ᠠᠪᠢᠶᠠᠨ ᠤ᠋ ᠵᠦᠢ01ᠮᠣᠩᠭᠣᠯ ᠬᠡᠯᠡᠨ ᠦ᠌ ᠡᠭᠡᠰᠢᠭ ᠠᠪᠢᠶ᠎ᠠ ᠪᠠ ᠲᠡᠭᠦᠨ ᠢ᠋ ᠲᠡᠮᠳᠡᠭᠯᠡᠬᠦ ᠨᠢ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠢᠶᠠᠨ ᠤ᠋ ᠵᠦᠢ01ᠮᠣᠩᠭᠣᠯ ᠬᠡᠯᠡᠨ ᠦ᠌ ᠡᠭᠡᠰᠢᠭ ᠠᠪᠢᠶ᠎ᠠ ᠪᠠ ᠲᠡᠭᠦᠨ ᠢ᠋ ᠲᠡᠮᠳᠡᠭᠯᠡᠬᠦ ᠨᠢ

ᠠᠪᠢᠶᠠᠨ ᠤ᠋ ᠵᠦᠢ01ᠮᠣᠩᠭᠣᠯ ᠬᠡᠯᠡᠨ ᠦ᠌ ᠡᠭᠡᠰᠢᠭ ᠠᠪᠢᠶ᠎ᠠ ᠪᠠ ᠲᠡᠭᠦᠨ ᠢ᠋ ᠲᠡᠮᠳᠡᠭᠯᠡᠬᠦ ᠨᠢ

ᠠᠩᠭᠢᠯᠠᠯ:ᠬᠡᠯᠡ ᠪᠢᠴᠢᠭ
2025-08-25

767

       ᠮᠣᠩᠭᠣᠯ ᠬᠡᠯᠡᠨ ᠦ᠌ ᠠᠪᠢᠶᠠᠨ ᠤ᠋ ᠵᠦᠢ 
 
   ᠬᠥᠮᠦᠨ ᠲᠥᠷᠥᠯᠬᠢᠲᠡᠨ ᠬᠠᠷᠢᠯᠴᠠᠨ ᠶᠠᠷᠢᠯᠴᠠᠵᠤ᠂ ᠪᠣᠳᠣᠯ ᠰᠠᠨᠠᠯ ᠢ᠋ᠶ᠋ᠠᠨ ᠰᠣᠯᠢᠯᠴᠠᠨ ᠠᠵᠢᠯ ᠦᠢᠯᠡᠰ ᠢ᠋ᠶ᠋ᠡᠨ ᠭᠦᠢᠴᠡᠳᠬᠡᠬᠦ ᠳ᠋ᠡᠭᠡᠨ ᠦᠭᠡ ᠬᠡᠯᠡᠨ ᠦ᠌ ᠡᠷᠬᠡᠲᠡᠨ ᠢ᠋ᠶ᠋ᠡᠷ ᠢ᠋ᠶ᠋ᠡᠨ ᠶᠠᠩᠵᠤ ᠪᠦᠷᠢ ᠶ᠋ᠢᠨ ᠳᠠᠭᠤ ᠠᠶᠠᠯᠭᠤ ᠶ᠋ᠢ ᠭᠠᠷᠭᠠᠵᠤ ᠤᠴᠢᠷ ᠢ᠋ᠶ᠋ᠠᠨ ᠮᠡᠳᠡᠯᠴᠡᠵᠦ ᠪᠠᠢᠳᠠᠭ᠃ ᠡᠨᠡ ᠬᠦ᠌ ᠲᠣᠭᠲᠠᠭᠰᠠᠨ ᠤᠳᠬ᠎ᠠ ᠶ᠋ᠢ ᠢᠯᠡᠳᠬᠡᠵᠦ ᠪᠠᠢᠭ᠎ᠠ ᠳᠠᠭᠤ ᠠᠶᠠᠯᠭᠤ ᠶ᠋ᠢ ᠬᠡᠯᠡᠨ ᠦ᠌ ᠠᠪᠢᠶ᠎ᠠ ᠭᠡᠳᠡᠭ᠃ ᠶᠠᠩᠵᠤ ᠪᠦᠷᠢ ᠶ᠋ᠢᠨ ᠳᠠᠭᠤ ᠠᠪᠢᠶ᠎ᠠ ᠶ᠋ᠢ ᠲᠡᠮᠳᠡᠭᠯᠡᠭᠰᠡᠨ ᠲᠣᠭᠲᠠᠭᠰᠠᠨ ᠲᠡᠮᠳᠡᠭ ᠦᠰᠦᠭ ᠢ᠋ ᠠᠪᠢᠶᠠᠨ ᠤ᠋ ᠦᠰᠦᠭ ᠭᠡᠵᠦ᠂ ᠠᠪᠢᠶ᠎ᠠ ᠶ᠋ᠢᠨ ᠲᠤᠬᠠᠢ ᠪᠣᠯᠤᠨ ᠠᠪᠢᠶᠠᠨ ᠤ᠋ ᠦᠰᠦᠭ ᠦ᠋ᠨ ᠲᠤᠬᠠᠢ ᠰᠤᠳᠤᠯᠬᠤ ᠰᠢᠨᠵᠢᠯᠡᠬᠦ ᠤᠬᠠᠭᠠᠨ ᠢ᠋ ᠠᠪᠢᠶᠠᠨ ᠤ᠋ ᠵᠦᠢ ᠭᠡᠨ᠎ᠡ᠃  

ᠮᠣᠩᠭᠣᠯ ᠬᠡᠯᠡᠨ ᠦ᠌ ᠠᠪᠢᠶ᠎ᠠ ᠦᠰᠦᠭ ᠬᠣᠶᠠᠷ

   ᠮᠣᠩᠭᠣᠯ ᠬᠡᠯᠡᠨ ᠦ᠌ ᠲᠣᠭᠲᠠᠭᠰᠠᠨ ᠤᠳᠬ᠎ᠠ ᠶ᠋ᠢ ᠢᠯᠡᠳᠬᠡᠵᠦ ᠪᠠᠢᠭ᠎ᠠ ᠳᠠᠭᠤ ᠠᠶᠠᠯᠭᠤ ᠶ᠋ᠢ ᠮᠣᠩᠭᠣᠯ ᠬᠡᠯᠡᠨ ᠦ᠌ ᠠᠪᠢᠶ᠎ᠠ ᠭᠡᠳᠡᠭ᠃ ᠮᠣᠩᠭᠣᠯ ᠬᠡᠯᠡᠨ ᠦ᠌ ᠶᠠᠩᠵᠤ ᠪᠦᠷᠢ ᠶ᠋ᠢᠨ ᠳᠠᠭᠤ ᠠᠪᠢᠶ᠎ᠠ ᠶ᠋ᠢ ᠲᠡᠮᠳᠡᠭᠯᠡᠭᠰᠡᠨ ᠲᠣᠭᠲᠠᠭᠰᠠᠨ ᠲᠡᠮᠳᠡᠭ ᠦᠰᠦᠭ ᠢ᠋ ᠮᠣᠩᠭᠣᠯ ᠬᠡᠯᠡᠨ ᠦ᠌ ᠠᠪᠢᠶᠠᠨ ᠤ᠋ ᠦᠰᠦᠭ ᠭᠡᠨ᠎ᠡ᠃ ᠮᠣᠩᠭᠣᠯ ᠬᠡᠯᠡᠨ ᠦ᠌ ᠠᠪᠢᠶᠠᠨ ᠤ᠋ ᠦᠰᠦᠭ ᠢ᠋ ᠡᠭᠡᠰᠢᠭ ᠦᠰᠦᠭ᠂ ᠭᠡᠢᠭᠦᠯᠦᠭᠴᠢ ᠦᠰᠦᠭ᠂ ᠳᠡᠪᠢᠰᠬᠡᠷ ᠦᠰᠦᠭ ᠭᠡᠵᠦ ᠬᠡᠳᠦᠨ ᠵᠦᠢᠯ ᠢ᠋ᠶ᠋ᠡᠷ ᠬᠤᠪᠢᠶᠠᠵᠤ ᠦᠵᠡᠵᠦ ᠪᠣᠯᠤᠨ᠎ᠠ᠃
      
ᠨᠢᠭᠡ᠃ ᠮᠣᠩᠭᠣᠯ ᠬᠡᠯᠡᠨ ᠦ᠌ ᠡᠭᠡᠰᠢᠭ ᠠᠪᠢᠶ᠎ᠠ ᠪᠠ ᠲᠡᠭᠦᠨ ᠢ᠋ ᠲᠡᠮᠳᠡᠭᠯᠡᠬᠦ ᠨᠢ

   ᠥᠭᠦᠯᠡᠬᠦ ᠳ᠋ᠦ᠍ ᠠᠭᠤᠰᠬᠢᠨ ᠡᠴᠡ ᠭᠠᠷᠤᠭᠰᠠᠨ ᠬᠡᠢ ᠶ᠋ᠢᠨ ᠤᠷᠤᠰᠬᠠᠯ ᠥᠴᠦᠬᠡᠨ ᠴᠦ᠍ ᠰᠠᠭᠠᠳ ᠬᠠᠷᠰᠢ ᠲᠣᠬᠢᠶᠠᠯᠳᠤᠬᠤ ᠦᠭᠡᠢ᠂ ᠢᠷᠠᠭᠤ ᠲᠣᠳᠣ ᠪᠠᠷ ᠡᠭᠡᠰᠢᠭᠯᠡᠨ ᠰᠣᠨᠣᠰᠳᠠᠵᠤ ᠪᠠᠢᠭ᠎ᠠ ᠠᠪᠢᠶ᠎ᠠ ᠶ᠋ᠢ ᠡᠭᠡᠰᠢᠭ ᠠᠪᠢᠶ᠎ᠠ ᠭᠡᠨ᠎ᠡ᠃ ᠡᠭᠡᠰᠢᠭ ᠠᠪᠢᠶ᠎ᠠ ᠶ᠋ᠢ ᠲᠡᠮᠳᠡᠭᠯᠡᠭᠰᠡᠨ ᠲᠣᠭᠲᠠᠭᠰᠠᠨ ᠲᠡᠮᠳᠡᠭ ᠦᠰᠦᠭ ᠢ᠋ ᠡᠭᠡᠰᠢᠭ ᠦᠰᠦᠭ ᠭᠡᠳᠡᠭ᠃

