ᠭᠠᠯᠳᠠᠨ ᠪᠣᠱᠣᠭᠲᠤ ᠬᠠᠭᠠᠨ01ᠲᠡᠷᠢᠭᠦᠨ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ -ᠳ· ᠵᠠᠮᠢᠶᠠᠨГалдан бошгот хаан-Т·Жамъян ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠳᠠᠨ ᠪᠣᠱᠣᠭᠲᠤ ᠬᠠᠭᠠᠨ01ᠲᠡᠷᠢᠭᠦᠨ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ -ᠳ· ᠵᠠᠮᠢᠶᠠᠨГалдан бошгот хаан-Т·Жамъян

ᠭᠠᠯᠳᠠᠨ ᠪᠣᠱᠣᠭᠲᠤ ᠬᠠᠭᠠᠨ01ᠲᠡᠷᠢᠭᠦᠨ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ -ᠳ· ᠵᠠᠮᠢᠶᠠᠨГалдан бошгот хаан-Т·Жамъян

ᠠᠩᠭᠢᠯᠠᠯ:ᠲᠤᠭᠤᠵᠢ ᠷᠣᠮᠠᠨ
2025-08-15

628

ᠲᠡᠷᠢᠭᠦᠨ ᠳᠡᠪᠲᠡᠷ

ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ 

ᠨᠢᠭᠡ 

ᠠᠯᠲᠠᠢ ᠶ᠋ᠢᠨ ᠰᠦᠷᠯᠢᠭ ᠠᠭᠤᠯᠠᠰ ᠤ᠋ᠨ ᠬᠠᠳᠠ ᠠᠰᠠᠭᠲᠤ ᠨᠢᠭᠡᠨ ᠣᠷᠭᠢᠯ ᠤ᠋ᠨ ᠣᠷᠣᠢ ᠳ᠋ᠤ᠌ ᠨᠠᠪᠴᠢ ᠨᠠᠬᠢᠶ᠎ᠠ ᠪᠠᠨ ᠳᠡᠯᠭᠡᠭᠰᠡᠨ ᠠᠷᠪᠠᠨ ᠵᠢᠸ᠎ᠠ ᠮᠥᠴᠢᠷ ᠲᠡᠢ ᠠᠪᠤᠷᠭᠤ ᠬᠠᠢᠯᠠᠰᠤ ᠤᠷᠭᠤᠵᠠᠢ᠃ ᠬᠠᠢᠯᠠᠰᠤ ᠶ᠋ᠢᠨ ᠨᠠᠪᠴᠢᠰ ᠨᠢ ᠴᠠᠭᠠᠨ ᠰᠢᠷ᠎ᠠ ᠥᠩᠭᠡ ᠲᠡᠢ ᠪᠥᠯᠥᠭᠡ᠃ ᠡᠨᠡᠬᠦ ᠴᠠᠭᠠᠨ ᠰᠢᠷ᠎ᠠ ᠥᠩᠭᠡ ᠶ᠋ᠢᠨ ᠨᠠᠪᠴᠢᠰ ᠰᠠᠯᠬᠢᠨ ᠤ᠋ ᠠᠶᠠᠰ ᠢ᠋ᠶ᠋ᠠᠷ ᠰᠡᠷᠴᠢᠭᠢᠨᠡᠨ ᠬᠥᠳᠡᠯᠬᠦ ᠪᠥᠭᠡᠳ ᠲᠣᠪᠰᠢᠭᠤᠷ ᠤ᠋ᠨ ᠭᠤᠨᠢᠭᠲᠤ ᠠᠶᠠᠯᠭᠤ ᠡᠭᠡᠰᠢᠭᠯᠡᠬᠦ ᠳ᠋ᠦ᠍ ᠰᠤᠳᠤᠷ ᠤ᠋ᠨ ᠰᠢᠷᠠᠯᠠᠭᠰᠠᠨ ᠬᠠᠭᠤᠳᠠᠰᠤ ᠪᠣᠯᠤᠨ ᠬᠤᠪᠢᠷᠠᠨ᠎ᠠ᠃ ᠰᠤᠳᠤᠷ ᠤ᠋ᠨ ᠬᠠᠭᠤᠳᠠᠰᠤ ᠳᠤᠮᠳᠠᠭᠤᠷ ᠣᠢᠷᠠᠳ ᠤ᠋ᠨ ᠮᠣᠷᠢᠲᠠᠨ ᠪᠠᠭᠠᠲᠤᠷ ᠤ᠋ᠳ᠂ ᠮᠥᠷᠭᠥᠯᠴᠢᠳ᠂ ᠵᠢᠩᠴᠢᠳ᠂ ᠬᠤᠳᠠᠯᠳᠤᠭᠠᠴᠢᠳ ᠤ᠋ᠨ ᠠᠶᠠᠨ ᠬᠦᠪᠦᠷᠡᠨ᠎ᠡ᠃
ᠭᠡᠲᠡᠯ᠎ᠡ ᠲᠡᠷᠡ ᠬᠦ᠌ ᠲᠣᠳᠣ ᠦᠰᠦᠭ ᠢ᠋ᠶ᠋ᠡᠷ ᠪᠢᠴᠢᠭᠰᠡᠨ ᠰᠤᠳᠤᠷ ᠳᠤᠮᠳᠠ ᠡᠴᠡ ᠪᠦᠷᠭᠦᠳ ᠴᠦᠢᠯᠡᠨ ᠣᠷᠣᠢ ᠦᠭᠡᠢ ᠬᠥᠬᠡ ᠲᠡᠭᠷᠢ ᠥᠭᠡᠳᠡ ᠳᠡᠭᠦᠯᠢᠯ᠎ᠡ᠃ ᠠᠭᠤᠯᠠᠨ ᠣᠷᠣᠢ ᠳᠡᠭᠡᠷᠡᠬᠢ ᠨᠤᠲᠤᠭ ᠤ᠋ᠨ ᠠᠷᠪᠠᠨ ᠵᠢᠸ᠎ᠠ ᠨᠠᠪᠴᠢ ᠨᠠᠬᠢᠶ᠎ᠠ᠂ ᠲᠦᠮᠡᠨ ᠮᠥᠴᠢᠷ ᠨᠢ ᠣᠭᠲᠠᠷᠭᠤᠢ ᠶ᠋ᠢᠨ ᠪᠤᠳᠠᠩ ᠳ᠋ᠤ᠌ ᠣᠷᠢᠶᠠᠭᠳᠠᠨ ᠢᠯᠡ ᠭᠠᠷᠴᠤ᠂ ᠳᠠᠯᠳᠠ ᠣᠷᠣᠵᠤ ᠵᠠᠷᠢᠮ ᠳ᠋ᠠᠭᠠᠨ ᠲᠣᠳᠣᠷᠠᠵᠤ᠂ ᠵᠠᠷᠢᠮ ᠳ᠋ᠠᠭᠠᠨ ᠪᠦᠳᠡᠭᠢᠷᠡᠨ᠎ᠡ᠃
ᠪᠦᠷᠭᠦᠳ ᠲᠣᠳᠣᠷᠠᠨ᠎ᠠ᠃ ᠪᠦᠷᠭᠦᠳ ᠦ᠋ᠨ ᠮᠠᠬᠢᠷ ᠬᠣᠰᠢᠭᠤ᠂ ᠬᠤᠷᠴᠠ ᠬᠢᠮᠤᠰᠤ ᠶ᠋ᠢ ᠵᠡᠰ ᠢ᠋ᠶ᠋ᠡᠷ ᠪᠦᠷᠢᠵᠡᠢ᠃ ᠪᠦᠷᠭᠦᠳ ᠦ᠋ᠨ ᠬᠤᠷᠴᠠ ᠬᠠᠷᠠᠭᠠᠨ ᠳ᠋ᠤ᠌ ᠽᠠᠮᠪᠤᠭᠠᠷᠪᠤ ᠶ᠋ᠢᠨ ᠴᠠᠰᠤᠲᠤ ᠠᠭᠤᠯᠠᠰ᠂ ᠬᠠᠷ᠎ᠠ ᠡᠷᠴᠢᠰ ᠮᠥᠷᠡᠨ᠂ ᠪᠣᠷᠣ ᠴᠣᠩᠵᠢ᠂ ᠬᠣᠨᠢᠨ ᠤᠰᠤᠨ ᠤ᠋ ᠭᠣᠪᠢ᠂ ᠣᠪᠰᠣ ᠨᠠᠭᠤᠷ᠂ ᠤᠢᠭᠤᠷ ᠰᠢᠨᠵᠢᠶᠠᠩ ᠤ᠋ᠨ ᠲᠠᠯ᠎ᠠ ᠨᠤᠲᠤᠭ ᠦᠷᠭᠦᠯᠵᠢᠯᠡᠵᠦ᠂ ᠴᠡᠷᠢᠭ ᠦ᠋ᠨ ᠬᠣᠲᠠ ᠬᠦᠷᠢᠶ᠎ᠡ᠂ ᠰᠢᠪᠡᠷ ᠬᠡᠷᠡᠮ᠂ ᠪᠡᠬᠢᠯᠡᠯᠲᠡ ᠴᠠᠢᠵᠠ᠂ ᠲᠠᠷᠢᠶ᠎ᠠ ᠶ᠋ᠢᠨ ᠲᠠᠯᠠᠪᠠᠢ᠂ ᠮᠣᠷᠢᠲᠤ ᠴᠡᠷᠢᠭ ᠦ᠋ᠳ ᠦ᠋ᠨ ᠪᠠᠢᠯᠳᠤᠭᠠᠨ ᠦᠵᠡᠭᠳᠡᠨ᠎ᠡ᠃
《ᠴᠣᠷᠣᠰ ᠤᠭᠰᠠᠭᠠᠲᠠᠨ ᠡᠭᠦᠰᠪᠡ᠃ ᠴᠣᠷᠣᠰ ᠰᠤᠳᠤᠷ ᠪᠣᠢ ᠪᠣᠯᠪᠠ᠃ ᠴᠢᠩᠭᠢᠰ ᠬᠠᠭᠠᠨ ᠤ᠋ ᠳᠡᠭᠡᠳᠦ ᠢᠵᠠᠭᠤᠷ ᠳᠤᠸᠠ ᠰᠣᠬᠣᠷ ᠡᠴᠡ ᠡᠬᠢᠲᠡᠢ ᠴᠣᠷᠣᠰ ᠴᠢᠰᠤ ᠴᠡᠪᠡᠷ ᠠᠷᠢᠭᠤᠨ ᠬᠡᠪ ᠢ᠋ᠶ᠋ᠡᠷ ᠳᠥᠷᠪᠡᠨ ᠣᠢᠷᠠᠳ ᠤ᠋ᠨ ᠦᠶ᠎ᠡ ᠳ᠋ᠦ᠍ ᠢᠷᠡᠵᠡᠢ ᠁
᠁ ᠮᠢᠨᠦ ᠨᠤᠲᠤᠭ ᠤ᠋ᠨ ᠭᠠᠵᠠᠷ ᠡᠴᠡ ᠪᠤᠷᠬᠠᠨ ᠭᠤᠶᠤᠭᠰᠠᠨ ᠴᠤ᠌ ᠪᠤᠤ ᠥᠭ
ᠰᠡᠳᠬᠢᠯ ᠳ᠋ᠦ᠍ ᠪᠠᠭᠲᠠᠭᠰᠠᠨ ᠪᠥᠭᠡᠰᠦ ᠶᠡᠬᠡ ᠂ ᠪᠠᠭ᠎ᠠ ᠢᠯᠭᠠᠯ ᠦᠭᠡᠢ᠁ ᠭᠡᠮᠡᠨ ᠭᠠᠯᠳᠠᠨ ᠪᠣᠱᠣᠭᠲᠤ ᠬᠠᠭᠠᠨ ᠰᠢᠯᠦᠭᠯᠡᠨ ᠭᠡᠷᠢᠶᠡᠰᠦᠯᠡᠪᠡ》᠃
ᠲᠣᠪᠰᠢᠭᠤᠷ ᠤ᠋ᠨ ᠭᠤᠨᠢᠭᠯᠠᠩᠭᠤᠢ ᠠᠶᠠᠰ ᠭᠡᠭᠡᠯᠵᠡᠨ ᠰᠤᠳᠤᠷ ᠤ᠋ᠨ ᠡᠷᠲᠡᠨ ᠦ᠌ ᠬᠠᠭᠤᠳᠠᠰᠤ ᠨᠢ ᠨᠠᠪᠴᠢ ᠮᠡᠲᠦ ᠰᠡᠷᠴᠢᠭᠢᠨᠡᠨ ᠨᠢᠭᠡ ᠨᠢᠭᠡ ᠪᠡᠷ ᠰᠡᠬᠦᠭᠳᠡᠬᠦ ᠪᠥᠯᠥᠭᠡ᠃ ᠡᠨᠡ ᠪᠣᠯ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠪᠢᠯᠡ᠃

ᠬᠣᠶᠠᠷ

ᠭᠠᠯᠳᠠᠨ ᠨᠡᠢᠲᠡ ᠶ᠋ᠢᠨ ᠣᠨ ᠲᠣᠭᠠᠯᠠᠯ ᠤ᠋ᠨ1644 ᠣᠨ ᠪᠤᠶᠤ ᠮᠣᠩᠭᠣᠯ ᠤ᠋ᠨ ᠣᠨ ᠲᠣᠭᠠᠯᠠᠯ ᠤ᠋ᠨ ᠠᠷᠪᠠᠨ ᠨᠢᠭᠡᠳᠦᠭᠡᠷ ᠵᠢᠷᠠᠨ ᠤ᠋ ᠬᠥᠬᠡ ᠪᠡᠴᠢᠨ ᠵᠢᠯ ᠡᠴᠡ ᠮᠡᠨᠳᠦᠯᠡᠬᠦ ᠳ᠋ᠦ᠍ ᠲᠡᠭᠦᠨ ᠲᠡᠢ ᠴᠣᠭ ᠨᠢᠭᠡᠨ ᠳᠣᠮᠣᠭ ᠡᠬᠢᠯᠡᠵᠡᠢ᠃ ᠬᠠᠷ᠎ᠠ ᠡᠷᠴᠢᠰ ᠮᠥᠷᠡᠨ ᠰᠠᠪᠠᠨ ᠳ᠋ᠠᠭᠠᠨ ᠪᠠᠭᠲᠠᠬᠤ ᠦᠭᠡᠢ ᠰᠥᠩ ᠲᠥᠷᠥᠵᠦ᠂ ᠶᠡᠬᠡ ᠶᠡᠬᠡ ᠤᠰᠤᠨ ᠤ᠋ ᠤᠷᠤᠰᠬᠠᠯ ᠪᠤᠯᠠᠩᠭᠢᠷᠲᠠᠢ ᠴᠥᠭᠥᠷᠥᠮ᠂ ᠨᠤᠭᠤ ᠲᠣᠬᠣᠢ ᠤᠬᠢᠶᠠᠭᠳᠠᠵᠤ᠂ ᠭᠣᠣᠯ ᠤ᠋ᠨ ᠰᠠᠪᠠ ᠳᠠᠭᠤ ᠬᠢ ᠮᠣᠳᠣᠨ ᠤ᠋ ᠦᠨᠳᠦᠰᠦ ᠰᠥᠩ ᠲᠥᠷᠥᠬᠦ ᠴᠢᠮᠡᠭᠡᠨ ᠳ᠋ᠦ᠍ ᠰᠡᠷᠭᠦᠵᠦ ᠪᠠᠢᠭᠰᠠᠨ ᠦᠶ᠎ᠡ ᠳ᠋ᠦ᠍ ᠳᠣᠮᠣᠭ ᠡᠭᠦᠰᠦᠭᠰᠡᠨ ᠭᠡᠨ᠎ᠡ᠃ ᠠᠯᠲᠠᠢ ᠪᠣᠯᠤᠨ ᠲᠩᠷᠢ ᠠᠭᠤᠯᠠ ᠶ᠋ᠢ ᠬᠣᠯᠪᠣᠭᠰᠠᠨ ᠳᠣᠯᠣᠭᠠᠨ ᠥᠩᠭᠡ ᠶ᠋ᠢᠨ ᠰᠣᠯᠣᠩᠭ᠎ᠠ ᠭᠦᠦᠷ ᠮᠡᠲᠦ ᠨᠤᠮᠤᠷᠠᠵᠤ᠂ ᠨᠣᠢᠲᠠᠨ ᠴᠠᠰᠤ ᠲᠦᠮᠡ᠂ ᠪᠤᠮᠠᠨ ᠴᠠᠭᠠᠨ ᠡᠷᠪᠡᠬᠡᠢ ᠠᠳᠠᠯᠢ ᠵᠠᠢ ᠵᠠᠪᠰᠠᠷ ᠦᠭᠡᠢ ᠡᠷᠭᠢᠯᠳᠦᠨ ᠬᠤᠢᠯᠠᠷᠠᠵᠤ ᠠᠬᠤᠢ ᠳ᠋ᠤ᠌ ᠡᠭᠦᠯᠡ᠂ ᠠᠭᠤᠯᠠ ᠬᠣᠶᠠᠷ ᠤ᠋ᠨ ᠬᠣᠭᠣᠷᠣᠨᠳᠣᠭᠤᠷ ᠴᠠᠭᠠᠨ ᠢᠷᠪᠢᠰ ᠴᠠᠬᠢᠯᠠᠨ ᠣᠳᠪᠠ ᠭᠡᠨ᠎ᠡ᠁ ᠴᠠᠭᠠᠨ ᠢᠷᠪᠢᠰ᠁
ᠭᠠᠵᠠᠷ ᠰᠢᠷᠣᠢ ᠴᠠᠩᠭᠠᠭ᠎ᠠ ᠪᠠᠨ ᠲᠠᠢᠯᠵᠤ ᠬᠥᠮᠦᠨ᠂ ᠮᠠᠯ ᠤ᠋ᠨ ᠵᠣ ᠨᠢᠷᠤᠭᠤ ᠲᠡᠨᠢᠢᠵᠦ ᠪᠠᠢᠬᠤ ᠳ᠋ᠤ᠌ ᠬᠠᠲᠤᠨ ᠡᠬᠡ ᠶᠦᠮ ᠠᠭ᠎ᠠ ᠳᠤᠩᠰᠢᠵᠤ ᠬᠥᠪᠡᠭᠦᠨ ᠮᠡᠨᠳᠦᠯᠡᠵᠦ ᠽᠠᠶ᠎ᠠ ᠪᠠᠨᠳᠢᠳᠠ ᠨᠠᠮᠬᠠᠢᠵᠠᠮᠰᠤ ᠶ᠋ᠢᠨ ᠵᠥᠩᠨᠡᠨ ᠬᠡᠯᠡᠭᠰᠡᠨ ᠢ᠋ᠶ᠋ᠡᠷ ᠡᠩᠰᠡ ᠬᠤᠲᠤᠭᠲᠤ ᠶ᠋ᠢᠨ ᠬᠣᠢᠲᠤ ᠳᠦᠷᠢ ᠬᠡᠮᠡᠬᠦ ᠭᠠᠯᠳᠠᠨ ᠢᠷᠪᠢᠰ ᠰᠣᠴᠢᠲᠠᠯ᠎ᠠ ᠴᠢᠷᠠᠯᠠᠭᠰᠠᠨ ᠬᠡᠷᠡᠭ᠃ ᠳᠣᠮᠣᠭ ᠡᠬᠢᠯᠡᠬᠦ ᠰᠢᠯᠲᠠᠭᠠᠨ ᠪᠥᠭᠡᠰᠦ ᠽᠠᠶ᠎ᠠ ᠪᠠᠨᠳᠢᠳᠠ ᠨᠠᠮᠬᠠᠢᠵᠠᠮᠰᠤ ᠭᠡᠭᠡᠨ ᠦ᠌ ᠰᠣᠪᠢᠩᠲᠤ ᠦᠭᠡ ᠪᠥᠭᠡᠳ ᠰᠠᠴᠤᠭᠰᠠᠨ ᠢᠷᠪᠢᠰ ᠬᠣᠲᠠ ᠬᠦᠷᠢᠶᠡᠨ ᠦ᠌ ᠬᠢᠨ ᠦ᠌ ᠨᠢᠳᠦᠨ ᠳ᠋ᠦ᠍ ᠦᠵᠡᠭᠳᠡᠭᠡᠳ ᠠᠭᠤᠯᠠᠰ ᠤ᠋ᠨ ᠳᠡᠭᠡᠭᠦᠷ ᠳᠡᠭᠦᠯᠢᠨ ᠣᠳᠬᠤ ᠳ᠋ᠤ᠌ ᠵᠠᠯᠪᠠᠷᠢᠬᠤ ᠨᠢ ᠵᠠᠯᠪᠠᠷᠢᠵᠤ᠂ ᠰᠥᠭᠥᠳᠬᠦ ᠨᠢ ᠰᠥᠭᠥᠳᠴᠦ ᠢᠷᠦᠭᠡᠯ᠂ ᠬᠠᠷᠢᠶᠠᠯ ᠤᠷᠤᠰᠬᠠᠵᠠᠢ᠃ ᠴᠠᠭᠠᠨ ᠢᠷᠪᠢᠰ ᠭᠠᠯᠳᠠᠨ ᠲᠠᠢ ᠬᠣᠯᠪᠣᠭᠳᠠᠵᠠᠢ᠃
ᠡᠨᠡ ᠳᠣᠮᠣᠭ ᠢ᠋ ᠬᠠᠲᠤᠨ ᠡᠬᠡ ᠨᠢ ᠶᠠᠷᠢᠵᠤ ᠥᠭᠭᠦᠭᠰᠡᠨ ᠶᠤᠮ᠃ ᠳᠣᠮᠣᠭ ᠭᠠᠯᠳᠠᠨ ᠢ᠋ ᠲᠥᠷᠥᠬᠦ ᠡᠴᠡ ᠡᠮᠦᠨ᠎ᠡ ᠡᠭᠦᠰᠴᠦ᠂ ᠲᠡᠭᠦᠨ ᠢ᠋ ᠲᠥᠷᠥᠬᠦ ᠳ᠋ᠦ᠍ ᠣᠪᠣᠭ ᠠᠢᠮᠠᠭ ᠤ᠋ᠨ ᠬᠢᠨ ᠢ᠋ ᠭᠠᠢᠬᠠᠰᠢᠷᠠᠭᠤᠯᠵᠤ᠂ ᠲᠥᠷᠥᠭᠰᠡᠨ ᠦ᠌ ᠳᠠᠷᠠᠭ᠎ᠠ ᠠᠲᠠᠭ᠎ᠠ ᠵᠢᠲᠥᠭᠡ᠂ ᠬᠠᠷ᠎ᠠ ᠬᠣᠣᠷ᠂ ᠪᠠᠶᠠᠷ ᠬᠥᠷ᠂ ᠭᠤᠨᠢᠭ ᠵᠣᠪᠠᠯᠠᠩ ᠳᠠᠭᠠᠭᠤᠯᠵᠠᠢ᠃ ᠬᠡᠳᠦᠢ ᠣᠯᠠᠨ ᠵᠢᠯ ᠳᠣᠮᠣᠭ ᠦᠷᠭᠦᠯᠵᠢᠯᠡᠨ᠎ᠡ ᠪᠣᠢ᠃ ᠳᠥᠷᠪᠡᠨ ᠣᠢᠷᠠᠳ ᠤ᠋ᠨ ᠳᠤᠮᠳᠠ ᠳᠣᠮᠣᠭ ᠬᠡᠳᠦᠢ ᠵᠢᠯ ᠦᠯᠡᠳᠡᠵᠦ ᠬᠣᠴᠣᠷᠬᠤ ᠶ᠋ᠢ ᠲᠡᠮᠳᠡᠭᠯᠡᠨ ᠪᠢᠴᠢᠭᠴᠢ ᠨᠠᠮ᠎ᠠ ᠪᠠᠷ ᠶᠠᠭᠠᠬᠢᠨ ᠭᠠᠳᠠᠷᠯᠠᠨ᠎ᠠ᠃

ᠭᠤᠷᠪᠠ

ᠡᠴᠢᠭᠡ ᠬᠣᠩ ᠲᠠᠢᠵᠢ ᠶ᠋ᠢᠨ ᠶᠡᠬᠡ ᠬᠠᠲᠤᠨ ᠪᠠᠯᠵᠢᠳᠠᠷ᠎ᠠ ᠠᠪᠠᠬᠠᠢ ᠪᠣᠯᠣᠴᠠ ᠨᠢ ᠭᠦᠢᠴᠡᠭᠰᠡᠨ ᠲᠣᠰᠢᠯᠣᠢ ᠰᠢᠭ᠋ ᠤᠯᠠᠭᠠᠨ ᠬᠠᠴᠠᠷ ᠲᠠᠢ᠂ ᠨᠢᠷᠤᠭᠤᠯᠢᠭ᠂ ᠪᠤᠷᠵᠠᠭᠠᠷ ᠬᠠᠷ᠎ᠠ ᠦᠰᠦ ᠬᠠᠴᠠᠷ ᠢ᠋ ᠨᠢ ᠳᠠᠭᠠᠭᠠᠳ ᠤᠨᠵᠢᠢᠵᠤ ᠪᠠᠢᠳᠠᠭ ᠰᠠᠨ᠃ ᠶᠡᠬᠡ ᠬᠠᠲᠤᠨ ᠠᠪᠠᠬᠠᠢ ᠶ᠋ᠢᠨ ᠲᠣᠮᠣ ᠬᠥᠪᠡᠭᠦᠨ ᠴᠡᠴᠡᠨ᠂ ᠪᠠᠭ᠎ᠠ ᠬᠥᠪᠡᠭᠦᠨ ᠵᠣᠳᠪᠠᠪᠠᠭᠠᠲᠤᠷ ᠪᠢᠯᠡ᠃ ᠭᠠᠯᠳᠠᠨ ᠢ᠋ ᠪᠠᠭ᠎ᠠ ᠪᠠᠢᠬᠤ ᠳ᠋ᠤ᠌ ᠲᠡᠳᠡ ᠬᠣᠭᠣᠷᠣᠨᠳᠣ ᠪᠠᠨ ᠨᠢᠭᠡ ᠤᠳᠠᠭ᠎ᠠ ᠵᠣᠳᠣᠯᠳᠤᠵᠤ ᠪᠢᠯᠡ᠃ ᠪᠣᠷᠣᠴᠤᠤᠯ ᠤ᠋ᠨ ᠬᠣᠭᠣᠷᠣᠨᠳᠣ ᠰᠠᠭᠤᠳᠠᠭ ᠨᠠᠷᠭᠢᠯ ᠪᠦᠰᠡᠭᠦᠢ ᠡᠴᠡ ᠪᠣᠯᠵᠤ ᠵᠣᠳᠣᠯᠳᠤᠭᠰᠠᠨ ᠶᠤᠮ ᠳ᠋ᠠᠭ᠃ ᠴᠡᠴᠡᠨ᠂
— ᠴᠢ ᠨᠠᠷᠭᠢᠯ ᠲᠠᠢ ᠤᠨᠲᠠᠭᠰᠠᠨ ᠤᠤ ᠭᠡᠬᠦ ᠳ᠋ᠦ᠍ ᠵᠣᠳᠪᠠᠪᠠᠭᠠᠲᠤᠷ ᠠᠭᠤᠷᠯᠠᠵᠤ᠂
— ᠨᠠᠷᠭᠢᠯ ᠮᠢᠨᠦᠬᠢ ᠪᠣᠯᠤᠭᠰᠠᠨ ᠭᠡᠪᠡ᠃ ᠭᠡᠲᠡᠯ᠎ᠡ ᠴᠡᠴᠡᠨ ᠠᠬ᠎ᠠ ᠨᠢ ᠬᠦᠢᠲᠡᠨ ᠢ᠋ᠶ᠋ᠡᠷ ᠢᠨᠢᠶᠡᠵᠦ᠂
— ᠪᠣᠭᠣᠯ ᠲᠠᠢ ᠪᠠᠨ ᠤᠨᠲᠠᠭᠰᠠᠨ ᠢ᠋ ᠡᠴᠢᠭᠡ ᠬᠣᠩ ᠲᠠᠢᠵᠢ ᠮᠡᠳᠡᠪᠡᠯ ᠴᠢᠨᠦ ᠰᠠᠯᠲᠠᠭᠠᠨ ᠳᠣᠲᠣᠷᠠᠬᠢ ᠶ᠋ᠢ ᠬᠠᠲᠠᠭᠰᠠᠨ ᠴᠢᠪᠠᠭ᠎ᠠ ᠰᠢᠭ᠋ ᠪᠣᠯᠭᠠᠨ᠎ᠠ᠃ ᠴᠢ ᠵᠣᠣᠪᠠ ᠲᠠᠢᠭᠠᠨ ᠤ᠋ ᠲᠥᠮᠥᠰᠥ ᠶ᠋ᠢᠨ ᠤᠭᠤᠲᠠ ᠶᠠᠭᠠᠬᠢᠵᠤ ᠬᠠᠲᠠᠭᠰᠠᠨ ᠢ᠋ ᠬᠠᠷᠠᠭᠰᠠᠨ ᠪᠢᠵᠡ ᠳᠡ᠃ ᠡᠴᠢᠭᠡ ᠪᠢᠳᠡᠨ ᠳ᠋ᠦ᠍ ᠬᠠᠷᠠᠭᠤᠯᠤᠭᠠᠳ《ᠵᠢᠩᠬᠢᠨᠢ ᠲᠠᠢᠭᠠᠨ ᠡᠢᠮᠦ ᠪᠠᠢᠳᠠᠭ ᠶᠤᠮ》 ᠭᠡᠰᠡᠨ ᠰᠢᠦ ᠳᠡ ᠭᠡᠮᠡᠨ ᠵᠣᠳᠪᠠᠪᠠᠭᠠᠲᠤᠷ ᠤ᠋ᠨ ᠰᠢᠷ᠎ᠠ ᠶ᠋ᠢ ᠳᠠᠷᠤᠬᠤ ᠭᠡᠵᠦ ᠵᠢᠳᠬᠦᠪᠡ᠃ ᠵᠣᠳᠪᠠᠪᠠᠭᠠᠲᠤᠷ ᠠᠭᠤᠷ ᠲᠠᠢ ᠲᠤᠯᠠ᠂
— ᠴᠢᠮ᠎ᠠ ᠡᠴᠡ ᠡᠮᠦᠨ᠎ᠡ ᠨᠠᠷᠭᠢᠯ ᠢ᠋ ᠥᠪᠡᠷ ᠦ᠋ᠨ ᠪᠣᠯᠭᠠᠵᠤ ᠵᠤᠭ᠎ᠠ ᠪᠠᠨ ᠭᠠᠷᠭᠠᠭᠰᠠᠨ᠃ ᠬᠣᠢᠰᠢᠳᠠ ᠪᠢ ᠳᠤᠷ᠎ᠠ ᠲᠠᠢ ᠦᠶ᠎ᠡ ᠳ᠋ᠡᠭᠡᠨ ᠲᠡᠭᠦᠨ ᠲᠡᠢ ᠵᠤᠭᠠᠴᠠᠬᠤ ᠪᠣᠯᠤᠨ᠎ᠠ ᠭᠡᠵᠦ ᠥᠳᠥᠭᠡᠪᠡ᠃ ᠴᠡᠴᠡᠨ ᠠᠬ᠎ᠠ ᠨᠢ ᠲᠡᠭᠦᠨ ᠢ᠋ ᠮᠣᠬᠣᠭᠠᠵᠤ᠂
— ᠨᠠᠳᠠ ᠪᠠᠷ ᠳᠡᠮᠵᠢᠵᠦ ᠴᠢᠮ᠎ᠠ ᠳ᠋ᠤ᠌ ᠣᠴᠢᠭᠰᠠᠨ ᠬᠡᠦᠬᠡᠨ ᠢ᠋ ᠣᠩᠭᠣᠨ ᠭᠡᠬᠦ ᠤᠤ? ᠨᠠᠷᠭᠢᠯ ᠤ᠋ᠨ ᠠᠷᠠᠰᠤ ᠳᠡᠩᠳᠡᠭᠦᠦ ᠵᠥᠭᠡᠯᠡᠨ᠃ ᠲᠡᠢᠮᠦ ᠲᠣᠷᠭᠠᠨ ᠪᠡᠶ᠎ᠡ ᠲᠡᠢ ᠬᠡᠦᠬᠡᠨ ᠠᠮᠠᠷᠬᠠᠨ ᠵᠢᠷᠮᠦᠰᠦᠯᠡᠳᠡᠭ ᠶᠤᠮ᠃ ᠤᠳᠠᠬᠤ ᠦᠭᠡᠢ ᠴᠢᠨᠦ ᠬᠡᠦᠬᠡᠳ ᠲᠥᠷᠥᠨ᠎ᠡ᠃ ᠨᠠᠷᠭᠢᠯ ᠡᠴᠡ ᠤᠯᠴᠠᠩ ᠰᠢᠷ᠎ᠠ ᠬᠡᠦᠬᠡᠳ ᠲᠥᠷᠥᠬᠦ ᠪᠡᠷ ᠣᠢᠷᠠᠳ ᠤ᠋ᠳ ᠶᠠᠭᠠᠬᠢᠬᠤ ᠪᠣᠯ᠃ ᠵᠤᠳᠪᠠᠪᠠᠭᠠᠲᠤᠷ ᠪᠠᠢᠨ᠎ᠠ ᠰᠢᠦ ᠳᠡ ᠭᠡᠨ᠎ᠡ᠃ ᠨᠡᠷ᠎ᠡ ᠪᠡᠨ ᠪᠠᠭᠠᠰᠤᠳᠠᠯ᠎ᠠ᠂ ᠮᠢᠨᠦ ᠳᠡᠭᠦᠦ! ᠪᠣᠭᠣᠯ ᠬᠡᠦᠬᠡᠨ ᠡᠴᠡ ᠪᠣᠭᠣᠯ ᠲᠥᠷᠥᠳᠡᠭ᠃ ᠪᠣᠭᠣᠯ ᠲᠠᠢ ᠪᠠᠨ ᠤᠳᠠᠭᠠᠨ ᠨᠥᠬᠥᠴᠡᠬᠦ ᠦᠭᠡᠢ ᠪᠠᠢᠬᠤ ᠶ᠋ᠢ ᠬᠢᠴᠢᠶᠡ ᠭᠡᠯ᠎ᠡ᠃
ᠵᠤᠳᠪᠠᠪᠠᠭᠠᠲᠤᠷ ᠰᠢᠭᠤᠳ ᠴᠡᠴᠡᠨ ᠦ᠌ ᠰᠢᠨᠠ ᠳ᠋ᠤ᠌ ᠨᠢᠳᠤᠷᠭ᠎ᠠ ᠪᠠᠭᠤᠯᠭᠠᠪᠠ᠃ ᠴᠡᠴᠡᠨ ᠠᠬ᠎ᠠ ᠨᠢ ᠦᠰᠦᠷᠴᠦ ᠤᠨᠠᠭᠠᠳ ᠪᠣᠰᠪᠠ᠃ ᠵᠤᠳᠪᠠᠪᠠᠭᠠᠲᠤᠷ ᠠᠬ᠎ᠠ ᠶ᠋ᠢ ᠪᠡᠨ ᠳᠠᠬᠢᠭᠠᠳ ᠴᠣᠬᠢᠵᠤ᠃ ᠤᠨᠠᠭᠠᠪᠠ᠃ ᠴᠡᠴᠡᠨ ᠪᠣᠰᠴᠤ ᠢᠷᠡᠭᠡᠳ᠂
— ᠨᠠᠷᠭᠢᠯ ᠴᠢᠨᠦᠬᠢ ᠪᠣᠯᠤᠭ᠃ ᠪᠢ ᠲᠠᠢᠰᠢ ᠪᠠᠨ ᠵᠢᠳᠬᠦᠬᠦ ᠦᠭᠡᠢ ᠭᠡᠵᠦ ᠠᠮᠠ ᠥᠭᠪᠡ᠃
ᠴᠡᠴᠡᠨ ᠠᠬ᠎ᠠ ᠶ᠋ᠢᠨ ᠬᠢᠨᠢ ᠪᠤᠢᠯᠠ ᠡᠴᠡ ᠴᠢᠰᠤ ᠭᠠᠷᠴᠤ᠂ᠵᠤᠳᠪᠠᠪᠠᠭᠠᠲᠤᠷ ᠤ᠋ᠨ ᠬᠤᠷᠤᠭᠤᠨ ᠤ᠋ ᠦᠶ᠎ᠡ ᠰᠢᠯᠪᠤᠷᠠᠵᠠᠢ᠃ ᠲᠡᠷᠡ ᠨᠠᠷᠭᠢᠯ ᠪᠦᠰᠡᠭᠦᠢ ᠪᠣᠯ ᠲᠣᠮᠣ ᠬᠥᠬᠥ ᠲᠡᠢ᠂ ᠵᠤᠵᠠᠭᠠᠨ ᠤᠷᠤᠭᠤᠯ ᠲᠠᠢ᠂ ᠪᠥᠭᠰᠡ ᠪᠡᠷ ᠢ᠋ᠶ᠋ᠡᠨ ᠬᠣᠯᠪᠤᠯᠵᠢᠨ ᠶᠠᠪᠤᠳᠠᠭ ᠵᠠᠷᠤᠴᠠ ᠪᠠᠢᠭᠰᠠᠨ ᠶᠤᠮ᠃ ᠴᠡᠴᠡᠨ ᠳᠡᠷᠭᠡᠳᠡ ᠪᠡᠨ ᠪᠠᠢᠭᠰᠠᠨ ᠭᠠᠯᠳᠠᠨ ᠢ᠋ ᠭᠡᠨᠡᠳᠲᠡ ᠬᠠᠷᠠᠵᠤ᠂
— ᠭᠠᠯᠳᠠᠨ ᠴᠢ ᠶᠠᠭᠤ ᠬᠢᠵᠦ ᠵᠣᠭᠰᠣᠨ᠎ᠠ ᠭᠡᠪᠡ᠃
— ᠲᠠ ᠬᠣᠶᠠᠷ ᠬᠡᠦᠬᠡᠨ ᠪᠤᠯᠢᠶᠠᠯᠳᠤᠭᠰᠠᠨ ᠪᠤᠰᠤ ᠤᠤ?
— ᠴᠢ ᠶᠠᠭᠠᠬᠢᠵᠤ ᠮᠡᠳᠡᠭᠰᠡᠨ ᠶᠤᠮ ᠤᠤ?
— ᠨᠠᠷᠭᠢᠯ ᠡᠴᠡ ᠪᠣᠯᠵᠤ ᠵᠣᠳᠣᠯᠳᠤᠭᠰᠠᠨ ᠪᠤᠰᠤ ᠤᠤ?
— ᠶᠡᠬᠡ ᠦᠭᠡ ᠲᠡᠢ ᠴᠢᠮᠠᠶ᠋ᠢ ᠠᠯᠠᠭᠠᠳᠠᠴᠢᠬᠠᠬᠤ ᠶᠤᠮᠰᠠᠨ᠃ ᠳᠠᠩᠴᠤ ᠪᠣᠯᠬᠤ ᠦᠭᠡᠢ᠃ ᠡᠴᠢᠭᠡ ᠬᠣᠩ ᠲᠠᠢᠵᠢ ᠶ᠋ᠢᠨ ᠬᠡᠦᠬᠡᠳ ᠦ᠋ᠳ ᠳᠣᠲᠣᠷ᠎ᠠ ᠡᠴᠡ ᠴᠢᠮᠠᠶ᠋ᠢ ᠤᠷᠲᠤ ᠦᠨᠳᠦᠰᠦ ᠲᠡᠢ ᠭᠡᠬᠦ ᠶᠤᠮ ᠪᠢᠯᠡ᠃ ᠳᠤᠷ᠎ᠠ ᠦᠭᠡᠢ ᠬᠦᠷᠭᠡᠭᠡᠳ ᠪᠠᠢᠪᠠᠯ ᠴᠢᠨᠦ ᠦᠨᠳᠦᠰᠦ ᠶ᠋ᠢ ᠲᠠᠰᠤᠯᠤᠨ᠎ᠠ᠃ ᠮᠡᠳᠡᠵᠦ ᠠᠪᠤᠭᠠᠷᠠᠢ᠃
— ᠲᠠᠨ ᠤ᠋ ᠦᠭᠡ ᠶ᠋ᠢ ᠡᠴᠢᠭᠡ ᠬᠠᠭᠠᠨ ᠳ᠋ᠤ᠌ ᠬᠡᠯᠡᠨ᠎ᠡ ᠳᠡ᠃
— ᠭᠠᠯᠳᠠᠨ ᠳᠡᠭᠦᠦ ᠲᠣᠭᠯᠠᠭᠠᠮ ᠳᠠᠭᠠᠭᠠᠬᠤ ᠦᠭᠡᠢ ᠶᠤᠮ ᠠ᠋᠃
— ᠲᠠ ᠲᠣᠬᠣᠭᠤᠷᠬᠠᠭᠰᠠᠨ᠃ ᠪᠢ ᠠᠪᠤ ᠡᠴᠡ ᠠᠰᠠᠭᠤᠨ᠎ᠠ᠃
— ᠶᠠᠭᠤ ᠭᠡᠨ᠎ᠡ ᠁
—  ᠵᠣᠳᠪᠠᠪᠠᠭᠠᠲᠤᠷ ᠠᠬ᠎ᠠ ᠶ᠋ᠢ ᠵᠣᠣᠪᠠ ᠰᠢᠭ᠋ ᠲᠠᠢᠭᠠᠨ ᠪᠣᠯᠭᠠᠨ᠎ᠠ ᠭᠡᠳ ᠪᠠᠢᠭᠰᠠᠨ᠃ ᠨᠠᠮᠠᠶ᠋ᠢ ᠪᠣᠯᠬᠤ ᠪᠠᠷ ᠦᠨᠳᠦᠰᠦ ᠶ᠋ᠢ ᠨᠢ ᠲᠠᠰᠤᠯᠤᠨ᠎ᠠ ᠭᠡᠯ᠎ᠡ᠃ ᠲᠠ ᠶᠠᠭᠠᠬᠢᠭᠰᠠᠨ ᠳᠡᠭᠡᠷᠡᠯᠬᠡᠦ ᠵᠠᠩ ᠲᠠᠢ ᠶᠤᠮ᠃
—  ᠭᠠᠯᠳᠠᠨ ᠳᠡᠭᠦᠦ ᠥᠷᠭᠥᠭᠡ ᠳ᠋ᠡᠭᠡᠨ ᠣᠴᠢ᠃ ᠲᠣᠮᠣᠴᠤᠤᠯ ᠤ᠋ᠨ ᠶᠠᠪᠤᠳᠠᠯ ᠳ᠋ᠤ᠌ ᠪᠤᠤ ᠣᠷᠢᠶᠠᠯᠴᠠ᠃ ᠢᠯᠠᠩᠭᠤᠶ᠎ᠠ ᠬᠡᠦᠬᠡᠨ ᠦ᠌ ᠶᠠᠪᠤᠳᠠᠯ ᠳ᠋ᠤ᠌ ᠣᠷᠢᠶᠠᠴᠠᠯᠳᠤᠬᠤ ᠴᠠᠭ ᠡᠷᠲᠡ ᠪᠠᠢᠨ᠎ᠠ᠃ ᠰᠡᠭᠦᠯ ᠳ᠋ᠦ᠍ ᠶᠠᠭᠤᠮ᠎ᠠ ᠪᠣᠯᠭᠠᠨ ᠢ᠋ ᠮᠡᠳᠡᠨ᠎ᠡ᠃

ᠲᠡᠷᠡ ᠨᠠᠷᠭᠢᠯ ᠬᠡᠦᠬᠡᠨ ᠴᠡᠴᠡᠨ᠂ ᠵᠣᠳᠪᠠᠪᠠᠭᠠᠲᠤᠷ ᠬᠣᠶᠠᠷ ᠲᠠᠢ ᠠᠮᠠᠷᠠᠭᠯᠠᠵᠤ ᠲᠦᠢᠮᠡᠷᠳᠡᠳᠡᠭ ᠪᠠᠢᠵᠠᠢ᠃ ᠨᠠᠷᠭᠢᠯ ᠤ᠋ᠨ ᠡᠬᠡ ᠨᠢ ᠬᠦᠷᠵᠢ ᠶ᠋ᠢᠨ ᠬᠠᠭᠠᠨ ᠤ᠋ ᠲᠠᠲᠠᠪᠤᠷᠢ ᠡᠮ᠎ᠡ ᠪᠠᠢᠭᠰᠠᠨ ᠪᠥᠭᠡᠳ ᠺᠧᠮᠴᠢ ᠭᠡᠭᠴᠢ ᠲᠡᠢ ᠨᠥᠬᠥᠴᠡᠭᠰᠡᠨ ᠲᠤᠯᠠ ᠰᠢᠪᠠᠷ ᠣᠷᠳᠣᠨ ᠡᠴᠡ ᠬᠥᠭᠡᠭᠡᠭᠳᠡᠵᠡᠢ᠃ ᠬᠥᠭᠡᠭᠡᠭᠳᠡᠭᠰᠡᠨ ᠢ᠋ᠶ᠋ᠡᠷ ᠦᠯᠦ ᠪᠠᠷᠠᠮ ᠪᠣᠭᠣᠯ ᠺᠧᠮᠴᠢ ᠬᠣᠶᠠᠭᠤᠯᠠ ᠣᠯᠵᠠᠯᠠᠭᠳᠠᠵᠤ ᠵᠡᠭᠦᠨᠭᠠᠷ ᠤ᠋ᠨ ᠤᠯᠤᠰ ᠲᠤ᠌ ᠢᠷᠡᠭᠡᠳ ᠰᠠᠯᠤᠭᠰᠠᠨ ᠶᠤᠮᠰᠠᠨᠵᠠᠢ᠃

ᠨᠠᠷᠭᠢᠯ ᠬᠡᠦᠬᠡᠨ ᠪᠣᠷᠣᠴᠤᠤᠯ ᠤ᠋ᠨ ᠬᠣᠭᠣᠷᠣᠨᠳᠣ ᠠᠮᠢᠳᠤᠷᠠᠵᠤ᠂ ᠬᠥᠬᠡ ᠲᠣᠭᠣᠰᠬ᠎ᠠ ᠬᠡᠪᠯᠡᠳᠡᠭ ᠰᠢᠪᠠᠷᠴᠢᠨ ᠪᠣᠯᠵᠠᠢ᠃ ᠬᠠᠭᠠᠨ ᠤ᠋ ᠪᠡᠬᠢᠯᠡᠯᠲᠡ ᠪᠠᠷᠢᠬᠤ ᠲᠣᠭᠣᠰᠬ᠎ᠠ ᠶ᠋ᠢᠨ ᠥᠩᠭᠡ ᠵᠢᠰᠦ᠂ ᠴᠢᠨᠠᠷ ᠴᠢᠨᠰᠠᠭ᠎ᠠ ᠶ᠋ᠢ ᠦᠵᠡᠬᠦ ᠪᠡᠷ ᠣᠴᠢᠭᠰᠠᠨ ᠴᠡᠴᠡᠨ᠂ ᠵᠣᠳᠪᠠᠪᠠᠭᠠᠲᠤᠷ ᠬᠣᠶᠠᠭᠤᠯᠠ ᠪᠠᠨ ᠨᠠᠷᠭᠢᠯ ᠤ᠋ᠨ ᠲᠣᠮᠣ ᠬᠥᠬᠥ ᠡᠴᠡ ᠨᠢᠳᠦ ᠰᠠᠯᠭᠠᠯ ᠦᠭᠡᠢ ᠪᠠᠢᠭᠰᠠᠭᠠᠷ ᠡᠭᠡᠯᠵᠢᠯᠡᠨ ᠭᠦᠶᠦᠳᠡᠭ ᠪᠣᠯᠵᠠᠢ᠃ ᠨᠠᠷᠭᠢᠯ ᠤ᠋ᠨ ᠡᠬᠡ ᠦᠬᠦᠵᠦ᠂ ᠪᠣᠭᠣᠯ ᠺᠧᠮᠴᠢ ᠬᠣᠱᠤᠳ ᠣᠪᠣᠭᠲᠠᠨ ᠳ᠋ᠤ᠌ ᠵᠠᠷᠤᠴᠠᠯᠠᠭᠳᠠᠪᠠ᠃

ᠳᠥᠷᠪᠡ

ᠬᠡᠦᠬᠡᠨ ᠪᠤᠯᠢᠶᠠᠯᠳᠤᠵᠤ ᠵᠣᠳᠣᠯᠳᠤᠭᠰᠠᠨ ᠤ᠋ ᠪᠠᠨ ᠳᠠᠷᠠᠭ᠎ᠠ ᠴᠡᠴᠡᠨ᠂ ᠵᠣᠳᠪᠠᠪᠠᠭᠠᠲᠤᠷ ᠬᠣᠶᠠᠷ ᠠᠬ᠎ᠠ ᠳᠡᠭᠦᠦ ᠶ᠋ᠢᠨ ᠲᠠᠩᠭᠠᠷᠢᠭ ᠲᠠᠢ ᠪᠠᠢᠵᠤ ᠭᠠᠯᠳᠠᠨ ᠲᠠᠢ ᠲᠣᠭᠯᠠᠳᠠᠭ ᠪᠣᠯᠪᠠ᠃ ᠨᠠᠷᠭᠢᠯ ᠢ ᠨᠢᠭᠡ ᠤᠳᠠᠭ᠎ᠠ ᠡᠳᠡᠨ ᠦ᠌ ᠬᠦᠷᠢᠶᠡᠨ ᠦ᠌ ᠳᠡᠷᠭᠡᠳᠡᠭᠦᠷ ᠶᠠᠪᠤᠵᠤ ᠪᠠᠢᠬᠤ ᠳ᠋ᠤ᠌ ᠬᠠᠪᠴᠢᠶᠠᠬᠠᠢ ᠨᠤᠮᠤ ᠪᠠᠨ ᠣᠨᠢᠯᠠᠵᠤ ᠰᠤᠮᠤ ᠲᠠᠯᠪᠢᠬᠤ ᠳ᠋ᠤ᠌ ᠲᠡᠭᠦᠨ ᠦ᠌ ᠲᠣᠨᠲᠣᠭᠣᠷ ᠥᠭᠡᠵᠡᠭ ᠢ ᠤᠨᠤᠵᠤ ᠪᠢᠯᠡ᠃ ᠨᠤᠮᠤ ᠪᠠᠨ ᠪᠠᠷᠢᠭᠰᠠᠨ ᠴᠠᠭ ᠲᠠᠭᠠᠨ ᠭᠠᠯᠳᠠᠨ ᠵᠣᠭᠰᠣᠵᠤ ᠪᠠᠢᠬᠤ ᠶ᠋ᠢ ᠬᠠᠷᠠᠭᠠᠳ᠂
—  ᠴᠢᠨᠦ ᠨᠠᠰᠤ ᠪᠣᠯᠤᠭ᠎ᠠ ᠦᠭᠡᠢ᠁ ᠨᠠᠰᠤᠨ ᠳ᠋ᠤ᠌ ᠬᠦᠷᠬᠦ ᠪᠡᠷ ᠠᠬ᠎ᠠ ᠨᠠᠷ ᠰᠢᠭ᠋ ᠢ᠋ᠶ᠋ᠡᠨ ᠬᠤᠢᠬᠠᠯᠠᠭᠤᠯᠤᠨ᠎ᠠ ᠭᠡᠮᠡᠨ ᠨᠠᠷᠭᠢᠯ ᠳᠠᠭᠠᠵᠢᠩᠨᠠᠵᠤ ᠥᠭᠦᠯᠡᠪᠡ᠃ ᠨᠢᠭᠡ ᠮᠡᠳᠡᠬᠦ ᠳ᠋ᠦ᠍ ᠮᠢᠭᠮᠠᠨᠰᠠᠩᠵᠠᠢ ᠳᠡᠷᠭᠡᠳᠡ ᠢᠷᠡᠵᠡᠢ᠃ ᠮᠢᠭᠮᠠᠨᠰᠠᠩᠵᠠᠢ ᠦᠷᠭᠦᠭᠰᠡᠨ ᠵᠡᠭᠡᠷ᠎ᠡ ᠶ᠋ᠢᠨ ᠬᠢ ᠰᠢᠭ ᠨᠢᠳᠦ ᠪᠡᠷ ᠬᠠᠷᠠᠵᠤ᠂
—  ᠬᠠᠨ ᠬᠦᠦ ᠶᠠᠭᠠᠬᠢᠭᠠᠳ ᠡᠮᠡᠭᠲᠡᠢ ᠬᠥᠮᠦᠨ ᠤᠷᠤᠭᠤ ᠰᠤᠮᠤ ᠲᠠᠯᠪᠢᠵᠤ ᠪᠠᠢᠭ᠎ᠠ ᠶᠤᠮ᠃ ᠨᠠᠭᠠᠳᠤ ᠰᠤᠮᠤ ᠪᠠᠨ ᠳᠠᠢᠰᠤᠨ ᠤᠷᠤᠭᠤ ᠪᠠᠨ ᠣᠨᠢᠯᠠᠳᠠᠭ ᠪᠤᠰᠤ ᠤᠤ ᠭᠡᠮᠡᠨ ᠬᠡᠪ ᠨᠢᠭᠡ ᠥᠭᠦᠯᠡᠪᠡ᠃

ᠮᠢᠭᠮᠠᠨᠰᠠᠩᠵᠠᠢ ᠪᠥᠭᠡᠰᠦ ᠡᠴᠢᠭᠡ ᠬᠣᠩ ᠲᠠᠢᠵᠢ ᠶ᠋ᠢᠨ ᠠᠭᠲᠠᠴᠢᠨ ᠪᠠᠢᠭᠠᠳ ᠪᠠᠢᠯᠳᠤᠭᠠᠨ ᠳ᠋ᠤ᠌ ᠭᠠᠪᠢᠶ᠎ᠠ ᠪᠠᠢᠭᠤᠯᠵᠤ ᠵᠠᠩᠵᠤᠨ ᠤ᠋ ᠲᠤᠰᠢᠶᠠᠯ ᠳ᠋ᠤ᠌ ᠳᠠᠪᠰᠢᠭᠰᠠᠨ ᠳᠡᠮᠪᠡᠷᠢᠯ ᠦ᠋ᠨ ᠭᠠᠭᠴᠠ ᠥᠬᠢᠨ ᠪᠢᠯᠡ᠃ ᠮᠢᠭᠮᠠᠨᠰᠠᠩᠵᠠᠢ ᠶ᠋ᠢᠨ ᠠᠬ᠎ᠠ ᠶ᠋ᠢ ᠠᠷᠴᠠ ᠭᠡᠨ᠎ᠡ᠃ ᠠᠷᠴᠠ ᠭᠠᠯᠳᠠᠨ ᠲᠠᠢ ᠴᠣᠭ ᠴᠡᠷᠢᠭ ᠦ᠋ᠨ ᠬᠦᠷᠢᠶᠡᠨ ᠳ᠋ᠦ᠍ ᠰᠤᠮᠤ ᠬᠠᠷᠪᠤᠵᠤ᠂ ᠨᠣᠮ ᠤ᠋ᠨ ᠦᠷᠭᠦᠭᠡᠨ ᠳ᠋ᠦ᠍ ᠦᠰᠦᠭ ᠨᠢᠳᠦᠯᠡᠵᠦ ᠡᠳᠦᠷ ᠢ᠋ ᠥᠩᠭᠡᠷᠡᠭᠡᠬᠦ ᠪᠥᠭᠡᠳ ᠬᠠᠷ᠎ᠠ ᠡᠷᠴᠢᠰ ᠮᠥᠷᠡᠨ ᠦ᠌ ᠭᠦᠨ ᠴᠡᠭᠡᠯ ᠳ᠋ᠦ᠍ ᠰᠡᠯᠢᠳᠡᠭ ᠪᠠᠢᠯ᠎ᠠ᠃ ᠬᠡᠷᠪᠡ ᠰᠡᠩᠭᠡ ᠠᠬ᠎ᠠ ᠨᠢ ᠭᠠᠯᠳᠠᠨ ᠲᠠᠢ ᠴᠣᠭ ᠤᠰᠤᠨ ᠳ᠋ᠤ᠌ ᠰᠡᠯᠢᠬᠦ ᠪᠣᠯ ᠠᠷᠴᠠ ᠭᠡᠷ ᠤᠷᠤᠭᠤ ᠪᠠᠨ ᠣᠳᠤᠨ᠎ᠠ᠃

ᠳᠡᠮᠪᠡᠷᠢᠯ ᠵᠠᠩᠵᠤᠨ ᠤ᠋ ᠡᠬᠡᠨᠡᠷ ᠢ᠋ ᠪᠥᠭᠡᠷ᠎ᠡ ᠭᠡᠳᠡᠭ᠃ ᠪᠥᠭᠡᠷ᠎ᠡ ᠡᠬᠡᠨᠡᠷ ᠴᠡᠴᠡᠭᠲᠦ ᠨᠤᠭᠤ ᠶ᠋ᠢᠨ ᠳᠡᠨᠵᠢ ᠳᠡᠭᠡᠷᠡᠬᠢ ᠭᠡᠷ ᠲᠡᠭᠡᠨ ᠪᠣᠷᠪᠢ ᠪᠣᠬᠢᠰᠬᠢᠬᠤ ᠵᠠᠪ ᠦᠭᠡᠢ ᠮᠠᠯ ᠠᠳᠤᠭᠤᠯᠠᠵᠤ᠂ ᠰᠠᠭᠠᠯᠢ ᠰᠦ ᠬᠤᠷᠢᠶᠠᠨ᠎ᠠ᠃ ᠮᠢᠭᠮᠠᠨᠰᠠᠩᠵᠠᠢ ᠠᠵᠢᠯ ᠳ᠋ᠤ᠌ ᠲᠤᠰᠠᠲᠠᠢ ᠬᠥᠩᠭᠡᠨ ᠰᠢᠩᠭᠡᠨ ᠥᠬᠢᠨ ᠪᠠᠢᠯ᠎ᠠ᠃ ᠴᠣᠷᠣᠰ ᠨᠤᠲᠤᠭ ᠤ᠋ᠨ ᠳᠡᠮᠪᠡᠷᠢᠯ ᠵᠠᠩᠵᠤᠨ ᠠᠪᠠ ᠬᠣᠮᠣᠷᠭ᠎ᠠ᠂ ᠲᠡᠢᠨ ᠳᠣᠯᠣᠭᠠᠨ ᠤ᠋ ᠪᠡᠯᠡᠳᠬᠡᠯ᠂ ᠬᠠᠭᠠᠨ ᠤ᠋ ᠠᠯᠪᠠ᠂ ᠣᠯᠵᠠ ᠶ᠋ᠢᠨ ᠠᠢᠯ ᠬᠦᠷᠰᠢ ᠶ᠋ᠢᠨ ᠨᠡᠭᠦᠳᠡᠯ ᠭᠡᠳ ᠪᠣᠷᠣ ᠬᠣᠨᠣᠭ ᠲᠠᠭᠠᠨ ᠭᠡᠷ ᠦ᠋ᠨ ᠪᠠᠷ᠎ᠠ ᠬᠠᠷᠠᠳᠠᠭ ᠦᠭᠡᠢ᠃ ᠵᠠᠷᠢᠮ ᠳ᠋ᠠᠭᠠᠨ ᠰᠠᠷ᠎ᠠ᠂ ᠵᠢᠯ ᠢ᠋ᠶ᠋ᠡᠷ ᠣᠳᠴᠤ ᠳᠡᠮᠪᠡᠷᠢᠯ ᠦ᠋ᠨ ᠭᠡᠷ ᠣᠷᠣᠨ ᠢ᠋ ᠪᠥᠭᠡᠷ᠎ᠡ ᠡᠬᠡᠨᠡᠷ ᠨᠢᠷᠤᠭᠤᠨ ᠳ᠋ᠠᠭᠠᠨ ᠡᠭᠦᠷᠦᠨ᠎ᠡ᠃

ᠭᠠᠯᠳᠠᠨ ᠲᠡᠷᠡ ᠡᠳᠦᠷ ᠮᠢᠭᠮᠠᠨᠰᠠᠩᠵᠠᠢ ᠳ᠋ᠤ᠌᠂
— ᠬᠣᠶᠠᠭᠤᠯᠠ ᠪᠠᠨ ᠨᠢᠯ ᠶᠠᠭᠠᠨ ᠴᠡᠴᠡᠭ ᠲᠡᠭᠦᠵᠦ᠂ ᠢᠷᠪᠢᠰ ᠢ᠋ ᠤᠨᠲᠠᠭᠤᠯᠬᠤ ᠤᠤ ᠭᠡᠪᠡ᠃ ᠥᠬᠢᠨ ᠲᠡᠭᠦᠨ ᠢ᠋ ᠬᠦᠨᠳᠦᠳᠬᠡᠵᠦ᠂
— ᠬᠠᠨ ᠬᠦᠦ ᠲᠠ ᠢᠷᠪᠢᠰ ᠲᠡᠢ ᠶᠠᠭᠤᠨ ᠳ᠋ᠤ᠌ ᠲᠣᠭᠯᠠᠨ᠎ᠠ ᠭᠡᠯ᠎ᠡ᠃
— ᠢᠷᠪᠢᠰ ᠦ᠋ᠨ ᠰᠢᠲᠦ ᠶ᠋ᠢ ᠲᠣᠭᠠᠯᠠᠵᠤ᠂ ᠬᠡᠳᠦᠨ ᠰᠣᠶᠣᠭ᠎ᠠ ᠲᠠᠢ ᠶ᠋ᠢ ᠮᠠᠲᠠᠮᠠᠷ ᠪᠠᠢᠨ᠎ᠠ ᠭᠡᠵᠦ ᠭᠠᠯᠳᠠᠨ ᠬᠡᠯᠡᠪᠡ᠃
— ᠢᠷᠪᠢᠰ ᠲᠠᠨ ᠤ᠋ ᠭᠠᠷ ᠢ᠋ ᠲᠠᠰᠤ ᠬᠠᠵᠠᠪᠠᠯ ᠭᠠᠷ ᠦᠭᠡᠢ ᠪᠣᠯᠤᠨ᠎ᠠ᠃ ᠨᠢᠯ ᠶᠠᠭᠠᠨ ᠴᠡᠴᠡᠭ ᠦᠨᠦᠷᠲᠦᠭᠰᠡᠨ ᠢᠷᠪᠢᠰ ᠤᠨᠲᠠᠬᠤ ᠦᠭᠡᠢ ᠪᠣᠯ ᠬᠠᠨ ᠬᠦᠦ ᠲᠠ ᠰᠣᠶᠣᠭ᠎ᠠ ᠶ᠋ᠢ ᠨᠢ ᠪᠢᠲᠡᠭᠡᠢ ᠲᠣᠭᠠᠯᠠᠭᠠᠷᠠᠢ᠃ ᠢᠷᠪᠢᠰ ᠦ᠋ᠨ ᠰᠣᠶᠣᠭ᠎ᠠ ᠵᠣᠳᠪᠠ ᠲᠠᠢᠭᠠᠨ ᠤ᠋ ᠴᠢᠴᠢᠯᠡᠭᠦᠷ ᠬᠢᠲᠤᠭ᠎ᠠ ᠭᠡᠰᠡᠨ ᠦᠭᠡ ᠭᠡᠮᠡᠨ ᠭᠠᠯᠳᠠᠨ ᠢ᠋ ᠥᠮᠥᠭᠡᠷᠡᠨ ᠮᠡᠭᠮᠠᠨᠰᠠᠩᠵᠠᠢ ᠨᠢᠳᠦ ᠪᠡᠨ ᠲᠣᠷᠮᠣᠯᠵᠠᠭᠤᠯᠪᠠ᠃

ᠲᠠᠪᠤ

ᠭᠠᠯᠳᠠᠨ ᠤ᠋ ᠡᠴᠢᠭᠡ ᠡᠷᠳᠡᠨᠢᠪᠠᠭᠠᠲᠤᠷ ᠬᠣᠩ ᠲᠠᠢᠵᠢ ᠲᠥᠪᠡᠳ ᠣᠷᠣᠨ᠎ᠠ ᠰᠢᠷ᠎ᠠ ᠶ᠋ᠢᠨ ᠱᠠᠰᠢᠨ ᠤ᠋ ᠤᠷᠤᠰᠬᠠᠯ ᠦᠯᠦ ᠲᠠᠰᠤᠷᠠᠬᠤ ᠶ᠋ᠢᠨ ᠲᠥᠯᠥᠭᠡᠨ᠎ᠡ ᠤᠯᠠᠭᠠᠨ ᠤ᠋ ᠤᠷᠤᠰᠬᠠᠯ ᠤ᠋ᠨ ᠡᠰᠡᠷᠭᠦ ᠳᠠᠢᠳᠤᠵᠤ᠂ ᠲᠡᠢᠨ ᠳ᠋ᠦ᠍ ᠢᠯᠠᠵᠤ ᠳᠠᠯᠠᠢ ᠯᠠᠮᠠ ᠠ᠋ᠴᠠ ᠨᠡᠷ᠎ᠡ ᠲᠥᠷᠥ ᠶ᠋ᠢᠨ ᠱᠠᠩ ᠬᠠᠷᠠᠮᠵᠢ ᠬᠦᠷᠲᠡᠭᠰᠡᠨ ᠬᠥᠮᠦᠨ ᠪᠢᠯᠡ᠃ ᠲᠥᠪᠡᠳ ᠭᠠᠵᠠᠷ ᠭᠦᠦᠰᠢ ᠬᠠᠭᠠᠨ ᠲᠦᠷᠦᠪᠠᠢᠬᠤ ᠴᠡᠷᠢᠭ ᠦ᠋ᠳ ᠪᠣᠯᠤᠨ ᠳᠠᠭᠠᠭᠤᠯᠢ ᠠᠢᠯ ᠤ᠋ᠳ᠂ ᠮᠠᠯ ᠠᠬᠤᠢ ᠲᠠᠢ ᠪᠠᠨ ᠦᠯᠡᠳᠡᠵᠦ ᠡᠴᠢᠭᠡ ᠬᠣᠩ ᠲᠠᠢᠵᠢ ᠬᠠᠷ᠎ᠠ ᠡᠷᠴᠢᠰ ᠮᠥᠷᠡᠨ ᠳ᠋ᠡᠭᠡᠨ ᠡᠷᠭᠢᠵᠦ ᠢᠷᠡᠵᠡᠢ᠃ ᠲᠡᠷᠡ ᠴᠠᠭ ᠠ᠋ᠴᠠ ᠵᠡᠭᠦᠨᠭᠠᠷ ᠤ᠋ᠨ ᠬᠠᠭᠠᠨᠲᠤ ᠤᠯᠤᠰ ᠤ᠋ᠨ ᠭᠠᠯ ᠭᠣᠯᠣᠮᠲᠠ ᠶ᠋ᠢᠨ ᠴᠤᠴᠠᠯᠢ ᠠᠰᠠᠵᠤ᠂ ᠬᠢᠯᠢ ᠬᠢᠵᠠᠭᠠᠷ ᠢ᠋ᠶ᠋ᠠᠨ ᠲᠣᠭᠲᠠᠭᠠᠵᠤ ᠪᠠᠷᠠᠭᠠᠳ᠂ ᠵᠡᠭᠦᠨ᠂ ᠬᠣᠢᠰᠢ᠂ ᠤᠷᠤᠭᠰᠢ ᠪᠠᠨ ᠬᠠᠶᠠᠭ᠎ᠠ ᠬᠠᠲᠠᠪᠴᠢ ᠪᠠᠨ ᠲᠡᠯᠡᠵᠦ ᠪᠠᠢᠯ᠎ᠠ᠃ ᠡᠴᠢᠭᠡ ᠬᠣᠩ ᠲᠠᠢᠵᠢ ᠠ᠋ᠴᠠ ᠡᠮᠦᠨ᠎ᠡ ᠣᠢᠷᠠᠳ ᠤ᠋ᠳ ᠳᠥᠷᠪᠡ ᠪᠤᠰᠤ ᠨᠠᠢ᠍ᠮᠠ ᠪᠠᠢᠭᠰᠠᠨ ᠭᠡᠨ᠎ᠡ᠃ ᠡᠴᠢᠭᠡ ᠬᠣᠩ ᠲᠠᠢᠵᠢ ᠶ᠋ᠢᠨ ᠦᠶ᠎ᠡ ᠮᠤᠯᠲᠤᠷᠠᠵᠤ ᠭᠠᠯᠳᠠᠨ ᠤ᠋ ᠦᠶ᠎ᠡ ᠡᠬᠢᠯᠡᠭᠰᠡᠨ ᠨᠢ ᠣᠢᠷᠠᠳ ᠣᠪᠣᠭ ᠤ᠋ᠨ ᠬᠢᠨ ᠦ᠌ ᠬᠤᠪᠢ ᠳ᠋ᠤ᠌ ᠶᠡᠬᠡ ᠵᠠᠪᠰᠠᠷᠯᠠᠭ᠎ᠠ ᠪᠢᠯᠡ᠃
ᠲᠦᠷᠦᠭᠦᠴᠢ ᠶ᠋ᠢᠨ ᠨᠠᠢ᠍ᠮᠠᠨ ᠣᠢᠷᠠᠳ ᠤ᠋ᠨ ᠤᠯᠠ ᠮᠥᠷ ᠪᠠᠯᠠᠷᠠᠭ᠎ᠠ ᠦᠭᠡᠢ ᠪᠣᠯᠠᠢ᠃
ᠬᠣᠢᠳ᠂ ᠪᠠᠭᠠᠲᠤᠳ ᠪᠠᠷᠭᠤ᠂ ᠪᠤᠷᠢᠶᠠᠳ ᠥᠭᠡᠯᠡᠳ᠂ ᠳᠥᠷᠪᠡᠳ ᠬᠣᠱᠤᠳ᠂ ᠲᠣᠷᠭᠤᠳ ᠪᠥᠯᠥᠭᠡ᠃
ᠪᠠᠷᠭᠤ᠂ ᠪᠤᠷᠢᠶᠠᠳ ᠬᠣᠶᠠᠷ ᠨᠢ ᠬᠠᠯᠬ᠎ᠠ ᠪᠠᠷ ᠳᠡᠮᠵᠢᠵᠦ ᠣᠷᠣᠰ ᠲᠤ᠌ ᠣᠴᠢᠭᠠᠳ᠂ ᠪᠤᠷᠢᠶᠠᠳ ᠤ᠋ᠳ ᠨᠢ ᠪᠠᠢᠭᠠᠯ ᠳᠠᠯᠠᠢ ᠶ᠋ᠢᠨ ᠣᠷᠴᠢᠮ ᠰᠢᠩᠭᠡᠭᠡᠳ᠂ ᠪᠠᠷᠭᠤ ᠨᠢ ᠬᠥᠯᠥᠨ ᠪᠤᠢᠷ ᠲᠤ᠌ ᠨᠤᠲᠤᠭᠰᠢᠭᠰᠠᠨ ᠠᠵᠤᠭᠤ᠃ ᠬᠠᠷᠢᠨ ᠪᠠᠭᠠᠲᠤᠳ ᠤ᠋ᠨ ᠣᠯᠠᠩᠬᠢ ᠨᠢ ᠵᠡᠭᠦᠨ ᠮᠣᠩᠭᠣᠯ᠂ ᠬᠣᠱᠤᠳ ᠲᠦᠮᠡᠨ ᠦ᠌ ᠳᠤᠮᠳᠠ ᠠᠭᠤᠰᠴᠠᠢ᠃ ᠬᠣᠢᠳ ᠤ᠋ᠳ ᠨᠢ ᠬᠣᠲᠣᠭᠣᠢᠳ ᠪᠣᠯᠵᠠᠢ᠃ ᠶᠡᠬᠡᠩᠬᠢ ᠨᠢ ᠨᠠᠢ᠍ᠮᠠᠨ ᠠᠢᠮᠠᠭ ᠲᠤ᠌ ᠨᠡᠢᠯᠡᠭᠰᠡᠨ ᠪᠥᠯᠥᠭᠡ᠃ ᠨᠠᠢ᠍ᠮᠠᠨ ᠠᠢᠮᠠᠭ ᠪᠣᠯᠪᠠᠰᠤ ᠺᠢᠷᠭᠢᠽ ᠶᠤᠮ᠃

ᠭᠠᠯᠳᠠᠨ ᠤ᠋ ᠦᠶ᠎ᠡ ᠶ᠋ᠢᠨ ᠳᠥᠷᠪᠡᠨ ᠣᠢᠷᠠᠳ ᠤ᠋ᠨ ᠳᠥᠷᠪᠡᠳ᠂ ᠬᠣᠱᠤᠳ᠂ᠲᠣᠷᠭᠤᠳ᠂ ᠥᠭᠡᠯᠡᠳ ( ᠴᠣᠷᠣᠰ) ᠪᠢᠯᠡ᠃ ᠴᠠᠭᠠᠰᠢᠳᠠ ᠲᠤᠯᠭ᠎ᠠ ᠶ᠋ᠢᠨ ᠳᠥᠷᠪᠡᠨ ᠲᠣᠲᠣᠭᠣ ᠮᠢᠨᠢ ᠡᠨᠡ ᠶᠤᠮᠰᠠᠨ᠃ ᠳᠥᠷᠪᠡᠨ ᠣᠢᠷᠠᠳ ᠤ᠋ᠨ ᠬᠣᠶᠠᠷ ᠬᠥᠯ ᠨᠢ ᠭᠠᠯᠳᠠᠨ ᠤ᠋ ᠬᠣᠶᠠᠷ ᠬᠥᠯ᠂ ᠬᠣᠶᠠᠷ ᠭᠠᠷ ᠨᠢ ᠭᠠᠯᠳᠠᠨ ᠤ᠋ ᠬᠣᠶᠠᠷ ᠭᠠᠷ ᠰᠢᠦ ᠳᠡ᠃ ᠳᠥᠷᠪᠡᠨ ᠮᠥᠴᠢ ᠨᠢ ᠳᠥᠷᠪᠡᠨ ᠣᠢᠷᠠᠳ ᠪᠢᠯᠡ᠃ ᠣᠢᠷᠠᠳ ᠶᠠᠰᠤᠨ ᠤ᠋ ᠴᠣᠷᠣᠰ ᠣᠪᠣᠭᠲᠠᠨ ᠳ᠋ᠤ᠌ ᠵᠤᠵᠠᠭᠠᠨ ᠲᠡᠦᠬᠡ ᠲᠡᠢ᠃ ᠲᠡᠷᠡ ᠲᠡᠦᠬᠡ ᠠᠭᠤᠯᠠᠨ ᠳ᠋ᠤ᠌ ᠪᠣᠢ᠃ ᠲᠡᠷᠡ ᠣᠪᠣᠭ ᠤᠭᠰᠠᠭᠠᠲᠠᠨ ᠤᠢᠭᠤᠷ ᠰᠢᠨᠵᠢᠶᠠᠩ ᠪᠣᠯᠤᠨ ᠠᠯᠲᠠᠢ ᠶ᠋ᠢᠨ ᠬᠢᠵᠠᠭᠠᠷ᠂ ᠪᠠᠷᠠᠭᠤᠨ ᠮᠣᠩᠭᠣᠯ ᠳ᠋ᠤ᠌ ᠪᠣᠢ᠃ ᠳᠠᠶᠠᠩ ᠳᠡᠯᠡᠬᠡᠢ ᠳ᠋ᠦ᠍ ᠳᠥᠷᠪᠡᠨ ᠣᠢᠷᠠᠳ ᠤ᠋ᠨ ᠨᠡᠷ᠎ᠡ᠂ ᠮᠥᠷ ᠦᠯᠡᠳᠡᠵᠡᠢ᠃

ᠵᠢᠷᠭᠤᠭ᠎ᠠ

— ᠴᠣᠷᠣᠰ ᠣᠪᠣᠭᠲᠠᠨ ᠢ᠋ ᠣᠢᠷᠠᠳ ᠭᠡᠨ᠎ᠡ᠃ ᠣᠢᠷᠠᠳ ᠤᠭᠰᠠᠭᠠᠲᠠᠨ ᠢ᠋ ᠴᠣᠷᠣᠰ ᠭᠡᠨ᠎ᠡ᠃ ᠣᠢᠷᠠᠳ᠂ ᠴᠣᠷᠣᠰ ᠬᠣᠶᠠᠷ ᠨᠢᠭᠡ ᠶᠠᠭᠤᠮ᠎ᠠ᠃ ᠶᠠᠰᠤᠨ ᠤ᠋ ᠬᠢᠨᠢ ᠬᠡᠯᠲᠡᠷᠬᠡᠢ ᠢᠵᠢᠯᠢᠬᠡᠨ ᠶᠤᠮ᠃ ᠭᠠᠭᠴᠠ ᠡᠨᠡ ᠬᠦ᠌ ᠶᠠᠰᠤᠨ ᠤ᠋ ᠬᠡᠯᠲᠡᠷᠬᠡᠢ ᠪᠣᠯᠪᠠᠰᠤ ᠴᠢᠩᠭᠢᠰ ᠬᠠᠭᠠᠨ ᠤ᠋ ᠬᠤᠯᠤᠨᠴᠠ ᠡᠪᠦᠭᠡ ᠳᠤᠸᠠ ᠰᠣᠬᠣᠷ ᠡᠴᠡ ᠡᠬᠢᠲᠡᠢ᠃

ᠳᠤᠸᠠ ᠰᠣᠬᠣᠷ ᠤ᠋ᠨ ᠮᠡᠯᠮᠡᠢ᠂ ᠮᠥᠴᠢ ᠮᠡᠩᠭᠡ᠂ ᠭᠠᠷ᠂ ᠬᠥᠯ ᠬᠣᠯᠠᠬᠢ ᠲᠠᠢᠳ ᠤ᠋ᠨ ᠦᠶ᠎ᠡ ᠳ᠋ᠦ᠍ ᠠᠮᠢᠳᠤᠷᠠᠬᠤ ᠭᠠᠯᠳᠠᠨ ᠤᠷᠤᠭᠤ ᠢᠯᠡᠭᠡᠭᠳᠡᠵᠦ ᠰᠤᠳᠠᠰᠤ ᠪᠠᠷ ᠨᠢ ᠲᠡᠭᠦᠨ ᠦ᠌ ᠴᠢᠰᠤ᠂ ᠵᠢᠷᠦᠬᠡ ᠶ᠋ᠢ ᠲᠡᠵᠢᠭᠡᠨ ᠤᠷᠤᠰᠴᠤ᠂ ᠨᠤᠭᠤᠰᠤ ᠪᠠᠷ ᠨᠢ ᠲᠡᠭᠦᠨ ᠦ᠌ ᠤᠬᠠᠭᠠᠨ᠂ ᠲᠠᠷᠢᠬᠢ ᠶ᠋ᠢ ᠠᠮᠢᠯᠠᠭᠤᠯᠵᠤ ᠭᠠᠯᠳᠠᠨ ᠢ᠋ ᠪᠦᠷᠢᠯᠳᠦᠭᠦᠯᠦᠭᠰᠡᠨ ᠪᠢᠯᠡ᠃ ᠴᠢᠩᠭᠢᠰ ᠬᠠᠭᠠᠨ ᠤ᠋ ᠳᠡᠭᠡᠳᠦ ᠡᠪᠦᠭᠡ ᠳᠤᠸᠠ ᠰᠣᠬᠣᠷ ᠳᠥᠷᠪᠡᠨ ᠬᠦᠦ ᠲᠡᠢ ᠪᠠᠢᠯ᠎ᠠ᠃ ᠳᠥᠷᠪᠡᠨ ᠬᠥᠪᠡᠭᠦᠨ ᠦ᠌ ᠤᠳᠤᠮ ᠤᠭᠰᠠᠭ᠎ᠠ ᠨᠢ ᠰᠠᠯᠪᠤᠷᠢᠯᠠᠨ ᠥᠭᠡᠷ᠎ᠡ ᠥᠭᠡᠷ᠎ᠡ ᠣᠪᠣᠭᠲᠠᠨ ᠪᠣᠯᠤᠭᠰᠠᠨ ᠪᠥᠭᠡᠳ ᠬᠤᠤᠬᠠᠢ ᠳᠠᠶᠤᠤ ᠨᠢ ᠴᠣᠷᠣᠰ ᠣᠪᠣᠭᠲᠠᠨ ᠤ᠋ ᠤᠳᠤᠮ ᠪᠥᠯᠥᠭᠡ᠃

ᠬᠤᠤᠬᠠᠢ ᠶ᠋ᠢᠨ ᠬᠥᠪᠡᠭᠦᠨ ᠢ᠋ ᠪᠠᠲᠤᠯᠠ ᠴᠢᠩᠰᠠᠩ ᠭᠡᠨ᠎ᠡ᠃ ᠪᠠᠲᠤᠯᠠ ᠴᠢᠩᠰᠠᠩ ᠤ᠋ᠨ ᠬᠥᠪᠡᠭᠦᠨ ᠢ᠋ ᠲᠣᠭᠣᠨ ᠲᠠᠢᠱ᠌ᠢ ᠭᠡᠨ᠎ᠡ᠃ ᠲᠣᠭᠣᠨ ᠲᠠᠢᠱ᠌ᠢ ᠶ᠋ᠢᠨ ᠬᠥᠪᠡᠭᠦᠨ ᠪᠣᠯ ᠡᠰᠡᠨ ᠲᠠᠢᠱ᠌ᠢ  ᠶᠤᠮ᠃ ᠡᠰᠡᠨ ᠲᠠᠢᠰᠢ ᠶ᠋ᠢᠨ ᠬᠥᠪᠡᠭᠦᠨ ᠪᠣᠯ ᠠᠷᠠᠬᠠᠨ ᠲᠠᠢᠰᠢ ᠪᠢᠯᠡ᠃ ᠠᠷᠠᠬᠠᠨ ᠲᠡᠢᠰᠢ ᠶ᠋ᠢᠨ ᠬᠥᠪᠡᠭᠦᠨ ᠣᠩᠭᠣᠨ ᠪᠥᠯᠥᠭᠡ᠃ ᠣᠩᠭᠣᠨ ᠤ᠋ ᠬᠥᠪᠡᠭᠦᠨ ᠠᠷᠪᠢᠳ ᠪᠤᠯᠠ ᠲᠡᠢᠰᠢ ᠶᠤᠮ᠃ ᠠᠷᠪᠢᠳ ᠪᠤᠯᠠ ᠲᠡᠢᠰᠢ ᠶ᠋ᠢᠨ ᠬᠥᠪᠡᠭᠦᠨ ᠬᠠᠷᠠᠬᠤᠯᠠ ᠨᠣᠶᠠᠨ ᠪᠥᠯᠥᠭᠡ᠃ ᠬᠠᠷᠠᠬᠤᠯᠠ ᠨᠣᠶᠠᠨ ᠤ᠋ ᠬᠥᠪᠡᠭᠦᠨ ᠭᠠᠯᠳᠠᠨ ᠤ᠋ ᠡᠴᠢᠭᠡ ᠡᠷᠳᠡᠨᠢᠪᠠᠭᠠᠲᠤᠷ ᠬᠣᠩ ᠲᠠᠢᠵᠢ ᠮᠥᠨ᠃

ᠲᠡᠳᠡᠨ ᠦ᠌ ᠤᠳᠤᠮ ᠪᠣᠯ ᠳᠡᠭᠡᠳᠦ ᠲᠡᠭᠷᠢ ᠶ᠋ᠢᠨ ᠲᠠᠮᠠᠭ᠎ᠠ ᠲᠠᠢ᠂ ᠬᠥᠬᠡ ᠮᠣᠩᠭᠣᠯ ᠲᠣᠯᠪᠣ ᠲᠠᠢ᠂ ᠵᠢᠷᠦᠬᠡ ᠲᠠᠷᠢᠬᠢ ᠬᠣᠶᠠᠷ ᠲᠠᠭᠠᠨ ᠣᠮᠣᠭ ᠲᠠᠢ᠂ ᠮᠣᠷᠢᠨ ᠳᠡᠭᠡᠷ᠎ᠡ ᠥᠰᠴᠦ᠂ ᠴᠢᠯᠠᠭᠤᠨ ᠳᠡᠭᠡᠷ᠎ᠡ ᠤᠨᠲᠠᠳᠠᠭ ᠬᠥᠮᠦᠰ ᠪᠢᠯᠡ᠃ ᠮᠠᠰᠢ ᠲᠣᠪᠴᠢᠬᠠᠨ ᠪᠢᠴᠢᠬᠦ ᠳ᠋ᠦ᠍ ᠶᠡᠬᠡ ᠮᠣᠩᠭᠣᠯᠴᠤᠳ᠃ ᠶᠡᠬᠡ ᠮᠣᠩᠭᠣᠯᠴᠤᠳ ᠢ ᠳᠥᠷᠪᠡᠨ ᠵᠠᠭᠤᠨ ᠵᠢᠯ ᠦ᠋ᠨ ᠲᠤᠷᠰᠢ ᠡᠷᠢᠵᠦ ᠶᠠᠪᠤᠭ᠎ᠠ ᠮᠣᠩᠭᠣᠯ ᠬᠥᠮᠦᠨ—  ᠣᠢᠷᠠᠳ ᠭᠡᠨ᠎ᠡ᠃ ᠬᠥᠬᠡ ᠴᠢᠨᠣ᠎ᠠ—  ᠣᠢᠷᠠᠳ ᠭᠡᠨ᠎ᠡ᠁

ᠳᠣᠯᠣᠭ᠎ᠠ

—  ᠡᠷᠳᠡᠨᠢᠪᠠᠭᠠᠲᠤᠷ ᠬᠣᠩ ᠲᠠᠢᠵᠢ ᠶ᠋ᠢᠨ ᠵᠢᠷᠭᠤᠳᠤᠭᠠᠷ ᠬᠠᠲᠤᠨ ᠶᠤᠮ ᠠᠭ᠎ᠠ ᠪᠣᠯ ᠭᠠᠯᠳᠠᠨ ᠤ᠋ ᠡᠬᠡ ᠪᠢᠯᠡ᠃ ᠦᠯᠢᠭᠡᠷᠴᠢ ᠡᠬᠡ ᠨᠢ ᠲᠡᠭᠦᠨ ᠳ᠋ᠦ᠍ ᠦᠳᠡᠰᠢ ᠪᠦᠷᠢ ᠳᠣᠮᠣᠭ ᠬᠦᠦᠷᠨᠢᠨ ᠥᠰᠬᠡᠭᠰᠡᠨ ᠨᠢ ᠡᠳᠦᠭᠡ ᠲᠤᠤᠯᠢᠰ ᠲᠡᠮᠳᠡᠭᠯᠡᠬᠦ ᠶ᠋ᠢᠨ ᠡᠬᠢᠯᠡᠯ ᠪᠣᠯᠤᠭᠰᠠᠨ ᠶᠤᠮ᠃ ᠲᠤᠤᠯᠢᠴᠢ ᠡᠪᠦᠭᠡᠳ ᠦ᠋ᠨ ᠤᠷᠠᠨ ᠬᠤᠷᠤᠭᠤ ᠲᠣᠪᠰᠢᠭᠤᠷ ᠤ᠋ᠨ ᠤᠲᠠᠰᠤ ᠳᠡᠭᠡᠭᠦᠷ ᠵᠥᠭᠡᠯᠡᠨ ᠤᠷᠤᠰᠬᠤ ᠳ᠋ᠤ᠌ ᠠᠯᠲᠠᠢ ᠶ᠋ᠢᠨ ᠴᠠᠰᠤᠲᠤ ᠣᠷᠭᠢᠯ ᠳ᠋ᠤ᠌ ᠪᠦᠷᠭᠦᠳ ᠬᠠᠪᠰᠢᠵᠤ᠂ ᠠᠭᠤᠯᠠ ᠶ᠋ᠢᠨ ᠭᠣᠣᠯ ᠤ᠋ᠨ ᠪᠣᠷᠭᠢᠶ᠎ᠠ ᠨᠢᠭᠡᠨ ᠭᠡᠮ ᠢ᠋ᠶ᠋ᠡᠷ ᠦᠶᠡᠯᠵᠡᠨ ᠤᠢᠳᠬᠠᠷ ᠲᠥᠷᠥᠵᠦ ᠲᠡᠢᠨ ᠳ᠋ᠦ᠍ ᠦᠷᠡᠭᠳᠡᠭᠰᠡᠳ ᠢ ᠳᠤᠷᠠᠰᠴᠤ ᠦᠷᠴᠢᠭᠢᠷ ᠡᠮᠡᠭᠡᠳ ᠨᠢᠯᠪᠤᠰᠤ ᠤᠨᠠᠭᠠᠨ᠎ᠠ᠃

ᠡᠬᠡ ᠶ᠋ᠢᠨ ᠨᠤᠲᠤᠭ ᠤᠰᠤ ᠬᠣᠯᠠ᠂ ᠡᠴᠢᠭᠡ ᠡᠬᠡ ᠠᠯᠤᠰ ᠰᠠᠭᠤᠬᠤ ᠲᠤᠯᠠ ᠲᠤᠤᠯᠢ ᠬᠠᠢᠯᠠᠬᠤ ᠶ᠋ᠢ ᠰᠣᠨᠣᠰᠴᠤ ᠰᠡᠳᠬᠢᠯ ᠢ᠋ᠶ᠋ᠡᠨ ᠳᠡᠪᠲᠦᠭᠡᠳᠡᠭ ᠪᠠᠢᠵᠠᠢ᠃ ᠦᠳᠡᠰᠢ ᠶ᠋ᠢᠨ ᠭᠢᠯᠠᠭᠠᠨ ᠲᠩᠷᠢ ᠳ᠋ᠦ᠍ ᠭᠢᠯᠠᠯᠵᠠᠵᠤ ᠣᠳᠣ ᠵᠢᠭᠰᠠᠬᠤ ᠳ᠋ᠤ᠌ ᠦᠯᠢᠭᠡᠷ ᠲᠤᠤᠯᠢᠰ ᠬᠠᠢᠯᠠᠬᠤ ᠴᠠᠭ ᠡᠬᠢᠯᠡᠨ᠎ᠡ᠃ ᠴᠣᠷᠣᠰ ᠠᠢᠮᠠᠭ ᠤ᠋ᠨ ᠬᠣᠲᠠ ᠬᠦᠷᠢᠶᠡᠨ ᠳ᠋ᠦ᠍ ᠡᠬᠡ ᠨᠢ ᠳᠠᠭᠠᠵᠤ ᠢᠷᠡᠭᠰᠡᠨ ᠲᠣᠷᠭᠤᠳ ᠡᠮᠡᠭᠡᠳ ᠣᠯᠠᠨ ᠪᠠᠢᠪᠠ᠃ ᠲᠣᠷᠭᠤᠳ ᠤ᠋ᠨ ᠬᠤᠰᠤ ᠰᠢᠭ᠋ ᠭᠤᠸᠠᠯᠢᠭ ᠥᠬᠢᠳ ᠲᠡᠢ ᠪᠢᠯᠡ᠃ ᠲᠣᠷᠭᠤᠳ ᠥᠬᠢᠳ ᠦ᠋ᠨ ᠬᠠᠴᠠᠷ ᠤᠯᠠᠭᠠᠨ᠂ ᠤᠷᠤᠭᠤᠯ ᠨᠢ ᠮᠣᠢᠯ ᠤ᠋ᠨ ᠬᠠᠨᠳᠠ ᠲᠦᠷᠬᠢᠭᠰᠡᠨ ᠮᠡᠲᠦ ᠵᠢᠮᠢᠰᠯᠢᠭ ᠶᠠᠭᠠᠨ᠂ ᠪᠡᠯᠬᠡᠭᠦᠰᠦ ᠨᠠᠷᠢᠨ᠂ ᠪᠥᠭᠰᠡ ᠥᠭᠡᠵᠡᠭ ᠪᠥᠭᠡᠷᠡᠩᠬᠡᠢ᠂ ᠠᠯᠬᠤᠬᠤ ᠭᠢᠰᠬᠢᠬᠦ ᠳ᠋ᠡᠭᠡᠨ ᠵᠢᠪᠬᠤᠭᠠᠯᠢᠭ ᠪᠠᠢᠳᠠᠭ᠃

ᠡᠷᠲᠡᠨ ᠦ᠌ ᠬᠡᠷᠢᠶᠡᠳ ᠠᠢᠮᠠᠭ ᠤ᠋ᠨ ᠨᠢᠭᠡ ᠰᠠᠯᠪᠤᠷᠢ ᠪᠣᠯᠬᠤ ᠲᠣᠷᠭᠤᠳ ᠨᠣᠶᠠᠳ ᠲᠣᠭᠣᠨ ᠲᠡᠢᠰᠢ ᠶ᠋ᠢᠨ ᠦᠶ᠎ᠡ ᠳ᠋ᠦ᠍ ᠣᠢᠷᠠᠳ ᠤ᠋ᠨ ᠬᠠᠪᠢᠷᠭᠠᠨ ᠳ᠋ᠤ᠌ ᠨᠠᠭᠠᠯᠳᠤᠵᠠᠢ᠃ ᠲᠡᠳᠡᠨ ᠦ᠌ ᠤᠳᠤᠮ ᠤ᠋ᠨ ᠰᠢᠬᠦᠷ ᠳᠠᠢᠴᠢᠩ ᠤ᠋ᠨ ᠮᠣᠷᠢᠨ ᠳ᠋ᠤ᠌ ᠡᠷᠡᠮᠡᠬᠡᠢ᠂ ᠦᠢᠯᠡ ᠳ᠋ᠦ᠍ ᠤᠷᠠᠨ᠂ ᠦᠭᠡᠨ ᠳ᠋ᠦ᠍ ᠴᠡᠴᠡᠨ ᠬᠡᠦᠬᠡᠨ ᠨᠤᠭᠦᠳ ᠦ᠋ᠨ ᠨᠢᠭᠡ ᠨᠢ ᠶᠤᠮ ᠠᠭ᠎ᠠ ᠡᠬᠡ ᠶ᠋ᠢᠨ ᠡᠮᠡᠭᠡ ᠪᠠᠢᠯ᠎ᠠ᠃ ᠡᠬᠡ ᠨᠢ ᠲᠣᠷᠭᠤᠳ ᠪᠠᠢᠯ᠎ᠠ᠃

ᠡᠵᠢ ᠨᠢ ᠭᠠᠯᠳᠠᠨ ᠳ᠋ᠤ᠌ ᠪᠦᠷᠭᠦᠳ ᠦ᠋ᠨ ᠲᠣᠯᠣᠭᠠᠢ᠂ ᠬᠤᠷᠴᠠ ᠨᠢᠳᠦ᠂ ᠮᠠᠬᠢᠷ ᠬᠣᠩᠰᠢᠶᠠᠷ ᠢ ᠤᠷᠠᠯᠠᠵᠤ ᠰᠡᠢᠯᠦᠭᠰᠡᠨ ᠲᠣᠪᠰᠢᠭᠤᠷ ᠬᠢᠯᠭᠡᠵᠦ ᠥᠭᠭᠦᠭᠰᠡᠨ ᠪᠢᠯᠡ᠃ ᠲᠡᠢᠮᠦ ᠲᠣᠪᠰᠢᠭᠤᠷ ᠣᠢᠷᠠᠳ ᠲᠤ᠌ ᠭᠠᠭᠴᠠᠬᠠᠨ ᠪᠠᠢᠪᠠ᠃
—  ᠬᠥᠪᠡᠭᠦᠨ ᠰᠣᠨᠣᠰᠤᠭᠲᠤᠨ᠂ ᠶᠠᠭᠤᠨ ᠤ᠋ ᠴᠢᠮᠡᠭᠡ ᠪᠢᠯᠡ ᠭᠡᠵᠦ ᠶᠤᠮ ᠠᠭ᠎ᠠ ᠡᠬᠡ ᠭᠠᠯᠳᠠᠨ ᠡᠴᠡ ᠠᠰᠠᠭᠤᠪᠠ᠃
— ᠮᠣᠷᠢᠳ ᠦᠦᠷᠰᠡᠪᠡ ᠭᠡᠵᠦ ᠭᠠᠯᠳᠠᠨ ᠬᠡᠯᠡᠪᠡ᠃
— ᠶᠠᠭᠠᠬᠢᠵᠤ ᠦᠦᠷᠰᠡᠪᠡ?
— ᠢᠵᠢᠯᠢ ᠰᠦᠷᠦᠭ ᠢ᠋ᠶ᠋ᠡᠨ ᠳᠠᠭᠤᠳᠠᠵᠤ ᠪᠠᠢᠨ᠎ᠠ᠃
— ᠶᠠᠮᠠᠷ ᠮᠣᠷᠢ ᠦᠦᠷᠰᠡᠪᠡ?
— ᠡᠴᠢᠭᠡ ᠶ᠋ᠢᠨ ᠲᠣᠭᠰᠢᠨ ᠬᠠᠷ᠎ᠠ ᠠᠵᠢᠷᠭ᠎ᠠ ᠪᠠᠢᠨ᠎ᠠ᠃
— ᠮᠣᠷᠢᠳ ᠦᠦᠷᠰᠡᠬᠦ ᠪᠡᠷ ᠶᠠᠭᠠᠬᠢᠳᠠᠭ ᠪᠢᠯᠡ?
— ᠲᠡᠢᠨ ᠳ᠋ᠦ᠍ ᠮᠣᠷᠳᠠᠳᠠᠭ᠂ ᠠᠪᠠ ᠬᠣᠮᠣᠷᠭ᠎ᠠ ᠳ᠋ᠤ᠌ ᠶᠠᠪᠤᠳᠠᠭ᠂ ᠠᠶᠠᠨ ᠵᠢᠩ ᠲᠡᠭᠡᠭᠡᠵᠦ ᠠᠯᠤᠰ ᠭᠠᠵᠠᠷ ᠣᠳᠳᠠᠭ᠃
— ᠬᠥᠪᠡᠭᠦᠨ ᠮᠢᠨᠢ ᠴᠢᠨᠦ ᠲᠣᠪᠰᠢᠭᠤᠷ ᠮᠣᠷᠢᠳ ᠦᠦᠷᠰᠡᠬᠦ ᠴᠢᠮᠡᠭᠡᠨ ᠢ᠋ᠶ᠋ᠡᠷ ᠠᠮᠢ ᠣᠷᠣᠪᠠ᠃
— ᠬᠠᠲᠤᠨ ᠡᠬᠡ ᠲᠠ ᠨᠠᠳᠠᠳᠤ ᠥᠭᠡᠷ᠎ᠡ ᠴᠢᠮᠡᠭᠡ ᠰᠣᠨᠣᠰᠤᠭᠠᠴᠢ᠃
— ᠵᠠ᠂ ᠴᠢᠩᠨᠠᠵᠤ ᠪᠠᠢ᠂ ᠬᠥᠪᠡᠭᠦᠨ!
— ᠪᠦᠷᠭᠦᠳ ᠦ᠋ᠨ ᠳᠠᠯᠠᠪᠴᠢ ᠠᠭᠠᠷ ᠵᠦᠰᠦᠪᠡ᠃
— ᠢᠩᠭᠢᠬᠦ ᠪᠡᠷ ᠶᠠᠭᠠᠬᠢᠳᠠᠭ ᠪᠢᠯᠡ?
— ᠣᠯᠵᠠ ᠰᠢᠭᠦᠷᠡᠳᠡᠭ᠁
— ᠪᠦᠷᠭᠦᠳ ᠶᠠᠭᠠᠬᠢᠭᠠᠳ ᠢᠩᠭᠢᠵᠦ ᠰᠢᠭᠤᠷᠬᠠᠢᠯᠠᠪᠠ?
— ᠴᠢᠰᠤᠨ ᠤ᠋ ᠦᠨᠦᠷ ᠠᠪᠬᠤ ᠪᠠᠷ ᠢ᠋ᠶ᠋ᠠᠨ ᠳᠦᠦᠭᠡᠦᠷ ᠦ᠋ᠨ ᠴᠢᠯᠠᠭᠤ ᠰᠢᠭ᠋ ᠡᠷᠴᠢᠯᠡᠳᠡᠭ ᠶᠤᠮ᠃
— ᠴᠢ ᠪᠣᠯ ᠶᠠᠭᠠᠬᠢᠬᠤ ᠠᠷᠭ᠎ᠠ ᠦᠭᠡᠢ ᠴᠣᠷᠣᠰ ᠤ᠋ᠨ ᠢᠰᠬᠦᠯᠡᠩ ᠴᠢᠰᠤ᠃ ᠴᠡᠷᠢᠭ ᠦ᠋ᠨ ᠨᠤᠮᠤ ᠰᠤᠮᠤ ᠬᠠᠷᠪᠤᠭᠠᠴᠢ ᠮᠥᠨ᠃ ᠲᠣᠪᠰᠢᠭᠤᠷ ᠴᠣᠭᠣᠷ ᠤ᠋ᠨ ᠡᠬᠡᠰᠢᠭ ᠰᠣᠨᠣᠰᠴᠤ ᠤᠶᠠᠷᠠᠬᠤ ᠨᠢ ᠴᠦ᠍ ᠪᠠᠰᠠ ᠡᠷ᠎ᠡ ᠬᠥᠮᠦᠨ ᠦ᠌ ᠵᠢᠷᠦᠬᠡ ᠵᠥᠭᠡᠯᠡᠯᠡᠳᠡᠭ ᠶᠤᠮ᠃
— ᠡᠵᠢ ᠠ᠋᠂ ᠪᠢ ᠬᠠᠲᠠᠭᠤ ᠵᠢᠷᠦᠬᠡ ᠲᠡᠢ ᠤᠤ?
— ᠬᠠᠭᠠᠨ ᠤᠳᠤᠮ ᠲᠠᠢ ᠬᠥᠮᠦᠨ ᠦ᠌ ᠵᠢᠷᠦᠬᠡ ᠬᠦᠢᠲᠡᠨ ᠪᠣᠯ ᠴᠢᠰᠤ ᠶᠡᠬᠡ ᠤᠷᠤᠰᠤᠨ᠎ᠠ᠃ ᠮᠣᠩᠭᠣᠯᠴᠤᠳ ᠤ᠋ᠨ ᠤᠷᠤᠰᠤᠭᠰᠠᠨ ᠴᠢᠰᠤ ᠡᠷᠴᠢᠰ ᠮᠥᠷᠡᠨ ᠦ᠌ ᠤᠰᠤᠨ ᠡᠴᠡ ᠶᠡᠬᠡ ᠪᠠᠢᠭᠰᠠᠨ᠃ ᠬᠡᠳᠦᠨ ᠵᠠᠭᠤᠨ ᠳ᠋ᠤ᠌ ᠤᠷᠤᠰᠤᠯ᠎ᠠ ᠰᠢᠦ ᠳᠡ᠃ ᠬᠡᠳᠦᠢ ᠳ᠋ᠦ᠍ ᠡᠨᠡ ᠶᠡᠬᠡ ᠴᠢᠰᠤ ᠲᠠᠲᠠᠷᠠᠬᠤ ᠶᠤᠮ ᠪᠣᠯ᠃ ᠰᠠᠢᠨ ᠬᠠᠭᠠᠨ ᠲᠠᠢ ᠪᠣᠯ᠁
—ᠥᠷᠥᠰᠢᠶᠡᠬᠦ ᠰᠡᠳᠬᠢᠯ ᠢ᠋ ᠦᠭᠡᠢᠯᠡᠵᠦ ᠪᠢ ᠬᠡᠯᠡᠯ᠎ᠡ᠃ ᠬᠠᠯᠠᠭᠤᠨ ᠵᠢᠷᠦᠬᠡᠲᠡᠨ ᠥᠷᠥᠰᠢᠶᠡᠯ ᠲᠡᠢ ᠪᠠᠢᠳᠠᠭ᠃
— ᠡᠵᠢ ᠠ᠋᠂ ᠪᠢ ᠬᠡᠨ ᠪᠣᠢ?
— ᠮᠢᠨᠦ ᠪᠢᠴᠢᠬᠠᠨ ᠦᠷ᠎ᠡ᠃
—ᠪᠢ ᠥᠷᠥᠰᠢᠶᠡᠯ ᠲᠡᠢ ᠬᠥᠮᠦᠨ ᠪᠣᠯᠤᠨ᠎ᠠ᠃
— ᠮᠢᠨᠦ ᠬᠦᠦ ᠶ᠋ᠢᠨ ᠬᠤᠪᠢ ᠲᠠᠪᠢᠯᠠᠩ ᠬᠠᠮᠢᠭᠠᠰᠢ ᠪᠠᠨ ᠡᠷᠭᠢᠬᠦ ᠶ᠋ᠢ ᠳᠠᠭᠠᠬᠤ ᠳ᠋ᠤ᠌ ᠪᠡᠷᠬᠡ᠃ ᠴᠢ ᠶᠡᠬᠡ ᠰᠠᠢᠨ ᠪᠣᠯᠬᠤ ᠶᠣᠰᠣᠲᠠᠢ᠃
— ᠡᠵᠢ ᠠ᠋᠂ ᠲᠠ ᠨᠠᠮᠠᠶ᠋ᠢ ᠬᠡᠦᠬᠡᠳ ᠭᠡᠳᠡᠭ ᠢ᠋ ᠮᠠᠷᠲᠠᠴᠢᠬᠠᠭᠠᠳ ᠲᠣᠮᠣ ᠬᠥᠮᠦᠨ ᠰᠢᠭ ᠶᠠᠷᠢᠬᠤ ᠶᠤᠮ᠃ ᠪᠢ ᠵᠢᠷᠭᠤᠭᠠᠨ ᠨᠠᠰᠤᠲᠠᠢ ᠰᠢᠦ ᠳᠡ᠃ ᠮᠠᠷᠭᠠᠰᠢ ᠮᠢᠭᠮᠠᠨᠰᠠᠩᠵᠠᠢ ᠲᠠᠢ ᠲᠣᠰᠢᠯᠣᠢ ᠲᠡᠭᠦᠨ᠎ᠡ᠃ ᠱᠡᠵᠢᠭᠡᠢ ᠣᠪᠣᠭᠠᠯᠠᠨ ᠲᠣᠰᠢᠯᠣᠢ ᠲᠡᠭᠦᠨ᠎ᠡ ᠳᠡ᠃ ᠮᠢᠭᠮᠠᠨᠰᠠᠩᠵᠠᠢ ᠱᠠᠯᠠᠮᠠᠭᠠᠢ᠁
— ᠲᠡᠭᠡᠭᠡᠷᠡᠢ ᠮᠢᠨᠦ ᠬᠥᠪᠡᠭᠦᠨ!

ᠨᠠᠢ᠍ᠮᠠ

ᠮᠢᠭᠮᠠᠨᠰᠠᠩᠵᠠᠢ ᠲᠠᠢ ᠴᠡᠴᠡᠭ ᠦ᠋ᠨ ᠪᠤᠳᠠᠩ ᠲᠠᠲᠠᠭᠰᠠᠨ ᠠᠢᠷᠠᠭᠲᠤ ᠬᠠᠪᠴᠢᠯ ᠬᠦᠷᠪᠡ᠃ ᠨᠢᠯ ᠶᠠᠭᠠᠨ ᠴᠡᠴᠡᠭ ᠪᠢᠲᠡᠭᠦᠦ ᠤᠷᠭᠤᠵᠠᠢ᠃
ᠮᠢᠭᠮᠠᠨᠰᠠᠩᠵᠠᠢ ᠴᠡᠴᠡᠭ ᠦᠨᠦᠷᠲᠦᠨ᠎ᠡ᠃ ᠪᠢ ᠪᠠᠰᠠ ᠦᠨᠦᠷᠲᠦᠨ᠎ᠡ᠂ ᠮᠢᠨᠦ ᠨᠢᠳᠦ ᠰᠦᠮᠡᠯᠵᠡᠨ ᠮᠢᠭᠮᠠᠨᠰᠠᠩᠵᠠᠢ ᠶ᠋ᠢᠨ ᠬᠠᠮᠢᠭ᠎ᠠ ᠶᠠᠪᠤᠬᠤ ᠶ᠋ᠢ ᠬᠠᠷᠠᠬᠤ ᠦᠭᠡᠢ ᠪᠠᠢᠪᠠ᠃
— ᠮᠢᠭᠮᠠᠨᠰᠠᠩᠵᠠᠢ ᠴᠢ ᠬᠠᠮᠢᠭ᠎ᠠ ᠪᠠᠢᠨ᠎ᠠ ᠪᠣᠢ?᠁
— ᠭᠠᠯᠳᠠᠨ ᠬᠠᠨ ᠬᠦᠦ ᠬᠠᠮᠢᠭ᠎ᠠ ᠪᠠᠢᠨ᠎ᠠ ᠪᠣᠢ? ᠪᠢᠳᠡᠨᠦᠰ ᠨᠢᠭᠡᠨ ᠢ᠋ᠶ᠋ᠡᠨ ᠳᠠᠭᠤᠳᠠᠬᠤ ᠳ᠋ᠤ᠌ ᠣᠢᠷᠠᠬᠠᠨ ᠠᠲᠠᠯ᠎ᠠ ᠪᠠᠨ ᠬᠣᠯᠠ ᠶᠤᠮ ᠰᠢᠭ᠋ ᠰᠣᠨᠣᠰᠤᠭᠳᠠᠨ᠎ᠠ᠃ ᠰᠡᠳᠬᠢᠯ ᠶᠡᠬᠡᠳᠡ ᠲᠠᠭᠠᠰᠢᠶᠠᠯ ᠲᠠᠢ ᠪᠣᠯᠵᠠᠢ᠃ ᠴᠣᠷᠣᠰ ᠣᠪᠣᠭ ᠤ᠋ᠨ ᠶᠡᠬᠡ ᠬᠦᠷᠢᠶᠡᠨ ᠳ᠋ᠦ᠍ ᠢᠷᠪᠢᠰ ᠲᠡᠵᠢᠭᠡᠭᠰᠡᠨ ᠦ᠌ ᠳᠠᠷᠠᠭᠠᠬᠠᠨ ᠠᠢᠷᠠᠭᠲᠤ ᠬᠠᠪᠴᠢᠯ ᠳ᠋ᠤ᠌ ᠢᠷᠡᠭᠰᠡᠨ ᠪᠢᠯᠡ᠃ ᠶᠠᠮᠠᠷ ᠭᠠᠢᠬᠠᠮ᠎ᠠ ᠦᠨᠦᠷ ᠲᠡᠨᠳᠡ ᠣᠷᠣᠰᠢᠨ᠎ᠠ ᠪᠢᠯᠡ᠃ ᠪᠢ ᠳᠠᠷᠠᠭ᠎ᠠ ᠨᠢ ᠢᠷᠪᠢᠰ ᠦ᠋ᠨ ᠠᠩᠬ᠎ᠠ ᠬᠦᠷᠢᠶᠡᠨ ᠳ᠋ᠦ᠍ ᠢᠷᠡᠭᠰᠡᠨ᠂ ᠪᠤᠴᠠᠭᠠᠵᠤ ᠲᠠᠯᠪᠢᠭᠰᠠᠨ ᠲᠤᠬᠠᠢ ᠥᠭᠦᠯᠡᠨ᠎ᠡ᠃ ᠨᠢᠭᠡᠨᠲᠡ ᠢᠷᠪᠢᠰ ᠲᠡᠢ ᠬᠣᠯᠪᠣᠭᠳᠠᠭᠰᠠᠨ ᠪᠣᠯᠬᠣᠷ ᠮᠢᠭᠮᠠᠨᠰᠠᠩᠵᠠᠢ ᠶ᠋ᠢᠨ ᠲᠣᠷᠮᠣᠭᠣᠷ ᠨᠢᠳᠦ ᠶ᠋ᠢ ᠨᠠᠰᠤᠨ ᠲᠤᠷᠰᠢ ᠮᠠᠷᠲᠠᠭ᠎ᠠ ᠦᠭᠡᠢ ᠶᠤᠮ᠃

ᠮᠢᠭᠮᠠᠨᠰᠠᠩᠵᠠᠢ ᠲᠡᠪᠡᠷᠢ ᠪᠦᠳᠦᠭᠦᠨ ᠳᠦᠭᠦᠷᠡᠩ ᠨᠢᠯ ᠶᠠᠭᠠᠨ ᠴᠡᠴᠡᠭ ᠲᠡᠭᠦᠪᠡ ᠃ᠴᠡᠴᠡᠭ ᠢ᠋ ᠡᠮᠦᠨ᠎ᠡ ᠭᠠᠵᠠᠷ ᠤ᠋ᠨ ᠤᠭᠤᠲᠠᠨ ᠳ᠋ᠤ᠌ ᠳᠦᠭᠦᠷᠭᠡᠵᠦ ᠭᠠᠨᠵᠤᠭᠠᠯᠠᠪᠠ᠃ ᠱᠡᠵᠢᠭᠡᠢ ᠲᠡᠢ ᠲᠣᠰᠢᠯᠣᠢ ᠪᠠᠨ ᠬᠥᠲᠥᠯᠦᠭᠡ ᠮᠣᠷᠢᠨ ᠳ᠋ᠠᠭᠠᠨ ᠠᠴᠢᠵᠤ ᠢᠷᠡᠪᠡ᠃ ᠲᠣᠰᠢᠯᠣᠢ ᠲᠡᠪᠡᠷᠢ ᠲᠡᠪᠡᠷᠢ ᠪᠡᠷ ᠤᠷᠭᠤᠭᠰᠠᠨ ᠪᠠᠢᠵᠤ ᠪᠢᠯᠡ᠃

ᠶᠢᠰᠦ

ᠴᠢᠩᠭᠢᠰ ᠬᠠᠭᠠᠨ ᠡᠴᠡ ᠤᠯᠠᠮᠵᠢᠯᠠᠭᠠᠳ ᠭᠠᠯᠳᠠᠨ ᠳ᠋ᠤ᠌ ᠵᠢᠷᠭᠤᠭ᠎ᠠ ᠶ᠋ᠢᠨ ᠲᠣᠭ᠎ᠠ ᠪᠡᠯᠭᠡᠰᠢᠶᠡᠯ ᠪᠣᠯᠤᠨ ᠵᠠᠶᠠᠭᠠᠭᠰᠠᠨ ᠪᠠᠢᠪᠠ᠃ ᠴᠢᠩᠭᠢᠰ ᠬᠠᠭᠠᠨ ᠡᠪᠦᠭᠡ ᠳᠡᠭᠡᠳᠦᠰ ᠮᠠᠨᠢ ᠳᠠᠶᠠᠩ ᠳᠡᠯᠡᠬᠡᠢ ᠶ᠋ᠢ ᠮᠣᠷᠢᠨ ᠤ᠋ ᠲᠤᠭᠤᠷᠠᠢ ᠪᠠᠷ ᠲᠠᠮᠠᠭᠠᠯᠠᠵᠤ᠂ ᠠᠳᠤᠭᠤᠨ ᠤ᠋ ᠱᠣᠷᠪᠣᠭ ᠬᠥᠯᠥᠰᠥ᠂ ᠬᠥᠮᠦᠨ ᠦ᠌ ᠬᠠᠯᠠᠭᠤᠨ ᠴᠢᠰᠤ ᠪᠠᠷ ᠭᠠᠵᠠᠷ ᠳᠡᠪᠲᠦᠭᠡᠭᠡᠳ ᠶᠡᠬᠡ ᠮᠣᠩᠭᠣᠯ ᠤᠯᠤᠰ ᠢ᠋ ᠪᠠᠢᠭᠤᠯᠤᠭᠰᠠᠨ ᠢ᠋ ᠨᠡᠬᠡᠨ ᠰᠠᠨᠠᠬᠤ ᠳ᠋ᠤ᠌ ᠲᠠᠷᠢᠬᠢ ᠰᠠᠷᠠᠨ᠎ᠠ᠃ ᠶᠠᠮᠠᠷ ᠭᠠᠢᠬᠠᠮᠰᠢᠭᠲᠠᠢ ᠶᠡᠬᠡ ᠤᠯᠤᠰ ᠪᠠᠢᠪᠠ᠃ ᠴᠠᠭᠠᠲᠠᠢ ᠶ᠋ᠢᠨ ᠤᠯᠤᠰ᠂ ᠶᠡᠬᠡ ᠬᠠᠭᠠᠨᠲᠤ ᠤᠯᠤᠰ᠂ ᠠᠯᠲᠠᠨ ᠣᠷᠳᠣᠨ ᠤ᠋ ᠤᠯᠤᠰ᠂ ᠶᠡᠬᠡ ᠶᠤᠸᠠᠨ ᠤᠯᠤᠰ ᠥᠨᠥᠳᠥᠷ ᠬᠠᠮᠢᠭ᠎ᠠ ᠣᠴᠢᠪᠠ᠃ ᠮᠣᠩᠭᠣᠯᠴᠤᠳ ᠤ᠋ᠨ ᠤᠷᠤᠰᠬᠠᠭᠰᠠᠨ ᠴᠢᠰᠤᠨ ᠤ᠋ ᠦᠨ᠎ᠡ ᠰᠢᠷᠣᠢ ᠳ᠋ᠤ᠌ ᠬᠤᠳᠬᠤᠯᠳᠤᠭᠰᠠᠨ ᠢ᠋ ᠰᠠᠨᠠᠬᠤ ᠡᠴᠡ ᠠᠭᠤᠷ ᠬᠦᠷᠴᠦ ᠪᠠᠢᠨ᠎ᠠ᠃ ᠴᠢᠰᠤ ᠥᠩᠭᠡ ᠦᠭᠡᠢ ᠶᠤᠮ᠃ ᠬᠠᠷᠠᠬᠤ ᠳ᠋ᠤ᠌ ᠤᠯᠠᠭᠠᠨ ᠪᠣᠯᠪᠠᠴᠤ ᠬᠡᠨ ᠳ᠋ᠦ᠍ ᠬᠡᠨ ᠦ᠌ ᠴᠢᠰᠤ ᠠᠭᠤᠯᠤᠭᠳᠠᠵᠤ ᠪᠠᠢᠭ᠎ᠠ ᠶ᠋ᠢ ᠮᠡᠳᠡᠬᠦ ᠳ᠋ᠦ᠍ ᠪᠡᠷᠬᠡ ᠪᠢᠯᠡ᠃ ᠰᠤᠳᠠᠰᠤ ᠪᠠᠷ ᠭᠦᠶᠦᠬᠦ ᠴᠢᠰᠤ ᠶ᠋ᠢ ᠲᠠᠨᠢᠵᠤ ᠦᠯᠦ ᠪᠣᠯᠤᠨ᠎ᠠ᠃ ᠲᠡᠷᠡ ᠴᠢᠰᠤ ᠤᠯᠠᠭᠠᠨ ᠥᠩᠭᠡ ᠲᠡᠢ ᠪᠠᠢᠨ᠎ᠠ ᠤᠤ᠂ ᠴᠠᠭᠠᠨ ᠥᠩᠭᠡ ᠲᠡᠢ ᠪᠠᠢᠨ᠎ᠠ ᠤᠤ ᠶᠡᠷᠦ ᠬᠠᠮᠢᠶ᠎ᠠ ᠦᠭᠡᠢ᠃ ᠲᠡᠷᠡ ᠴᠢᠰᠤ ᠮᠣᠩᠭᠣᠯ ᠪᠠᠢᠬᠤ ᠶᠣᠰᠣᠲᠠᠢ ᠪᠢᠯᠡ᠃ ᠮᠣᠩᠭᠣᠯ ᠴᠢᠰᠤ ᠥᠭᠡᠷ᠎ᠡ ᠦᠨᠳᠦᠰᠦᠲᠡᠨ ᠦ᠌ ᠴᠢᠰᠤ ᠪᠠᠷ ᠰᠡᠯᠪᠢᠭᠳᠡᠬᠦ ᠨᠢ ᠬᠦᠴᠦᠲᠡᠢ ᠪᠠᠢᠬᠤ ᠶ᠋ᠢᠨ ᠪᠠᠲᠤᠯᠠᠭ᠎ᠠ ᠪᠣᠯᠳᠠᠭ᠃

ᠲᠣᠭᠠᠨ ᠤ᠋ ᠬᠤᠪᠢ ᠳ᠋ᠤ᠌ ᠥᠭᠡᠷ᠎ᠡ ᠶᠤᠮ᠃ ᠴᠢᠰᠤ ᠰᠢᠭ᠋ ᠪᠣᠳᠠᠲᠠᠢ ᠪᠤᠰᠤ ᠤᠴᠢᠷ ᠲᠣᠭ᠎ᠠ ᠨᠢ ᠣᠶᠤᠨ ᠰᠠᠨᠠᠭᠠᠨ ᠤ᠋ ᠶᠠᠮᠠᠷᠬᠠᠨ ᠤᠨᠳᠤᠷᠤᠭ᠎ᠠ ᠲᠠᠢ ᠪᠣᠯᠬᠤ ᠶ᠋ᠢ ᠲᠣᠳᠣᠷᠬᠠᠢᠯᠠᠨ᠎ᠠ᠃ ᠭᠤᠷᠪᠠᠨ ᠨᠠᠰᠤ ᠲᠠᠢ ᠳ᠋ᠠᠭᠠᠨ ᠲᠣᠭᠠᠯᠠᠵᠤ ᠰᠤᠷᠤᠭᠰᠠᠨ ᠪᠥᠭᠡᠳ ᠨᠡᠮᠡᠬᠦ᠂ ᠬᠠᠰᠤᠬᠤ᠂ ᠬᠤᠪᠢᠶᠠᠬᠤ᠂ ᠦᠷᠡᠵᠢᠭᠦᠯᠬᠦ ᠦᠢᠯᠡᠳᠦᠯ ᠢ ᠪᠠᠢᠭᠠᠯᠢ ᠶ᠋ᠢᠨ ᠳᠡᠪᠢᠰᠬᠡᠷ ᠳᠡᠭᠡᠷ᠎ᠡ ᠲᠦᠪᠡᠭ ᠦᠭᠡᠢ ᠪᠣᠳᠣᠳᠠᠭ ᠪᠠᠢᠯ᠎ᠠ᠃

ᠣᠢᠷᠠᠳ ᠡᠪᠦᠭᠡᠳ ᠨᠠᠰᠤ ᠪᠠᠨ ᠬᠡᠯᠡᠯᠴᠡᠬᠦ ᠳᠤᠷᠠᠲᠠᠢ ᠪᠠᠢᠭᠰᠠᠨ ᠨᠢ ᠭᠠᠯᠳᠠᠨ ᠳ᠋ᠤ᠌ ᠲᠤᠰᠠᠯᠠᠭᠰᠠᠨ ᠶᠤᠮᠳᠠᠭ᠃

ᠴᠢᠩᠭᠢᠰ ᠬᠠᠭᠠᠨ ᠵᠢᠷᠠᠨ ᠵᠢᠷᠭᠤᠭᠠᠨ ᠨᠠᠰᠤᠲᠠᠢ ᠳ᠋ᠠᠭᠠᠨ ᠲᠩᠷᠢ ᠳ᠋ᠦ᠍ ᠬᠠᠯᠢᠭᠰᠠᠨ᠃ ᠬᠠᠭᠠᠨ ᠤ᠋ ᠰᠦᠨᠡᠰᠦ ᠶ᠋ᠢ ᠶᠡᠷᠡᠨ ᠶᠢᠰᠦᠨ ᠲᠩᠷᠢ ᠶ᠋ᠢᠨ ᠵᠢᠷᠠᠨ ᠵᠢᠷᠭᠤᠭ᠎ᠠ ᠳ᠋ᠤ᠌ ᠪᠠᠢᠷᠢᠯᠠᠭᠤᠯᠤᠭᠰᠠᠨ᠃ ᠵᠢᠷᠠᠨ ᠵᠢᠷᠭᠤᠭᠠᠲᠠᠢ ᠲᠩᠷᠢ ᠳ᠋ᠦ᠍ ᠭᠠᠯᠳᠠᠨ ᠤ᠋ ᠣᠳᠣ ᠪᠠᠢᠳᠠᠭ ᠲᠤᠬᠠᠢ ᠽᠠᠶ᠎ᠠ ᠪᠠᠨᠳᠢᠳᠠ ᠨᠠᠮᠬᠠᠢᠵᠠᠮᠰᠤ ᠬᠤᠪᠢᠯᠭᠠᠨ ᠠᠢᠯᠠᠳᠤᠭᠰᠠᠨ᠃

ᠭᠠᠯᠳᠠᠨ ᠤ᠋ ᠨᠢᠳᠦᠨ ᠳ᠋ᠦ᠍ ᠵᠢᠷᠭᠤᠭ᠎ᠠ ᠶ᠋ᠢᠨ ᠲᠣᠭ᠎ᠠ ᠢᠮᠠᠭᠲᠠ ᠬᠠᠷᠠᠭᠳᠠᠨ᠎ᠠ᠃ ᠡᠨᠡ ᠲᠣᠭ᠎ᠠ ᠪᠢᠯᠢᠭ ᠦ᠋ᠨ ᠲᠣᠭ᠎ᠠ ᠶᠤᠮᠰᠠᠨᠵᠠᠢ᠃

ᠠᠷᠪᠠ

ᠭᠠᠯᠳᠠᠨ ᠢ᠋ ᠲᠣᠪᠰᠢᠭᠤᠷ ᠲᠠᠢ ᠪᠣᠯᠤᠭᠰᠠᠨ ᠤ᠋ ᠳᠠᠷᠠᠭᠠᠬᠠᠨ ᠳᠡᠮᠪᠡᠷᠢᠯ ᠵᠠᠩᠵᠤᠨ ᠤ᠋ ᠥᠬᠢᠨ ᠮᠢᠭᠮᠠᠨᠰᠠᠩᠵᠠᠢ ᠲᠣᠪᠰᠢᠭᠤᠷ ᠲᠡᠪᠡᠷᠢᠵᠦ ᠢᠷᠡᠪᠡ᠃ ᠲᠡᠭᠦᠨ ᠦ᠌ ᠲᠣᠪᠰᠢᠭᠤᠷ ᠨᠢ ᠪᠦᠷᠭᠦᠳ ᠦ᠋ᠨ ᠲᠣᠯᠣᠭᠠᠢ ᠲᠠᠢ ᠪᠤᠰᠤ᠂ ᠲᠤᠩ ᠬᠣᠷᠣᠬᠠᠢ ᠶ᠋ᠢᠨ ᠶᠠᠰᠤ ᠪᠠᠷ ᠬᠢᠵᠡᠢ᠃
—  ᠡᠴᠢᠭᠡ ᠨᠠᠳᠠᠳᠤ ᠤᠷᠠᠯᠠᠵᠤ ᠥᠭᠪᠡ ᠭᠡᠵᠦ ᠮᠢᠭᠮᠠᠨᠰᠠᠩᠵᠠᠢ ᠨᠢᠳᠦ ᠪᠡᠨ ᠲᠣᠷᠮᠣᠯᠵᠠᠭᠤᠯᠤᠨ ᠬᠡᠯᠡᠪᠡ᠃ ᠲᠡᠭᠦᠨ ᠦ᠌ ᠨᠢᠳᠦ ᠢᠮᠠᠭᠲᠠ ᠲᠣᠷᠮᠣᠯᠵᠠᠨ ᠡᠷᠬᠢᠮ ᠳᠣᠲᠣᠨᠣ ᠪᠠᠷ ᠢᠨᠢᠶᠡᠵᠦ ᠪᠠᠢᠳᠠᠭ ᠰᠠᠨ᠃ ᠮᠢᠭᠮᠠᠨᠰᠠᠩᠵᠠᠢ ᠶ᠋ᠢᠨ ᠲᠣᠪᠰᠢᠭᠤᠷ ᠤ᠋ᠨ ᠲᠣᠯᠣᠭᠠᠢ ᠨᠢ ᠬᠠᠮᠢᠭ᠎ᠠ ᠨᠢᠭᠡ ᠳ᠋ᠡᠭᠡᠨ ᠦᠵᠡᠭᠳᠡᠳᠡᠭ ᠲᠤᠩ ᠬᠣᠷᠣᠬᠠᠢ ᠶ᠋ᠢᠨ ᠮᠤᠰᠬᠢᠮᠠᠯ ᠴᠠᠮ ᠤ᠋ᠨ ᠶᠠᠰᠤ ᠪᠠᠷ ᠬᠢᠭᠰᠡᠨ ᠨᠢ ᠡᠩ ᠦ᠋ᠨ ᠪᠥᠭᠡᠳ ᠤᠷᠠᠨ ᠬᠠᠷᠠᠭᠳᠠᠬᠤ ᠪᠥᠯᠥᠭᠡ᠃
— ᠳᠡᠮᠪᠡᠷᠢᠯ ᠵᠠᠩᠵᠤᠨ ᠤᠷᠠᠨ ᠬᠥᠮᠦᠨ ᠰᠢᠦ ᠭᠡᠮᠡᠨ ᠮᠢᠭᠮᠠᠨᠰᠠᠩᠵᠠᠢ ᠶ᠋ᠢᠨ ᠳᠡᠪᠡᠷᠡᠭᠰᠡᠨ ᠰᠡᠳᠬᠢᠯ ᠳᠡᠭᠡᠷ᠎ᠡ ᠳᠤᠰᠤᠭᠠᠪᠠ ᠰᠦ ᠃
— ᠬᠣᠶᠠᠭᠤᠯᠠ ᠪᠠᠨ ᠪᠠᠢᠭᠠᠯᠢ ᠶ᠋ᠢᠨ ᠴᠢᠮᠡᠭᠡ ᠬᠤᠭᠤᠷᠳᠠᠬᠤ ᠤᠤ ᠭᠡᠵᠦ ᠠᠰᠠᠭᠤᠬᠤ ᠳ᠋ᠤ᠌ ᠥᠬᠢᠨ ᠪᠣᠳᠣᠯᠬᠢᠯᠠᠵᠤ ᠪᠠᠢᠭᠰᠠᠨ ᠢ᠋ᠶ᠋ᠠᠨ᠂
— ᠤᠰᠤᠨ ᠤ᠋ ᠪᠣᠷᠭᠢᠶ᠎ᠠ ᠶ᠋ᠢ ᠪᠢ ᠰᠠᠢᠨ ᠴᠢᠳᠠᠨ᠎ᠠ ᠭᠡᠳ ᠲᠣᠪᠰᠢᠭᠤᠷ ᠤ᠋ᠨ ᠤᠲᠠᠰᠤ ᠶ᠋ᠢ ᠠᠶᠠᠷᠬᠠᠨ ᠬᠢᠷᠢᠨ᠎ᠡ ᠳᠣᠯᠭᠢᠶᠠᠯᠠᠭᠤᠯᠤᠨ ᠲᠠᠲᠠᠯ᠎ᠠ᠃ ᠠᠯᠲᠠᠢ ᠶ᠋ᠢᠨ ᠨᠢᠷᠤᠭᠤᠨ ᠡᠴᠡ ᠡᠬᠢ ᠠᠪᠤᠭᠰᠠᠨ ᠭᠣᠣᠯ ᠤ᠋ᠨ ᠤᠰᠤᠨ ᠤ᠋ ᠪᠣᠷᠭᠢᠶ᠎ᠠ ᠭᠠᠯᠳᠠᠨ ᠳ᠋ᠤ᠌ ᠲᠠᠭᠠᠲᠠᠢ ᠰᠠᠨᠠᠭᠳᠠᠯ᠎ᠠ᠃ ᠪᠠᠢᠭᠠᠯᠢ ᠶ᠋ᠢᠨ ᠴᠢᠮᠡᠭᠡ ᠶ᠋ᠢ ᠨᠢᠳᠦ ᠪᠡᠨ ᠠᠨᠢᠵᠤ ᠰᠣᠨᠣᠰᠬᠤ ᠳ᠋ᠤ᠌ ᠰᠡᠳᠬᠢᠯ ᠦ᠋ᠨ ᠴᠡᠭᠡᠯ ᠤᠷᠤᠭᠤ ᠶᠠᠭᠠᠷᠠᠤᠬᠠᠨ ᠤᠷᠤᠰᠬᠤ ᠨᠢ ᠲᠣᠳᠣ ᠮᠡᠳᠡᠭᠳᠡᠨ᠎ᠡ᠃ ᠮᠢᠭᠮᠠᠨᠰᠠᠩᠵᠠᠢ᠂
— ᠭᠠᠯᠳᠠᠨ ᠬᠠᠨ ᠬᠦᠦ ᠲᠠ ᠮᠣᠷᠢᠳ ᠦᠦᠷᠰᠡᠬᠦ ᠶ᠋ᠢ ᠰᠣᠨᠣᠰᠳᠠᠭ ᠤᠤ ᠭᠡᠯ᠎ᠡ᠃
— ᠲᠡᠢᠮᠦ ᠲᠠᠲᠠᠯᠭ᠎ᠠ ᠶ᠋ᠢ ᠬᠠᠲᠤᠨ ᠡᠬᠡ ᠨᠠᠳᠠᠳᠤ ᠵᠢᠭᠠᠵᠤ ᠥᠭᠭᠦᠭᠰᠡᠨ᠂ ᠴᠢᠨᠦ ᠲᠠᠲᠠᠯᠭ᠎ᠠ ᠠᠷᠠᠢ ᠥᠭᠡᠷ᠎ᠡ ᠪᠢᠵᠡ᠃ ᠪᠢ ᠰᠣᠨᠣᠰᠤᠶ᠎ᠠ ᠭᠡᠯ᠎ᠡ᠃

ᠮᠣᠷᠢᠳ ᠦᠦᠷᠰᠡᠬᠦ ᠨᠢ ᠰᠥᠨᠢ ᠶ᠋ᠢᠨ ᠬᠡᠭᠡᠷ᠎ᠡ ᠲᠠᠯ᠎ᠠ ᠳ᠋ᠤ᠌ ᠢᠵᠢᠯᠢ ᠪᠡᠨ ᠦᠭᠡᠢᠯᠡᠭᠰᠡᠨ ᠳᠠᠭᠤᠳᠠᠯᠭ᠎ᠠ ᠪᠠᠢᠯ᠎ᠠ᠃ ᠰᠦᠷᠦᠭ ᠰᠦᠷᠦᠭ ᠠᠳᠤᠭᠤ ᠢᠵᠢᠯᠢ ᠰᠦᠷᠦᠭ ᠢ᠋ᠶ᠋ᠡᠨ ᠳᠠᠭᠤᠳᠠᠨ ᠨᠡᠢᠯᠡᠭᠰᠡᠭᠡᠷ ᠠᠭᠤᠵᠢᠮ ᠲᠠᠯ᠎ᠠ ᠶ᠋ᠢᠨ ᠬᠠᠶᠠᠭ᠎ᠠ ᠬᠦᠷᠲᠡᠯ᠎ᠡ ᠢᠨᠴᠠᠭᠠᠬᠤ ᠪᠥᠭᠡᠳ ᠲᠠᠯ᠎ᠠ ᠲᠠᠢ ᠵᠠᠯᠭᠠᠯᠳᠤᠬᠤ ᠠᠭᠤᠯᠠᠰ ᠤ᠋ᠨ ᠬᠢᠷ᠎ᠠ ᠥᠭᠡᠳᠡ ᠮᠣᠷᠢᠳ ᠤ᠋ᠨ ᠦᠦᠷᠰᠡᠬᠦ ᠳᠠᠭᠤᠨ ᠲᠥᠭᠡᠨ᠎ᠡ᠃

ᠲᠤᠤᠯᠢ ᠬᠠᠢᠯᠠᠳᠠᠭ ᠡᠪᠦᠭᠡᠨ ᠣᠢᠷᠠᠳ ᠳᠠᠶᠠᠭᠠᠷ ᠲᠦᠭᠡᠮᠡᠯ ᠪᠢᠯᠡ᠃ ᠲᠣᠪᠰᠢᠭᠤᠷ ᠤ᠋ᠨ ᠡᠭᠡᠰᠢᠭᠯᠡᠩᠲᠦ ᠠᠶᠠᠯᠭᠤ ᠮᠢᠭᠮᠠᠨᠰᠠᠩᠵᠠᠢ ᠭᠠᠯᠳᠠᠨ ᠬᠣᠶᠠᠷ ᠢ᠋ ᠬᠣᠯᠪᠣᠵᠤ᠂ ᠬᠠᠷ᠎ᠠ ᠡᠷᠴᠢᠰ ᠮᠥᠷᠡᠨ ᠦ᠌ ᠬᠥᠪᠡᠭᠡᠨ ᠳ᠋ᠦ᠍ ᠪᠥᠭᠡᠷ᠎ᠡ ᠪᠡᠨ ᠨᠡᠢᠯᠡᠭᠦᠯᠦᠨ ᠰᠠᠭᠤᠭᠠᠳ ᠲᠣᠭᠯᠠᠳᠠᠭ ᠪᠠᠢᠭᠰᠠᠨ ᠶᠤᠮ᠃

ᠮᠢᠭᠮᠠᠨᠰᠠᠩᠵᠠᠢ ᠶ᠋ᠢᠨ ᠡᠴᠢᠭᠡ ᠳᠡᠮᠪᠡᠷᠢᠯ ᠵᠠᠩᠵᠤᠨ ᠪᠥᠭᠡᠰᠦ ᠲᠤᠤᠯᠢᠴᠢ ᠪᠥᠭᠡᠳ ᠲᠣᠪᠰᠢᠭᠤᠷ ᠤ᠋ᠨ ᠡᠬᠡᠰᠢᠭ ᠢ᠋ᠶ᠋ᠡᠷ ᠲᠡᠮᠡᠭᠡ ᠪᠤᠢᠯᠠᠭᠤᠯᠵᠤ ᠴᠢᠳᠠᠨ᠎ᠠ᠃ ᠪᠣᠲᠣᠭᠣ᠂ ᠲᠣᠷᠣᠮ᠂ ᠢᠩᠭᠡ᠂ ᠪᠤᠤᠷ᠎ᠠ ᠶ᠋ᠢᠨ ᠪᠤᠢᠯᠠᠭᠠᠨ ᠥᠭᠡᠷ᠎ᠡ ᠥᠭᠡᠷ᠎ᠡ ᠪᠠᠢᠳᠠᠭ ᠢ᠋ ᠵᠠᠩᠵᠤᠨ ᠳᠡᠮᠪᠡᠷᠢᠯ ᠰᠠᠨᠠᠭ᠎ᠠ ᠠᠯᠲᠠᠨ ᠬᠡᠯᠡᠵᠦ ᠥᠭᠳᠡᠭ ᠪᠠᠢᠪᠠ᠃

ᠮᠢᠭᠮᠠᠨᠰᠠᠩᠵᠠᠢ ᠥᠬᠢᠨ ᠪᠢᠳᠡ ᠬᠣᠶᠠᠷ ᠤ᠋ᠨ ᠲᠣᠪᠰᠢᠭᠤᠷ ᠲᠤ᠌ ᠲᠡᠷᠡ ᠦᠶ᠎ᠡ ᠳ᠋ᠡᠭᠡᠨ ᠪᠠᠴᠢᠭᠤᠷᠠᠭᠰᠠᠨ ᠰᠡᠳᠬᠢᠯ ᠦ᠋ᠨ ᠭᠦᠨ ᠰᠢᠭᠤᠷᠭ᠎ᠠ ᠪᠤᠰᠤ ᠢᠷᠠᠭᠤᠬᠠᠨ ᠴᠠᠭᠠᠨ ᠤᠶᠠᠩᠭ᠎ᠠ ᠨᠢᠭᠡᠨ ᠢ᠋ᠶ᠋ᠡᠨ ᠬᠥᠭᠡᠭᠡᠴᠡᠯᠳᠦᠨ ᠪᠠᠢᠳᠠᠭ ᠰᠠᠨ᠃
— ᠲᠣᠪᠰᠢᠭᠤᠷ ᠢ᠋ᠶ᠋ᠠᠨ ᠬᠥᠭᠯᠡᠭᠰᠡᠨ ᠤᠤ?
— ᠡᠴᠢᠭᠡ ᠭᠥᠭᠯᠡᠵᠦ ᠥᠭᠭᠦᠭᠰᠡᠨ᠃
— ᠳᠡᠮᠪᠡᠷᠢᠯ ᠵᠠᠩᠵᠤᠨ ᠥᠬᠢᠨ ᠳ᠋ᠡᠭᠡᠨ ᠠᠮᠢ ᠶᠤᠮ ᠠ᠋᠃
— ᠡᠴᠢᠭᠡ ᠨᠠᠳᠠᠳᠤ ᠰᠠᠢᠨ᠂ ᠮᠠᠭᠤ ᠶᠠᠮᠠᠷ ᠴᠤ᠌ ᠦᠭᠡ ᠶ᠋ᠢ ᠦᠯᠦ ᠬᠡᠯᠡᠨ᠎ᠡ᠃ ᠨᠠᠳᠠ ᠡᠴᠡ ᠠᠰᠠᠭᠤᠬᠤ᠎ᠠ᠋ᠴᠠ ᠪᠠᠨ ᠡᠮᠦᠨ᠎ᠡ ᠮᠢᠨᠦ ᠬᠦᠰᠡᠭᠰᠡᠨ ᠢ᠋ ᠬᠢᠴᠢᠬᠡᠳᠡᠭ᠃ ᠨᠠᠮᠠᠶ᠋ᠢ ᠳᠡᠩᠳᠡᠭᠦᠦ ᠰᠠᠢᠨ ᠮᠡᠳᠡᠳᠡᠭ ᠰᠢᠦ᠃
— ᠲᠣᠪᠰᠢᠭᠤᠷ ᠢ᠋ᠶ᠋ᠠᠨ ᠶᠠᠭᠠᠬᠢᠵᠤ ᠬᠥᠭᠯᠡᠳᠡᠭ ᠪᠣᠢ᠃
— ᠡᠴᠢᠭᠡ ᠠᠮᠠ ᠪᠠᠷ ᠢ᠋ᠶ᠋ᠠᠨ ᠲᠤᠤᠯᠢ ᠬᠠᠢᠯᠠᠵᠤ ᠭᠥᠭᠯᠡᠨ᠎ᠡ᠃ ᠬᠥᠭᠯᠡᠭᠰᠡᠨ ᠬᠣᠢᠨ᠎ᠠ ᠪᠠᠨ《ᠮᠢᠨᠦ ᠥᠬᠢᠨ ᠴᠢ ᠰᠣᠨᠣᠰ ᠳᠠ᠃ ᠠᠪᠤ ᠨᠢ ᠭᠠᠵᠠᠷ ᠲᠩᠷᠢ ᠬᠣᠶᠠᠷ ᠢ᠋ ᠬᠠᠮᠲᠤ ᠭᠥᠭᠯᠡᠴᠢᠬᠡᠯ᠎ᠡ᠃ ᠲᠣᠪᠰᠢᠭᠤᠷ ᠤ᠋ᠨ ᠠᠶᠠᠯᠭᠤᠨ ᠳ᠋ᠤ᠌ ᠪᠣᠷᠣᠭ᠎ᠠ ᠵᠦᠰᠡᠷᠡᠵᠦ ᠪᠠᠢᠭ᠎ᠠ ᠪᠢᠵᠡ᠃ ᠲᠣᠪᠰᠢᠭᠤᠷ ᠤ᠋ᠨ ᠡᠬᠡᠰᠢᠭ ᠲᠦ᠍ ᠨᠣᠭᠣᠭ᠎ᠠ ᠤᠷᠭᠤᠵᠤ ᠪᠠᠢᠨ᠎ᠠ᠃ ᠲᠣᠪᠰᠢᠭᠤᠷ ᠦᠭᠡᠢ ᠪᠡᠷ ᠬᠥᠮᠦᠨ ᠵᠢᠷᠭᠠᠯ ᠵᠣᠪᠠᠯᠠᠩ ᠤ᠋ᠨ ᠠᠮᠲᠠ ᠶ᠋ᠢ ᠮᠡᠳᠡᠬᠦ ᠦᠭᠡᠢ᠃ ᠶᠠᠪᠤᠭᠠᠨ ᠳ᠋ᠠᠭᠠᠨ ᠴᠢᠨᠦ ᠠᠮᠢᠳᠤᠷᠠᠯ ᠬᠥᠭᠯᠡᠭᠰᠡᠨ ᠲᠣᠪᠰᠢᠭᠤᠷ ᠰᠢᠭ᠋ ᠪᠠᠢᠬᠤ ᠪᠣᠯᠤᠨ᠎ᠠ᠃ ᠬᠥᠭ ᠦᠭᠡᠢ ᠠᠮᠢᠳᠤᠷᠠᠵᠤ ᠶᠠᠭᠠᠬᠢᠬᠤ ᠶᠤᠮ ᠪᠢᠯᠡ》 ᠭᠡᠵᠦ ᠬᠡᠯᠡᠪᠡ᠃
— ᠮᠢᠨᠦ ᠲᠣᠪᠰᠢᠭᠤᠷ ᠢ᠋ ᠬᠠᠲᠤᠨ ᠡᠬᠡ ᠮᠢᠨᠢ ᠠᠮᠢ ᠣᠷᠣᠭᠤᠯᠳᠠᠭ᠃ ᠲᠣᠷᠭᠤᠳ ᠳᠠᠭᠤᠤ ᠲᠠᠩᠳᠠ ᠳᠠᠭᠤᠯᠠᠨ᠎ᠠ᠃
ᠦᠯᠢ ᠶ᠋ᠢᠨ ᠣᠪᠣᠭ᠎ᠠ ᠳᠡᠭᠡᠷ᠎ᠡ
ᠡᠪᠦᠭᠡᠨ ᠰᠢᠪᠠᠭᠤ ᠲᠣᠷᠣᠢᠨ᠎ᠠ
ᠥᠭᠡᠯᠡᠳ ᠦ᠋ᠨ ᠰᠢᠷ᠎ᠠ ᠪᠠᠭᠠᠲᠤᠷ
ᠥᠭᠡᠳᠡ ᠤᠷᠤᠭᠤ ᠪᠠᠨ ᠳᠠᠪᠬᠢᠨ᠎ᠠ
ᠲᠣᠭᠣᠰᠣ ᠲᠠᠢ ᠴᠠᠭᠠᠨ ᠬᠥᠲᠥᠯ ᠢ᠋ᠶ᠋ᠡᠷ
ᠲᠣᠷᠭᠤᠳ ᠰᠡᠪᠡᠬᠡᠷ ᠢᠷᠡᠨ᠎ᠡ
ᠳᠣᠮᠪᠣ ᠲᠠᠢ ᠴᠠᠢ ᠪᠠᠨ ᠬᠠᠯᠠᠭᠠᠭᠠᠳ
ᠳᠣᠲᠣᠨᠣ ᠠᠮᠠᠷᠠᠭ ᠢ᠋ᠶ᠋ᠠᠨ ᠬᠦᠯᠢᠶᠡᠨ᠎ᠡ
ᠡᠬᠡ ᠮᠢᠨᠢ ᠳᠠᠭᠤᠯᠠᠨ᠎ᠠ ᠴᠤ᠌᠂ ᠤᠬᠢᠯᠠᠨ᠎ᠠ ᠴᠤ᠌᠁
ᠭᠠᠯᠳᠠᠨ ᠮᠢᠭᠮᠠᠨᠰᠠᠩᠵᠠᠢ ᠥᠬᠢᠨ ᠳ᠋ᠦ᠍ ᠰᠠᠨᠠᠭᠠᠨ ᠳ᠋ᠤ᠌ ᠣᠷᠣᠭᠰᠠᠨ ᠪᠣᠯᠭᠠᠨ ᠢ᠋ᠶ᠋ᠠᠨ ᠶᠠᠷᠢᠳᠠᠭ ᠪᠠᠢᠯ᠎ᠠ᠃
— ᠡᠵᠢ ᠲᠠᠨᠢ ᠬᠤᠭᠤᠷ ᠲᠠᠢ ᠪᠠᠨ ᠠᠮᠢᠰᠬᠤᠯ ᠢ᠋ᠶ᠋ᠠᠨ ᠨᠡᠢᠯᠡᠭᠦᠯᠳᠡᠭ ᠶᠤᠮ ᠪᠠᠢᠨ᠎ᠠ᠃ ᠵᠠᠩᠵᠤᠨ ᠠᠪᠤ ᠮᠢᠨᠢ《ᠬᠤᠭᠤᠷ ᠲᠣᠪᠰᠢᠭᠤᠷ ᠴᠢᠨᠢ ᠬᠥᠮᠦᠨ ᠶᠤᠮ ᠰᠢᠦ ᠳᠡ᠂ ᠲᠣᠪᠰᠢᠭᠤᠷ ᠳᠠᠭᠤᠯᠠᠨ᠎ᠠ᠂ ᠲᠣᠪᠰᠢᠭᠤᠷ ᠤᠬᠢᠯᠠᠨ᠎ᠠ》 ᠭᠡᠮᠡᠨ ᠥᠭᠦᠯᠡᠵᠦ ᠪᠠᠢᠭᠰᠠᠨ ᠢ᠋ ᠮᠢᠭᠮᠠᠨᠰᠠᠩᠵᠠᠢ ᠥᠬᠢᠨ ᠰᠠᠨᠠᠪᠠ᠃
— ᠡᠵᠢ ᠲᠠᠨᠢ ᠲᠣᠪᠰᠢᠭᠤᠷ ᠢ᠋ᠶ᠋ᠠᠨ ᠠᠮᠢᠰᠬᠤᠯ ᠢ᠋ᠶ᠋ᠠᠷ ᠢ᠋ᠶ᠋ᠠᠨ ᠬᠥᠭᠯᠡᠳᠡᠭ ᠶᠤᠮ ᠤᠤ ᠭᠡᠵᠦ ᠮᠢᠭᠮᠠᠨᠰᠠᠩᠵᠠᠢ ᠥᠬᠢᠨ ᠨᠠᠳᠠ ᠡᠴᠡ ᠠᠰᠠᠭᠤᠪᠠ᠃ ᠨᠠᠳᠠ ᠡᠨᠡ ᠶᠠᠷᠢᠶ᠎ᠠ ᠲᠠᠭᠠᠲᠠᠢ ᠪᠠᠢᠪᠠ᠃
— ᠬᠠᠲᠤᠨ ᠡᠬᠡ ᠲᠣᠪᠰᠢᠭᠤᠷ ᠢ᠋ᠶ᠋ᠠᠨ ᠰᠠᠯᠬᠢ ᠪᠠᠷ ᠬᠥᠭᠯᠡᠳᠡᠭ ᠶᠤᠮ᠃ ᠬᠤᠭᠤᠷ ᠬᠥᠭᠯᠡᠳᠡᠭ ᠰᠠᠯᠬᠢᠨ ᠤ᠋ ᠴᠢᠮᠡᠭᠡ ᠥᠭᠡᠷ᠎ᠡ ᠪᠠᠢᠳᠠᠭ᠃ ᠰᠡᠨᠵᠢᠲᠦ ᠬᠠᠳᠠ᠂ ᠴᠣᠭᠣᠷ ᠡᠪᠡᠰᠦ ᠶ᠋ᠢ ᠡᠭᠡᠰᠢᠭᠯᠡᠭᠦᠯᠦᠨ ᠦᠯᠢᠶᠡᠳᠡᠭ ᠰᠠᠯᠬᠢ ᠪᠣᠢ᠃ ᠠᠯᠲᠠᠢ ᠶ᠋ᠢᠨ ᠠᠭᠤᠯᠠ᠂ ᠡᠪᠡᠰᠦ ᠤᠷᠭᠤᠮᠠᠯ ᠲᠠᠢ ᠪᠠᠨ ᠡᠭᠡᠰᠢᠭᠯᠡᠭᠡᠳ ᠡᠬᠢᠯᠡᠬᠦ ᠪᠡᠷ ᠡᠵᠢ ᠮᠠᠨᠢ ᠲᠣᠪᠰᠢᠭᠤᠷ ᠢ᠋ᠶ᠋ᠠᠨ ᠦᠷᠭᠦᠭᠡᠨ ᠡᠴᠡ ᠭᠠᠷᠭᠠᠵᠤ ᠰᠠᠯᠬᠢ ᠪᠠᠷ ᠡᠭᠡᠰᠢᠭᠯᠡᠭᠦᠯᠦᠨ ᠬᠥᠭᠯᠡᠳᠡᠭ ᠪᠢᠯᠡ ᠭᠡᠵᠦ ᠭᠠᠯᠳᠠᠨ ᠪᠢ ᠮᠢᠭᠮᠠᠨᠰᠠᠩᠵᠠᠢ ᠥᠬᠢᠨ ᠳ᠋ᠦ᠍ ᠪᠣᠳᠣᠯᠭᠠᠰᠢᠷᠠᠭᠰᠠᠨ ᠶᠠᠩᠵᠤᠲᠠᠢ ᠥᠭᠦᠯᠡᠪᠡ᠃

ᠥᠬᠢᠨ ᠪᠠᠰᠠ ᠪᠣᠳᠣᠯᠭᠠᠰᠢᠷᠠᠭᠰᠠᠨ ᠠᠵᠢ᠃ ᠮᠢᠭᠮᠠᠨᠰᠠᠩᠵᠠᠢ ᠶ᠋ᠢᠨ ᠦᠷᠭᠦᠭᠰᠡᠨ ᠵᠡᠭᠡᠷ᠎ᠡ ᠶ᠋ᠢᠨ ᠬᠢ ᠰᠢᠭ ᠲᠣᠷᠮᠣᠯᠵᠠᠭᠰᠠᠨ ᠨᠢᠳᠦᠨ ᠳ᠋ᠦ᠍ ᠶᠡᠷᠦ ᠪᠤᠰᠤ ᠶ᠋ᠢᠨ ᠵᠦᠩ ᠰᠤᠪᠢᠨ ᠬᠤᠷᠠᠨ ᠴᠤᠭᠯᠠᠬᠤ ᠶ᠋ᠢ ᠣᠳᠣ ᠬᠢᠷᠢ ᠰᠠᠨᠠᠭᠠᠯᠵᠠᠨ ᠲᠡᠮᠳᠡᠭᠯᠡᠯ ᠢ᠋ᠶ᠋ᠡᠨ ᠬᠥᠲᠥᠯᠵᠦ ᠪᠠᠢᠨ᠎ᠠ ᠭᠡᠵᠦ ᠭᠠᠯᠳᠠᠨ ᠪᠢ ᠮᠣᠣᠲᠤᠤ ᠴᠠᠭᠠᠰᠤᠨ᠎ᠠ ᠳᠤᠷᠠᠢᠲᠠᠯ᠎ᠠ ᠪᠢᠴᠢᠯ᠎ᠡ᠃
— ᠶᠦᠮ ᠠᠭ᠎ᠠ ᠬᠠᠲᠤᠨ ᠲᠣᠪᠰᠢᠭᠤᠷ ᠢ᠋ᠶ᠋ᠠᠨ ᠲᠡᠷᠡ ᠡᠭᠡᠰᠢᠭᠯᠡᠩᠲᠦ ᠰᠠᠯᠬᠢᠨ ᠳ᠋ᠤ᠌ ᠬᠡᠳᠦ ᠬᠣᠨᠣᠭ ᠬᠥᠭᠯᠡᠳᠡᠭ ᠪᠣᠢ ᠭᠡᠵᠦ ᠮᠢᠭᠮᠠᠨᠰᠠᠩᠵᠠᠢ ᠰᠢᠮ᠎ᠡ ᠲᠡᠢ ᠠᠰᠠᠭᠤᠯ᠎ᠠ᠃ ᠮᠢᠭᠮᠠᠨᠰᠠᠩᠵᠠᠢ ᠬᠥᠭ ᠠᠶᠠᠯᠭᠤ ᠶ᠋ᠢᠨ ᠤᠴᠢᠷ ᠢ᠋ ᠣᠯᠬᠤ ᠭᠡᠵᠦ ᠳᠡᠮᠣ᠋ᠯᠤᠨ᠎ᠠ᠃ ᠲᠡᠭᠦᠨ ᠦ᠌ ᠬᠦᠰᠡᠯᠡᠩ ᠶᠡᠷᠦ ᠪᠤᠰᠤ ᠪᠠᠷ ᠨᠠᠮᠠᠶ᠋ᠢ ᠨᠥᠯᠥᠭᠡᠯᠡᠵᠦ《ᠬᠠᠲᠤᠨ ᠡᠬᠡ ᠡᠴᠡ ᠤᠴᠢᠷ ᠢ᠋ ᠠᠰᠠᠭᠤᠵᠤ ᠥᠭᠭᠦᠶ᠎ᠡ》 ᠭᠡᠮᠡᠨ ᠮᠢᠭᠮᠠᠨᠰᠠᠩᠵᠠᠢ ᠳ᠋ᠤ᠌ ᠠᠮᠠᠯᠠᠪᠠ᠃

ᠦᠨᠡᠨ ᠳ᠋ᠡᠭᠡᠨ ᠭᠠᠯᠳᠠᠨ ᠬᠠᠨ ᠬᠦᠦ ᠪᠢ ᠠᠩᠬ᠎ᠠ ᠤᠳᠠᠭ᠎ᠠ ᠪᠦᠰᠡᠭᠦᠢ ᠬᠡᠦᠬᠡᠳ ᠲᠦ᠍ ᠠᠮᠠ ᠥᠭᠭᠦᠭᠰᠡᠨ ᠨᠢ ᠡᠨᠡ᠃ ᠶᠡᠬᠡ ᠠᠯᠲᠠᠢ ᠶ᠋ᠢᠨ ᠠᠭᠤᠯᠠ ᠨᠢᠷᠤᠭᠤ ᠬᠣᠢᠨ᠎ᠠ ᠬᠣᠢᠨ᠎ᠠ ᠡᠴᠡ ᠬᠣᠰᠢᠭᠤᠷᠠᠨ ᠲᠣᠭᠲᠠᠵᠤ᠂ ᠵᠢᠯᠠᠭ᠎ᠠ ᠪᠦᠷᠢ ᠳ᠋ᠦ᠍ᠨᠢ ᠪᠤᠯᠠᠭ ᠱᠠᠩᠳᠠ ᠣᠷᠭᠢᠯᠵᠤ᠂ ᠠᠮᠠ ᠰᠠᠯᠠᠭ᠎ᠠ ᠪᠣᠯᠭᠠᠨ ᠢ᠋ᠶ᠋ᠠᠷ ᠠᠢᠯ ᠨᠤᠲᠤᠭᠯᠠᠵᠤ ᠮᠠᠯ ᠰᠦᠷᠦᠭ᠂ ᠵᠡᠭᠡᠷ᠎ᠡ ᠭᠥᠷᠥᠭᠡᠰᠦ ᠪᠡᠯᠴᠢᠵᠦ ᠪᠠᠢᠳᠠᠭ ᠪᠢᠯᠡ᠃

ᠲᠣᠪᠰᠢᠭᠤᠷ ᠬᠤᠭᠤᠷ ᠤ᠋ᠨ ᠤᠶᠠᠬᠠᠨ ᠡᠬᠡᠰᠢᠭ ᠮᠢᠭᠮᠠᠨᠰᠠᠩᠵᠠᠢ ᠪᠢᠳᠡ ᠬᠣᠶᠠᠷ ᠢ᠋ ᠬᠣᠯᠪᠣᠵᠤ᠂ ᠪᠢᠳᠡᠨ ᠦ᠌ ᠪᠢᠴᠢᠬᠠᠨ ᠵᠢᠷᠦᠬᠡ ᠳᠣᠭᠳᠣᠯᠤᠨ ᠴᠣᠬᠢᠯᠠᠳᠠᠭ ᠡᠳᠦᠷ ᠬᠣᠨᠣᠭ ᠨᠡᠭᠦᠳᠡᠯ ᠦ᠋ᠨ ᠲᠡᠮᠡᠭᠡ ᠰᠢᠭ ᠴᠤᠪᠤᠷᠠᠨ᠎ᠠ᠃
— ᠡᠵᠢ ᠠ᠋᠂ ᠲᠠᠨ ᠤ᠋ ᠲᠣᠪᠰᠢᠭᠤᠷ ᠰᠠᠯᠬᠢᠨ ᠳ᠋ᠤ᠌ ᠬᠥᠭ ᠣᠷᠣᠳᠠᠭ ᠤᠤ? ᠭᠡᠵᠦ ᠭᠠᠯᠳᠠᠨ ᠠᠰᠠᠭᠤᠬᠤ᠂ ᠳᠠᠭᠠᠬᠤ ᠶ᠋ᠢᠨ ᠬᠣᠭᠣᠷᠣᠨᠳᠣ ᠥᠭᠦᠯᠡᠬᠦ ᠳ᠋ᠦ᠍ ᠶᠦᠮ ᠠᠭ᠎ᠠ ᠡᠬᠡ᠂
— ᠵᠢᠯ ᠦ᠋ᠨ ᠳᠥᠷᠪᠡᠨ ᠤᠯᠠᠷᠢᠯ ᠳ᠋ᠤ᠌ ᠲᠡᠢᠮᠦ ᠡᠭᠡᠰᠢᠭᠯᠡᠩᠲᠦ ᠰᠠᠯᠬᠢ ᠳᠥᠷᠪᠡᠨ ᠤᠳᠠᠭ᠎ᠠ ᠤᠷᠤᠰᠴᠤ ᠥᠩᠭᠡᠷᠡᠳᠡᠭ ᠶᠤᠮ᠃ ᠠᠩᠵᠠᠭᠠᠷᠠᠵᠤ ᠪᠠᠢᠬᠤ ᠦᠭᠡᠢ ᠪᠣᠯ ᠤᠷᠤᠰᠤᠭᠠᠳ ᠯᠠ ᠥᠩᠭᠡᠷᠡᠴᠢᠬᠡᠨ᠎ᠡ᠃ ᠲᠡᠷᠡ ᠤᠷᠤᠰᠬᠠᠯ ᠢ᠋ ᠠᠯᠳᠠᠵᠤ ᠪᠣᠯᠬᠤ ᠦᠭᠡᠢ ᠭᠡᠵᠦ ᠬᠥᠪᠡᠭᠦᠨ ᠳ᠋ᠡᠭᠡᠨ ᠬᠡᠯᠡᠪᠡ᠃ ᠬᠤᠭᠤᠷ ᠢ᠋ᠶ᠋ᠠᠨ ᠬᠥᠭᠯᠡᠬᠦ ᠶ᠋ᠢᠨ ᠲᠤᠯᠠᠳᠠ ᠰᠠᠯᠬᠢᠨ ᠤ᠋ ᠴᠢᠮᠡᠭᠡ ᠰᠣᠨᠣᠰᠴᠤ ᠮᠢᠭᠮᠠᠨᠰᠠᠩᠵᠠᠢ ᠲᠠᠢ ᠵᠡᠷᠭᠡᠴᠡᠨ ᠰᠠᠭᠤᠳᠠᠭ ᠰᠠᠨ᠃

ᠲᠡᠷᠡ ᠦᠶ᠎ᠡ ᠳ᠋ᠦ᠍ ᠲᠡᠳᠡ ᠬᠣᠶᠠᠷ ᠤ᠋ᠨ ᠰᠡᠳᠬᠢᠯ ᠠᠶᠠᠨᠳᠠᠭᠠᠨ ᠬᠥᠭᠯᠡᠭᠳᠡᠵᠦ᠂ ᠮᠥᠷᠡᠨ ᠭᠣᠣᠯ ᠤ᠋ᠨ ᠲᠠᠮᠢᠷᠳᠠᠵᠤ ᠴᠤᠴᠠᠬᠤ ᠦᠭᠡᠢ ᠤᠷᠤᠰᠬᠠᠯ ᠢ᠋ ᠮᠠᠷᠲᠠᠵᠤ ᠣᠷᠬᠢᠳᠠᠭ᠃

ᠠᠷᠪᠠᠨ ᠨᠢᠭᠡ

— ᠭᠠᠯᠳᠠᠨ ᠢ᠋ ᠵᠢᠷᠭᠤᠭᠠᠨ ᠨᠠᠰᠤᠲᠠᠢ ᠪᠠᠢᠬᠤ ᠳ᠋ᠤ᠌ ᠡᠴᠢᠭᠡ ᠬᠣᠩ ᠲᠠᠢᠵᠢ ᠨᠢ ᠴᠠᠰᠤᠲᠤ ᠲᠥᠪᠡᠳ ᠦ᠋ᠨ ᠣᠷᠣᠨ ᠤᠷᠤᠭᠤ ᠢᠯᠡᠭᠡᠵᠦ ᠪᠢᠯᠡ᠃ ᠡᠨᠡ ᠪᠣᠯ ᠳᠣᠮᠣᠭ ᠤ᠋ᠨ ᠦᠷᠭᠦᠯᠵᠢᠯᠡᠯ ᠪᠥᠭᠡᠳ ᠲᠡᠷᠡ ᠵᠢᠯ ᠦ᠋ᠨ ᠬᠠᠪᠤᠷ ᠪᠣᠯᠤᠭᠰᠠᠨ ᠶᠠᠪᠤᠳᠠᠯ ᠢ᠋ ᠰᠡᠬᠦᠨ ᠳᠤᠷᠠᠰᠬᠤ ᠦᠭᠡᠢ ᠪᠡᠷ ᠲᠡᠦᠬᠡ ᠪᠦᠳᠡᠭᠢᠷᠡᠨ᠎ᠡ᠃ ᠲᠡᠷᠡ ᠬᠠᠪᠤᠷ ᠨᠡᠭᠡᠷᠡᠨ ᠶᠠᠭᠤ ᠶᠠᠭᠤ ᠪᠣᠯᠤᠭᠰᠠᠨ ᠢ᠋ ᠰᠠᠨᠠᠶ᠎ᠠ᠃

ᠡᠴᠢᠭᠡ ᠬᠣᠩ ᠲᠠᠢᠵᠢ ᠳᠤᠷᠠᠯᠠᠮᠠᠬᠠᠢ᠂ ᠤᠢᠳᠤᠮᠠᠬᠠᠢ ᠬᠥᠮᠦᠨ ᠪᠠᠢᠭᠰᠠᠨ ᠶᠤᠮᠰᠠᠨ ᠤᠤ᠃ ᠭᠠᠯᠳᠠᠨ ᠢ᠋ ᠲᠥᠪᠡᠳ ᠤᠷᠤᠭᠤ ᠮᠣᠷᠳᠠᠬᠤ ᠶ᠋ᠢᠨ ᠡᠮᠦᠨ᠎ᠡ ᠨᠠᠢᠮᠠᠳᠠᠬᠢ ᠬᠠᠲᠤᠨ ᠠᠮᠢᠨᠳᠠᠷ᠎ᠠ ᠶ᠋ᠢ ᠪᠣᠭᠲᠣᠯᠠᠵᠤ ᠠᠪᠤᠭᠰᠠᠨ ᠶᠣᠮᠳᠠᠭ᠃ ᠭᠦᠦᠰᠢ ᠬᠠᠭᠠᠨ ᠤ᠋ ᠥᠬᠢᠨ ᠠᠮᠢᠨᠳᠠᠷ᠎ᠠ ᠶ᠋ᠢ ᠠᠩᠬ᠎ᠠ ᠬᠠᠷᠠᠭᠠᠳ ᠭᠠᠯᠳᠠᠨ ᠶᠡᠬᠡᠳᠡ ᠰᠣᠴᠢᠭᠰᠠᠨ ᠪᠢᠯᠡ᠃ ᠲᠡᠢᠮᠦ ᠡᠨᠳᠡ ᠵᠡᠳᠬᠡᠷ ᠦ᠋ᠨ ᠴᠠᠭᠠᠨ ᠰᠣᠷᠮᠤᠤᠰᠤ ᠲᠠᠢ ᠪᠦᠰᠡᠭᠦᠢ ᠶ᠋ᠢ ᠦᠵᠡᠭᠡ ᠦᠭᠡᠢ ᠪᠠᠢᠭᠰᠠᠨ ᠡᠴᠡ ᠪᠡᠷᠬᠡ ᠴᠣᠴᠢᠷᠳᠠᠭᠰᠠᠨ ᠪᠠᠢᠯ᠎ᠠ᠃

ᠡᠴᠢᠭᠡ ᠰᠢᠨ᠎ᠡ ᠥᠷᠭᠥᠭᠡ ᠪᠣᠰᠬᠠᠪᠠ᠃ ᠬᠠᠲᠤᠨ ᠡᠬᠡ ᠶᠦᠮ ᠠᠭ᠎ᠠ᠂ ᠰᠡᠩᠭᠡ ᠠᠬ᠎ᠠ᠂ ᠭᠠᠯᠳᠠᠨ ᠶᠡᠬᠡ ᠦᠷᠭᠦᠭᠡᠨ ᠳ᠋ᠦ᠍ ᠦᠯᠡᠳᠡᠪᠡ᠃

ᠡᠴᠢᠭᠡ ᠬᠣᠩ ᠲᠠᠢᠵᠢ ᠶ᠋ᠢᠨ ᠤᠯᠠᠭᠠᠨ ᠰᠢᠷ᠎ᠠ ᠬᠣᠣᠰᠯᠠᠭᠰᠠᠨ ᠰᠠᠬᠠᠯ᠂ ᠵᠡᠷᠲᠡᠭᠡᠷ ᠨᠢᠳᠦ᠂ ᠬᠣᠷᠣᠰᠤᠯᠲᠠᠢ ᠢᠨᠢᠶᠡᠮᠰᠦᠭᠯᠡᠯ ᠰᠡᠳᠬᠢᠯ ᠡᠴᠡ ᠦᠯᠦ ᠰᠠᠯᠤᠨ᠎ᠠ᠃ ᠲᠡᠷᠡ ᠪᠡᠷ ᠬᠠᠭᠤᠷᠠᠢ ᠡᠪᠡᠰᠦᠨ ᠦ᠌ ᠲᠦᠢᠮᠡᠷ ᠰᠢᠭ ᠵᠠᠩ ᠲᠠᠢ ᠪᠠᠢᠪᠠ᠃ ᠲᠡᠭᠦᠨ ᠦ᠌ ᠦᠭᠡ ᠡᠴᠡ ᠵᠥᠷᠢᠬᠦ ᠠᠷᠭ᠎ᠠ ᠦᠭᠡᠢ᠃ ᠬᠡᠷᠪᠡ ᠪᠠᠭᠠᠲᠤᠷ ᠬᠣᠩ ᠲᠠᠢᠵᠢ ᠶ᠋ᠢᠨ ᠦᠭᠡ ᠶ᠋ᠢ ᠵᠥᠷᠢᠭᠦᠦ ᠬᠠᠷᠠᠵᠤ ᠰᠣᠨᠣᠰᠪᠠᠯ ᠲᠠᠰᠢᠭᠤᠷ ᠤ᠋ᠨ ᠠᠮᠲᠠ ᠦᠵᠡᠬᠦ ᠶᠤᠮ ᠤᠤ᠂ ᠡᠰᠡ ᠪᠥᠭᠡᠰᠦ ᠬᠤᠷᠴᠠ ᠰᠡᠯᠡᠮ᠎ᠡ ᠪᠡᠷ ᠮᠥᠴᠢ ᠡᠴᠡ ᠪᠡᠨ ᠰᠠᠯᠵᠤ ᠮᠡᠳᠡᠨ᠎ᠡ᠃ ᠵᠠᠯᠠᠭᠤ ᠳ᠋ᠠᠭᠠᠨ ᠳᠡᠩᠳᠡᠭᠦᠦ ᠵᠢᠪᠬᠤᠭ᠎ᠠ ᠲᠠᠢ᠂ ᠨᠠᠢᠷ ᠲᠤ᠌ ᠰᠡᠷᠭᠡᠭ ᠪᠠᠢᠭᠰᠠᠨ ᠡᠴᠢᠭᠡ ᠬᠣᠩ ᠲᠠᠢᠵᠢ ᠠᠯᠲᠠᠢ ᠶ᠋ᠢᠨ ᠨᠢᠷᠤᠭᠤᠨ ᠡᠴᠡ ᠰᠢᠳᠦᠯᠡᠩ ᠢᠷᠪᠢᠰ ᠪᠤᠭᠤᠢᠯᠢᠳᠠᠵᠤ᠂ ᠮᠠᠭᠤᠵᠢᠷᠠᠭᠰᠠᠨ ᠢᠷᠪᠢᠰ ᠦ᠋ᠨ ᠠᠮᠠᠨ ᠳ᠋ᠤᠨᠢ ᠮᠣᠳᠣ ᠲᠡᠪᠬᠡᠳᠡᠭᠡᠳ ᠭᠡᠷ ᠲᠡᠭᠡᠨ ᠠᠪᠴᠢᠷᠠᠵᠠᠢ᠃
— ᠢᠷᠪᠢᠰ ᠲᠡᠵᠢᠭᠡᠨ᠎ᠡ ᠭᠡᠵᠦ ᠬᠣᠩ ᠲᠠᠢᠵᠢ ᠬᠡᠯᠡᠪᠡ᠃
— ᠢᠳᠡᠭᠡᠰᠢᠬᠦ ᠤᠤ ᠭᠡᠵᠦ ᠵᠠᠩᠵᠤᠨ ᠳᠡᠮᠪᠡᠷᠢᠯ ᠬᠠᠷᠢᠭᠤ ᠥᠴᠢᠪᠡ᠃
— ᠴᠥᠬᠥ ᠴᠢ᠂ ᠡᠳᠦᠷ ᠲᠦ᠍ ᠨᠢᠭᠡ ᠬᠣᠨᠢ ᠵᠣᠭᠣᠭᠯᠠᠨ᠎ᠠ ᠪᠢᠵᠡ᠃ ᠮᠢᠬᠠᠴᠢᠨ ᠠᠮᠢᠲᠠᠨ ᠢ᠋ ᠮᠢᠬᠠᠨ ᠳ᠋ᠤ᠌ ᠳᠠᠰᠬᠠᠨ᠎ᠠ᠃ ᠲᠡᠢᠮᠦ ᠪᠤᠰᠤ ᠤᠤ ᠭᠡᠵᠦ ᠬᠣᠩ ᠲᠠᠢᠵᠢ ᠠᠭᠠᠷᠬᠠᠪᠠ᠃
— ᠤᠯᠠᠭᠠᠨ ᠮᠢᠬᠠᠨ ᠡᠴᠡ ᠪᠣᠯᠵᠤ ᠤᠯᠠᠩᠭᠠᠰᠤᠨ᠎ᠠ ᠳᠠ ᠭᠡᠮᠡᠨ ᠳᠡᠮᠪᠡᠷᠢᠯ ᠥᠭᠦᠯᠡᠪᠡ᠃
— ᠲᠡᠭᠡᠭᠡᠳ ᠢᠷᠪᠢᠰ ᠢ᠋ ᠴᠠᠭᠠᠨ ᠢᠳᠡᠭᠡ ᠪᠡᠷ ᠬᠣᠭᠣᠯᠠᠯᠠᠬᠤ ᠤᠤ᠂ ᠠᠩ! ᠭᠡᠵᠦ ᠬᠣᠩ ᠲᠠᠢᠵᠢ ᠰᠢᠷᠪᠢ ᠲᠠᠲᠠᠵᠢ᠃
— ᠲᠠ ᠪᠣᠯᠭᠣᠭᠠᠨ᠎ᠠ ᠪᠢᠵᠡ ᠭᠡᠵᠦ ᠳᠡᠮᠪᠡᠷᠢᠯ ᠵᠠᠩᠵᠤᠨ ᠪᠠᠭᠤᠯᠲᠠ ᠬᠢᠪᠡ᠃
ᠢᠷᠪᠢᠰ ᠦ᠋ᠨ ᠰᠤᠨᠠᠭᠠᠷ ᠤᠷᠲᠤ ᠪᠡᠶ᠎ᠡ᠂ ᠬᠤᠷᠴᠠ ᠴᠠᠭᠠᠨ ᠰᠢᠲᠦ᠂ ᠬᠣᠷᠣᠰᠤᠭᠰᠠᠨ ᠬᠦᠢᠲᠡ ᠬᠠᠷᠠᠴᠠ ᠶᠡᠷᠦ ᠪᠤᠰᠤ ᠶ᠋ᠢᠨ ᠠᠶᠤᠮᠰᠢᠭᠲᠠᠢ ᠪᠥᠭᠡᠳ ᠨᠢᠭᠤᠴᠠᠯᠢᠭ᠃ ᠰᠡᠷᠡᠯᠵᠢ ᠶ᠋ᠢᠨ ᠪᠢᠲᠡᠭᠦᠦ ᠬᠠᠰᠢᠶᠠᠨ ᠳ᠋ᠤ᠌ ᠢᠷᠪᠢᠰ ᠢ᠋ ᠬᠣᠷᠢᠵᠠᠢ᠃ ᠬᠠᠰᠢᠶ᠎ᠠ ᠶ᠋ᠢᠨ ᠵᠠᠪᠰᠠᠷ ᠢ᠋ᠶ᠋ᠠᠷ ᠬᠣᠨᠢᠨ ᠤ᠋ ᠬᠥᠯ ᠮᠢᠬ᠎ᠠ ᠰᠢᠳᠡᠵᠦ᠂ ᠮᠣᠳᠣᠨ ᠴᠣᠬᠣᠤ ᠳ᠋ᠤ᠌ ᠤᠰᠤ ᠳᠦᠭᠦᠷᠭᠡᠵᠦ ᠥᠭᠭᠦᠨ᠎ᠡ᠃ ᠰᠡᠷᠡᠯᠵᠢ ᠶ᠋ᠢᠨ ᠮᠣᠳᠣ ᠶ᠋ᠢ ᠢᠷᠪᠢᠰ ᠰᠡᠳᠡᠷᠡᠲᠡᠯ᠎ᠡ ᠮᠡᠷᠡᠵᠦ᠂ ᠬᠥᠮᠦᠨ ᠦᠵᠡᠩᠭᠦᠲᠡ ᠬᠥᠯ ᠦ᠋ᠨ ᠢ᠋ᠶ᠋ᠡᠨ ᠵᠠᠪᠰᠠᠷ ᠲᠣᠯᠣᠭᠠᠢ ᠪᠠᠨ ᠰᠢᠷᠭᠤᠭᠤᠯᠤᠨ ᠨᠢᠳᠦ ᠪᠡᠨ ᠨᠢᠭᠤᠨ᠎ᠠ᠃ ᠠᠷᠭᠠᠯ ᠤ᠋ᠨ ᠤᠲᠤᠭ᠎ᠠ᠂ ᠬᠥᠮᠦᠨ᠂ ᠮᠠᠯ ᠤ᠋ᠨ ᠦᠨᠦᠷ ᠲᠦ᠍ ᠲᠠᠷᠴᠢᠯᠠᠭᠰᠠᠨ ᠲᠡᠷᠡ ᠢᠷᠪᠢᠰ ᠡᠷᠬᠡ ᠴᠢᠯᠥᠭᠡ ᠮᠥᠷᠥᠭᠡᠳᠦᠨ ᠰᠢᠲᠦ ᠪᠡᠨ ᠬᠤᠷᠴᠠᠯᠠᠵᠤ ᠬᠡᠪᠲᠡᠬᠦ ᠪᠣᠯᠪᠠ᠃

ᠬᠠᠷ᠎ᠠ ᠡᠷᠴᠢᠰ ᠦ᠋ᠨ ᠤᠰᠤᠨ ᠳ᠋ᠤ᠌ ᠣᠢᠵᠤ ᠦᠬᠦᠭᠰᠡᠨ ᠬᠣᠶᠠᠷ ᠲᠤᠭᠤᠯ ᠤ᠋ᠨ ᠮᠢᠬ᠎ᠠ ᠪᠠᠷ ᠬᠣᠭᠣᠯᠠᠯᠠᠬᠤ ᠭᠡᠲᠡᠯ᠎ᠡ ᠢᠷᠪᠢᠰ ᠲᠡᠭᠦᠨ ᠢ ᠲᠣᠭᠣᠵᠤ ᠵᠣᠭᠣᠭᠯᠠᠭᠰᠠᠨ ᠦᠭᠡᠢ᠂ ᠬᠣᠰᠢᠭᠤ ᠪᠠᠷ ᠢ᠋ᠶ᠋ᠠᠨ ᠲᠥᠷᠥᠵᠦ ᠬᠣᠯᠠᠳᠠᠭᠤᠯᠪᠠ᠃ ᠢᠷᠪᠢᠰ ᠠᠮᠢᠰᠬᠤᠭᠠᠳᠠᠨ ᠴᠡᠭᠡᠵᠢ ᠪᠡᠨ ᠬᠤᠷᠵᠢᠭᠢᠨᠠᠭᠤᠯᠤᠨ ᠬᠣᠷᠣᠰᠤᠯᠲᠠᠢ ᠬᠡᠪᠲᠡᠬᠦ ᠶ᠋ᠢ ᠬᠣᠩ ᠲᠠᠢᠵᠢ ᠣᠯᠠᠨᠲᠠ ᠬᠠᠷᠠᠵᠠᠢ᠃
—  ᠢᠷᠪᠢᠰ ᠢ ᠰᠤᠯᠠᠯᠠ! ᠭᠡᠵᠦ ᠬᠣᠩ ᠲᠠᠢᠵᠢ ᠨᠢᠭᠡ ᠡᠳᠦᠷ ᠬᠠᠰᠬᠢᠷᠪᠠ᠃
—  ᠮᠡᠳᠡᠯ᠎ᠡ ᠭᠡᠵᠦ ᠳᠡᠮᠪᠡᠷᠢᠯ ᠬᠠᠷᠢᠭᠤᠯᠪᠠ᠃

ᠠᠷᠳᠠᠭ ᠬᠤᠷᠳᠤᠨ ᠮᠣᠷᠢ ᠲᠠᠢ ᠳᠡᠮᠪᠡᠷᠢᠯ ᠰᠠᠷᠠᠪᠴᠢ ᠶ᠋ᠢᠨ ᠥᠷᠥᠭᠡᠰᠦᠨ ᠪᠤᠯᠤᠩ ᠢ ᠪᠤᠭᠤᠢᠯᠢᠳᠠᠨ ᠲᠠᠲᠠᠵᠤ ᠬᠤᠷᠢᠶᠠᠯ᠎ᠠ᠃ ᠴᠠᠭᠠᠨ ᠢᠷᠪᠢᠰ ᠴᠠᠭᠠᠨ ᠰᠤᠮᠤ ᠮᠡᠲᠦ ᠳᠡᠭᠦᠯᠢᠯ᠎ᠡ᠃ ᠢᠷᠪᠢᠰ ᠦ᠋ᠨ ᠬᠣᠰᠢᠭᠤ ᠨᠢ ᠨᠠᠷᠢᠰᠤᠨ ᠰᠢᠪᠠᠭᠤᠨ ᠤ᠋ ᠬᠢ ᠰᠢᠭ ᠪᠣᠯᠵᠤ᠂ ᠤᠷᠲᠤ ᠬᠣᠶᠠᠷ ᠬᠥᠯ ᠢ᠋ᠶ᠋ᠡᠨ ᠬᠥᠪᠴᠢᠯᠡᠨ ᠵᠢᠭᠢᠵᠦ᠂ ᠬᠤᠷᠢᠶᠠᠭᠰᠠᠨ ᠪᠡᠶ᠎ᠡ ᠨᠢ ᠲᠡᠨᠢᠢᠬᠦ ᠳ᠋ᠦ᠍ ᠭᠡᠳᠡᠰᠦ ᠬᠡᠪᠡᠯᠢ ᠨᠢ ᠰᠤᠨᠵᠤ ᠬᠣᠢᠲᠤ ᠬᠣᠶᠠᠷ ᠬᠥᠯ ᠢ᠋ᠶ᠋ᠡᠷ ᠢ᠋ᠶ᠋ᠡᠨ ᠡᠷᠡᠭᠦᠯ ᠭᠠᠵᠠᠷ ᠢ ᠣᠩᠭᠢᠯᠤᠨ ᠲᠡᠢᠷᠴᠦ ᠲᠣᠭᠣᠰᠣ ᠪᠣᠰᠬᠠᠨ ᠳᠡᠭᠦᠯᠢᠬᠦ ᠳ᠋ᠦ᠍ ᠶᠡᠬᠡ ᠬᠦᠷᠢᠶᠡᠨ ᠦ᠌ ᠭᠠᠳᠠᠨ᠎ᠠ ᠦᠢᠮᠡᠭᠡᠨ ᠳᠡᠭᠳᠡᠪᠡ᠃

ᠳᠡᠮᠪᠡᠷᠢᠯ ᠵᠠᠩᠵᠤᠨ ᠤ᠋ ᠤᠨᠤᠭᠰᠠᠨ ᠬᠦᠷᠡᠩ ᠮᠣᠷᠢ ᠢᠨᠴᠠᠭᠠᠨ ᠦᠯᠦ ᠦᠰᠦᠷᠬᠦ ᠳ᠋ᠦ᠍ ᠮᠣᠷᠢᠨ ᠤ᠋ ᠭᠦᠷᠡᠭᠡ ᠡᠴᠡ ᠬᠦᠷᠡᠩ ᠴᠢᠰᠤ ᠣᠯᠣᠭᠠᠢᠳᠤᠯ᠎ᠠ᠃

ᠡᠴᠢᠭᠡ ᠬᠣᠩ ᠲᠠᠢᠵᠢ ᠡᠨᠡ ᠦᠶ᠎ᠡ ᠳ᠋ᠦ᠍ ᠣᠮᠣᠭᠯᠠᠩ ᠬᠡᠭᠡᠷ ᠮᠣᠷᠢ ᠲᠠᠢ ᠪᠠᠨ ᠡᠷᠴᠢᠯᠡᠨ ᠤᠬᠤᠰᠬᠢᠪᠡ᠃ ᠡᠴᠢᠭᠡ ᠶ᠋ᠢᠨ ᠮᠠᠬᠢᠷ ᠰᠡᠯᠡᠮ᠎ᠡ ᠶ᠋ᠢᠨ ᠢᠷ ᠡᠴᠡ ᠭᠡᠷᠡᠯ ᠣᠢᠯ᠎ᠠ᠃ ᠡᠴᠢᠭᠡ ᠬᠠᠭᠠᠨ ᠰᠡᠯᠡᠮ᠎ᠡ ᠪᠡᠨ ᠰᠤᠭᠤᠯᠵᠤ ᠰᠤᠨᠤᠨ ᠳᠡᠭᠦᠯᠢᠵᠦ ᠶᠠᠪᠤᠭ᠎ᠠ ᠴᠠᠭᠠᠨ ᠢᠷᠪᠢᠰ ᠢ ᠪᠠᠬᠠᠷᠬᠠᠨ ᠰᠢᠷᠳᠡᠨ᠎ᠡ᠃

ᠳᠡᠮᠪᠡᠷᠢᠯ ᠪᠣᠯ ᠴᠣᠷᠣᠰ ᠴᠡᠷᠢᠭ ᠦ᠋ᠨ ᠳᠤᠮᠳᠠ ᠡᠴᠡ ᠰᠡᠯᠡᠮᠡᠳᠡᠬᠦ ᠡᠷᠳᠡᠮ ᠳ᠋ᠦ᠍ ᠪᠣᠯᠪᠠᠰᠤᠷᠠᠭᠰᠠᠨ ᠨᠢᠭᠡᠨ ᠶᠤᠮ᠃

ᠪᠤᠵᠢᠭᠢᠨᠠᠭᠠᠨ ᠨᠢᠳᠦ ᠢᠷᠮᠡᠬᠦ ᠵᠠᠭᠤᠷ᠎ᠠ ᠪᠣᠯᠵᠤ ᠥᠩᠭᠡᠷᠡᠯ᠎ᠡ᠃ ᠡᠴᠢᠭᠡ ᠬᠣᠩ ᠲᠠᠢᠵᠢ ᠶ᠋ᠢᠨ ᠨᠠᠷᠠᠨ ᠤ᠋ ᠭᠡᠷᠡᠯ ᠣᠢᠬᠤ ᠰᠡᠯᠡᠮ᠎ᠡ ᠶ᠋ᠢᠨ ᠦᠵᠦᠭᠦᠷ ᠡᠴᠡ ᠴᠢᠰᠤ ᠲᠣᠰᠴᠤ ᠬᠠᠷᠠᠭᠳᠠᠨ᠎ᠠ᠃ ᠳᠡᠮᠪᠡᠷᠢᠯ ᠫᠡᠷ ᠫᠡᠷ ᠬᠥᠬᠥᠷᠡᠵᠦ᠄
—  ᠬᠠᠭᠠᠨ ᠲᠠ ᠬᠡᠳᠦᠢ ᠳ᠋ᠦ᠍ᠨᠢ ᠪᠦᠯᠢᠵᠦ ᠠᠮᠵᠢᠪᠠ ᠭᠡᠵᠡᠢ᠃
ᠬᠠᠭᠠᠨ ᠡᠴᠢᠭᠡ ᠴᠢᠬᠤᠯᠳᠠᠩᠭᠤᠢ᠂
—  ᠪᠢ ᠢᠷᠪᠢᠰ ᠡᠴᠡ ᠶᠠᠭᠤᠨ ᠳ᠋ᠤ᠌ ᠳᠤᠲᠠᠨ᠎ᠠ ᠭᠡᠵᠦ ᠣᠮᠣᠭ ᠲᠠᠢ ᠪᠠᠷᠳᠠᠮ ᠥᠭᠦᠯᠡᠪᠡ᠃
ᠡᠩ ᠰᠠᠴᠠᠭᠤ ᠳᠡᠮᠪᠡᠷᠢᠯ ᠵᠠᠩᠵᠤᠨ᠂
—  ᠪᠢ ᠴᠦ᠍ ᠢᠷᠪᠢᠰ ᠡᠴᠡ ᠦᠯᠦ ᠳᠤᠲᠠᠨ᠎ᠠ ᠭᠡᠳ ᠰᠡᠯᠡᠮ᠎ᠡ ᠪᠡᠨ ᠰᠡᠭᠰᠦᠷᠬᠦ ᠳ᠋ᠦ᠍ ᠬᠤᠷᠴᠠ ᠲᠣᠷᠭᠠᠨ ᠢᠷ ᠦ᠋ᠨ ᠳᠡᠭᠡᠭᠦᠷ ᠨᠢ ᠪᠦᠨᠵᠢᠢᠭᠰᠡᠨ ᠤᠯᠠᠭᠠᠨ ᠳᠤᠰᠤᠯ ᠤ᠋ᠳ ᠨᠢᠭᠡᠨ ᠢ᠋ᠶ᠋ᠡᠨ ᠬᠥᠭᠡᠭᠡᠴᠡᠯᠳᠦᠬᠦ ᠮᠡᠲᠦ ᠥᠩᠬᠥᠷᠢᠨ᠎ᠡ᠃

ᠳᠡᠮᠪᠡᠷᠢᠯ ᠦ᠋ᠨ ᠮᠣᠷᠢ ᠦᠬᠦᠳᠬᠢᠨ ᠤᠨᠠᠪᠠ᠃ ᠳᠡᠮᠪᠡᠷᠢᠯ ᠪᠣᠰᠤᠭ᠎ᠠ ᠪᠠᠷ ᠢ᠋ᠶ᠋ᠠᠨ ᠭᠠᠵᠠᠷ ᠲᠤ᠌ ᠪᠠᠭᠤᠪᠠ᠃ ᠳᠡᠮᠪᠡᠷᠢᠯ ᠮᠣᠷᠢᠨ ᠤ᠋ ᠪᠠᠨ ᠮᠣᠯᠣᠷ ᠡᠷᠳᠡᠨᠢ ᠲᠣᠯᠣᠭᠠᠢ ᠶ᠋ᠢ ᠣᠭᠲᠣᠯᠵᠤ ᠪᠠᠷᠢᠭᠠᠳ ᠬᠠᠳᠠᠨ ᠬᠠᠯᠢᠯ ᠳ᠋ᠤ᠌ ᠠᠪᠠᠴᠢᠵᠤ ᠲᠠᠯᠪᠢᠬᠤ ᠪᠠᠷ ᠮᠣᠷᠳᠠᠯ᠎ᠠ᠃ ᠬᠠᠷᠢᠨ ᠠᠳᠤᠭᠤᠨ ᠤ᠋ ᠮᠢᠬ᠎ᠠ ᠶ᠋ᠢ ᠤᠰᠤᠨ ᠳ᠋ᠤ᠌ ᠣᠢᠭᠰᠠᠨ ᠲᠤᠭᠤᠯ ᠤ᠋ᠨ ᠰᠡᠭ ᠳᠡᠭᠡᠷ᠎ᠡ ᠬᠠᠶᠠᠪᠠ᠃ ᠴᠠᠭᠠᠨ ᠢᠷᠪᠢᠰ ᠰᠡᠷᠪᠡᠩ ᠬᠠᠳᠠ ᠲᠠᠢ ᠡᠩᠭᠡᠷ ᠢ᠋ ᠥᠭᠰᠥᠵᠦ᠂ ᠠᠭᠤᠯᠠ ᠶ᠋ᠢᠨ ᠬᠢᠷ᠎ᠠ ᠳᠡᠭᠡᠭᠦᠷ ᠳᠡᠭᠦᠯᠢᠭᠰᠡᠭᠡᠷ ᠴᠠᠰᠤ ᠮᠥᠰᠥᠨ ᠦ᠌ ᠬᠥᠯ ᠳ᠋ᠦ᠍ ᠰᠢᠩᠭᠡᠯ᠎ᠡ᠃— ᠭᠠᠯᠳᠠᠨ! ᠭᠡᠮᠡᠨ ᠶᠦᠮ ᠠᠭ᠎ᠠ ᠡᠬᠡ ᠬᠠᠰᠬᠢᠷᠤᠨ ᠳᠠᠭᠤᠳᠠᠪᠠ᠃ ᠭᠠᠯᠳᠠᠨ ᠬᠥᠪᠡᠭᠦᠨ ᠬᠠᠮᠢᠭᠠᠰᠢ ᠪᠠᠨ ᠣᠳᠪᠠ᠃ ᠴᠠᠭᠠᠨ ᠢᠷᠪᠢᠰ ᠭᠠᠯᠳᠠᠨ ᠢ᠋ ᠠᠪᠴᠤ ᠣᠳᠪᠠ ᠭᠡᠵᠦ ᠤᠤ? ᠬᠥᠪᠡᠭᠦᠨ ᠮᠢᠨᠢ ᠭᠡᠵᠦ ᠬᠠᠲᠤᠨ ᠡᠬᠡ ᠲᠠᠭᠤᠲᠠᠯ᠎ᠠ᠃

ᠠᠷᠪᠠᠨ ᠬᠣᠶᠠᠷ

ᠬᠠᠲᠤᠨ ᠡᠬᠡ ᠶᠦᠮ ᠠᠭ᠎ᠠ ᠶ᠋ᠢᠨ ᠦᠷᠭᠦᠭᠡᠨ ᠳ᠋ᠦ᠍ ᠮᠢᠭᠮᠠᠨᠰᠠᠩᠵᠠᠢ ᠥᠬᠢᠨ ᠢ᠋ ᠪᠥᠭᠡᠷ᠎ᠡ ᠡᠬᠡᠨᠡᠷ ᠳᠠᠭᠠᠭᠤᠯᠵᠤ ᠢᠷᠡᠭᠡᠳ ᠪᠠᠷᠠᠭᠤᠨ ᠬᠠᠲᠠᠪᠴᠢᠨ ᠤ᠋ ᠡᠷᠢᠶᠡᠨ ᠠᠯᠠᠭ ᠰᠢᠷᠢᠳᠡᠭ ᠳᠡᠭᠡᠷ᠎ᠡ ᠪᠤᠬᠢᠨᠢᠳᠤᠨ ᠰᠠᠭᠤᠭᠠᠳ᠂
— ᠠᠬᠠᠢᠲᠠᠨ ᠥᠬᠢᠨ ᠢ᠋ ᠠᠪᠴᠢᠷᠠᠯ᠎ᠠ ᠭᠡᠵᠦ ᠳᠣᠷᠣᠢ ᠨᠠᠮᠤᠭᠤᠬᠠᠨ ᠢ᠋ᠶ᠋ᠠᠷ ᠥᠴᠢᠪᠡ᠃ ᠶᠦᠮ ᠠᠭ᠎ᠠ ᠨᠡᠯᠢᠶᠡᠳ ᠠᠭᠠᠳᠠᠵᠤ ᠰᠠᠨᠳᠤᠷᠤᠭᠰᠠᠨ ᠪᠡᠶ᠎ᠡ ᠪᠡᠨ ᠪᠠᠷᠢᠵᠤ᠂
— ᠥᠨᠥᠳᠥᠷ ᠭᠠᠯᠳᠠᠨ ᠲᠠᠢ ᠲᠣᠭᠯᠠᠭᠰᠠᠨ ᠤᠤ ᠭᠡᠮᠡᠨ ᠥᠬᠢᠨ ᠡᠴᠡ ᠠᠶᠠᠳᠠᠭᠤᠬᠠᠨ ᠠᠰᠠᠭᠤᠯ᠎ᠠ᠃
— ᠲᠣᠭᠯᠠᠭᠰᠠᠨ ᠭᠡᠵᠦ ᠮᠢᠭᠮᠠᠨᠰᠠᠩᠵᠠᠢ ᠥᠭᠦᠯᠡᠪᠡ᠃
— ᠬᠡᠳᠦᠢ ᠳ᠋ᠦ᠍᠂ ᠬᠠᠮᠢᠭ᠎ᠠ ᠲᠣᠭᠯᠠᠭᠰᠠᠨ ᠶᠤᠮ᠂ ᠮᠢᠨᠦ ᠥᠬᠢᠨ᠁ ᠭᠡᠵᠦ ᠶᠦᠮ ᠠᠭ᠎ᠠ ᠬᠠᠲᠤᠨ ᠥᠬᠢᠨ ᠡᠴᠡ ᠱᠠᠪᠲᠠᠭᠤᠬᠠᠨ ᠰᠢᠯᠭᠠᠬᠤ ᠳ᠋ᠤ᠌ ᠮᠢᠭᠮᠠᠨᠰᠠᠩᠵᠠᠢ ᠶ᠋ᠢᠨ ᠨᠢᠳᠦ ᠲᠣᠷᠮᠣᠯᠵᠠᠨ ᠡᠬᠡ ᠤᠷᠤᠭᠤ ᠪᠠᠨ ᠬᠠᠷᠠᠪᠠ᠃ ᠪᠥᠭᠡᠷ᠎ᠡ ᠡᠬᠡᠨᠡᠷ ᠥᠬᠢᠨ ᠦ᠌ ᠪᠡᠨ ᠤᠷᠲᠤ ᠱᠠᠩᠬᠤ ᠶ᠋ᠢ ᠢᠯᠢᠵᠦ᠂
— ᠬᠠᠲᠤᠨ ᠳ᠋ᠤ᠌ ᠬᠠᠮᠢᠭ᠎ᠠ ᠶᠠᠭᠤ ᠬᠢᠭᠰᠡᠨ ᠢ᠋ᠶ᠋ᠡᠨ ᠬᠡᠯᠡ᠂ ᠬᠡᠯᠡ ᠭᠡᠯ᠎ᠡ᠃
— ᠮᠢᠭᠮᠠᠨᠰᠠᠩᠵᠠᠢ ᠡᠬᠡ ᠳ᠋ᠡᠭᠡᠨ ᠣᠢᠷᠠᠲᠤᠭᠠᠳ᠂
— ᠴᠠᠭᠠᠨ ᠢᠷᠪᠢᠰ ᠲᠡᠢ ᠲᠣᠭᠯᠠᠭᠰᠠᠨ ᠭᠡᠵᠦ ᠬᠡᠯᠡᠪᠡ᠃
— ᠢᠷᠪᠢᠰ ᠲᠡᠢ ᠬᠡᠨ ᠲᠣᠭᠯᠠᠪᠠ᠃
— ᠭᠠᠯᠳᠠᠨ ᠬᠠᠨ ᠬᠦᠦ᠁
— ᠶᠠᠭᠠᠬᠢᠵᠤ ᠲᠣᠭᠯᠠᠭᠰᠠᠨ ᠪᠣᠢ?
— ᠢᠷᠪᠢᠰ ᠲᠦ᠍ ᠴᠡᠴᠡᠭ ᠦᠨᠦᠷᠲᠦᠭᠦᠯᠵᠦ᠂ ᠨᠢᠳᠦ ᠪᠡᠨ ᠠᠨᠢᠬᠤ ᠪᠠᠷ ᠨᠢ ᠬᠠᠨ ᠬᠦᠦ ᠰᠢᠳᠦ ᠶ᠋ᠢ ᠨᠢ ᠲᠣᠭᠠᠯᠠᠵᠤ᠂ ᠰᠣᠶᠣᠭ᠎ᠠ ᠶ᠋ᠢ ᠨᠢ ᠦᠵᠡᠭᠰᠡᠨ᠃ ᠰᠣᠶᠣᠭ᠎ᠠ ᠨᠢ ᠬᠤᠷᠴᠠ ᠰᠢᠪᠦᠭᠡ ᠶᠤᠮ ᠪᠢᠯᠡ᠃ ᠬᠠᠨ ᠬᠦᠦ ᠰᠣᠶᠣᠭ᠎ᠠ ᠶ᠋ᠢ ᠨᠢ ᠲᠠᠲᠠᠵᠤ ᠴᠢᠩᠭᠠᠭᠠᠵᠤ ᠦᠵᠡᠭᠰᠡᠨ᠂ ᠢᠷᠪᠢᠰ ᠠᠭᠤᠷᠯᠠᠭ᠎ᠠ ᠦᠭᠡᠢ᠃
— ᠶᠠᠮᠠᠷ ᠴᠡᠴᠡᠭ ᠦᠨᠦᠷᠲᠦᠭᠦᠯᠦᠭᠰᠡᠨ ᠶᠤᠮ᠂ ᠥᠬᠢᠨ ᠮᠢᠨᠢ᠁
— ᠴᠡᠴᠡᠭ ᠦ᠋ᠨ ᠪᠤᠳᠠᠩ ᠳᠣᠲᠣᠷ᠎ᠠ ᠡᠴᠡ ᠠᠪᠴᠢᠷᠠᠭᠰᠠᠨ ᠶᠠᠭᠠᠨ ᠴᠡᠴᠡᠭ ᠢ᠋ ᠦᠨᠦᠷᠲᠦᠭᠦᠯᠦᠭᠰᠡᠨ᠃
— ᠭᠠᠯᠳᠠᠨ ᠲᠠ ᠬᠣᠶᠠᠷ ᠡᠷᠲᠡ ᠳ᠋ᠦ᠍ ᠲᠣᠰᠢᠯᠣᠢ ᠲᠡᠭᠦᠬᠦ ᠪᠡᠷ ᠶᠠᠪᠤᠬᠤ ᠳ᠋ᠠᠭᠠᠨ ᠴᠡᠴᠡᠭ ᠦ᠋ᠨ ᠪᠤᠳᠠᠩ ᠳ᠋ᠤ᠌ ᠲᠥᠭᠡᠷᠢᠭᠰᠡᠨ ᠪᠢᠯᠡ ᠤᠤ᠃ ᠲᠡᠭᠡᠬᠦ ᠳ᠋ᠡᠭᠡᠨ ᠴᠡᠴᠡᠭ ᠠᠪᠴᠢᠷᠠᠭᠰᠠᠨ ᠪᠠᠢᠬᠤ ᠨᠢ ᠠ᠋᠃
— ᠲᠡᠢᠮᠦ ᠠ᠋᠂ ᠴᠡᠴᠡᠭ ᠦ᠋ᠨ ᠪᠤᠳᠠᠩ ᠤᠭ᠎ᠠ᠋ᠴᠠ ᠪᠠᠨ ᠶᠠᠭᠠᠨ ᠥᠩᠭᠡ ᠲᠡᠢ ᠰᠢᠦ ᠳᠡ᠃
— ᠭᠠᠯᠳᠠᠨ ᠬᠥᠪᠡᠭᠦᠨ ᠢ᠋ ᠢᠷᠪᠢᠰ ᠲᠡᠢ ᠴᠣᠭ ᠣᠳᠤᠭᠰᠠᠨ ᠢ᠋ ᠬᠠᠷᠠᠭᠰᠠᠨ ᠤᠤ?
— ᠦᠭᠡᠢ᠂ ᠬᠠᠷᠠᠭ᠎ᠠ ᠦᠭᠡᠢ᠃ ᠴᠠᠭᠠᠨ ᠢᠷᠪᠢᠰ ᠭᠠᠯᠳᠠᠨ ᠬᠠᠨ ᠬᠦᠦ ᠶ᠋ᠢ ᠳᠠᠭᠠᠬᠤ ᠭᠡᠳ ᠪᠠᠢᠳᠠᠭ ᠶᠤᠮ᠃
— ᠬᠡᠳᠦᠢ ᠡᠴᠡ᠁
— ᠶᠡᠷᠦ ᠨᠢ ᠠᠯᠢ ᠬᠡᠳᠦᠢᠨᠡᠢ ᠡᠴᠡ᠃ ᠲᠡᠷᠡ ᠴᠠᠭᠠᠨ ᠢᠷᠪᠢᠰ ᠦ᠋ᠨ ᠬᠠᠰᠢᠶ᠎ᠠ ᠰᠠᠷᠠᠪᠴᠢᠨ ᠳ᠋ᠤ᠌ ᠣᠢᠷᠠᠳᠴᠤ᠂ ᠬᠠᠰᠢᠶᠠᠨ ᠳᠣᠲᠣᠷ᠎ᠠ ᠣᠷᠣᠳᠠᠭ ᠬᠥᠮᠦᠨ ᠪᠣᠯ ᠭᠠᠭᠴᠠᠬᠠᠨ ᠭᠠᠯᠳᠠᠨ᠃ ᠲᠡᠷᠡ ᠢᠷᠪᠢᠰ ᠭᠠᠯᠳᠠᠨ ᠢ᠋ ᠬᠠᠷᠠᠬᠤ ᠪᠠᠷ ᠢ᠋ᠶ᠋ᠠᠨ ᠨᠢᠳᠦ ᠨᠢ ᠬᠠᠴᠢᠨ ᠪᠣᠯᠤᠭᠠᠳ ᠬᠡᠪᠲᠡᠭᠡᠳ ᠥᠭᠳᠡᠭ᠃ ᠬᠠᠲᠤᠨᠲᠠᠨ ᠮᠢᠨᠢ᠃
— ᠭᠠᠯᠳᠠᠨ ᠬᠥᠪᠡᠭᠦᠨ ᠢ᠋ ᠴᠡᠴᠡᠭ ᠦᠨᠦᠷᠲᠦᠭᠦᠯᠬᠦ ᠡᠴᠡ ᠡᠮᠦᠨ᠎ᠡ ᠲᠡᠭᠡᠵᠦ ᠬᠡᠪᠲᠡᠳᠡᠭ ᠪᠠᠢᠭᠰᠠᠨ ᠤᠤ?
— ᠴᠠᠭᠠᠨ ᠢᠷᠪᠢᠰ ