠡᠩ ᠥᠷᠥᠵᠦ ᠬᠦᠵᠢ᠂ ᠵᠤᠯᠠ ᠠᠰᠠᠭᠠᠵᠤ᠂ ᠪᠤᠷᠬᠠᠳ ᠤ᠋ᠨ ᠬᠥᠷᠥᠭ ᠡᠩᠨᠡᠭᠦᠯᠦᠭᠰᠡᠨ ᠦᠷᠭᠦᠭᠡᠨ ᠳ᠋ᠦ᠍ ᠭᠠᠢᠳᠠᠪ ᠰᠡᠷᠡᠪᠡ᠃ ᠭᠠᠯᠳᠠᠨ ᠨᠣᠮ ᠪᠢᠰᠢᠯᠭᠠᠨ ᠰᠠᠭᠤᠵᠤ ᠪᠠᠢᠯ᠎ᠠ᠃ ᠭᠠᠯᠳᠠᠨ ᠯᠠᠮᠠ ᠶᠡᠬᠡᠳᠡ ᠰᠡᠷᠭᠦᠵᠡᠢ᠃
— ᠪᠢ ᠶᠡᠬᠡ ᠲᠦᠭᠰᠢᠭᠦᠷᠢ ᠲᠡᠢ ᠬᠣᠨᠣᠯ᠎ᠠ᠃ ᠣᠳᠣ ᠳᠠᠯᠠᠢ ᠯᠠᠮᠠ᠂ ᠪᠠᠡᠴᠢᠡᠡᠷᠳᠡᠨᠢ ᠬᠣᠶᠠᠷ ᠲᠤ᠌ ᠮᠥᠷᠭᠥᠭᠡᠳ ᠢᠷᠡᠶ᠎ᠡ᠃ ᠴᠢ ᠡᠨᠳᠡ ᠪᠡᠨ ᠬᠦᠯᠢᠶᠡᠵᠦ ᠪᠠᠢ ᠭᠡᠳ ᠭᠠᠯᠳᠠᠨ ᠢ᠋ ᠶᠠᠪᠤᠬᠤ ᠭᠡᠬᠦ ᠳ᠋ᠦ᠍᠂
— ᠪᠤᠷᠬᠠᠨ ᠨᠠᠮᠠᠶ᠋ᠢ ᠲᠠᠭᠠᠯᠠᠬᠤ ᠪᠣᠯᠪᠠᠤ? ᠭᠡᠵᠦ ᠭᠠᠢᠳᠠᠪ ᠠᠢᠳᠠᠰ ᠲᠠᠢ ᠠᠰᠠᠭᠤᠪᠠ᠃
— ᠪᠤᠷᠬᠠᠨ ᠪᠣᠯ ᠳᠡᠭᠡᠳᠦᠰ ᠳᠣᠣᠷᠠᠳᠤᠰ ᠲᠤ᠌ ᠠᠳᠠᠯᠢᠬᠠᠨ ᠬᠠᠨᠳᠤᠳᠠᠭ ᠶᠤᠮ᠃ ᠨᠢᠭᠦᠯ ᠬᠢᠯᠢᠨᠴᠡ ᠬᠢᠭᠰᠡᠨ ᠬᠥᠮᠦᠨ ᠢ᠋ ᠴᠦ᠍ ᠠᠷᠢᠭᠤᠰᠬᠠᠳᠠᠭ᠃ ᠪᠤᠷᠬᠠᠨ ᠠ᠋ᠴᠠ ᠠᠶᠤᠬᠤ ᠬᠡᠷᠡᠭ ᠦᠭᠡᠢ᠃ ᠪᠤᠷᠬᠠᠨ ᠳ᠋ᠤ᠌ ᠣᠢᠷᠠᠬᠠᠨ ᠪᠠᠢᠬᠤ ᠶ᠋ᠢ ᠬᠢᠴᠢᠶᠡᠭᠡᠴᠢ᠃ ᠪᠤᠷᠬᠠᠨ ᠬᠥᠮᠦᠨ ᠦ᠌ ᠣᠶᠤᠨ ᠰᠠᠨᠠᠭ᠎ᠠ ᠶ᠋ᠢ ᠪᠦᠲᠦᠭᠡᠭᠰᠡᠨ ᠶᠦᠮ ᠰᠢᠦ ᠳᠡ᠃ ᠪᠤᠷᠬᠠᠨ ᠤ᠋ ᠪᠦᠲᠦᠭᠡᠯ ᠡᠴᠡ ᠠᠶᠤᠬᠤ ᠬᠡᠷᠡᠭ ᠦᠭᠡᠢ᠃ ᠬᠥᠮᠦᠨ ᠪᠣᠯ ᠪᠦᠲᠦᠭᠡᠯ ᠶᠦᠮ᠃ ᠬᠥᠮᠦᠨ ᠥᠪᠡᠷ ᠢ᠋ᠶ᠋ᠡᠨ ᠠᠳᠠᠭ ᠤ᠋ᠨ ᠵᠠᠩ ᠭᠠᠷᠭᠠᠳᠠᠭ ᠰᠢᠢᠳᠬᠡᠭᠴᠢ ᠤᠴᠢᠷ ᠠ᠋ᠴᠠ ᠪᠤᠷᠬᠠᠨ ᠵᠠᠷᠢᠮ ᠳ᠋ᠠᠭᠠᠨ ᠴᠡᠭᠡᠷᠯᠡᠭᠦᠯᠳᠡᠭ᠃ ᠪᠤᠷᠬᠠᠨ ᠢ᠋ ᠰᠡᠳᠬᠢᠯ ᠳ᠋ᠡᠭᠡᠨ ᠰᠢᠲᠦᠵᠦ ᠪᠢᠰᠢᠷᠡᠵᠦ ᠶᠠᠪᠤᠪᠠᠰᠤ ᠡᠷᠭᠢᠭᠡᠳ ᠴᠢᠮᠠᠶ᠋ᠢ ᠪᠤᠷᠬᠠᠨ ᠬᠠᠷᠠᠳᠠᠭ ᠰᠢᠭ᠋ ᠬᠠᠷᠠᠨ᠎ᠠ᠃ ᠪᠤᠷᠬᠠᠨ ᠤ᠋ ᠢᠪᠡᠭᠡᠯ ᠳ᠋ᠦ᠍ ᠨᠢᠭᠡ ᠪᠠᠭᠲᠠᠪᠠᠯ ᠨᠠᠰᠤᠨ ᠲᠤᠷᠰᠢ ᠳ᠋ᠠᠭᠠᠨ ᠪᠠᠭᠲᠠᠨ᠎ᠠ᠃
— ᠬᠤᠪᠢᠯᠭᠠᠨ ᠲᠠ ᠪᠤᠷᠬᠠᠨ ᠤᠴᠢᠷ ᠠ᠋ᠴᠠ ᠪᠢ ᠲᠠᠨ ᠤ᠋ ᠢᠪᠡᠭᠡᠯ ᠳ᠋ᠦ᠍ ᠪᠠᠭᠲᠠᠭᠰᠠᠨ ᠪᠣᠯᠪᠠᠤ?
ᠭᠠᠢᠳᠠᠪ ᠬᠡᠮᠡᠬᠦ ᠲᠡᠷᠡ ᠠᠶᠠᠳᠠᠭᠤ ᠨᠠᠮᠤᠭᠤᠨ ᠳᠠᠭᠤ ᠲᠠᠢ᠂ ᠵᠣᠪᠠᠯᠠᠩᠲᠤ ᠬᠥᠪᠡᠭᠦᠨ ᠢ᠋ ᠭᠠᠯᠳᠠᠨ ᠲᠠᠯᠠᠷᠬᠠᠯ ᠲᠠᠢ ᠬᠠᠷᠠᠪᠠ᠃ ᠭᠠᠯᠳᠠᠨ ᠭᠠᠢᠳᠠᠪ ᠢ᠋ ᠬᠠᠷ᠎ᠠ ᠵᠦᠩ ᠢ᠋ᠶ᠋ᠡᠷ ᠢ᠋ᠶ᠋ᠡᠨ ᠬᠦᠯᠢᠶᠡᠵᠦ ᠠᠪᠤᠭᠰᠠᠨ᠃
ᠭᠠᠯᠳᠠᠨ ᠭᠠᠢᠳᠠᠪ ᠢ᠋ ᠬᠠᠷᠠᠭᠠᠳ ᠢᠲᠡᠭᠡᠭᠰᠡᠨ᠃ ᠠᠩᠬ᠎ᠠ ᠤᠳᠠᠭ᠎ᠠ ᠠᠭᠤᠯᠵᠠᠬᠤ ᠳ᠋ᠤ᠌ ᠢᠲᠡᠭᠡᠯ ᠲᠥᠷᠥᠭᠦᠯᠳᠡᠭ ᠬᠥᠮᠦᠨ ᠲᠡᠢᠮᠦ ᠣᠯᠠᠨ ᠪᠠᠢᠳᠠᠭ ᠦᠭᠡᠢ ᠪᠢᠵᠡ᠃ ᠭᠠᠢᠳᠠᠪ ᠵᠠᠶᠠᠭᠠᠨ ᠠ᠋ᠴᠠ ᠰᠡᠯᠡᠮ᠎ᠡ ᠡᠷᠭᠢᠭᠦᠯᠵᠦ ᠶᠠᠪᠤᠬᠤ ᠤᠴᠢᠷ ᠲᠠᠢ ᠪᠠᠢᠭᠰᠠᠨ ᠰᠢᠦ᠃ ᠭᠠᠢᠳᠠᠪ ᠨᠡᠯᠢᠶᠡᠳ ᠰᠠᠨᠳᠤᠷᠴᠤ ᠬᠤᠪᠢᠯᠭᠠᠨ ᠯᠠᠮᠠ ᠶ᠋ᠢᠨ ᠲᠠᠬᠢᠯ᠂ ᠰᠠᠨᠸᠠᠷ ᠠ᠋ᠴᠠ ᠴᠣᠴᠢᠷᠳᠠᠬᠤ ᠠᠪᠠᠴᠤ ᠪᠡᠶ᠎ᠡ ᠨᠢ ᠬᠥᠩᠭᠡᠷᠡᠵᠦ᠂ ᠰᠡᠳᠬᠢᠯ ᠨᠢ ᠶᠡᠷᠦ ᠪᠤᠰᠤ ᠶ᠋ᠢᠨ ᠥᠭᠡᠷᠡᠴᠢᠯᠡᠭᠳᠡᠭᠰᠡᠨ ᠪᠠᠢᠵᠠᠢ᠃ ᠲᠡᠷᠡ ᠪᠡᠷ ᠠᠬ᠎ᠠ ᠳᠡᠭᠦᠦ ᠳ᠋ᠡᠭᠡᠨ ᠢᠷᠡᠭᠰᠡᠨ ᠮᠡᠲᠦ ᠣᠢᠷ᠎ᠠ ᠳᠣᠲᠣᠨᠣ ᠰᠡᠳᠬᠢᠯ ᠲᠡᠢ ᠪᠣᠯᠵᠠᠢ᠃ ᠯᠠᠮᠠ ᠨᠣᠮ ᠢ᠋ᠶ᠋ᠠᠨ ᠪᠠᠶᠠᠰᠬᠠᠵᠤ ᠢᠷᠡᠭᠡᠳ᠂
—ᠮᠢᠨᠦ ᠳᠡᠷᠭᠡᠳᠡ ᠪᠠᠢᠵᠤ ᠪᠠᠢ ᠭᠡᠪᠡ᠃
— ᠵᠠ ᠭᠡᠵᠦ ᠭᠠᠢᠳᠠᠪ ᠬᠡᠯᠡᠪᠡ᠃
— ᠪᠢ ᠬᠤᠷᠠᠯ ᠳ᠋ᠤ᠌ ᠣᠷᠣᠯ᠎ᠠ ᠡᠷᠭᠢᠵᠦ ᠢᠷᠡᠲᠡᠯ᠎ᠡ ᠠᠮᠠᠷᠠᠵᠤ ᠪᠠᠢ᠃ ᠠᠶᠠᠭᠠᠴᠢ ᠯᠠᠮᠠ ᠣᠳᠣᠬᠠᠨ ᠢᠷᠡᠨ᠎ᠡ᠃ ᠲᠡᠷᠡ ᠯᠠᠮᠠ ᠳ᠋ᠤ᠌ ᠴᠢᠮᠠᠶ᠋ᠢ ᠲᠥᠪᠬᠢᠨᠡᠭᠦᠯᠬᠦ ᠶ᠋ᠢ ᠠᠢᠯᠠᠳᠤᠯ᠎ᠠ ᠭᠡᠵᠦ ᠭᠠᠯᠳᠠᠨ ᠬᠤᠪᠢᠯᠭᠠᠨ ᠥᠭᠦᠯᠡᠭᠡᠳ ᠶᠠᠪᠤᠯ᠎ᠠ᠃ ᠭᠠᠯᠳᠠᠨ ᠲᠡᠷᠡ ᠡᠳᠦᠷ ᠭᠠᠢᠳᠠᠪ ᠢ᠋ ᠬᠣᠶᠠᠷ ᠭᠤᠷᠪᠠ ᠡᠷᠭᠢᠵᠦ ᠪᠢᠯᠡ᠃
ᠨᠢᠭᠡᠨᠲᠡ ᠥᠷᠯᠥᠭᠡ ᠶ᠋ᠢᠨ ᠮᠥᠷᠭᠥᠯ ᠦ᠋ᠨ ᠴᠠᠭ ᠪᠣᠯᠵᠠᠢ᠃ ᠭᠤᠷᠪᠠᠨ ᠵᠢᠯ ᠡᠢᠨ ᠬᠦ᠌ ᠨᠠᠷᠠ ᠮᠠᠨᠳᠤᠬᠤ ᠦᠶ᠎ᠡ ᠪᠡᠷ ᠭᠠᠯᠳᠠᠨ ᠭᠣᠷᠢᠶ᠎ᠠ ᠬᠢᠵᠦ ᠮᠢᠨᠳᠤᠭᠲᠠᠨ ᠤ᠋ ᠦᠷᠭᠦᠭᠡᠨ᠎ᠡ ᠮᠣᠷᠢᠯᠠᠳᠠᠭ ᠪᠢᠯᠡ᠃
ᠭᠠᠯᠳᠠᠨ ᠯᠠᠮᠠ ᠶ᠋ᠢ ᠲᠠᠰᠢᠯᠠᠾᠠᠮᠤ ᠬᠡᠢᠳ ᠲᠦ᠍ ᠱᠠᠪᠢᠯᠠᠨ ᠰᠠᠭᠤᠵᠤ ᠪᠠᠢᠬᠤ ᠦᠶ᠎ᠡ ᠳ᠋ᠦ᠍ ᠳᠠᠯᠠᠢ ᠯᠠᠮᠠ ᠯᠣᠪᠰᠠᠩᠵᠠᠮᠰᠤ᠂ ᠪᠤᠷᠬᠠᠨ ᠤ᠋ ᠱᠠᠰᠢᠨ ᠤ᠋ ᠮᠢᠨᠳᠤᠭᠲᠠᠨ ᠪᠠᠨᠴᠢᠨ᠌ᠡᠷᠳᠡᠨᠢ ᠶ᠋ᠢ ᠨᠠᠷ ᠭᠠᠯᠳᠠᠨ ᠤ᠋ ᠰᠡᠷᠭᠦᠯᠡᠩ ᠣᠢ ᠤᠬᠠᠭᠠᠨ᠂ ᠳᠣᠲᠣᠭᠠᠳᠤ ᠴᠢᠨᠠᠷ᠂ ᠳᠠᠯᠳᠠ ᠮᠡᠳᠡᠷᠡᠮᠵᠢ ᠶ᠋ᠢ ᠨᠢ ᠲᠠᠨᠢᠵᠤ ᠣᠢᠷᠠᠳ ᠤ᠋ᠨ ᠬᠠᠭᠠᠨ ᠤ᠋ ᠣᠶᠤᠨ ᠤ᠋ ᠰᠠᠩ ᠭᠡᠮᠡᠨ ᠪᠡᠯᠭᠡᠰᠢᠶᠡᠨ
ᠨᠡᠷᠡᠢᠳᠴᠦ ᠪᠠᠢᠪᠠ᠃
ᠡᠨᠡ ᠦᠶ᠎ᠡ ᠳ᠋ᠦ᠍ ᠪᠤᠳᠠᠯᠠᠩ ᠣᠷᠳᠣᠨ ᠳ᠋ᠤ᠌ ᠬᠦᠷᠬᠦ ᠵᠠᠭᠤ ᠨᠠᠢ᠍ᠮᠠᠨ ᠭᠢᠰᠬᠢᠭᠦᠷᠲᠦ ᠱᠠᠲᠤ ᠪᠡᠬᠢᠯᠡᠭᠳᠡᠪᠡ᠃ ᠭᠢᠰᠬᠢᠭᠦᠷ ᠦ᠋ᠨ ᠲᠣᠭ᠎ᠠ ᠪᠠᠷ ᠮᠠᠨᠢ ᠶ᠋ᠢᠨ ᠵᠢᠷᠭᠤᠭᠠᠨ ᠦᠰᠦᠭ ᠬᠡᠯᠬᠢᠵᠦ ᠵᠢᠷᠭᠤᠭᠠᠨ ᠵᠦᠢᠯ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠪᠦᠲᠦᠭᠡᠭᠳᠡᠵᠦ ᠪᠣᠢ ᠠᠭᠤᠤ ᠬᠡᠢᠳ ᠦ᠋ᠨ ᠪᠣᠱᠣᠭ ᠢ᠋ ᠠᠯᠬᠤᠨ᠎ᠠ᠃ ᠪᠤᠳᠠᠯᠠᠩ ᠬᠡᠮᠡᠬᠦ ᠰᠠᠨᠸᠠᠷᠲᠠᠨ᠂ ᠰᠦᠰᠦᠭᠲᠡᠨ ᠦ᠌ ᠣᠷᠳᠣᠨ ᠰᠦᠨᠳᠡᠷᠯᠡᠯ᠎ᠡ᠃ ᠲᠦᠮᠡᠨ ᠬᠥᠮᠦᠨ ᠬᠦᠯᠬᠦᠵᠦ ᠥᠭᠯᠢᠭᠡ ᠡᠷᠭᠦᠵᠦ ᠪᠠᠢᠳᠠᠭ ᠠᠷᠢᠭᠤᠨ ᠲᠠᠭᠰᠢᠨ ᠪᠤᠷᠬᠠᠳ ᠤ᠋ᠨ ᠣᠷᠣᠨ ᠳᠠᠪᠬᠤᠷᠯᠠᠭᠰᠠᠨ ᠱᠣ ᠮᠡᠲᠦ ᠲᠡᠷᠲᠡᠭᠡ ᠬᠣᠯᠠ ᠠ᠋ᠴᠠ ᠰᠣᠷᠢᠨᠵᠢᠳᠠᠨᠠ᠃ ᠪᠤᠳᠠᠯᠠᠩ ᠣᠷᠳᠣᠨ ᠢ᠋ ᠬᠡᠷᠬᠢᠨ ᠰᠦᠨᠳᠡᠷᠯᠡᠬᠦ ᠶ᠋ᠢ ᠨᠢᠳᠦ ᠪᠡᠷ ᠦᠵᠡᠭᠰᠡᠨ ᠬᠥᠮᠦᠨ ᠳᠡ ᠭᠠᠯᠳᠠᠨ᠃ ᠲᠡᠷᠡ ᠪᠤᠷᠬᠠᠨ ᠤ᠋ ᠰᠢᠲᠦᠭᠡᠨ ᠣᠷᠳᠣᠨ ᠳ᠋ᠤ᠌ ᠡᠳᠦᠷ ᠲᠡᠭᠡᠨ ᠬᠡᠳᠦ ᠣᠷᠣᠵᠤ ᠮᠠᠨᠢ ᠮᠡᠭᠵᠡᠮ ᠰᠠᠶ᠎ᠠ ᠵᠢᠸ᠎ᠠ ᠶ᠋ᠢ ᠪᠢᠰᠢᠯᠭᠠᠵᠤ ᠪᠠᠢᠪᠠ᠃
ᠪᠤᠳᠠᠯᠠᠩ ᠣᠷᠳᠣᠨ ᠤ᠋ ᠶᠡᠬᠡ ᠵᠠᠰᠠᠪᠤᠷᠢ ᠳ᠋ᠤ᠌ ᠵᠡᠭᠦᠨᠭᠠᠷ ᠤ᠋ᠨ ᠬᠠᠭᠠᠨ ᠤ᠋ ᠰᠠᠩ ᠠ᠋ᠴᠠ ᠠᠯᠲᠠ᠂ ᠮᠥᠩᠭᠥ ᠬᠢᠭᠡᠳ ᠮᠠᠯ ᠰᠦᠷᠦᠭ ᠡᠷᠭᠦᠨ ᠪᠠᠷᠢᠭᠰᠠᠨ ᠪᠠᠢᠨ᠎ᠠ᠃ ᠤᠭ ᠠ᠋ᠴᠠ ᠡᠷᠳᠡᠨᠢᠪᠠᠭᠠᠲᠤᠷ ᠬᠣᠩ ᠲᠠᠢᠵᠢ ᠶ᠋ᠢ ᠲᠥᠪᠡᠳ ᠦ᠋ᠨ ᠲᠠᠪᠤᠳᠤᠭᠠᠷ ᠳᠠᠯᠠᠢ ᠯᠠᠮᠠ ᠮᠠᠰᠢᠳᠠ ᠣᠢᠰᠢᠶᠠᠨ ᠰᠠᠢᠰᠢᠶᠠᠵᠤ᠃
— ᠴᠠᠰᠤᠲᠤ ᠠᠭᠤᠯᠠ ᠶ᠋ᠢᠨ ᠢᠷᠪᠢᠰ ᠮᠡᠲᠦ ᠬᠡᠢᠮᠣᠷᠢ ᠲᠠᠢ ᠡᠷ᠎ᠡ ᠬᠥᠮᠦᠨ ᠭᠡᠵᠡᠢ᠃ ᠡᠨᠡ ᠦᠭᠡ ᠶ᠋ᠢ ᠬᠡᠯᠡᠭᠰᠡᠨ ᠡᠴᠡ ᠬᠣᠢᠰᠢ ᠣᠯᠠᠨ ᠴᠤ᠌ ᠵᠢᠯ ᠥᠩᠭᠡᠷᠡᠪᠡ᠃
ᠲᠡᠭᠡᠲᠡᠯ᠎ᠡ ᠬᠥᠪᠡᠭᠦᠨ ᠭᠠᠯᠳᠠᠨ ᠢ᠋ᠶ᠋ᠠᠨ ᠲᠥᠪᠡᠳ ᠲᠦ᠍ ᠢᠯᠡᠭᠡᠵᠡᠢ᠃ ᠳᠠᠯᠠᠢ ᠯᠠᠮᠠ ᠵᠡᠭᠦᠨᠭᠠᠷ ᠤ᠋ᠨ ᠬᠣᠩ ᠲᠠᠢᠵᠢ ᠶ᠋ᠢᠨ ᠰᠡᠳᠬᠢᠯ ᠰᠠᠨᠠᠭ᠎ᠠ ᠶ᠋ᠢ ᠳᠠᠯᠠᠯᠤᠭᠠᠳ ᠪᠠᠢᠬᠤ ᠰᠢᠭ᠋ ᠲᠡᠭᠦᠨ ᠳ᠋ᠦ᠍ ᠰᠠᠨᠠᠭᠳᠠᠳᠠᠭ ᠪᠠᠢᠯ᠎ᠠ᠃ ᠡᠴᠢᠭᠡ ᠬᠣᠩ ᠲᠠᠢᠵᠢ ᠶ᠋ᠢᠨ ᠰᠠᠨᠠᠭ᠎ᠠ ᠶ᠋ᠢ ᠳᠠᠯᠠᠢ ᠯᠠᠮᠠ ᠳᠡᠮᠵᠢᠵᠡᠢ᠃ ᠳᠡᠮᠵᠢᠬᠦ ᠪᠡᠷ ᠦᠯᠦ ᠪᠠᠷᠠᠨ ᠵᠡᠭᠦᠨᠭᠠᠷ ᠤ᠋ᠨ ᠬᠠᠭᠠᠨᠲᠤ ᠤᠯᠤᠰ ᠢ᠋ ᠪᠤᠷᠬᠠᠨ ᠤ᠋ ᠣᠷᠣᠨ ᠪᠣᠯᠭᠠᠬᠤ ᠠᠯᠤᠰ ᠤ᠋ᠨ ᠪᠣᠳᠣᠯ ᠢ᠋ᠶ᠋ᠠᠨ ᠬᠡᠷᠡᠭᠵᠢᠭᠦᠯᠬᠦ ᠳ᠋ᠦ᠍ ᠦᠨᠡᠨ ᠬᠦ᠌ ᠨᠥᠯᠥᠭᠡᠯᠡᠭᠰᠡᠨ ᠨᠢ ᠪᠠᠭᠠᠲᠤᠷ ᠬᠣᠩ ᠲᠠᠢᠵᠢ ᠥᠪᠡᠷ ᠦ᠋ᠨ ᠬᠥᠪᠡᠭᠦᠨ ᠢ᠋ᠶ᠋ᠡᠨ ᠱᠠᠪᠢ ᠪᠣᠯᠭᠠᠵᠤ ᠢᠯᠡᠭᠡᠭᠰᠡᠨ ᠶᠠᠪᠤᠳᠠᠯ ᠪᠠᠢᠯ᠎ᠠ᠃
ᠬᠣᠷᠢᠨ ᠨᠢᠭᠡ
ᠭᠠᠯᠳᠠᠨ ᠳ᠋ᠤ᠌ ᠠᠬ᠎ᠠ ᠰᠡᠩᠭᠡ ᠶᠠᠷᠢᠭᠰᠠᠨ ᠶᠤᠮ᠃
— ᠣᠢᠷᠠᠳ ᠤ᠋ᠨ ᠬᠣᠲᠠ ᠬᠦᠷᠢᠶᠡᠨ ᠡᠴᠡ ᠶᠡᠬᠡ ᠴᠡᠷᠢᠭ ᠬᠥᠳᠡᠯᠬᠦ ᠶ᠋ᠢᠨ ᠡᠮᠦᠨ᠎ᠡ ᠴᠠᠭᠠᠨ ᠰᠣᠷᠮᠤᠤᠰᠤᠲᠤ ᠠᠮᠢᠨᠳᠠᠷ᠎ᠠ ᠬᠠᠲᠤᠨ ᠡᠴᠢᠭᠡ ᠬᠣᠩ ᠲᠠᠢᠵᠢ ᠶ᠋ᠢᠨ ᠬᠠᠮᠲᠤ ᠦᠷᠭᠦᠭᠡᠨ ᠡᠴᠡ ᠭᠠᠷᠴᠤ ᠵᠣᠷᠢᠭᠤᠳᠠ ᠪᠡᠯᠡᠳᠬᠡᠭᠰᠡᠨ ᠰᠡᠦᠬᠡ ᠲᠡᠷᠭᠡᠨ ᠳ᠋ᠡᠭᠡᠨ ᠰᠢᠪᠡᠭᠴᠢᠨ ᠡᠮ᠎ᠡ ᠪᠡᠷ ᠲᠦᠰᠢᠭᠦᠯᠦᠨ ᠰᠠᠭᠤᠪᠠ᠃
— ᠡᠷᠬᠡ ᠲᠠᠩᠬᠢ ᠬᠠᠳᠣᠨᠲᠠᠨ ᠬᠠᠮᠢᠭᠠᠰᠢ ᠪᠠᠨ ᠮᠣᠷᠢᠯᠠᠬᠤ ᠶᠤᠮ ᠪᠣᠢ? ᠠᠷᠠᠢ ᠲᠤᠯᠤᠯᠳᠤᠭᠠᠨ ᠤ᠋ ᠁
— ᠲᠡᠢᠮᠦ ᠠ᠋᠃ ᠢᠷᠡᠭᠦᠯ ᠲᠤᠯᠤᠯᠳᠤᠭᠠᠨ ᠦᠵᠡᠬᠦ ᠶᠦᠮ ᠭᠡᠨ᠎ᠡ᠃
—ᠴᠢᠰᠤ ᠬᠠᠷᠠᠵᠤ ᠶᠠᠭᠠᠬᠢᠬᠤ ᠭᠡᠪᠡ᠃ ᠮᠣᠷᠢᠳ ᠤ᠋ᠨ ᠬᠥᠯ ᠳ᠋ᠦ᠍ ᠭᠢᠰᠬᠢᠭᠦᠯᠵᠦ ᠮᠡᠳᠡᠬᠦ ᠪᠤᠰᠤ ᠤᠤ?
— ᠨᠢᠭᠡᠯᠡ ᠢᠷᠣ᠎ᠠ ᠶ᠋ᠢᠨ ᠴᠢᠷᠠᠢ᠂ ᠢᠷᠣ᠎ᠠ ᠶ᠋ᠢᠨ ᠨᠢᠳᠦ ᠬᠠᠷᠠᠭᠳᠠᠭᠠᠳ ᠪᠠᠢᠬᠤ ᠶᠤᠮ᠃ ᠰᠡᠭᠦᠯ ᠳ᠋ᠡᠭᠡᠨ ᠲᠤᠯᠤᠯᠳᠤᠭᠠᠨ ᠳ᠋ᠤ᠌ ᠳᠠᠭᠠᠬᠤ ᠮᠠᠭᠠᠳ᠃ ᠬᠠᠭᠠᠨ ᠢᠲᠡᠭᠡᠭᠡᠳ ᠪᠠᠢᠬᠤ ᠶᠤᠮ᠃ᠡᠮᠡᠰ ᠶᠡᠷᠦ ᠨᠢ ᠬᠦᠢᠲᠡᠨ ᠵᠡᠪᠰᠡᠭ ᠡᠴᠡ ᠢᠯᠭᠠᠭ᠎ᠠ ᠦᠭᠡᠢ ᠰᠢᠦ᠂ ᠮᠡᠰᠡ ᠯᠡ ᠭᠡᠰᠡᠨ ᠦᠭᠡ᠃
— ᠬᠠᠷᠢᠨ ᠲᠡᠢᠮᠦ᠃
ᠴᠢᠯᠠᠭᠤᠨ ᠤ᠋ ᠵᠠᠢ ᠵᠠᠪᠰᠠᠷ ᠢ᠋ᠶ᠋ᠠᠷ ᠡᠪᠡᠰᠦ ᠰᠦᠪᠡᠯᠡᠵᠡᠢ᠃ ᠬᠣᠶᠠᠷ ᠲᠠᠯ᠎ᠠ ᠶ᠋ᠢᠨ ᠮᠣᠷᠢᠲᠠᠨ ᠬᠥᠬᠡ ᠰᠥᠨᠢ ᠶ᠋ᠢᠨ ᠲᠤᠯᠤᠯᠳᠤᠭᠠᠨ ᠶᠠᠭᠠᠬᠢᠵᠤ ᠲᠡᠭᠦᠰᠬᠦ ᠶ᠋ᠢ ᠮᠡᠳᠡᠬᠦ ᠦᠭᠡᠢ ᠪᠠᠢᠯ᠎ᠠ᠃ ᠣᠮᠣᠭᠯᠠᠩ ᠬᠦᠯᠦᠭ ᠮᠣᠷᠢᠳ ᠤ᠋ᠨ ᠰᠠᠮᠰᠠ ᠰᠠᠷᠲᠠᠯᠵᠠᠨ᠂ ᠰᠢᠭᠦᠰᠦ ᠶᠡᠬᠡᠲᠡᠢ ᠨᠣᠭᠣᠭᠠᠨ ᠳ᠋ᠤ᠌ ᠴᠠᠳᠬᠣᠯᠳᠣᠭᠰᠠᠨ ᠲᠤᠯᠠ ᠪᠠᠭᠴᠠ ᠪᠠᠭᠴᠠ ᠰᠢᠳᠡᠯᠡᠨᠡ᠃ ᠭᠣᠣᠯ ᠤ᠋ᠨ ᠬᠠᠢᠷᠭᠠᠲᠦ ᠬᠥᠨᠳᠡᠢ ᠳ᠋ᠦ᠍ ᠮᠠᠨᠠᠨ ᠦᠭᠡᠢ ᠲᠤᠩᠭᠠᠯᠠᠭ ᠠᠲᠠᠯ᠎ᠠ ᠪᠢᠲᠡᠭᠦᠦ ᠬᠥᠬᠡ ᠬᠥᠰᠢᠭᠡ ᠲᠠᠲᠠᠭᠰᠠᠨ ᠤᠴᠢᠷ ᠪᠢᠲᠡᠭᠦᠯᠢᠭ ᠪᠠᠢᠪᠠ᠃
ᠭᠡᠨᠡᠳᠲᠡ ᠪᠦᠷᠭᠦᠳ ᠬᠠᠭᠰᠢᠵᠤ ᠴᠣᠢᠯᠡᠪᠡ᠃ᠡᠮᠨᠢᠭ ᠳᠣᠭᠰᠢᠨ ᠪᠦᠷᠭᠦᠳ ᠦ᠋ᠨ ᠬᠦᠵᠦᠭᠦᠨ ᠡᠴᠡ ᠣᠯᠣᠰᠣ ᠮᠡᠲᠦ ᠲᠣᠮᠣᠰᠤᠨ ᠤᠷᠭᠤᠮᠠᠯ ᠢ᠋ ᠲᠣᠰᠣ ᠪᠠᠷ ᠳᠤᠰᠤᠯᠠᠵᠤ ᠵᠡᠭᠦᠵᠡᠢ᠃ ᠪᠦᠷᠭᠦᠳ ᠦ᠋ᠨ ᠬᠦᠵᠦᠭᠦᠪᠴᠢ ᠶ᠋ᠢᠨ ᠲᠡᠮᠦᠷ ᠭᠠᠷᠠᠬ᠎ᠠ ᠳ᠋ᠤ᠌ ᠣᠯᠣᠰᠣ ᠶ᠋ᠢ ᠵᠠᠩᠭᠢᠳᠤᠭᠰᠠᠨ ᠠᠵᠢ᠃ ᠣᠯᠣᠰᠣᠨ ᠤ᠋ ᠦᠵᠦᠭᠦᠷ ᠲᠦ᠍ ᠭᠠᠯ ᠠᠰᠠᠭᠠᠵᠠᠢ᠃ ᠲᠡᠷᠡ ᠬᠦ᠌ ᠮᠣᠭᠠᠢ ᠮᠡᠲᠦ ᠡᠷᠴᠢᠯᠡᠭᠰᠡᠨ ᠭᠠᠯ ᠣᠢᠷᠠᠳ ᠬᠠᠰᠠᠭ ᠴᠡᠷᠢᠭ ᠦ᠋ᠳ ᠢ᠋ ᠭᠡᠢᠭᠦᠯᠦᠯ᠎ᠡ᠃ ᠳᠠᠬᠢᠭᠠᠳ ᠨᠢᠭᠡ ᠡᠷᠴᠢᠲᠦ ᠪᠦᠷᠭᠦᠳ ᠲᠩᠷᠢ ᠳ᠋ᠦ᠍ ᠴᠣᠢᠯᠠᠯᠠ᠃ ᠬᠣᠶᠠᠷ ᠪᠦᠷᠭᠦᠳ ᠭᠠᠯ ᠢ᠋ᠶ᠋ᠠᠨ ᠡᠷᠭᠢᠯᠳᠦᠭᠦᠯᠦᠨ᠂ ᠬᠠᠭᠰᠢᠵᠤ ᠤᠳᠠᠬᠤ ᠦᠭᠡᠢ ᠴᠢᠰᠤ ᠳᠣᠩᠰᠢᠵᠤ᠂ ᠬᠠᠯᠠᠭᠤᠨ ᠮᠢᠬ᠎ᠠ ᠵᠣᠭᠣᠭᠯᠠᠨ᠎ᠠ ᠭᠡᠮᠡᠨ ᠪᠠᠢᠵᠤ ᠶᠠᠳᠠᠨ ᠡᠷᠭᠢᠯᠳᠦᠬᠦ ᠪᠥᠯᠥᠭᠡ᠃
ᠡᠩᠨᠡᠭᠰᠡᠨ ᠵᠢᠭᠰᠠᠭᠠᠯ ᠠ᠋ᠴᠠ ᠵᠠᠢᠳᠠᠭᠤᠬᠠᠨ ᠪᠠᠢᠭᠰᠠᠨ ᠠᠮᠢᠨᠳᠠᠷ᠎ᠠ ᠬᠠᠳᠣᠨᠲᠠᠨ ᠤ᠋ ᠰᠡᠦᠬᠡ ᠲᠡᠷᠭᠡ ᠶ᠋ᠢ ᠬᠥᠲᠥᠴᠢ ᠬᠥᠲᠥᠯᠦᠭᠰᠡᠭᠡᠷ ᠬᠣᠩ ᠲᠠᠢᠵᠢ ᠶ᠋ᠢᠨ ᠣᠢᠷᠠᠯᠴᠠᠭ᠎ᠠ ᠠᠪᠴᠢᠷᠠᠪᠠ᠃ ᠬᠣᠩ ᠲᠠᠢᠵᠢ ᠡᠷᠭᠢᠵᠦ ᠬᠠᠷᠠᠭᠠᠳ ᠤᠯᠠᠭᠠᠨ ᠰᠠᠬᠠᠯ ᠢ᠋ᠶ᠋ᠠᠨ ᠢᠯᠢᠵᠦ ᠲᠠᠭᠠᠰᠢᠶᠠᠨ᠎ᠠ᠃ ᠠᠮᠢᠨᠳᠠᠷ᠎ᠠ ᠶ᠋ᠢᠨ ᠨᠢᠳᠦᠨ ᠳ᠋ᠦ᠍ ᠬᠥᠨᠳᠡᠢ ᠳᠦᠭᠦᠷᠡᠩ ᠵᠢᠭᠰᠠᠭᠰᠠᠨ ᠢᠳᠡ ᠬᠠᠪᠤ ᠲᠠᠢ ᠣᠮᠣᠭᠯᠠᠩ ᠮᠣᠷᠢ ᠲᠠᠢ᠂ ᠵᠡᠪᠰᠡᠭ ᠠᠭᠰᠠᠭᠰᠠᠨ ᠴᠡᠷᠢᠭ ᠦ᠋ᠳ ᠡᠴᠡ ᠭᠠᠳᠠᠨ᠎ᠠ ᠳᠤᠭᠤᠢ ᠬᠦᠷᠢᠶ᠎ᠡ ᠶ᠋ᠢ ᠭᠡᠷᠡᠯᠲᠦᠭᠦᠯᠦᠨ ᠡᠷᠭᠢᠬᠦ ᠭᠠᠯᠲᠤ ᠪᠦᠷᠭᠦᠳ ᠢᠯᠡᠭᠦᠦ ᠲᠣᠰᠴᠤ ᠪᠠᠢᠯ᠎ᠠ᠃
