ᠪᠠᠲᠤ ᠬᠠᠭᠠᠨ -ᠭᠠᠷᠴᠠᠭ ᠪᠠ ᠡᠮᠦᠨᠡᠬᠢ ᠥᠭᠦᠯᠡᠯ Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ -ᠭᠠᠷᠴᠠᠭ ᠪᠠ ᠡᠮᠦᠨᠡᠬᠢ ᠥᠭᠦᠯᠡᠯ Бат хаан-ᠷᠣᠮᠠᠨ

ᠪᠠᠲᠤ ᠬᠠᠭᠠᠨ -ᠭᠠᠷᠴᠠᠭ ᠪᠠ ᠡᠮᠦᠨᠡᠬᠢ ᠥᠭᠦᠯᠡᠯ Бат хаан-ᠷᠣᠮᠠᠨ

ᠠᠩᠭᠢᠯᠠᠯ:ᠲᠤᠭᠤᠵᠢ ᠷᠣᠮᠠᠨ
2025-08-16

1255

[ ᠣᠷᠣᠰ ] ᠸ᠂ ᠶᠠᠨᠴᠸᠸᠢᠼᠺᠢ ᠵᠣᠬᠢᠶᠠᠪᠠ
[ ᠮᠣᠩᠭᠣᠯ ] ᠪᠠᠨᠽᠠᠷᠠᠭᠴᠠ ᠱ• ᠴᠡᠪᠡᠭ ᠨᠠᠷ ᠣᠷᠴᠢᠭᠤᠯᠪᠠ

ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠰᠢᠨᠬᠤᠸᠠ ᠬᠡᠪᠯᠡᠬᠦ ᠦᠢᠯᠡᠳᠪᠦᠷᠢ ᠬᠡᠪᠯᠡᠪᠡ

1980 ᠣᠨ ᠤ᠋ 4 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1982 ᠣᠨ ᠤ᠋ 1 ᠰᠠᠷ᠎ᠠ ᠳ᠋ᠤ᠌ ᠬᠣᠶᠠᠳᠤᠭᠠᠷ ᠤᠳᠠᠭ᠎ᠠ ᠬᠡᠪᠯᠡᠪᠡ

ᠵᠣᠬᠢᠶᠠᠭᠴᠢ ᠶ᠋ᠢᠨ ᠲᠡᠮᠳᠡᠭᠯᠡᠯ

  ᠣᠩᠰᠢᠬᠴᠢᠳ ᠠ᠋! ᠡᠨᠡ ᠨᠣᠮ ᠪᠣᠯ ᠬᠠᠢᠷ᠎ᠠ ᠨᠠᠢᠷ ᠦᠭᠡᠢ ᠳᠣᠪᠲᠣᠯᠤᠭᠰᠠᠨ ᠬᠠᠷᠢ ᠶ᠋ᠢᠨ ᠪᠠᠢᠯᠳᠤᠨ ᠳᠠᠭᠠᠭᠤᠯᠤᠭᠴᠢᠳ ᠠ᠋ᠴᠠ ᠲᠥᠷᠥᠯᠬᠢ ᠨᠤᠲᠤᠭ ᠢ᠋ᠶ᠋ᠠᠨ ᠠᠶᠤᠮᠰᠢᠭ ᠦᠭᠡᠢ ᠪᠡᠷ ᠬᠠᠮᠠᠭᠠᠯᠠᠵᠤ ᠪᠠᠢᠭᠰᠠᠨ ᠣᠷᠣᠰ ᠤ᠋ᠨ ᠠᠷᠠᠳ ᠲᠦᠮᠡᠨ ᠦ᠌ ᠡᠷᠡᠯᠬᠡᠭ ᠵᠣᠷᠢᠭ ᠬᠥᠯᠪᠡᠷᠢᠰᠢ ᠦᠭᠡᠢ ᠪᠠᠢᠭᠰᠠᠨ ᠢ᠋ ᠥᠭᠦᠯᠡᠨ᠎ᠡ᠃

ᠲᠡᠷᠡ ᠦᠶᠡᠰ᠂ ᠣᠷᠣᠰᠴᠤᠳ ᠡᠪ ᠨᠢᠭᠡᠳᠦᠯ ᠦᠭᠡᠢ ᠪᠠᠢᠭᠰᠠᠨ ᠪᠣᠯᠪᠠᠴᠤ ᠬᠡᠨ ᠳ᠋ᠦ᠍ ᠴᠦ᠍ ᠪᠠᠭᠤᠵᠤ ᠦᠭᠭᠦᠯ ᠦᠭᠡᠢ ᠥᠪᠡᠷ ᠦ᠋ᠨ ᠭᠠᠵᠠᠷ ᠨᠤᠲᠤᠭ᠂ ᠭᠡᠷᠭᠡᠢ ᠬᠡᠦᠬᠡᠳ᠂ ᠡᠷᠬᠡ ᠴᠢᠯᠥᠭᠡ ᠪᠡᠨ ᠬᠠᠮᠠᠭᠠᠯᠠᠵᠤ ᠲᠡᠮᠡᠴᠡᠭᠰᠡᠭᠡᠷ ᠭᠡᠷ ᠦ᠋ᠨ ᠢ᠋ᠶ᠋ᠡᠨ ᠪᠣᠱᠣᠭ᠎ᠠ ᠶ᠋ᠢᠨ ᠡᠮᠦᠨ᠎ᠡ ᠦᠬᠦᠵᠦ ᠪᠠᠢᠯ᠎ᠠ᠃

ᠡᠨᠡ ᠲᠣᠭᠣᠵᠢ ᠶ᠋ᠢᠨ ᠪᠠᠭᠠᠲᠤᠷ ᠳ᠋ᠶ᠋ᠺᠤᠷᠤᠰ᠂ ᠲᠣᠷᠣᠫᠺᠠ᠂ ᠽᠪᠶᠠᠭ᠎ᠠ᠂ ᠪᠠᠭᠠᠲᠤᠷ ᠶᠸᠸᠫᠠᠲ ᠺᠣᠯᠣᠸᠷᠠᠲ᠂ ᠸᠸᠱᠨᠢᠶᠠᠩᠺᠠ᠂ ᠤᠫᠠᠯᠸᠨᠢᠬ᠎ᠠ ᠨᠠᠷ ᠰᠢᠭ᠋ ᠬᠥᠮᠦᠰ ᠣᠯᠠᠨ ᠪᠠᠢᠨ᠎ᠠ᠃ ᠣᠷᠣᠰ ᠬᠥᠮᠦᠰ ᠴᠥᠮ ᠲᠡᠭᠡᠵᠦ ᠲᠡᠮᠡᠴᠡᠵᠦ ᠪᠠᠢᠭᠰᠠᠨ ᠶᠤᠮ᠃

ᠷᠢᠨᠽᠡᠨ ᠨᠤᠲᠤᠭ ᠤ᠋ᠨ ᠵᠣᠷᠢᠭᠲᠤ ᠪᠠᠭᠠᠲᠤᠷ ᠶᠸᠸᠫᠠᠲ ᠺᠣᠯᠣᠸᠷᠠᠲ ᠤ᠋ᠨ ᠳᠤᠷᠠᠰᠬᠠᠯ ᠨᠢ ᠠᠷᠠᠳ ᠲᠦᠮᠡᠨ ᠦ᠌ ᠰᠡᠳᠬᠢᠯ ᠳ᠋ᠦ᠍ ᠣᠳᠣ ᠪᠣᠯᠲᠠᠯ᠎ᠠ ᠮᠥᠩᠬᠡ ᠪᠥᠭᠡᠳ ᠠᠷᠠᠳ ᠲᠦᠮᠡᠨ ᠪᠣᠯ ᠥᠪᠡᠷ ᠦ᠋ᠨ ᠡᠷᠲᠡᠨ ᠦ᠌ ᠪᠠᠭᠠᠲᠤᠷᠴᠤᠳ ᠪᠠ ᠲᠥᠷᠥᠯᠬᠢ ᠶ᠋ᠢᠨ ᠡᠷᠬᠡ ᠴᠢᠯᠥᠭᠡᠲᠦ ᠣᠷᠣᠨ ᠤ᠋ ᠬᠠᠮᠠᠭᠠᠯᠠᠭᠴᠢᠳ ᠲᠡᠭᠦᠨ ᠦ᠌ ᠠᠭᠤᠤ ᠶᠡᠬᠡ ᠪᠠᠢᠭᠤᠯᠤᠭᠴᠢᠳ ᠢ᠋ ᠳᠤᠷᠠᠰᠤᠨ ᠰᠠᠨᠠᠵᠤ ᠥᠨᠳᠥᠷ ᠢ᠋ᠶ᠋ᠡᠷ ᠦᠨᠡᠯᠡᠨ ᠦᠵᠡᠳᠡᠭ ᠶᠦ᠍ᠮ᠃

ᠭᠠᠷᠴᠠᠭ

ᠰ᠂ ᠪᠠᠾᠷᠤᠰᠢᠨ— ᠡᠮᠦᠨᠡᠬᠢ ᠥᠭᠦᠯᠡᠯ

ᠨᠢᠭᠡᠳᠦᠭᠡᠷ ᠪᠦᠯᠦᠭ ᠴᠢᠩᠭᠢᠰ ᠬᠠᠭᠠᠨ ᠤ᠋ ᠭᠡᠷᠢᠶᠡᠰ

ᠨᠢᠭᠡ ᠳᠣᠷᠣᠨ᠎ᠠ ᠳ᠋ᠠᠬᠢᠨ ᠤ᠋ ᠲᠡᠦᠬᠡ ᠲᠡᠮᠳᠡᠭᠯᠡᠭᠴᠢ ᠶ᠋ᠢᠨ ᠣᠪᠣᠬᠠᠢ ᠳᠣᠲᠣᠷ᠎ᠠ᠁᠁᠂(19)
ᠬᠣᠶᠠᠷ ᠬᠠᠷᠠᠩᠭᠤᠢ ᠶ᠋ᠢᠨ ᠵᠣᠴᠢᠨ᠁᠁᠁᠁᠁᠁᠁᠁᠁᠂᠂(23)
ᠭᠤᠷᠪᠠ ᠮᠣᠷᠢ ᠦᠭᠡᠢ ᠬᠥᠮᠦᠨ ᠮᠣᠬᠣᠳᠠᠭ᠁᠁᠁᠁᠁᠁᠁᠃᠂(27)
ᠳᠥᠷᠪᠡ ᠳ᠋ᠵᠢᠬᠢᠲ ᠦ᠋ᠨ ᠠᠮᠢᠳᠤᠷᠠᠯ ᠤ᠋ᠨ ᠵᠠᠮ᠁᠁᠁᠁᠁᠁᠁᠂(31)
ᠲᠠᠪᠤ ᠮᠣᠩᠭᠣᠯᠴᠤᠳ ᠠᠶᠠᠨ ᠲᠡᠢᠨ ᠳ᠋ᠦ᠍ ᠪᠡᠯᠡᠳᠬᠡᠪᠡ᠁᠁᠁᠁᠁᠁᠂(39)
ᠵᠢᠷᠭᠤᠭ᠎ᠠ ᠳᠡᠢᠯᠦᠭᠳᠡᠰᠢ ᠦᠭᠡᠢ ᠵᠠᠩᠵᠤᠨ᠁᠁᠁᠁᠁᠁᠁᠂᠂(41)
ᠳᠣᠯᠣᠭ᠎ᠠ ᠢᠮᠠᠮ ᠨᠠᠷ ᠭᠠᠢᠬᠠᠰᠢ ᠲᠠᠰᠤᠷᠠᠪᠠ᠁᠁᠁᠁᠁᠁᠁᠂(45)
ᠨᠠᠢ᠍ᠮᠠ ᠬᠥᠶᠦᠭ ᠬᠠᠭᠠᠨ ᠤ᠋ ᠪᠠᠩᠵᠠ᠁᠁᠁᠁᠁᠁᠁᠁᠃᠂(48)
ᠶᠢᠰᠦ ᠵᠣᠷᠢᠭᠲᠤ ᠨᠠᠽᠠᠷ — ᠺᠢᠶᠠᠷᠢᠽᠸᠺ᠁᠁᠁᠁᠁᠃᠃᠂᠂(52
ᠠᠷᠪᠠ ᠬᠠᠭᠠᠨ ᠤ᠋ ᠬᠠᠢᠷ᠎ᠠ᠁᠁᠁᠁᠁᠁᠁᠁᠁᠁᠂(55)
ᠠᠷᠪᠠᠨ ᠨᠢᠭᠡ ᠮᠣᠷᠢᠨ ᠤ᠋ ᠮᠥᠷ ᠢ᠋ᠶ᠋ᠡᠷ᠁᠁᠁᠁᠁᠁᠁᠁᠂(60)
ᠠᠷᠪᠠᠨ ᠬᠣᠶᠠᠷ ᠴᠠᠭᠠᠨ ᠮᠣᠷᠢ᠁᠁᠁᠁᠁᠁᠁᠁᠁᠃(64)
ᠠᠷᠪᠠᠨ ᠭᠤᠷᠪᠠ ᠠᠳᠤᠭᠤᠴᠢᠨ ᠠᠬ᠎ᠠ ᠳᠡᠭᠦᠦ ᠨᠠᠷ᠁᠁᠁᠁᠁᠁(69)
ᠠᠷᠪᠠᠨ ᠳᠥᠷᠪᠡ ᠡᠮᠨᠢᠭ ᠮᠣᠷᠢ ᠰᠤᠷᠭᠠᠭᠰᠠᠨ ᠨᠢ᠁᠁᠁᠁᠁᠁(72)
ᠠᠷᠪᠠᠨ ᠲᠠᠪᠤ ᠰᠢᠳᠤᠷᠭᠤ ᠰᠢᠭᠦᠭᠴᠢ᠁᠁᠁᠁᠁᠁᠁᠁᠃(78)
ᠠᠷᠪᠠᠨ ᠵᠢᠷᠭᠤᠭ᠎ᠠ ᠡᠬᠡᠨᠡᠷ ᠦ᠋ᠨ ᠰᠠᠨᠠᠭᠤᠯᠭ᠎ᠠ᠁᠁᠁᠁᠁᠁᠁(84)
ᠠᠷᠪᠠᠨ ᠳᠣᠯᠣᠭ᠎ᠠ ᠶᠦᠯᠳᠥ᠋ᠽ᠁᠁᠁᠁᠁᠁᠁᠁᠁᠂(87)
ᠠᠷᠪᠠᠨ ᠨᠠᠢ᠍ᠮᠠ ᠪᠦᠬᠦ ᠳ᠋ᠸᠷᠸᠢᠱ ᠨᠠᠷ ᠢ᠋ ᠬᠤᠷᠠᠯᠳᠤᠭᠤᠯᠰᠤᠭᠠᠢ᠁᠁᠁᠁᠂(91)
ᠠᠷᠪᠠ ᠶᠢᠰᠦ ᠪᠠᠢᠯᠳᠤᠨ ᠳᠠᠭᠠᠭᠤᠯᠤᠭᠴᠢᠳ ᠤ᠋ᠨ ᠬᠦᠰᠡᠯ᠁᠁᠁᠁᠁(96)
ᠬᠣᠷᠢ ᠳ᠋ᠵᠢᠬᠠᠩᠬᠢᠷ — ᠳᠡᠯᠡᠬᠡᠢ ᠳ᠋ᠠᠬᠢᠨ ᠢ᠋ ᠡᠵᠡᠯᠡᠭᠴᠢ ᠮᠥᠨ᠁᠁᠁᠃(102)
ᠬᠣᠷᠢᠨ ᠨᠢᠭᠡ ᠶᠡᠷᠦᠩᠬᠡᠢ ᠤᠳᠤᠷᠢᠳᠤᠭᠴᠢ ᠶ᠋ᠢᠨ ᠰᠣᠩᠭᠣᠭᠤᠯᠢ᠁᠁᠁᠁(106)

ᠬᠣᠶᠠᠳᠤᠭᠠᠷ ᠪᠦᠯᠦᠭ ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ

ᠨᠢᠭᠡ ᠴᠡᠷᠢᠭ ᠮᠣᠷᠳᠠᠯ᠎ᠠ᠁᠁᠁᠁᠁᠁᠁᠁᠁᠁(114)
ᠬᠣᠶᠠᠷ ᠵᠠᠮ ᠳ᠋ᠤ᠌᠁᠁᠁᠁᠁᠁᠁᠁᠁᠁᠁᠃(119)
ᠭᠤᠷᠪᠠ  ᠬᠣᠴᠣᠷᠤᠭᠰᠠᠨ ᠬᠥᠮᠦᠨ ᠬᠣᠬᠢᠷᠠᠳᠠᠭ᠁᠁᠁᠁᠁᠁᠂(123)
ᠳᠥᠷᠪᠡ  ᠪᠣᠢᠳᠠ ᠴᠦᠯ ᠳ᠋ᠦ᠍ ᠭᠠᠭᠴᠠᠭᠠᠷ ᠢ᠋ᠶ᠋ᠠᠨ᠁᠁᠁᠁᠁᠁᠂(128)
ᠲᠠᠪᠤ   ᠤᠯᠤᠰ ᠤ᠋ᠨ ᠡᠭᠦᠳᠡ᠁᠁᠁᠁᠁᠁᠁᠁᠁᠁᠃(131)
ᠵᠢᠷᠭᠤᠭ᠎ᠠ   ᠪᠠᠲᠤ ᠬᠠᠭᠠᠨ ᠤ᠋ ᠳᠣᠯᠣᠭᠠᠨ ᠣᠳᠣᠨ᠁᠁᠁᠁᠁᠁᠃(136)
ᠳᠣᠯᠣᠭ᠎ᠠ   ᠳᠣᠯᠣᠳᠤᠭᠠᠷ ᠣᠳᠣ᠁᠁᠁᠁᠁᠁᠁᠁᠁᠃(140)
ᠨᠠᠢ᠍ᠮᠠ   ᠳ᠋ᠵᠢᠬᠠᠩᠬᠢᠷ ᠲᠠᠢ ᠶᠠᠷᠢᠯᠴᠠᠭᠰᠠᠨ ᠲᠤᠬᠠᠢ᠁᠁᠁᠁᠁᠁᠃(145)
ᠶᠢᠰᠦ   ᠴᠢᠩᠭᠢᠰ ᠬᠠᠭᠠᠨ ᠤ᠋ ᠠᠴᠢ ᠦᠷᠡᠰ ᠦ᠋ᠨ ᠶᠡᠬᠡ ᠴᠢᠭᠤᠯᠭᠠᠨ᠁᠁᠁᠃(150)
ᠠᠷᠪᠠ   ᠢᠵᠢᠯ ᠮᠥᠷᠡᠨ ᠦ᠌ ᠡᠷᠭᠢ ᠳᠡᠭᠡᠷ᠎ᠡ᠁᠁᠁᠁᠁᠁᠁᠃(161)
ᠠᠷᠪᠠᠨ ᠨᠢᠭᠡ   ᠸᠠᠸᠢᠯ ᠡᠪᠦᠭᠡᠨ᠁᠁᠁᠁᠁᠁᠁᠁᠁᠃(167)
ᠠᠷᠪᠠᠨ ᠬᠣᠶᠠᠷ   ᠢᠵᠢᠯ ᠮᠥᠷᠡᠨ ᠢ᠋ ᠭᠠᠲᠤᠯᠤᠭᠰᠠᠨ ᠨᠢ᠁᠁᠁᠁᠁᠃(173)
ᠠᠷᠪᠠᠨ ᠭᠤᠷᠪᠠ   ᠴᠢᠰᠤᠲᠤ ᠰᠣᠯᠢᠷ᠁᠁᠁᠁᠁᠁᠁᠁᠁(179)
ᠠᠷᠪᠠᠨ ᠳᠥᠷᠪᠡ    ᠦᠷᠡᠺᠡ ᠠᠭᠤᠯᠠ ᠶ᠋ᠢᠨ ᠡᠪᠦᠭᠡᠨ ᠪᠥᠬᠡ᠁᠁᠁᠁᠃(185)
ᠠᠷᠪᠠᠨ ᠲᠠᠪᠤ   ᠮᠣᠩᠭᠣᠯ ᠴᠡᠷᠢᠭ ᠦ᠋ᠨ ᠨᠠᠭᠠᠳᠤᠮ᠁᠁᠁᠁᠁᠁᠁(193)
ᠠᠷᠪᠠᠨ ᠵᠢᠷᠭᠤᠭ᠎ᠠ   ᠠᠶᠤᠯᠲᠤ ᠰᠥᠨᠢ᠁᠁᠁᠁᠁᠁᠁᠁᠃(196)
ᠠᠷᠪᠠᠨ ᠳᠣᠯᠣᠭ᠎ᠠ   ᠬᠠᠭᠠᠨ ᠢᠲ᠋ᠢᠯᠢ ᠶ᠋ᠢᠨ ᠲᠤᠬᠠᠢ᠁᠁᠁᠁᠁᠁᠂(201)

ᠭᠤᠷᠪᠠᠳᠤᠭᠠᠷ ᠪᠦᠯᠦᠭ   ᠮᠣᠩᠭᠣᠯᠴᠤᠳ ᠣᠷᠣᠰ ᠲᠡᠰᠢ ᠬᠥᠳᠡᠯᠪᠡ

ᠨᠢᠭᠡ   ᠣᠢ ᠶ᠋ᠢᠨ ᠠᠬᠠᠯᠠᠭᠴᠢ᠁᠁᠁᠁᠁᠁᠁᠁᠁᠁(213)
ᠬᠣᠶᠠᠷ ᠣᠷᠴᠢᠯᠠᠩᠲᠤ ᠶᠢᠷᠲᠢᠨᠴᠦ ᠡᠴᠡ ᠢᠷᠡᠭᠴᠢᠳ᠁᠁᠁᠁᠁᠁᠂᠂( 217 )
ᠭᠤᠷᠪᠠ ᠠᠶᠤᠯ ᠤ᠋ᠨ ᠠᠩᠬᠠᠳᠤᠭᠠᠷ ᠳᠣᠬᠢᠶ᠎ᠠ᠁᠁᠁᠁᠁᠁᠁᠁᠂( 221)
ᠳᠥᠷᠪᠡ ᠵᠡᠷᠯᠢᠭ ᠲᠠᠯ᠎ᠠ ᠳ᠋ᠤ᠌ ᠣᠳᠪᠠ᠁᠁᠁᠁᠁᠁᠁᠁᠁( 224 )
ᠲᠠᠪᠤ ᠠᠷᠠᠳ ᠤ᠋ᠨ ᠬᠢᠯᠢᠩ᠁᠁᠁᠁᠁᠁᠁᠁᠁᠁᠁᠂( 227)
ᠵᠢᠷᠭᠤᠭ᠎ᠠ ᠷᠶᠠᠽᠠᠨ ᠤ᠋ ᠬᠤᠷᠠᠯ᠁᠁᠁᠁᠁᠁᠁᠁᠁᠁᠂( 231 )
ᠳᠣᠯᠣᠭ᠎ᠠ ᠲᠠᠲ᠋ᠠᠷ ᠤ᠋ᠨ ᠡᠯᠴᠢᠨ ᠨᠠᠷ᠁᠁᠁᠁᠁᠁᠁᠁᠁᠂᠂( 236 )
ᠨᠠᠢ᠍ᠮᠠ ᠵᠡᠷᠯᠢᠭ ᠲᠠᠯ᠎ᠠ ᠳ᠋ᠤ᠌᠁᠁᠁᠁᠁᠁᠁᠁᠁᠁᠁᠂( 242)
ᠶᠢᠰᠦ ᠲᠠᠲ᠋ᠠᠷ ᠤ᠋ᠳ ᠺᠠᠯᠮᠢᠶᠦᠢ᠍ᠰᠺ ᠦ᠋ᠨ ᠲᠠᠯ᠎ᠠ ᠪᠠᠷ ᠶᠠᠪᠤᠵᠠᠢ᠁᠁᠁᠁᠁᠁( 249 )
ᠠᠷᠪᠠ ᠲᠠᠲ᠋ᠠᠷ ᠤ᠋ᠨ ᠲᠦᠷᠦᠭᠦᠴᠢ ᠶ᠋ᠢᠨ ᠵᠠᠭᠤᠲᠤ ᠳᠣᠲᠣᠷ᠎ᠠ᠁᠁᠁᠁᠁᠂᠂( 254 )
ᠠᠷᠪᠠᠨ ᠨᠢᠭᠡ ᠣᠷᠣᠰ ᠤ᠋ᠨ ᠠᠩᠬᠠᠳᠤᠭᠠᠷ ᠣᠯᠵᠠᠯᠠᠭᠳᠠᠭᠰᠠᠨ ᠬᠥᠮᠦᠨ᠁᠁᠁᠃ (260 )

ᠳᠥᠷᠪᠡᠳᠦᠭᠡᠷ ᠪᠦᠯᠦᠭ ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ ᠨᠢ

ᠨᠢᠭᠡ ᠣᠷᠣᠰ ᠤ᠋ᠨ ᠡᠯᠴᠢᠨ ᠪᠠᠲᠤ ᠬᠠᠭᠠᠨ ᠳ᠋ᠤ᠌ ᠢᠷᠡᠪᠡ᠁᠁᠁᠁᠁᠃( 266)
ᠬᠣᠶᠠᠷ ᠸᠣᠷᠣᠨᠸᠵ ᠳᠠᠬᠢ ᠲᠠᠲ᠋ᠠᠷ ᠤ᠋ᠨ ᠮᠠᠭ᠌ᠸᠷ ᠲᠤ᠌᠁᠁᠁᠁᠁᠁᠂( 273 )
ᠭᠤᠷᠪᠠ ᠮᠣᠩᠭᠣᠯᠴᠤᠳ ᠲᠠᠢ ᠲᠠᠢᠪᠤᠩ ᠢ᠋ᠶ᠋ᠠᠷ ᠤᠴᠠᠷᠠᠭᠰᠠᠨ ᠨᠢ᠁᠁᠁᠁( 286 )
ᠳᠥᠷᠪᠡ ᠣᠷᠢᠭᠢ ᠶ᠋ᠢᠨ ᠰᠢᠭᠤᠷᠭ᠎ᠠ᠁᠁᠁᠁᠁᠁᠁᠁᠃( 293 )
ᠲᠠᠪᠤ ᠮᠣᠩᠭᠣᠯᠴᠤᠳ ᠳᠠᠪᠰᠢᠪᠠ ᠁᠁᠁᠁᠁᠁᠁᠁᠁᠁( 305 )
ᠵᠢᠷᠭᠤᠭ᠎ᠠ ᠸᠠᠩ ᠤ᠋ᠨ ᠬᠠᠲᠤᠨ ᠶᠸᠸᠫᠷᠠᠺᠰᠸᠶᠦᠢ᠍ᠱᠺᠠ᠁᠁᠁᠁᠁᠁᠂( 308 )
ᠳᠣᠯᠣᠭ᠎ᠠ ᠣᠯᠵᠠᠯᠠᠭᠳᠠᠭᠰᠠᠨ ᠮᠣᠩᠭᠣᠯᠴᠤᠳ᠁᠁᠁᠁᠁᠁᠁᠃᠂( 315 )
ᠨᠠᠢ᠍ᠮᠠ ᠵᠡᠷᠯᠢᠭ ᠲᠠᠯ᠎ᠠ ᠳ᠋ᠠᠬᠢ ᠴᠣᠬᠢᠯᠲᠠ᠁᠁᠁᠁᠁᠁᠁᠁᠃( 322 )
ᠶᠢᠰᠦ ᠷᠶᠠᠽᠠᠨ ᠢ᠋ ᠪᠠᠢᠯᠳᠤᠬᠤ ᠪᠠᠷ ᠮᠣᠷᠳᠠᠯ᠎ᠠ᠁᠁᠁᠁᠁᠁᠁᠂( 327 )
ᠠᠷᠪᠠ ᠬᠡᠭᠦᠷᠲᠦ ᠲᠠᠯᠠᠪᠠᠢ᠁᠁᠁᠁᠁᠁᠁᠁᠁᠁᠁( 331 )

ᠲᠠᠪᠤᠳᠤᠭᠠᠷ ᠪᠦᠯᠦᠭ ᠷᠶᠠᠽᠠᠨ ᠤ᠋ ᠭᠠᠵᠠᠷ ᠨᠤᠲᠤᠭ ᠰᠢᠳᠡᠵᠦ ᠪᠠᠢᠨ᠎ᠠ

ᠨᠢᠭᠡ ᠰᠦᠬᠡ ᠨᠤᠭᠦᠳ ᠢ᠋ᠶ᠋ᠡᠨ ᠴᠢᠩᠭ᠎ᠠ ᠪᠠᠷᠢᠵᠠᠭᠠᠭᠲᠤᠨ᠁᠁᠁᠁᠁᠃( 335 )
ᠬᠣᠶᠠᠷ ᠷᠶᠠᠽᠠᠨ ᠤ᠋ ᠬᠡᠷᠡᠮ ᠦ᠋ᠨ ᠳᠡᠭᠡᠷ᠎ᠡ᠁᠁᠁᠁᠁᠁᠁᠁᠃( 340)
ᠭᠤᠷᠪᠠ 《ᠲᠠᠲ᠋ᠠᠷ ᠤ᠋ᠳ ᠠᠢᠰᠤᠢ 》᠁᠁᠁᠁᠁᠁᠁᠃( 345 )
ᠳᠥᠷᠪᠡ ᠷᠶᠠᠽᠠᠨ ᠢ᠋ ᠪᠦᠰᠡᠯᠡᠭᠰᠡᠨ ᠨᠢ᠁᠁᠁᠁᠁᠁᠁᠁᠂( 353 )
ᠲᠠᠪᠤ ᠨᠣᠬᠠᠢ ᠬᠤᠴᠠᠬᠤ ᠶ᠋ᠢ ᠰᠣᠨᠣᠰᠴᠤ ᠪᠠᠢᠨ᠎ᠠ ᠤᠤ?᠁᠁᠁᠁᠁᠁( 356 )
ᠵᠢᠷᠭᠤᠭ᠎ᠠ ᠬᠣᠲᠠ ᠶ᠋ᠢᠨ ᠳᠡᠷᠭᠡᠳᠡᠬᠢ ᠲᠣᠰᠬᠣᠨ ᠳ᠋ᠤ᠌᠁᠁᠁᠁᠁᠁᠂( 360 )
ᠳᠣᠯᠣᠭ᠎ᠠ 《ᠪᠢᠳᠡ ᠠᠳᠤᠭᠤᠰᠤ ᠶ᠋ᠢ ᠴᠦ᠍ ᠡᠩᠬᠦᠷᠡᠢᠯᠡᠳᠡᠭ ᠪᠢᠯᠡ 》᠁᠁᠂( 369 )
ᠨᠠᠢ᠍ᠮᠠ   ᠲᠦᠭᠰᠢᠭᠦᠷᠢᠲᠡᠢ ᠰᠥᠨᠢ ᠨᠦ᠍ᠭᠦᠳ᠁᠁᠁᠁᠁᠁᠁᠁( 373 )
ᠶᠢᠰᠦ ᠬᠡᠨ ᠦ᠌ ᠲᠡᠭᠷᠢ ᠢᠯᠡᠭᠦᠦ ᠬᠦᠴᠦᠲᠡᠢ ᠪᠣᠢ?᠁᠁᠁᠁᠁᠁᠁᠃᠂( 378 )
ᠠᠷᠪᠠ ᠷᠶᠠᠽᠠᠨ ᠤ᠋ ᠡᠴᠦᠰ ᠦ᠋ᠨ ᠡᠳᠦᠷ ᠦ᠋ᠳ ᠲᠦ᠍᠁᠁᠁᠁᠁᠁᠁᠁᠂( 385 )
ᠠᠷᠪᠠᠨ ᠨᠢᠭᠡ ᠦᠬᠦᠭᠴᠢᠳ ᠲᠠᠢ ᠰᠠᠯᠬᠤ ᠶ᠋ᠢᠨ ᠶᠣᠰᠣ ᠶ᠋ᠢ ᠭᠦᠢᠴᠡᠳᠬᠡᠭᠰᠡᠨ ᠨᠢ᠁᠁᠁᠂᠂(391)

ᠵᠢᠷᠭᠤᠳᠤᠭᠠᠷ ᠪᠦᠯᠦᠭ ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡ

ᠨᠢᠭᠡ ᠬᠢᠬᠤᠨᠠᠪᠠ᠁᠁᠁᠁᠁᠁᠁᠁᠁᠁᠁᠁᠁᠃( 400 )
ᠬᠣᠶᠠᠷ ᠸᠠᠩ ᠤ᠋ᠨ ᠭᠠᠷ ᠲᠠᠯᠪᠢᠭᠤ ᠪᠣᠯᠪᠠᠴᠤ ᠢᠪᠴᠤᠤ᠁᠁᠁᠁᠁᠁᠁᠂( 406 )
ᠭᠤᠷᠪᠠ ᠲᠠᠲ᠋ᠠᠷ ᠤ᠋ᠳ ᠣᠢᠷᠠᠬᠠᠨ ᠪᠠᠢᠨ᠎ᠠ᠁᠁᠁᠁᠁᠁᠁᠁᠁( 410 )
ᠳᠥᠷᠪᠡ ᠡᠬᠡ ᠣᠷᠣᠨ ᠢ᠋ᠶ᠋ᠠᠨ ᠬᠠᠮᠠᠭᠠᠯᠠᠬᠤ ᠬᠡᠷᠡᠭ ᠲᠦ᠍ ᠰᠢᠮᠳᠠᠭᠲᠤᠨ᠁᠁᠁᠁᠃( 419 )
ᠲᠠᠪᠤ ᠮᠣᠰᠺᠸᠠ ᠤᠷᠤᠭᠤ ᠶᠠᠪᠤᠵᠠᠭᠠᠶ᠎ᠠ᠁᠁᠁᠁᠁᠁᠁᠁᠁᠁( 425 )
ᠵᠢᠷᠭᠤᠭ᠎ᠠ ᠪᠠᠲᠤ ᠬᠠᠭᠠᠨ ᠬᠠᠷᠢ ᠭᠠᠵᠠᠷ ᠤ᠋ᠨ ᠬᠤᠳᠠᠯᠳᠤᠭᠠᠴᠢᠳ ᠢ᠋ ᠡᠷᠭᠢᠯᠡᠭᠦᠯᠵᠦ ᠪᠠᠢᠨ᠎ᠠ᠁( 435 )
ᠳᠣᠯᠣᠭ᠎ᠠ ᠬᠠᠭᠠᠨ ᠺᠶᠤᠢ᠍ᠯᠭᠡᠨ ᠺᠣᠯᠤᠮᠤᠨ ᠤ᠋ ᠳᠡᠭᠡᠷ᠎ᠡ᠁᠁᠁᠁᠁᠁᠁᠁( 451 )
ᠨᠠᠢ᠍ᠮᠠ ᠠᠪᠠᠯᠠᠷ᠎ᠠ ᠮᠣᠷᠳᠠᠭᠰᠠᠨ ᠨᠢ᠁᠁᠁᠁᠁᠁᠁᠁᠁᠁᠃( 460 )
ᠶᠢᠰᠦ ᠪᠠᠲᠤ ᠬᠠᠭᠠᠨ ᠤ᠋ ᠬᠢᠯᠢᠩᠨᠡᠯ᠁᠁᠁᠁᠁᠁᠁᠁᠁᠁᠃( 469 )
ᠠᠷᠪᠠ ᠵᠡᠷᠯᠢᠭ ᠦ᠋ᠳ ᠨᠡᠢᠰᠯᠡᠯ ᠬᠣᠲᠠ ᠳ᠋ᠤ᠌ ᠠᠶᠤᠯ ᠢ᠋ ᠤᠴᠠᠷᠠᠭᠤᠯᠪᠠ᠁᠁᠁᠁᠂( 475 )
ᠠᠷᠪᠠᠨ ᠨᠢᠭᠡ ᠭ᠌ᠷᠸᠢᠭ᠌ ᠣᠷᠣᠰ ᠤ᠋ᠨ ᠰᠤᠷᠭᠠᠭᠤᠯᠢ ᠳ᠋ᠤ᠌᠁᠁᠁᠁᠁᠁᠁᠂( 479 )
ᠠᠷᠪᠠᠨ ᠬᠣᠶᠠᠷ ᠸᠯᠠᠳᠢᠮᠢᠷ ᠬᠣᠲᠠ ᠶ᠋ᠢᠨ ᠭᠤᠨᠢᠭᠲᠤ ᠡᠳᠦᠷ ᠦ᠋ᠳ᠁᠁᠁᠁᠁᠁( 483 )
ᠠᠷᠪᠠᠨ ᠭᠤᠷᠪᠠ ᠠᠮᠢᠳᠤ ᠭᠠᠯ᠁᠁᠁᠁᠁᠁᠁᠁᠁᠁᠁᠃( 490 )

ᠳᠣᠯᠣᠳᠤᠭᠠᠷ ᠪᠦᠯᠦᠭ ᠲᠣᠭᠰᠢᠨ ᠶᠸᠸᠫᠠᠲ

ᠨᠢᠭᠡ ᠷᠶᠠᠽᠠᠨ ᠬᠣᠲᠠ ᠶ᠋ᠢᠨ ᠦᠨᠳᠦᠰᠦ᠁᠁᠁᠁᠁᠁᠁᠁᠁᠃᠂( 500 )
ᠬᠣᠶᠠᠷ ᠣᠢ ᠶ᠋ᠢᠨ ᠰᠢᠷᠢᠩᠭᠢ ᠳᠡᠭᠡᠷ᠎ᠡ᠁᠁᠁᠁᠁᠁᠁᠁᠁᠁᠂( 509 )
ᠭᠤᠷᠪᠠ ᠠᠮᠠᠨ᠁᠁᠁᠁᠁᠁᠁᠁᠁᠁·᠁᠁᠁᠁( 518 )
ᠳᠥᠷᠪᠡ ᠴᠢ ᠰᠣᠨᠣᠰ᠁᠁᠁᠁᠁᠁᠁᠁᠁᠁᠁᠁᠁( 525 )
ᠲᠠᠪᠤ ᠪᠠᠲᠤ ᠶ᠋ᠢᠨ ᠬᠣᠢᠨ᠎ᠠ ᠠ᠋ᠴᠠ ᠨᠡᠬᠡᠭᠰᠡᠨ ᠨᠢ᠁᠁᠁᠁᠁᠁᠁᠁᠃( 530 )
ᠵᠢᠷᠭᠤᠭ᠎ᠠ ᠰᠥᠨᠢ ᠶ᠋ᠢᠨ ᠲᠤᠯᠤᠯᠳᠤᠭᠠᠨ᠁᠁᠁᠁᠁᠁᠁᠁᠁᠁( 538 )
ᠳᠣᠯᠣᠭ᠎ᠠ ᠪᠸᠷᠸᠨ᠋ᠳ᠋ᠸᠶᠸᠸ ᠦ᠋ᠨ ᠨᠠᠮᠤᠭ᠁᠁᠁᠁᠁᠁᠁᠁᠁᠁( 540 )
ᠨᠠᠢ᠍ᠮᠠ ᠰᠡᠭᠦᠯᠴᠢᠳ ᠨᠢ ᠳᠣᠪᠣᠴᠠᠭ ᠳᠡᠭᠡᠷ᠎ᠡ᠁᠁᠁᠁᠁᠁᠁᠁᠁᠂( 547 )

ᠨᠠᠢ᠍ᠮᠠᠳᠤᠭᠠᠷ ᠪᠦᠯᠦᠭ  ᠰᠢᠭᠤᠷᠭ᠎ᠠ ᠲᠠᠯᠪᠢᠪᠠ

ᠨᠢᠭᠡ   ᠷᠤᠰᠲ᠋ᠣᠸ ᠤ᠋ᠨ ᠸᠠᠩ ᠸᠠᠰᠢᠯᠢᠺᠤ᠁᠁᠁᠁᠁᠁᠁᠁᠁᠁( 553 )
ᠬᠣᠶᠠᠷ   ᠪᠠᠢᠯᠳᠤᠭᠠᠨ ᠤ᠋ ᠪᠠᠢᠷᠢ᠁᠁᠁᠁᠁᠁᠁᠁᠁᠁᠁᠂( 560 )
ᠭᠤᠷᠪᠠ   ᠪᠠᠲᠤ ᠬᠠᠭᠠᠨ ᠰᠦᠮ᠎ᠡ ᠳᠣᠲᠣᠷ᠎ᠠ᠁᠁᠁᠁᠁᠁᠁᠁᠁᠃᠂(566)
ᠳᠥᠷᠪᠡ   ᠲᠠᠰᠤᠯᠭᠠᠨ ᠤ᠋ ᠡᠭᠦᠳᠡᠨ ᠳ᠋ᠦ᠍᠁᠁᠁᠁᠁᠁᠁᠁᠁᠁᠃(573)
ᠲᠠᠪᠤ   ᠲᠦᠷᠭᠡᠯᠡᠭᠲᠦᠨ᠁᠁᠁᠁᠁᠁᠁᠁᠁᠁᠁᠁᠁᠂(577)
ᠵᠢᠷᠭᠤᠭ᠎ᠠ   ᠬᠡᠢᠳ ᠦ᠋ᠨ ᠴᠡᠴᠡᠷᠯᠢᠭ ᠲᠦ᠍᠁᠁᠁᠁᠁᠁᠁᠁᠁᠁᠂(585)
ᠳᠣᠯᠣᠭ᠎ᠠ   ᠪᠠᠲᠤ ᠬᠠᠭᠠᠨ ᠤ᠋ ᠵᠡᠭᠦᠳᠦ᠁᠁᠁᠁᠁᠁᠁᠁᠁᠁᠁(593)
ᠨᠠᠢ᠍ᠮᠠ   ᠪᠠᠲᠤ ᠶ᠋ᠢᠨ ᠵᠠᠮ᠁᠁᠁᠁᠁᠁᠁᠁᠁᠁᠁᠁᠁᠂(600)
ᠶᠢᠰᠦ   ᠣᠢ ᠶ᠋ᠢᠨ ᠰᠢᠷᠢᠩᠭᠢ ᠳᠣᠲᠣᠭᠤᠷ᠁᠁᠁᠁᠁᠁᠁᠁᠁᠁᠂(603)
ᠠᠷᠪᠠ   ᠴᠠᠭᠠᠨ ᠲᠠᠢᠷᠠᠩ ᠤ᠋ᠳ ᠲᠤᠰᠠᠯᠠᠭᠲᠤᠨ᠁᠁᠁᠁᠁᠁᠁᠁᠁(607)
ᠠᠷᠪᠠᠨ ᠨᠢᠭᠡ    ᠰᠢᠼ ᠦ᠋ᠨ ᠨᠠᠮᠤᠭ ᠳᠡᠭᠡᠷ᠎ᠡ᠁᠁᠁᠁᠁᠁᠁᠁᠁᠂᠂(610)
ᠠᠷᠪᠠᠨ ᠬᠣᠶᠠᠷ   ᠰᠢᠲ ᠲᠦ᠍ ᠰᠢᠭᠤᠷᠭ᠎ᠠ ᠰᠢᠭᠤᠷᠪᠠ᠁᠁᠁᠁᠁᠁᠁᠁᠂(624)
ᠠᠷᠪᠠᠨ ᠭᠤᠷᠪᠠ   ᠠᠶᠤᠯᠲᠠᠢ ᠮᠡᠳᠡᠭᠡ᠁᠁᠁᠁᠁᠁᠁᠁᠁᠁᠁(618)
ᠠᠷᠪᠠᠨ ᠳᠥᠷᠪᠡ  ᠪᠠᠢᠯᠳᠤᠭᠠᠨ᠁᠁᠁᠁᠁᠁᠁᠁᠁᠁᠁᠁(621)
ᠠᠷᠪᠠᠨ ᠲᠠᠪᠤ   ᠲᠠᠪᠢᠯᠠᠩᠲᠤ ᠡᠳᠦᠷ᠁᠁᠁᠁᠁᠁᠁᠁᠁᠁᠁᠂(630)
ᠠᠷᠪᠠᠨ ᠵᠢᠷᠭᠤᠭ᠎ᠠ   ᠪᠠᠢᠯᠳᠤᠭᠠᠨ ᠤ᠋ ᠰᠡᠭᠦᠯ ᠳ᠋ᠦ᠍᠁᠁᠁᠁᠁᠁᠁᠁᠁(637)
ᠠᠷᠪᠠᠨ ᠳᠣᠯᠣᠭ᠎ᠠ   ᠢᠭᠨᠡᠴ— ᠺᠷᠸᠰᠲ ᠦ᠋ᠨ ᠳᠡᠷᠭᠡᠳᠡᠬᠢ ᠵᠣᠭᠰᠣᠯᠲᠠ᠁᠁᠁᠁᠃(647)
ᠠᠷᠪᠠᠨ ᠨᠠᠢ᠍ᠮᠠ   ᠦᠯᠦ ᠵᠠᠬᠢᠷᠤᠭᠳᠠᠬᠤ ᠶ᠋ᠢᠨ ᠭᠣᠯᠣᠮᠲᠠ ᠶ᠋ᠢ ᠤᠨᠲᠠᠷᠠᠭᠠᠭᠲᠤᠨ᠁᠁᠁᠁(654)
ᠠᠷᠪᠠ ᠶᠢᠰᠦ ᠳᠠᠬᠢᠭᠠᠳ ᠬᠡᠭᠡᠷ᠎ᠡ ᠲᠠᠯ᠎ᠠ ᠳ᠋ᠤ᠌ ᠢᠷᠡᠪᠡ᠁᠁᠁᠁᠁᠂᠂(658)
ᠬᠣᠷᠢ ᠤᠷᠪᠠᠯᠲᠠ ᠶ᠋ᠢᠨ ᠦᠨ᠎ᠡ᠁᠁᠁᠁᠁᠁᠁᠁᠁᠂(665)
ᠬᠣᠷᠢᠨ ᠨᠢᠭᠡ ᠣᠷᠣᠰ ᠨᠤᠲᠤᠭ ᠳᠠᠬᠢᠨ ᠰᠡᠷᠭᠦᠨ ᠪᠣᠰᠬᠠᠭᠳᠠᠵᠤ ᠪᠠᠢᠨ᠎ᠠ᠁᠁᠂(670)
ᠬᠣᠷᠢᠨ ᠬᠣᠶᠠᠷ ᠬᠣᠯᠠ ᠶ᠋ᠢᠨ ᠨᠤᠲᠤᠭ ᠲᠤ᠌᠁᠁᠁᠁᠁᠁᠁᠂᠂(675)

                ᠡᠮᠦᠨᠡᠬᠢ ᠥᠭᠦᠯᠡᠯ

           ᠸ᠂ ᠶᠠᠨ ᠤ᠋《ᠪᠠᠲᠤ ᠬᠠᠭᠠᠨ》 ᠭᠡᠳᠡᠭ ᠲᠣᠭᠣᠵᠢ ᠪᠣᠯ ᠰ ᠰ ᠰ ᠷ ᠦ᠋ᠨ ᠳᠡᠪᠢᠰᠬᠡᠷ ᠨᠤᠲᠤᠭ ᠳᠡᠭᠡᠷ᠎ᠡ ᠠᠷᠪᠠᠨ ᠭᠤᠷᠪᠠ— ᠠᠷᠪᠠᠨ ᠳᠥᠷᠪᠡᠳᠦᠭᠡᠷ ᠵᠠᠭᠤᠨ ᠤ᠋ ᠦᠶ᠎ᠡ ᠳ᠋ᠦ᠍ ᠪᠣᠯᠤᠭᠰᠠᠨ ᠮᠣᠩᠭᠣᠯ ᠤ᠋ᠨ ᠡᠵᠡᠷᠬᠡᠢᠯᠡᠯ ᠦ᠋ᠨ ᠲᠡᠦᠬᠡ ᠡᠴᠡ ᠰᠡᠳᠦᠪᠯᠡᠵᠦ ᠵᠣᠬᠢᠶᠠᠭᠰᠠᠨ ᠲᠡᠦᠬᠡᠲᠦ ᠭᠤᠷᠪᠠᠨ ᠵᠣᠬᠢᠶᠠᠯ ᠤ᠋ᠨ ᠬᠣᠶᠠᠳᠤᠭᠠᠷ ᠪᠦᠯᠦᠭ ᠨᠢ ᠪᠥᠭᠡᠳ1939 ᠣᠨ ᠳ᠋ᠤ᠌ ᠮᠥᠨ ᠵᠣᠬᠢᠶᠠᠯᠴᠢ ᠶ᠋ᠢᠨ ᠪᠢᠴᠢᠵᠦ ᠬᠡᠪᠯᠡᠭᠦᠯᠦᠭᠰᠡᠨ《ᠴᠢᠩᠭᠢᠰ ᠬᠠᠭᠠᠨ》 ᠭᠡᠳᠡᠭ ᠨᠣᠮ ᠤ᠋ᠨ ᠦᠷᠭᠦᠯᠵᠢᠯᠡᠯ ᠮᠥᠨ᠃

           ᠭᠤᠷᠪᠠᠨ ᠵᠣᠬᠢᠶᠠᠯ ᠤ᠋ᠨ ᠡᠨᠡ ᠪᠦᠯᠦᠭ ᠪᠣᠯ ᠴᠢᠩᠭᠢᠰ ᠬᠠᠭᠠᠨ ᠤ᠋ ᠠᠴᠢ ᠪᠠᠲᠤ ᠶ᠋ᠢᠨ ᠤᠳᠤᠷᠢᠳᠤᠯᠭ᠎ᠠ ᠪᠠᠷ ᠮᠣᠩᠭᠣᠯᠴᠤᠳ ᠣᠷᠣᠰ ᠤ᠋ᠨ ᠵᠡᠭᠦᠨ ᠬᠣᠢᠲᠤ ᠨᠤᠲᠤᠭ ᠢ᠋ ᠪᠠᠢᠯᠳᠤᠨ ᠡᠵᠡᠷᠬᠡᠢᠯᠡᠭᠰᠡᠨ ᠶᠠᠪᠤᠳᠠᠯ ᠳ᠋ᠤ᠌ ᠵᠣᠷᠢᠭᠤᠯᠤᠭᠳᠠᠵᠠᠢ᠃

           ᠮᠣᠩᠭᠣᠯ ᠭᠦᠷᠦᠨ ᠢ᠋ ᠪᠠᠢᠭᠤᠯᠤᠭᠰᠠᠨ ᠴᠢᠩᠭᠢᠰ ᠬᠠᠭᠠᠨ1227 ᠣᠨ ᠳ᠋ᠤ᠌ ᠨᠠᠰᠤ ᠨᠥᠭᠴᠢᠭᠰᠡᠨ ᠦ᠌ ᠳᠠᠷᠠᠭ᠎ᠠ᠂ ᠲᠡᠭᠦᠨ ᠦ᠌ ᠤᠯᠤᠰ ᠬᠡᠳᠦᠨ ᠬᠡᠰᠡᠭ ᠪᠣᠯᠤᠨ ᠵᠠᠳᠠᠷᠠᠭᠰᠠᠨ ᠪᠣᠯᠪᠠᠴᠤ ᠡᠷᠲᠡᠨ ᠦ᠌ ᠨᠢᠭᠡᠳᠦᠯ ᠢ᠋ᠶ᠋ᠡᠨ ᠠᠯᠳᠠᠭᠰᠠᠨ ᠦᠭᠡᠢ᠃ ᠴᠢᠩᠭᠢᠰ ᠦ᠋ᠨ ᠭᠤᠷᠪᠠᠳᠤᠭᠠᠷ ᠬᠦᠦ ᠥᠭᠡᠳᠡᠢ ᠶᠡᠬᠡ ᠬᠠᠭᠠᠨ ᠭᠡᠭᠳᠡᠵᠦ ᠡᠷᠭᠦᠭᠳᠡᠭᠰᠡᠨ ᠨᠢ ᠭᠠᠭᠴᠠ ᠬᠦ᠌ ᠨᠡᠷ᠎ᠡ ᠠᠯᠳᠠᠷ ᠤ᠋ᠨ ᠬᠤᠪᠢ ᠪᠠᠷ ᠶᠡᠬᠡ ᠪᠠᠢᠭᠰᠠᠨ ᠪᠢᠰᠢ᠂ ᠬᠠᠷᠢᠨ ᠥᠪᠡᠷ ᠦ᠋ᠨ ᠬᠠᠭᠠᠨᠲᠤ ᠤᠯᠤᠰ ᠤ᠋ᠨ ᠲᠥᠷᠥ ᠶ᠋ᠢᠨ ᠳᠣᠲᠣᠭᠠᠳᠤ ᠭᠠᠳᠠᠭᠠᠳᠤ ᠪᠣᠳᠣᠯᠭ᠎ᠠ ᠶ᠋ᠢ ᠵᠠᠬᠢᠷᠤᠨ ᠤᠳᠤᠷᠢᠳᠴᠤ ᠪᠠᠢᠭᠰᠠᠨ ᠪᠣᠯᠤᠨ᠎ᠠ᠃ ᠥᠭᠡᠳᠡᠢ ᠶ᠋ᠢᠨ ᠨᠡᠢᠰᠯᠡᠯ ᠬᠠᠷ᠎ᠠ ᠬᠣᠷᠢᠨ ᠠ᠋ᠴᠠ ᠥᠷᠭᠡᠨ ᠶᠡᠬᠡ ᠤᠯᠤᠰ ᠤ᠋ᠨ ᠵᠦᠭ ᠪᠦᠷᠢ ᠳ᠋ᠦ᠍ ᠴᠡᠷᠢᠭ ᠪᠠᠢᠯᠳᠤᠭᠠᠨ᠂ ᠬᠥᠮᠦᠨ ᠠᠮᠠ ᠶ᠋ᠢᠨ ᠲᠣᠭ᠎ᠠ ᠪᠦᠷᠢᠳᠬᠡᠯ᠂ ᠠᠯᠪᠠᠨ ᠲᠠᠲᠠᠪᠤᠷᠢ᠂᠂ ᠥᠷᠲᠡᠭᠡ ᠶᠠᠮᠤᠨ ᠤ᠋ ᠲᠤᠬᠠᠢ ᠵᠠᠷᠯᠢᠭ ᠲᠦᠭᠡᠨ ᠲᠠᠷᠬᠠᠳᠠᠭ ᠪᠠᠢᠵᠠᠢ᠃

ᠥᠭᠡᠳᠡᠢ ᠡᠴᠡ ᠴᠤᠭᠯᠠᠭᠤᠯᠵᠤ ᠪᠠᠢᠭᠰᠠᠨ ᠬᠤᠷᠠᠯ(ᠹᠧᠣᠳᠠᠯ ᠤ᠋ᠨ ᠴᠤᠭᠯᠠᠭᠠᠨ ) ᠳᠡᠭᠡᠷ᠎ᠡ᠂ ᠤᠯᠤᠰ ᠲᠤ᠌ ᠬᠠᠮᠢᠶᠠᠷᠤᠭᠰᠠᠨ ᠪᠦᠬᠦ ᠠᠰᠠᠭᠤᠳᠠᠯ ᠢ᠋ ᠬᠡᠯᠡᠯᠴᠡᠨ ᠰᠢᠢᠳᠪᠦᠷᠢᠯᠡᠵᠦ᠂ ᠬᠤᠷᠠᠯ ᠳ᠋ᠤ᠌ ᠢᠷᠡᠭᠡ ᠦᠭᠡᠢ ᠬᠠᠷᠢᠶᠠᠲᠤ ᠡᠷᠬᠡ ᠪᠠᠷᠢᠭᠴᠢᠳ ᠢ᠋ ᠤᠷᠪᠠᠭᠰᠠᠨ ᠳ᠋ᠤ᠌ ᠲᠣᠭᠠᠴᠠᠳᠠᠭ ᠪᠠᠢᠵᠠᠢ᠃ ᠵᠢᠵᠢᠭ ᠤᠯᠤᠰ ᠤ᠋ᠳ ᠢ᠋ ᠬᠠᠷᠢᠶᠠᠯᠠᠭᠰᠠᠨ ᠪᠥᠭᠡᠳ ᠴᠢᠩᠭᠢᠰ ᠬᠠᠭᠠᠨ ᠤ᠋ ᠤᠳᠤᠮ ᠤ᠋ᠨ ᠪᠤᠰᠤᠳ ᠤ᠋ᠨ ( ᠲᠤᠰ ᠳᠠᠭᠠᠪᠤᠷᠢ ᠶ᠋ᠢ ᠠᠪᠴᠤ ᠬᠠᠶᠠᠪᠠᠯ ᠥᠭᠦᠯᠡᠪᠦᠷᠢ ᠶ᠋ᠢᠨ ᠤᠳᠬ᠎ᠠ ᠶ᠋ᠢᠨ ᠬᠤᠪᠢ ᠳ᠋ᠤ᠌ ᠵᠥᠪ ᠰᠢᠭ ) ᠬᠥᠪᠡᠭᠦᠳ ᠶᠡᠬᠡ ᠬᠠᠭᠠᠨ ᠤ᠋ ᠮᠠᠲᠠᠯ ᠳ᠋ᠤ᠌ ᠶᠠᠮᠠᠷ ᠴᠤ᠌ ᠦᠭᠡ ᠳᠠᠭᠤ ᠦᠭᠡᠢ ᠵᠠᠬᠢᠷᠤᠭᠳᠠᠨ ᠪᠠᠢᠵᠠᠢ᠃

ᠴᠢᠩᠭᠢᠰ ᠦ᠋ᠨ ᠭᠤᠷᠪᠠᠳᠤᠭᠠᠷ ᠬᠦᠦ ᠥᠭᠡᠳᠡᠢ ᠶ᠋ᠢᠨ ᠠᠬ᠎ᠠ ᠴᠠᠭᠠᠲᠠᠢ ᠡᠢᠮᠦ ᠪᠠᠢᠳᠠᠯ ᠲᠠᠢ ᠪᠠᠢᠵᠠᠢ᠃ ᠲᠡᠷᠡ ᠪᠡᠷ ᠰᠸᠮᠢᠷᠸᠴ(ᠳᠣᠯᠣᠭᠠᠨ ᠭᠣᠣᠯ ) ᠮᠠᠸᠸᠷᠠᠩᠨᠡᠭᠷ ᠭᠡᠳᠡᠭ ᠭᠠᠵᠠᠷ ᠢ᠋ ᠥᠮᠴᠢᠯᠡᠨ ᠠᠪᠤᠭᠰᠠᠨ ᠪᠣᠯᠪᠠᠴᠤ ᠡᠴᠢᠭᠡ ᠡᠴᠡ ᠣᠯᠭᠣᠭᠰᠠᠨ ᠭᠠᠵᠠᠷ ᠨᠤᠲᠤᠭ ᠠ᠋ᠴᠠ ᠵᠥᠪᠬᠡᠨ ᠲᠠᠲᠠᠪᠤᠷᠢ ᠶ᠋ᠢᠨ ᠣᠷᠣᠯᠭ᠎ᠠ ᠠᠪᠬᠤ ᠠ᠋ᠴᠠ ᠪᠢᠰᠢ᠂ ᠤᠯᠤᠰ ᠢ᠋ ᠵᠠᠬᠢᠷᠬᠤ ᠡᠷᠬᠡ ᠶᠡᠬᠡ ᠬᠠᠭᠠᠨ ᠤ᠋ ᠭᠠᠷ ᠲᠤ᠌ ᠪᠠᠢᠵᠠᠢ᠃ ᠮᠥᠨ ᠴᠢᠩᠭᠢᠰ ᠬᠠᠭᠠᠨ ᠤ᠋ ᠶᠡᠬᠡ ᠬᠦᠦ ᠵᠥᠴᠢ ᠡᠴᠢᠭᠡ ᠶ᠋ᠢ ᠪᠡᠨ ᠠᠮᠢᠳᠤ ᠪᠠᠢᠬᠤ ᠳ᠋ᠤ᠌ ᠲᠤᠰᠬᠠᠢ ᠨᠢᠭᠡᠨ ᠤᠯᠤᠰ ᠢ᠋ ᠬᠦᠯᠢᠶᠡᠵᠦ ᠠᠪᠤᠭᠰᠠᠨ ᠪᠥᠭᠡᠳ ᠲᠡᠭᠦᠨ ᠦ᠌ ᠡᠵᠡᠮᠰᠢᠯ ᠭᠠᠵᠠᠷ ᠪᠣᠯ ᠢᠷᠲ᠋ᠢ᠍ᠱ ᠡᠴᠡ ᠠᠪᠤᠭᠠᠳ ᠪᠠᠷᠠᠭᠤᠨ ᠲᠡᠰᠢ ᠦᠷᠡᠯ ᠦ᠋ᠨ ᠠᠭᠤᠯᠠᠰ ᠬᠦᠷᠲᠡᠯ᠎ᠡ ( ᠂ ) ᠡᠮᠦᠨ᠎ᠡ ᠵᠦᠭ ᠠᠮᠤ— ᠳ᠋ᠠᠷᠢᠶ᠎ᠠ᠂ ᠰᠢᠷ᠎ᠠ— ᠳ᠋ᠠᠷᠢᠶ᠎ᠠ ᠮᠥᠷᠡᠨ ᠦ᠌ ᠠᠳᠠᠭ ᠬᠦᠷᠲᠡᠯ᠎ᠡ ( ᠂ ) ᠤᠮᠠᠷ᠎ᠠ ᠵᠦᠭ ᠲᠦ᠍《ᠬᠠᠷᠠᠩᠭᠤᠢ ᠣᠷᠣᠨ》ᠭᠡᠬᠦ ᠴᠦᠯ ᠬᠦᠷᠲᠡᠯ᠎ᠡ ᠦᠷᠭᠦᠯᠵᠢᠯᠡᠭᠰᠡᠨ ᠪᠠᠢᠪᠠ᠃

ᠴᠢᠩᠭᠢᠰ ᠬᠠᠭᠠᠨ ᠤ᠋ ᠭᠡᠷ ᠪᠦᠯᠢ ᠶ᠋ᠢᠨ ᠳᠣᠲᠣᠷ᠎ᠠ ᠵᠥᠴᠢ ᠶ᠋ᠢᠨ ᠪᠠᠢᠳᠠᠯ ᠪᠣᠯ ᠨᠡᠯᠢᠶᠡᠳ ᠣᠨᠴᠣᠭᠣᠢ ᠪᠠᠢᠵᠠᠢ᠃

ᠶᠡᠬᠡ ᠬᠠᠭᠠᠨ᠂ ᠵᠥᠴᠢ ᠶ᠋ᠢ ᠥᠪᠡᠷ ᠦ᠋ᠨ ᠬᠦᠦ ᠭᠡᠵᠦ ᠦᠵᠡᠵᠦ ᠪᠠᠢᠭᠰᠠᠨ ᠪᠣᠯᠪᠠᠴᠤ᠂ ᠵᠥᠴᠢ ᠶ᠋ᠢᠨ ᠲᠥᠷᠥᠬᠦ ᠶ᠋ᠢᠨ ᠤᠷᠢᠳ ᠲᠡᠭᠦᠨ ᠦ᠌ ᠡᠬᠡ ᠪᠥᠭᠡᠳ ᠴᠢᠩᠭᠢᠰ ᠦ᠋ᠨ ᠬᠠᠢᠷᠠᠲᠤ ᠬᠠᠲᠤᠨ ᠪᠥᠷᠲᠡ ᠮᠡᠷᠭᠢᠳ ᠨᠠᠷ ᠲᠤ᠌ ᠣᠯᠵᠠᠯᠠᠭᠳᠠᠵᠤ ᠨᠡᠯᠢᠶᠡᠳ ᠤᠳᠠᠭᠠᠨ ᠪᠠᠢᠭᠰᠠᠨ ᠤᠴᠢᠷ᠂ ᠵᠥᠴᠢ ᠬᠠᠤᠯᠢ ᠪᠤᠰᠤ ᠪᠠᠷ ᠲᠥᠷᠥᠭᠰᠡᠨ ᠭᠡᠵᠦ ᠣᠯᠠᠨ ᠬᠥᠮᠦᠰ ᠮᠠᠷᠭᠤᠯᠳᠤᠳᠠᠭ ᠪᠠᠢᠪᠠ᠃ ᠡᠭᠦᠨ ᠡᠴᠡ ᠪᠣᠯᠵᠤ᠂ ᠵᠥᠴᠢ ᠪᠠ ᠲᠡᠭᠦᠨ ᠦ᠌ ᠦᠷ᠎ᠡ ᠬᠡᠦᠬᠡᠳ ᠦ᠋ᠳ᠂ ᠬᠠᠭᠠᠨ ᠰᠢᠷᠡᠭᠡ ᠶ᠋ᠢ ᠡᠵᠡᠯᠡᠵᠦ ᠴᠢᠳᠠᠭᠰᠠᠨ ᠦᠭᠡᠢ᠃ ᠵᠥᠴᠢ ᠳᠣᠷᠣᠮᠵᠢᠭᠤᠯᠤᠬᠰᠠᠨ ᠤᠴᠢᠷ ᠥᠪᠡᠷ ᠦ᠋ᠨ ᠤᠯᠤᠰ ᠢ᠋ ᠡᠵᠡᠨᠲᠦ ᠤᠯᠤᠰ ᠠ᠋ᠴᠠ ᠲᠤᠰᠠᠭᠠᠷᠯᠠᠬᠤ ᠶ᠋ᠢ ᠤᠷᠤᠯᠳᠤᠵᠤ ᠡᠴᠢᠭᠡ ᠡᠴᠡ ᠪᠡᠨ ᠬᠠᠷᠢᠶᠠᠲᠤ ᠪᠤᠰᠤ ᠪᠠᠢᠳᠠᠯ ᠲᠠᠢ ᠣᠨᠴᠣᠭᠣᠢ ᠪᠠᠢᠭᠰᠠᠨ ᠪᠣᠯᠤᠨ᠎ᠠ᠃

          ᠴᠢᠩᠭᠢᠰ ᠦᠬᠦᠬᠦ ᠶ᠋ᠢᠨ ᠢ᠋ᠶ᠋ᠡᠨ ᠡᠮᠦᠨᠡᠬᠡᠨ ᠳ᠋ᠸᠱᠲ᠋ᠢ᠂ ᠺᠢ᠍ᠫᠴᠠᠺ( ᠺᠢ᠍ᠫᠴᠠᠺ ᠤ᠋ᠨ ᠲᠠᠯ᠎ᠠ) ᠶ᠋ᠢ ᠪᠠᠢᠯᠳᠤᠨ ᠠᠪᠬᠤ ᠲᠤᠬᠠᠢ ᠬᠡᠯᠡᠵᠦ ᠪᠠᠢᠭᠰᠠᠨ ᠪᠣᠯᠪᠠᠴᠤ ᠵᠥᠴᠢ ᠡᠴᠢᠭᠡ( ᠶ᠋ᠢᠨ) ᠢ᠋ᠶ᠋ᠡᠨ ᠲᠤᠰᠢᠶᠠᠯ ᠢ᠋ ᠦᠯᠦ ᠭᠦᠢᠴᠡᠳᠬᠡᠵᠡᠢ᠃ ᠬᠠᠷᠢᠨ ᠬᠠᠭᠠᠨ ᠰᠢᠷᠡᠭᠡ ᠡᠵᠡᠯᠡᠨ ᠠᠪᠬᠤ ᠪᠠᠷ ᠬᠦᠴᠦ ᠪᠡᠨ ᠪᠡᠯᠡᠳᠬᠡᠵᠦ ᠪᠠᠢᠭᠰᠠᠨ ᠪᠠᠢᠵᠤ ᠪᠣᠯᠵᠣᠰᠢ ᠦᠭᠡᠢ᠃

        ᠴᠢᠩᠭᠢᠰ ᠬᠠᠭᠠᠨ ᠵᠥᠴᠢ ᠬᠣᠶᠠᠷ ᠪᠠᠷᠤᠭ ᠨᠢᠭᠡᠨ ᠵᠡᠷᠭᠡ ᠦᠬᠦᠭᠰᠡᠨ ᠤᠴᠢᠷ᠂ ᠲᠡᠷᠡ ᠬᠣᠶᠠᠷ ᠤ᠋ᠨ ᠬᠣᠭᠣᠷᠣᠨᠳᠣ ᠡᠢᠨᠬᠦ ᠡᠬᠢᠯᠡᠵᠦ ᠪᠠᠢᠭᠰᠠᠨ ᠲᠡᠮᠡᠴᠡᠯ ᠴᠠᠰᠢ ᠳᠡᠯᠭᠡᠷᠡᠵᠦ ᠴᠢᠳᠠᠭᠰᠠᠨ ᠦᠭᠡᠢ᠃ ᠭᠡᠪᠡᠴᠦ ᠴᠢᠩᠭᠢᠰ ᠬᠠᠭᠠᠨ ᠤ᠋ ᠬᠦᠰᠡᠯ ᠨᠢ ᠲᠡᠭᠦᠨ ᠦ᠌ ᠵᠠᠯᠭᠠᠮᠵᠢᠯᠠᠭᠴᠢᠳ ᠲᠤ᠌ ᠠᠷᠢᠭᠤᠨ ᠭᠡᠷᠢᠶᠡᠰ ᠪᠣᠯᠵᠤ ᠦᠯᠡᠳᠡᠭᠡᠳ ᠴᠢᠩᠭᠢᠰ ᠢ᠋ ᠦᠬᠦᠭᠰᠡᠨ ᠦ᠌ ᠳᠠᠷᠠᠭ᠎ᠠ᠂ ᠮᠣᠩᠭᠣᠯ ᠤ᠋ᠨ ᠹᠧᠣᠳᠠᠯ ᠤ᠋ᠳ ᠪᠠᠷᠠᠭᠤᠨ ᠵᠦᠭ ᠲᠦ᠍ ᠶᠡᠬᠡ ᠠᠶᠠᠨ ᠲᠡᠢᠨ ᠢ᠋ ᠬᠢᠬᠦ ᠪᠡᠷ ᠳᠠᠷᠤᠢ ᠪᠡᠯᠡᠳᠬᠡᠵᠡᠢ᠃ ᠪᠠᠷᠠᠭᠤᠨ ᠵᠦᠭ ᠲᠦ᠍ ᠠᠩᠬ᠎ᠠ ᠤᠳᠠᠭ᠎ᠠ ᠲᠠᠩᠨᠠᠭᠤᠯ ᠤ᠋ᠨ ᠠᠵᠢᠯ ᠢ᠋ 1229 ᠣᠨ ᠳ᠋ᠤ᠌ ᠶᠠᠪᠤᠭᠤᠯᠤᠭᠰᠠᠨ ᠪᠥᠭᠡᠳ ᠲᠠᠲ᠋ᠠᠷ ᠤ᠋ᠳ ᠶᠠᠢᠺ ᠤ᠋ᠨ ᠭᠣᠣᠯ ᠬᠦᠷᠴᠦ᠂ ᠬᠢᠵᠠᠭᠠᠷ ᠳᠡᠭᠡᠷ᠎ᠡ ᠵᠣᠭᠰᠣᠵᠤ ᠪᠠᠢᠭᠰᠠᠨ ᠪᠣᠯᠭᠠᠷᠢ ᠶ᠋ᠢᠨ ᠬᠠᠷᠠᠭᠤᠯ ᠤᠲ᠋ᠷᠢᠶᠠᠳ᠋ ᠤ᠋ᠳ ᠢ᠋ ᠲᠦᠷᠢᠭᠡᠳ᠂ ᠢᠵᠢᠯ ᠮᠥᠷᠡᠨ ᠦ᠌ ᠠᠳᠠᠭ ᠲᠤ᠌ ᠬᠦᠷᠭᠡᠭᠰᠡᠨ ᠪᠠᠢᠨ᠎ᠠ᠃ ᠬᠣᠶᠠᠳᠠᠬᠢ ᠤᠳᠠᠭ᠎ᠠ ᠳ᠋ᠠᠭᠠᠨ1232 ᠣᠨ ᠳ᠋ᠤ᠌ ᠢᠵᠢᠯ ᠮᠥᠷᠡᠨ ᠦ᠌ ᠬᠠᠪᠢ ᠨᠤᠲᠤᠭ ᠲᠤ᠌ ᠣᠷᠣᠵᠤ ᠢᠷᠡᠭᠡᠳ ᠪᠣᠯᠭᠠᠷᠢ ᠶ᠋ᠢᠨ《ᠶᠡᠬᠡ ᠬᠣᠲᠠ 》ᠭᠡᠳᠡᠭ ᠲᠦ᠍ ᠬᠦᠷᠴᠦ ᠴᠢᠳᠠᠯ ᠦᠭᠡᠢ ᠡᠪᠦᠯᠵᠢᠭᠰᠡᠨ ᠪᠢᠯᠡ᠃ ᠲᠡᠭᠡᠭᠡᠳ ᠡᠴᠦᠰ ᠲᠦ᠍ ᠮᠣᠩᠭᠣᠯ ᠤ᠋ᠨ ᠶᠡᠬᠡ ᠡᠵᠡᠨᠲᠦ ᠤᠯᠤᠰ ᠤ᠋ᠨ ᠨᠡᠢᠰᠯᠡᠯ ᠬᠣᠲᠠᠨ᠎ᠠ1235 ᠣᠨ ᠳ᠋ᠤ᠌ ᠴᠤᠭᠯᠠᠷᠠᠭᠰᠠᠨ ᠬᠤᠷᠠᠯ ᠳᠡᠭᠡᠷ᠎ᠡ ᠪᠠᠷᠠᠭᠤᠨ ᠵᠦᠭ ᠰᠢᠢᠳᠪᠦᠷᠢᠲᠡᠢ ᠪᠡᠷ ᠠᠶᠠᠨ ᠲᠡᠢᠨ ᠬᠢᠬᠦ ᠠᠰᠠᠭᠤᠳᠠᠯ ᠰᠢᠢᠳᠪᠦᠷᠢᠯᠡᠭᠳᠡᠵᠡᠢ᠃ ᠡᠨᠡ ᠠᠶᠠᠨ ᠲᠡᠢᠨ ᠢ᠋ ᠨᠡᠢᠲᠡ ᠮᠣᠩᠭᠣᠯ ᠤᠯᠤᠰ ᠤ᠋ᠨ ᠶᠡᠬᠡ ᠬᠡᠷᠡᠭ ᠪᠣᠯᠭᠠᠨ ᠵᠣᠬᠢᠶᠠᠨ ᠪᠠᠢᠭᠤᠯᠵᠠᠢ᠃ ᠠᠶᠠᠨ ᠲᠡᠢᠨ ᠢ᠋ ᠳᠠᠷᠤᠭᠠᠯᠠᠨ ᠶᠠᠪᠤᠬᠤ ᠶ᠋ᠢ ᠵᠥᠴᠢ ᠶ᠋ᠢᠨ ᠬᠣᠶᠠᠳᠤᠭᠠᠷ ᠬᠦᠦ ᠪᠠᠲᠤ ᠬᠠᠭᠠᠨ ᠳ᠋ᠤ᠌ ᠳᠠᠭᠠᠭᠠᠯᠭᠠᠵᠠᠢ᠃ ᠲᠡᠭᠦᠨ ᠦ᠌ ᠬᠠᠷᠢᠶᠠᠨ ᠳ᠋ᠤ᠌ ᠴᠢᠩᠭᠢᠰ ᠦ᠋ᠨ ᠤᠳᠤᠮ ᠤ᠋ᠨ ᠣᠯᠠᠨ ᠬᠠᠭᠠᠳ ᠶᠠᠪᠤᠯᠴᠠᠭᠰᠠᠨ᠂ ᠡᠭᠦᠨ ᠳ᠋ᠦ᠍᠂ ᠪᠠᠲᠤ ᠶ᠋ᠢᠨ ᠲᠦᠷᠦᠭᠦᠯᠡᠨ ᠵᠠᠬᠢᠷᠬᠤ ᠶ᠋ᠢ ᠵᠥᠪᠰᠢᠶᠡᠷᠡᠭᠰᠡᠨ ᠠᠬ᠎ᠠ ᠣᠷᠲᠤᠣ᠂ ᠪᠦᠯᠦ ᠨᠢ ᠪᠣᠯᠬᠤ ᠥᠭᠡᠳᠡᠢ ᠶ᠋ᠢᠨ ᠬᠦᠦ ᠢᠷᠡᠭᠡᠳᠦᠢ ᠶ᠋ᠢᠨ ᠶᠡᠬᠡ ᠬᠠᠭᠠᠨ ᠭᠦᠶᠦᠭ᠂ ᠲᠤᠯᠤᠢ ᠶ᠋ᠢᠨ ᠬᠦᠦ ᠪᠥᠭᠡᠳ ᠡᠴᠦᠰ ᠲᠦ᠍ ᠬᠠᠭᠠᠨ ᠰᠢᠷᠡᠭᠡ ᠡᠵᠡᠯᠡᠭᠰᠡᠨ ᠮᠥᠩᠬᠡ ᠪᠣᠯᠤᠨ ᠪᠤᠰᠤᠳ《ᠬᠦᠴᠦᠲᠦ ᠴᠡᠷᠢᠭ ᠦ᠋ᠨ ᠨᠣᠶᠠᠳ》ᠣᠷᠣᠯᠴᠠᠵᠠᠢ᠃ ᠲᠡᠳᠡᠭᠡᠷ ᠦ᠋ᠨ ᠳᠣᠲᠣᠷ᠎ᠠ1223—1224 ᠣᠨ ᠳ᠋ᠤ᠌ ᠵᠡᠭᠦᠨ ᠡᠸᠦᠢ᠍ᠷᠥᠫᠡ ᠳ᠋ᠦ᠍ ᠲᠠᠲ᠋ᠠᠷ ᠤ᠋ᠨ ᠢᠯᠠᠭᠰᠠᠨ ᠳᠣᠪᠲᠣᠯᠭᠠᠨ ᠤ᠋ ᠪᠠᠭᠠᠲᠤᠷ ᠰᠦᠪᠡᠭᠡᠳᠡᠢ ᠪᠠᠭᠠᠲᠤᠷ᠂ ᠪᠣᠷᠤᠨᠲᠠᠢ ᠪᠠᠭᠠᠲᠤᠷ ᠨᠠᠷ ᠲᠡᠷᠢᠭᠦᠯᠡᠨ ᠶᠠᠪᠤᠵᠠᠢ᠃

           ᠲᠠᠲ᠋ᠠᠷ ᠤ᠋ᠨ ᠴᠡᠷᠢᠭ ᠶᠠᠢᠺ ᠭᠣᠣᠯ ᠢ᠋ ᠭᠠᠲᠤᠯᠵᠤ᠂1236 ᠣᠨ ᠤ᠋ ᠨᠠᠮᠤᠷ ᠪᠣᠯᠭᠠᠷᠢ ᠶ᠋ᠢᠨ ᠬᠠᠭᠠᠨᠲᠤ ᠤᠯᠤᠰ ᠤ᠋ᠨ ᠨᠤᠲᠤᠭ ᠲᠤ᠌ ᠴᠥᠮᠥᠷᠡᠨ ᠣᠷᠣᠵᠤ ᠪᠣᠯᠭᠠᠷᠢ ᠨᠤᠲᠤᠭ ᠢ᠋ ᠦᠨᠡᠰᠦᠨ ᠲᠣᠪᠷᠠᠭ ᠪᠣᠯᠭᠠᠨ᠂ ᠨᠡᠢᠰᠯᠡᠯ ᠬᠣᠲᠠ ᠶ᠋ᠢ ᠨᠢ ᠡᠵᠡᠯᠡᠨ ᠠᠪᠴᠤ ᠪᠦᠬᠦ ᠡᠷᠡᠭᠲᠡᠢ ᠡᠮᠡᠭᠲᠡᠢ ᠬᠥᠮᠦᠰ ᠪᠠ ᠬᠡᠦᠬᠡᠳ ᠢ᠋ ᠴᠠᠪᠴᠢᠵᠤ ᠦᠯᠡᠳᠡᠭᠰᠡᠨ ᠢ᠋ ᠨᠢ ᠪᠣᠭᠣᠯ ᠪᠣᠯᠭᠠᠨ ᠠᠪᠴᠠᠢ᠃ ᠲᠠᠲ᠋ᠠᠷ ᠤ᠋ᠨ ᠴᠡᠷᠢᠭ ᠦ᠋ᠨ ᠨᠢᠭᠡᠨ ᠣᠲ᠋ᠷᠢᠶᠠᠳ᠋ ᠮᠥᠩᠬᠡ ᠶ᠋ᠢᠨ ᠤᠳᠤᠷᠢᠳᠤᠯᠭ᠎ᠠ ᠶ᠋ᠢᠨ ᠳᠣᠣᠷ᠎ᠠ ᠺᠢᠫᠴᠠᠺ ᠤ᠋ᠳ ᠢ᠋ ᠪᠣᠲᠠᠨᠢᠷᠭᠢᠨ ᠠᠽᠤᠧ ᠶ᠋ᠢᠨ ᠲᠠᠩᠭᠢᠰ ᠬᠦᠷᠴᠡᠢ᠃ ᠲᠠᠲ᠋ᠠᠷ ᠤ᠋ᠳ ᠢᠵᠢᠯ ᠮᠥᠷᠡᠨ ᠦ᠌ ᠪᠣᠯᠭᠠᠷᠢ ᠠ᠋ᠴᠠ ᠭᠠᠷᠴᠤ  ᠮᠣᠷᠳᠠᠧ ᠨᠤᠲᠤᠭ ᠢ᠋ᠶ᠋ᠠᠷ ᠳᠠᠮᠵᠢᠨ ᠣᠷᠣᠰ ᠤ᠋ᠨ ᠨᠤᠲᠤᠭ ᠤ᠋ᠨ ᠬᠢᠵᠠᠭᠠᠷ ᠲᠤ᠌ ᠬᠦᠷᠴᠡᠢ᠃

          ᠮᠣᠩᠭᠣᠯ ᠤ᠋ᠨ ᠪᠠᠢᠯᠳᠤᠨ ᠳᠠᠭᠠᠭᠤᠯᠤᠭᠴᠢᠳ ᠤ᠋ᠨ ᠵᠠᠮ ᠳ᠋ᠤ᠌ ᠷᠶᠠᠽᠠᠨ ᠤ᠋ ᠸᠠᠩᠲᠤ ᠤᠯᠤᠰ ᠲᠣᠬᠢᠶᠠᠯᠳᠤᠪᠠ᠃ ᠪᠠᠲᠤ ᠬᠠᠭᠠᠨ ᠥᠪᠡᠷ ᠦ᠋ᠨ ᠡᠯᠴᠢᠳ ᠢ᠋ ᠷᠶᠠᠽᠠᠨ ᠤ᠋ ᠸᠠᠩ ᠨᠠᠷ ᠲᠤ᠌ ᠢᠯᠡᠭᠡᠵᠦ ᠲᠠᠲᠠᠪᠤᠷᠢ ᠶ᠋ᠢᠨ ᠱᠠᠭᠠᠷᠳᠠᠯᠭ᠎ᠠ ᠶ᠋ᠢ ᠲᠠᠯᠪᠢᠬᠤ ᠳ᠋ᠠᠭᠠᠨ ᠪᠦᠬᠦ ᠸᠠᠩ ᠨᠠᠷ ᠬᠥᠮᠦᠨ᠂ ᠮᠣᠷᠢ᠂ ᠵᠡᠪᠰᠡᠭ ᠪᠦᠷᠢ ᠡᠴᠡ ᠠᠷᠪᠠᠨ ᠤ᠋ ᠨᠢᠭᠡᠨ ᠬᠤᠪᠢ ᠶ᠋ᠢ ᠲᠤᠰᠢᠶᠠᠨ ᠥᠭᠰᠦᠭᠡᠢ ᠭᠡᠰᠡᠨ ᠦ᠌ ᠬᠠᠷᠢᠭᠤ ᠳ᠋ᠤ᠌ ᠷᠶᠠᠽᠠᠨ ᠤ᠋ ᠸᠠᠩ ᠶᠦᠷᠢ ᠪᠠ ᠣᠯᠸᠭ᠌ ᠢᠩᠸᠠᠷᠸᠸᠢᠴ ᠨᠠᠷ ᠲᠥᠷᠥᠯ ᠰᠠᠳᠤᠨ ᠮᠦᠷᠦᠮ ᠪᠠ ᠫᠷᠣᠨ ᠤ᠋ ᠸᠠᠩ ᠨᠠᠷ ᠲᠠᠢ ᠬᠠᠷᠢᠯᠴᠠᠨ ᠵᠥᠪᠰᠢᠶᠡᠷᠡᠭᠦᠯᠵᠦ᠂《ᠬᠡᠷᠪᠡ ᠪᠢᠳᠡ ᠨᠠᠷ ᠪᠠᠢᠬᠤ ᠦᠭᠡᠢ ᠪᠣᠯ ᠮᠠᠨ ᠤ᠋ ᠶᠠᠭᠤᠮ᠎ᠠ ᠪᠦᠬᠦᠨ ᠲᠠᠨ ᠤ᠋ ᠬᠢ ᠪᠣᠯᠬᠤ ᠪᠢᠵᠡ》 ᠭᠡᠵᠦ ᠦᠯᠦ ᠵᠥᠪᠰᠢᠶᠡᠷᠡᠭᠰᠡᠨ ᠦ᠌ ᠬᠠᠮᠲᠤ ᠠᠯᠳᠠᠷᠲᠤ ᠸᠰᠸᠸᠤᠯᠤᠳ᠋ ᠪᠣᠯᠱᠤᠶᠧ ᠬ᠌ᠨ᠋ᠸᠽᠳᠣ᠋ ᠭᠡᠭᠴᠢ ᠶ᠋ᠢᠨ ᠬᠦᠦ ᠸᠯᠠᠳᠢᠮᠢᠷ ᠤ᠋ᠨ ᠶᠡᠬᠡ ᠸᠠᠩ ᠶᠦᠷᠢ ᠸᠰᠸᠸᠤᠯᠤᠳᠤᠸᠢᠴ ᠠ᠋ᠴᠠ ᠲᠤᠰᠠᠯᠠᠮᠵᠢ ᠭᠤᠶᠤᠬᠤ ᠪᠠᠷ ᠬᠥᠮᠦᠨ ᠶᠠᠪᠤᠭᠤᠯᠵᠠᠢ᠃

          ᠭᠡᠲᠡᠯ᠎ᠡ ᠡᠭᠦᠨ ᠳ᠋ᠦ᠍᠂ ᠣᠷᠣᠰ ᠤ᠋ᠨ ᠹᠧᠣᠳᠠᠯ ᠤ᠋ᠨ ᠶᠣᠰᠣᠨ ᠤ᠋ ᠪᠤᠲᠠᠷᠬᠠᠢ ᠶᠠᠪᠤᠳᠠᠯ ᠰᠠᠭᠠᠳ ᠪᠣᠯᠪᠠ᠃ ᠲᠠᠲ᠋ᠠᠷ ᠤ᠋ᠳ ᠨᠢᠭᠡᠨ ᠳᠠᠷᠤᠭ᠎ᠠ ᠶ᠋ᠢᠨ ᠳᠡᠭᠡᠳᠦ ᠺᠣᠮᠠᠨᠳ᠋ ᠤ᠋ᠨ ᠤᠳᠤᠷᠢᠳᠤᠯᠭ᠎ᠠ ᠪᠠᠷ ᠨᠢᠭᠡᠳᠦᠨ ᠨᠢᠭᠲᠠᠷᠠᠭᠰᠠᠨ ᠪᠠᠢᠲᠠᠯ᠎ᠠ ᠣᠷᠣᠰ ᠤ᠋ᠨ ᠸᠠᠩ ᠤ᠋ᠳ ᠬᠣᠭᠣᠷᠣᠨᠳᠣ ᠶ᠋ᠢᠨ ᠢ᠋ᠶ᠋ᠡᠨ ᠬᠤᠪᠢ ᠶ᠋ᠢᠨ ᠲᠡᠮᠡᠴᠡᠯ ᠢ᠋ ᠵᠣᠭᠰᠣᠬᠤ ᠶ᠋ᠢ ᠣᠷᠣᠯᠳᠣᠭ᠎ᠠ ᠦᠭᠡᠢ ᠪᠡᠷ ᠦᠯᠦ ᠪᠠᠷᠠᠮ᠂ ᠵᠣᠭᠰᠣᠭᠠᠵᠤ ᠴᠢᠳᠠᠬᠤ ᠴᠤ᠌ ᠦᠭᠡᠢ ᠪᠠᠢᠵᠠᠢ᠃ ᠷᠶᠠᠽᠠᠨ ᠪᠠ ᠸᠯᠠᠳᠢᠮᠢᠷ ᠤ᠋ᠨ ᠶᠡᠬᠡ ᠸᠠᠩᠲᠤ ᠤᠯᠤᠰ ᠬᠣᠶᠠᠷ᠂ ᠡᠷᠲᠡ ᠡᠴᠡ ᠨᠠᠰᠢ ᠬᠣᠭᠣᠷᠣᠨᠳᠣ ᠪᠠᠨ ᠲᠡᠮᠡᠴᠡᠯᠳᠦᠵᠦ ᠪᠠᠢᠭᠰᠠᠨ ᠪᠥᠭᠡᠳ ᠡᠷᠬᠡ ᠴᠢᠯᠥᠭᠡ ᠬᠦᠰᠡᠭᠰᠡᠨ ᠷᠶᠡᠽᠡᠨ ᠦ᠌ ᠹᠧᠣᠳᠠᠯ ᠤ᠋ᠳ ᠭᠠᠭᠴᠠᠬᠦ ᠠᠷᠭ᠎ᠠ ᠦᠭᠡᠢ ᠬᠦᠴᠦᠨ ᠳ᠋ᠦ᠍ ᠠᠪᠲᠠᠭᠳᠠᠵᠤ ᠶᠡᠬᠡ ᠸᠠᠩ ᠳ᠋ᠤ᠌ ᠵᠠᠬᠢᠷᠤᠭᠳᠠᠭᠰᠠᠨ ᠪᠣᠯᠪᠠᠴᠤ ᠠᠩᠬ᠎ᠠ ᠲᠣᠬᠢᠶᠠᠯᠳᠤᠬᠤ ᠠᠶᠠᠲᠠᠢ ᠴᠠᠭ ᠲᠤ᠌ ᠡᠨᠡᠬᠦ ᠠᠯᠪᠠᠨ ᠵᠠᠬᠢᠷᠭ᠎ᠠ ᠶ᠋ᠢ ᠠᠪᠴᠤ ᠬᠠᠶᠠᠬᠤ ᠶ᠋ᠢ ᠪᠣᠳᠣᠵᠤ ᠪᠠᠢᠯ᠎ᠠ᠃ ᠶᠦᠷᠢ ᠸᠠᠩ ᠭᠤᠶᠤᠭᠰᠠᠨ ᠲᠤᠰᠠᠯᠠᠮᠵᠢ ᠶ᠋ᠢ ᠦᠵᠡᠭᠦᠯᠬᠦ ᠡᠴᠡ ᠵᠠᠢᠯᠠᠰᠬᠢᠵᠦ ᠷᠶᠠᠽᠠᠨ ᠤ᠋ ᠸᠠᠩ ᠨᠠᠷ ᠤ᠋ᠨ ᠲᠤᠰᠢᠶᠠᠯ ᠢ᠋ ᠳᠠᠭᠠᠯ ᠦᠭᠡᠢ ᠬᠦᠴᠦᠨ ᠳ᠋ᠡᠭᠡᠨ ᠨᠠᠢᠳᠠᠵᠤ ᠳᠠᠢᠰᠤᠨ ᠲᠠᠢ ᠵᠥᠪᠬᠡᠨ ᠥᠪᠡᠷ ᠦ᠋ᠨ ᠬᠦᠴᠦ ᠪᠡᠷ ᠲᠡᠮᠡᠴᠡᠬᠦ ᠶ᠋ᠢ ᠪᠣᠳᠣᠵᠠᠢ᠃《ᠴᠡᠷᠢᠭ ᠦ᠋ᠨ ᠬᠡᠷᠡᠭ ᠢ᠋ ᠪᠠᠢᠭᠤᠯᠬᠤ ᠬᠦᠴᠦᠷᠬᠡᠭ ᠮᠡᠷᠭᠡᠨ ᠤᠬᠠᠭᠠᠨ ᠪᠠᠢᠬᠤ ᠬᠡᠷᠡᠭᠲᠡᠢ᠃ ᠬᠠᠲᠠᠭᠤ ᠵᠢᠷᠦᠬᠡ ᠪᠡᠨ ᠪᠦᠰᠡᠭᠦᠢ ᠬᠥᠮᠦᠨ ᠦ᠌ ᠰᠤᠯᠠ ᠪᠠᠢᠳᠠᠯ ᠢ᠋ᠶ᠋ᠠᠷ ᠰᠣᠯᠢᠭᠰᠠᠨ ᠠ᠋ᠴᠠ ᠣᠷᠣᠰ ᠤ᠋ᠨ ᠨᠢᠭᠡ ᠴᠦ᠍ ᠸᠠᠩ ᠨᠥᠭᠦᠭᠡ ᠳ᠋ᠡᠭᠡᠨ ᠲᠤᠰᠠᠯᠠᠬᠤ ᠪᠠᠷ ᠣᠴᠢᠵᠤ ᠪᠠᠢᠭᠰᠠᠨ ᠦᠭᠡᠢ 》 ᠭᠡᠵᠦ ᠡᠷᠲᠡᠨ ᠦ᠌ ᠲᠡᠦᠬᠡᠴᠢ ᠨᠠᠷ ᠪᠢᠴᠢᠵᠡᠢ᠃ ᠲᠡᠭᠡᠭᠡᠳ ᠷᠶᠠᠽᠠᠨ᠂ ᠫᠷᠣᠨ᠂ ᠮᠦᠷᠦᠮ ᠦ᠋ᠨ ᠸᠠᠩ ᠤ᠋ᠳ ᠤ᠋ᠨ ᠬᠠᠮᠲᠤᠷᠠᠭᠰᠠᠨ ᠴᠡᠷᠢᠭ ᠪᠠᠲᠤ ᠬᠠᠭᠠᠨ ᠤ᠋ ᠳᠣᠪᠲᠣᠯᠤᠯᠭ᠎ᠠ ᠶ᠋ᠢ ᠵᠣᠭᠰᠣᠭᠠᠬᠤ ᠭᠡᠵᠦ ᠣᠷᠣᠯᠳᠣᠭᠠᠳ ᠳᠠᠷᠤᠭᠳᠠᠭᠰᠠᠨ ᠨᠢ《ᠬᠡᠷᠡᠭ ᠢᠯᠠᠭᠳᠠᠬᠤ ᠳ᠋ᠤ᠌ ᠸᠠᠩ ᠤ᠋ᠳ ᠥᠪᠡᠷᠰᠡᠳ ᠦ᠋ᠨ ᠢ᠋ᠶ᠋ᠡᠨ ᠬᠣᠲᠠ ᠳ᠋ᠤ᠌ ᠵᠢᠭᠤᠲᠠᠭᠰᠠᠨ 》 ᠭᠡᠵᠦ ᠲᠡᠮᠳᠡᠭᠯᠡᠭᠳᠡᠵᠡᠢ᠃ 1237 ᠣᠨ ᠤ᠋12 ᠰᠠᠷ᠎ᠠ ᠶ᠋ᠢᠨ16 ᠳ᠋ᠤ᠌ ᠲᠠᠲ᠋ᠠᠷ ᠤ᠋ᠳ ᠷᠶᠠᠽᠠᠨ ᠳ᠋ᠤ᠌ ᠣᠷᠣᠵᠤ ᠲᠡᠷᠡᠬᠦ ᠭᠠᠵᠠᠷ ᠠ᠋ᠴᠠ ᠬᠡᠨ ᠢ᠋ ᠴᠦ᠍ ᠭᠠᠷᠭᠠᠬᠤ ᠦᠭᠡᠢ ᠪᠣᠯᠭᠠᠬᠤ ᠶ᠋ᠢᠨ ᠲᠤᠯᠠᠳᠠ ᠪᠣᠯᠭᠣᠮᠵᠢᠯᠠᠨ ᠪᠦᠰᠡᠯᠡᠵᠡᠢ᠃ ᠲᠡᠳᠦᠢ ᠯᠡ ᠤᠳᠠᠭ᠎ᠠ ᠦᠭᠡᠢ ᠪᠦᠰᠡᠯᠡᠯᠲᠡ ᠶ᠋ᠢᠨ ᠳᠠᠷᠠᠭ᠎ᠠ12 ᠳ᠋ᠤᠭᠠᠷ ᠰᠠᠷ᠎ᠠ ᠶ᠋ᠢᠨ21 ᠦ᠌ ᠡᠳᠦᠷ ᠤᠭ ᠬᠣᠲᠠ ᠶ᠋ᠢ ᠡᠵᠡᠯᠡᠨ ᠠᠪᠴᠤ ᠰᠢᠲᠠᠭᠠᠭᠠᠳ ᠬᠥᠮᠦᠨ ᠠᠮᠢᠲᠠᠨ ᠢ᠋ ᠨᠢ ᠬᠢᠳᠤᠵᠠᠢ᠃ ᠠᠯᠠᠭᠳᠠᠭᠰᠠᠨ ᠬᠥᠮᠦᠰ ᠦ᠋ᠨ ᠳᠣᠲᠣᠷ᠎ᠠ ᠸᠠᠩ ᠶᠦᠷᠢ ᠢᠩᠭᠸᠠᠷᠸᠸᠢᠴ ᠣᠷᠣᠯᠴᠠᠵᠠᠢ᠃ ᠢᠩᠭᠢᠵᠦ ᠪᠤᠲᠠ ᠴᠣᠬᠢᠭᠤᠯᠤᠭᠰᠠᠨ ᠠ᠋ᠴᠠ ᠷᠶᠠᠽᠠᠨ ᠬᠣᠲᠠ ᠰᠡᠷᠭᠦᠵᠦ ᠴᠢᠳᠠᠭᠰᠠᠨ ᠦᠭᠡᠢ ᠲᠤᠯᠠ ᠬᠣᠲᠠ ᠥᠭᠡᠷ᠎ᠡ ᠰᠢᠨ᠎ᠡ ᠭᠠᠵᠠᠷ ᠳᠠᠬᠢᠨ ᠪᠠᠢᠭᠤᠯᠤᠭᠳᠠᠵᠠᠢ᠃

        ᠷᠶᠠᠽᠠᠨ ᠤ᠋ ᠸᠠᠩᠲᠤ ᠤᠯᠤᠰ ᠤ᠋ᠨ ᠬᠠᠭᠤᠴᠢᠨ ᠤ᠋ ᠨᠡᠢᠰᠯᠡᠯ ᠡᠴᠡ ᠵᠥᠪᠬᠡᠨ ᠡᠪᠳᠡᠷᠬᠡᠢ ᠪᠠᠯᠭᠠᠰᠤ ᠳᠤᠷᠠᠰᠬᠠᠯ ᠪᠣᠯᠵᠤ ᠦᠯᠡᠳᠡᠭᠰᠡᠨ᠂ ᠡᠭᠦᠨ ᠢ᠋ ᠵᠥᠪᠯᠡᠯᠲᠦ ᠶ᠋ᠢᠨ ᠠᠷᠾᠸᠯᠤᠭᠢᠴᠢ ᠨᠠᠷ ᠰᠤᠳᠤᠯᠤᠨ ᠰᠢᠨᠵᠢᠯᠡᠵᠦ ᠪᠠᠢᠨ᠎ᠠ᠃ ᠷᠶᠠᠽᠠᠨ ᠬᠣᠲᠠ ᠶ᠋ᠢᠨ ᠤᠨᠠᠯᠲᠠ ᠶ᠋ᠢᠨ ᠵᠡᠷᠭᠡᠴᠡᠭᠡ ᠪᠡᠷ ᠸᠯᠠᠳᠢᠮᠢᠷ ᠬᠣᠲᠠ ᠳ᠋ᠤ᠌ ᠣᠴᠢᠬᠤ ᠵᠠᠮ ᠨᠡᠭᠡᠭᠡᠭᠳᠡᠵᠡᠢ᠃ ᠲᠠᠲ᠋ᠠᠷ ᠤ᠋ᠳ ᠺᠣᠯᠤᠮᠤᠨ ᠤ᠋ ᠳᠡᠷᠭᠡᠳᠡ ᠶᠡᠬᠡ ᠸᠠᠩ ᠶᠦᠷᠢ ᠶ᠋ᠢᠨ ᠶᠠᠪᠤᠭᠤᠯᠤᠭᠰᠠᠨ ᠪᠥᠭᠡᠳ ᠸᠰᠸᠸᠤᠯᠤᠳ᠋ ᠤ᠋ᠨ ᠬᠦᠦ ᠷᠶᠠᠽᠠᠨ ᠤ᠋ ᠸᠠᠩ ᠷᠣᠮᠠᠨ ᠢᠩᠸᠠᠷᠸᠸᠢᠴ ᠤ᠋ᠨ ᠪᠠ ᠴᠡᠷᠢᠭ ᠦ᠋ᠨ ᠲᠡᠷᠢᠭᠦᠯᠡᠭᠴᠢ ᠶᠸᠷᠮᠸᠨ ᠭᠯᠸᠪᠤᠸᠢᠴ ᠨᠠᠷ ᠤ᠋ᠨ ᠤᠳᠤᠷᠢᠳᠤᠭᠰᠠᠨ ᠴᠡᠷᠢᠭ ᠦ᠋ᠨ ᠲᠡᠷᠢᠭᠦᠨ ᠠᠩᠭᠢ ᠲᠠᠢ ᠲᠤᠯᠭᠠᠷᠠᠬᠤ ᠳ᠋ᠤ᠌ ᠣᠷᠣᠰ ᠤ᠋ᠳ ᠪᠦᠷᠢᠮᠦᠰᠦᠨ ᠴᠣᠬᠢᠭᠳᠠᠵᠤ ᠴᠡᠷᠢᠭ ᠦ᠋ᠨ ᠨᠣᠶᠠᠳ ᠤ᠋ᠨ ᠳᠤᠮᠳᠠ ᠠ᠋ᠴᠠ ᠭᠠᠭᠴᠠ ᠸᠰᠸᠸᠤᠯᠤᠳ᠋ ᠶᠦᠷᠢᠶᠸᠸᠢᠴ ᠨᠥᠬᠥᠷᠯᠡᠭᠴᠢ ᠴᠡᠷᠢᠭ ᠦ᠋ᠨ ᠬᠠᠮᠲᠤ ᠸᠯᠠᠳᠢᠮᠢᠷ ᠬᠣᠲᠠ ᠤᠷᠤᠭᠤ ᠰᠠᠮ ᠵᠢᠭᠤᠲᠠᠵᠠᠢ᠃ ᠲᠡᠨᠳᠡ ᠡᠴᠡ ᠲᠠᠲ᠋ᠠᠷ ᠤ᠋ᠳ ᠮᠣᠰᠺᠸᠠ ᠶ᠋ᠢ ᠪᠤᠰᠠᠨᠢᠭᠤᠯᠵᠤ ᠶᠡᠬᠡ ᠸᠠᠩᠲᠤ ᠤᠯᠤᠰ ᠤ᠋ᠨ ᠨᠡᠢᠰᠯᠡᠯ ᠳ᠋ᠦ᠍ ᠬᠦᠷᠴᠡᠢ᠃

       1238 ᠣᠨ ( ᠤ᠋ ) 2 ᠳ᠋ᠤᠭᠠᠷ ᠰᠠᠷ᠎ᠠ ᠶ᠋ᠢᠨ 3 ᠤ᠋ ᠡᠳᠦᠷ ᠲᠠᠲ᠋ᠠᠷ ᠤ᠋ᠳ ᠸᠯᠠᠳᠢᠮᠢᠷ ᠬᠣᠲᠠ ᠳ᠋ᠤ᠌ ᠳᠣᠪᠲᠣᠯᠤᠨ ᠣᠷᠣᠵᠤ ᠢᠷᠡᠭᠡᠳ (  ᠢᠷᠡᠬᠦ ᠳ᠋ᠦ᠍ ) ᠶᠡᠬᠡ ᠸᠠᠩ ᠶᠦᠷᠢ ᠸᠠᠰᠸᠸᠤᠯᠤᠳᠤᠸᠢᠴ ᠬᠣᠲᠠ ᠳ᠋ᠠᠭᠠᠨ ᠪᠠᠢᠭᠰᠠᠨ ᠦᠭᠡᠢ᠂ ᠬᠣᠢᠲᠤ ᠵᠦᠭ ᠦ᠋ᠨ ᠭᠠᠵᠠᠷ ᠤ᠋ᠳ ᠢ᠋ᠶ᠋ᠠᠷ ᠴᠡᠷᠢᠭ ᠴᠤᠭᠯᠠᠭᠤᠯᠤᠨ ᠪᠠᠢᠵᠠᠢ᠃ ᠸᠯᠠᠳᠢᠮᠢᠷ ᠬᠣᠲᠠ ᠶ᠋ᠢᠨ ᠢᠷᠭᠡᠳ ᠬᠣᠲᠠ ᠶ᠋ᠢᠨ ᠢ᠋ᠶ᠋ᠡᠨ ᠳᠣᠲᠣᠷ᠎ᠠ ᠪᠠᠢᠵᠠᠢ᠃ ᠲᠠᠲ᠋ᠠᠷ ᠤ᠋ᠨ ᠣᠲᠷᠢᠶᠠᠳ᠋ ᠠᠯᠲᠠᠨ ᠬᠠᠭᠠᠯᠭᠠᠨ ᠳ᠋ᠤ᠌ ᠬᠦᠷᠴᠦ ᠢᠷᠡᠭᠡᠳ ᠮᠣᠰᠺᠸᠠ ᠶ᠋ᠢ ᠪᠤᠲᠠ ᠴᠣᠬᠢᠬᠤ ᠳ᠋ᠠᠭᠠᠨ ᠣᠯᠵᠠᠯᠠᠭᠰᠠᠨ ᠸᠠᠩ ᠸᠯᠠᠳᠢᠮᠢᠷ ᠶᠦᠷᠢᠶᠸᠸᠢᠴ ᠢ᠋ ᠠᠪᠴᠢᠷᠠᠨ《ᠶᠦᠷᠢ ᠸᠠᠩ ᠬᠣᠲᠠ ᠳ᠋ᠠᠭᠠᠨ ᠪᠠᠢᠨ᠎ᠠ ᠤᠤ ? 》 ᠭᠡᠵᠦ ᠠᠰᠠᠭᠤᠵᠠᠢ᠃ ᠬᠠᠷᠢᠭᠤ ᠦᠭᠡᠨ ᠦ᠌ ᠣᠷᠣᠨ ᠳ᠋ᠤ᠌ ᠬᠣᠲᠠ ᠶ᠋ᠢᠨ ᠬᠡᠷᠡᠮ ᠡᠴᠡ ᠨᠤᠮᠤ ᠰᠤᠮᠤ ᠪᠠᠷ ᠬᠠᠷᠪᠤᠵᠤ ᠡᠬᠢᠯᠡᠪᠡ᠃ ᠭᠡᠪᠡᠴᠦ ᠬᠣᠲᠠ ᠶ᠋ᠢ ᠬᠠᠮᠠᠭᠠᠯᠠᠭᠴᠢᠳ ᠤ᠋ᠨ ᠳᠤᠮᠳᠠ ᠨᠢᠭᠡᠳᠦᠭᠰᠡᠨ ᠬᠦᠴᠦ ᠪᠠᠢᠭᠰᠠᠨ ᠦᠭᠡᠢ᠂ ᠵᠠᠯᠠᠭᠤ ᠸᠠᠩ ᠤ᠋ᠳ᠂ ᠶᠦᠷᠢ  ᠸᠠᠰᠸᠸᠤᠯᠤᠳᠤᠸᠢᠴ ᠤ᠋ᠨ ᠬᠥᠪᠡᠭᠦᠳ᠂ ᠸᠰᠸᠸᠤᠯᠤᠳ᠋᠂ ᠮᠰᠲ᠋ᠢᠰᠯᠠᠸ ᠨᠠᠷ ᠪᠦᠰᠡᠯᠡᠭᠳᠡᠭᠰᠡᠨ ᠡᠴᠡ ᠮᠤᠯᠲᠤᠷᠠᠨ ᠭᠠᠷᠬᠤ ᠶ᠋ᠢ ᠬᠦᠰᠡᠪᠡᠴᠦ ᠲᠡᠳᠡᠭᠡᠷ ᠦ᠋ᠨ ᠡᠴᠢᠭᠡ ᠡᠴᠡ ᠲᠣᠮᠢᠯᠠᠨ ᠢᠷᠡᠭᠦᠯᠦᠭᠰᠡᠨ ᠪᠥᠭᠡᠳ ᠰᠡᠳᠬᠢᠯ ᠰᠠᠨᠠᠭ᠎ᠠ ᠪᠠᠷ ᠪᠦᠷᠢᠨ ᠤᠨᠠᠭᠰᠠᠨ ᠴᠡᠷᠢᠭ ᠦ᠋ᠨ ᠨᠣᠶᠠᠨ ᠫᠸᠲ᠋ᠷ ᠣᠰᠯᠢᠶᠠᠳ᠋ᠶᠣᠺᠤᠸᠢᠴ ᠡᠢᠮᠦ ᠠᠷᠭ᠎ᠠ ᠬᠡᠮᠵᠢᠶ᠎ᠡ ᠶᠠᠪᠤᠭᠤᠯᠬᠤ ᠨᠢ ᠨᠠᠢᠳᠠᠯᠭ᠎ᠠ ᠦᠭᠡᠢ ᠬᠡᠷᠡᠭ ᠭᠡᠵᠦ ᠬᠡᠯᠡᠵᠦ ᠪᠠᠢᠭᠰᠠᠨ ᠨᠢ (  ᠢ᠋ ?) ᠡᠷᠲᠡᠨ ᠦ᠌ ᠣᠨ ᠳᠠᠷᠠᠭᠠᠯᠠᠯ ᠤ᠋ᠨ ᠪᠢᠴᠢᠭ ᠲᠦ᠍ ᠥᠭᠦᠯᠡᠭᠰᠡᠨ ᠢ᠋ᠶ᠋ᠡᠷ᠄《ᠡᠨᠡᠬᠦ ᠬᠢᠯᠢᠨᠴᠡ ᠶ᠋ᠢ ᠪᠤᠷᠬᠠᠨ ᠮᠠᠨ ᠳ᠋ᠤ᠌ ᠵᠣᠷᠢᠭᠤᠯᠵᠠᠢ᠃ ᠲᠡᠢᠮᠦ ᠣᠯᠠᠨ ᠬᠥᠮᠦᠰ ᠦ᠋ᠨ ᠡᠮᠦᠨ᠎ᠡ ᠡᠴᠡ ᠨᠢ ᠬᠡᠨ ᠢ᠋ ᠪᠡᠨ ᠶᠠᠪᠤᠭᠤᠯᠵᠤ ᠪᠠᠢᠯᠳᠤᠭᠤᠯᠬᠤ ᠪᠢᠯᠡ᠃ ᠬᠡᠷᠪᠡ ᠮᠠᠨ ᠤ᠋ ᠬᠣᠲᠠ ᠳ᠋ᠤ᠌ ᠣᠯᠠᠨ ᠬᠥᠮᠦᠨ ᠪᠣᠢ ᠪᠣᠯ ᠲᠡᠳᠡᠨ ᠦ᠌ ᠡᠰᠡᠷᠭᠦ ᠶᠠᠪᠤᠭᠤᠯᠪᠠᠯ ᠪᠣᠯᠬᠤ ᠪᠢᠯᠡ 》 ᠭᠡᠵᠡᠢ᠃

       ᠲᠠᠲ᠋ᠠᠷ ᠤ᠋ᠳ ᠬᠣᠲᠠ ᠶ᠋ᠢ ᠬᠦᠷᠢᠶᠡᠯᠡᠨ ᠠᠪᠤᠭᠠᠳ ᠮᠣᠳᠣ ᠴᠢᠯᠠᠭᠤ ᠰᠡᠲᠡᠯᠵᠦ ᠬᠡᠷᠡᠮ ᠢ᠋ ᠡᠪᠳᠡᠯᠡᠬᠦ ᠵᠡᠪᠰᠡᠭ ᠢ᠋ᠶ᠋ᠡᠷ ᠰᠦᠢᠳᠦᠭᠦᠯᠵᠦ ᠡᠬᠢᠯᠡᠯ᠎ᠡ᠃ ᠵᠥᠪᠬᠡᠨ ᠨᠢᠭᠡᠨ ᠰᠥᠨᠢ ᠶ᠋ᠢᠨ ᠳᠣᠲᠣᠷ᠎ᠠ ᠪᠦᠬᠦ ᠬᠣᠲᠠ ᠶ᠋ᠢᠨ ᠣᠷᠴᠢᠮ ᠢ᠋ ᠬᠦᠷᠢᠶᠡᠯᠡᠨ᠂ ᠬᠡᠷᠡᠮ ᠢ᠋ ᠡᠪᠳᠡᠬᠦ ᠵᠡᠪᠰᠡᠭ ᠢ᠋ᠶ᠋ᠡᠷ ᠬᠣᠲᠠ ᠶ᠋ᠢᠨ ᠬᠠᠨ᠎ᠠ ᠶ᠋ᠢ ᠨᠤᠷᠠᠭᠠᠵᠤ ᠪᠦᠰᠡᠯᠡᠭᠳᠡᠭᠰᠡᠳ ᠢ᠋ ᠴᠢᠯᠠᠭᠤ ᠪᠠᠷ ᠰᠢᠳᠡᠭᠰᠡᠨ ᠤᠴᠢᠷ ᠲᠣᠮᠣ ᠲᠣᠮᠣ ᠴᠢᠯᠠᠭᠤ ᠪᠠᠷ ᠪᠦᠬᠦ ᠬᠣᠲᠠ ᠶ᠋ᠢ ᠳᠦᠭᠦᠷᠲᠡᠯ᠎ᠡ ᠬᠠᠶᠠᠯᠠᠵᠠᠢ᠃ ᠲᠠᠲ᠋ᠠᠷ ᠤ᠋ᠳ ᠠᠯᠲᠠᠨ ᠬᠠᠭᠠᠯᠭ᠎ᠠ ᠪᠠ ᠪᠤᠰᠤᠳ ᠭᠠᠵᠠᠷ ᠤ᠋ᠳ ᠢ᠋ᠶ᠋ᠠᠷ ᠬᠠᠨ᠎ᠠ ᠶ᠋ᠢ ᠴᠥᠮᠥ ᠴᠣᠬᠢᠵᠤ ᠪᠠᠢᠭᠠᠳ 2 ᠳ᠋ᠤᠭᠠᠷ ᠰᠠᠷ᠎ᠠ ᠶ᠋ᠢᠨ ᠳᠣᠯᠣᠭᠠᠨ ᠤ᠋ ᠡᠳᠦᠷ ᠠᠯᠲᠠᠨ ᠬᠠᠭᠠᠯᠭ᠎ᠠ᠂ ᠯᠢᠪᠸᠳ᠋ ᠭᠣᠣᠯ᠂ ᠢᠷᠢᠨᠢ ᠪᠠ ᠵᠡᠰ ᠬᠠᠭᠠᠯᠭ᠎ᠠ ᠶ᠋ᠢᠨ ᠵᠦᠭ ᠡᠴᠡ ᠮᠥᠨ ᠺᠯᠶᠡᠽᠢᠮ ᠢᠵᠢᠯ ᠦ᠋ᠨ ᠬᠠᠭᠠᠯᠭ᠎ᠠ ᠵᠡᠷᠭᠡ ᠭᠠᠵᠠᠷ ᠢ᠋ᠶ᠋ᠠᠷ ᠬᠣᠲᠠ ᠳ᠋ᠤ᠌ ᠬᠡᠳᠦᠨ ᠲᠠᠯ᠎ᠠ ᠠ᠋ᠴᠠ ᠨᠢ ᠴᠥᠮᠥᠷᠡᠨ ᠣᠷᠣᠵᠤ ᠢᠷᠡᠪᠡ᠃ ᠂《ᠴᠢᠳᠬᠥᠷ ᠮᠡᠲᠦ 》ᠲᠠᠲ᠋ᠠᠷ ᠤ᠋ᠳ ᠴᠥᠮᠥᠷᠬᠡᠢ ᠭᠠᠵᠠᠷ ᠪᠦᠬᠦᠨ ᠢ᠋ᠶ᠋ᠡᠷ ᠰᠢᠨ᠎ᠡ ᠬᠣᠲᠠ ᠳ᠋ᠤ᠌ ᠰᠢᠷᠭᠤᠨ ᠣᠷᠣᠭᠠᠳ ᠲᠡᠭᠦᠨ ᠢ᠋ ᠰᠢᠲᠠᠭᠠᠵᠠᠢ᠃

        ᠬᠣᠲᠠ ᠶ᠋ᠢᠨ ᠬᠥᠮᠦᠰ《ᠫᠸᠴᠸᠷ ᠬᠣᠲᠠ》 ᠳ᠋ᠤ᠌ ᠵᠢᠭᠤᠲᠠᠨ ᠢᠷᠡᠵᠡᠢ᠃ ᠭᠡᠲᠡᠯ᠎ᠡ ᠡᠨᠡ ᠬᠦ᠌《ᠫᠸᠴᠸᠷ ᠬᠣᠲᠠ》 ᠶ᠋ᠢ ᠲᠠᠲ᠋ᠠᠷ ᠤ᠋ᠳ ᠡᠵᠡᠯᠡᠨ ᠠᠪᠴᠤ ᠰᠢᠲᠠᠭᠠᠪᠠ᠃ ᠸᠯᠠᠳᠢᠮᠢᠷ ᠬᠣᠲᠠ ᠶ᠋ᠢᠨ ᠬᠥᠮᠦᠰ ᠢ᠋ ᠵᠠᠯᠠᠭᠤ ᠠ᠋ᠴᠠ ᠬᠥᠭᠰᠢᠳ ᠬᠦᠷᠲᠡᠯ᠎ᠡ ( ᠂ ) ᠬᠥᠬᠥᠭᠦᠯ ᠬᠡᠦᠬᠡᠳ ᠢ᠋ ᠬᠦᠷᠲᠡᠯ᠎ᠡ ᠪᠠᠷᠤᠭ ᠲᠣᠯᠣᠭᠠᠢ ᠳᠠᠷᠠᠭᠠᠯᠠᠵᠤ ᠬᠦᠢᠰᠦ ᠲᠡᠮᠲᠡᠷᠢᠨ ᠬᠢᠳᠤᠪᠠ᠃

        ᠬᠠᠮᠪᠤ ᠯᠠᠮᠠ᠂ ᠸᠠᠩ ᠤ᠋ᠨ ᠭᠡᠷ ᠪᠦᠯᠢ ᠶ᠋ᠢᠨ ᠬᠢᠨ᠂ ᠬᠣᠲᠠ ᠶ᠋ᠢᠨ ᠬᠡᠰᠡᠭ ᠢᠷᠭᠡᠳ ᠦ᠋ᠨ ᠬᠠᠮᠲᠤ ᠨᠢᠭᠡᠨ ᠰᠦᠮ᠎ᠡ ᠳᠣᠲᠣᠷ᠎ᠠ ᠬᠣᠷᠭᠣᠳᠠᠨ ᠪᠠᠢᠭᠠᠳ ᠰᠢᠳᠡᠵᠦ ᠦᠬᠦᠭᠰᠡᠨ ᠪᠠ ᠵᠠᠷᠢᠮ ᠦᠯᠡᠳᠡᠭᠰᠡᠨ ᠨᠢ ᠨᠢᠴᠦᠭᠦᠨ ᠱᠠᠯᠳᠠᠩ ᠢ᠋ᠶ᠋ᠠᠷ ᠳᠠᠢᠰᠤᠨ ᠳ᠋ᠤ᠌ ᠪᠠᠷᠢᠭᠳᠠᠵᠠᠢ᠃ ᠸᠯᠠᠳᠢᠮᠢᠷ ᠬᠣᠲᠠ ᠶ᠋ᠢ ᠠᠪᠬᠤ ᠶ᠋ᠢᠨ ᠵᠡᠷᠭᠡᠴᠡᠭᠡ ᠪᠡᠷ ᠮᠥᠨ ᠲᠠᠲ᠋ᠠᠷ ᠤ᠋ᠨ ᠴᠡᠷᠢᠭ ᠦ᠋ᠨ ᠨᠢᠭᠡᠨ ᠤᠲ᠋ᠷᠢᠶᠠᠳ᠋ ᠰᠥᠽᠳᠠᠯᠢ ᠬᠣᠲᠠ ᠶ᠋ᠢ ᠡᠵᠡᠯᠡᠨ ᠠᠪᠤᠭᠰᠠᠨ ᠪᠠᠢᠪᠠ᠃ ᠡᠭᠦᠨ ᠦ᠌ ᠳᠠᠷᠠᠭ᠎ᠠ ᠪᠠᠷ ᠲᠠᠲ᠋ᠠᠷ ᠤ᠋ᠳ ᠫᠸᠷᠸᠶᠡᠰᠯᠠᠸᠯᠢ᠂ ᠷᠤᠰᠲ᠋ᠤᠸ᠂ ᠶᠡᠷᠥᠰᠯᠡᠸᠯᠢ᠂ ᠢᠵᠢᠯ ᠮᠥᠷᠡᠨ ᠳ᠋ᠡᠬᠢ ᠬᠣᠲᠠ ᠪᠣᠯᠤᠨ ᠢᠵᠢᠯ ᠮᠥᠷᠡᠨ ᠦ᠌ ᠳᠡᠷᠭᠡᠳᠡᠬᠢ ᠭᠠᠯᠢᠴ ᠤ᠋ᠨ ᠭᠠᠵᠠᠷ ᠢ᠋ ᠬᠦᠷᠲᠡᠯ᠎ᠡ ᠢᠵᠢᠯ ᠮᠥᠷᠡᠨ ᠦ᠌ ᠬᠠᠪᠢ ᠶ᠋ᠢᠨ ᠪᠦᠬᠦ ᠭᠠᠵᠠᠷ ᠢ᠋ ᠡᠵᠡᠯᠡᠵᠡᠢ᠃ ᠲᠡᠢᠨᠬᠦ ᠪᠦᠬᠦ ᠸᠯᠡᠳᠢᠮᠢᠷ ᠦ᠋ᠨ ᠸᠠᠩᠲᠤ ᠤᠯᠤᠰ᠂ ᠲᠠᠲ᠋ᠠᠷ ᠤ᠋ᠨ ᠭᠠᠷ ᠲᠤ᠌ ᠣᠷᠣᠵᠠᠢ᠃ ᠡᠢᠮᠦ ᠳ᠋ᠦ᠍ ᠬᠣᠢᠲᠤ ᠵᠦᠭ ᠲᠦ᠍ ᠶᠡᠬᠡ ᠸᠠᠩ ᠶᠦᠷᠢ ᠸᠰᠸᠸᠣᠯᠣᠳᠣᠸᠢ᠍ᠴ ᠠ᠋ᠴᠠ ᠬᠤᠷᠠᠯᠳᠤᠭᠤᠯᠵᠤ ᠪᠠᠢᠭᠰᠠᠨ ᠴᠡᠷᠢᠭ ᠢ᠋ ᠤᠰᠠᠳᠬᠠᠬᠤ ᠨᠢ ᠴᠢᠬᠤᠯᠠ ᠪᠠᠢᠪᠠ᠃ ᠶᠡᠬᠡ ᠸᠠᠩ᠂ ᠢᠵᠢᠯ ᠮᠥᠷᠡᠨ ᠦ᠌ ᠴᠢᠨᠠᠳᠤᠬᠢ ᠮᠣᠯᠣᠭ ᠭᠣᠣᠯ ᠤ᠋ᠨ ᠴᠢᠳᠬᠤᠯ ᠤ᠋ᠨ ᠰᠢᠲ᠋ᠢ ᠭᠡᠳᠡᠭ ᠭᠣᠣᠯ ᠤ᠋ᠨ ᠡᠷᠭᠢ ᠬᠠᠪᠢ ᠶ᠋ᠢᠨ ᠥᠷᠭᠡᠨ ᠶᠡᠬᠡ ᠲᠠᠯ᠎ᠠ ᠳᠡᠭᠡᠷ᠎ᠡ ᠣᠴᠢᠵᠤ ᠰᠢᠢᠳᠪᠦᠷᠢᠲᠡᠢ ᠪᠡᠷ ᠪᠠᠢᠯᠳᠤᠬᠤ ᠶ᠋ᠢᠨ ᠲᠤᠯᠠᠳᠠ ᠴᠡᠷᠢᠭ ᠢ᠋ᠶ᠋ᠡᠨ ᠳᠠᠢᠴᠢᠯᠠᠵᠤ ᠪᠠᠢᠯ᠎ᠠ᠃ ᠮᠥᠨ ᠸᠠᠩ ᠳ᠋ᠤ᠌ ᠲᠡᠭᠦᠨ ᠦ᠌ ᠠᠬ᠎ᠠ ᠰᠸᠶᠡᠲ᠋ᠣᠰᠯᠡᠸ ᠸᠰᠸᠸᠣᠯᠣᠳᠣᠸᠢ᠍ᠴ (᠂ ) ᠠᠴᠢ ᠸᠠᠰᠢᠯᠢᠺᠦ ᠸᠰᠸᠸᠣᠯᠣᠳ᠋᠂ ᠸᠯᠡᠳᠢᠮᠢᠷ ᠺᠤᠨ᠋ᠰᠲ᠋ᠠᠨᠲ᠋ᠢᠨᠤᠸᠢ᠍ᠴ ᠨᠠᠷ ᠨᠢᠭᠡᠳᠦᠨ ᠨᠡᠢᠯᠡᠵᠡᠢ᠃
      ᠢᠩᠭᠢᠭᠡᠳ ᠪᠠᠰᠠ ᠶᠡᠷᠥᠢ᠍ᠰᠯᠡᠸ᠂ ᠸᠰᠸᠸᠤᠯᠤᠳᠤᠸᠢ᠍ᠴ ᠤ᠋ᠨ ᠢᠷᠡᠬᠦ ᠶ᠋ᠢ ᠬᠦᠯᠢᠶᠡᠵᠦ ᠪᠠᠢᠲᠠᠯ᠎ᠠ᠂ ᠲᠠᠩᠨᠠᠭᠤᠯ ᠢ᠋ᠶ᠋ᠠᠷ ᠶᠠᠪᠤᠵᠤ ᠢᠷᠡᠭᠰᠡᠨ ᠬᠥᠮᠦᠰ ᠭᠡᠨᠡᠳᠲᠡ ᠢᠷᠡᠵᠦ《ᠲᠠᠲ᠋ᠠᠷ ᠤ᠋ᠳ ᠬᠠᠵᠠᠭᠤ ᠪᠠᠷ ᠥᠩᠭᠡᠷᠡᠭᠰᠡᠨ 》 ᠭᠡᠵᠦ ᠸᠠᠩ ᠳ᠋ᠤ᠌ ᠮᠡᠳᠡᠭᠡᠯᠡᠪᠡ᠃ ᠭᠡᠲᠡᠯ᠎ᠡ ᠪᠠᠲᠤ ᠬᠠᠭᠠᠨ ᠤ᠋ ᠭᠠᠷᠮᠠᠭᠠᠢ ᠵᠠᠩᠵᠤᠨ ᠨᠤᠭᠤᠳ ᠤ᠋ᠨ ᠨᠢᠭᠡᠨ ᠪᠣᠷᠣᠨᠳᠠᠢ ᠪᠠᠭᠠᠲᠤᠷ ᠲᠦᠷᠦᠭᠦᠲᠡᠢ ᠲᠠᠲ᠋ᠠᠷ ᠤ᠋ᠨ ᠶᠡᠬᠡ ᠴᠡᠷᠢᠭ ᠦ᠋ᠨ ᠬᠦᠴᠦ ᠣᠢᠷᠠᠲᠤᠨ ᠢᠷᠡᠵᠦ ᠪᠠᠢᠵᠠᠢ᠃ 1238ᠣᠨ ᠤ᠋ ᠭᠤᠷᠪᠠᠳᠤᠭᠠᠷ ᠰᠠᠷ᠎ᠠ ᠶ᠋ᠢᠨ ᠳᠥᠷᠪᠡᠨ ᠦ᠌ ᠡᠳᠦᠷ ᠲᠤᠯᠤᠯᠳᠤᠵᠤ ᠡᠬᠢᠯᠡᠭᠡᠳ᠂ ᠣᠷᠣᠰ ᠤ᠋ᠨ ᠴᠡᠷᠢᠭ ᠪᠤᠲᠠ ᠴᠣᠬᠢᠭᠳᠠᠵᠠᠢ᠃ ᠡᠭᠦᠨ ᠳ᠋ᠦ᠍ ᠶᠡᠬᠡ ᠸᠠᠩ ᠥᠪᠡᠷ ᠢ᠋ᠶ᠋ᠡᠨ ᠴᠦ᠍ ᠡᠨᠡ ᠲᠡᠢᠨ ᠳ᠋ᠦ᠍ ᠠᠯᠠᠭᠳᠠᠵᠠᠢ᠃ ᠮᠥᠨ ᠲᠡᠭᠦᠨ ᠦ᠌ ᠠᠴᠢ ᠸᠠᠩ ᠸᠠᠰᠢᠯᠢᠺᠦ  ᠺᠤᠨ᠋ᠰᠲ᠋ᠠᠨᠲ᠋ᠢᠨᠤᠸᠢᠴ ᠷᠣᠰᠲ᠋ᠤᠸᠰᠺᠢ ᠣᠯᠵᠠᠯᠠᠭᠳᠠᠵᠠᠢ᠃ ᠭᠡᠪᠡᠴᠦ ᠪᠠᠲᠤ ᠬᠠᠭᠠᠨ ᠳ᠋ᠤ᠌ ᠳᠠᠭᠠᠵᠤ ᠣᠷᠣᠭᠰᠠᠨ ᠦᠭᠡᠢ᠃《ᠮᠤᠤᠰᠠᠢᠨ ᠲᠠᠲ᠋ᠠᠷ ᠤ᠋ᠳ ᠤ᠋ᠨ ᠮᠠᠲᠠᠯ ᠳ᠋ᠤ᠌ ᠣᠷᠣᠭᠰᠠᠨ ᠠ᠋ᠴᠠ ᠪᠠᠢᠯᠳᠤᠶ᠎ᠠ 》ᠭᠡᠰᠡᠨ ᠪᠥᠭᠡᠳ ᠠᠯᠠᠭᠳᠠᠭᠰᠠᠨ ᠠᠵᠢ᠃

     ᠰᠢᠲ᠋ᠢ ᠭᠣᠣᠯ ᠤ᠋ᠨ ᠨᠠᠮᠤᠭ ᠲᠠᠢ ᠲᠠᠯ᠎ᠠ ᠳ᠋ᠠᠬᠢ ᠲᠠᠲ᠋ᠠᠷ ᠤ᠋ᠨ ᠪᠤᠯᠠᠰᠢ ᠣᠷᠣᠰ ᠴᠡᠷᠢᠭ ᠦ᠋ᠨ ᠬᠡᠭᠦᠷ ᠢ᠋ ᠣᠷᠣᠰᠢᠭᠤᠯᠤᠭᠰᠠᠨ ᠭᠡᠵᠦ ᠦᠯᠢᠭᠡᠷ ᠳᠣᠮᠣᠭ ᠲᠤ᠌ ᠶᠠᠷᠢᠯᠴᠠᠳᠠᠭ ᠥᠨᠳᠥᠷ ᠣᠪᠣᠭ᠎ᠠ ᠨᠤᠭᠤᠳ ᠨᠢ ᠴᠢᠰᠤ ᠤᠷᠤᠰᠬᠠᠭᠰᠠᠨ ᠲᠡᠷᠡ ᠶᠡᠬᠡ ᠪᠠᠢᠯᠳᠤᠭᠠᠨ ᠤ᠋ ᠳᠤᠷᠠᠰᠬᠠᠯ ᠪᠣᠯᠤᠨ ᠣᠳᠣ ᠪᠣᠯᠲᠠᠯ᠎ᠠ ᠦᠯᠡᠳᠡᠭᠰᠡᠨ ᠪᠢᠯᠡ᠃ ᠰᠢᠲ᠋ᠢ ᠳᠡᠭᠡᠷ᠎ᠡ ᠪᠣᠯᠤᠭᠰᠠᠨ᠂ ᠵᠠᠶᠠᠭ᠎ᠠ ᠰᠢᠢᠳᠪᠦᠷᠢᠯᠡᠬᠦ ᠲᠤᠯᠤᠯᠳᠤᠭᠠᠨ ᠤ᠋ ᠲᠡᠷᠡ ᠡᠳᠦᠷ ᠨᠤᠸᠭᠤᠷᠤᠳ᠋ ᠤ᠋ᠨ ᠬᠢᠨ ᠢ᠋ ᠸᠯᠡᠳᠢᠮᠢᠷ ᠦ᠋ᠨ ᠴᠡᠷᠢᠭ ᠲᠡᠢ ᠨᠡᠢᠯᠡᠭᠦᠯᠬᠦ ᠦᠭᠡᠢ ᠶ᠋ᠢᠨ ᠲᠤᠯᠠᠳᠠ ᠲᠠᠲ᠋ᠠᠷ ᠤ᠋ᠳ ᠲᠣᠷᠵᠺᠥ ᠬᠣᠲᠠ ᠶ᠋ᠢ ᠤᠷᠢᠳᠠᠪᠡᠷ ᠡᠵᠡᠯᠡᠨ ᠠᠪᠤᠯ᠎ᠠ᠃

      ᠭᠡᠲᠡᠯ᠎ᠡ ᠨᠤᠸᠭᠤᠷᠤᠳ᠋ ᠤ᠋ᠨ ᠬᠢᠨ ᠵᠡᠷᠭᠡᠯᠡᠳᠡᠭᠡ ᠬᠢ ᠲᠣᠷᠵᠺᠥ ᠬᠣᠲᠠ ᠳ᠋ᠤ᠌ ᠲᠤᠰᠠᠯᠠᠮᠵᠢ ᠦᠵᠡᠭᠦᠯᠬᠦ ᠶ᠋ᠢ ᠣᠷᠣᠯᠳᠣᠭᠰᠠᠨ ᠴᠤ᠌ ᠦᠭᠡᠢ᠃ ᠲᠡᠷᠡ ᠦᠶ᠎ᠡ ᠳ᠋ᠦ᠍ ᠬᠥᠮᠦᠨ ᠪᠦᠭᠦᠳᠡ ᠬᠠᠷ᠎ᠠ ᠠᠮᠢ ᠪᠠᠨ ᠪᠣᠳᠣᠭᠠᠳ᠂ ᠨᠡᠢᠲᠡ ᠳᠡᠭᠡᠷ᠎ᠡ ᠪᠣᠯᠵᠤ ᠪᠠᠢᠭ᠎ᠠ ᠠᠶᠤᠯ ᠢ᠋ ᠮᠡᠳᠡᠵᠦ ᠶᠠᠮᠠᠷ ᠴᠤ᠌ ᠵᠣᠬᠢᠶᠠᠨ ᠪᠠᠢᠭᠤᠯᠤᠯᠲᠠ ᠶ᠋ᠢ ᠬᠢᠵᠦ ᠴᠢᠳᠠᠭᠰᠠᠨ ᠦᠭᠡᠢ᠃ ᠲᠠᠲ᠋ᠠᠷ ᠤ᠋ᠳ᠂ ᠰᠢᠲ᠋ᠢ ᠶ᠋ᠢᠨ ᠳᠡᠷᠭᠡᠳᠡ ᠢᠯᠠᠭᠰᠠᠨ ᠤ᠋ ᠳᠠᠷᠠᠭ᠎ᠠ ᠪᠠᠷ ᠨᠤᠸᠭᠤᠷᠤᠳ᠋ ᠲᠤ᠌ ᠣᠴᠢᠵᠤ ᠬᠥᠮᠦᠨ ᠢ᠋ ᠨᠢ ᠡᠪᠡᠰᠦ ᠬᠠᠳᠤᠬᠤ ᠮᠡᠲᠦ ᠪᠡᠷ ᠴᠠᠪᠴᠢᠵᠤ ᠶᠠᠪᠤᠲᠠᠯ᠎ᠠ᠂ ᠬᠠᠪᠤᠷ ᠤ᠋ᠨ ᠪᠠᠢᠳᠠᠯ ᠲᠡᠳᠡᠨ ᠢ᠋ ᠠᠷᠭ᠎ᠠ ᠦᠭᠡᠢ ᠭᠡᠳᠡᠷᠭᠦ ᠵᠡᠭᠦᠨ ᠤᠷᠤᠭᠰᠢ ᠡᠷᠭᠢᠬᠦ ᠳ᠋ᠦ᠍ ᠬᠦᠷᠭᠡᠵᠡᠢ᠃ ᠡᠭᠡᠬᠦ ᠵᠠᠮ ᠳ᠋ᠤᠨᠢ ᠺᠣᠽᠸᠯᠰᠺ ᠬᠣᠲᠠ ᠲᠠᠲ᠋ᠠᠷ ᠴᠡᠷᠢᠭ ᠢ᠋ ᠨᠡᠯᠢᠶᠡᠳ ᠤᠳᠠᠭᠠᠨ ᠢ᠋ᠶ᠋ᠠᠷ ᠬᠣᠷᠢᠭᠯᠠᠵᠠᠢ᠃ ᠺᠤᠽᠸᠯᠰᠺ ᠬᠣᠲᠠ ᠶ᠋ᠢᠨ ᠬᠢᠨ ᠳᠣᠯᠣᠭᠠᠨ ᠳᠣᠯᠣᠭ᠎ᠠ ᠬᠣᠨᠣᠭ ᠤ᠋ᠨ ᠲᠤᠷᠰᠢ ᠡᠷᠡᠯᠬᠡᠭ ᠢ᠋ᠶ᠋ᠡᠷ ᠬᠠᠮᠠᠭᠠᠯᠠᠪᠠ᠃ ᠳᠠᠷᠠᠭ᠎ᠠ ᠨᠢ ᠲᠠᠲ᠋ᠠᠷ ᠤ᠋ᠳ ᠬᠣᠲᠠ ᠶ᠋ᠢᠨ ᠬᠡᠷᠡᠮ ᠢ᠋ ᠡᠪᠳᠡᠭᠡᠳ ᠬᠣᠲᠠ ᠶ᠋ᠢᠨ ᠬᠦᠷᠢᠶᠡᠨ ᠳ᠋ᠦ᠍ ᠣᠷᠣᠭᠰᠠᠨ ᠪᠣᠯᠪᠠᠴᠤ ᠺᠤᠽᠸᠯᠰᠺ ᠤ᠋ᠨ ᠤ᠋ ( ᠬᠢᠨ ) ᠰᠢᠳᠤᠷᠭᠤ ᠪᠠᠷ ᠭᠠᠷᠳᠠᠨ ᠪᠠᠢᠯᠳᠤᠵᠤ᠂ ᠬᠢᠲᠤᠭᠠᠯᠠᠨ ᠲᠤᠯᠤᠯᠳᠤᠵᠤ᠂ ᠭᠡᠨᠡᠳᠲᠡ ᠳᠠᠭᠠᠷᠢᠭᠠᠳ ᠲᠠᠲ᠋ᠠᠷ ᠤ᠋ᠳ ᠲᠤ᠌ ᠶᠡᠬᠡ ᠬᠣᠬᠢᠷᠠᠯ ᠤᠴᠠᠷᠠᠭᠤᠯᠪᠠ᠃ ᠡᠴᠦᠰ ᠲᠦ᠍ ᠤᠭ ᠬᠣᠲᠠ ᠶ᠋ᠢ ᠡᠵᠡᠯᠡᠨ ᠠᠪᠤᠭᠠᠳ᠂ ᠣᠷᠣᠰᠢᠨ ᠰᠠᠭᠤᠭᠴᠢᠳ ᠢ᠋ ᠬᠦᠢᠰᠦ ᠲᠡᠮᠲᠡᠷᠢᠨ ᠬᠢᠳᠤᠵᠠᠢ᠃ ᠭᠡᠪᠡᠴᠦ ᠡᠨᠡ ᠳᠣᠯᠣᠭᠠᠨ ᠳᠣᠯᠣᠭ᠎ᠠ ᠬᠣᠨᠣᠭ ᠤ᠋ᠨ ᠳᠣᠲᠣᠷ᠎ᠠ ᠲᠠᠲ᠋ᠠᠷ ᠤ᠋ᠳ ᠶᠡᠬᠡ ᠬᠣᠬᠢᠷᠠᠭᠰᠠᠨ ᠤᠴᠢᠷ ᠺᠤᠽᠸᠯᠰᠺ ᠢ᠋《ᠬᠣᠣᠷᠲᠤ ᠬᠣᠲᠠ》 ᠭᠡᠵᠦ ᠲᠠᠲ᠋ᠠᠷ ᠤ᠋ᠳ ᠨᠡᠷᠡᠯᠡᠭᠰᠡᠨ ᠨᠢ ᠳᠡᠮᠡᠢ ᠪᠢᠰᠢ ᠪᠢᠯᠡ᠃ ᠲᠠᠲ᠋ᠠᠷ ᠤ᠋ᠳ ᠪᠠᠰᠠ ᠯᠠ ᠴᠠᠰᠢ ᠺᠢᠫᠴᠠᠺ ᠣᠨ ᠲᠠᠯ᠎ᠠ ᠤᠷᠤᠭᠤ ᠳᠣᠪᠲᠣᠯᠵᠤ ᠲᠡᠳᠡᠨ ᠦ᠌ ᠬᠠᠭᠠᠨ ᠺᠤᠲ᠋ᠶᠠᠨ ᠢ᠋ ᠪᠤᠲᠠ ᠴᠣᠬᠢᠵᠤ ᠦᠯᠡᠳᠡᠭᠰᠡᠨ ᠴᠡᠷᠢᠭ ᠦ᠋ᠨ ᠬᠢᠨᠢ ᠬᠠᠮᠲᠤ ᠸᠸᠩᠬᠢᠷ ᠤᠷᠤᠭᠤ ᠬᠥᠭᠡᠭᠡᠭᠡᠳ᠂ ᠲᠠᠲ᠋ᠠᠷ ᠤ᠋ᠨ ᠴᠡᠷᠢᠭ ᠢᠵᠢᠯ ᠮᠥᠷᠡᠨ ᠦ᠌ ᠴᠠᠭᠠᠨ᠎ᠠ ᠭᠠᠷᠪᠠ᠃

        ᠲᠠᠲ᠋ᠠᠷ ᠤ᠋ᠳ1239 ᠣᠨ ᠳ᠋ᠤ᠌ ᠢᠵᠢᠯ ᠮᠥᠷᠡᠨ ᠦ᠌ ᠴᠠᠭᠠᠨ᠎ᠠ ᠳᠠᠬᠢᠨ ᠭᠠᠷᠴᠤ ᠮᠣᠷᠳᠠᠸ ᠤ᠋ᠨ ᠭᠠᠵᠠᠷ ᠢ᠋ ᠡᠵᠡᠯᠡᠵᠦ ᠠᠪᠤᠭᠠᠳ ᠺᠯᠶᠡᠽᠢᠮ ᠳ᠋ᠦ᠍ ᠬᠦᠷᠴᠡᠢ᠃ ᠭᠡᠪᠡᠴᠦ ᠪᠠᠲᠤ ᠬᠠᠭᠠᠨ ᠤ᠋ ᠡᠨᠡ ᠤᠳᠠᠭ᠎ᠠ ᠶ᠋ᠢᠨ ᠵᠣᠷᠢᠯᠭ᠎ᠠ ᠨᠢ ᠳ᠋ᠨ᠋ᠸᠫᠷ( ᠳ᠋ᠨ᠋ᠸᠫᠠᠷ ) ᠤ᠋ᠨ ᠬᠠᠪᠢ ᠭᠠᠵᠠᠷ ᠢ᠋ ᠡᠵᠡᠯᠡᠬᠦ ᠶᠠᠪᠤᠳᠠᠯ ᠪᠠᠢᠭᠰᠠᠨ ᠪᠥᠭᠡᠳ ᠲᠠᠰᠢ ᠪᠠᠨ ᠭᠣᠣᠯ ᠬᠦᠴᠦ ᠪᠡᠨ ᠢᠷᠡᠭᠦᠯᠦᠭᠰᠡᠨ ᠪᠠᠢᠵᠠᠢ᠃ ᠲᠠᠲ᠋ᠠᠷ ᠤ᠋ᠨ ᠴᠡᠷᠢᠭ ᠬᠣᠢᠲᠤ ᠵᠦᠭ ᠲᠦ᠍ ᠲᠣᠬᠢᠶᠠᠯᠳᠤᠵᠤ ᠪᠠᠢᠭᠰᠠᠨ ᠰᠢᠭ᠋ ᠲᠡᠢᠮᠦ ᠬᠦᠴᠦᠲᠡᠢ ᠡᠰᠡᠷᠭᠦᠴᠡᠯ ᠲᠡᠢ ᠡᠨᠳᠡ ᠲᠣᠬᠢᠶᠠᠯᠳᠤᠭᠰᠠᠨ ᠦᠭᠡᠢ᠃ ᠴᠸᠷᠨᠢᠭᠤᠸ ᠬᠣᠲᠠ ᠳ᠋ᠤ᠌ ᠶᠠᠪᠤᠭᠤᠯᠤᠭᠰᠠᠨ ᠬᠦᠴᠦᠨ ᠲᠤᠰᠠᠯᠠᠬᠤ ᠴᠡᠷᠢᠭ ᠪᠤᠲᠠ ᠴᠣᠬᠢᠭᠳᠠᠭᠠᠳ᠂ ᠲᠡᠷᠡ ᠬᠣᠲᠠ ᠲᠠᠲ᠋ᠠᠷ ᠤ᠋ᠨ ᠴᠢᠯᠠᠭᠤᠳᠠᠬᠤ ᠵᠡᠪᠰᠡᠭ ᠦ᠋ᠨ ᠮᠥᠨᠳᠥᠷ ᠮᠡᠲᠦ ᠬᠠᠷᠪᠤᠬᠤ ᠶ᠋ᠢ ᠲᠡᠰᠪᠦᠷᠢᠯᠡᠭᠰᠡᠨ ᠦᠭᠡᠢ᠃ ᠣᠷᠣᠰ ᠤ᠋ᠨ ᠫᠸᠷᠸᠶᠡᠰᠯᠡᠸᠯᠢ《ᠵᠢᠳᠠᠨ 》 ᠳ᠋ᠤ᠌ ᠠᠪᠲᠠᠭᠳᠠᠪᠠ᠃ ᠬᠠᠭᠠᠨ ᠬᠦᠦ ᠮᠥᠩᠬᠡ ᠳ᠋ᠨ᠋ᠸᠫᠠᠷ ᠮᠥᠷᠡᠨ ᠦ᠌ ᠵᠡᠭᠦᠨ ᠬᠥᠪᠡᠭᠡ ᠪᠡᠷ ᠴᠡᠷᠢᠭ ᠢ᠋ᠶ᠋ᠡᠨ ᠳᠠᠭᠠᠭᠤᠯᠤᠨ ᠶᠠᠪᠤᠵᠤ ᠪᠠᠢᠭᠠᠳ ᠺᠢᠶᠸᠸ ᠬᠣᠲᠠ ᠶ᠋ᠢᠨ ᠡᠰᠡᠷᠭᠦ ᠪᠠᠢᠯᠳᠤᠵᠤ ᠺᠢᠶᠸᠸ ᠬᠣᠲᠠ ᠶ᠋ᠢᠨ ᠬᠥᠮᠦᠰ ᠲᠦ᠍ ᠲᠠᠨᠠᠷ ᠪᠠᠭᠤᠵᠤ ᠥᠭᠲᠦᠭᠡᠢ ᠭᠡᠵᠦ ᠡᠯᠴᠢ ᠪᠡᠨ ᠶᠠᠪᠤᠭᠤᠯᠤᠭᠰᠠᠨ ᠳ᠋ᠤ᠌ ᠺᠢᠶᠸᠸ ᠦ᠋ᠨ ᠬᠥᠮᠦᠰ ᠠᠯᠠᠵᠠᠢ᠃ 1240 ᠣᠨ ᠳ᠋ᠤ᠌ ᠪᠠᠲᠤ ᠬᠠᠭᠠᠨ ᠺᠢᠶᠸᠸ ᠬᠣᠲᠠ ᠬᠦᠷᠦᠭᠰᠡᠨ ᠪᠥᠭᠡᠳ ᠥᠪᠡᠷ ᠦ᠋ᠨ ᠬᠦᠴᠦᠨ ᠳ᠋ᠦ᠍ ᠨᠠᠢᠳᠠᠵᠠᠢ᠃ ᠺᠢᠶᠸᠸ ᠬᠣᠲᠠ ᠶ᠋ᠢᠨ ᠵᠠᠬ᠎ᠠ ᠰᠡᠵᠢᠭᠦᠷ ᠢ᠋ᠶ᠋ᠡᠷ ᠣᠷᠣᠰᠢᠨ ᠰᠠᠭᠤᠵᠤ ᠪᠠᠢᠭᠰᠠᠨ ᠬᠥᠮᠦᠰ ᠵᠢᠭᠤᠲᠠᠵᠤ ᠠᠭᠤᠯᠠᠨ ᠳ᠋ᠤ᠌ ᠭᠠᠷᠴᠠᠭᠠᠭᠰᠠᠨ ᠤᠴᠢᠷ ᠬᠣᠲᠠ ᠶ᠋ᠢᠨ ᠵᠠᠬ᠎ᠠ ᠰᠡᠵᠢᠭᠦᠷ ᠦ᠋ᠨ ᠳᠣᠣᠷᠠᠲᠤ ᠲᠠᠯ᠎ᠠ ᠳ᠋ᠤ᠌ ᠡᠵᠡᠭᠦᠢ ᠪᠣᠯᠤᠭᠰᠠᠨ ᠪᠠᠢᠯ᠎ᠠ᠃ ᠲᠠᠲ᠋ᠠᠷ ᠤ᠋ᠨ ᠴᠡᠷᠢᠭ ᠺᠢᠶᠸᠸ ᠬᠣᠲᠠ ᠶ᠋ᠢ ᠵᠦᠭ ᠪᠦᠷᠢ ᠡᠴᠡ ᠨᠢ ᠬᠦᠷᠢᠶᠡᠯᠡᠨ ᠠᠪᠤᠭᠰᠠᠨ ᠤᠴᠢᠷ ᠬᠣᠲᠠ ᠠ᠋ᠴᠠ ᠭᠠᠷᠬᠤ ᠶ᠋ᠢᠨ ᠴᠦ᠍ ᠠᠷᠭ᠎ᠠ ᠦᠭᠡᠢ᠂ ᠬᠣᠲᠠ ᠳ᠋ᠤ᠌ ᠣᠷᠣᠬᠤ ᠶ᠋ᠢᠨ ᠴᠦ᠍ ᠠᠷᠭ᠎ᠠ ᠦᠭᠡᠢ ᠪᠣᠯᠵᠠᠢ᠃
       ᠣᠨ ᠳᠠᠷᠠᠭᠠᠯᠠᠯ ᠤ᠋ᠨ ᠪᠢᠴᠢᠭ ᠲᠦ᠍ ᠳᠤᠷᠠᠳᠤᠭᠰᠠᠨ ᠢ᠋ᠶ᠋ᠠᠷ ᠬᠣᠲᠠ ᠶ᠋ᠢᠨ ᠳᠣᠲᠣᠷ᠎ᠠ ᠲᠡᠷᠭᠡᠨ ᠦ᠌ ᠬᠢᠬᠤᠲᠤᠨᠠᠬᠤ᠂ ᠲᠡᠮᠡᠭᠡᠨ ᠦ᠌ ᠣᠷᠢᠯᠠᠬᠤ᠂ ᠠᠳᠤᠭᠤ ᠤᠩᠭᠤᠯᠳᠠᠬᠤ᠂ ᠬᠥᠮᠦᠰ ᠦ᠋ᠨ ᠳᠠᠭᠤ ᠱᠤᠤᠭᠢᠶᠠᠨ ᠠ᠋ᠴᠠ ᠨᠢᠭᠡ ᠨᠢ ᠨᠥᠭᠦᠭᠡ ᠶ᠋ᠢᠨ ᠢ᠋ᠶ᠋ᠡᠨ ᠦᠭᠡ ᠶ᠋ᠢ ᠰᠣᠨᠣᠰᠬᠤ ᠦᠭᠡᠢ ᠪᠣᠯᠪᠠ᠃ ᠪᠠᠲᠤ ᠬᠠᠭᠠᠨ ᠡᠮᠦᠨ᠎ᠡ ᠵᠦᠭ ᠬᠣᠲᠠ ᠳ᠋ᠤ᠌ ᠣᠢᠷᠠᠯᠴᠠᠭ᠎ᠠ ᠪᠠᠢᠭ᠎ᠠ ᠣᠢ ᠶ᠋ᠢᠨ ᠰᠢᠷᠢᠩᠭᠢ ᠪᠡᠷ ᠪᠦᠷᠬᠦᠭᠳᠡᠭᠰᠡᠨ ᠯᠢᠶᠠᠳ᠋ ᠤ᠋ᠨ ᠬᠠᠭᠠᠯᠭ᠎ᠠ ᠶ᠋ᠢᠨ ᠲᠡᠨᠳᠡ ᠡᠴᠡ ᠳᠣᠪᠲᠣᠯᠭᠠᠨ ᠢ᠋ ᠡᠬᠢᠯᠡᠪᠡ᠃ ᠬᠠᠨ᠎ᠠ ᠬᠡᠷᠡᠮ ᠡᠪᠳᠡᠯᠡᠬᠦ ᠣᠨᠢᠰᠣᠨ ᠵᠡᠪᠰᠡᠭ ᠦ᠋ᠳ ᠵᠣᠭᠰᠣᠯᠲᠠ ᠦᠭᠡᠢ ᠠᠵᠢᠯᠯᠠᠵᠤ ᠬᠣᠲᠠ ᠶ᠋ᠢᠨ ᠬᠡᠷᠡᠮ ᠬᠡᠮᠬᠡ ᠴᠣᠬᠢᠭᠳᠠᠪᠠᠴᠤ ᠬᠣᠲᠠ ᠶ᠋ᠢᠨ ᠢᠷᠭᠡᠳ ᠡᠷᠡᠯᠬᠡᠭ ᠵᠣᠷᠢᠭᠲᠠᠢ ᠪᠠᠷ ᠬᠣᠲᠠ ᠪᠠᠨ ᠬᠠᠮᠠᠭᠠᠯᠠᠭᠰᠠᠭᠠᠷ ᠪᠠᠢᠯ᠎ᠠ᠃

        ᠲᠠᠲ᠋ᠠᠷ ᠤ᠋ᠳ ᠬᠣᠲᠠ ᠶ᠋ᠢᠨ ᠬᠡᠷᠡᠮ ᠳ᠋ᠦ᠍ ᠣᠷᠣᠵᠤ ᠢᠷᠡᠭᠡᠳ ᠴᠠᠰᠢ ᠲᠡᠢᠨ ᠬᠢᠯ ᠦᠭᠡᠢ ᠬᠡᠳᠦᠨ ᠬᠣᠨᠣᠭ ᠳᠠᠷᠠᠭᠠᠯᠠᠨ ᠠᠮᠠᠷᠠᠪᠠ᠃ ᠭᠡᠲᠡᠯ᠎ᠡ ᠺᠢ᠍ᠶᠸᠸ ᠬᠣᠲᠠ ᠶ᠋ᠢᠨ ᠬᠥᠮᠦᠰ ᠡᠭᠦᠨ ᠢ᠋ ᠠᠰᠢᠭᠯᠠᠨ ᠠᠷᠪᠠᠲᠤ ᠶ᠋ᠢᠨ ᠰᠦᠮ᠎ᠡ ᠶ᠋ᠢᠨ ᠳᠡᠷᠭᠡᠳᠡ ᠬᠠᠭᠤᠴᠢᠨ ᠤ᠋ ᠬᠣᠲᠠ ᠶ᠋ᠢᠨ ᠰᠠᠭᠤᠷᠢᠨ ᠳᠡᠭᠡᠷ᠎ᠡ ᠪᠡᠬᠢᠯᠡᠯᠲᠡ ᠶ᠋ᠢ ᠬᠢᠪᠡ᠃ ᠡᠨᠳᠡ ᠲᠠᠲ᠋ᠠᠷ ᠤ᠋ᠳ ᠪᠠᠰᠠ ᠯᠠ ᠶᠡᠬᠡ ᠲᠤᠯᠤᠯᠳᠤᠭᠠᠨ ᠢ᠋ ᠬᠢᠵᠦ ᠬᠣᠲᠠ ᠶ᠋ᠢ ᠡᠵᠡᠯᠡᠵᠡᠢ᠃