       ᠡᠭᠡᠰᠢᠭ ᠦᠰᠦᠭ ᠨᠢ᠄

     1 ᠡᠭᠡᠰᠢᠭ ᠦᠰᠦᠭ ᠢ᠋ ᠤᠩᠰᠢᠬᠤ ᠳ᠋ᠤ᠌ ᠬᠡᠢ ᠶ᠋ᠢᠨ ᠤᠷᠤᠰᠬᠠᠯ ᠬᠠᠷᠰᠢ ᠰᠠᠭᠠᠳ ᠲᠣᠬᠢᠶᠠᠯᠳᠤᠬᠤ ᠦᠭᠡᠢ᠃
     2 ᠡᠭᠡᠰᠢᠭ ᠦᠰᠦᠭ ᠢ᠋ ᠤᠩᠰᠢᠬᠤ ᠳ᠋ᠤ᠌ ᠥᠭᠦᠯᠡᠬᠦ ᠡᠷᠬᠡᠲᠡᠨ ᠨᠡᠢᠳᠡᠮ ᠳ᠋ᠡᠭᠡᠨ ᠴᠢᠩᠭᠠᠷᠠᠳᠠᠭ᠃
     3 ᠡᠭᠡᠰᠢᠭ ᠦᠰᠦᠭ ᠢ᠋ ᠤᠩᠰᠢᠬᠤ ᠳ᠋ᠤ᠌ ᠬᠡᠢ ᠶ᠋ᠢᠨ ᠤᠷᠤᠰᠬᠠᠯ ᠰᠤᠯᠠ ᠳᠥᠯᠭᠡᠬᠡᠨ ᠪᠠᠢᠳᠠᠭ᠃
     4 ᠡᠭᠡᠰᠢᠭ ᠦᠰᠦᠭ ᠢ᠋ ᠤᠩᠰᠢᠬᠤ ᠳ᠋ᠤ᠌ ᠳᠠᠭᠤᠨ ᠤ᠋ ᠬᠥᠪᠴᠢ ᠳᠣᠷᠭᠢᠵᠤ ᠲᠣᠳᠣ ᠴᠢᠯᠥᠭᠡᠲᠡᠢ ᠡᠭᠡᠰᠢᠭᠯᠡᠭᠳᠡᠨ᠎ᠡ᠃
     5 ᠦᠶ᠎ᠡ ᠪᠦᠲᠦᠬᠦ ᠳ᠋ᠦ᠍ ᠡᠭᠡᠰᠢᠭ ᠦᠰᠦᠭ ᠨᠢ ᠢᠮᠠᠭᠲᠠ ᠲᠤᠯᠭᠠᠭᠤᠷᠢ ᠪᠡᠶ᠎ᠡ ᠪᠣᠯᠳᠠᠭ᠃
     6 ᠦᠶ᠎ᠡ ᠪᠦᠲᠦᠬᠦ ᠳ᠋ᠦ᠍ ᠡᠭᠡᠰᠢᠭ ᠦᠰᠦᠭ ᠨᠢ ᠥᠪᠡᠷ ᠦ᠋ᠨ ᠪᠡᠶ᠎ᠡ ᠪᠡᠨ ᠳᠠᠭᠠᠭᠠᠵᠤ ᠦᠶ᠎ᠡ ᠪᠦᠲᠦᠭᠡᠵᠦ ᠴᠢᠳᠠᠳᠠᠭ ᠵᠡᠷᠭᠡ ᠣᠨᠴᠠᠯᠢᠭ ᠪᠣᠢ᠃

ᠡᠭᠡᠰᠢᠭ ᠦᠰᠦᠭ ᠦ᠋ᠨ ᠬᠦᠰᠦᠨᠦᠭ

ᠡᠭᠡᠰᠢᠭ ᠦᠰᠦᠭ ᠳ᠋ᠤᠭᠠᠷ ᠣᠯᠠᠨ ᠤᠯᠤᠰ ‍ᠤᠨ ᠭᠠᠯᠢᠭ ᠴᠢᠨᠠᠷ
ᠠ᠊1aᠴᠢᠩᠭ᠎ᠠ(ᠡᠷ᠎ᠡ)
ᠡ᠊2əᠬᠥᠨᠳᠡᠢ(ᠡᠮ᠎ᠡ)
ᠢ᠊3iᠰᠠᠭᠠᠷᠮᠠᠭ(ᠡᠷᠰᠦ)
ᠣ᠊4ɔᠴᠢᠩᠭ᠎ᠠ(ᠡᠷ᠎ᠡ)
ᠤ᠊5ʊᠴᠢᠩᠭ᠎ᠠ(ᠡᠷ᠎ᠡ)
ᠥ᠊6ɵᠬᠥᠨᠳᠡᠢ(ᠡᠮ᠎ᠡ)
ᠦ᠊7uᠬᠥᠨᠳᠡᠢ(ᠡᠮ᠎ᠡ)
《ᠠ》 ᠡᠭᠡᠰᠢᠭ ᠢ᠋ ᠥᠭᠦᠯᠡᠬᠦ ᠳ᠋ᠦ᠍ ᠠᠮᠠᠨ ᠤ᠋ ᠬᠥᠨᠳᠡᠢ ᠬᠠᠮᠤᠭ ᠤ᠋ᠨ ᠶᠡᠬᠡ ᠪᠡᠷ ᠨᠡᠭᠡᠭᠡᠭᠳᠡᠵᠦ᠂ ᠬᠡᠯᠡ ᠬᠠᠮᠤᠭ ᠤ᠋ᠨ ᠪᠠᠭ᠎ᠠ ᠡᠷᠭᠦᠭᠳᠡᠬᠦ ᠪᠥᠭᠡᠳ ᠬᠡᠯᠡᠨ ᠦ᠌ ᠤᠭ ᠢᠳᠡᠪᠬᠢᠲᠡᠢ ᠣᠷᠣᠯᠴᠠᠨ᠎ᠠ᠃ ᠡᠭᠦᠨ ᠊ᠢ ᠴᠢᠩᠭ᠎ᠠ ᠡᠭᠡᠰᠢᠭ ᠭᠡᠳᠡᠭ᠃
《ᠠ》 ᠡᠭᠡᠰᠢᠭ ᠨᠢ ᠦᠭᠡ ᠶ᠋ᠢᠨ ᠡᠬᠢᠨ ᠳ᠋ᠦ᠍《ᠠ᠊》ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊᠊ᠠ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠠ》᠂《᠎ᠡ》 ᠳᠦᠷᠰᠦ ᠪᠡᠷ ᠪᠢᠴᠢᠭᠳᠡᠨ᠎ᠡ᠃