ᠵᠤᠵᠠᠭᠠᠨ ᠪᠡᠶ᠎ᠡ ᠲᠡᠢ᠂ ᠬᠦ ᠬᠠᠷ᠎ᠠ ᠰᠠᠬᠠᠯ ᠲᠠᠢ᠂ ᠥᠩᠭᠡᠲᠦ ᠨᠢᠳᠦ ᠲᠡᠢ ᠬᠠᠰᠠᠭ ᠤ᠋ᠨ ᠶᠠᠩᠭᠢᠷ ᠰᠤᠯᠲᠠᠨ ᠬᠡᠮᠡᠬᠦ ᠪᠠᠭᠠᠲᠤᠷ ᠡᠷ᠎ᠡ ᠬᠠᠰᠬᠢᠷᠤᠨ᠄
— ᠪᠢ ᠴᠢᠨᠦ ᠲᠣᠯᠣᠭᠠᠢ ᠶ᠋ᠢ ᠥᠷᠢᠳᠡᠰᠦ ᠦᠭᠡᠢ ᠬᠢᠷᠭᠠᠨᠠ᠃ ᠭᠠᠯᠳᠠᠮ᠎ᠠ ᠴᠢᠨᠦ ᠴᠡᠭᠡᠵᠢᠨ ᠦ᠌ ᠴᠢᠰᠤ ᠠᠭᠠᠷ ᠲᠤ᠌ ᠲᠤᠷᠭᠢᠬᠤ ᠶ᠋ᠢ ᠲᠠᠨ ᠤ᠋ ᠣᠢᠷᠠᠳ ᠤ᠋ᠳ ᠦᠵᠡᠬᠦ ᠪᠣᠯᠤᠨ᠎ᠠ ᠭᠡᠮᠡᠨ ᠵᠢᠭᠰᠠᠭᠠᠯ ᠤ᠋ᠨ ᠡᠮᠦᠨᠡᠭᠦᠷ ᠳᠠᠪᠬᠢᠪᠠ᠃
ᠳᠤᠰᠤᠯᠠᠭᠰᠠᠨ ᠰᠤᠷ ᠰᠢᠭ᠋ ᠵᠢᠪᠬᠤᠯᠵᠠᠭᠰᠠᠨ ᠪᠡᠶ᠎ᠡ ᠲᠡᠢ᠂ ᠤᠭᠤᠴᠠᠨ ᠳ᠋ᠠᠭᠠᠨ ᠮᠠᠬᠢᠷ ᠬᠠᠷ᠎ᠠ ᠰᠠᠬᠠᠯ ᠲᠠᠢ᠂ ᠭᠡᠷᠡᠯ ᠴᠠᠬᠢᠯᠠᠭᠰᠠᠨ ᠨᠢᠳᠦ ᠲᠡᠢ᠂ ᠴᠡᠯ ᠵᠠᠯᠠᠭᠤ ᠭᠠᠯᠳᠠᠮ᠎ᠠ ᠪᠠᠭᠠᠲᠤᠷ᠂ ᠶᠠᠩᠭᠢᠷ ᠰᠤᠯᠲᠠᠨ ᠤ᠋ ᠣᠮᠣᠭ ᠢ᠋ ᠳᠠᠷᠤᠬᠤ ᠭᠡᠰᠡᠨ ᠮᠡᠲᠦ ᠥᠨᠳᠥᠷ ᠳᠠᠭᠤ ᠪᠠᠷ᠂
— ᠴᠢᠮᠠᠶ᠋ᠢ ᠪᠢ ᠮᠡᠳᠡᠨ᠎ᠡ᠃ ᠴᠢ ᠰᠥᠰᠥ ᠲᠡᠢ ᠡᠷ᠎ᠡ ᠪᠣᠯᠬᠤ ᠭᠡᠵᠦ ᠪᠤᠤ ᠬᠠᠰᠬᠢᠷ᠃ ᠴᠢᠨᠦ ᠰᠥᠰᠥ ᠴᠢᠯᠠᠭᠤᠵᠢᠭᠰᠠᠨ ᠪᠤᠰᠤ ᠤᠤ᠂ ᠰᠤᠯᠲᠠᠨ ᠴᠢᠮᠠᠶ᠋ᠢ ᠦᠬᠦᠬᠦ ᠶ᠋ᠢᠨ ᠢ᠋ᠶ᠋ᠡᠨ ᠡᠮᠦᠨ᠎ᠡ ᠮᠠᠭᠤ ᠬᠡᠢ ᠪᠡᠨ ᠭᠠᠷᠭᠠᠵᠤ ᠬᠠᠰᠬᠢᠷᠤᠭᠰᠠᠨ ᠳ᠋ᠤ᠌ ᠲᠠᠯᠠᠷᠬᠠᠯ᠎ᠠ᠃ᠴᠢᠨᠦ ᠰᠢᠷᠪᠥᠰᠥ ᠶ᠋ᠢ ᠲᠠᠮᠤᠵᠤ ᠬᠠᠰᠠᠭ ᠴᠡᠷᠢᠭ ᠦ᠋ᠳ ᠢ᠋ ᠳᠡᠭᠦᠵᠢᠯᠡᠵᠦ᠂ ᠬᠠᠰᠠᠭ ᠤ᠋ᠨ ᠬᠡᠭᠦᠷ ᠢ᠋ᠶ᠋ᠡᠷ ᠬᠢᠯᠢ ᠶ᠋ᠢᠨ ᠳᠡᠭᠡᠰᠦ ᠲᠠᠲᠠᠵᠤ ᠴᠡᠭᠡᠷ ᠭᠠᠷᠭᠠᠨ᠎ᠠ ᠭᠡᠯᠡ᠃
ᠣᠢᠷᠠᠳ ᠬᠠᠰᠠᠭ ᠴᠡᠷᠢᠭ ᠦ᠋ᠨ ᠰᠦᠯᠳᠡ᠂ ᠲᠤᠭ ᠭᠬᠢᠷᠢ ᠨᠠᠮᠢᠷᠠᠵᠤ ᠢᠷᠡᠭᠦᠯ ᠳᠣᠯᠣᠭᠠᠨ ᠪᠡᠯᠡᠨ ᠪᠣᠯᠵᠠᠢ᠃ ᠴᠡᠷᠢᠭ ᠦ᠋ᠳ ᠦ᠋ᠨ ᠵᠢᠷᠦᠬᠡ ᠣᠪᠣᠯᠵᠠᠨ ᠪᠠᠢᠭ᠎ᠠ ᠨᠢ ᠮᠡᠳᠡᠷᠡᠭᠳᠡᠨ᠎ᠡ᠃ᠡᠢᠮᠦ ᠳᠣᠯᠣᠭᠠᠨ ᠨᠢ ᠮᠠᠰᠢ ᠰᠢᠳᠤᠷᠭᠤ ᠪᠥᠭᠡᠳ ᠴᠡᠷᠢᠭ ᠦ᠋ᠨ ᠵᠣᠷᠢᠭ ᠵᠢᠷᠦᠬᠡ ᠶ᠋ᠢ ᠬᠥᠪᠴᠢᠯᠡᠵᠦ ᠨᠢᠳᠦᠨ ᠦ᠌ ᠡᠮᠦᠨ᠎ᠡ ᠠᠯᠠᠯᠳᠤᠬᠤ ᠪᠥᠯᠥᠭᠡ᠃
ᠬᠠᠰᠠᠭ ᠤ᠋ᠨ ᠶᠠᠩᠭᠢᠷ ᠰᠤᠯᠲᠠᠨ᠂ ᠣᠢᠷᠠᠳ ᠤ᠋ᠨ ᠭᠠᠯᠳᠠᠮ᠎ᠠ ᠪᠠᠭᠠᠲᠤᠷ ᠬᠣᠶᠠᠷ ᠲᠤᠯᠤᠯᠳᠤᠬᠤ ᠪᠠᠷ ᠬᠠᠰᠬᠢᠷᠤᠯᠳᠤᠨ᠎ᠠ᠃ ᠶᠠᠩᠭᠢᠷ ᠰᠤᠯᠲᠠᠨ ᠬᠠᠷ᠎ᠠ ᠮᠣᠷᠢ ᠲᠠᠢ᠂ ᠭᠠᠯᠳᠠᠮ᠎ᠠ ᠪᠠᠭᠠᠲᠤᠷ ᠰᠢᠷᠭ᠎ᠠ ᠮᠣᠷᠢ ᠲᠠᠢ ᠪᠠᠢᠯ᠎ᠠ᠃ ᠢᠯᠳᠦ ᠬᠠᠷᠰᠢᠵᠤ ᠬᠠᠯᠵᠠ ᠳᠣᠯᠣᠭᠠᠨ ᠡᠬᠢᠯᠡᠪᠡ᠃ ᠭᠣᠣᠯ ᠤ᠋ᠨ ᠬᠥᠨᠳᠡᠢ ᠶ᠋ᠢᠨ ᠴᠢᠯᠠᠭᠤ ᠰᠦᠪᠡᠯᠡᠭᠰᠡᠨ ᠨᠣᠭᠣᠭᠠᠨ ᠳᠤᠮᠳᠠ ᠬᠣᠶᠠᠷ ᠮᠣᠷᠢᠲᠠᠨ ᠪᠠᠭᠠᠲᠤᠷ ᠬᠦᠴᠦ ᠴᠢᠳᠠᠯ᠂ ᠢᠳᠡ ᠬᠠᠪᠤ ᠪᠠᠨ ᠦᠵᠡᠯᠴᠡᠨ ᠲᠤᠯᠤᠯᠳᠤᠵᠤ ᠪᠠᠢᠯ᠎ᠠ᠃ ᠬᠦᠴᠦ ᠲᠡᠩᠴᠡᠭᠦᠦ ᠠᠵᠢ᠃ ᠬᠡᠨ ᠨᠢ ᠬᠡᠨ ᠢ᠋ ᠪᠡᠨ ᠶᠠᠳᠠᠨ ᠲᠠᠢᠯᠵᠤ᠂ ᠠᠮᠢᠨ ᠭᠣᠣᠯ ᠢ᠋ ᠨᠢ ᠲᠠᠰᠤᠳᠠᠬᠤ ᠶ᠋ᠢ ᠳᠠᠭᠠᠬᠤ ᠲᠤᠩ ᠪᠡᠷᠬᠡ ᠶᠦᠮ᠃
ᠬᠡᠰᠡᠭ ᠲᠤᠯᠤᠯᠳᠤᠭᠰᠠᠨ ᠤ᠋ ᠡᠴᠦᠰ ᠲᠦ᠍ ᠶᠠᠩᠭᠢᠷ ᠰᠤᠯᠲᠠᠨ᠂ ᠭᠠᠯᠳᠠᠮ᠎ᠠ ᠪᠠᠭᠠᠲᠤᠷ ᠬᠣᠶᠠᠭᠤᠯᠠ ᠥᠪᠡᠷᠰᠡᠳ ᠦ᠋ᠨ ᠴᠡᠷᠢᠭ ᠡᠷᠡᠰ ᠦ᠋ᠨ ᠡᠮᠦᠨᠡᠭᠦᠷ ᠬᠥᠨᠳᠡᠯᠢᠳᠦᠨ ᠬᠠᠷᠬᠢᠭᠣᠯᠵᠣ ᠪᠠᠢᠭᠰᠠᠨ ᠢ᠋ᠶ᠋ᠠᠨ ᠬᠣᠶᠠᠷ ᠲᠠᠯ᠎ᠠ ᠠ᠋ᠴᠠ ᠬᠠᠷ᠎ᠠ ᠬᠤᠷᠳᠤ ᠪᠠᠷ ᠢ᠋ᠶ᠋ᠠᠨ ᠳᠣᠪᠲᠣᠯᠤᠨ ᠮᠥᠷᠭᠥᠯᠳᠦᠵᠦ ᠴᠠᠪᠴᠢᠯᠳᠤᠪᠠ᠃ ᠡᠨᠡ ᠡᠭᠡᠵᠡᠭᠲᠡᠢ ᠦᠶ᠎ᠡ ᠳ᠋ᠦ᠍ ᠶᠠᠩᠭᠢᠷ ᠰᠤᠯᠲᠠᠨ ᠤ᠋ ᠳᠤᠭᠤᠯᠠᠭ᠎ᠠ ᠨᠢ ᠬᠠᠩ ᠶᠠᠩᠭᠢᠨ ᠣᠢᠴᠢᠪᠠ᠃ ᠭᠠᠯᠳᠠᠮ᠎ᠠ ᠪᠠᠭᠠᠲᠤᠷ᠂
— ᠪᠠᠭᠤᠵᠤ ᠥᠭ! ᠭᠡᠵᠦ ᠬᠠᠰᠬᠢᠷᠪᠠ᠃ ᠶᠠᠩᠭᠢᠷ ᠰᠤᠯᠲᠠᠨ᠂
— ᠬᠡᠯᠡ ᠪᠡᠨ ᠬᠠᠮᠠᠷ ᠲᠠᠭᠠᠨ ᠬᠦᠷᠭᠡ ᠭᠡᠵᠦ ᠬᠠᠰᠬᠢᠷᠪᠠ᠃
— ᠭᠠᠪᠠᠯᠠ ᠶ᠋ᠢ ᠴᠢᠨᠢ ᠴᠣᠭᠣᠯᠵᠤ ᠣᠷᠬᠢᠨ᠎ᠠ ᠰᠢᠦ᠃
— ᠮᠢᠨᠦ ᠳᠤᠭᠤᠯᠠᠭ᠎ᠠ ᠣᠢᠴᠢᠭᠰᠠᠨ ᠪᠣᠯᠬᠤ ᠠ᠋ᠴᠠ ᠲᠣᠯᠣᠭᠠᠢ ᠪᠦᠲᠦᠨ ᠪᠠᠢᠨ᠎ᠠ᠃ᠮᠠᠯᠠᠭᠠᠢ᠂ ᠲᠣᠯᠣᠭᠠᠢ ᠬᠣᠶᠠᠷ ᠢ᠋ ᠢᠯᠭᠠᠵᠤ ᠲᠣᠩᠭᠣᠰ!
ᠡᠨᠡ ᠦᠶ᠎ᠡ ᠳ᠋ᠦ᠍ ᠭᠠᠯᠳᠠᠮ᠎ᠠ ᠪᠠᠭᠠᠲᠤᠷ ᠳᠤᠭᠤᠯᠠᠭ᠎ᠠ ᠪᠠᠨ ᠠᠪᠴᠤ ᠴᠢᠯᠠᠭᠤᠳᠠᠪᠠ᠃ ᠭᠠᠯᠳᠠᠮ᠎ᠠ ᠪᠠᠭᠠᠲᠤᠷ ᠤ᠋ᠨ ᠳᠤᠭᠤᠯᠠᠭ᠎ᠠ ᠥᠩᠬᠥᠷᠢᠭᠰᠡᠭᠡᠷ ᠶᠠᠩᠭᠢᠷ ᠰᠤᠯᠲᠠᠨ ᠤ᠋ ᠳᠤᠭᠤᠯᠠᠭ᠎ᠠ ᠶ᠋ᠢ ᠬᠠᠩᠭᠢᠲᠠᠯᠠ ᠳᠡᠯᠡᠰᠴᠦ ᠵᠣᠭᠰᠣᠪᠠ᠃
— ᠪᠢᠲᠡᠭᠡᠢ ᠠᠶᠤ᠃ᠪᠢ ᠪᠠᠰᠠ ᠳᠤᠭᠤᠯᠠᠭ᠎ᠠ ᠦᠭᠡᠢ ᠲᠤᠯᠤᠯᠳᠤᠨ᠎ᠠ᠃
— ᠬᠣᠬᠢ ᠴᠢᠨᠢ ᠳᠡ᠃ᠰᠠᠢᠨ ᠳᠤᠷ᠎ᠠ ᠪᠠᠷ ᠢ᠋ᠶ᠋ᠠᠨ ᠳᠤᠭᠤᠯᠠᠭ᠎ᠠ ᠦᠭᠡᠢ ᠪᠣᠯᠤᠨ᠎ᠠ ᠰᠢᠦ ᠳᠡ᠃ ᠴᠢ!
ᠬᠣᠶᠠᠷ ᠪᠠᠭᠠᠲᠤᠷ ᠤ᠋ᠨ ᠳᠣᠯᠣᠭᠠᠨ ᠦᠷᠭᠦᠯᠵᠢᠯᠡᠭᠰᠡᠨ ᠦ᠌ ᠡᠴᠦᠰ ᠲᠦ᠍ ᠭᠠᠯᠳᠠᠮ᠎ᠠ ᠪᠠᠭᠠᠲᠤᠷ᠂
— ᠮᠠᠨ ᠤ᠋ ᠨᠤᠲᠤᠭ ᠲᠤ᠌ ᠥᠩᠭᠡᠯᠵᠡᠵᠦ᠂ ᠰᠢᠨᠤᠭᠰᠠᠨ ᠤ᠋ ᠲᠥᠯᠥᠭᠡ ᠴᠢᠮ᠎ᠠ ᠠ᠋ᠴᠠ ᠨᠡᠬᠡᠵᠦ ᠶᠠᠯ᠎ᠠ ᠠᠰᠠᠭᠤᠵᠤ ᠪᠠᠢᠨ᠎ᠠ ᠭᠡᠪᠡ᠃
ᠭᠠᠯᠳᠠᠮ᠎ᠠ ᠪᠠᠭᠠᠲᠤᠷ᠂ᠶᠠᠩᠭᠢᠷ ᠰᠤᠯᠲᠠᠨ ᠲᠠᠢ ᠳᠤᠬᠤ ᠪᠠᠷ ᠢ᠋ᠶ᠋ᠠᠨ ᠬᠠᠷᠠᠯᠴᠠᠨ᠂ ᠴᠢᠰᠤᠨ ᠥᠰᠢᠶ᠎ᠡ ᠵᠠᠩᠭᠢᠳᠴᠤ ᠠᠮᠢᠰᠬᠤᠭ᠎ᠠ ᠪᠠᠨ ᠳᠠᠷᠤᠨ᠎ᠠ᠃ ᠲᠡᠳᠡᠨ ᠦ᠌ ᠮᠣᠷᠢᠳ ᠡᠷᠭᠢᠴᠡᠨ᠂ᠲᠡᠳᠡ ᠨᠢᠭᠡ ᠨᠢᠭᠡᠨ ᠢ᠋ᠶ᠋ᠡᠨ ᠲᠣᠭᠣᠷᠢᠭ ᠮᠡᠲᠦ ᠡᠷᠭᠢᠯᠳᠦᠨ᠎ᠡ᠃ ᠶᠠᠩᠭᠢᠷ ᠰᠤᠯᠲᠠᠨ ᠴᠢᠰᠤ ᠱᠦᠭᠦᠷᠡᠭᠰᠡᠨ ᠤᠷᠤᠭᠤᠯ ᠢ᠋ᠶ᠋ᠠᠨ ᠳᠣᠯᠢᠶᠠᠵᠤ
— ᠤᠳᠠᠬᠤ ᠦᠭᠡᠢ ᠴᠢ ᠦᠬᠦᠳᠡᠯ ᠪᠣᠯᠵᠤ ᠬᠠᠰᠠᠭ ᠴᠡᠷᠢᠭ ᠦ᠋ᠳ ᠦ᠋ᠨ ᠳᠤᠬᠤᠨ ᠤ᠋ ᠦᠷᠴᠢᠯᠡᠭᠡ ᠶ᠋ᠢ ᠲᠡᠨᠢᠢᠯᠭᠡᠨᠡ᠃ ᠴᠢᠨᠦ ᠨᠢᠳᠦ ᠦᠬᠦᠭᠰᠡᠨ ᠬᠥᠮᠦᠨ ᠦ᠌ ᠬᠢ ᠰᠢᠭ ᠬᠠᠷᠠᠭᠳᠠᠵᠤ ᠪᠠᠢᠨ᠎ᠠ᠃ ᠴᠢᠨᠦ ᠲᠥᠷᠥᠭᠰᠡᠨ ᠪᠠᠭᠤᠴᠠ ᠳᠡᠭᠡᠷ᠎ᠡ ᠬᠣᠭ ᠤ᠋ᠨ ᠡᠪᠡᠰᠦ ᠤᠷᠭᠤᠨ᠎ᠠ ᠭᠡᠯᠡ᠃
