ᠠᠪᠢᠶᠠᠨ ᠤ᠋ ᠵᠦᠢ03ᠮᠣᠩᠭᠣᠯ ᠬᠡᠯᠡᠨ ᠦ᠌ ᠭᠡᠢᠭᠦᠯᠦᠭᠴᠢ ᠠᠪᠢᠶ᠎ᠠ ᠪᠠ ᠲᠡᠭᠦᠨ ᠢ᠋ ᠲᠡᠮᠳᠡᠭᠯᠡᠬᠦ ᠨᠢ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠢᠶᠠᠨ ᠤ᠋ ᠵᠦᠢ03ᠮᠣᠩᠭᠣᠯ ᠬᠡᠯᠡᠨ ᠦ᠌ ᠭᠡᠢᠭᠦᠯᠦᠭᠴᠢ ᠠᠪᠢᠶ᠎ᠠ ᠪᠠ ᠲᠡᠭᠦᠨ ᠢ᠋ ᠲᠡᠮᠳᠡᠭᠯᠡᠬᠦ ᠨᠢ

ᠠᠪᠢᠶᠠᠨ ᠤ᠋ ᠵᠦᠢ03ᠮᠣᠩᠭᠣᠯ ᠬᠡᠯᠡᠨ ᠦ᠌ ᠭᠡᠢᠭᠦᠯᠦᠭᠴᠢ ᠠᠪᠢᠶ᠎ᠠ ᠪᠠ ᠲᠡᠭᠦᠨ ᠢ᠋ ᠲᠡᠮᠳᠡᠭᠯᠡᠬᠦ ᠨᠢ

ᠠᠩᠭᠢᠯᠠᠯ:ᠬᠡᠯᠡ ᠪᠢᠴᠢᠭ
2025-08-27

530

ᠭᠤᠷᠪᠠ  ᠮᠣᠩᠭᠣᠯ ᠬᠡᠯᠡᠨ ᠦ᠌ ᠭᠡᠢᠭᠦᠯᠦᠭᠴᠢ ᠠᠪᠢᠶ᠎ᠠ ᠪᠠ ᠲᠡᠭᠦᠨ ᠢ᠋ ᠲᠡᠮᠳᠡᠭᠯᠡᠬᠦ ᠨᠢ

    ᠤᠩᠰᠢᠬᠤ ᠳ᠋ᠤ᠌ ᠠᠭᠤᠰᠬᠢᠨ ᠠ᠋ᠴᠠ ᠭᠠᠷᠤᠭᠰᠠᠨ ᠬᠡᠢ ᠶ᠋ᠢᠨ ᠤᠷᠤᠰᠬᠠᠯ ᠡᠯᠳᠡᠪ ᠵᠦᠢᠯ ᠦ᠋ᠨ ᠬᠠᠷᠰᠢ ᠰᠠᠭᠠᠳ ᠲᠣᠬᠢᠶᠠᠯᠳᠤᠵᠤ ᠪᠠᠢᠭᠠᠳ ᠭᠠᠷᠬᠤ ᠠᠪᠢᠶ᠎ᠠ ᠶ᠋ᠢ ᠭᠡᠢᠭᠦᠯᠦᠭᠴᠢ ᠠᠪᠢᠶ᠎ᠠ ᠭᠡᠨ᠎ᠡ᠃ ᠭᠡᠢᠭᠦᠯᠦᠭᠴᠢ ᠠᠪᠢᠶ᠎ᠠ ᠶ᠋ᠢ ᠲᠡᠮᠳᠡᠭᠯᠡᠭᠰᠡᠨ ᠲᠣᠭᠲᠠᠭᠰᠠᠨ ᠲᠡᠮᠳᠡᠭ ᠦᠰᠦᠭ ᠢ᠋ ᠭᠡᠢᠭᠦᠯᠦᠭᠴᠢ ᠦᠰᠦᠭ ᠭᠡᠨ᠎ᠡ᠃
ᠭᠡᠢᠭᠦᠯᠦᠭᠴᠢ ᠦᠰᠦᠭ ᠨᠢ᠄ ᠨ᠂ ᠪ᠊᠂ ᠫ᠊᠂ ᠬ᠊(᠊ᠬ᠊᠊ )᠂ ᠭ(ᠭ᠌)᠂ ᠮ᠂ ᠯ᠂  ᠰ᠂ ᠱ᠂ ᠲ᠂ ᠳ᠂ ᠴ᠂ ᠵ᠂ ᠶ᠂ ᠷ᠂ ᠸ᠂ ᠊ᠩ᠊᠂ ᠹ᠊᠂ ᠺ᠊᠂ ᠾ᠂ ᠼ᠂ ᠽ᠂ ᡁᠢ᠂ ᡂᠢ᠂ ᠱᠢ᠂ ᠿᠢ᠂ ᠵᠡᠷᠭᠡ ᠬᠣᠷᠢᠨ ᠵᠢᠷᠭᠤᠭ᠎ᠠ ᠪᠣᠢ᠃

ᠭᠡᠢᠭᠦᠯᠦᠭᠴᠢ ᠦᠰᠦᠭ ᠨᠢ᠄
   1 ᠭᠡᠢᠭᠦᠯᠦᠭᠴᠢ ᠦᠰᠦᠭ ᠢ᠋ ᠤᠩᠰᠢᠬᠤ ᠳ᠋ᠤ᠌ ᠬᠡᠢ ᠶ᠋ᠢᠨ ᠤᠷᠤᠰᠬᠠᠯ ᠡᠯᠳᠡᠪ ᠵᠦᠢᠯ ᠦ᠋ᠨ ᠬᠠᠷᠰᠢ ᠰᠠᠭᠠᠳ ᠲᠣᠬᠢᠶᠠᠯᠳᠤᠳᠠᠭ᠃
   2 ᠭᠡᠢᠭᠦᠯᠦᠭᠴᠢ ᠦᠰᠦᠭ ᠢ᠋ ᠤᠩᠰᠢᠬᠤ ᠳ᠋ᠤ᠌ ᠥᠭᠦᠯᠡᠬᠦ ᠡᠷᠬᠡᠲᠡᠨ ᠦ᠌ ᠬᠠᠷᠰᠢ ᠰᠠᠭᠠᠳ ᠲᠣᠬᠢᠶᠠᠯᠳᠤᠭᠰᠠᠨ ᠲᠡᠷᠡ ‍ᠬᠦ ᠬᠡᠰᠡᠭ ᠦ᠋ᠨ ᠥᠭᠦᠯᠡᠬᠦ ᠡᠷᠬᠡᠲᠡᠨ ᠦ᠌ ᠠᠵᠢᠯᠯᠠᠭ᠎ᠠ ᠨᠢ ᠴᠢᠩᠭᠠᠷᠠᠳᠠᠭ᠃
   3 ᠭᠡᠢᠭᠦᠯᠦᠭᠴᠢ ᠦᠰᠦᠭ ᠢ᠋ ᠤᠩᠰᠢᠬᠤ ᠳ᠋ᠤ᠌ ᠬᠡᠢ ᠶ᠋ᠢᠨ ᠤᠷᠤᠰᠬᠠᠯ ᠬᠦᠴᠦᠲᠡᠢ ᠪᠠᠢᠳᠠᠭ᠃
   4 ᠭᠡᠢᠭᠦᠯᠦᠭᠴᠢ ᠦᠰᠦᠭ ᠢ᠋ ᠤᠩᠰᠢᠬᠤ ᠳ᠋ᠤ᠌ ᠳᠠᠭᠤᠨ ᠤ᠋ ᠬᠥᠪᠴᠢ ᠲᠤᠷᠭᠢᠬᠤ ᠪᠠ ᠲᠤᠷᠭᠢᠬᠤ ᠦᠭᠡᠢ ᠪᠠᠢᠳᠠᠯ ᠲᠣᠰᠪᠣᠷᠢ ᠪᠠᠢᠵᠤ ᠪᠣᠯᠳᠠᠭ᠃
   5 ᠦᠶ᠎ᠡ ᠪᠦᠲᠦᠬᠦ ᠳ᠋ᠦ᠍ ᠭᠡᠢᠭᠦᠯᠦᠭᠴᠢ ᠦᠰᠦᠭ ᠭᠠᠭᠴᠠ ᠪᠠᠷ ᠢ᠋ᠶ᠋ᠠᠨ ᠪᠡᠶ᠎ᠡ ᠪᠡᠨ ᠳᠠᠭᠠᠭᠠᠵᠤ ᠦᠶ᠎ᠡ ᠪᠦᠲᠦᠭᠡᠵᠦ ᠴᠢᠳᠠᠬᠤ ᠦᠭᠡᠢ ᠵᠡᠷᠭᠡ ᠣᠨᠴᠠᠯᠢᠭ ᠪᠣᠢ᠃