ᠡᠭᠦᠨ ᠳ᠋ᠦ᠍᠂ ᠴᠠᠴᠤᠯᠭ᠎ᠠ《᠎ᠠ》 ᠶ᠋ᠢ《᠊ᠠ᠂  ᠊ᠯ᠂  ᠊ᠮ᠂  ᠊ᠷ᠂  ᠊ᠭ᠂ ᠢ᠋》 ᠵᠡᠷᠭᠡ ᠦᠰᠦᠭ ᠦ᠋ᠨ ᠳᠠᠷᠠᠭ᠎ᠠ ᠰᠠᠯᠤᠩᠭᠢᠳᠠ ᠪᠢᠴᠢᠵᠦ᠂《ᠪ᠂ ᠫ᠂ ᠹ᠂ ᠺ》 ᠦ᠋ᠨ ᠳᠠᠷᠠᠭ᠎ᠠ ᠠᠴᠤᠭ ᠨᠡᠮᠡᠵᠦ ᠨᠡᠢᠯᠡᠭᠦᠯᠵᠦ ᠪᠢᠴᠢᠨ᠎ᠡ᠃
ᠵᠢᠱ᠌ᠢᠶᠡᠯᠡᠪᠡᠯ᠄ ᠠᠷᠠᠳ᠂ ᠠᠷᠢᠭᠤᠨ᠂ᠠᠭᠤᠤ᠂ ᠠᠴᠢ᠂᠂ ᠨᠠᠷᠠ᠂ ᠰᠠᠷᠠ᠂ ᠪᠠᠲᠤ᠂ ᠬᠠᠲᠠᠭᠤ᠂ ᠬᠠᠳᠠ᠂ ᠬᠣᠯᠠ᠂ ᠶᠠᠪᠤᠴᠠ᠂ ᠲᠤᠰᠠ᠂ ᠪᠠᠭ᠎ᠠ᠂ ᠶᠠᠪᠤᠶ᠎ᠠ᠂ ᠠᠬ᠎ᠠ᠂ ᠭᠠᠷᠤᠯ᠎ᠠ᠂ ᠠᠪᠠ᠂ ᠶᠠᠪᠤᠪᠠ᠂ ᠧᠦ᠋ᠷᠣᠫᠠ᠂ ᠠᠮᠧᠷᠢᠺᠠ ᠭᠡᠬᠦ ᠮᠡᠲᠦ᠃

2. ᠠ᠋ ᠡᠭᠡᠰᠢᠭ

《ᠠ᠋》 ᠡᠭᠡᠰᠢᠭ ᠢ᠋ ᠥᠭᠦᠯᠡᠬᠦ ᠳ᠋ᠦ᠍ ᠠᠮᠠᠨ ᠤ᠋ ᠬᠥᠨᠳᠡᠢ ᠳᠤᠮᠳᠠ ᠵᠡᠷᠭᠡ ᠨᠡᠭᠡᠭᠡᠭᠳᠡᠵᠦ᠂ ᠬᠡᠯᠡᠨ ᠦ᠌ ᠳᠤᠮᠳᠠ ᠡᠲᠡᠭᠡᠳ ᠳᠡᠭᠡᠭᠰᠢ ᠪᠢᠴᠢᠬᠠᠨ ᠡᠷᠭᠦᠭᠳᠡᠨ᠎ᠡ᠃ ᠡᠭᠦᠨ ᠢ᠋ ᠬᠥᠨᠳᠡᠢ ᠡᠭᠡᠰᠢᠭ ᠭᠡᠳᠡᠭ᠃
 《ᠠ᠋》 ᠡᠭᠡᠰᠢᠭ ᠨᠢ ᠦᠭᠡ ᠶ᠋ᠢᠨ ᠡᠬᠢᠨ ᠳ᠋ᠦ᠍ 《ᠡ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊᠊ᠡ᠊᠊ 》᠂《᠊ᠸ》 ᠳᠦᠷᠰᠦ ᠪᠡᠷ ᠪᠢᠴᠢᠭᠳᠡᠵᠦ ᠦᠭᠡ ᠶ᠋ᠢᠨ ᠠᠳᠠᠭ ᠲᠤ᠌《᠊ᠠ》᠂《᠎ᠡ》᠂《᠊ᠸ》 ᠳᠦᠷᠰᠦ ᠪᠡᠷ ᠪᠢᠴᠢᠭᠳᠡᠨ᠎ᠡ᠃
ᠡᠭᠦᠨ ᠳ᠋ᠦ᠍᠂ ᠴᠠᠴᠤᠯᠭ᠎ᠠ《᠎ᠡ》 ᠶ᠋ᠢ《ᠪ᠂ ᠫ᠂ ᠬᠡ᠊᠂ ᠭᠡ᠊ 》 ᠶ᠋ᠢᠨ ᠳᠠᠷᠠᠭ᠎ᠠ ᠠᠴᠤᠭ ᠨᠡᠮᠡᠵᠦ ᠨᠡᠢᠯᠡᠭᠦᠯᠵᠦ ᠪᠢᠴᠢᠨ᠎ᠡ᠃《᠊ᠠ᠂  ᠊ᠯ᠂  ᠊ᠮ᠂  ᠊ᠷ᠂ ᠢ᠋》 ᠶ᠋ᠢᠨ ᠳᠠᠷᠠᠭ᠎ᠠ ᠰᠠᠯᠤᠩᠭᠢᠳᠠ ᠪᠢᠴᠢᠨ᠎ᠡ᠃
ᠵᠢᠱ᠌ᠢᠶᠡᠯᠡᠪᠡᠯ᠄ ᠡᠨᠡ᠂ ᠡᠭᠦᠳᠡ᠂ ᠡᠬᠡ᠂ ᠡᠳ᠋᠂, ᠡᠷᠡᠭᠦᠯ᠂ ᠡᠪᠯᠡᠯ᠂ ᠡᠮᠨᠡᠯᠭᠡ᠂ ᠡᠷᠳᠡᠮ᠂ ᠭᠦᠩᠱᠧ᠂ ᠾᠧ᠂ ᠪᠧᠢ᠂ ᠮᠸᠳᠡᠭ᠂ ᠲᠡᠷᠡ᠂ ᠬᠡᠯᠡ᠂ ᠦᠵᠡ᠂ ᠡᠷᠬᠡ᠂ ᠦᠵᠡᠪᠡ ᠭᠡᠬᠦ ᠮᠡᠲᠦ᠃

3. ᠢ ᠡᠭᠡᠰᠢᠭ

 《ᠢ》 ᠡᠭᠡᠰᠢᠭ ᠢ᠋ ᠥᠭᠦᠯᠡᠬᠦ ᠳ᠋ᠦ᠍ ᠠᠮᠠᠨ ᠤ᠋ ᠬᠥᠨᠳᠡᠢ ᠶ᠋ᠢᠨ ᠨᠡᠭᠡᠭᠡᠭᠳᠡᠬᠦ ᠨᠢ ᠤᠢᠲᠠᠨ ᠪᠣᠯᠵᠤ᠂ ᠬᠡᠯᠡᠨ ᠦ᠌ ᠦᠵᠦᠭᠦᠷ ᠢᠳᠡᠪᠬᠢᠲᠡᠢ ᠣᠷᠣᠯᠴᠠᠨ᠎ᠠ᠃ ᠡᠭᠦᠨ ᠢ᠋ ᠰᠠᠭᠠᠷᠮᠠᠭ ᠡᠭᠡᠰᠢᠭ ᠭᠡᠳᠡᠭ᠃ 

 《ᠢ》 ᠡᠭᠡᠰᠢᠭ ᠨᠢ ᠦᠭᠡ ᠶ᠋ᠢᠨ ᠡᠬᠢᠨ ᠳ᠋ᠦ᠍《ᠢ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠢ᠊》· 《᠊ᠢᠢ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠢ》 ᠳᠦᠷᠰᠦ ᠪᠡᠷ ᠪᠢᠴᠢᠭᠳᠡᠨ᠎ᠡ᠃

ᠡᠭᠦᠨ ᠳ᠋ᠦ᠍᠂ ᠭᠡᠢᠭᠦᠯᠦᠭᠴᠢ ᠪᠠ《ᠥ᠊〈6〉》《ᠦ᠊〈7〉》 ᠡᠭᠡᠰᠢᠭ ᠦ᠋ᠨ ᠳᠠᠷᠠᠭ᠎ᠠ《ᠢ》 ᠡᠭᠡᠰᠢᠭ᠂《᠊᠊ᠢ᠊》 ᠳᠦᠷᠰᠦ ᠪᠡᠷ ᠪᠢᠴᠢᠵᠦ᠂《ᠠ᠂ ᠠ᠋᠂  ᠣ᠊〈4〉᠂  ᠣ᠊〈5〉》 ᠡᠭᠡᠰᠢᠭ ᠦ᠋ᠨ ᠳᠠᠷᠠᠭ᠎ᠠ《᠊ᠢᠢ᠊》 ᠳᠦᠷᠰᠦ ᠪᠡᠷ ᠪᠢᠴᠢᠨ᠎ᠡ᠃ ( ᠰᠢᠯᠪᠢ ᠦᠭᠡᠢ ᠦᠶ᠎ᠡ ᠶ᠋ᠢᠨ ᠳᠠᠷᠠᠭ᠎ᠠ ᠬᠣᠶᠠᠷ ᠰᠢᠯᠪᠢ ᠲᠡᠢ《᠊ᠢᠢ᠊》 ᠶ᠋ᠢ ᠪᠢᠴᠢᠵᠦ᠂ ᠰᠢᠯᠪᠢ ᠲᠡᠢ ᠦᠶ᠎ᠡ ᠶ᠋ᠢᠨ ᠳᠠᠷᠠᠭ᠎ᠠ ᠨᠢᠭᠡ ᠰᠢᠯᠪᠢ ᠲᠡᠢ《᠊ᠢ᠊》 ᠶ᠋ᠢ ᠪᠢᠴᠢᠨ᠎ᠡ᠃)

ᠵᠢᠱ᠌ᠢᠶᠡᠯᠡᠪᠡᠯ᠄ ᠢᠮᠠᠭ᠎ᠠ᠂ ᠢᠯᠠᠭ᠎ᠠ᠂ ᠢᠷᠠᠭᠤ᠂ ᠢᠲᠡᠭᠡᠯ᠂ ᠵᠢᠵᠢᠭ᠂ ᠵᠣᠷᠢᠯᠭ᠎ᠠ᠂ ᠰᠢᠢᠳᠪᠦᠷᠢ᠂ ᠦᠢᠯᠡᠳᠪᠦᠷᠢ᠂ ᠠᠢᠯ᠂ ᠡᠢᠮᠦ᠂ ᠣᠢᠮᠣᠰᠤ᠂ ᠤᠶ᠋ᠢᠳᠬᠠᠷ ; ᠰᠠᠭᠤᠷᠢ᠂ ᠰᠢᠭᠤᠢ᠂ ᠪᠠᠭᠰᠢ᠂ ᠬᠢᠴᠢᠶᠡᠩᠭᠦᠢ ᠭᠡᠬᠦ ᠮᠡᠲᠦ᠃

4.  ᠣ᠊〈4〉ᠡᠭᠡᠰᠢᠭ

《ᠣ᠊》 ᠡᠭᠡᠰᠢᠭ ᠢ᠋ ᠥᠭᠦᠯᠡᠬᠦ ᠳ᠋ᠦ᠍ ᠠᠮᠠᠨ ᠤ᠋ ᠬᠥᠨᠳᠡᠢ ᠶ᠋ᠢᠨ ᠨᠡᠭᠡᠭᠡᠭᠳᠡᠬᠦ ᠬᠡᠮᠵᠢᠶ᠎ᠡ ᠳᠤᠮᠳᠠ ᠵᠡᠷᠭᠡ᠂《 ᠠ》ᠡᠴᠡ ᠪᠠᠭ᠎ᠠ᠃《 ᠠ᠋》 ᠡᠴᠡ ᠶᠡᠬᠡ ᠪᠠᠢᠵᠤ᠂ ᠬᠡᠯᠡᠨ ᠦ᠌ ᠤᠭ ᠡᠷᠭᠦᠭᠳᠡᠨ ᠤᠷᠤᠭᠤᠯ ᠲᠥᠭᠥᠷᠢᠭ ᠬᠡᠯᠪᠡᠷᠢ ᠲᠡᠢ ᠪᠣᠯᠤᠨ᠎ᠠ᠃ ᠡᠭᠦᠨ ᠢ᠋ ᠴᠢᠩᠭ᠎ᠠ ᠡᠭᠡᠰᠢᠭ ᠭᠡᠨ᠎ᠡ᠃

《ᠣ᠊ < ᠊ᠣ᠊ >》 ᠡᠭᠡᠰᠢᠭ ᠨᠢ ᠦᠭᠡ ᠶ᠋ᠢᠨ ᠡᠬᠢᠨ ᠳ᠋ᠦ᠍《ᠣ᠊》 ᠳᠦᠷᠰᠦ ᠪᠡᠷ ᠪᠢᠴᠢᠭᠳᠡᠬᠦ ᠪᠠ ᠦᠭᠡ ᠵᠢᠨ ᠳᠤᠮᠳᠠ《᠊᠊ᠣ᠊》 ᠳᠦᠷᠰᠦ ᠪᠡᠷ ᠪᠢᠴᠢᠭᠳᠡᠵᠦ ᠦᠭᠡ ᠶ᠋ᠢᠨ ᠠᠳᠠᠭ ᠲᠤ᠌《᠊᠊ᠤ》 ᠳᠦᠷᠰᠦ ᠪᠡᠷ ᠪᠢᠴᠢᠭᠳᠡᠨ᠎ᠡ᠃

      ᠡᠭᠦᠨ ᠳ᠋ᠦ᠍᠂ ᠬᠣᠶᠠᠳᠤᠭᠠᠷ ᠦᠶ᠎ᠡ ᠡᠴᠡ ᠬᠣᠢᠰᠢ ᠡᠩ ᠦ᠋ᠨ ᠪᠠᠢᠳᠠᠯ ᠳ᠋ᠤ᠌《ᠣ᠊<4>》 ᠡᠭᠡᠰᠢᠭ ᠣᠷᠣᠬᠤ ᠦᠭᠡᠢ ᠪᠠᠢᠳᠠᠭ ᠪᠢᠯᠡ᠃

ᠵᠢᠱ᠌ᠢᠶᠡᠯᠡᠪᠡᠯ᠄ ᠣᠷᠣᠨ᠂ ᠣᠳᠣ(ᠴᠠᠭ ᠤ᠋ᠨ )᠂ ᠣᠷᠣᠭᠤᠯᠬᠤ᠂ ᠣᠨᠴᠣᠭᠣᠢ ᠭᠡᠬᠦ ᠮᠡᠲᠦ᠃

      5 ᠤ᠊ <5> ᠡᠭᠡᠰᠢᠭ

      《ᠤ᠊<5>》 ᠡᠭᠡᠰᠢᠭ ᠨᠢ ᠥᠭᠦᠯᠡᠬᠦ ᠳ᠋ᠦ᠍ ᠠᠮᠠᠨ ᠤ᠋ ᠬᠥᠨᠳᠡᠢ ᠳᠤᠮᠳᠠ ᠵᠡᠷᠭᠡ ᠨᠡᠭᠡᠭᠡᠭᠳᠡᠵᠦ᠂ ᠬᠡᠯᠡᠨ ᠦ᠌ ᠬᠣᠢᠭᠤᠷᠬᠢ ᠬᠡᠰᠡᠭ ᠢᠳᠡᠪᠬᠢᠲᠡᠢ ᠣᠷᠣᠯᠴᠠᠬᠤ ᠪᠥᠭᠡᠳ ᠤᠷᠤᠭᠤᠯ ᠲᠥᠭᠦᠷᠢᠭᠰᠢᠵᠦ ᠪᠠᠬᠠᠨ ᠱᠣᠪᠣᠢᠨ᠎ᠠ᠃ ᠡᠭᠦᠨ ᠢ᠋ ᠴᠢᠩᠭ᠎ᠠ ᠡᠭᠡᠰᠢᠭ ᠭᠡᠳᠡᠭ᠃ 《ᠤ᠊<5>》 ᠡᠭᠡᠰᠢᠭ ᠨᠢ ᠦᠭᠡ ᠶ᠋ᠢᠨ ᠡᠬᠢᠨ ᠳ᠋ᠦ᠍《ᠤ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠤ᠊》 ᠳᠦᠷᠰᠦ ᠪᠡᠷ ᠪᠢᠴᠢᠭᠳᠡᠵᠦ ᠦᠭᠡ ᠶ᠋ᠢᠨ ᠠᠳᠠᠭ ᠲᠤ᠌《᠊᠊᠊ᠤ》《᠊ᠤ᠋ 》 ᠳᠦᠷᠰᠦ ᠪᠡᠷ ᠪᠢᠴᠢᠭᠳᠡᠨ᠎ᠡ᠃ ᠡᠭᠦᠨ ᠳ᠋ᠦ᠍᠂《ᠣ᠊ <4>》
《ᠤ᠊<5>》 ᠡᠭᠡᠰᠢᠭ ᠨᠢ ᠪᠢᠴᠢᠯᠭᠡ ᠪᠡᠷ ᠠᠳᠠᠯᠢ ᠲᠤᠯᠠ ᠲᠡᠭᠦᠨ ᠢ᠋ ᠤᠳᠬ᠎ᠠ ᠪᠠᠷ ᠨᠢ ᠢᠯᠭᠠᠨ᠎ᠠ᠃
ᠵᠢᠱ᠌ᠢᠶᠡᠯᠡᠪᠡᠯ᠄ ᠤᠷᠠᠨ᠂ ᠤᠷᠲᠤ᠂ ᠪᠣᠯᠪᠠᠰᠤᠷᠠᠯ᠂  ᠰᠣᠶᠣᠯ᠂ ᠠᠰᠠᠭᠤᠳᠠᠯ᠂ ᠤᠰᠤ᠂ ᠲᠠᠪᠤ᠂ ᠶᠠᠪᠤ᠂ ᠺᠢᠨᠣ᠋᠂ ᠤᠷᠭᠤᠬᠤ ᠭᠡᠬᠦ ᠮᠡᠲᠦ᠃

        6 ᠦ<6> ᠡᠭᠡᠰᠢᠭ

《ᠦ<6>》 ᠡᠭᠡᠰᠢᠭ ᠢ᠋ ᠥᠭᠦᠯᠡᠬᠦ ᠳ᠋ᠦ᠍ ᠠᠮᠠᠨ ᠤ᠋ ᠬᠥᠨᠳᠡᠢ ᠳᠤᠮᠳᠠ ᠵᠡᠷᠭᠡ ᠨᠡᠭᠡᠭᠡᠭᠳᠡᠵᠦ᠂ ᠬᠡᠯᠡᠨ ᠦ᠌ ᠳᠤᠮᠳᠠᠭᠤᠷᠬᠢ ᠬᠡᠰᠡᠭ ᠢᠳᠡᠪᠬᠢᠲᠡᠢ ᠣᠷᠣᠯᠴᠠᠨ᠂ ᠤᠷᠤᠭᠤᠯ ᠴᠣᠷᠪᠣᠢᠵᠤ᠃ ᠲᠦᠭᠦᠷᠢᠭᠰᠢᠨ᠎ᠡ᠃ ᠡᠭᠦᠨ ᠢ᠋ ᠬᠥᠨᠳᠡᠢ ᠡᠭᠡᠰᠢᠭ ᠭᠡᠳᠡᠭ᠃
    《ᠥ᠊<6>》 ᠡᠭᠡᠰᠢᠭ ᠨᠢ ᠦᠭᠡ ᠶ᠋ᠢᠨ ᠡᠬᠢᠨ ᠳ᠋ᠦ᠍《ᠥ᠊》ᠳᠦᠷᠰᠦ ᠪᠡᠷ ᠪᠢᠴᠢᠭᠳᠡᠬᠦ ᠪᠠ  ᠦᠭᠡ ᠶ᠋ᠢᠨ ᠳᠤᠮᠳᠠ《᠊ᠤ᠊》᠂《᠊ᠦ᠋᠊ 》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠤ 》《᠊ᠥ᠌》《᠊ᠥ᠋》 ᠳᠦᠷᠰᠦ ᠪᠡᠷ ᠪᠢᠴᠢᠭᠳᠡᠨ᠎ᠡ᠃
      ᠡᠭᠦᠨ ᠳ᠋ᠦ᠍᠂《ᠥ᠊<6>》 ᠡᠭᠡᠰᠢᠭ ᠨᠢ᠂ ᠦᠭᠡ ᠶ᠋ᠢᠨ ᠬᠣᠶᠠᠳᠤᠭᠠᠷ ᠦᠶ᠎ᠡ ᠡᠴᠡ ᠬᠣᠢᠰᠢ ᠲᠣᠬᠢᠶᠠᠯᠳᠤᠬᠤ ᠦᠭᠡᠢ᠃ 
ᠵᠢᠱ᠌ᠢᠶᠡᠯᠡᠪᠡᠯ᠄ ᠥᠪᠥᠷ᠂ ᠥᠪᠡᠷ᠂ ᠤᠷᠲᠤ᠂ ᠥᠷᠭᠡᠨ᠂ ᠥᠨᠳᠥᠷ᠂ ᠥᠮᠥᠳᠥ᠂ ᠰᠥᠰᠥ᠂ ᠮᠥᠷᠭᠥᠬᠦ ᠭᠡᠬᠦ ᠮᠡᠲᠦ᠃

       7 ᠦ<7> ᠡᠭᠡᠰᠢᠭ
  
   《ᠦ᠊<7>》 ᠡᠭᠡᠰᠢᠭ ᠢ᠋ ᠬᠡᠯᠡᠬᠦ ᠳ᠋ᠦ᠍ ᠠᠮᠠᠨ ᠤ᠋ ᠬᠥᠨᠳᠡᠢ ᠳᠤᠮᠳᠠ ᠵᠡᠷᠭᠡ ᠨᠡᠭᠡᠭᠡᠭᠳᠡᠵᠦ᠂ ᠬᠡᠯᠡᠨ ᠦ᠌ ᠳᠤᠮᠳᠠᠭᠤᠷᠬᠢ ᠬᠡᠰᠡᠭ ᠢᠳᠡᠪᠬᠢᠲᠡᠢ ᠣᠷᠣᠯᠴᠠᠨ᠂ ᠤᠷᠤᠭᠤᠯ ᠱᠣᠪᠣᠢᠨ ᠲᠦᠭᠦᠷᠢᠭᠰᠢᠨ᠎ᠡ᠃ ᠡᠭᠦᠨ ᠢ᠋ ᠬᠥᠨᠳᠡᠢ ᠡᠭᠡᠰᠢᠭ ᠭᠡᠳᠡᠭ᠃
  《ᠦ<7>》 ᠡᠭᠡᠰᠢᠭ ᠨᠢ ᠦᠭᠡ ᠶ᠋ᠢᠨ ᠡᠬᠢᠨ ᠳ᠋ᠦ᠍《ᠦ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ 《᠊ᠤ᠊》《᠊ᠦ᠋᠊》ᠳᠦᠷᠰᠦ ᠪᠡᠷ ᠪᠢᠴᠢᠭᠳᠡᠵᠦ᠂ ᠥᠭᠡ ᠶ᠋ᠢᠨ ᠠᠳᠠᠭ ᠲᠤ᠌《᠊ᠤ》《᠊ᠣ᠋》《᠊ᠥ᠋》 ᠳᠦᠷᠰᠦ ᠪᠡᠷ ᠪᠢᠴᠢᠭᠳᠡᠨ᠎ᠡ᠃
ᠡᠭᠦᠨ ᠳ᠋ᠦ᠍᠂《ᠥ᠊ <6>》《ᠦ᠊<7>》 ᠡᠭᠡᠰᠢᠭ ᠨᠢ ᠪᠢᠴᠢᠯᠭᠡ ᠪᠡᠷ ᠠᠳᠠᠯᠢ ᠲᠤᠯᠠ ᠲᠡᠭᠦᠨ ᠦ᠌ ᠤᠳᠬ᠎ᠠ ᠪᠠᠷ ᠨᠢ ᠢᠯᠭᠠᠨ᠎ᠠ᠃
ᠵᠢᠱ᠌ᠢᠶᠡᠯᠡᠪᠡᠯ᠄ ᠦᠭᠡᠢᠭᠦᠦ᠂ ᠦᠷ᠎ᠡ᠂ ᠦᠨᠳᠦᠰᠦ᠂ ᠦᠨᠡᠨ᠂ ᠵᠡᠭᠦᠦ᠂ ᠭᠡᠭᠦᠦ᠂ ᠦᠵᠡᠬᠦ᠂ ᠬᠦᠷᠬᠦ᠂ ᠵᠦᠰᠦᠬᠦ᠂ ᠵᠦᠯᠭᠦᠬᠦ᠂ ᠭᠠᠨᠪᠦ᠋ ᠭᠡᠬᠦ ᠮᠡᠲᠦ᠃

   ᠦᠰᠦᠭ ᠠᠮᠢᠯᠠᠭᠤᠯᠤᠭᠴᠢ᠄ ᠬᠡᠯᠡᠰᠣᠶᠣᠯ(ᠪᠤᠤ ᠵᠢᠨ ᠬᠤᠸᠠ)᠂ ᠠᠯᠲᠠᠨᠴᠢᠮᠡᠭ᠂ ᠤᠷᠠᠨᠴᠢᠮᠡᠭ᠂ ᠨᠠᠷᠠᠨᠲᠤᠶᠠᠭ᠎ᠠ᠂ ᠪᠠᠶᠠᠨᠴᠡᠴᠡᠭ
   ᠬᠢᠨᠠᠭᠴᠢ᠄ ᠨᠠᠷᠠᠨ᠂ ᠣᠳᠬᠠᠨᠰᠣ᠎ᠠ

ᠡᠭᠡᠰᠢᠭ ᠦ᠋ᠨ ᠭᠤᠷᠪᠠᠨ ᠬᠤᠪᠢᠷᠠᠯ ᠦ᠋ᠨ ᠬᠦᠰᠦᠨᠦᠭ

No.ᠤᠭ ᠳᠦᠷᠰᠦ ᠡᠬᠢᠨᠳᠤᠮᠳᠠᠠᠳᠠᠭᠭᠠᠯᠢᠭ᠋ ᠶᠦᠨᠢᠺᠣᠳ᠋ᠵᠢᠱ᠌ᠢᠶ᠎ᠡ
1ᠠ᠊᠊ᠠ᠊᠊ᠠ᠋᠊ ᠊ᠠ᠊ᠠ᠋aU1820
2ᠡ᠊᠊ᠡ᠊᠊ᠡ᠊ᠠ᠋əU1821
3ᠢ᠊᠊ᠢ᠊᠊ᠢ᠌᠊ ᠊ᠢiU1822ᠨᠠᠢ᠍ᠮᠠ
4ᠣ᠊᠊ᠣ᠊᠊ᠣ᠊ᠣ᠋ ɔU1823ᠺᠢᠨᠣ᠋
5ᠤ᠊᠊ᠤ᠊᠊ᠤ᠊ᠤ᠋ ʊU1824
6ᠥ᠊᠊ᠥ᠊᠊ᠦ᠋᠊ ᠊ᠥ᠊ᠥ᠋ ᠊ᠥ᠌ɵU1825ᠬᠦ᠋
7ᠦ᠊᠊ᠦ᠊ ᠊ᠦ᠋᠊᠊ᠥ᠊ᠦ᠋ ᠊ᠥ᠌ uU1826ᠰᠦ᠋