        ᠠᠮᠢ ᠪᠠᠨ ᠬᠠᠨᠴᠤᠢᠯᠠᠵᠤ ᠭᠠᠷᠬᠤ ᠭᠡᠵᠦ ᠠᠷᠪᠠᠲᠤ ᠶ᠋ᠢᠨ ᠰᠦᠮ᠎ᠡ ᠳ᠋ᠦ᠍ ᠣᠯᠠᠨ ᠬᠥᠮᠦᠰ ᠴᠢᠬᠢᠯᠳᠦᠭᠰᠡᠨ ᠡᠴᠡ ᠪᠣᠯᠵᠤ ᠰᠦᠮ᠎ᠡ ᠶ᠋ᠢᠨ ᠬᠦᠩᠬᠦᠬᠡᠷ ᠣᠷᠣᠢ ᠪᠠ ᠬᠠᠨ᠎ᠠ ᠨᠢ ᠨᠤᠷᠠᠵᠠᠢ᠃ ᠲᠡᠲ᠋ᠠᠷ ᠤ᠋ᠨ ᠴᠡᠷᠢᠭ ᠪᠠᠷᠠᠭᠤᠨ ᠲᠡᠰᠢ ᠠᠶᠠᠨ ᠲᠡᠢᠨ ᠢ᠋ ᠦᠷᠭᠦᠯᠵᠢᠯᠡᠨ ᠸᠤᠯ ᠤ᠋ᠨ ᠪᠠ ᠭᠠᠯᠢᠴ ᠤ᠋ᠨ ᠭᠠᠵᠠᠷ ᠢ᠋ᠶ᠋ᠠᠷ ᠳᠠᠮᠵᠢᠨ ᠫᠣᠯᠱᠠ᠂ ᠤᠩᠭᠠᠷ᠂ ᠮᠣᠷᠠᠸᠢ ᠳ᠋ᠤ᠌ ᠳᠣᠪᠲᠣᠯᠵᠠᠢ᠃ ᠵᠠᠮ ᠳ᠋ᠠᠭᠠᠨ ᠸᠯᠡᠳᠢᠮᠢᠷ ᠭᠠᠯᠢᠴ ᠪᠣᠯᠤᠨ ᠪᠤᠰᠤᠳ ᠣᠯᠠᠨ ᠬᠣᠲᠠ ᠶ᠋ᠢ ᠡᠵᠡᠯᠡᠵᠦ ᠬᠣᠲᠠ ᠶ᠋ᠢᠨ ᠢᠷᠭᠡᠳ ᠢ᠋ ᠠᠯᠠᠵᠤ ᠬᠢᠳᠤᠵᠠᠢ᠃ ᠭᠠᠭᠴᠠᠬᠠᠨ ᠬᠦᠴᠦᠲᠡᠢ ᠪᠡᠷ ᠪᠡᠬᠢᠯᠡᠭᠳᠡᠭᠰᠡᠨ ᠺᠠᠮᠸᠨ᠋ᠸᠴ ᠳ᠋ᠠᠨᠢᠯᠤᠸ ᠬᠣᠶᠠᠷ ᠦᠯᠡᠳᠡᠵᠢ᠃ 1241 ᠣᠨ ᠤ᠋ ᠬᠠᠪᠤᠷ ᠴᠠᠭ ᠲᠤ᠌᠂ ᠪᠠᠲᠤ ᠬᠠᠭᠠᠨ ᠺᠠᠷᠫᠠᠲ ᠤ᠋ᠨ ᠭᠠᠵᠠᠷ ᠲᠤ᠌ ᠢᠷᠡᠵᠦ ᠤᠩᠭᠠᠷ ᠤ᠋ᠨ ᠸᠠᠩ ᠳᠥᠷᠪᠡᠳᠦᠭᠡᠷ ᠫᠸᠯᠥ᠋ ᠶ᠋ᠢ ᠠᠯᠠᠵᠠᠢ᠃ ᠡᠭᠦᠨ ᠡᠴᠡ ᠠᠷᠠᠢ ᠤᠷᠢᠳᠬᠠᠨ ᠲᠠᠲ᠋ᠠᠷ ᠤ᠋ᠨ ᠥᠭᠡᠷ᠎ᠡ ᠬᠡᠰᠡᠭ ᠴᠡᠷᠢᠭ ᠫᠣᠯᠱᠠ ᠶ᠋ᠢᠨ ᠰᠠᠨᠳᠤᠮᠢᠷ ᠮᠣᠵᠢ ᠶ᠋ᠢ ᠪᠥᠷᠢᠯᠬᠡᠢᠯᠡᠨ ᠺᠷᠠᠺᠥᠸ ᠬᠣᠲᠠ ᠲᠡᠰᠢ ᠳᠣᠪᠲᠣᠯᠵᠤ᠂ ᠬᠣᠲᠠ ᠶ᠋ᠢ ᠡᠵᠡᠯᠡᠨ ᠠᠪᠤᠭᠰᠠᠨ ᠪᠣᠯᠪᠠᠴᠤ ᠰᠢᠯᠲᠦᠭᠡᠨ ᠨᠢ ᠦᠯᠡᠳᠡᠵᠡᠢ᠃

      ᠯᠢᠭᠨᠢᠼ ᠦ᠋ᠨ ᠣᠷᠴᠢᠮ ᠰᠢᠯᠸᠼ ᠦ᠋ᠨ ᠸᠠᠩ ᠬᠣᠶᠠᠳᠤᠭᠠᠷ ᠭᠸᠨ᠋ᠷᠢᠾ ᠠᠪᠤᠵᠨᠡᠢ᠂ ᠫᠣᠯᠱᠠ ᠶ᠋ᠢᠨ ᠸᠠᠩ ᠮᠸᠴᠢᠰᠯᠡᠸ ᠬᠣᠶᠠᠷ ᠤ᠋ᠨ ᠳᠠᠷᠤᠭᠠᠯᠠᠭᠰᠠᠨ ᠫᠤᠯᠱᠠ ᠦ᠌ ᠴᠡᠷᠢᠭ ᠪᠤᠲᠠ ᠴᠣᠬᠢᠭᠤᠯᠵᠠᠢ᠃ ᠡᠨᠡ ᠲᠤᠯᠤᠯᠳᠤᠭᠠᠨ ᠳ᠋ᠤ᠌ ᠭᠸᠨ᠋ᠷᠢᠾ ᠨᠠᠪᠤᠵᠨᠠᠢ᠂ ᠳᠡᠢᠯᠦᠭᠴᠢᠳ ᠲᠡᠭᠦᠨ ᠦ᠌ ᠲᠣᠯᠣᠭᠠᠢ ᠶ᠋ᠢ ᠣᠭᠲᠣᠯᠤᠨ ᠠᠪᠴᠤ ᠵᠢᠳᠠᠨ ᠤ᠋ ᠪᠠᠨ ᠦᠵᠦᠭᠦᠷ ᠲᠦ᠍ ᠡᠯᠭᠦᠵᠦ ᠶᠠᠪᠤᠳᠠᠭ ᠪᠠᠢᠪᠠ᠃ ᠫᠤᠯᠱᠠ ᠳ᠋ᠤ᠌ ᠪᠠᠢᠯᠳᠤᠵᠤ ᠪᠠᠢᠭᠰᠠᠨ ᠲᠠᠲ᠋ᠠᠷ ᠤ᠋ᠨ ᠴᠡᠷᠢᠭ ᠷᠠᠲ᠋ᠢᠪᠤᠷ ᠤ᠋ᠨ ᠬᠢᠵᠠᠭᠠᠷ ᠢ᠋ ᠳᠡᠭᠡᠷᠡᠮᠳᠡᠭᠡᠳ ᠭᠣᠣᠯ ᠬᠦᠴᠦᠨ ᠲᠡᠢ ᠪᠡᠨ ᠨᠡᠢᠯᠡᠬᠦ ᠪᠡᠷ ᠮᠤᠷᠠᠸᠢ ᠳ᠋ᠤ᠌ ᠣᠴᠢᠵᠠᠢ᠃ ᠣᠯᠤᠮᠦᠢ᠍ᠨ᠋ᠼ ᠬᠣᠲᠠ ᠶ᠋ᠢ ᠪᠦᠰᠡᠯᠡᠨ ᠠᠪᠬᠤ ᠦᠶ᠎ᠡ ᠳ᠋ᠦ᠍ ᠲᠠᠲ᠋ᠠᠷ ᠤ᠋ᠨ ᠨᠢᠭᠡᠨ ᠣᠲᠷᠢᠶᠠᠳ᠋ ᠴᠸᠬᠤ᠋ ᠶ᠋ᠢᠨ ᠱᠲ᠋ᠷᠸᠪᠸᠷᠭ ᠦ᠋ᠨ ᠴᠡᠷᠢᠭ ᠦ᠋ᠨ ᠨᠣᠶᠠᠨ ᠶᠠᠷᠤᠰᠯᠠᠸ ᠲᠤ᠌ ᠳᠡᠢᠯᠦᠭᠳᠡᠵᠡᠢ᠃ ᠥᠭᠡᠳᠡᠢ ᠨᠠᠰᠤ ᠨᠥᠭᠴᠢᠵᠦ᠂ ᠲᠥᠪ ᠠᠽᠢ ᠶ᠋ᠢᠨ ᠤᠯᠤᠰ ᠲᠥᠷᠥ ᠶ᠋ᠢᠨ ᠪᠠᠢᠳᠠᠯ ᠢ᠋ ᠥᠭᠡᠷᠡᠴᠢᠯᠡᠭᠰᠡᠨ ᠡᠨᠡ ᠮᠡᠳᠡᠭᠡ᠂ ᠪᠠᠲᠤ ᠬᠠᠭᠠᠨ ᠢ᠋ ᠭᠡᠳᠡᠷᠭᠦ ᠡᠷᠭᠢᠨ ᠺᠠᠰᠫᠢ ᠶ᠋ᠢᠨ ᠣᠷᠴᠢᠮ ᠲᠠᠯ᠎ᠠ ᠳ᠋ᠤ᠌ ᠣᠴᠢᠬᠤ ᠳ᠋ᠤ᠌ ᠬᠦᠷᠭᠡᠵᠡᠢ᠃ ᠲᠠᠲ᠋ᠠᠷ ᠤ᠋ᠳ ᠡᠢᠨᠬᠦ ᠡᠷᠭᠢᠬᠦ ᠵᠠᠮ ᠳ᠋ᠠᠭᠠᠨ ᠪᠤᠰᠨᠢ᠂ ᠰᠸᠷᠪᠢ᠂ ᠪᠣᠯᠭᠠᠷᠢ ᠤᠯᠤᠰ ᠤ᠋ᠳ ᠢ᠋ ᠬᠠᠭᠤᠷᠠᠢᠯᠠᠨ ᠲᠣᠨᠣᠵᠤ ᠳ᠋ᠦᠨᠠᠢ ᠮᠥᠷᠡᠨ ᠢ᠋ ᠭᠠᠲᠤᠯᠤᠨ ᠵᠡᠭᠦᠨ ᠵᠦᠭ ᠲᠦ᠍ ᠣᠳᠴᠠᠢ᠃

      ᠪᠠᠲᠤ ᠬᠠᠭᠠᠨ ᠡᠮᠦᠨᠡᠲᠦ ᠣᠷᠣᠰ ᠤ᠋ᠨ ᠲᠠᠯ᠎ᠠ ᠳ᠋ᠤ᠌ ᠢᠷᠡᠵᠦ ᠢᠵᠢᠯ ᠮᠥᠷᠡᠨ ᠦ᠌ ᠠᠳᠠᠭ ᠢ᠋ᠶ᠋ᠠᠷ ᠨᠤᠲᠤᠭᠯᠠᠵᠤ᠂ ᠡᠨᠳᠡ ᠬᠣᠵᠢᠮ ᠠᠯᠲᠠᠨ ᠤᠷᠲᠤ ᠭᠡᠵᠦ ᠨᠡᠷᠡᠯᠡᠭᠳᠡᠭᠰᠡᠨ ᠥᠪᠡᠷ ᠦ᠋ᠨ ᠢ᠋ᠶ᠋ᠡᠨ ᠤᠯᠤᠰ ᠤ᠋ᠨ ᠨᠡᠢᠰᠯᠡᠯ ᠢ᠋ ᠪᠠᠢᠭᠤᠯᠵᠠᠢ᠃ ᠪᠠᠲᠤ ᠬᠠᠭᠠᠨ ᠤ᠋ ᠳᠣᠪᠲᠣᠯᠭᠠᠨ ᠤ᠋ ᠶᠡᠬᠡᠬᠡᠨ ᠠᠮᠵᠢᠯᠲᠠ ᠨᠢ ᠲᠠᠲ᠋ᠠᠷ ᠤ᠋ᠨ ᠴᠡᠷᠢᠭ ᠦ᠋ᠨ ᠳᠡᠭᠡᠳᠦ ᠵᠣᠬᠢᠶᠠᠨ ᠪᠠᠢᠭᠤᠯᠤᠯᠲᠠ ᠠ᠋ᠴᠠ ᠪᠣᠯᠵᠠᠢ᠃

      ᠴᠢᠩᠭᠢᠰ ᠬᠠᠭᠠᠨ ᠤ᠋ ᠲᠣᠭᠲᠠᠭᠠᠭᠰᠠᠨ᠂ ᠴᠡᠷᠢᠭ ᠢ᠋ᠶ᠋ᠡᠨ ᠠᠷᠪᠠᠲᠤ᠂ ᠵᠠᠭᠤᠲᠤ᠂ ᠮᠢᠩᠭᠠᠲᠤ ᠭᠡᠳᠡᠭ ᠪᠠᠢᠭᠤᠯᠤᠯᠲᠠ ᠨᠢ ᠴᠡᠷᠢᠭ ᠦ᠋ᠨ ᠱᠠᠲᠤ ᠳᠠᠮᠵᠢᠨ ᠵᠠᠬᠢᠷᠬᠤ ᠶᠠᠪᠤᠳᠠᠯ ᠢ᠋ ᠰᠠᠢᠨ ᠢ᠋ᠶ᠋ᠠᠷ ᠬᠠᠩᠭᠠᠵᠠᠢ᠃ ᠫᠯᠨᠤ᠋ ᠺᠠᠷᠫᠢᠨᠢ ᠶ᠋ᠢᠨ ᠬᠡᠯᠡᠭᠰᠡᠨ ᠨᠢ᠄ ᠴᠢᠩᠭᠢᠰ ᠬᠠᠭᠠᠨ᠂ ᠠᠷᠪᠠᠨ ᠬᠥᠮᠦᠨ ᠨᠢᠭᠡ ᠬᠥᠮᠦᠨ ᠳ᠋ᠦ᠍ ᠵᠠᠬᠢᠷᠤᠭᠳᠠᠬᠤ ᠵᠢᠷᠤᠮ ᠲᠣᠭᠲᠠᠭᠠᠭᠰᠠᠨ ( ᠂ ) ᠡᠭᠦᠨ ᠢ᠋ ᠠᠷᠪᠠᠲᠤ ᠶ᠋ᠢᠨ ᠳᠠᠷᠤᠭ᠎ᠠ ᠭᠡᠵᠦ ᠨᠡᠷᠡᠯᠡᠨ᠎ᠡ᠃

     ᠠᠷᠪᠠᠨ ᠠᠷᠪᠠᠲᠤ ᠶ᠋ᠢ ᠵᠠᠬᠢᠷᠤᠭᠤᠯᠬᠤ ᠪᠠᠷ ᠨᠢᠭᠡᠨ ᠬᠥᠮᠦᠨ ᠢ᠋ ᠲᠣᠮᠢᠯᠠᠬᠤ ᠪᠥᠭᠡᠳ ᠡᠭᠦᠨ ᠢ᠋ ᠵᠠᠭᠤᠲᠤ ᠶ᠋ᠢᠨ ᠳᠠᠷᠤᠭ᠎ᠠ ᠭᠡᠵᠦ ᠨᠠᠷᠠᠯᠠᠨ᠎ᠠ᠃ ᠮᠥᠨ ᠠᠷᠪᠠᠨ ᠵᠠᠭᠤᠲᠤ ᠶ᠋ᠢ ᠵᠠᠬᠢᠷᠤᠭᠤᠯᠬᠤ ᠪᠠᠷ ᠨᠢᠭᠡᠨ ᠬᠥᠮᠦᠨ ᠢ᠋ ᠲᠣᠮᠢᠯᠠᠬᠤ᠂ ᠡᠭᠦᠨ ᠢ᠋ ᠮᠢᠩᠭᠠᠨ ᠤ᠋ ᠨᠣᠶᠠᠨ ᠭᠡᠵᠦ ᠨᠡᠷᠡᠯᠡᠨ᠎ᠡ᠃ ᠠᠷᠪᠠᠨ ᠮᠢᠩᠭᠠᠨ ᠬᠥᠮᠦᠨ ᠢ᠋ ᠵᠠᠬᠢᠷᠤᠭᠤᠯᠬᠤ ᠪᠠᠷ ᠨᠢᠭᠡᠨ ᠬᠥᠮᠦᠨ ᠢ᠋ ᠲᠣᠮᠢᠯᠠᠬᠤ᠂ ᠡᠭᠦᠨ ᠢ᠋ ᠲᠦᠮᠡᠨ ᠦ᠌ ᠨᠣᠶᠠᠨ ᠭᠡᠵᠦ ᠨᠡᠷᠡᠯᠡᠨ᠎ᠡ᠃ ᠠᠷᠪᠠᠲᠤ ᠪᠦᠷᠢ ᠨᠢᠭᠡᠳᠦᠮᠡᠯ ᠬᠣᠯᠪᠣᠭ᠎ᠠ ᠲᠠᠢ ᠪᠠᠢᠭᠰᠠᠨ ᠪᠥᠭᠡᠳ ᠬᠡᠷᠪᠡ ᠠᠷᠪᠠᠲᠤ ᠶ᠋ᠢᠨ ᠴᠡᠷᠢᠭ ᠡᠴᠡ ᠲᠡᠢᠨ ᠦ᠌ ᠦᠶ᠎ᠡ ᠳ᠋ᠦ᠍ ᠠᠷᠪᠠᠲᠤ ᠶ᠋ᠢᠨ ᠢ᠋ᠶ᠋ᠡᠨ ᠨᠥᠬᠥᠳ ᠲᠡᠭᠡᠨ ᠳᠡᠮᠵᠢᠯᠭᠡ ᠦᠵᠡᠬᠦᠯᠦᠭᠡ ᠦᠭᠡᠢ ᠪᠣᠯ ᠴᠠᠭᠠᠵᠠᠯᠠᠨ ᠠᠯᠠᠳᠠᠭ ᠪᠠᠢᠵᠠᠢ᠃ ᠴᠡᠷᠢᠭ ᠦ᠋ᠨ ᠳᠣᠲᠣᠷ᠎ᠠ ᠨᠢᠭᠡᠨ ᠳᠠᠷᠤᠭ᠎ᠠ ᠵᠠᠬᠢᠷᠬᠤ ᠶᠠᠪᠤᠳᠠᠯ ᠲᠤᠢᠯ ᠤ᠋ᠨ ᠬᠠᠲᠠᠭᠤ ᠪᠠᠷ ᠲᠣᠭᠲᠠᠭᠠᠭᠳᠠᠭᠰᠠᠨ ᠪᠥᠭᠡᠳ ᠬᠡᠷᠪᠡ ᠴᠡᠷᠢᠭ ᠨᠢ ᠬᠣᠶᠠᠷ ᠪᠤᠶᠤ ᠭᠤᠷᠪᠠᠨ ᠳᠠᠷᠤᠭ᠎ᠠ ᠶ᠋ᠢᠨ ᠵᠠᠬᠢᠷᠭᠠᠨ ᠳ᠋ᠤ᠌ ᠪᠠᠢᠭᠰᠠᠨ ᠪᠣᠯ ᠲᠡᠳᠡᠭᠡᠷ ᠦ᠋ᠨ ᠨᠢᠭᠡᠨ ᠳ᠋ᠦ᠍ ᠪᠤᠰᠤᠳ ᠨᠢ ᠵᠠᠬᠢᠷᠤᠭᠳᠠᠳᠠᠭ ᠪᠠᠢᠵᠠᠢ ᠃

      ᠲᠠᠲ᠋ᠠᠷ ᠤ᠋ᠨ ᠴᠡᠷᠢᠭ ᠦ᠋ᠨ ᠬᠠᠲᠠᠭᠤ ᠰᠠᠬᠢᠯᠭ᠎ᠠ ᠪᠠᠷᠠᠭᠤᠨ ᠧᠦ᠋ᠷᠣᠫᠠ ᠪᠠ ᠣᠷᠣᠰ ᠤ᠋ᠨ ᠹᠧᠣᠳᠠᠯ ᠤ᠋ᠨ ᠰᠠᠢᠨ ᠳᠤᠷ᠎ᠠ ᠶ᠋ᠢᠨ ᠴᠡᠷᠢᠭ ᠡᠴᠡ ᠣᠨᠴᠠ ᠢᠯᠭᠠᠪᠤᠷᠢᠯᠠᠭᠳᠠᠨ ᠪᠠᠢᠵᠠᠢ᠃ ᠪᠤᠲᠠᠷᠬᠠᠢ ᠵᠠᠳᠠᠭᠠᠢ ᠪᠠᠢᠭᠰᠠᠨ ᠣᠷᠣᠰ ᠤ᠋ᠨ ᠴᠡᠷᠢᠭ ᠨᠢ ᠲᠠᠲ᠋ᠠᠷ ᠤ᠋ᠨ ᠨᠢᠭᠡᠳᠦᠭᠰᠡᠨ ᠰᠠᠢᠨ ᠢ᠋ᠶ᠋ᠠᠷ ᠵᠣᠬᠢᠶᠠᠨ ᠪᠠᠢᠭᠤᠯᠤᠭᠳᠠᠭᠰᠠᠨ᠂ ᠰᠠᠬᠢᠯᠭ᠎ᠠ ᠪᠠᠲᠤᠲᠠᠢ ᠣᠯᠠᠨ ᠴᠡᠷᠢᠭ ᠢ᠋ ᠪᠠᠢᠯᠳᠤᠨ ᠨᠢᠴᠤᠭᠠᠵᠤ ᠴᠢᠳᠠᠭᠰᠠᠨ ᠦᠭᠡᠢ᠃ ᠲᠠᠲ᠋ᠠᠷ ᠤ᠋ᠨ ᠴᠡᠷᠢᠭ ᠲᠧᠭᠨᠢᠭ ᠦ᠋ᠨ ᠲᠠᠯ᠎ᠠ ᠪᠠᠷ ᠮᠥᠨ ᠯᠡ ᠶᠡᠬᠡᠬᠡᠨ ᠰᠠᠢᠨ ᠪᠠᠢᠵᠠᠢ᠃

     ᠲᠠᠲ᠋ᠠᠷ ᠤ᠋ᠳ ᠠᠽᠢ ᠳ᠋ᠠᠬᠢ ᠪᠠᠢᠯᠳᠤᠨ ᠳᠠᠭᠠᠭᠤᠯᠤᠭᠰᠠᠨ ᠤᠯᠤᠰ ᠤ᠋ᠳ ᠪᠠ ᠶᠠᠭᠤᠨ ᠤ᠋ ᠡᠮᠦᠨ᠎ᠡ ᠬᠢᠲᠠᠳ ᠤ᠋ᠨ ᠴᠡᠷᠢᠭ ᠦ᠋ᠨ ᠲᠧᠭᠨᠢᠭ ᠢ᠋ ᠠᠰᠢᠭᠯᠠᠳᠠᠭ ᠪᠠᠢᠭᠰᠠᠨ᠃ ᠬᠣᠲᠠ ᠳ᠋ᠤ᠌ ᠳᠠᠭᠠᠷᠢᠨ ᠣᠷᠣᠬᠤ ᠶ᠋ᠢᠨ ᠤᠷᠢᠳ ᠬᠡᠷᠡᠮ ᠬᠠᠨ᠎ᠠ ᠡᠪᠳᠡᠯᠡᠬᠦ ᠡᠯᠳᠡᠪ ᠣᠨᠢᠰᠣᠨ ᠵᠡᠪᠰᠡᠭ ᠢ᠋ᠶ᠋ᠡᠷ ᠬᠠᠷᠪᠤᠳᠠᠭ ᠪᠠᠢᠵᠠᠢ᠃ ᠡᠳᠡᠭᠡᠷ ᠵᠡᠪᠰᠡᠭ ᠦ᠋ᠨ ᠪᠥᠭᠡᠷᠡᠩᠬᠡᠢ ᠴᠢᠯᠠᠭᠤᠨ ᠰᠤᠮᠤ᠂ ᠰᠢᠲᠠᠭᠠᠬᠤ ᠵᠦᠢᠯᠡᠰ ᠨᠢ ᠣᠷᠣᠰ ᠤ᠋ᠨ ᠴᠠᠢᠵᠠ ᠶ᠋ᠢᠨ ᠮᠣᠳᠣᠨ ᠬᠡᠷᠡᠮ ᠢ᠋ ᠠᠶᠤᠮᠰᠢᠭᠲᠤ ᠴᠣᠬᠢᠯᠲᠠ ᠪᠠᠷ ᠡᠪᠳᠡᠳᠡᠭ ᠪᠠᠢᠵᠠᠢ᠃ ᠬᠢᠲᠠᠳ ᠲᠠᠢ ᠪᠠᠢᠯᠳᠤᠭᠰᠠᠨ ᠪᠠᠢᠯᠳᠤᠭᠠᠨ ᠳ᠋ᠤ᠌ ᠴᠡᠷᠢᠭ ᠦ᠋ᠨ ᠡᠳᠡᠭᠡᠷ ᠵᠡᠪᠰᠡᠭ ᠡᠴᠡ ᠶᠡᠬᠡᠬᠡᠨ ᠬᠣᠬᠢᠷᠠᠵᠤ ᠪᠠᠢᠭᠰᠠᠨ ᠮᠣᠩᠭᠣᠯᠴᠤᠳ ᠡᠴᠦᠰ ᠲᠡᠭᠡᠨ ᠡᠳᠡᠭᠡᠷ ᠵᠦᠢᠯ ᠢ᠋ ᠥᠪᠡᠷᠰᠡᠳ ᠢ᠋ᠶ᠋ᠡᠨ ᠠᠮᠵᠢᠯᠲᠠ ᠲᠠᠢ ᠪᠠᠷ ᠬᠡᠷᠡᠭᠯᠡᠵᠦ ᠰᠤᠷᠴᠠᠢ᠃ ᠮᠣᠩᠭᠣᠯ — ᠲᠠᠲ᠋ᠠᠷ ᠤ᠋ᠳ ᠪᠠᠢᠯᠳᠤᠨ ᠡᠵᠡᠯᠡᠬᠦ ᠳ᠋ᠡᠭᠡᠨ ᠡᠰᠡᠷᠭᠦᠴᠡᠨ ᠲᠡᠮᠡᠴᠡᠭᠰᠡᠨ ᠬᠣᠲᠠ ᠶ᠋ᠢᠨ ᠠᠷᠠᠳ ᠣᠯᠠᠨ ᠢ᠋ ᠠᠯᠠᠨ ᠬᠢᠳᠤᠬᠤ ᠵᠢᠷᠤᠮ ᠢ᠋ ᠳᠦᠷᠢᠮ ᠪᠣᠯᠭᠠᠨ ᠬᠡᠷᠡᠭᠯᠡᠳᠡᠭ ᠪᠠᠢᠵᠠᠢ᠃ ᠪᠠᠷᠠᠭᠤᠨ ᠧᠦ᠋ᠷᠣᠫᠠ ᠶ᠋ᠢᠨ ᠤᠯᠤᠰ ᠤ᠋ᠳ ᠢ᠋ ᠪᠠᠢᠯᠳᠤᠨ ᠳᠠᠭᠠᠭᠤᠯᠬᠤ ᠪᠠᠷ ᠶᠠᠪᠤᠭᠤᠯᠤᠭᠰᠠᠨ ᠴᠡᠷᠢᠭ ᠦ᠋ᠨ ᠲᠡᠷᠢᠭᠦᠨ ᠪᠠᠲᠤ ᠬᠠᠭᠠᠨ ᠪᠣᠯ ᠡᠷᠡᠭᠡᠯᠵᠡᠭᠡ ᠦᠭᠡᠢ ᠭᠠᠷᠮᠠᠭᠠᠢ ᠶᠡᠬᠡ ᠵᠠᠩᠵᠤᠨ ᠪᠥᠭᠡᠳ ᠤᠯᠤᠰ ᠢ᠋ ᠵᠠᠬᠢᠷᠤᠭᠴᠢ ᠬᠥᠮᠦᠨ ᠪᠠᠢᠪᠠ᠃ ᠡᠵᠡᠯᠡᠭᠰᠡᠨ ᠬᠣᠲᠠ ᠶ᠋ᠢᠨ ᠬᠥᠮᠦᠰ ᠢ᠋ ᠲᠣᠯᠣᠭᠠᠢ ᠳᠠᠷᠠᠭᠠᠯᠠᠨ ᠬᠢᠳᠤᠬᠤ ᠠ᠋ᠴᠠ ᠪᠤᠴᠠᠬᠤ ᠦᠭᠡᠢ ᠬᠠᠲᠠᠭᠤ ᠰᠢᠷᠦᠭᠦᠨ ᠪᠠᠲᠤ ᠬᠠᠭᠠᠨ᠂ ᠡᠷᠡᠯᠬᠡᠭ ᠵᠣᠷᠢᠭ ᠢ᠋ ᠶᠡᠬᠡ ᠦᠨᠡᠯᠡᠳᠡᠭ ᠪᠥᠭᠡᠳ ᠳᠠᠢᠰᠤᠨ ᠤ᠋ ᠴᠡᠷᠢᠭ ᠦ᠋ᠨ ᠪᠣᠯᠪᠠᠴᠤ ᠵᠣᠷᠢᠭᠲᠠᠢ ᠬᠥᠮᠦᠨ ᠳ᠋ᠦ᠍ ᠥᠷᠥᠰᠢᠶᠡᠯ ᠦᠵᠡᠭᠦᠯᠳᠡᠭ ᠪᠠᠢᠵᠠᠢ᠃ ᠪᠠᠲᠤ ᠬᠠᠭᠠᠨ ᠢᠯᠠᠭᠰᠠᠨ ᠤ᠋ ᠪᠠᠨ ᠳᠠᠷᠠᠭ᠎ᠠ᠂ ᠡᠵᠡᠯᠡᠨ ᠠᠪᠤᠭᠰᠠᠨ ᠤᠯᠤᠰ ᠣᠷᠣᠨ ᠤ᠋ ᠵᠣᠬᠢᠶᠠᠨ ᠪᠠᠢᠭᠤᠯᠤᠯᠲᠠ ᠳ᠋ᠤ᠌ ᠶᠡᠬᠡᠬᠡᠨ ᠬᠦᠴᠦᠨ ᠭᠠᠷᠭᠠᠳᠠᠭ ᠪᠠᠢᠭᠰᠠᠨ ᠪᠢᠯᠡ᠃ ᠳᠣᠷᠣᠨᠠᠲᠤ ᠵᠦᠭ ᠦ᠋ᠨ ᠨᠢᠭᠡᠨ ᠵᠣᠬᠢᠶᠠᠯᠴᠢ ᠶ᠋ᠢᠨ ᠬᠡᠯᠡᠭᠰᠡᠨ ᠨᠢ᠄《ᠪᠠᠲᠤ ᠪᠣᠯ ᠲᠤᠢᠯ ᠤ᠋ᠨ ᠦᠨᠡᠨᠴᠢ ᠬᠥᠮᠦᠨ》ᠪᠠᠢᠭᠰᠠᠨ ᠪᠥᠭᠡᠳ ᠳᠤᠮᠳᠠᠳᠤ ᠠᠽᠢ ᠶ᠋ᠢᠨ ᠮᠦᠰᠥ᠋ᠯᠡᠮᠡ ᠱᠠᠰᠢᠨᠲᠠᠨ᠂《ᠲᠡᠭᠦᠨ ᠦ᠌ ᠬᠠᠮᠠᠭᠠᠯᠠᠯᠲᠠ ᠶ᠋ᠢᠨ ᠳᠣᠣᠷ᠎ᠠ ᠠᠶᠤᠯ ᠦᠭᠡᠢ ᠠᠮᠤᠭᠤᠯᠠᠩ ᠰᠠᠭᠤᠳᠠᠭ ᠪᠠᠢᠭᠰᠠᠨ ᠶᠤᠮ》ᠭᠡᠵᠡᠢ᠃ ᠴᠢᠩᠭᠢᠰ ᠦ᠋ᠨ ᠦᠷ᠎ᠡ ᠰᠠᠳᠤᠨ ᠤ᠋ ᠳᠤᠮᠳᠠ ᠴᠢᠩᠭᠢᠰ ᠦ᠋ᠨ ᠠᠬᠠᠮᠠᠳ ᠬᠦᠦ ᠵᠥᠴᠢ ᠶ᠋ᠢᠨ ᠬᠦᠦ ᠪᠠᠲᠤ ᠣᠨᠴᠣᠭᠣᠢ ᠪᠠᠢᠳᠠᠯ ᠲᠠᠢ ᠪᠠᠢᠵᠠᠢ᠃