ᠭᠡᠢᠭᠦᠯᠦᠭᠴᠢ ᠦᠰᠦᠭ ᠦ᠋ᠨ ᠬᠦᠰᠦᠨᠦᠭ

ᠦᠰᠦᠭ ᠦ᠋ᠨ ᠳ᠋ᠤᠭᠠᠷᠭᠡᠢᠭᠦᠯᠦᠭᠴᠢ ᠦᠰᠦᠭᠣᠯᠠᠨ ᠤᠯᠤᠰ ᠤ᠋ᠨ ᠭᠠᠯᠢᠭᠶᠦᠨᠢᠺᠣᠳ᠋
8nU+1828
9bU+182A
10pU+182B
11xU+182C
12gU+182D
13mU+182E
14lU+182F
15sU+1830
16ʃU+1831
17tU+1832
18ᠳ᠋᠊dU+1833
19U+1834
20U+1835
21U+1836
22rU+1837
23wU+1838
24ŋU+1829
25fU+1839
26kU+183A
27hU+183E
28tsU+183C
29dzU+183D
30asiU+1841
31tsiU+1842
32ᠱᠢsiU+1831 U+1822
33ᠿᠢziU+183F U+1822
 8  ᠨ ᠭᠡᠢᠭᠦᠯᠦᠭᠴᠢ
《ᠨ》 ᠭᠡᠶ᠋ᠢᠭᠦᠯᠦᠭᠴᠢ ᠨᠢ ᠬᠡᠯᠡᠨ ‍ᠦ ᠦᠵᠦᠭᠦᠷ ᠢᠳᠡᠪᠬᠢᠲᠡᠢ ᠣᠷᠣᠯᠴᠠᠨ ᠥᠭᠥᠯᠡᠭᠳᠡᠬᠦ ᠬᠠᠮᠠᠷ ‍ᠤᠨ ᠳᠠᠭᠤᠨ ᠲᠠᠢ ᠭᠡᠶ᠋ᠢᠭᠦᠯᠦᠭᠴᠢ ᠮᠥᠨ᠃
《ᠨ》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍
《ᠨ》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠨ᠊ 》《᠊ᠨ᠌》᠂《᠊ᠨ᠋᠊ 》 ᠳᠦᠷᠰᠦ᠂ ᠦᠭᠡ ᠶ᠋ᠢᠨ ᠠᠳᠠᠭ ᠲᠤ᠌《᠊ᠨ》 ᠳᠦᠷᠰᠦ ᠪᠡᠷ ᠪᠢᠴᠢᠭᠳᠡᠵᠦ ᠪᠠᠢᠨ᠎ᠠ᠃ 
      ᠡᠭᠦᠨ ᠳ᠋ᠦ᠍᠂ ᠦᠭᠡ ᠶ᠋ᠢᠨ ᠡᠬᠢᠨ ᠪᠠ ᠡᠭᠡᠰᠢᠭ ᠦ᠋ᠨ ᠡᠮᠦᠨ᠎ᠡ ᠣᠷᠣᠬᠤ ᠳ᠋ᠠᠭᠠᠨ ᠳᠤᠰᠤᠯ ᠲᠠᠢ᠂ ᠡᠭᠡᠰᠢᠭ ᠦ᠋ᠨ ᠳᠠᠷᠠᠭ᠎ᠠ ᠳᠡᠪᠢᠰᠬᠡᠷᠯᠡᠨ ᠬᠡᠷᠡᠭᠯᠡᠭᠳᠡᠪᠡᠯ ᠳᠤᠰᠤᠯ ᠦᠭᠡᠢ ᠪᠡᠷ ᠪᠢᠴᠢᠨ᠎ᠡ᠃

ᠵᠢᠱ᠌ᠢᠶᠡᠯᠡᠪᠡᠯ᠄ ᠨᠠᠭᠠᠳᠤᠮ᠂ ᠨᠠᠷᠠ᠂ ᠨᠣᠮ᠂ ᠨᠡᠬᠡᠬᠦ᠂ ᠨᠥᠯᠥᠭᠡ᠂ ᠦᠨᠡᠨ᠂ ᠣᠨᠣᠯ᠂ ᠥᠨᠥ᠂ ᠮᠠᠨᠳᠤᠬᠤ᠂ ᠤᠨᠳᠤᠷᠬᠤ᠂ ᠤᠨᠲᠠᠬᠤ᠂ ᠣᠨᠴᠣᠭᠣᠢ᠂ ᠮᠠᠨᠳᠤᠨ᠎ᠠ᠂ ᠶᠠᠪᠤᠨ᠎ᠠ᠂ ᠬᠦᠷᠭᠡᠨ᠎ᠡ᠂ ᠬᠥᠭᠵᠢᠨ᠎ᠡ᠂ ᠤᠷᠭᠤᠨ᠎ᠠ᠂ ᠣᠯᠤᠨ᠎ᠠ᠂ ᠣᠷᠳᠣᠨ᠂ ᠣᠷᠣᠨ᠂ ᠦᠵᠡᠨ᠂ ᠬᠠᠷᠢᠨ᠂ ᠨᠠᠷᠠᠨ᠂ ᠰᠠᠷᠠᠨ ᠭᠡᠬᠦ ᠮᠡᠲᠦ᠃

9 ᠪ᠊ ᠭᠡᠢᠭᠦᠯᠦᠭᠴᠢ

《ᠪ᠊》 ᠭᠡᠢᠭᠦᠯᠦᠭᠴᠢ ᠨᠢ ᠬᠣᠶᠠᠷ ᠤᠷᠤᠭᠤᠯ ᠬᠠᠮᠵᠢᠨ ᠦᠭᠦᠯᠡᠭᠳᠡᠬᠦ ᠰᠤᠯᠠ ᠭᠡᠢᠭᠦᠯᠦᠭᠴᠢ ᠮᠥᠨ᠃
《ᠪ᠊》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠪ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠪ᠊》 ᠳᠦᠷᠰᠦ᠂ ᠦᠭᠡ ᠶ᠋ᠢᠨ ᠠᠳᠠᠭ ᠲᠤ᠌《᠊ᠪ》 ᠳᠦᠷᠰᠦ ᠪᠡᠷ ᠪᠢᠴᠢᠭᠳᠡᠵᠦ ᠪᠠᠢᠨ᠎ᠠ᠃
ᠵᠢᠱ᠌ᠢᠶᠡᠯᠡᠪᠡᠯ᠄ ᠪᠠᠭᠠᠲᠤᠷ᠂ ᠪᠡᠯᠡᠭ᠂ ᠪᠢᠯᠢᠭ᠂ ᠪᠣᠳᠣᠯᠭ᠎ᠠ᠂ ᠪᠦᠭᠦᠳᠡ᠂, ᠠᠪᠴᠢᠬᠤ᠂ ᠠᠪᠬᠤ᠂ ᠠᠪᠤᠷᠠᠭᠴᠢ᠂, ᠵᠥᠪ᠂ ᠲᠢᠪ᠂ ᠲᠥᠯᠥᠪ ᠭᠡᠬᠦ ᠮᠡᠲᠦ᠃

10 ᠫ ᠭᠡᠢᠭᠦᠯᠦᠭᠴᠢ
《ᠫ᠊》 ᠭᠡᠢᠭᠦᠯᠦᠭᠴᠢ ᠨᠢ ᠬᠣᠶᠠᠷ ᠤᠷᠤᠭᠤᠯ ᠬᠠᠮᠵᠢᠨ ᠦᠭᠦᠯᠡᠭᠳᠡᠬᠦ ᠴᠢᠩᠭ᠎ᠠ ᠭᠡᠢᠭᠦᠯᠦᠭᠴᠢ ᠮᠥᠨ᠂
《ᠫ᠊》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠫ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ 《᠊ᠫ᠊》 ᠳᠦᠷᠰᠦ᠂ ᠦᠭᠡ ᠶ᠋ᠢᠨ ᠠᠳᠠᠭ ᠲᠤ᠌《᠊ᠫ》 ᠳᠦᠷᠰᠦ ᠪᠡᠷ ᠪᠢᠴᠢᠭᠳᠡᠵᠦ ᠪᠠᠢᠨ᠎ᠠ᠃
ᠵᠢᠱ᠌ᠢᠶᠡᠯᠡᠪᠡᠯ᠄ ᠫᠤᠤ᠂ ᠫᠠᠷᠲ᠋ᠢᠽᠠᠨ᠂ ᠫᠢᠶᠣᠣ᠂ ᠫᠢᠫᠠ ᠧᠦ᠋ᠷᠣᠫᠠ᠂ ᠫᠠᠫᠠ᠂ ᠢᠰᠫᠠᠨᠢ ᠭᠡᠬᠦ ᠮᠡᠲᠦ᠃

11 ᠬ᠊《᠊ᠭ᠌᠊》 ᠭᠡᠢᠭᠦᠯᠦᠭᠴᠢ
《ᠬ᠊ (᠊ᠭ᠌᠊)》 ᠭᠡᠢᠭᠦᠯᠦᠭᠴᠢ ᠨᠢ ᠬᠡᠯᠡᠨ ᠦ᠌ ᠤᠭ ᠢᠳᠡᠪᠬᠢᠲᠡᠢ ᠣᠷᠣᠯᠴᠠᠨ ᠦᠭᠦᠯᠡᠭᠳᠡᠬᠦ ᠴᠢᠩᠭ᠎ᠠ ᠭᠡᠢᠭᠦᠯᠦᠭᠴᠢ ᠮᠥᠨ᠃
《ᠬ᠊ (᠊ᠭ᠌᠊)》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠬ᠊ (᠊ᠭ᠌᠊)》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ 《᠊ᠬ᠊》᠂《᠊ᠭ(᠊ᠭ᠌᠊)》 ᠳᠦᠷᠰᠦ ᠪᠡᠷ ᠪᠢᠴᠢᠭᠳᠡᠵᠦ ᠦᠭᠡ ᠶ᠋ᠢᠨ ᠠᠳᠠᠭ ᠲᠤ᠌ ᠪᠢᠴᠢᠭᠳᠡᠬᠦ ᠦᠭᠡᠢ᠃
ᠡᠭᠦᠨ ᠳ᠋ᠦ᠍᠂《᠊ᠭ》 ᠳᠦᠷᠰᠦ ᠨᠢ《᠎ᠠ》(ᠠ᠊) ᠡᠭᠡᠰᠢᠭ ᠦ᠋ᠨ ᠡᠮᠦᠨ᠎ᠡ ᠪᠢᠴᠢᠭᠳᠡᠵᠦ᠂《᠊ᠭ᠌᠊》 ᠳᠦᠷᠰᠦ ᠨᠢ ᠦᠭᠡ ᠶ᠋ᠢᠨ ᠠᠳᠠᠭ ᠲᠤ᠌ ᠣᠷᠣᠬᠤ ᠦᠭᠡᠢ᠃

ᠵᠢᠱ᠌ᠢᠶᠡᠯᠡᠪᠡᠯ᠄ ᠬᠠᠮᠠᠭᠠᠯᠠᠬᠤ᠂ ᠬᠡᠮᠵᠢᠶ᠎ᠡ᠂ ᠬᠤᠷᠳᠤᠨ᠂ ᠬᠦᠷᠢᠶ᠎ᠡ᠂, ᠴᠢᠳᠠᠬᠤ᠂ ᠭᠠᠢᠬᠠᠮᠠᠷ᠂ ᠡᠷᠬᠡ᠂ ᠬᠦᠷᠬᠦ᠂, ᠠᠬ᠎ᠠ᠂ ᠰᠠᠪᠬ᠎ᠠ᠂ ᠭᠠᠷᠠᠬ᠎ᠠ ᠭᠡᠬᠦ ᠮᠡᠲᠦ᠃

   12 ᠭ(ᠭ᠌᠊ ) ᠭᠡᠢᠭᠦᠯᠦᠭᠴᠢ
《ᠭ(ᠭ᠌᠊)》 ᠭᠡᠢᠭᠦᠯᠦᠭᠴᠢ ᠨᠢ ᠬᠡᠯᠡᠨ ᠦ᠌ ᠤᠭ ᠢᠳᠡᠪᠬᠢᠲᠡᠢ ᠣᠷᠣᠯᠴᠠᠨ ᠦᠭᠦᠯᠡᠭᠳᠡᠬᠦ ᠰᠤᠯᠠ ᠭᠡᠢᠭᠦᠯᠦᠭᠴᠢ ᠮᠥᠨ᠃
《ᠭ(ᠭ᠌᠊)》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠭ(ᠭ᠌᠊)》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠭ᠋᠊ 》᠂《᠊ᠬ᠊》᠂《᠊ᠬ᠋ (᠊ᠭ᠌᠊)》 ᠳᠦᠷᠰᠦ᠂ ᠦᠭᠡ ᠶ᠋ᠢᠨ ᠠᠳᠠᠭ ᠲᠤ᠌《᠊ᠭ(᠊ᠭ᠌)》 ᠳᠦᠷᠰᠦ ᠪᠡᠷ ᠪᠢᠴᠢᠭᠳᠡᠵᠦ ᠪᠠᠢᠨ᠎ᠠ᠃
ᠡᠭᠦᠨ ᠳ᠋ᠦ᠍᠂ 《᠊ᠬ᠋》ᠳᠦᠷᠰᠦ ᠨᠢ ᠵᠥᠪᠬᠡᠨ(᠎ᠠ) (ᠠ᠊) ᠡᠭᠡᠰᠢᠭ ᠦ᠋ᠨ ᠡᠮᠦᠨ᠎ᠡ ᠪᠢᠴᠢᠭᠳᠡᠨ᠎ᠡ᠃
   ᠵᠢᠱ᠌ᠢᠶᠡᠯᠡᠪᠡᠯ᠄ ᠭᠠᠷ᠂ ᠭᠡᠷ᠂ ᠭᠣᠣᠯ᠂ᠭᠤᠷᠪᠠ᠂ᠬᠦᠷᠪᠡᠯ᠂ ᠰᠤᠷᠭᠠᠯ᠂ ᠱᠤᠭᠤᠮ᠂ ᠭᠡᠭᠡᠨ᠂ ᠬᠥᠷᠥᠰᠥ᠂ ᠰᠤᠷᠤᠭᠴᠢ᠂ ᠬᠡᠷᠡᠭᠲᠡᠢ᠂ ᠰᠤᠷᠭᠠᠭᠴᠢ᠂ ᠥᠭᠯᠢᠭᠡᠲᠡᠢ᠂ ᠳᠠᠳᠬᠠᠯ ᠬᠤᠪᠢᠰᠬᠠᠯ᠂ ᠠᠷᠭ᠎ᠠ᠂ ᠪᠣᠳᠣᠯᠭ᠎ᠠ᠂ ᠰᠠᠨᠠᠭ᠎ᠠ᠂ ᠤᠨᠤᠭ᠎ᠠ᠂ ᠬᠠᠮᠤᠭ᠂ ᠬᠡᠷᠡᠭ᠂ ᠬᠦᠷᠡᠩ᠂ ᠢᠷᠮᠡᠭ ᠭᠡᠬᠦ ᠮᠡᠲᠦ᠃

  13 ᠮ᠊ ᠭᠡᠢᠭᠦᠯᠦᠭᠴᠢ
《ᠮ᠊》 ᠭᠡᠢᠭᠦᠯᠦᠭᠴᠢ ᠨᠢ ᠬᠣᠶᠠᠷ ᠤᠷᠤᠭᠤᠯ ᠬᠠᠮᠵᠢᠨ ᠥᠭᠦᠯᠡᠭᠳᠡᠬᠦ ᠬᠠᠮᠠᠷ ᠤ᠋ᠨ ᠳᠠᠭᠤᠨ ᠲᠠᠢ ᠰᠤᠯᠠ ᠭᠡᠢᠭᠦᠯᠦᠭᠴᠢ ᠮᠥᠨ᠃
《ᠮ᠊》 ᠭᠡᠢᠭᠦᠯᠦᠭᠴᠢ  ᠨᠢ ᠦᠭᠡ ᠶ᠋ᠢᠨ ᠡᠬᠢᠨ ᠳ᠋ᠦ᠍
《ᠮ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊᠊ᠮ᠊》᠂《᠊᠊ᠮ》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ᠎ᠲᠦ《᠊᠊ᠮ》 ᠳᠦᠷᠰᠦ ᠪᠡᠷ ᠪᠢᠴᠢᠭᠳᠡᠵᠦ ᠪᠠᠢᠨ᠎ᠠ᠃
ᠵᠢᠱ᠌ᠢᠶᠡᠯᠡᠪᠡᠯ᠄ ᠮᠠᠨᠳᠤᠬᠤ᠂ ᠮᠠᠭᠲᠠᠬᠤ᠂ ᠪᠥᠮᠪᠥᠭᠡ᠂ ᠪᠥᠮᠪᠥᠷᠢᠬᠦ᠂ ᠰᠢᠮ᠎ᠡ᠂ ᠨᠤᠮᠤ᠂ ᠰᠤᠮᠤ᠂ ᠨᠣᠮ᠂ ᠲᠣᠮ ᠭᠡᠬᠦ ᠮᠡᠲᠦ᠃

  14 ᠯ᠊ ᠭᠡᠢᠭᠦᠯᠦᠭᠴᠢ
《ᠯ᠊》 ᠭᠡᠢᠭᠦᠯᠦᠭᠴᠢ ᠨᠢ ᠬᠡᠯᠡᠨ ᠦ᠌ ᠦᠵᠦᠭᠦᠷ ᠦ᠋ᠨ ᠬᠠᠵᠠᠭᠤ ᠪᠠᠷ ᠦᠭᠦᠯᠡᠭᠳᠡᠬᠦ ᠰᠤᠯᠠ ᠭᠡᠢᠭᠦᠯᠦᠭᠴᠢ ᠮᠥᠨ᠃
《ᠯ᠊》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠯ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ 《᠊ᠯ᠊》᠂《᠊᠊ᠯ》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊᠊ᠯ》 ᠳᠦᠷᠰᠦ ᠪᠡᠷ ᠪᠢᠴᠢᠭᠳᠡᠨ᠎ᠡ᠃
ᠵᠢᠱ᠌ᠢᠶᠡᠯᠡᠪᠡᠯ᠄ ᠯᠠᠪᠯᠠᠯᠲᠠ᠂ ᠠᠵᠢᠯ᠂ ᠶᠠᠪᠤᠳᠠᠯ᠂ ᠬᠠᠮᠠᠭᠠᠯᠠᠯᠲᠠ᠂ ᠶᠠᠪᠤᠲᠠᠯ᠎ᠠ᠂ ᠠᠪᠤᠯ᠎ᠠ ᠭᠡᠬᠦ ᠮᠡᠲᠦ᠃

15 ᠰ᠊ ᠭᠡᠢᠭᠦᠯᠦᠭᠴᠢ
《ᠰ᠊》 ᠭᠡᠢᠭᠦᠯᠦᠭᠴᠢ ᠨᠢ ᠬᠡᠯᠡᠨ ᠦ᠌ ᠦᠵᠦᠭᠦᠷ ᠢ᠋ᠶ᠋ᠡᠷ ᠱᠦᠷᠭᠦᠨ ᠦᠭᠦᠯᠡᠭᠳᠡᠬᠦ ᠴᠢᠩᠭ᠎ᠠ ᠭᠡᠢᠭᠦᠯᠦᠭᠴᠢ ᠮᠥᠨ᠃
《ᠰ᠊》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠰ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊᠊ᠰ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠰ》 ᠳᠦᠷᠰᠦ ᠪᠡᠷ ᠪᠢᠴᠢᠭᠳᠡᠨ᠎ᠡ᠃
ᠵᠢᠱ᠌ᠢᠶᠡᠯᠡᠪᠡᠯ᠄ ᠰᠠᠨᠠᠭ᠎ᠠ᠂ ᠰᠠᠢᠨ᠂ ᠰᠠᠯᠠᠭ᠎ᠠ᠂ ᠰᠠᠪᠠ᠂ ᠰᠡᠳᠦᠪ᠂ ᠰᠡᠳᠬᠢᠬᠦ᠂ ᠰᠢᠰᠢ᠂ ᠪᠣᠰᠬᠤ᠂ ᠪᠦᠰᠡ᠂ ᠲᠤᠰ᠂ ᠤᠯᠤᠰ᠂ ᠵᠢᠮᠢᠰ᠂ ᠭᠡᠬᠦ ᠮᠡᠲᠦ᠃

 16 ᠱ᠊ ᠭᠡᠢᠭᠦᠯᠦᠭᠴᠢ

《ᠱ᠊》 ᠭᠡᠢᠭᠦᠯᠦᠭᠴᠢ ᠨᠢ ᠬᠡᠯᠡᠨ ᠦ᠌ ᠤᠷᠳᠤᠭᠤᠷ ᠱᠦᠷᠭᠦᠨ ᠦᠭᠦᠯᠡᠭᠳᠡᠬᠦ ᠴᠢᠩᠭ᠎ᠠ ᠭᠡᠢᠭᠦᠯᠦᠭᠴᠢ ᠮᠥᠨ᠃
《ᠱ᠊》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠱ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊᠊ᠱ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊᠊ᠱ》 ᠳᠦᠷᠰᠦ ᠪᠡᠷ ᠪᠢᠴᠢᠭᠳᠡᠵᠦ ᠪᠠᠢᠨ᠎ᠠ᠃
ᠡᠭᠦᠨ ᠳ᠋ᠦ᠍《ᠱ᠊᠊》 ᠭᠡᠢᠭᠦᠯᠦᠭᠴᠢ ᠨᠢ《ᠢ》 ᠡᠭᠡᠰᠢᠭ ᠦ᠋ᠨ ᠡᠮᠦᠨ᠎ᠡ ᠣᠷᠣᠬᠤ ᠳ᠋ᠠᠭᠠᠨ ᠳᠤᠰᠤᠯ ᠢ᠋ᠶ᠋ᠠᠨ ᠬᠠᠶᠠᠵᠤ ᠪᠢᠴᠢᠭᠳᠡᠬᠦ ᠪᠥᠭᠡᠳ ᠪᠠᠰᠠ《ᠱ᠊᠊》 ᠢ᠋ᠶ᠋ᠡᠷ ᠳᠠᠭᠤᠳᠠᠭᠳᠠᠨ᠎ᠠ᠃《ᠰ᠊᠊》 ᠭᠡᠢᠭᠦᠯᠦᠭᠴᠢ ᠨᠢ《ᠢ》 ᠡᠭᠡᠰᠢᠭ ᠦ᠋ᠨ ᠡᠮᠦᠨ᠎ᠡ ᠲᠣᠬᠢᠶᠠᠯᠳᠤᠬᠤ ᠦᠭᠡᠢ᠂ ᠭᠡᠪᠡᠴᠦ ᠵᠢᠱ᠌ᠢᠶ᠎ᠡ —ᠵᠢᠰᠢᠶ᠎ᠠ ᠭᠡᠵᠦ ᠬᠣᠶᠠᠷ ᠦᠭᠡ ᠶ᠋ᠢᠨ ᠤᠳᠬ᠎ᠠ ᠶ᠋ᠢ ᠢᠯᠭᠠᠬᠤ ᠶ᠋ᠢᠨ ᠲᠥᠯᠥᠭᠡ ᠳᠤᠰᠤᠯ ᠲᠠᠢ ᠪᠢᠴᠢᠵᠦ ᠪᠠᠢᠬᠤ ᠶᠤᠮ᠃
ᠵᠢᠱ᠌ᠢᠶᠡᠯᠡᠪᠡᠯ᠄ ᠱᠠᠭ᠎ᠠ᠂ ᠱᠠᠭᠠᠷᠳᠠᠬᠤ᠂ ᠱᠠᠪᠢ᠂ ᠱᠠᠩᠨᠠᠯ᠂ ᠱ᠌ᠢᠷᠦ᠂ ᠱᠣᠪᠣᠭᠣᠷ᠂ ᠱᠣᠭ᠂ ᠱᠣᠩᠬᠣᠷ᠂ ᠱᠤᠭᠤᠮ᠂ ᠱᠤᠤᠭᠢᠬᠤ᠂ ᠱᠦᠭᠯᠦ᠂ ᠱᠦᠭᠦᠷ᠂ ᠪᠣᠱᠣᠭ᠂ ᠲᠤᠤᠱ᠂ ᠫᠦᠷᠱ ᠭᠡᠬᠦ ᠮᠡᠲᠦ᠃

 17 ᠲ᠊ ᠭᠡᠢᠭᠦᠯᠦᠭᠴᠢ
 《ᠲ᠊᠊》 ᠭᠡᠢᠭᠦᠯᠦᠭᠴᠢ ᠨᠢ ᠬᠡᠯᠡᠨ ᠦ᠌ ᠦᠵᠦᠭᠦᠷ ᠦ᠋ᠨ ᠬᠠᠮᠵᠢᠨ ᠲᠠᠰᠤᠷᠠᠨ ᠦᠭᠦᠯᠡᠭᠳᠡᠬᠦ ᠴᠢᠩᠭ᠎ᠠ ᠭᠡᠢᠭᠦᠯᠦᠭᠴᠢ ᠮᠥᠨ᠃
 《ᠲ》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠲ》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《ᠲ》《᠊ᠲ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌ 《‍᠊ᠲ》 ᠳᠦᠷᠰᠦ ᠪᠡᠷ ᠪᠢᠴᠢᠭᠳᠡᠨ᠎ᠡ᠃ ᠡᠭᠦᠨ ᠳ᠋ᠦ᠍《ᠲ》᠂《ᠲ》 ᠳᠦᠷᠰᠦ ᠶ᠋ᠢ ᠣᠯᠠᠩᠬᠢ ᠳ᠋ᠠᠭᠠᠨ ᠵᠢᠭᠡᠯᠡᠯᠭᠡ ᠦᠭᠡᠨ ᠳ᠋ᠦ᠍ ᠬᠡᠷᠡᠭᠯᠡᠨ᠎ᠡ᠃
    ᠵᠢᠱ᠌ᠢᠶᠡᠯᠡᠪᠡᠯ᠄ ᠲᠠᠯ᠎ᠠ᠂ ᠲᠡᠭᠦᠰ᠂ ᠲᠥᠭᠥᠷᠢᠭ᠂ ᠲᠣᠭᠠᠯᠠᠬᠤ᠂ ᠳᠠᠪᠲᠠᠬᠤ᠂ ᠬᠠᠮᠲᠤ᠂ ᠣᠯᠤᠯᠲᠠ᠂ ᠲᠦᠮᠡᠨᠲᠡ᠂ ᠰᠲ᠋ᠠᠯᠢᠨ᠂ ᠹᠷᠣᠨᠲ᠂ ᠮᠢᠨᠦ᠋ᠲ ᠭᠡᠬᠦ ᠮᠡᠲᠦ

   18 ᠳ ᠭᠡᠢᠭᠦᠯᠦᠭᠴᠢ
 《ᠳ》 ᠭᠡᠢᠭᠦᠯᠦᠭᠴᠢ ᠨᠢ ᠬᠡᠯᠡᠨ ᠦ᠌ ᠦᠵᠦᠭᠦᠷ ᠦ᠋ᠨ ᠬᠠᠮᠵᠢᠨ ᠱᠦᠷᠭᠦᠭᠡᠨ ᠦᠭᠦᠯᠡᠭᠳᠡᠬᠦ ᠰᠤᠯᠠ ᠭᠡᠢᠭᠦᠯᠦᠭᠴᠢ ᠮᠥᠨ᠃
 《ᠳ》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠲ》᠂《ᠳ》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《ᠳ 》᠂《᠊ᠳ᠋᠊ 》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠳ》᠂《᠊ᠳ᠋》 ᠳᠦᠷᠰᠦ ᠪᠡᠷ ᠪᠢᠴᠢᠭᠳᠡᠨ᠎ᠡ᠃
     ᠡᠭᠦᠨ ᠳ᠋ᠦ᠍《ᠳ》 ᠳᠦᠷᠰᠦ ᠨᠢ ᠡᠭᠡᠰᠢᠭ ᠦ᠋ᠨ ᠡᠮᠦᠨ᠎ᠡ ᠪᠢᠴᠢᠭᠳᠡᠬᠦ ᠪᠠ《᠊ᠳ᠋᠊ 》 ᠳᠦᠷᠰᠦ ᠨᠢ ᠭᠡᠢᠭᠦᠯᠦᠭᠴᠢ ᠶ᠋ᠢᠨ ᠡᠮᠦᠨ᠎ᠡ ᠳᠡᠪᠢᠰᠬᠡᠷᠯᠡᠨ ᠬᠡᠷᠡᠭᠯᠡᠭᠳᠡᠬᠦ  ᠶᠤᠮ᠃
 ᠵᠢᠱ᠌ᠢᠶᠡᠯᠡᠪᠡᠯ᠄ ᠳᠠᠯᠠᠢ᠂ ᠳᠡᠭᠡᠳᠦ᠂ ᠳᠠᠷᠬᠠᠨ᠂ ᠳᠠᠢᠴᠢᠨ᠂
ᠳᠡᠪᠢᠭᠦᠷ ᠳᠡᠪᠡᠯ᠂ ᠳᠡᠪᠢᠰᠬᠡᠷ᠂ ᠳᠣᠷᠣᠭᠰᠢ᠂  ᠳᠥᠬᠥᠮ᠂
ᠲᠦᠰᠢ᠂ ᠪᠣᠳᠠᠲᠠᠢ᠂ ᠠᠳᠤᠭᠤ᠂ ᠶᠠᠳᠠᠭᠤ᠂ ᠶᠡᠬᠡᠳᠬᠦ᠂ ᠰᠠᠭᠠᠲᠠᠬᠤ᠂
 ᠳ᠋ᠠᠩ᠂ ᠳ᠋ᠧᠩ᠂ ᠳ᠋ᠦᠩ᠂ ᠦᠢᠯᠡᠳ᠂ ᠬᠣᠯᠠᠳ᠂ ᠰᠢᠭᠤᠳ᠂ ᠡᠳ᠋᠂ ᠳᠡᠳ᠋ ᠭᠡᠬᠦ ᠮᠡᠲᠦ᠃
      
