ᠠᠪᠢᠶᠠᠨ ᠤ᠋ ᠵᠦᠢ02ᠮᠣᠩᠭᠣᠯ ᠬᠡᠯᠡᠨ ᠦ᠌ ᠡᠭᠡᠰᠢᠭ ᠠᠪᠢᠶᠠᠨ ᠤ᠋ ᠠᠩᠭᠢᠯᠠᠯ
ᠬᠣᠶᠠᠷ ᠮᠣᠩᠭᠣᠯ ᠬᠡᠯᠡᠨ ᠦ᠌ ᠡᠭᠡᠰᠢᠭ ᠠᠪᠢᠶᠠᠨ ᠤ᠋ ᠠᠩᠭᠢᠯᠠᠯ
ᠮᠣᠩᠭᠣᠯ ᠬᠡᠯᠡᠨ ᠦ᠌ ᠡᠭᠡᠰᠢᠭ ᠠᠪᠢᠶ᠎ᠠ ᠶ᠋ᠢ ᠪᠣᠭᠣᠨᠢ ᠡᠭᠡᠰᠢᠭ᠂ ᠤᠷᠲᠤ ᠡᠭᠡᠰᠢᠭ᠂ ᠬᠣᠣᠰ ᠡᠭᠡᠰᠢᠭ ᠭᠡᠵᠦ ᠬᠡᠳᠦᠨ ᠵᠦᠢᠯ ᠢ᠋ᠶ᠋ᠡᠷ ᠠᠩᠭᠢᠯᠠᠨ ᠦᠵᠡᠵᠦ ᠪᠣᠯᠤᠨ᠎ᠠ᠃
(ᠨᠢᠭᠡ) ᠪᠣᠭᠣᠨᠢ ᠡᠭᠡᠰᠢᠭ
ᠤᠩᠰᠢᠬᠤ ᠳ᠋ᠤ᠌ ᠣᠭᠵᠣᠮ ᠲᠣᠳᠣ ᠠᠶᠠᠯᠭᠤ ᠪᠦᠬᠦᠢ ᠡᠭᠡᠰᠢᠭ ᠢ᠋ ᠪᠣᠭᠣᠨᠢ ᠡᠭᠡᠰᠢᠭ ᠭᠡᠨ᠎ᠡ᠃
ᠪᠣᠭᠣᠨᠢ ᠡᠭᠡᠰᠢᠭ ᠨᠢ᠄
1ᠪᠣᠭᠣᠨᠢ ᠡᠭᠡᠰᠢᠭ ᠢ᠋ ᠤᠩᠰᠢᠬᠤ ᠳ᠋ᠤ᠌ ᠦᠷᠭᠦᠯᠵᠢᠯᠡᠬᠦ ᠴᠠᠭ ᠨᠢ ᠤᠷᠲᠤ ᠡᠭᠡᠰᠢᠭ ᠢ᠋ ᠪᠣᠳᠣᠪᠠᠯ ᠬᠠᠷᠢᠴᠠᠩᠭᠤᠢ ᠪᠠᠷ ᠪᠣᠭᠣᠨᠢ ᠪᠠᠢᠳᠠᠭ᠃
2ᠪᠣᠭᠣᠨᠢ ᠡᠭᠡᠰᠢᠭ ᠢ᠋ ᠤᠩᠰᠢᠬᠤ ᠳ᠋ᠤ᠌ ᠦᠭᠡ ᠶ᠋ᠢᠨ ᠨᠢᠭᠡᠳᠦᠭᠡᠷ ᠦᠶ᠎ᠡ ᠡᠴᠡ ᠬᠣᠢᠰᠢ ᠣᠷᠣᠭᠰᠠᠨ ᠪᠣᠭᠣᠨᠢ ᠡᠭᠡᠰᠢᠭ ᠨᠢ ᠪᠠᠯᠠᠷᠬᠠᠢ ᠰᠣᠨᠣᠰᠳᠠᠬᠤ ᠪᠤᠶᠤ ᠶᠠᠷᠢᠶᠠᠨ ᠤ᠋ ᠬᠡᠯᠡᠨ ᠳ᠋ᠦ᠍ ᠭᠡᠭᠡᠭᠳᠡᠬᠦ ᠦᠵᠡᠭᠳᠡᠯ ᠪᠣᠢ᠃
3 ᠪᠣᠭᠣᠨᠢ ᠡᠭᠡᠰᠢᠭ ᠢ᠋ ᠪᠢᠴᠢᠬᠦ ᠳ᠋ᠤ᠌ ᠭᠠᠭᠴᠠ ᠨᠢᠭᠡᠨ ᠡᠭᠡᠰᠢᠭ ᠢ᠋ᠶ᠋ᠡᠷ ᠲᠡᠮᠳᠡᠭᠯᠡᠨ᠎ᠡ᠃
4ᠪᠣᠭᠣᠨᠢ ᠡᠭᠡᠰᠢᠭ ᠨᠢ ᠳᠠᠩ ᠢ᠋ᠶ᠋ᠠᠷ ᠢ᠋ᠶ᠋ᠠᠨ ᠦᠶ᠎ᠡ ᠪᠦᠲᠦᠭᠡᠵᠦ ᠦᠨᠳᠦᠰᠦᠨ ᠠᠪᠢᠶᠠᠨ ᠤ᠋ ᠡᠭᠦᠷᠭᠡ ᠶ᠋ᠢ ᠭᠦᠢᠴᠡᠳᠬᠡᠵᠦ ᠴᠢᠳᠠᠬᠤ ᠵᠡᠷᠭᠡ ᠣᠨᠴᠠᠯᠢᠭ ᠪᠣᠢ᠃
ᠮᠣᠩᠭᠣᠯ ᠬᠡᠯᠡᠨ ᠦ᠌ ᠪᠣᠭᠣᠨᠢ ᠡᠭᠡᠰᠢᠭ ᠨᠢ《ᠠ᠊᠂ ᠡ᠊᠂ ᠢ᠊᠂ ᠣ᠊᠂ ᠤ᠊᠂ ᠥ᠊᠂ ᠦ᠊ 》ᠡᠳᠡᠭᠡᠷ ᠳᠣᠯᠣᠭ᠎ᠠ ᠪᠣᠯᠤᠨ᠎ᠠ᠃
ᠵᠢᠱ᠌ᠢᠶᠡᠯᠡᠪᠡᠯ᠄ ᠠᠷᠠᠳ᠂ ᠲᠦᠮᠡᠨ᠂ ᠡᠬᠡ᠂ ᠣᠷᠣᠨ᠂ ᠡᠪ᠂ ᠬᠠᠮᠲᠤ᠂ ᠠᠵᠢᠯ᠂ ᠶᠠᠪᠤᠳᠠᠯ᠂ ᠨᠣᠮ᠂ ᠪᠢᠴᠢᠭ᠂ᠬᠥᠬᠡ᠂ ᠰᠢᠷ᠎ᠠ᠂ ᠭᠤᠷᠪᠠᠯᠵᠢᠨ᠂ ᠳᠥᠷᠪᠡᠯᠵᠢᠨ᠂ ᠡᠨᠡ᠂ ᠲᠡᠷᠡ᠂ ᠶᠠᠪᠤ ᠣᠴᠢ᠂ ᠦᠵᠡ᠂ ᠰᠤᠷ᠂ ᠨᠢᠭᠡ᠂ ᠬᠣᠶᠠᠷ᠂ ᠲᠠᠪᠤ᠂ ᠨᠠᠢ᠍ᠮᠠ᠂ ᠠᠷᠪᠠ᠂ ᠬᠠᠮᠠᠭᠠᠯᠠᠬᠤ᠂ ᠠᠷᠠᠳᠴᠢᠯᠠᠭᠰᠠᠨ᠂ ᠠᠳᠠᠯᠢᠳᠬᠠᠪᠠᠯ᠂ ᠬᠠᠷᠢᠴᠠᠩᠭᠤᠢ᠂ ᠦᠨᠡᠨ᠂ ᠬᠤᠳᠠᠯ ᠭᠡᠬᠦ ᠮᠡᠲᠦ᠃
(ᠬᠣᠶᠠᠷ) ᠤᠷᠲᠤ ᠡᠭᠡᠰᠢᠭ
ᠤᠩᠰᠢᠬᠤ ᠳ᠋ᠤ᠌ ᠰᠤᠨᠵᠢᠷᠠᠭᠤᠯᠤᠨ ᠤᠳᠠᠭᠠᠨ ᠬᠡᠯᠡᠬᠦ ᠡᠭᠡᠰᠢᠭ ᠢ᠋ ᠤᠷᠲᠤ ᠡᠭᠡᠰᠢᠭ ᠭᠡᠨ᠎ᠡ᠃ ᠤᠷᠲᠤ ᠡᠭᠡᠰᠢᠭ ᠢ᠋ ᠬᠡᠯᠡᠬᠦ ᠳ᠋ᠤ᠌ ᠪᠣᠭᠣᠨᠢ ᠡᠭᠡᠰᠢᠭ ᠲᠡᠢ ᠠᠳᠠᠯᠢᠳᠬᠠᠪᠠᠯ ᠦᠷᠭᠦᠯᠵᠢᠯᠡᠬᠦ ᠴᠠᠭ ᠨᠢ ᠬᠠᠷᠢᠴᠠᠩᠭᠤᠢ ᠪᠠᠷ ᠤᠷᠲᠤ ᠪᠥᠭᠡᠳ ᠦᠭᠡ ᠶ᠋ᠢᠨ ᠠᠯᠢ ᠨᠢᠭᠡᠨ ᠦᠶ᠎ᠡ ᠳ᠋ᠦ᠍ ᠴᠦ᠍ ᠲᠣᠳᠣᠷᠬᠠᠢ ᠰᠣᠨᠣᠰᠳᠠᠨ᠎ᠠ᠃ ᠣᠳᠣ᠂ ᠮᠣᠩᠭᠣᠯ ᠬᠡᠯᠡᠨ ᠳ᠋ᠦ᠍ ᠤᠷᠲᠤ ᠪᠣᠭᠣᠨᠢ ᠡᠭᠡᠰᠢᠭ ᠨᠢ ᠲᠤᠰ ᠲᠤᠰ ᠲᠠᠭᠠᠨ ᠪᠡᠶ᠎ᠡ ᠪᠡᠨ ᠳᠠᠭᠠᠭᠠᠭᠰᠠᠨ ᠦᠨᠳᠦᠰᠦᠨ ᠠᠪᠢᠶ᠎ᠠ ᠪᠣᠯᠵᠤ ᠪᠠᠢᠬᠤ ᠤᠴᠢᠷ ᠤᠷᠲᠤ ᠪᠣᠭᠣᠨᠢ ᠡᠭᠡᠰᠢᠭ ᠊ᠢ ᠬᠠᠷᠢᠯᠴᠠᠨ ᠰᠣᠯᠢᠵᠤ ᠤᠩᠰᠢᠪᠠᠯ ᠤᠤᠯ ᠦᠭᠡ ᠶ᠋ᠢᠨ ᠤᠳᠬ᠎ᠠ ᠨᠢ ᠪᠠᠰᠠ ᠰᠣᠯᠢᠭᠳᠠᠨ᠎ᠠ᠃
ᠵᠢᠱ᠌ᠢᠶᠡᠯᠡᠪᠡᠯ᠄
ᠴᠠᠭᠠᠰᠤ—ᠴᠠᠰᠤ
ᠡᠭᠡᠷᠡᠬᠦ—ᠡᠷᠢᠬᠦ
ᠴᠢᠭᠢᠭ— ᠴᠢᠭ᠌
ᠣᠭᠣᠴᠢᠬᠤ—ᠣᠴᠢᠬᠤ
ᠤᠭᠤᠷᠠᠭ— ᠤᠷᠠᠭ
ᠥᠭᠡᠰᠢ—ᠦᠰᠢ ᠭᠡᠬᠦ ᠮᠡᠲᠦ ᠃
ᠮᠣᠩᠭᠣᠯ ᠬᠡᠯᠡᠨ ᠦ᠌ ᠤᠷᠲᠤ ᠡᠭᠡᠰᠢᠭ ᠨᠢ ᠶᠠᠩᠵᠤ ᠪᠦᠷᠢ ᠶ᠋ᠢᠨ ᠠᠪᠢᠶᠠᠨ ᠤ ᠨᠡᠢᠯᠡᠪᠦᠷᠢ ᠡᠴᠡ ᠪᠣᠢ ᠪᠣᠯᠤᠭᠰᠠᠨ ᠪᠤᠶᠤ ᠵᠠᠷᠢᠮ ᠪᠣᠭᠣᠨᠢ ᠡᠭᠡᠰᠢᠭ ᠊ᠢ ᠰᠤᠨᠵᠤᠷᠠᠭᠤᠯᠤᠨ ᠤᠳᠠᠭᠠᠨ ᠬᠡᠯᠡᠭᠰᠡᠨ ᠡᠴᠡ ᠪᠣᠢ ᠪᠣᠯᠤᠭᠰᠠᠨ ᠶᠤᠮ᠃ ᠡᠢᠮᠦ ᠤᠴᠢᠷ ᠠ᠋ᠴᠠ ᠮᠣᠩᠭᠣᠯ ᠬᠡᠯᠡᠨ ᠦ᠌ ᠤᠷᠲᠤ ᠡᠭᠡᠰᠢᠭ ᠊ᠢ ᠴᠣᠬᠣᠮ ᠶᠠᠮᠠᠷ ᠶᠠᠮᠠᠷ ᠠᠪᠢᠶᠠᠨ ᠤ᠋ ᠨᠡᠢᠯᠡᠪᠦᠷᠢ ᠪᠣᠯᠤᠨ ᠡᠭᠡᠰᠢᠭ ᠦ᠋ᠳ ᠡᠴᠡ ᠪᠦᠷᠢᠯᠳᠦᠭᠰᠡᠨ ᠲᠤᠬᠠᠢ ᠦᠵᠡᠬᠦ ᠬᠡᠷᠡᠭᠲᠡᠢ᠃
1 ᠡᠭᠡᠰᠢᠭ ᠠᠪᠢᠶ᠎ᠠ《ᠠ᠊᠂ ᠡ᠊᠂ ᠢ᠊᠂ ᠣ᠊᠂ ᠤ᠊᠂ ᠥ᠊᠂ ᠦ᠊》 ᠶ᠋ᠢᠨ ᠳᠠᠷᠠᠭ᠎ᠠ ᠣᠷᠣᠭᠰᠠᠨ《᠊ᠭᠠ᠊᠂ ᠬᠡ᠊᠂ ᠬᠢ᠂ ᠊᠊ᠭᠣ᠊᠂ ᠊ᠭᠤ᠊᠂ ᠊ᠬᠥ᠊᠂ ᠊ᠬᠦ᠊》 ᠶ᠋ᠢ《ᠠ᠊》 ᠶ᠋ᠢᠨ ᠠᠢᠮᠠᠭ ᠢ᠋ᠶ᠋ᠠᠷ ᠤᠷᠲᠤᠳᠬᠠᠵᠤ ᠤᠩᠰᠢᠬᠤ ᠪᠣᠢ᠃ ᠡᠭᠦᠨ ᠳ᠋ᠦ᠍᠂
(1)《ᠠ᠊᠂ ᠢ᠊᠂ ᠤ᠊ 〈5〉》 ᠡᠭᠡᠰᠢᠭ ᠦ᠋ᠨ ᠳᠠᠷᠠᠭ᠎ᠠ ᠣᠷᠣᠭᠰᠠᠨ《᠊ᠭᠠ᠊》 ᠶ᠋ᠢ《ᠠ᠊ 》 ᠪᠠᠷ ᠤᠷᠲᠤᠳᠬᠠᠵᠤ ᠤᠩᠰᠢᠨ᠎ᠠ᠃
ᠵᠢᠱ᠌ᠢᠶᠡᠯᠡᠪᠡᠯ᠄ ᠪᠠᠭᠠᠲᠤᠷ᠂ ᠤᠯᠠᠭᠠᠨ᠂ ᠵᠢᠭᠠᠬᠤ᠂ ᠭᠤᠴᠢᠭᠠᠳ᠂ ᠪᠠᠢᠯᠳᠤᠭᠠᠨ᠂ ᠤᠷᠭᠤᠭ᠎ᠠ᠂ ᠵᠣᠪᠠᠭᠠᠬᠤ᠂ ᠳᠠᠭᠠᠭᠠᠳ᠂ ᠰᠤᠷᠤᠭᠠᠳ᠂ ᠠᠪᠤᠭᠠᠳ ᠭᠡᠬᠦ ᠮᠡᠲᠦ᠃
(2)《ᠡ᠊᠂ ᠢ᠊᠂ ᠦ᠊ <7>》 ᠡᠬᠡᠰᠡᠭ ᠦ᠋ᠨ ᠳᠠᠷᠠᠭ᠎ᠠ ᠣᠷᠣᠭᠰᠠᠨ《ᠬᠡ᠊》 ᠶ᠋ᠢ《ᠡ᠊》 ᠪᠠᠷ ᠤᠷᠲᠤᠳᠬᠠᠵᠤ ᠤᠩᠰᠢᠬᠤ ᠪᠣᠢ᠃ ᠵᠢᠱ᠌ᠢᠶᠡᠯᠡᠪᠡᠯ᠄ ᠳᠡᠭᠡᠷ᠎ᠡ᠂ ᠳᠡᠭᠡᠳᠦ᠂ ᠴᠡᠭᠡᠵᠢ᠂ ᠡᠭᠡᠷᠡᠬᠦ᠂ ᠲᠡᠵᠢᠭᠡᠬᠦ᠂ ᠵᠢᠭᠡ᠂ ᠪᠦᠲᠦᠭᠡᠯ᠂ ᠬᠦᠷᠦᠭᠡᠳ᠂ ᠦᠵᠡᠭᠡᠳ᠂ ᠥᠭᠭᠦᠭᠡᠳ᠂ ᠪᠦᠲᠦᠭᠡᠬᠦ᠂ ᠡᠭᠡᠳᠡᠭ᠂ ᠡᠭᠡᠵᠢᠭ᠂ ᠡᠭᠡᠪᠦᠷ ᠡᠭᠡᠯᠵᠢ᠂ ᠡᠮᠡᠭᠡᠯ ᠭᠡᠬᠦ ᠮᠡᠲᠦ᠃
(3)《ᠢ᠊》 ᠡᠭᠡᠰᠢᠭ ᠦ᠋ᠨ ᠳᠠᠷᠠᠭ᠎ᠠ ᠣᠷᠣᠭᠰᠠᠨ《ᠬᠢ》 ᠶ᠋ᠢ《ᠢ᠊》 ᠪᠡᠷ ᠤᠷᠲᠤᠳᠬᠠᠵᠤ ᠤᠩᠰᠢᠬᠤ ᠪᠣᠢ᠃
(4)《ᠣ᠊<4>᠂ ᠢ᠊᠂ ᠠ᠊》 ᠡᠭᠡᠰᠢᠭ ᠦ᠋ᠨ ᠳᠠᠷᠠᠭ᠎ᠠ ᠣᠷᠣᠭᠰᠠᠨ 《᠊ᠭᠤ᠊》᠂《᠊ᠭᠠ᠊》 ᠶ᠋ᠢ《ᠣ᠊<4>》 ᠡᠭᠡᠰᠢᠭ ᠢ᠋ᠶ᠋ᠡᠷ ᠤᠷᠲᠤᠳᠬᠠᠵᠤ ᠤᠩᠰᠢᠬᠤ ᠪᠣᠢ᠃
ᠵᠢᠱ᠌ᠢᠶᠡᠯᠡᠪᠡᠯ᠄ ᠬᠣᠭᠣᠰᠣᠨ᠂ ᠵᠢᠯᠣᠭᠣ᠂ ᠲᠣᠭ᠎ᠠ᠂ ᠬᠣᠷᠢᠭ᠎ᠠ᠂ ᠳᠣᠬᠢᠭᠠᠳ᠂ ᠲᠣᠭᠲᠠᠭᠠᠯ᠂ ᠬᠣᠭᠣᠯᠠ᠂ ᠣᠭᠣᠰᠣᠷ᠂ ᠬᠣᠪᠣᠭᠣ᠂ ᠣᠪᠣᠭ᠎ᠠ᠂ ᠪᠣᠷᠣᠭ᠎ᠠ ᠰᠣᠯᠢᠭᠠᠳ ᠭᠡᠬᠦ ᠮᠡᠲᠦ᠃
(5)《ᠤ᠊<5>᠂ ᠠ᠊᠂ ᠢ᠊》 ᠡᠭᠡᠰᠢᠭ ᠦ᠋ᠨ ᠳᠠᠷᠠᠭ᠎ᠠ ᠣᠷᠣᠭᠰᠠᠨ《᠊ᠭᠤ᠊》 ᠶ᠋ᠢ《ᠤ᠊ <5>》 ᠡᠭᠡᠰᠢᠭ ᠢ᠋ᠶ᠋ᠡᠷ ᠤᠷᠲᠤᠳᠬᠠᠵᠤ ᠤᠩᠰᠢᠬᠤ ᠪᠣᠢ᠃
ᠵᠢᠱ᠌ᠢᠶᠡᠯᠡᠪᠡᠯ᠄ ᠤᠭᠤᠲᠠ᠂ ᠪᠤᠷᠤᠭᠤ᠂ ᠠᠭᠤᠯᠠ᠂ ᠵᠠᠯᠠᠭᠤ᠂ ᠠᠷᠢᠭᠤᠨ᠂ ᠨᠢᠭᠤᠴᠠ᠂ ᠬᠠᠭᠤᠷᠠᠢ᠂ ᠪᠠᠭᠤᠷᠠᠢ᠂ ᠰᠠᠭᠤᠬᠤ᠂ ᠪᠠᠭᠤᠬᠤ᠂ ᠤᠭᠤᠷᠠᠭ ᠭᠡᠬᠦ ᠮᠡᠲᠦ᠃
(6)《ᠥ᠊<6>᠂ ᠢ᠊》 ᠡᠭᠡᠰᠢᠭ ᠦ᠋ᠨ ᠳᠠᠷᠠᠭ᠎ᠠ ᠣᠷᠣᠭᠰᠠᠨ《ᠬᠡ᠊᠂ ᠊ᠭᠥ᠊ 》 ᠶ᠋ᠢ《ᠥ᠊ <6>》
ᠡᠭᠡᠰᠢᠭ ᠶ᠋ᠢᠡᠷ ᠤᠷᠲᠤᠳᠬᠠᠵᠤ ᠤᠩᠰᠢᠬᠤ ᠪᠤᠢ᠃
ᠵᠢᠱ᠌ᠢᠶᠡᠯᠡᠪᠡᠯ᠄ ᠥᠭᠡᠳᠡ᠂ ᠨᠥᠭᠥᠭᠡ᠂ ᠨᠥᠯᠥᠭᠡ᠂ ᠬᠥᠭᠥᠷᠭᠡ᠂ ᠬᠥᠳᠡᠭᠡ᠂ ᠬᠥᠪᠡᠭᠡ᠂ ᠥᠭᠡᠬᠦ᠂ ᠲᠥᠯᠥᠭᠡ᠂ ᠰᠥᠭᠥᠮ᠂ ᠵᠥᠭᠡᠭᠡᠬᠦ᠂ ᠵᠥᠭᠡᠯᠡᠨ᠂ ᠥᠭᠡᠷ᠎ᠡ᠂ ᠥᠭᠡᠳᠡᠩ ᠭᠡᠬᠦ ᠮᠡᠲᠦ᠃
(7)《ᠦ᠊<7>᠂ ᠡ᠊᠂ ᠢ᠊》 ᠡᠭᠡᠰᠢᠭ ᠦ᠋ᠨ ᠳᠠᠷᠠᠭ᠎ᠠ ᠣᠷᠣᠭᠰᠠᠨ《᠊ᠬᠦ᠊᠊》 ᠶ᠋ᠢ《ᠦ᠊<7>》 ᠡᠭᠡᠰᠢᠭ ᠶ᠋ᠢᠡᠷ ᠤᠷᠲᠤᠳᠬᠠᠵᠤ ᠤᠩᠰᠢᠬᠤ ᠪᠤᠢ᠃
ᠵᠢᠱ᠌ᠢᠶᠡᠯᠡᠪᠡᠯ᠄ ᠡᠭᠦᠳᠡ᠂ ᠡᠭᠦᠯᠡ᠂ ᠦᠵᠦᠭᠦᠷ᠂ ᠰᠢᠷᠦᠭᠦᠨ᠂ ᠰᠡᠷᠢᠭᠦᠨ᠂ ᠰᠡᠭᠦᠳᠡᠷ᠂ ᠰᠡᠷᠡᠭᠦᠨ᠂ ᠪᠢᠰᠬᠢᠭᠦᠷ᠂ ᠬᠡᠷᠡᠭᠦᠯ᠂ ᠬᠦᠵᠦᠭᠦᠦ᠂ ᠭᠥᠪᠢᠭᠦᠷ᠂ ᠵᠡᠭᠦᠬᠦ ᠭᠡᠬᠦ ᠮᠡᠲᠦ᠃
2 《ᠢ᠊ — ᠶᠠ᠊》 ᠶ᠋ᠢᠨ ᠨᠡᠶ᠋ᠢᠯᠡᠪᠦᠷᠢ ᠶ᠋ᠢ《ᠠ᠊᠂ ᠡ᠊᠂ ᠣ<4>᠂ ᠥ᠊<6>》 ᠡᠭᠡᠰᠢᠭ ᠶ᠋ᠢᠡᠷ ᠤᠷᠲᠤᠳᠬᠠᠵᠤ ᠤᠩᠰᠢᠬᠤ ᠪᠤᠢ᠃
ᠵᠢᠱ᠌ᠢᠶᠡᠯᠡᠪᠡᠯ᠄ ᠲᠠᠷᠢᠶ᠎ᠠ᠂ ᠲᠤᠰᠢᠶᠠᠯ᠂ ᠬᠠᠰᠢᠶ᠎ᠠ᠂ ᠬᠦᠷᠢᠶ᠎ᠡ᠂ ᠦᠨᠢᠶ᠎ᠡ᠂ ᠬᠡᠮᠵᠢᠶ᠎ᠡ᠂ ᠬᠣᠷᠢᠶ᠎ᠠ᠂ ᠳᠣᠬᠢᠶ᠎ᠠ᠂ ᠬᠤᠷᠰᠢᠶ᠎ᠠ᠂ ᠬᠥᠰᠢᠶ᠎ᠡ᠂ ᠥᠰᠢᠶ᠎ᠡ ᠭᠡᠬᠦ ᠮᠡᠲᠦ᠃
3 《ᠡ᠊ — ᠢ᠊》 ᠶ᠋ᠢᠨ ᠬᠣᠣᠰ ᠡᠭᠡᠰᠢᠭ ᠊ᠢ《ᠢ᠊》 ᠡᠭᠡᠰᠢᠭ ᠶ᠋ᠢᠡᠷ ᠤᠷᠲᠤᠳᠬᠠᠵᠤ ᠤᠩᠰᠢᠬᠤ ᠪᠤᠢ᠃
ᠵᠢᠱ᠌ᠢᠶᠡᠯᠡᠪᠡᠯ᠄ ᠨᠡᠪᠲᠡᠷᠬᠡᠢ᠂ ᠢᠯᠡᠷᠬᠡᠢ᠂ ᠳᠡᠯᠡᠬᠡᠢ᠂ ᠡᠶ᠋ᠢᠮᠦ᠂ ᠲᠡᠶ᠋ᠢᠮᠦ᠂ ᠬᠡᠢ ᠭᠡᠬᠦ ᠮᠡᠲᠦ᠃
4 《ᠢ᠊ — ᠢ᠊》 ᠶ᠋ᠢᠨ ᠳᠠᠪᠬᠤᠷ ᠡᠭᠡᠰᠢᠭ ᠊ᠢ《ᠢ᠊》 ᠡᠭᠡᠰᠢᠭ ᠶ᠋ᠢᠡᠷ ᠤᠷᠲᠤᠳᠬᠠᠵᠤ ᠤᠩᠰᠢᠬᠤ ᠪᠤᠢ᠃
ᠵᠢᠱ᠌ᠢᠶᠡᠯᠡᠪᠡᠯ᠄ ᠬᠤᠵᠢᠢᠬᠤ᠂ ᠰᠢᠢᠳᠪᠦᠷᠢ᠂ ᠳᠠᠯᠢᠢᠬᠤ᠂ ᠳᠠᠯᠵᠢᠢᠬᠤ᠂ ᠥᠯᠵᠡᠢ᠂ ᠥᠯᠵᠡᠶ᠋ᠢᠲᠦ ᠭᠡᠬᠦ ᠮᠡᠲᠦ᠃
5《ᠤ᠊ — ᠊ᠤ᠊ <4>》 ᠶ᠋ᠢᠨ ᠳᠠᠪᠬᠤᠷ ᠡᠭᠡᠰᠢᠭ ᠢ᠋《ᠣ᠊ <4>》ᠡᠭᠡᠰᠢᠭ ᠢ᠋ᠶ᠋ᠡᠷ ᠤᠷᠲᠤᠳᠬᠠᠵᠤ ᠤᠩᠰᠢᠬᠤ ᠪᠣᠢ᠃
ᠵᠢᠱ᠌ᠢᠶᠡᠯᠡᠪᠡᠯ: ᠨᠣᠣᠷᠠᠭ᠂ ᠨᠣᠣᠰᠣ ᠳᠣᠣᠷ᠎ᠠ ᠭᠡᠬᠦ ᠮᠡᠲᠦ᠃
6《ᠤ᠊ — ᠊ᠤ᠊ <5> ᠶ᠋ᠢᠨ ᠳᠠᠪᠬᠤᠷ ᠡᠭᠡᠰᠢᠭ ᠢ᠋《ᠤ᠊ <5>》
ᠡᠭᠡᠰᠢᠭ ᠢ᠋ᠶ᠋ᠡᠷ ᠤᠷᠲᠤᠳᠬᠠᠵᠤ ᠤᠩᠰᠢᠬᠤ ᠪᠣᠢ᠃
ᠵᠢᠱ᠌ᠢᠶᠡᠯᠡᠪᠡᠯ:ᠤᠤᠯ᠂ ᠲᠤᠤᠯᠢ᠂ ᠲᠤᠤᠵᠠ᠂ ᠲᠤᠤᠱᠲᠠᠢ᠂ ᠫᠤᠤ ᠭᠡᠬᠦ ᠮᠡᠲᠦ᠃
7《ᠠ᠊ — ᠊ᠤ᠊》《ᠢ᠊— ᠊ᠤ᠊》 ᠶ᠋ᠢᠨ ᠬᠣᠣᠰ ᠡᠭᠡᠰᠢᠭ ᠢ᠋《ᠤ᠊<5>》ᠡᠭᠡᠰᠢᠭ ᠢ᠋ᠶ᠋ᠡᠷ ᠤᠷᠲᠤᠳᠬᠠᠵᠤ ᠤᠩᠰᠢᠬᠤ ᠪᠣᠢ᠃
ᠵᠢᠱ᠌ᠢᠶᠡᠯᠡᠪᠡᠯ: ᠬᠠᠤᠯᠢ᠂ ᠭᠠᠤᠯᠢ᠂ ᠲᠠᠤᠯᠠᠢ᠂ ᠣᠯᠢᠤ᠂ ᠰᠣᠯᠢᠤ ᠭᠡᠬᠦ ᠮᠡᠲᠦ᠃
8《ᠦ᠊— ᠊ᠤ᠊》 ᠶ᠋ᠢᠨ ᠳᠠᠪᠬᠤᠷ ᠡᠭᠡᠰᠢᠭ ᠊ᠢ 《ᠦ᠊ <7>》ᠡᠭᠡᠰᠢᠭ ᠢ᠋ᠶ᠋ᠡᠷ ᠤᠷᠲᠤᠳᠬᠠᠵᠤ ᠤᠩᠰᠢᠬᠤ ᠪᠣᠢ᠃
ᠵᠢᠱ᠌ᠢᠶᠡᠯᠡᠪᠡᠯ: ᠬᠦᠦ᠂ ᠡᠰᠡᠷᠭᠦᠦ᠂ ᠲᠡᠷᠰᠯᠡᠭᠦᠦ ᠭᠡᠬᠦ ᠮᠡᠲᠦ᠃
9《ᠡ᠊ — ᠊ᠤ᠊》《ᠢ᠊ — ᠊ᠤ᠊》 ᠶ᠋ᠢᠨ ᠬᠣᠣᠰ ᠡᠭᠡᠰᠢᠭ ᠊ᠢ《ᠦ᠊ <7>》ᠡᠭᠡᠰᠢᠭ ᠢ᠋ᠶ᠋ᠡᠷ ᠤᠷᠲᠤᠳᠬᠠᠵᠤ ᠤᠩᠰᠢᠬᠤ ᠪᠣᠢ᠃
ᠵᠢᠱ᠌ᠢᠶᠡᠯᠡᠪᠡᠯ: ᠬᠡᠦᠬᠡᠳ᠂ ᠬᠡᠦᠬᠡᠨ ᠂ ᠲᠡᠦᠬᠡ᠂ ᠪᠢᠰᠢᠦ ᠭᠡᠬᠦ ᠮᠡᠲᠦ᠃
10 ᠬᠣᠶᠠᠷ ᠡᠭᠡᠰᠢᠭ ᠦ᠋ᠨ ᠬᠣᠭᠣᠷᠣᠨᠳᠣᠬᠢ 《᠊᠊ᠭ᠊᠂ ᠊ᠬ᠋᠊᠊᠂ ᠶ᠂ ᠊ᠪ᠊》ᠭᠡᠢᠭᠦᠯᠦᠭᠴᠢ ᠶ᠋ᠢ ᠭᠡᠭᠡᠭᠳᠡᠭᠦᠯᠦᠨ ᠤᠷᠲᠤᠳᠬᠠᠵᠤ ᠤᠩᠰᠢᠵᠤ ᠪᠣᠢ᠃
ᠵᠢᠱ᠌ᠢᠶᠡᠯᠡᠪᠡᠯ᠄ ᠠᠷᠤ ᠪᠠᠷ᠂ ᠲᠠᠯ᠎ᠠ ᠪᠠᠷ᠂ ᠤᠯᠤᠰ ᠢ᠋ᠶ᠋ᠠᠷ᠂᠂ ᠭᠠᠷ ᠢ᠋ᠶ᠋ᠠᠷ᠂ ᠳᠡᠪᠡᠯ᠂ ᠣᠷᠣ ᠪᠠᠨ᠂ ᠭᠠᠷ ᠢ᠋ᠶ᠋ᠠᠨ᠂ ᠭᠡᠷ ᠢ᠋ᠶ᠋ᠡᠨ᠂ ᠮᠣᠳᠣ ᠪᠠᠨ᠂ ᠪᠢᠷ ᠢ᠋ᠶ᠋ᠡᠨ ᠭᠡᠬᠦ ᠮᠡᠲᠦ᠃
11ᠪᠣᠭᠣᠨᠢ ᠡᠭᠡᠰᠢᠭ ᠦ᠋ᠨ ᠳᠠᠷᠠᠭ᠎ᠠ ᠣᠷᠣᠭᠰᠠᠨ ᠬᠠᠭᠠᠰ ᠤᠷᠲᠤ ᠡᠭᠡᠰᠢᠭ ᠢ᠋ ᠤᠷᠲᠤᠳᠬᠠᠵᠤ ᠤᠩᠰᠢᠬᠤ ᠪᠣᠢ᠃
ᠵᠢᠱ᠌ᠢᠶᠡᠯᠡᠪᠡᠯ᠄ ᠴᠠᠭᠠᠨ᠂ ᠶᠠᠭᠠᠨ᠂ ᠠᠭᠠᠷ᠂ ᠭᠠᠷ ᠠ᠋ᠴᠠ᠂ ᠭᠡᠷ ᠡᠴᠡ᠂ ᠨᠥᠬᠥᠳ ᠠ᠋᠂ ᠲᠠᠨ᠎ᠠ᠂ ᠭᠡᠭᠡᠨ᠂ ᠭᠡᠷ᠎ᠡ᠂ ᠠᠷᠠᠳ ᠤ᠋ᠨ᠂ ᠭᠠᠷ ᠢ᠋᠂ ᠲᠠᠨ ᠤ᠋᠂ ᠴᠢᠨᠦ᠂ ᠬᠣᠲᠠ ᠠ᠋ᠴᠠ᠂ ᠣᠯᠠᠨ᠎ᠠ᠂ ᠡᠷᠡᠴᠦᠳ᠂ ᠨᠣᠮ ᠦ᠋ᠳ᠂ ᠭᠡᠷ ᠦ᠋ᠳ᠂ ᠥᠨᠳᠥᠷ ᠡᠴᠡ ᠭᠡᠬᠦ ᠮᠡᠲᠦ᠃
12 ᠡᠭᠡᠰᠢᠭ ᠦᠰᠦᠭ 《ᠠ᠊᠂ ᠡ᠊᠂ ᠢ᠊᠂ ᠤ᠊᠂ ᠤ᠊᠂ ᠥ᠊ ᠦ᠊》 ᠶ᠋ᠢ ᠪᠣᠭᠣᠨᠢ ᠪᠠᠷ ᠪᠢᠴᠢᠭᠡᠳ ᠤᠷᠲᠤᠳᠬᠠᠵᠤ ᠤᠩᠰᠢᠬᠤ ᠪᠣᠢ᠃
ᠵᠢᠱ᠌ᠢᠶᠡᠯᠡᠪᠡᠯ᠄ ᠠᠪᠤ᠂ ᠡᠵᠢ᠂ ᠲᠠ᠂ ᠪᠢ᠂ ᠴᠢ᠂ ᠪᠢᠷ᠂ ᠨᠣᠯᠤᠤᠷ᠂ ᠱᠣ᠋᠂ ᠠᠯᠭᠤᠷ᠂ ᠠᠶᠤᠯ᠂ ᠦ᠂ ᠪᠦ᠋᠂ ᠰᠦ᠋᠂ ᠦᠷ ᠭᠡᠬᠦ ᠮᠡᠲᠦ᠃
ᠮᠣᠩᠭᠣᠯ ᠬᠡᠯᠡᠨ ᠦ᠌ ᠤᠷᠲᠤ ᠡᠭᠡᠰᠢᠭ ᠦ᠋ᠨ ᠪᠦᠷᠢᠯᠳᠦᠭᠰᠡᠨ ᠨᠢ ᠣᠯᠠᠨ ᠶᠠᠩᠵᠤ ᠪᠠᠢᠭ᠎ᠠ ᠪᠣᠯᠪᠠᠴᠤ ᠪᠠᠰᠠ ᠬᠣᠶᠠᠷ ᠡᠭᠡᠰᠢᠭ ᠦ᠋ᠨ ᠳᠤᠮᠳᠠ᠂ ᠣᠷᠣᠭᠰᠠᠨ《᠊ᠭ᠊᠂ ᠭ᠌᠂ ᠶ᠊᠂ ᠪ᠊》 ᠨᠢ ᠭᠡᠭᠡᠭᠳᠡᠵᠦ ᠤᠷᠲᠤ ᠡᠭᠡᠰᠢᠭ ᠪᠣᠯᠤᠭᠰᠠᠨ ᠦᠭᠡᠢ᠂ ᠤᠭ ᠬᠡᠪ ᠢ᠋ᠶ᠋ᠡᠷ ᠢ᠋ᠶ᠋ᠡᠨ ᠪᠠᠢᠭ᠎ᠠ ᠦᠭᠡᠰ ᠣᠳᠣ ᠴᠠᠭ ᠲᠦ ᠪᠠᠰᠠ ᠴᠥᠭᠡᠨ ᠪᠢᠰᠢ ᠪᠠᠢᠬᠤ ᠶ᠋ᠢ ᠠᠩᠬᠠᠷᠬᠤ ᠬᠡᠷᠡᠭᠲᠡᠢ᠃
ᠡᠪᠦᠭᠡᠨ᠂ ᠡᠮᠡᠭᠡᠨ᠂ ᠡᠭᠡᠴᠢ᠂ ᠡᠴᠢᠭᠡ᠂ ᠠᠪᠠᠭ᠎ᠠ᠂ ᠨᠠᠭᠠᠴᠤ᠂ ᠬᠤᠯᠤᠭᠠᠨ᠎ᠠ᠂ ᠬᠤᠷᠠᠭᠠᠨ᠂ ᠬᠠᠷᠭᠠᠨ᠎ᠠ᠂ ᠵᠢᠭᠠᠰᠤ᠂ ᠨᠤᠭᠤᠰᠤ· ᠲᠤᠭᠤᠯ᠂ ᠤᠨᠠᠭ᠎ᠠ᠂ ᠢᠰᠢᠭᠡ᠂ ᠭᠥᠯᠥᠭᠡ᠂ ᠪᠤᠭᠤ᠂ ᠲᠣᠭᠣᠰ᠂ ᠪᠠᠲᠠᠭᠠᠨ᠎ᠠ᠂ ᠵᠤᠯᠵᠠᠭ᠎ᠠ᠂ ᠭᠣᠭᠣᠳ᠂ ᠡᠯᠢᠭᠡ᠂ ᠴᠢᠮᠥᠭᠡ᠂ ᠭᠡᠵᠢᠭᠡ᠂ ᠳᠣᠭᠣᠯᠠᠩ᠂ ᠨᠢᠴᠦᠭᠦᠨ᠂ ᠪᠣᠭᠣᠨᠢ᠂ ᠲᠥᠭᠥᠷᠢᠭ᠂ ᠪᠠᠭ᠎ᠠ᠂ ᠡᠭᠡᠯ᠂ ᠬᠢᠲᠤᠭ᠎ᠠ᠂ ᠠᠶᠠᠭ᠎ᠠ᠂ ᠪᠠᠭᠠᠨ᠎ᠠ᠂ ᠴᠠᠭᠠᠷᠢᠭ᠂ ᠬᠤᠨᠳᠠᠭ᠎ᠠ ᠂ ᠰᠢᠨᠠᠭ᠎ᠠ᠂ ᠪᠥᠮᠪᠥᠭᠡ᠂ ᠪᠠᠭᠠᠵᠢ᠂ ᠬᠥᠰᠢᠭᠡ᠂ ᠶᠠᠲᠤᠭ᠎ᠠ᠂ ᠬᠠᠭᠠᠰ᠂ ᠬᠤᠭᠤᠰ᠂ ᠮᠠᠭᠠᠳ᠂ ᠬᠠᠭᠠᠷᠢ᠂ ᠡᠭᠡᠰᠢᠭ᠂ ᠢᠳᠡᠭᠡᠨ᠂ ᠨᠢᠭᠡ᠂ ᠦᠯᠢᠭᠡᠷ᠂ ᠲᠡᠭᠦᠰ᠂ ᠡᠦ ᠭᠠᠩ ᠢ᠋ᠶ᠋ᠠᠷ ᠭᠡᠬᠦ ᠵᠡᠷᠭᠡ ᠶᠠᠩᠵᠤ ᠪᠦᠷᠢ ᠶ᠋ᠢᠨ ᠨᠡᠷ᠎ᠡ ᠦᠭᠡᠰ ᠪᠠ ᠦᠢᠯᠡ ᠦᠭᠡᠰ ᠨᠢ ᠤᠷᠲᠤᠳᠬᠠᠯ ᠪᠢᠰᠢ ᠶᠤᠮ᠃
(ᠭᠤᠷᠪᠠ) ᠬᠣᠣᠰ ᠡᠭᠡᠰᠢᠭ
ᠮᠣᠩᠭᠣᠯ ᠬᠡᠯᠡᠨ ᠳ᠋ᠦ᠍ ᠨᠢᠭᠡ ᠦᠶ᠎ᠡ ᠶ᠋ᠢ ᠪᠦᠲᠦᠭᠡᠵᠦ ᠪᠠᠢᠭ᠎ᠠ ᠬᠣᠶᠠᠷ ᠥᠭᠡᠷ᠎ᠡ ᠡᠭᠡᠰᠢᠭ ᠊ᠢ ᠬᠣᠣᠰ ᠡᠭᠡᠰᠢᠭ ᠭᠡᠨ᠎ᠡ᠃ ᠬᠣᠣᠰ ᠡᠭᠡᠰᠢᠭ ᠦ᠋ᠨ ᠪᠦᠷᠢᠯᠳᠦᠬᠦᠨ ᠳ᠋ᠦ᠍ ᠪᠠᠭᠲᠠᠭᠰᠠᠨ ᠬᠣᠶᠠᠷ ᠡᠭᠡᠰᠢᠭ ᠦ᠋ᠨ ᠠᠯᠢ ᠨᠢᠭᠡ ᠨᠢ ᠭᠣᠣᠯᠯᠠᠬᠤ ᠡᠭᠡᠰᠢᠭ ᠪᠣᠯᠵᠤ ᠤᠩᠰᠢᠬᠤ ᠳ᠋ᠤ᠌ ᠬᠦᠴᠦᠲᠡᠢ ᠪᠠᠢᠵᠤ ᠨᠥᠭᠦᠭᠡ ᠨᠢ ᠳᠠᠭᠠᠯᠳᠤᠬᠤ ᠡᠭᠡᠰᠢᠭ ᠪᠣᠯᠵᠤ ᠤᠩᠰᠢᠬᠤ ᠳ᠋ᠤ᠌ ᠰᠤᠯᠠᠪᠲᠤᠷ ᠪᠠᠢᠳᠠᠭ᠃ ᠡᠢᠮᠦ ᠤᠴᠢᠷ ᠠ᠋ᠴᠠ ᠮᠣᠩᠭᠣᠯ ᠬᠡᠯᠡᠨ ᠦ᠌ ᠬᠣᠣᠰ ᠡᠭᠡᠰᠢᠭ ᠊ᠢ ᠥᠭᠰᠥᠬᠦ ᠬᠣᠣᠰ ᠪᠠ ᠤᠷᠤᠭᠤᠳᠠᠬᠤ ᠬᠣᠣᠰ ᠭᠡᠵᠦ ᠬᠣᠶᠠᠷ ᠵᠦᠢᠯ ᠢ᠋ᠶ᠋ᠡᠷ ᠬᠤᠪᠢᠶᠠᠨ᠎ᠠ᠃
1ᠤᠷᠤᠭᠤᠳᠠᠬᠤ ᠬᠣᠣᠰ—ᠬᠦᠴᠦᠲᠡᠢ ᠡᠭᠡᠰᠢᠭ ᠢ᠋ᠶ᠋ᠡᠷ ᠡᠬᠢᠯᠡᠭᠡᠳ ᠰᠤᠯᠠ ᠡᠭᠡᠰᠢᠭ ᠢ᠋ᠶ᠋ᠡᠷ ᠲᠡᠭᠦᠰᠴᠦ ᠪᠠᠢᠪᠠᠯ ᠤᠷᠤᠭᠤᠳᠠᠬᠤ ᠬᠣᠣᠰ ᠡᠭᠡᠰᠢᠭ ᠭᠡᠳᠡᠭ᠃ ᠣᠳᠣ ᠮᠣᠩᠭᠣᠯ ᠬᠡᠯᠡᠨ ᠦ᠌ ᠤᠷᠤᠭᠤᠳᠠᠬᠤ ᠬᠣᠣᠰ ᠡᠭᠡᠰᠢᠭ ᠨᠢ《ᠠᠢ᠂ ᠢ᠂ ᠣᠢ᠂ ᠣᠢ᠂ ᠦᠢ》 ᠭᠡᠬᠦ ᠵᠡᠷᠭᠡ ᠪᠠᠢᠨ᠎ᠠ᠃
ᠵᠢᠱ᠌ᠢᠶᠡᠯᠡᠪᠡᠯ᠄ ᠦᠢᠯᠡ᠂ ᠤᠢᠳᠬᠠᠷ᠂ ᠠᠢᠯ᠂ ᠣᠢ᠂ ᠬᠡᠢ ᠬᠦᠢᠲᠡᠨ᠂ ᠲᠤᠢᠯ᠂ ᠲᠣᠢᠮᠣ᠂ ᠠᠢᠮᠠᠭ᠂ ᠣᠢᠮᠣᠰᠤ᠂ ᠲᠣᠳᠣᠷᠬᠠᠢ᠂ ᠳᠡᠯᠭᠡᠷᠡᠩᠭᠦᠢ᠂ ᠬᠤᠷᠢᠶᠠᠩᠭᠤᠢ᠂ ᠬᠦᠯᠢᠴᠡᠩᠭᠦᠢ᠂ ᠡᠷᠡᠭᠲᠡᠢ᠂ ᠡᠮᠡᠭᠲᠡᠢ᠂ ᠪᠠᠶᠠᠷᠲᠠᠢ᠂ ᠵᠢᠪᠬᠤᠯᠠᠩᠲᠠᠢ ᠭᠡᠬᠦ ᠮᠡᠲᠦ᠃
2 ᠥᠭᠰᠥᠬᠦ ᠬᠣᠣᠰ— ᠰᠤᠯᠠ ᠡᠭᠡᠰᠢᠭ ᠢ᠋ᠶ᠋ᠡᠷ ᠡᠬᠢᠯᠡᠭᠡᠳ ᠬᠦᠴᠦᠲᠡᠢ ᠡᠭᠡᠰᠢᠭ ᠢ᠋ᠶ᠋ᠡᠷ ᠲᠡᠭᠦᠰᠴᠦ ᠪᠠᠢᠪᠠᠯ ᠥᠭᠰᠥᠬᠦ ᠬᠣᠣᠰ ᠡᠭᠡᠰᠢᠭ ᠭᠡᠳᠡᠭ᠃ ᠮᠣᠩᠭᠣᠯ ᠬᠡᠯᠡᠨ ᠦ᠌ ᠥᠭᠰᠥᠬᠦ ᠬᠣᠣᠰ ᠡᠭᠡᠰᠢᠭ ᠨᠢ《ᠠᠤ᠂ ᠡᠦ᠂ ᠢᠦ (ᠢ᠊ — ᠊ᠦ᠊᠂ ᠢᠦ (ᠢ᠊—
᠊ᠦ᠋᠊)᠂ ᠊ᠣᠠ ᠂ ᠊ᠤᠸᠠ ( ᠊ᠤ᠊— ᠡ᠊》 ᠭᠡᠬᠦ ᠵᠡᠷᠭᠡ ᠪᠠᠢᠨ᠎ᠠ᠃
ᠵᠢᠱ᠌ᠢᠶᠡᠯᠡᠪᠡᠯ᠄ ᠬᠠᠤᠯᠢ᠂ ᠬᠡᠦᠬᠡᠳ᠂ ᠲᠠᠤᠯᠠᠢ᠂ ᠲᠡᠦᠬᠡ ᠯᠢᠩᠬᠤ᠎ᠠ᠂ ᠭᠤᠸ᠎ᠠ ᠣᠸ᠋ᠠ᠂ ᠴᠢᠨᠣ᠎ᠠ᠂ ᠭᠤᠸ᠎ᠠ᠂ ᠬᠤᠸᠠᠷ᠂ ᠬᠤᠸᠠ᠂ ᠱᠤᠸᠠᠰᠠ᠂ ᠣᠯᠢᠤ᠂ ᠰᠣᠯᠢᠤ᠂ ᠪᠢᠰᠢᠦ ᠭᠡᠬᠦ ᠮᠡᠲᠦ᠃
ᠡᠭᠦᠨ ᠳ᠋ᠦ᠍ ᠮᠣᠩᠭᠣᠯ ᠪᠢᠴᠢᠭ ᠦ᠋ᠨ ᠬᠡᠯᠡᠨ ᠦ᠌《ᠠ᠊ᠤ᠂ᠡᠦ》 ᠶ᠋ᠢᠨ ᠬᠣᠣᠰ ᠡᠭᠡᠰᠢᠭ ᠨᠢ ᠶᠠᠷᠢᠶᠠᠨ ᠤ᠋ ᠬᠡᠯᠡᠨ ᠳ᠋ᠦ᠍ ᠴᠥᠮ ᠤᠷᠲᠤ ᠡᠭᠡᠰᠢᠭ ᠪᠣᠯᠵᠠᠢ᠃ ᠭᠡᠪᠡᠴᠦ ᠪᠢᠴᠢᠬᠦ ᠳ᠋ᠡᠭᠡᠨ ᠪᠠᠰᠠ ᠤᠯᠠᠮᠵᠢᠯᠠᠨ ᠢᠷᠡᠭᠰᠡᠨ ᠵᠠᠩᠰᠢᠯ ᠢ᠋ ᠪᠠᠷᠢᠮᠲᠠᠯᠠᠨ《ᠬᠠᠤᠯᠢ᠂ ᠬᠡᠦᠬᠡᠳ᠂ ᠲᠡᠦᠬᠡ᠂ ᠲᠠᠤᠯᠠᠢ》 ᠭᠡᠬᠦ ᠮᠡᠲᠦ ᠶ᠋ᠢᠨ ᠬᠣᠶᠠᠷ ᠥᠭᠡᠷ᠎ᠡ ᠡᠭᠡᠰᠢᠭ ᠢ᠋ᠶ᠋ᠡᠷ ᠲᠡᠮᠳᠡᠭᠯᠡᠵᠦ ᠪᠠᠢᠬᠤ ᠶ᠋ᠢ ᠠᠩᠬᠠᠷᠬᠤ ᠬᠡᠷᠡᠭᠲᠡᠢ᠃
ᠮᠣᠩᠭᠣᠯ ᠬᠡᠯᠡᠨ ᠦ᠌ ᠬᠣᠣᠰ ᠡᠭᠡᠰᠢᠭ ᠨᠢ ᠦᠭᠡ ᠶ᠋ᠢᠨ ᠠᠯᠢ ᠨᠢᠭᠡᠨ ᠦᠶ᠎ᠡ ᠳ᠋ᠦ᠍ ᠴᠦ᠍ ᠲᠣᠳᠣᠷᠬᠠᠢ ᠰᠣᠨᠣᠰᠳᠠᠬᠤ ᠪᠥᠭᠡᠳ ᠪᠡᠶ᠎ᠡ ᠪᠡᠨ ᠳᠠᠭᠠᠭᠠᠭᠰᠠᠨ ᠦᠨᠳᠦᠰᠦᠨ ᠠᠪᠢᠶ᠎ᠠ ᠪᠣᠯᠤᠨ᠎ᠠ᠃
ᠡᠭᠦᠨ ᠡᠴᠡ ᠭᠠᠳᠠᠨ᠎ᠠ ᠪᠠᠰᠠ ᠮᠣᠩᠭᠣᠯ ᠬᠡᠯᠡᠨ ᠳ᠋ᠦ᠍ ᠬᠣᠶᠠᠷ ᠪᠤᠶᠤ ᠬᠣᠶᠠᠷ ᠠ᠋ᠴᠠ ᠳᠡᠭᠡᠭᠰᠢ ᠲᠣᠭᠠᠨ ᠤ᠋ ᠡᠭᠡᠰᠢᠭ ᠳᠠᠷᠠᠭᠠᠯᠠᠨ ᠣᠷᠣᠭᠠᠳ ᠨᠢᠭᠡ ᠦᠶ᠎ᠡ ᠶ᠋ᠢ ᠪᠦᠲᠦᠭᠡᠵᠦ ᠪᠠᠢᠬᠤ ᠦᠵᠡᠭᠳᠡᠯ ᠪᠣᠢ᠃ ᠡᠨᠡ ᠨᠢ ᠭᠣᠣᠯᠳᠠᠭᠤ ᠵᠢᠭᠡᠯᠡᠯᠭᠡ ᠦᠭᠡᠨ ᠳ᠋ᠦ᠍ ᠬᠡᠷᠡᠭᠯᠡᠵᠦ ᠪᠠᠢᠨ᠎ᠠ᠃
ᠵᠢᠱ᠌ᠢᠶᠡᠯᠡᠪᠡᠯ᠄ ᠵᠦᠸᠠᠢ᠂ ᠳ᠋ᠢᠶᠠᠨ᠂ ᡂᠢ᠂ ᠵᠢᠶᠧ᠂ ᠰᠢᠶᠣᠤ᠂ ᠴᠤᠸᠠᠨ᠂ ᠵᠢᠶᠣᠤ᠂ ᠰᠢᠶᠦ᠋ᠨ᠂ ᠭᠦᠸᠧ᠂ ᠭᠤᠸᠠᠢ᠂ ᠬᠤᠸᠠᠢ᠂ ᠱᠦᠸᠠᠢ᠂ ᠬᠤᠸᠠᠩ ᠭᠡᠬᠦ ᠮᠡᠲᠦ᠃
ᠦᠰᠦᠭ ᠠᠮᠢᠯᠠᠭᠤᠯᠤᠭᠴᠢ᠄ ᠤᠷᠠᠨᠴᠢᠮᠡᠭ᠂ ᠬᠡᠷᠡᠢᠳ· ᠮᠥᠩᠬᠡᠨᠠᠰᠤᠨ᠂ ᠨᠠᠷᠠᠨᠲᠤᠶᠠᠭ᠎ᠠ᠂ ᠬᠡᠯᠡᠰᠣᠶᠣᠯ(ᠪᠤᠤ ᠵᠢᠨ ᠬᠤᠸᠠ)᠂ ᠠᠯᠲᠠᠨᠴᠢᠮᠡᠭ᠂
ᠬᠢᠨᠠᠭᠴᠢ᠄ ᠣᠳᠬᠠᠨᠰᠣ᠎ᠠ᠂ ᠨᠠᠷᠠᠨ᠂ ᠰᠡᠬᠡᠭᠡᠷᠡᠯ᠂ ᠲ· ᠬᠦᠮᠦᠵᠢᠯᠲᠦ