ᠭᠡᠨᠡᠳᠲᠡ ᠭᠠᠯᠳᠠᠮ᠎ᠠ ᠪᠠᠭᠠᠲᠤᠷ ᠠᠶᠤᠩᠭ᠎ᠠ ᠴᠠᠬᠢᠯᠭᠠᠨ ᠮᠡᠲᠦ ᠭᠢᠯᠠᠯᠵᠠᠨ ᠳᠠᠭᠠᠷᠢᠵᠤ᠂ᠶᠠᠩᠭᠢᠷ ᠰᠤᠯᠲᠠᠨ ᠤ᠋ ᠭᠠᠪᠠᠯᠠ ᠶ᠋ᠢ ᠬᠡᠯᠡᠭᠰᠡᠨ ᠶᠣᠰᠣᠭᠠᠷ ᠢ᠋ᠶ᠋ᠠᠨ ᠴᠣᠭᠣᠯᠵᠤ ᠣᠷᠬᠢᠬᠤ ᠳ᠋ᠤ᠌ ᠬᠠᠰᠠᠭ ᠴᠡᠷᠢᠭ ᠦ᠋ᠳ ᠦ᠋ᠨ ᠵᠢᠭᠰᠠᠭᠠᠯ ᠲᠦᠳᠡᠭᠡᠨᠡ ᠬᠤᠮᠢᠭᠳᠠᠨ ᠳᠤᠭᠤᠢᠷᠠᠵᠤ ᠲᠡᠭᠦᠨ ᠢ᠋ ᠬᠦᠷᠢᠶᠡᠨ ᠳ᠋ᠡᠭᠡᠨ ᠬᠤᠮᠢᠨ ᠣᠷᠣᠭᠤᠯᠵᠤ ᠣᠳᠤᠯ᠎ᠠ᠃ ᠡᠷᠳᠡᠨᠢᠪᠠᠭᠠᠲᠤᠷ ᠬᠣᠩ ᠲᠠᠢᠵᠢ ᠶ᠋ᠢᠨ ᠴᠡᠷᠢᠭ ᠦ᠋ᠳ ᠮᠤᠭᠠᠢᠪᠴᠢᠯᠠᠨ ᠡᠪᠬᠡᠷᠡᠵᠦ ᠬᠤᠮᠢᠭᠳᠠᠬᠤ ᠳ᠋ᠤ᠌ ᠬᠠᠰᠠᠭ ᠴᠡᠷᠢᠭ ᠦ᠋ᠳ ᠭᠦᠨ ᠰᠠᠢᠷ ᠤᠷᠤᠭᠤ ᠰᠢᠷᠭᠤᠵᠤ ᠪᠠᠢᠯ᠎ᠠ᠃
—ᠦᠯᠳᠡᠨ ᠬᠥᠭᠡᠭᠡᠲᠦᠭᠡᠢ! ᠭᠡᠵᠦ ᠬᠣᠩ ᠲᠠᠢᠵᠢ ᠵᠠᠷᠯᠢᠭ ᠪᠠᠭᠤᠯᠭᠠᠪᠠ᠃
ᠲᠩᠷᠢ ᠳ᠋ᠦ᠍ ᠪᠦᠷᠭᠦᠳ ᠬᠠᠭᠰᠢᠨ᠂ ᠭᠠᠯ ᠢ᠋ᠶ᠋ᠠᠷ ᠭᠡᠷᠡᠯᠲᠦᠭᠦᠯᠦᠨ ᠨᠢᠰᠦᠨ᠎ᠡ᠃ ᠪᠦᠷᠭᠦᠳ ᠴᠢᠯᠠᠭᠤᠨ ᠰᠠᠢᠷ ᠤᠷᠤᠭᠤ ᠱᠤᠩᠭᠤᠨ ᠱᠤᠩᠪᠠᠬᠤ ᠳ᠋ᠤ᠌ ᠲᠡᠭᠦᠨ ᠦ᠌ ᠬᠦᠵᠦᠭᠦᠨ ᠳ᠋ᠦ᠍ ᠵᠡᠭᠦᠯᠲᠡ ᠲᠡᠢ ᠭᠠᠯ ᠤᠯᠠᠯᠵᠠᠨ ᠪᠠᠳᠠᠷᠠᠵᠤ ᠴᠡᠷᠢᠭ ᠦ᠋ᠳ ᠦ᠋ᠨ ᠤᠤᠬᠠᠢ ᠬᠠᠰᠬᠢᠷᠤᠭᠠᠨ ᠳ᠋ᠤ᠌ ᠳᠦᠷᠡᠯᠵᠡᠬᠦ ᠪᠥᠯᠥᠭᠡ᠃ ᠭᠠᠯ ᠤ᠋ᠨ ᠭᠡᠷᠡᠯ ᠳ᠋ᠦ᠍ ᠨᠡᠯᠦᠩᠬᠡᠢ ᠬᠥᠬᠡ ᠲᠩᠷᠢ᠂ ᠪᠠᠷᠠᠭᠠᠨ ᠠᠭᠤᠯᠠᠰ ᠤ᠋ᠨ ᠬᠢᠷ᠎ᠠ ᠰᠡᠭᠥᠳᠡᠷᠲᠡᠨ ᠪᠠᠢᠯ᠎ᠠ᠃ᠨᠠᠮᠤᠷ ᠴᠠᠭ ᠤ᠋ᠨ ᠴᠠᠳᠬᠤᠯᠠᠩ ᠮᠣᠷᠢᠳ ᠢᠯᠳᠦ ᠬᠠᠷᠰᠢᠬᠤ᠂ᠮᠥᠷᠥ ᠡᠴᠡ ᠪᠡᠨ ᠰᠠᠯᠲᠠᠭ᠎ᠠ ᠪᠠᠨ ᠬᠦᠷᠲᠡᠯ᠎ᠡ ᠴᠠᠪᠴᠢᠭᠤᠯᠤᠭᠰᠠᠨ ᠴᠡᠷᠢᠭ ᠦ᠋ᠨ ᠦᠬᠦᠯ ᠦ᠋ᠨ ᠬᠠᠰᠬᠢᠷᠤᠯᠲᠠ ᠳ᠋ᠤ᠌ ᠰᠣᠴᠢᠨ ᠪᠣᠰᠬᠤ ᠠᠵᠢ᠃ ᠲᠤᠯᠤᠯᠳᠤᠭᠠᠨ ᠤᠳᠠᠭᠠᠨ ᠦᠷᠭᠦᠯᠵᠢᠯᠡᠭᠰᠡᠨ ᠦᠭᠡᠢ᠃ᠬᠠᠰᠠᠭ ᠤ᠋ᠨ ᠵᠣᠯᠪᠢᠩ ᠮᠢᠩᠭᠠᠲᠤ ᠪᠤᠲᠠᠷᠠᠨ ᠰᠠᠷᠨᠢᠵᠤ᠂ᠵᠠᠭᠤᠲᠤ ᠵᠠᠭᠤᠲᠤ ᠪᠠᠷ ᠢ᠋ᠶ᠋ᠠᠨ ᠠᠭᠤᠯᠠᠰ ᠤ᠋ᠨ ᠠᠮᠠ ᠰᠠᠯᠠᠭ᠎ᠠ ᠪᠠᠷ ᠲᠠᠷᠬᠠᠵᠤ ᠭᠠᠭᠴᠠ ᠬᠦ᠌ ᠶᠠᠩᠭᠢᠷ ᠰᠤᠯᠲᠠᠨ ᠤ᠋ ᠰᠣᠷᠪᠢᠲᠤ ᠲᠣᠯᠣᠭᠠᠢ ᠶ᠋ᠢ ᠲᠡᠭᠡᠭᠡᠭᠰᠡᠨ ᠵᠠᠭᠤᠲᠤ ᠰᠤᠷᠠᠭ ᠦᠭᠡᠢ ᠪᠣᠯᠵᠠᠢ᠃
ᠰᠡᠦᠬᠡ ᠲᠡᠷᠭᠡᠨ ᠡᠴᠡ ᠠᠮᠢᠨᠳᠠᠷᠡ ᠪᠣᠯᠭᠣᠮᠵᠢᠲᠠᠢ ᠪᠠᠭᠤᠪᠠ᠃ ᠬᠠᠲᠤᠨ ᠭᠤᠩᠬᠠᠯᠵᠠᠨ ᠠᠯᠬᠤᠭᠰᠠᠭᠠᠷ ᠲᠣᠮᠣ ᠲᠣᠮᠣ ᠬᠠᠳᠠ ᠴᠢᠯᠠᠭᠤᠨ ᠤ᠋ ᠵᠠᠢ ᠵᠠᠪᠰᠠᠷ ᠢ᠋ ᠰᠦᠪᠡᠯᠡᠨ ᠥᠨᠳᠥᠷ ᠤᠷᠭᠤᠭᠰᠠᠨ ᠡᠪᠡᠰᠦᠨ ᠦ᠌ ᠴᠠᠭᠠᠭᠤᠷ ᠣᠷᠣᠪᠠ᠃ᠲᠡᠭᠦᠨ ᠦ᠌ ᠠᠷᠤ ᠠ᠋ᠴᠠ ᠪᠠᠷ᠎ᠠ ᠪᠣᠯᠣᠭᠰᠠᠳ ᠨᠢ ᠬᠠᠷᠠᠭᠰᠠᠭᠠᠷ ᠪᠠᠢᠯ᠎ᠠ᠃ᠠᠮᠢᠨᠳᠠᠷ᠎ᠠ᠂ᠡᠷᠳᠡᠨᠢᠪᠠᠭᠠᠲᠤᠷ ᠬᠣᠩ ᠲᠠᠢᠵᠢ ᠶ᠋ᠢᠨ ᠡᠮᠦᠨ᠎ᠡ ᠢᠷᠡᠭᠡᠳ᠂
— ᠭᠠᠯᠲᠤ ᠪᠦᠷᠭᠦᠳ ᠬᠠᠮᠢᠭ᠎ᠠ ᠣᠴᠢᠪᠠ ᠭᠡᠵᠦ ᠠᠰᠠᠭᠤᠪᠠ᠃
— ᠡᠭᠦᠷ ᠲᠡᠭᠡᠨ ᠪᠤᠴᠠᠭᠰᠠᠨ ᠭᠡᠵᠦ ᠬᠠᠭᠠᠨ ᠬᠡᠯᠡᠪᠡ᠃
— ᠡᠭᠦᠷ ᠨᠢ ᠁ ᠭᠡᠲᠡᠯ᠎ᠡ ᠬᠠᠭᠠᠨ ᠦᠭᠡ ᠶ᠋ᠢ ᠨᠢ ᠲᠠᠰᠤᠯᠵᠤ᠂
— ᠣᠢᠷᠠᠳ ᠤ᠋ᠨ ᠶᠡᠬᠡ ᠬᠦᠷᠢᠶ᠎ᠡ ᠭᠡᠮᠡᠨ ᠲᠣᠳᠣᠳᠬᠠᠪᠠ᠃
— ᠠᠮᠢᠨᠳᠠᠷ᠎ᠠ ᠬᠠᠲᠤᠨ ᠬᠠᠮᠢᠭᠠᠰᠢ ᠪᠠᠨ ᠣᠳᠪᠠ?