    19  ᠴ  ᠭᠡᠶ᠋ᠢᠭᠦᠯᠦᠭᠴᠢ
   《ᠴ》 ᠭᠡᠶ᠋ᠢᠭᠦᠯᠦᠭᠴᠢ ᠨᠢ ᠬᠡᠯᠡᠨ ᠦ᠌ ᠤᠷᠳᠤᠭᠤᠷ ᠬᠠᠮᠵᠢᠨ ᠱᠦᠷᠭᠦᠭᠡᠨ ᠦᠭᠦᠯᠡᠭᠳᠡᠬᠦ ᠴᠢᠩᠭ᠎ᠠ ᠭᠡᠶ᠋ᠢᠭᠦᠯᠦᠭᠴᠢ ᠮᠥᠨ᠃
   《ᠴ》 ᠭᠡᠶ᠋ᠢᠭᠦᠯᠦᠭᠴᠢ ᠨᠢ ᠦᠭᠡ ᠶ᠋ᠢᠨ ᠡᠬᠢᠨ ᠳ᠋ᠦ᠍《ᠴ 》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠴ᠊》 ᠳᠦᠷᠰᠦ ᠪᠡᠷ ᠪᠢᠴᠢᠭᠳᠡᠵᠦ ᠦᠭᠡ ᠶ᠋ᠢᠨ ᠠᠳᠠᠭ ᠲᠤ᠌ ᠣᠷᠣᠬᠤ ᠦᠭᠡᠢ᠃
    ᠵᠢᠰᠢᠶᠠᠯᠠᠪᠠᠯ᠄ ᠴᠠᠭᠠᠨ᠂ ᠴᠡᠷᠢᠭ᠂ ᠴᠢᠳᠠᠬᠤ ᠴᠤᠭᠯᠠᠭᠠᠨ᠂ ᠴᠥᠭᠡᠨ᠂ ᠠᠴᠢ᠂ ᠴᠡᠴᠡᠭ᠂ ᠲᠡᠮᠡᠴᠡᠯ᠂ ᠰᠤᠷᠴᠤ᠂ ᠪᠢᠴᠢᠨ᠎ᠡ ᠭᠡᠬᠦ ᠮᠡᠲᠦ᠃

   20  ᠵ  ᠭᠡᠶ᠋ᠢᠭᠦᠯᠦᠭᠴᠢ
   《ᠵ》 ᠭᠡᠶ᠋ᠢᠭᠦᠯᠦᠭᠴᠢ ᠨᠢ ᠬᠡᠯᠡᠨ ᠦ᠌ ᠤᠷᠳᠤᠭᠤᠷ ᠬᠠᠮᠵᠢᠨ ᠱᠦᠷᠭᠦᠭᠡᠨ ᠦᠭᠦᠯᠡᠭᠳᠡᠬᠦ ᠰᠤᠯᠠ ᠭᠡᠶ᠋ᠢᠭᠦᠯᠦᠭᠴᠢ ᠮᠥᠨ᠃
   《ᠵ》 ᠭᠡᠶ᠋ᠢᠭᠦᠯᠦᠭᠴᠢ ᠨᠢ ᠦᠭᠡ ᠶ᠋ᠢᠨ ᠡᠬᠢᠨ ᠳ᠋ᠦ᠍《ᠵ 》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ 《᠊ᠵ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌ ᠣᠷᠣᠬᠤ ᠦᠭᠡᠢ᠃ 
    ᠵᠢᠰᠢᠶᠠᠯᠠᠪᠠᠯ᠄ ᠵᠠᠯᠠᠭᠤ᠂ ᠵᠢᠷᠦᠬᠡ᠂ ᠵᠡᠭᠡᠲᠦᠦ᠂ᠵᠡᠷᠭᠡ᠂ ᠵᠤᠵᠠᠭᠠᠨ᠂ ᠣᠯᠵᠠ᠂ ᠭᠠᠷᠤᠵᠠ ᠭᠡᠬᠦ ᠮᠡᠲᠦ᠃

  21 ᠶ ᠭᠡᠢᠭᠦᠯᠦᠭᠴᠢ
《ᠶ》 ᠭᠡᠢᠭᠦᠯᠦᠭᠴᠢ ᠨᠢ ᠬᠡᠯᠡᠨ ᠦ᠌ ᠳᠤᠮᠳᠠᠭᠤᠷ ᠱᠦᠷᠭᠦᠭᠡᠨ ᠥᠭᠦᠯᠡᠭᠳᠡᠬᠦ ᠳᠠᠭᠤᠨ ᠲᠠᠢ ᠭᠡᠢᠭᠦᠯᠦᠭᠴᠢ ᠮᠥᠨ᠃
《ᠶ》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠶ》ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ 《᠊ᠶ᠊》᠂《᠊᠊ᠶ 》ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌ ᠣᠷᠣᠬᠤ ᠦᠭᠡᠢ᠃
ᠡᠭᠦᠨ ᠳ᠋ᠦ᠍᠂《᠊ᠶ》ᠳᠦᠷᠰᠦ ᠨᠢ《᠎ᠠ》 ᠳᠦᠷᠰᠦ ᠲᠡᠢ 《ᠠ᠊᠂ ᠡ᠊᠂》 ᠶ᠋ᠢᠨ ᠡᠮᠦᠨ᠎ᠡ ᠪᠢᠴᠢᠭᠳᠡᠨ᠎ᠡ᠃
ᠵᠢᠱ᠌ᠢᠶᠡᠯᠡᠪᠡᠯ: ᠶᠠᠳᠠᠭᠤ᠂ ᠶᠡᠬᠡ᠂ ᠶᠠᠷᠢ᠂ ᠠᠶᠠᠯᠭᠤ᠂ ᠠᠶᠤᠯᠲᠠᠢ᠂ ᠣᠴᠢᠶ᠎ᠠ᠂ ᠦᠵᠡᠶ᠎ᠡ᠂ ᠶᠠᠪᠤᠶ᠎ᠠ᠂ ᠭᠡᠬᠦ ᠮᠡᠲᠦ᠃

    22 ᠷ ᠭᠡᠢᠭᠦᠯᠦᠭᠴᠢ
《ᠷ》ᠭᠡᠢᠭᠦᠯᠦᠭᠴᠢ ᠨᠢ ᠬᠡᠯᠡᠨ ᠦ᠌ ᠦᠵᠦᠭᠦᠷ ᠴᠡᠴᠡᠷᠡᠨ ᠥᠭᠦᠯᠡᠭᠳᠡᠬᠦ ᠳᠠᠭᠤᠨ ᠲᠠᠢ ᠭᠡᠢᠭᠦᠯᠦᠭᠴᠢ ᠮᠥᠨ᠃
《ᠷ》ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠷ》ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ 《᠊ᠷ᠊》᠂《᠊ᠷ》ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠷ》ᠳᠦᠷᠰᠦ ᠪᠡᠷ ᠪᠢᠴᠢᠭᠳᠡᠨ᠎ᠡ᠃
ᠵᠢᠱ᠌ᠢᠶᠡᠯᠡᠪᠡᠯ: ᠷᠠᠰᠢᠶᠠᠨ᠂ ᠷᠠᠰᠢ᠂ ᠷᠠᠳᠢᠣ᠋᠂ ᠷᠣᠮᠠᠨ᠂ ᠷᠤᠳ᠋ ᠂ ᠷᠦᠪᠯᠢ᠂ ᠠᠷᠢᠭᠤᠨ᠂ᠶᠠᠭᠠᠷᠠᠬᠤ᠂ ᠬᠦᠷᠦᠭᠰᠡᠨ᠂ ᠠᠷ᠂ ᠭᠠᠷ᠂ ᠨᠠᠷ᠂ ᠬᠥᠷ᠂ ᠲᠦᠷ ᠭᠡᠬᠦ ᠮᠡᠲᠦ

23 ᠸ ᠭᠡᠢᠭᠦᠯᠦᠭᠴᠢ
《ᠸ》 ᠭᠡᠢᠭᠦᠯᠦᠭᠴᠢ ᠨᠢ ᠬᠣᠶᠠᠷ ᠤᠷᠤᠭᠤᠯ ᠤ᠋ᠨ ᠱᠦᠷᠭᠦᠭᠡᠨ ᠥᠭᠦᠯᠡᠭᠳᠡᠬᠦ ᠳᠠᠭᠤᠨ ᠲᠠᠢ ᠭᠡᠢᠭᠦᠯᠦᠭᠴᠢ ᠮᠥᠨ᠃
《ᠸ》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠸ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠸ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌ ᠣᠷᠣᠬᠤ ᠦᠭᠡᠢ᠃
     ᠵᠢᠱ᠌ᠢᠶᠡᠯᠡᠪᠡᠯ᠄ ᠸᠠᠭᠠᠷ᠂ ᠸᠠᠰᠢᠩᠲ᠋ᠣᠨ᠂ ᠲᠠᠸᠠᠷ᠂ ᠬᠤᠸᠠᠷ᠂ ᠭᠦᠸᠧᠯᠦ ᠭᠡᠬᠦ ᠮᠡᠲᠦ᠃

 24 ᠊ᠩ ᠭᠡᠢᠭᠦᠯᠦᠭᠴᠢ
《᠊ᠩ》 ᠭᠡᠢᠭᠦᠯᠦᠭᠴᠢ ᠨᠢ ᠬᠡᠯᠡᠨ ᠦ᠌ ᠤᠭ ᠢᠳᠡᠪᠬᠢᠲᠡᠢ ᠣᠷᠣᠯᠴᠠᠨ ᠥᠭᠦᠯᠡᠭᠳᠡᠬᠦ ᠬᠠᠮᠠᠷ ᠤ᠋ᠨ ᠳᠠᠭᠤᠨ ᠲᠠᠢ ᠭᠡᠢᠭᠦᠯᠦᠭᠴᠢ ᠮᠥᠨ᠃
《᠊ᠩ》 ᠭᠡᠢᠭᠦᠯᠦᠭᠴᠢ ᠨᠢ ᠦᠭᠡ ᠶ᠋ᠢᠨ ᠳᠤᠮᠳᠠ《᠊ᠩ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠠᠳᠠᠭ ᠲᠤ᠌《᠊ᠩ》 ᠳᠦᠷᠰᠦ ᠪᠡᠷ ᠪᠢᠴᠢᠭᠳᠡᠵᠦ᠂ ᠦᠭᠡ ᠶ᠋ᠢᠨ ᠡᠬᠢᠨ ᠳ᠋ᠦ᠍ ᠣᠷᠣᠬᠤ ᠦᠭᠡᠢ᠃
ᠡᠭᠦᠨ ᠳ᠋ᠦ᠍᠂《᠊ᠩ》 ᠭᠡᠢᠭᠦᠯᠦᠭᠴᠢ ᠨᠢ ᠦᠭᠡ ᠶ᠋ᠢᠨ ᠳᠤᠮᠳᠠ ᠪᠠ ᠦᠭᠡ ᠶ᠋ᠢᠨ ᠠᠳᠠᠭ ᠲᠤ᠌ ᠣᠷᠣᠬᠤ ᠪᠡᠶ᠎ᠡ ᠪᠡᠨ ᠳᠠᠭᠠᠭᠠᠭᠰᠠᠨ ᠦᠰᠦᠭ ᠪᠣᠯᠤᠨ᠎ᠠ᠃
ᠵᠢᠱ᠌ᠢᠶᠡᠯᠡᠪᠡᠯ᠄ ᠠᠩᠬ᠎ᠠ᠂ ᠡᠩᠬᠡ᠂ ᠥᠩᠭᠡ᠂ ᠢᠩᠭᠢᠬᠦ᠂ ᠰᠡᠷᠭᠦᠯᠡᠩ᠂ ᠠᠮᠤᠭᠤᠯᠠᠩ᠂ ᠳᠦᠭᠦᠷᠡᠩ᠂ ᠵᠢᠷᠭᠠᠯᠠᠩ ᠭᠡᠬᠦ ᠮᠡᠲᠦ᠃

  25 ᠹ᠊ ᠭᠡᠢᠭᠦᠯᠦᠭᠴᠢ
《ᠹ᠊》 ᠭᠡᠢᠭᠦᠯᠦᠭᠴᠢ ᠨᠢ ᠤᠷᠤᠭᠤᠯ ᠰᠢᠳᠦᠨ ᠦ᠌ ᠱᠦᠷᠭᠦᠭᠡᠨ ᠦᠭᠦᠯᠡᠭᠳᠡᠬᠦ ᠰᠤᠯᠠ ᠭᠡᠢᠭᠦᠯᠦᠭᠴᠢ ᠮᠥᠨ᠃
《ᠹ᠊ 》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠹ᠊》ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠹ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠹ 》 ᠳᠦᠷᠰᠦ ᠪᠡᠷ ᠪᠢᠴᠢᠭᠳᠡᠨ᠎ᠡ᠃
ᠵᠢᠱ᠌ᠢᠶᠡᠯᠡᠪᠡᠯ᠄ ᠹᠧᠣᠳᠠᠯ᠂ ᠹᠷᠠᠨᠼᠢ᠂ ᠹᠢᠽᠢᠺ᠂ ᠹᠧᠨ᠂ ᠠᠹᠷᠢᠺᠠ᠂ ᠹᠣᠰᠹᠣᠷ᠂ ᠮᠠᠯᠳᠡᠢᠹ (ᠤᠯᠤᠰ ᠤ᠋ᠨ ᠨᠡᠷ᠎ᠡ) ᠭᠡᠬᠦ ᠮᠡᠲᠦ᠃

  26 ᠺ ᠭᠡᠢᠭᠦᠯᠦᠭᠴᠢ
 《ᠺ᠊》 ᠭᠡᠢᠭᠦᠯᠦᠭᠴᠢ ᠨᠢ ᠬᠡᠯᠡᠨ ᠦ᠌ ᠤᠭ ᠤ᠋ᠨ ᠬᠠᠮᠵᠢᠨ ᠲᠠᠰᠤᠷᠠᠨ ᠥᠭᠦᠯᠡᠭᠳᠡᠬᠦ ᠴᠢᠩᠭ᠎ᠠ ᠭᠡᠢᠭᠦᠯᠦᠭᠴᠢ ᠮᠥᠨ
 《ᠺ᠊》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠺ᠊》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠺ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ᠎ᠲᠦ《᠊ᠺ》 ᠳᠦᠷᠰᠦ ᠪᠡᠷ ᠪᠢᠴᠢᠭᠳᠡᠨ᠎ᠡ᠃
ᠵᠢᠱ᠌ᠢᠶᠡᠯᠡᠪᠡᠯ᠄ ᠺᠧᠭᠤᠸᠠᠨ᠂ ᠺᠢᠨᠣ᠋᠂ ᠺᠦᠸᠡᠢᠪᠡᠷ᠂ ᠺᠠᠯᠢ᠂ ᠺᠠᠲ᠋ᠣᠯᠢᠭ᠂ ᠠᠮᠧᠷᠢᠺᠠ᠂ ᠰᠧᠺᠦ᠋ᠨ᠋ᠳ᠋᠂ ᠪᠠᠺᠲ᠋ᠧᠷᠢ᠂ ᠹᠢᠽᠢᠺ᠂ ᠭᠡᠬᠦ ᠮᠡᠲᠦ᠃

 27 ᠾ ᠭᠡᠢᠭᠦᠯᠦᠭᠴᠢ
  《ᠾ》 ᠭᠡᠢᠭᠦᠯᠦᠭᠴᠢ ᠨᠢ ᠬᠡᠯᠡᠨ ᠦ᠌ ᠤᠭ ᠢ᠋ᠶ᠋ᠠᠷ ᠱᠦᠷᠭᠦᠭᠡᠨ ᠦᠭᠦᠯᠡᠭᠳᠡᠬᠦ ᠴᠢᠩᠭ᠎ᠠ ᠭᠡᠢᠭᠦᠯᠦᠭᠴᠢ ᠮᠥᠨ᠃
  《ᠾ》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠾ》᠂ ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠾ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠾ》 ᠳᠦᠷᠰᠦ ᠪᠡᠷ ᠪᠢᠴᠢᠭᠳᠡᠨ᠎ᠡ᠃
      ᠵᠢᠱ᠌ᠢᠶᠡᠯᠡᠪᠡᠯ᠄ ᠾᠧ ᠪᠧᠢ᠂ ᠾᠷᠢᠰᠲ᠋ᠣᠰ᠂ ᠾᠧᠺᠲ᠋ᠠᠷ (ᠭᠠᠵᠠᠷ ᠤ᠋ᠨ ᠬᠡᠮᠵᠢᠶ᠎ᠡ) ᠭᠡᠬᠦ ᠮᠡᠲᠦ᠃

28 ᠼ ᠭᠡᠢᠭᠦᠯᠦᠭᠴᠢ
   《ᠼ》 ᠭᠡᠢᠭᠦᠯᠦᠭᠴᠢ ᠶ᠋ᠢ ᠬᠡᠯᠡᠨ ᠦ᠌ ᠦᠵᠦᠭᠦᠷ ᠦ᠋ᠨ ᠬᠠᠮᠵᠢᠨ ᠱᠦᠷᠭᠦᠭᠡᠨ ᠦᠭᠦᠯᠡᠭᠳᠡᠬᠦ ᠴᠢᠩᠭ᠎ᠠ ᠭᠡᠢᠭᠦᠯᠦᠭᠴᠢ ᠮᠥᠨ᠃
   《ᠼ》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠼ》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠼ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠼ》 ᠳᠦᠷᠰᠦ ᠪᠡᠷ ᠪᠢᠴᠢᠭᠳᠡᠨ᠎ᠡ᠃ ᠵᠢᠱ᠌ᠢᠶᠡᠯᠡᠪᠡᠯ᠄ ᠼᠠᠨᠮᠤ᠂ ᠹᠷᠠᠨᠼᠢ ᠭᠡᠬᠦ ᠮᠡᠲᠦ᠃

  29 ᠽ ᠭᠡᠢᠭᠦᠯᠦᠭᠴᠢ
《ᠽ》 ᠭᠡᠢᠭᠦᠯᠦᠭᠴᠢ ᠨᠢ ᠬᠡᠯᠡᠨ ᠦ᠌ ᠦᠵᠦᠭᠦᠷ ᠦ᠋ᠨ ᠬᠠᠮᠵᠢᠨ ᠱᠦᠷᠭᠦᠭᠡᠨ ᠦᠭᠦᠯᠡᠭᠳᠡᠬᠦ ᠰᠤᠯᠠ ᠭᠡᠢᠭᠦᠯᠦᠭᠴᠢ ᠮᠥᠨ᠃
《ᠽ》 ᠭᠡᠢᠭᠦᠯᠦᠭᠴᠢ ᠨᠢ ᠦᠭᠡ ᠶ᠋ᠢᠨ ᠡᠬᠢᠨ ᠳ᠋ᠦ᠍《ᠽ》 ᠳᠦᠷᠰᠦ ᠪᠡᠷ ᠪᠢᠴᠢᠭᠳᠡᠬᠦ ᠪᠠ ᠦᠭᠡ ᠶ᠋ᠢᠨ ᠳᠤᠮᠳᠠ《᠊ᠽ᠊》 ᠳᠦᠷᠰᠦ ᠪᠡᠷ ᠪᠢᠴᠢᠭᠳᠡᠵᠦ᠂ ᠦᠭᠡ ᠶ᠋ᠢᠨ ᠠᠳᠠᠭ ᠲᠤ᠌《᠊ᠽ》 ᠳᠦᠷᠰᠦ ᠪᠡᠷ ᠪᠢᠴᠢᠭᠳᠡᠨ᠎ᠡ᠃
ᠵᠢᠱ᠌ᠢᠶᠡᠯᠡᠪᠡᠯ᠄ ᠽᠠᠨᠳᠠᠨ᠂ ᠠᠽᠢ᠂ ᠲᠠᠩᠽ᠂ ᠨᠢᠽᠢ᠂ ᠮᠠᠦ᠋ᠽᠧᠷ ᠭᠡᠬᠦ ᠮᠡᠲᠦ᠃
ᠡᠭᠦᠨ ᠡᠴᠡ ᠭᠠᠳᠠᠨ᠎ᠠ《ᡁᠢ》᠂《ᡂᠢ》᠂《ᠱᠢ》《ᠿᠢ》 ᠭᠡᠬᠦ ᠮᠡᠲᠦ ᠪᠡᠷ ᠬᠢᠲᠠᠳ ᠠᠶᠠᠯᠭᠤ ᠶ᠋ᠢ ᠲᠡᠮᠳᠡᠭᠯᠡᠬᠦ ᠦᠰᠦᠭ ᠢ᠋ ᠨᠡᠮᠡᠵᠦ ᠣᠷᠣᠭᠤᠯᠤᠭᠰᠠᠨ ᠠ᠋ᠴᠠ ᠨᠡᠢᠲᠡ ᠭᠤᠴᠢᠨ ᠭᠤᠷᠪᠠᠨ ᠦᠰᠦᠭ ᠲᠡᠢ ᠪᠣᠯᠵᠠᠢ᠃

   ᠦᠰᠦᠭ ᠠᠮᠢᠯᠠᠭᠤᠯᠤᠭᠴᠢ᠄ ᠪᠠᠶᠠᠨᠴᠡᠴᠡᠭ᠂ ᠨᠠᠷᠠᠨᠲᠤᠶᠠᠭ᠎ᠠ᠂ ᠤᠷᠠᠨᠴᠢᠮᠡᠭ᠂ ᠬᠡᠷᠡᠢᠳ· ᠮᠥᠩᠬᠡᠨᠠᠰᠤᠨ᠂ ᠬᠡᠯᠡᠰᠣᠶᠣᠯ (ᠪᠤᠤ ᠵᠢᠨ ᠬᠤᠸᠠ)᠂ ᠮᠥᠩᠭᠥᠨ᠂ ᠴᠠᠬᠠᠷ ᠪᠠᠲᠤ
   ᠬᠢᠨᠠᠭᠴᠢ᠄ ᠣᠳᠬᠠᠨᠰᠣ᠎ᠠ᠂ ᠨᠠᠷᠠᠨ᠂ ᠰᠡᠬᠡᠭᠡᠷᠡᠯ᠂ ᠪᠠᠶᠠᠨᠴᠡᠴᠡᠭ᠂ ᠬᠡᠯᠡᠰᠤᠶᠤᠯ᠂ ᠲ᠂ ᠬᠦᠮᠦᠵᠢᠯᠲᠦ