ᠪᠠᠲᠤ᠂ ᠶᠡᠬᠡ ᠬᠠᠭᠠᠨ ᠤ᠋ ᠰᠢᠷᠡᠭᠡ ᠶ᠋ᠢ ᠵᠠᠯᠭᠠᠮᠵᠢᠯᠠᠵᠤ ᠴᠢᠳᠠᠭ᠎ᠠ ᠦᠭᠡᠢ ᠪᠣᠯᠪᠠᠴᠤ ᠲᠤᠢᠯ ᠤ᠋ᠨ ᠶᠡᠬᠡ ᠬᠦᠨᠳᠦᠲᠡᠢ ᠪᠠᠢᠭᠰᠠᠨ ᠪᠥᠭᠡᠳ ᠪᠠᠲᠤ ᠣᠷᠣᠯᠴᠠᠭ᠎ᠠ ᠦᠭᠡᠢ ᠪᠡᠷ ᠶᠠᠮᠠᠷᠪᠠ ᠨᠢᠭᠡᠨ ᠲᠣᠮᠣ ᠠᠰᠠᠭᠤᠳᠠᠯ ᠰᠢᠢᠳᠪᠦᠷᠢᠯᠡᠭᠳᠡᠵᠦ ᠪᠠᠢᠭᠰᠠᠨ ᠦᠭᠡᠢ᠃ ᠪᠠᠲᠤ ᠬᠠᠭᠠᠨ ᠤ᠋ ᠵᠥᠪᠰᠢᠶᠡᠷᠡᠯ ᠦᠭᠡᠢ ᠪᠡᠷ ᠶᠠᠮᠠᠷ ᠴᠤ᠌ ᠶᠡᠬᠡ ᠬᠠᠭᠠᠨ ᠪᠣᠯᠪᠠᠴᠤ ᠬᠠᠭᠠᠨ ᠰᠢᠷᠡᠭᠡᠨ ᠳᠡᠭᠡᠷ᠎ᠡ ᠪᠠᠲᠤ ᠪᠠᠷ ᠣᠷᠣᠰᠢᠵᠤ ᠴᠢᠳᠠᠬᠤ ᠦᠭᠡᠢ ᠪᠠᠢᠵᠠᠢ᠃ ᠪᠠᠲᠤ ᠪᠣᠯ ᠬᠠᠭᠠᠨ ᠰᠢᠷᠡᠭᠡᠨ ᠡᠴᠡ ᠥᠭᠡᠳᠡᠢ ᠶ᠋ᠢᠨ ᠦᠷ᠎ᠡ ᠰᠠᠳᠤᠨ ᠢ᠋ ᠵᠠᠢᠯᠠᠭᠤᠯᠤᠭᠠᠳ ᠴᠢᠩᠭᠢᠰ ᠦ᠋ᠨ ᠳᠥᠷᠪᠡᠳᠦᠭᠡᠷ ᠬᠦᠦ ᠲᠤᠯᠤᠢ ᠶ᠋ᠢᠨ ᠤᠳᠤᠮ ᠢ᠋ᠶ᠋ᠠᠷ ᠶᠡᠬᠡ ᠬᠠᠭᠠᠨ ᠤ᠋ ᠰᠢᠷᠡᠭᠡ ᠶ᠋ᠢ ᠵᠠᠯᠭᠠᠮᠵᠢᠯᠠᠭᠤᠯᠬᠤ ᠪᠣᠯᠭᠠᠵᠤ ᠥᠪᠡᠷ ᠦ᠋ᠨ ᠡᠪᠦᠭᠡᠨ ᠡᠴᠢᠭᠡ ᠶ᠋ᠢᠨ ᠭᠡᠷᠢᠶᠡᠰ ᠢ᠋ ᠨᠤᠭᠤᠯᠵᠤ ᠲᠤᠯᠤᠢ ᠶ᠋ᠢᠨ ᠬᠦᠦ ᠪᠥᠭᠡᠳ ᠥᠪᠡᠷ ᠦ᠋ᠨ ᠢ᠋ᠶ᠋ᠡᠨ ᠨᠥᠬᠥᠷᠯᠡᠭᠴᠢ ᠮᠥᠩᠬᠡ ᠶ᠋ᠢ ᠬᠠᠭᠠᠨ ᠰᠢᠷᠡᠭᠡᠨ ᠳ᠋ᠦ᠍ ᠰᠠᠭᠤᠯᠭᠠᠭᠰᠠᠨ ᠪᠢᠯᠡ᠃ ᠣᠷᠣᠰ ᠭᠠᠵᠠᠷ ᠢ᠋ ᠪᠠᠢᠯᠳᠤᠭᠰᠠᠨ ᠠᠶᠠᠨ ᠲᠡᠢᠨ ᠦ᠌ ᠲᠣᠯᠣᠭᠠᠢᠯᠠᠭᠴᠢ ᠬᠥᠮᠦᠨ ᠡᠢᠮᠦ ᠪᠠᠢᠯ᠎ᠠ᠃ ᠲᠠᠲ᠋ᠠᠷ ᠤ᠋ᠳ ᠣᠷᠣᠰ ᠭᠠᠵᠠᠷ ᠢ᠋ ᠲᠦᠷᠢᠮᠡᠬᠡᠢᠯᠡᠨ ᠢᠷᠡᠬᠦ ᠳ᠋ᠡᠭᠡᠨ ᠶᠠᠷᠢᠬᠤ ᠶ᠋ᠢᠨ ᠠᠷᠭ᠎ᠠ ᠦᠭᠡᠢ ᠪᠡᠷ ᠬᠣᠭᠣᠰᠣᠷᠠᠭᠤᠯᠤᠭᠰᠠᠨ ᠪᠢᠯᠡ᠃《ᠮᠠᠨ ᠤ᠋ ᠭᠠᠵᠠᠷ ᠢ᠋ ᠬᠣᠭᠣᠰᠣᠷᠠᠭᠤᠯᠵᠤ᠂ ᠮᠠᠨ ᠤ᠋ ᠬᠣᠲᠠ ᠶ᠋ᠢ ᠰᠦᠢᠳᠦᠯᠦᠨ᠂ ᠠᠷᠢᠭᠤᠨ ᠰᠦᠮ᠎ᠡ ᠶ᠋ᠢ ᠮᠢᠨᠢ ᠬᠣᠭᠣᠰᠣᠷᠠᠭᠤᠯᠤᠭᠰᠠᠨ ᠶᠤᠮ᠂ ( ᠃ ) ᠡᠴᠢᠭᠡ᠂ ᠠᠬ᠎ᠠ᠂ ᠳᠡᠭᠦᠦ ᠨᠠᠷ ᠢ᠋ ᠮᠢᠨᠢ ᠵᠠᠨᠴᠢᠨ ᠠᠯᠠᠭᠰᠠᠨ ᠶᠤᠮ᠂ ( ᠃ ) ᠡᠭᠡᠴᠢ ᠨᠠᠷ ᠢ᠋ ᠮᠢᠨᠢ ᠳᠣᠷᠣᠮᠵᠢᠯᠠᠨ ᠵᠣᠪᠠᠭᠠᠭᠰᠠᠨ ᠶᠤᠮ》 ᠭᠡᠵᠦ ᠲᠡᠷᠡ ᠦᠶ᠎ᠡ ᠶ᠋ᠢᠨ ᠬᠥᠮᠦᠨ ᠪᠥᠭᠡᠳ ᠸᠯᠠᠳᠢᠮᠢᠷ ᠤ᠋ᠨ ᠬᠠᠮᠪᠤ ᠯᠠᠮᠠ ᠰᠸᠷᠠᠫᠢᠶᠤᠨ ᠥᠭᠦᠯᠡᠵᠡᠢ᠃ ᠣᠯᠠᠨ ᠬᠣᠲᠠ ᠶ᠋ᠢ ᠡᠵᠡᠯᠡᠨ ᠠᠪᠬᠤ ᠳ᠋ᠠᠭᠠᠨ ᠡᠷᠡᠭᠲᠡᠢ᠂ ᠡᠮᠡᠭᠲᠡᠢ ᠨᠠᠰᠤᠨ ᠳ᠋ᠤ᠌ ᠬᠦᠷᠦᠭᠴᠢᠳ ᠪᠠ ᠬᠡᠦᠬᠡᠳ ᠪᠠᠭᠠᠴᠤᠳ ᠢ᠋ ᠲᠣᠯᠣᠭᠠᠢ ᠳᠠᠷᠠᠭᠠᠯᠠᠨ ᠬᠢᠳᠤᠳᠠᠭ ᠪᠠᠢᠵᠠᠢ᠃
           ᠣᠨ ᠳᠠᠷᠠᠭᠠᠯᠠᠯ ᠤ᠋ᠨ ᠪᠢᠴᠢᠭ ᠲᠦ᠍ ᠷᠶᠡᠽᠡᠨ ᠬᠣᠲᠠ ᠶ᠋ᠢᠨ ᠬᠤᠪᠢ ᠵᠠᠶᠠᠭᠠᠨ ᠤ᠋ ᠲᠤᠬᠠᠢ ᠥᠭᠦᠯᠡᠭᠰᠡᠨ ᠨᠢ᠄《ᠵᠠᠷᠢᠮ ᠢ᠋ ᠨᠢ ᠴᠠᠪᠴᠢᠨ᠂ ᠵᠠᠷᠢᠮ ᠢ᠋ ᠨᠢ ᠰᠤᠮᠤ ᠪᠠᠷ ᠰᠦᠯᠪᠡᠨ ᠠᠯᠠᠵᠤ᠂ ᠭᠠᠯᠳᠠᠨ ᠰᠢᠲᠠᠭᠠᠳᠠᠭ ᠪᠠᠢᠭᠰᠠᠨ ᠪᠠ ᠨᠥᠭᠦᠭᠡ ᠵᠠᠷᠢᠮ ᠤ᠋ᠨ ᠬᠢᠨᠢ ᠡᠪᠴᠢᠭᠦᠦ ᠴᠡᠭᠡᠵᠢ ᠶ᠋ᠢ ᠬᠡᠷᠴᠢᠯᠡᠵᠦ᠂ ᠭᠡᠳᠡᠰᠦ ᠳᠣᠲᠣᠷ ᠢ᠋ ᠨᠢ ᠠᠪᠴᠤ᠂ ᠪᠠᠰᠠ ᠵᠠᠷᠢᠮ ᠤ᠋ᠨ ᠬᠢᠨᠢ ᠠᠷᠠᠰᠤ ᠶ᠋ᠢ ᠬᠠᠭᠤᠯᠳᠠᠭ ᠪᠠᠢᠭᠰᠠᠨ᠂ ᠮᠥᠨ ᠣᠨᠳᠣᠣ ᠵᠠᠷᠢᠮ ᠤ᠋ᠨ ᠬᠢᠨᠢ ᠬᠥᠯ ᠳ᠋ᠦ᠍ ᠵᠡᠭᠦᠦ ᠰᠢᠭᠠᠳᠠᠭ ᠪᠠᠢᠭᠰᠠᠨ》ᠭᠡᠵᠡᠢ᠃ ᠲᠠᠲ᠋ᠠᠷ ᠤ᠋ᠳ᠂ ᠣᠷᠣᠰ ᠭᠠᠵᠠᠷ ᠢ᠋ ᠪᠠᠢᠯᠳᠤᠨ ᠡᠵᠡᠯᠡᠭᠰᠡᠨ ᠦ᠌ ᠳᠠᠷᠠᠭᠠᠬᠠᠨ ᠨᠢ ᠣᠷᠣᠰ ᠲᠤ᠌ ᠢᠷᠡᠵᠦ ᠪᠠᠢᠭᠰᠠᠨ ᠭᠠᠳᠠᠭᠠᠳᠤ ᠶ᠋ᠢᠨ ᠵᠢᠭᠤᠯᠴᠢᠳ ᠲᠡᠳᠡᠨ ᠦ᠌ ᠬᠣᠭᠣᠰᠣᠯᠠᠨ ᠲᠣᠨᠣᠭᠰᠠᠨ ᠶᠠᠪᠤᠳᠠᠯ ᠤ᠋ᠨ ᠠᠶᠤᠮᠰᠢᠭᠲᠤ ᠪᠠᠢᠳᠠᠯ ᠢ᠋ ᠲᠣᠳᠣᠷᠬᠠᠢᠯᠠᠭᠰᠠᠨ ᠪᠠᠢᠨ᠎ᠠ᠃ ᠺᠢᠶᠸᠸ ᠬᠣᠲᠠ ᠪᠥᠭᠡᠮ ᠡᠪᠳᠡᠷᠬᠡᠢ ᠨᠣᠣᠷᠠᠭ ᠪᠣᠯᠵᠤ ᠬᠣᠲᠠ ᠶ᠋ᠢᠨ ᠬᠥᠮᠦᠰ ᠦ᠋ᠨ ᠵᠥᠪᠬᠡᠨ ᠣᠪᠤᠭᠠᠯᠠᠰᠤᠲᠠᠢ ᠶᠠᠰᠤ ᠨᠢ ᠦᠯᠡᠳᠡᠭᠰᠡᠨ ᠪᠠᠢᠪᠠ᠃ ᠬᠣᠲᠠ ᠶ᠋ᠢᠨ ᠬᠥᠮᠦᠨ ᠠᠮᠠ ᠶ᠋ᠢᠨ ᠣᠯᠠᠩᠬᠢ ᠨᠢ ᠣᠯᠵᠠᠯᠠᠭᠳᠠᠭᠰᠠᠨ ᠪᠤᠶᠤ ᠠᠯᠠᠭᠳᠠᠭᠰᠠᠨ ᠪᠠᠢᠨ᠎ᠠ᠃ ᠣᠷᠣᠰ ᠭᠠᠵᠠᠷ ᠢ᠋ ᠳᠡᠭᠡᠷᠡᠮᠳᠡᠨ ᠰᠦᠢᠳᠦᠯᠦᠭᠰᠡᠨ ᠨᠢ ᠡᠨᠡ ᠣᠷᠣᠨ ᠤ᠋ ᠦᠢᠯᠡᠳᠪᠦᠷᠢ ᠶ᠋ᠢᠨ ᠬᠦᠴᠦᠨ᠂ ᠰᠣᠶᠣᠯ ᠤ᠋ᠨ ᠬᠥᠭᠵᠢᠯ ᠢ᠋ ᠤᠳᠠᠭᠠᠨ ᠢ᠋ᠶ᠋ᠠᠷ ᠵᠣᠭᠰᠣᠭᠠᠭᠰᠠᠨ ᠪᠣᠯᠤᠨ᠎ᠠ᠃

           ᠡᠳ᠋ ᠪᠠᠶᠠᠯᠢᠭ ᠢ᠋ ᠤᠰᠠᠳᠬᠠᠬᠤ ᠶ᠋ᠢᠨ ᠬᠠᠮᠲᠤ ᠬᠥᠮᠦᠨ ᠠᠮᠠ ᠶ᠋ᠢ ᠠᠯᠠᠨ ᠬᠢᠳᠤᠭᠰᠠᠨ᠂ ᠣᠯᠵᠠᠯᠠᠨ ᠠᠪᠠᠴᠢᠭᠰᠠᠨ ᠨᠢ ᠵᠡᠭᠦᠨ ᠧᠦ᠋ᠷᠣᠫᠠ ᠶ᠋ᠢᠨ ᠬᠥᠮᠦᠰ ᠦ᠋ᠨ ᠴᠥᠭᠡᠷᠡᠬᠦ᠂ ᠰᠣᠶᠣᠯ ᠤ᠋ᠨ ᠦᠨᠡᠲᠦ ᠵᠦᠢᠯᠡᠰ ᠤᠰᠠᠳᠴᠤ ᠦᠭᠡᠢ ᠪᠣᠯᠬᠤ ᠳ᠋ᠤ᠌ ᠬᠦᠷᠴᠡᠢ᠃ ᠮᠥᠨᠥᠬᠡᠨ ᠰᠸᠷᠡᠫᠢᠶᠤᠨ ᠤ᠋ ᠪᠢᠴᠢᠭᠰᠡᠨ ᠨᠢ᠄《ᠡᠴᠢᠭᠡ᠂ ᠠᠬ᠎ᠠ᠂ ᠳᠡᠭᠦᠦ ᠨᠠᠷ ᠤ᠋ᠨ ᠮᠢᠨᠢ ᠴᠢᠰᠤ ᠤᠷᠤᠰᠴᠤ ᠶᠡᠬᠡᠬᠡᠨ ᠭᠠᠵᠠᠷ ᠢ᠋ ᠤᠰᠤ ᠮᠡᠲᠦ ᠤᠰᠤᠯᠠᠪᠠ᠃ ᠮᠠᠨ ᠤ᠋ ᠸᠠᠩ ᠤ᠋ᠳ᠂ ᠴᠡᠷᠢᠭ ᠦ᠋ᠨ ᠨᠣᠶᠠᠳ ᠪᠣᠯᠤᠨ ᠴᠠᠢᠵᠠᠨ ᠤ᠋ ᠪᠡᠬᠢᠯᠡᠯᠲᠡ ᠶ᠋ᠢ ᠬᠦᠷᠲᠡᠯ᠎ᠡ ᠤᠰᠠᠳᠬᠠᠵᠠᠢ᠃ ᠮᠠᠨ ᠤ᠋ ᠵᠣᠷᠢᠭᠲᠤ ᠬᠥᠮᠦᠰ ᠴᠦ᠍ ᠠᠶᠤᠵᠤ ᠳᠠᠭᠠᠪᠠ᠃ ᠮᠠᠨ ᠤ᠋ ᠠᠬ᠎ᠠ ᠳᠡᠭᠦᠦ ᠦᠷ᠎ᠡ ᠬᠡᠦᠬᠡᠳ ᠪᠠᠷᠢᠭᠳᠠᠨ ᠣᠳᠤᠭᠰᠠᠨ ᠪᠢᠯᠡ᠃ ᠮᠠᠨ ᠤ᠋ ᠲᠣᠰᠬᠣᠨ ᠰᠠᠭᠤᠷᠢᠨ ᠪᠠᠢᠭᠰᠠᠨ ᠭᠠᠵᠠᠷ ᠵᠠᠯᠠᠭᠤ ᠮᠣᠳᠣᠨ ᠣᠢ ᠤᠷᠭᠤᠪᠠ᠃ ᠮᠠᠨ ᠤ᠋ ᠰᠠᠢᠬᠠᠨ ᠶᠠᠭᠤᠮ᠎ᠠ ᠤᠰᠠᠳᠴᠤ ᠬᠠᠮᠤᠭ ᠪᠠᠶᠠᠯᠢᠭ ᠪᠤᠰᠤᠳ ᠤ᠋ᠨ ᠭᠠᠷ ᠲᠤ᠌ ᠣᠷᠣᠭᠰᠠᠨ ᠪᠢᠯᠡ᠃ ᠮᠠᠨ ᠤ᠋ ᠬᠥᠳᠡᠯᠮᠦᠷᠢ ᠶ᠋ᠢ ᠪᠤᠵᠠᠷᠯᠠᠨ᠂ ᠮᠠᠨ ᠤ᠋ ᠭᠠᠵᠠᠷ ᠢ᠋ ᠬᠠᠷᠢ ᠶ᠋ᠢᠨ ᠬᠥᠮᠦᠰ ᠣᠯᠵᠠ ᠪᠣᠯᠭᠠᠵᠠᠢ》ᠭᠡᠵᠦ ᠪᠢᠴᠢᠵᠡᠢ᠃ ᠮᠠᠨ ᠤ᠋ ᠲᠡᠦᠬᠡ ᠶ᠋ᠢᠨ ᠬᠠᠷᠠᠩᠭᠤᠢ ᠦᠶ᠎ᠡ ᠡᠬᠢᠯᠡᠭᠰᠡᠨ ᠡᠭᠦᠨ ᠢ᠋ ᠺ᠂ ᠮᠠᠷᠺᠰ《ᠮᠣᠩᠭᠣᠯ ᠤ᠋ᠨ ᠳᠠᠷᠤᠯᠠᠯ ᠤ᠋ᠨ ᠴᠢᠰᠤᠲᠤ ᠪᠤᠵᠠᠷᠯᠠᠯ》ᠭᠡᠵᠦ ᠨᠡᠷᠡᠯᠡᠵᠡᠢ᠃

   《ᠪᠠᠲᠤ ᠬᠠᠭᠠᠨ 》 ᠭᠡᠳᠡᠭ ᠢ᠋ ᠵᠣᠬᠢᠶᠠᠭᠰᠠᠨ ᠬᠥᠮᠦᠨ ᠣᠷᠣᠰ ᠤ᠋ᠨ ᠠᠷᠠᠳ ᠲᠦᠮᠡᠨ ᠦ᠌ ᠭᠠᠰᠠᠯᠠᠩᠲᠠᠢ ᠪᠠᠢᠳᠠᠯ ᠪᠣᠯᠤᠨ ᠸᠠᠩ ᠤ᠋ᠳ᠂ ᠤᠯᠤᠰ ᠢ᠋ ᠨᠢᠭᠡᠳᠬᠡᠬᠦ ᠴᠢᠳᠠᠯ ᠦᠭᠡᠢ ᠪᠠᠢᠭᠰᠠᠨ ᠬᠢᠭᠡᠳ ᠣᠯᠠᠨ ᠲᠣᠭᠠᠲᠠᠢ ᠵᠣᠬᠢᠶᠠᠨ ᠪᠠᠢᠭᠤᠯᠤᠭᠳᠠᠭᠰᠠᠨ ᠳᠠᠢᠰᠤᠨ ᠤ᠋ ᠡᠰᠡᠷᠭᠦ ᠪᠠᠭᠠᠲᠤᠷᠯᠢᠭ ᠢ᠋ᠶ᠋ᠠᠷ ᠲᠡᠮᠡᠴᠡᠨ ᠦᠬᠦᠭᠰᠡᠨ ᠬᠥᠮᠦᠰ᠂ ᠠᠮᠢᠳᠤᠷᠠᠯ ᠤ᠋ᠨ ᠢ᠋ᠶ᠋ᠠᠨ ᠴᠢᠳᠠᠯ ᠢ᠋ ᠬᠠᠳᠠᠭᠠᠯᠠᠵᠤ ᠡᠴᠦᠰ ᠲᠦ᠍ ᠪᠡᠨ ᠪᠠᠶᠠᠷᠲᠠᠢ ᠪᠠᠢᠳᠠᠯ ᠳ᠋ᠤ᠌ ᠬᠦᠷᠬᠦ ᠶᠣᠰᠣᠲᠠᠢ ᠪᠠᠢᠭᠰᠠᠨ ᠵᠡᠷᠭᠡ ᠶ᠋ᠢ ᠬᠦᠴᠦᠲᠡᠢ ᠪᠡᠷ ᠳᠦᠷᠰᠦᠯᠡᠨ ᠪᠢᠴᠢᠵᠡᠢ᠃᠂ ᠸ᠂ ᠬ᠌᠂ ᠶᠠᠨ ᠤᠷᠠᠯᠢᠭ ᠢ᠋ᠶ᠋ᠠᠷ ᠪᠢᠴᠢᠬᠦ ᠶ᠋ᠢᠨ ᠲᠤᠯᠠᠳᠠ ᠵᠠᠷᠢᠮ ᠨᠢᠭᠡᠨ ᠲᠡᠦᠬᠡ ᠶ᠋ᠢᠨ ᠵᠦᠢᠯ ᠢ᠋ ᠪᠢᠴᠢᠬᠦ ᠳ᠋ᠡᠭᠡᠨ ᠷᠣᠮᠠᠨ ᠪᠢᠴᠢᠭᠴᠢᠳ ᠦ᠋ᠨ ᠡᠷᠬᠡ ᠶ᠋ᠢ ᠥᠷᠭᠡᠨ ᠢ᠋ᠶ᠋ᠡᠷ ᠡᠳ᠋ᠯᠡᠭᠰᠡᠨ ᠦᠭᠡᠢ᠂ ᠵᠥᠪᠬᠡᠨ ᠤᠷᠠᠨ ᠵᠣᠬᠢᠶᠠᠯ ᠳ᠋ᠤ᠌ ᠬᠡᠷᠡᠭᠯᠡᠬᠦ ᠡᠷᠬᠡ ᠶ᠋ᠢ ᠵᠣᠬᠢᠬᠤ ᠬᠡᠮᠵᠢᠶ᠎ᠡ ᠪᠡᠷ ᠠᠶᠠᠲᠠᠢᠬᠠᠨ ᠡᠳ᠋ᠯᠡᠵᠦ ᠪᠢᠴᠢᠭᠰᠡᠨ ᠪᠠᠢᠨ᠎ᠠ᠃

     ᠲᠡᠦᠬᠡ ᠶ᠋ᠢᠨ ᠦᠨᠡᠨ ᠪᠠᠢᠳᠠᠯ ᠠ᠋ᠴᠠ ᠶᠡᠬᠡᠬᠡᠨ ᠬᠣᠯᠠᠳᠠᠭᠰᠠᠨ ᠨᠢ ᠭᠡᠪᠡᠯ᠂ ᠪᠠᠲᠤ ᠬᠠᠭᠠᠨ ᠢ᠋ ᠮᠣᠩᠭᠣᠯ ᠤ᠋ᠨ ᠴᠡᠷᠢᠭ ᠦ᠋ᠨ ᠵᠠᠩᠵᠤᠨ ᠳ᠋ᠤ᠌ ᠲᠣᠮᠢᠯᠠᠭᠰᠠᠨ ᠶᠠᠪᠤᠳᠠᠯ ᠮᠥᠨ᠃ ᠵᠥᠴᠢ ᠶ᠋ᠢᠨ ᠦᠬᠦᠭᠰᠡᠨ ᠪᠠᠢᠳᠠᠯ ᠨᠢ ᠪᠢᠳᠡᠨ ᠳ᠋ᠦ᠍ ᠲᠣᠳᠣᠷᠬᠠᠢ ᠪᠠᠷ ᠮᠡᠳᠡᠭᠳᠡᠭᠡ ᠦᠭᠡᠢ ᠪᠠᠢᠨ᠎ᠠ᠃ ᠪᠣᠰᠤᠯᠭ᠎ᠠ ᠭᠠᠷᠭᠠᠬᠤ ᠭᠡᠵᠦ ᠪᠠᠢᠭᠠᠳ ᠰᠠᠨᠠᠮᠰᠠᠷ ᠦᠭᠡᠢ ᠦᠬᠦᠭᠰᠡᠨ ᠨᠢ ᠲᠡᠭᠦᠨ ᠢ᠋ ᠬᠠᠭᠠᠨ ᠰᠢᠷᠡᠭᠡᠨ ᠡᠴᠡ ᠬᠦᠴᠦ ᠪᠡᠷ ᠵᠠᠢᠯᠠᠭᠤᠯᠤᠭᠰᠠᠨ ᠭᠡᠵᠦ ᠲᠠᠭᠠᠪᠤᠷᠢᠯᠠᠵᠤ ᠪᠣᠯᠤᠮᠠᠷ ᠮᠡᠲᠦ ᠪᠠᠢᠨ᠎ᠠ᠃ ᠶᠠᠭᠤ ᠴᠤ᠌ ᠪᠣᠯᠤᠭᠰᠠᠨ ᠴᠢᠩᠭᠢᠰ ᠬᠠᠭᠠᠨ ᠥᠪᠡᠷ ᠦ᠋ᠨ ᠰᠢᠳᠠᠷ ᠬᠥᠮᠦᠰ ᠢ᠋ ᠬᠦᠦ ᠶ᠋ᠢ ᠮᠢᠨᠢ ᠭᠦᠳᠬᠡᠭᠰᠡᠨ ᠭᠡᠵᠦ ᠵᠢᠮᠡᠯᠡᠵᠦ ᠪᠠᠢᠭᠰᠠᠨ ᠨᠢ ᠪᠢᠳᠡᠨ ᠳ᠋ᠦ᠍ ᠢᠯᠡᠷᠬᠡᠢ᠃ ᠵᠥᠴᠢ ᠥᠪᠡᠷ ᠦ᠋ᠨ ᠠᠬ᠎ᠠ ᠳᠡᠭᠦᠦ ᠨᠠᠷ ᠲᠠᠢ ᠶᠠᠮᠠᠷ ᠴᠤ᠌ ᠬᠠᠷᠢᠯᠴᠠᠭ᠎ᠠ ᠲᠠᠢ ᠪᠠᠢᠭᠰᠠᠨ᠂ ( ᠃ ) ᠭᠡᠪᠡᠴᠦ ᠪᠠᠲᠤ ᠬᠠᠭᠠᠨ ᠥᠭᠡᠳᠡᠢ ᠬᠠᠭᠠᠨ ᠤ᠋ ᠣᠷᠳᠣᠨ ᠳ᠋ᠤ᠌ ᠶᠡᠬᠡᠬᠡᠨ ᠬᠦᠨᠳᠦᠲᠡᠢ ᠪᠠᠢᠭᠰᠠᠨ ᠪᠥᠭᠡᠳ ᠠᠶᠠᠨ ᠲᠡᠢᠨ ᠢ᠋ ᠲᠡᠷᠢᠭᠦᠯᠡᠨ ᠶᠠᠪᠤᠬᠤ ᠳ᠋ᠤᠨᠢ ᠶᠠᠮᠠᠷ ᠴᠤ᠌ ᠮᠠᠷᠭᠤᠭᠠᠨ ᠲᠡᠮᠡᠴᠡᠯ ᠭᠠᠷᠤᠭᠰᠠᠨ ᠦᠭᠡᠢ᠃ ᠮᠥᠨ ᠪᠠᠲᠤ ᠴᠤ᠌ ᠡᠨᠡ ᠳᠣᠪᠲᠣᠯᠭᠠᠨ ᠢ᠋ ᠶᠠᠪᠤᠭᠤᠯᠬᠤ ᠳ᠋ᠠᠭᠠᠨ ᠨᠢᠭᠤᠵᠤ ᠳᠠᠯᠳᠠᠯᠠᠬᠤ ᠭᠡᠵᠦ ᠪᠠᠢᠭᠰᠠᠨ ᠦᠭᠡᠢ ᠪᠣᠯᠤᠨ᠎ᠠ᠃

      ᠪᠠᠲᠤ ᠶ᠋ᠢ ᠬᠠᠭᠠᠨ ᠪᠣᠯᠬᠤ ᠦᠶ᠎ᠡ ᠳ᠋ᠦ᠍ ᠲᠡᠭᠦᠨ ᠢ᠋ ᠠᠯᠠᠬᠤ ᠭᠡᠵᠦ ᠪᠠᠢᠭᠰᠠᠨ ᠭᠡᠬᠦ ᠨᠢ ᠤᠷᠠᠨ ᠵᠣᠬᠢᠶᠠᠯ ᠤ᠋ᠨ ᠰᠠᠨᠠᠭ᠎ᠠ ᠭᠡᠯᠲᠡᠢ᠃ ᠤᠷᠠᠺᠰ ᠤ᠋ᠨ ᠶᠧᠯᠸᠢᠴᠢᠨ ᠬᠥᠮᠦᠰ ᠦ᠋ᠨ ᠦᠯᠢᠭᠡᠷ ᠳᠣᠮᠣᠭ ᠲᠤ᠌ ᠭᠠᠷᠳᠠᠭ ᠵᠦᠢᠯ ᠢ᠋ ᠪᠣᠳᠠᠲᠤ ᠦᠨᠡᠨ ᠪᠣᠯᠭᠠᠬᠤ ᠭᠡᠵᠦ ᠨᠡᠯᠢᠶᠡᠳ ᠣᠷᠣᠯᠳᠣᠭᠰᠠᠨ ᠠ᠋ᠴᠠ ᠥᠭᠡᠷ᠎ᠡ ᠲᠡᠦᠬᠡᠲᠦ ᠦᠨᠡᠨ ᠪᠠᠢᠳᠠᠯ ᠠ᠋ᠴᠠ ᠶᠡᠬᠡᠬᠡᠨ ᠭᠠᠵᠢᠭᠤ ᠵᠦᠢᠯ ᠦᠵᠡᠭᠳᠡᠬᠦ ᠦᠭᠡᠢ ᠪᠠᠢᠨ᠎ᠠ᠃ ᠡᠳᠡᠬᠡᠢ《ᠶᠢᠯᠸᠢᠴᠢᠨ》 ᠨᠢ ᠶᠠᠮᠠᠷ ᠦᠨᠳᠦᠰᠦᠲᠡᠨ ᠦ᠌ ᠬᠥᠮᠦᠰ ᠪᠠᠢᠭᠰᠠᠨ ᠪᠠ ᠶᠠᠮᠠᠷ ᠨᠡᠢᠭᠡᠮᠯᠢᠭ ᠦ᠋ᠨ ᠪᠠᠢᠭᠤᠯᠤᠯᠲᠠ ᠳ᠋ᠤ᠌ ᠣᠷᠣᠰᠢᠵᠤ ᠪᠠᠢᠭᠰᠠᠨ ᠨᠢ ᠭᠦᠢᠴᠡᠳ ᠮᠡᠳᠡᠭᠳᠡᠬᠦ ᠦᠭᠡᠢ ᠪᠠᠢᠨ᠎ᠠ᠃ ᠮᠣᠰᠺᠸᠠ ᠬᠣᠲᠠ ᠶ᠋ᠢᠨ ᠬᠤᠳᠠᠯᠳᠤᠭᠠᠨ ᠤ᠋ ᠤᠳᠬ᠎ᠠ ᠴᠢᠨᠠᠷ ᠬᠦᠴᠦᠲᠡᠢ ᠥᠰᠴᠦ ᠪᠠᠢᠯ᠎ᠠ᠃ ᠠᠷᠪᠠᠨ ᠭᠤᠷᠪᠠᠳᠤᠭᠠᠷ ᠵᠠᠭᠤᠨ ᠤ᠋ ᠦᠶ᠎ᠡ ᠶ᠋ᠢᠨ ᠮᠣᠰᠺᠸᠠ ᠪᠣᠯ ᠣᠢ ᠶ᠋ᠢᠨ ᠠᠭᠯᠠᠭ ᠲᠤ᠌ ᠣᠷᠣᠰᠢᠬᠤ ᠥᠴᠦᠬᠡᠨ ᠬᠣᠲᠠ ᠪᠠᠢᠭᠰᠠᠨ᠃ ᠵᠠᠷᠢᠮ ᠳ᠋ᠠᠭᠠᠨ ᠳᠠᠢᠰᠤᠨ ᠤ᠋ ᠴᠡᠷᠢᠭ ᠮᠣᠰᠺᠸᠠ ᠳ᠋ᠤ᠌ ᠣᠴᠢᠬᠤ ᠵᠠᠮ ᠢ᠋ ᠮᠡᠳᠡᠳᠡᠭ ᠦᠭᠡᠢ ᠪᠠᠢᠭᠰᠠᠨ᠃ ᠡᠢᠮᠦ ᠶᠠᠪᠤᠳᠠᠯ1176 ᠣᠨ ᠳ᠋ᠤ᠌ ᠭᠠᠷᠴᠤ ᠪᠠᠢᠭᠰᠠᠨ ᠪᠠᠢᠨ᠎ᠠ᠃

           ᠮᠣᠰᠺᠸᠠ ᠬᠣᠲᠠ ᠳ᠋ᠤ᠌ ᠠᠷᠠᠪ ᠤ᠋ᠨ ᠬᠤᠳᠠᠯᠳᠤᠭᠠᠴᠢᠳ ᠪᠠᠢᠭᠰᠠᠨ ᠭᠡᠵᠦ ᠪᠣᠯᠣᠰᠢ ᠦᠭᠡᠢ ᠪᠠᠢᠨ᠎ᠠ᠃ ᠬᠠᠷᠢᠨ ᠮᠣᠰᠺᠸᠠ ᠶ᠋ᠢᠨ ᠳᠡᠪᠢᠰᠬᠡᠷ ᠨᠤᠲᠤᠭ ᠳᠡᠭᠡᠷ᠎ᠡ ᠡᠴᠡ ᠵᠥᠪᠬᠡᠨ ᠬᠣᠶᠠᠷᠬᠠᠨ ᠠᠷᠠᠪ ᠵᠣᠭᠣᠰ ᠣᠯᠳᠠᠵᠠᠢ᠃ ᠸᠯᠠᠳᠢᠮᠢᠷ ᠬᠣᠲᠠ ᠳ᠋ᠤ᠌ ᠰᠤᠷᠭᠠᠭᠤᠯᠢ ᠪᠠᠢᠭᠰᠠᠨ ᠭᠡᠵᠦ ᠪᠢᠴᠢᠭᠰᠡᠨ ᠨᠢ ᠦᠨᠡᠨ ᠪᠠᠢᠳᠠᠯ ᠳ᠋ᠤ᠌ ᠲᠠᠭᠠᠴᠠᠵᠤ ( ᠲᠠᠭᠠᠷᠠᠵᠤ ) ᠪᠠᠢᠨ᠎ᠠ᠃

           ᠰᠤᠷᠭᠠᠭᠤᠯᠢ ᠪᠠᠢᠭᠰᠠᠨ ᠭᠡᠳᠡᠭ ᠮᠡᠳᠡᠭᠡ ᠶ᠋ᠢ ᠬᠣᠵᠢᠮ ᠤ᠋ᠨ ᠪᠥᠭᠡᠳ ᠠᠷᠪᠠᠨ ᠨᠠᠢ᠍ᠮᠠᠳᠤᠭᠠᠷ ᠵᠠᠭᠤᠨ ᠤ᠋ ᠦᠶ᠎ᠡ ᠶ᠋ᠢᠨ ᠤᠷᠠᠨ ᠵᠣᠬᠢᠶᠠᠯᠴᠢ ᠸ᠂ ᠨ᠂ ᠲᠠᠲ᠋ᠢ᠍ᠱᠸᠸ ᠤ᠋ᠨ ᠮᠠᠭᠠᠳ ᠲᠠᠢ ᠪᠤᠰᠤ ᠮᠡᠳᠡᠭᠡ ᠡᠴᠡ ᠠᠪᠤᠭᠰᠠᠨ ᠪᠠᠢᠨ᠎ᠠ᠃ ᠸᠠᠩ ᠤ᠋ᠨ ᠥᠬᠢᠳ ᠠᠷᠠᠳ ᠤ᠋ᠨ ᠪᠦᠰᠡᠲᠡᠢ ᠬᠡᠦᠬᠡᠳ ᠦ᠋ᠨ ᠬᠠᠮᠲᠤ ᠨᠢᠭᠡᠨ ᠨᠡᠢᠲᠡ ᠶ᠋ᠢᠨ ᠰᠤᠷᠭᠠᠭᠤᠯᠢ ᠳ᠋ᠤ᠌ ᠰᠤᠷᠤᠯᠴᠠᠬᠤ ᠪᠣᠯᠤᠯᠴᠠᠭ᠎ᠠ ᠪᠠᠢᠭᠰᠠᠨ ᠭᠡᠳᠡᠭ ᠨᠢ ᠦᠨᠡᠨ ᠪᠠᠢᠳᠠᠯ ᠳ᠋ᠤ᠌ ᠣᠭᠲᠣ ᠲᠥᠰᠦᠭᠡ ᠦᠭᠡᠢ ᠶᠦ᠍ᠮ᠃ ᠵᠣᠬᠢᠶᠠᠭᠴᠢ ᠡᠨᠡ ᠲᠣᠭᠣᠵᠢ ᠳ᠋ᠠᠭᠠᠨ ᠵᠠᠷᠢᠮ ᠮᠡᠳᠡᠭᠡ ᠲᠡᠮᠳᠡᠭᠯᠡᠯ ᠢ᠋ ᠠᠪᠴᠤ ᠲᠣᠳᠣᠷᠬᠠᠢᠯᠠᠨ ᠪᠢᠴᠢᠭᠰᠡᠨ ᠪᠠ ᠮᠥᠨ ᠮᠣᠩᠭᠣᠯ ᠲᠠᠲ᠋ᠠᠷ ᠤ᠋ᠨ ᠴᠡᠷᠢᠭ ᠦ᠋ᠨ ᠪᠠᠢᠳᠠᠯ ᠠ᠋ᠴᠠ ᠠᠪᠴᠤ ᠨᠡᠯᠢᠶᠡᠳ ᠴᠢᠮᠡᠭᠯᠡᠨ ᠪᠢᠴᠢᠭᠰᠡᠨ ᠵᠡᠷᠭᠡ ᠶᠠᠪᠤᠳᠠᠯ ᠪᠣᠯ ᠲᠡᠦᠬᠡᠲᠦ ᠪᠠᠲᠤᠯᠠᠭ᠎ᠠ ᠦᠭᠡᠢ ᠵᠦᠢᠯᠡᠰ ᠪᠢᠯᠡ᠃ ᠵᠢᠱ᠌ᠢᠶᠡᠯᠡᠪᠡᠯ᠄( ᠳᠣᠪᠲᠣᠯᠭᠠᠨ ᠳ᠋ᠤ᠌ ᠶᠠᠪᠤᠬᠤ ᠳ᠋ᠠᠭᠠᠨ ᠲᠠᠬᠢᠶ᠎ᠠ ᠠᠪᠴᠤ ᠶᠠᠪᠤᠵᠤ ᠪᠠᠢᠭᠰᠠᠨ) ᠭᠡᠬᠦ ᠦᠨᠡᠨᠲᠡᠢ ᠪᠤᠰᠤ ᠠᠷᠰᠠᠷ ᠵᠦᠢᠯ ᠢ᠋ ᠲᠣᠭᠠᠴᠢᠬᠤ ᠶ᠋ᠢ ᠬᠡᠮᠨᠡᠶ᠎ᠡ᠃ ᠷᠶᠠᠽᠠᠨ ᠤ᠋ ᠸᠠᠩ ᠭᠯᠸᠪ ᠥᠪᠡᠷ ᠦ᠋ᠨ ᠠᠬ᠎ᠠ ᠳᠡᠭᠦᠦ ᠨᠠᠷ ᠢ᠋ᠶ᠋ᠠᠨ ᠠᠯᠠᠵᠤ ᠷᠶᠠᠽᠠᠨ ᠤ᠋ ᠭᠠᠵᠠᠷ ᠢ᠋ ᠭᠠᠭᠴᠠᠭᠠᠷ ᠢ᠋ᠶ᠋ᠠᠨ ᠵᠠᠬᠢᠷᠬᠤ ᠶ᠋ᠢ ᠤᠷᠤᠯᠳᠤᠵᠤ ᠪᠠᠢᠭᠰᠠᠨ ᠢ᠋ ᠵᠣᠬᠢᠶᠠᠯᠴᠢ ᠡᠬᠡ ᠣᠷᠣᠨ ᠠ᠋ᠴᠠ ᠪᠠᠨ ᠤᠷᠪᠠᠭᠰᠠᠨ ᠳ᠋ᠤ᠌ ᠳᠣᠭᠣᠴᠠᠵᠤ ( ᠲᠣᠭᠠᠴᠠᠵᠤ) ᠪᠢᠴᠢᠭᠰᠡᠨ ᠪᠠᠢᠨ᠎ᠠ᠃ ᠭᠡᠲᠡᠯ᠎ᠡ ᠲᠠᠲ᠋ᠠᠷ ᠤ᠋ᠨ ᠠᠶᠠᠨ ᠲᠡᠢᠨ ᠦ᠌ ᠦᠶ᠎ᠡ ᠶ᠋ᠢᠨ ᠣᠨ ᠳᠠᠷᠠᠭᠠᠯᠠᠯ ᠤ᠋ᠨ ᠪᠢᠴᠢᠭ ᠲᠦ᠍ ᠭᠯᠸᠪ ᠦ᠋ᠨ ᠲᠤᠬᠠᠢ ᠲᠣᠳᠣᠷᠬᠠᠢᠯᠠᠨ ᠪᠢᠴᠢᠭᠰᠡᠨ ᠦᠭᠡᠢ ᠪᠠᠢᠨ᠎ᠠ᠃

ᠭᠯᠸᠪ ᠪᠣᠯ ᠺᠢᠫᠴᠠᠺ ᠨᠠᠷ ᠲᠠᠢ ᠴᠣᠭ ᠪᠠᠢᠭᠠᠳ ᠦᠬᠦᠭᠰᠡᠨ ᠭᠡᠬᠦ ᠦᠨᠳᠦᠰᠦ ᠪᠦᠬᠦᠢ ᠪᠠᠷᠢᠮᠲᠠ ᠪᠠᠢᠳᠠᠭ ᠲᠤᠯᠠ ᠮᠣᠩᠭᠣᠯ ᠤ᠋ᠨ ᠬᠠᠭᠠᠨ ᠳ᠋ᠤ᠌ ᠤᠷᠪᠠᠨ ᠣᠷᠣᠭᠰᠠᠨ ᠭᠡᠬᠦ ᠨᠢ ᠦᠨᠡᠨ ᠪᠠᠢᠳᠠᠯ ᠳ᠋ᠤ᠌ ᠬᠠᠷᠰᠢᠯᠠᠬᠤ ᠦᠭᠡᠢ ᠪᠠᠢᠨ᠎ᠠ᠃ ᠡᠢᠮᠦᠷᠬᠦ ᠴᠥᠭᠡᠨ ᠲᠣᠭᠠᠨ ᠤ᠋ ᠲᠣᠳᠣᠷᠬᠠᠢ ᠪᠤᠰᠤ ᠵᠦᠢᠯᠡᠰ ᠪᠠᠢᠪᠠᠴᠤ ᠤᠭ ᠲᠣᠭᠣᠵᠢ ᠨᠢ ᠦᠨᠳᠦᠰᠦᠨ ᠳ᠋ᠡᠭᠡᠨ ᠲᠡᠷᠡ ᠦᠶ᠎ᠡ ᠶ᠋ᠢᠨ ᠪᠠᠢᠳᠠᠯ ᠢ᠋ ᠦᠨᠡᠨ ᠵᠥᠪ ᠢ᠋ᠶ᠋ᠡᠷ ᠳᠦᠷᠰᠦᠯᠡᠭᠰᠡᠨ ᠨᠢ ᠲᠡᠭᠦᠨ ᠦ᠌ ᠭᠣᠣᠯ ᠠᠮᠵᠢᠯᠲᠠ ᠶᠤᠮ᠃ ᠶᠠᠨ ᠤ᠋ ᠵᠣᠬᠢᠶᠠᠯ ᠨᠢ ᠤᠷᠠᠨ ᠨᠠᠢᠷᠠᠭᠤᠯᠭ᠎ᠠ ᠶ᠋ᠢᠨ ᠠᠭᠤᠯᠭ᠎ᠠ ᠪᠦᠬᠦᠢ ᠡᠴᠡ ᠭᠠᠳᠠᠨ᠎ᠠ ᠮᠠᠨ ᠤ᠋ ᠣᠷᠣᠨ ᠤ᠋ ᠲᠡᠦᠬᠡ ᠶ᠋ᠢᠨ ᠴᠢᠬᠤᠯᠠ ᠵᠦᠢᠯᠡᠰ ᠦ᠋ᠨ ᠨᠢᠭᠡᠨ ᠦ᠌ ᠲᠤᠬᠠᠢ ᠵᠥᠪᠯᠡᠯᠲᠦ ᠶ᠋ᠢᠨ ᠥᠷᠭᠡᠨ ᠣᠯᠠᠨ ᠤᠩᠰᠢᠭᠴᠢᠳ ᠲᠤ᠌ ᠲᠤᠰᠠᠲᠠᠢ ᠮᠡᠳᠡᠭᠡ ᠶ᠋ᠢ ᠳᠡᠯᠭᠡᠷᠡᠭᠦᠯᠬᠦ ᠰᠠᠢᠨ ᠵᠦᠢᠯ ᠭᠠᠷᠴᠠᠭ᠎ᠠ ᠦᠭᠡᠢ ᠪᠣᠯᠤᠨ᠎ᠠ᠃

ᠮᠠᠨ ᠤ᠋ ᠡᠳᠦᠷ ᠦ᠋ᠳ ᠲᠦ᠍ ᠠᠭᠤᠤ ᠶᠡᠬᠡ ᠡᠬᠡ ᠣᠷᠣᠨ ᠤ᠋ ᠲᠡᠢᠨ ᠶᠠᠪᠤᠭᠳᠠᠵᠤ ᠪᠠᠢᠬᠤ ᠳ᠋ᠤ᠌ ᠣᠷᠣᠰ ᠤ᠋ᠨ ᠠᠷᠠᠳ ᠲᠦᠮᠡᠨ ᠡᠴᠡ ᠵᠡᠷᠯᠢᠭᠴᠤᠳ ᠤ᠋ᠨ ᠳᠣᠪᠲᠣᠯᠭᠠᠨ ᠤ᠋ ᠡᠮᠦᠨ᠎ᠡ ᠡᠴᠡ ᠪᠠᠭᠠᠲᠤᠷᠯᠢᠭ ᠢ᠋ᠶ᠋ᠠᠷ ᠲᠡᠮᠡᠴᠡᠭᠰᠡᠨ ᠲᠡᠮᠡᠴᠡᠯ ᠢ᠋ ᠬᠤᠷᠴᠠ ᠲᠣᠳᠣᠷᠬᠠᠢ ᠪᠠᠷ ᠦᠵᠡᠭᠦᠯᠦᠭᠰᠡᠨ ᠨᠢ ᠭᠦᠨ ᠪᠠᠬᠠᠷᠬᠠᠯ ᠢ᠋ ᠲᠥᠷᠥᠭᠦᠯᠬᠦ ᠦᠭᠡᠢ ᠪᠠᠢᠵᠤ ᠴᠢᠳᠠᠬᠤ ᠦᠭᠡᠢ᠃ ᠪᠦᠬᠦ ᠡᠸᠦᠢ᠍ᠷᠤᠫᠠ ᠶ᠋ᠢᠨ ᠪᠣᠯᠪᠠᠰᠤᠷᠠᠯ ᠳ᠋ᠤ᠌ ᠰᠦᠢᠳ ᠤᠴᠠᠷᠠᠭᠤᠯᠵᠤ ᠪᠠᠢᠭᠰᠠᠨ ᠬᠠᠷᠭᠢᠰ ᠳᠣᠭᠰᠢᠨ᠂ ᠡᠨᠡᠷᠢᠯ ᠦᠭᠡᠢ ᠳᠠᠢᠰᠤᠨ ᠲᠠᠢ ᠠᠮᠢ ᠪᠡᠶ᠎ᠡ ᠪᠡᠨ ᠬᠠᠢᠷᠠᠯᠠᠬᠤ ᠦᠭᠡᠢ ᠲᠡᠮᠡᠴᠡᠵᠦ ᠪᠠᠢᠭᠰᠠᠨ ᠠᠷᠠᠳ ᠤ᠋ᠨ ᠰᠠᠢᠨ ᠳᠤᠷ᠎ᠠ ᠶ᠋ᠢᠨ ᠴᠡᠷᠢᠭ ᠢ᠋ ᠦᠵᠡᠭᠦᠯᠦᠭᠰᠡᠨ ᠲᠡᠳᠡᠭᠡᠷ ᠪᠦᠯᠦᠭ ᠨᠢ ᠭᠦᠨ ᠰᠡᠳᠬᠢᠯᠭᠡ ᠶ᠋ᠢ ᠲᠥᠷᠥᠭᠦᠯᠬᠦ ᠪᠣᠯᠤᠨ᠎ᠠ᠃

ᠲᠡᠷᠡ ᠴᠠᠭ ᠲᠤ᠌ ᠮᠥᠨ ᠣᠳᠣ ᠦᠶ᠎ᠡ ᠮᠡᠲᠦ ᠣᠷᠣᠰ ᠤ᠋ᠨ ᠠᠷᠠᠳ ᠲᠦᠮᠡᠨ ᠭᠠᠭᠴᠠᠬᠠᠨ ᠥᠪᠡᠷ ᠦ᠋ᠨ ᠭᠠᠵᠠᠷ ᠨᠤᠲᠤᠭ ᠤ᠋ᠨ ᠲᠥᠯᠥᠭᠡ ᠪᠢᠰᠢ ᠪᠦᠬᠦ ᠡᠸᠦᠢ᠍ᠷᠤᠫᠠ ᠶ᠋ᠢ ᠠᠶᠤᠯᠲᠤ ᠳᠠᠷᠤᠯᠠᠯ ᠠ᠋ᠴᠠ ᠬᠠᠮᠠᠭᠠᠯᠠᠬᠤ ᠶ᠋ᠢᠨ ᠲᠤᠯᠠᠳᠠ ᠲᠡᠮᠡᠴᠡᠵᠦ ᠪᠠᠢᠯ᠎ᠠ᠃

ᠨᠥᠬᠥᠷ ᠶᠠᠨ ᠤ᠋ ᠨᠣᠮ ᠤ᠋ᠨ ᠰᠡᠳᠬᠢᠯ ᠬᠥᠳᠡᠯᠭᠡᠭᠰᠡᠨ ᠡᠳᠡᠭᠡᠷ ᠬᠠᠭᠤᠳᠠᠰᠤ ᠨᠢ ᠡᠬᠡ ᠣᠷᠣᠨ ᠢ᠋ᠶ᠋ᠠᠨ ᠠᠪᠤᠷᠠᠬᠤ ᠶ᠋ᠢᠨ ᠲᠥᠯᠥᠭᠡ ᠠᠮᠢ ᠪᠡᠶ᠎ᠡ ᠪᠡᠨ ᠬᠠᠢᠷᠠᠯᠠᠬᠤ ᠦᠭᠡᠢ ᠲᠡᠮᠡᠴᠡᠬᠦ ᠳ᠋ᠦ᠍ ᠡᠷᠡᠯᠬᠡᠭ ᠵᠣᠷᠢᠭ ᠢ᠋ ᠲᠥᠷᠥᠭᠦᠯᠵᠦ ᠪᠠᠢᠨ᠎ᠠ᠃

ᠰ᠂ ᠪᠠᠾᠷᠤᠰᠢᠨ

ᠮᠢᠨᠦ ᠮᠠᠷᠲᠠᠰᠢ ᠦᠭᠡᠢ ᠭᠡᠷᠭᠡᠢ ᠶᠠᠨ᠂ ᠮᠡᠷᠢ ᠶ᠋ᠢᠨ ᠠᠷᠢᠭᠤᠨ ᠳᠤᠷᠠᠰᠬᠠᠯ ᠳ᠋ᠤ᠌ ᠡᠨᠡ ᠨᠣᠮ ᠢ᠋ ᠵᠣᠷᠢᠭᠤᠯᠤᠨ ᠪᠢᠴᠢᠪᠡ᠃ ᠮᠡᠷᠢ ᠪᠢᠳᠡ ᠬᠣᠶᠠᠷ ᠡᠨᠡ ᠨᠣᠮ ᠢ᠋ ᠬᠠᠮᠲᠤ ᠪᠢᠴᠢᠭᠰᠡᠨ ᠰᠠᠨ ᠪᠢᠯᠡ᠃

ᠸ᠂ ᠶᠠᠨ

ᠣᠩᠰᠢᠬᠴᠢᠳ ᠠ᠋! ᠡᠨᠡ ᠲᠣᠭᠣᠵᠢ ᠶ᠋ᠢᠨ ᠳᠣᠲᠣᠷ᠎ᠠ《ᠬᠥᠮᠦᠨ ᠦ᠌ ᠰᠢᠳᠤᠷᠭᠤ ᠵᠣᠷᠢᠭ᠂ ᠪᠠᠴᠢᠲᠤ ᠬᠠᠷ᠎ᠠ ᠰᠠᠨᠠᠭ᠎ᠠ᠂ ᠡᠷᠬᠡ ᠴᠢᠯᠥᠭᠡᠨ ᠦ᠌ ᠲᠥᠯᠥᠭᠡ ᠰᠢᠢᠳᠮᠡᠭᠡᠢ ᠲᠡᠮᠡᠴᠡᠯ᠂ ᠬᠠᠷᠭᠢᠰᠯᠠᠨ ᠳᠠᠷᠤᠯᠠᠬᠤ᠂ ᠵᠢᠭᠰᠢᠭᠦᠷᠢᠲᠡᠢ ᠤᠷᠪᠠᠬᠤ᠂ ᠵᠢᠷᠤᠮᠲᠠᠢ ᠬᠠᠨᠢᠯᠠᠬᠤ ᠶ᠋ᠢ ᠦᠵᠡᠭᠦᠯᠦᠨ᠂ ᠪᠤᠮ ᠲᠦᠮᠡᠨ ᠮᠣᠷᠢᠲᠠᠨ ᠤ᠋ ᠦᠶᠡᠷ᠂ ᠳᠠᠯᠠᠢ ᠶ᠋ᠢᠨ ᠳᠠᠪᠠᠯᠭᠠᠨ ᠳᠡᠭᠡᠷᠡᠬᠢ ᠵᠣᠮᠭᠣᠯ ᠮᠡᠲᠦ ᠪᠡᠷ ᠠᠪᠴᠢᠷᠠᠵᠤ ᠶᠡᠬᠡ ᠮᠥᠷᠡᠨ ᠢᠵᠢᠯ ᠦ᠋ᠨ ᠡᠷᠭᠢ ᠳᠡᠭᠡᠷ᠎ᠡ ᠪᠠᠭᠤᠯᠭᠠᠬᠤ ᠳ᠋ᠤ᠌ ᠲᠡᠷᠡ ᠣᠨᠢᠭᠠᠷ ᠨᠢᠳᠦ ᠲᠡᠢ᠂ ᠪᠣᠷᠣ ᠴᠢᠷᠠᠢ ᠲᠠᠢ ᠵᠢᠯᠣᠭᠣᠳᠤᠭᠴᠢ ᠠᠯᠲᠠᠨ ᠣᠷᠳᠣᠨ ᠭᠡᠳᠡᠭ ᠠᠰᠤᠷᠤ ᠶᠡᠬᠡ ᠭᠦᠷᠦᠨ ᠢ᠋ ᠪᠠᠢᠭᠤᠯᠤᠭᠰᠠᠨ ᠪᠠᠲᠤ ᠬᠠᠭᠠᠨ ᠤ᠋ ᠲᠡᠮᠦᠷ ᠴᠡᠷᠢᠭ ᠥᠩᠭᠡᠷᠡᠬᠦ ᠳ᠋ᠦ᠍ ᠳᠡᠢᠯᠦᠭᠳᠡᠨ ᠡᠵᠡᠯᠡᠭᠳᠡᠭᠰᠡᠨ ᠣᠷᠣᠨ ᠳ᠋ᠤ᠌ ᠣᠷᠤᠰᠢᠬᠴᠢᠳ ᠬᠡᠮᠵᠢᠶᠡᠯᠡᠰᠢ ᠦᠭᠡᠢ ᠬᠡᠴᠢᠨᠡᠨ ᠵᠣᠪᠠᠨ ᠵᠦᠳᠡᠷᠡᠭᠰᠡᠨ 》 ᠢ᠋ ᠥᠭᠦᠯᠡᠨ᠎ᠡ᠃

(《ᠬᠠᠳ᠋ᠵᠢ ᠷᠠᠾᠢ᠍ᠮ ᠤ᠋ᠨ ᠲᠡᠮᠳᠡᠭᠯᠡᠯ 》) ᠡᠴᠡ

《᠁ ᠵᠠ ᠮᠠᠷᠭᠠᠰᠢ᠂ ᠥᠨᠥᠳᠥᠷ᠂ ᠨᠥᠭᠥᠭᠡᠳᠦᠷ ᠴᠥᠮ ᠣᠩᠰᠢᠬᠴᠢ ᠴᠢᠮᠠᠲᠤ ᠴᠢᠨᠦ ᠦᠯᠦ ᠮᠡᠳᠡᠬᠦ ᠶᠠᠭᠤᠮ᠎ᠠ ᠶ᠋ᠢ ᠠᠪᠴᠢᠷᠠᠬᠤ ᠠᠯᠤᠰ ᠤ᠋ᠨ ᠵᠠᠮ ᠬᠠᠷᠢ ᠶ᠋ᠢᠨ ᠣᠷᠣᠨ ᠢ᠋ ᠵᠣᠷᠢᠶ᠎ᠠ 》᠃

(ᠡᠷᠲᠡᠨ ᠦ᠌ ᠠᠷᠠᠪ ᠤ᠋ᠨ ᠳᠣᠮᠣᠭ ᠠ᠋ᠴᠠ )

        ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠤᠨ᠂ ᠠᠯᠲᠠᠨᠴᠢᠮᠡᠭ᠂ ᠠᠷᠢᠭᠤᠨ
        ᠬᠢᠨᠠᠭᠴᠢ᠄ ᠲ· ᠬᠦᠮᠦᠵᠢᠯᠲᠦ᠂ ᠠᠯᠲᠠᠨᠴᠢᠮᠡᠭ᠂ ᠠᠷᠢᠭᠤᠨ᠂ ᠮᠥᠩᠬᠡᠨ᠋ᠠᠰᠤᠨ