— ᠬᠠᠳᠠᠨ ᠤ᠋ ᠮᠥᠭᠥ ᠦᠵᠡᠭᠰᠡᠨ ᠪᠢᠯᠡ᠃《ᠬᠠᠳᠠᠨ ᠤ᠋ ᠮᠥᠭᠥ》 ᠭᠡᠮᠡᠨ ᠬᠣᠩ ᠲᠠᠢᠵᠢ ᠶ᠋ᠢ ᠠᠮᠠᠨ ᠳ᠋ᠠᠭᠠᠨ ᠬᠥᠪᠳᠦᠨᠡᠨ ᠥᠭᠦᠯᠡᠬᠦ ᠳ᠋ᠦ᠍ ᠠᠮᠢᠨᠳᠠᠷ᠎ᠠ ᠬᠠᠲᠤᠨ ᠲᠡᠭᠦᠨ ᠦ᠌ ᠰᠢᠷᠦᠭᠦᠨ ᠰᠠᠬᠠᠯ ᠢ᠋ ᠠᠮᠢᠰᠬᠤᠭ᠎ᠠ ᠪᠠᠷ ᠢ᠋ᠶ᠋ᠠᠨ ᠢᠷᠪᠡᠭᠡᠨᠡᠭᠦᠯᠦᠨ ᠣᠢᠷᠠᠳᠴᠤ᠂
— ᠬᠠᠭᠠᠨ ᠲᠠ ᠶᠠᠭᠤᠨ ᠳ᠋ᠤ᠌ ᠢᠩᠭᠢᠲᠡᠯ᠎ᠡ ᠪᠡᠨ ᠡᠷᠡᠭᠡᠯᠵᠡᠪᠡ ᠭᠡᠮᠡᠨ ᠰᠢᠯᠭᠠᠪᠠ᠃ ᠡᠷᠳᠡᠨᠢᠪᠠᠭᠠᠲᠤᠷ ᠬᠣᠩ ᠲᠠᠢᠵᠢ᠂
— ᠮᠥᠭᠥ ᠪᠣᠯ ᠠᠮᠢᠳᠤ ᠤᠷᠭᠤᠮᠠᠯ᠃ᠵᠢᠷᠮᠦᠰᠦᠨ ᠡᠮᠡᠰ ᠰᠠᠪᠠᠨ ᠤ᠋ ᠬᠠᠯᠠᠭᠤᠨ ᠠ᠋ᠴᠠ ᠪᠣᠯᠭᠣᠮᠵᠢᠯᠠᠨ ᠬᠠᠳᠠᠨ ᠤ᠋ ᠮᠥᠭᠥ ᠪᠤᠴᠠᠯᠭᠠᠵᠤ ᠤᠤᠭᠤᠳᠠᠭ ᠶᠤᠮ᠃ᠬᠠᠷᠢᠨ ᠦᠷ᠎ᠡ ᠵᠣᠯᠪᠠᠭᠤᠯᠳᠠᠭ ᠭᠡᠵᠦ ᠰᠣᠨᠣᠰᠤᠭ᠎ᠠ ᠦᠭᠡᠢ ᠪᠢᠯᠡ᠃ ᠬᠠᠲᠤᠨ ᠲᠠᠨ ᠤ᠋ ᠬᠡᠪᠡᠯᠢ ᠳᠤᠩᠰᠢᠵᠤ ᠪᠠᠢᠨ᠎ᠠ ᠤᠤ? ᠭᠡᠪᠡᠰᠦ ᠠᠮᠢᠨᠳᠠᠷ᠎ᠠ ᠬᠠᠲᠤᠨ ᠴᠠᠭᠠᠨ ᠰᠣᠷᠮᠤᠤᠰᠤ ᠪᠠᠨ ᠢᠷᠮᠡᠨ᠂
— ᠨᠠᠮᠠᠶ᠋ᠢ ᠬᠠᠷᠠᠳᠠᠨᠠ ᠤᠤ ᠭᠡᠵᠦ ᠬᠣᠩ ᠲᠠᠢᠵᠢ ᠠ᠋ᠴᠠ ᠠᠰᠠᠭᠤᠵᠠᠢ᠃
ᠶᠠᠮᠠᠷ ᠨᠢᠭᠡᠨ ᠬᠠᠷᠠᠳᠠᠬᠤ ᠶᠠᠭᠤᠮ᠎ᠠ ᠬᠢᠭᠰᠡᠨ ᠤᠴᠢᠷ ᠠ᠋ᠴᠠ ᠠᠮᠢᠨᠳᠠᠷ᠎ᠠ ᠬᠠᠲᠤᠨ ᠡᠷ᠎ᠡ ᠶ᠋ᠢᠨ ᠢ᠋ᠶ᠋ᠡᠨ ᠡᠮᠦᠨ᠎ᠡ ᠨᠣᠮᠣᠬᠠᠨ ᠬᠦᠯᠢᠴᠡᠩᠭᠦᠢ ᠪᠠᠢᠯ᠎ᠠ᠃ ᠬᠣᠩ ᠲᠠᠢᠵᠢ ᠶ᠋ᠢᠨ ᠳᠡᠷᠭᠡᠳᠡ ᠵᠣᠭᠰᠣᠬᠤ ᠠᠮᠢᠨᠳᠠᠷ᠎ᠠ ᠬᠠᠲᠤᠨ ᠳᠣᠶᠢᠬᠠᠨ ᠡᠰᠢ ᠲᠡᠢ ᠬᠣᠩᠬᠣᠨ ᠴᠡᠴᠡᠭ ᠰᠢᠭ ᠠᠵᠢ᠃
ᠬᠣᠩ ᠲᠠᠢᠵᠢ ᠠᠭᠤᠯᠠ ᠶ᠋ᠢᠨ ᠭᠣᠣᠯ ᠤ᠋ᠨ ᠤᠰᠤᠨ ᠳ᠋ᠤ᠌ ᠳᠣᠯᠢᠶᠠᠯᠠᠭᠠᠵᠤ ᠮᠥᠯᠢᠢᠭᠰᠡᠨ ᠬᠠᠳᠠ ᠮᠡᠲᠦ ᠪᠠᠷ᠎ᠠ ᠲᠠᠢ ᠬᠠᠷᠠᠭᠳᠠᠨ᠎ᠠ᠃ᠬᠠᠭᠠᠨ ᠤ᠋ ᠰᠡᠭᠦᠳᠡᠷ ᠲᠦ᠍ ᠬᠡᠳᠦᠢᠪᠡᠷ ᠬᠠᠷᠠᠩᠭᠤᠢ ᠪᠣᠯᠪᠠᠴᠤ ᠠᠮᠢᠨᠳᠠᠷ᠎ᠠ ᠨᠢᠭᠤᠭᠳᠠᠵᠤ ᠪᠠᠢᠯ᠎ᠠ᠃
ᠦᠰᠦᠭ ᠠᠮᠢᠯᠠᠭᠤᠯᠤᠭᠴᠢ᠄ ᠬᠣᠨᠢᠴᠢᠨ ᠴᠠᠰᠤᠨ᠎ᠠ᠂ ᠳ᠂ ᠣᠶᠤᠨᠴᠢᠮᠡᠭ᠂ ᠠ᠊·ᠮᠢᠬᠣᠸᠠᠷ᠂ ᠨᠠ᠊᠂ ᠴᠠᠭᠠᠨ᠂ ᠨᠠᠷᠠᠨᠲᠣᠭᠣᠰ᠂ ᠠᠨᠢᠷ᠂ ᠣᠳᠬᠠᠨᠴᠡᠴᠡᠭ᠂ ᠪᠦᠷᠢᠨᠴᠡᠴᠡᠭ᠂ ᠠ᠊·ᠴᠠᠭᠠᠨ᠂ ᠠᠨᠢᠷ
ᠬᠢᠨᠠᠭᠴᠢ ᠪᠠᠭᠰᠢ᠄ ᠠᠨᠢᠷ᠂ ᠣᠳᠬᠠᠨᠰᠣ᠎ᠠ᠂ ᠨᠠᠷᠠᠨ᠂ ᠲᠣᠳᠣᠭᠡᠷᠡᠯ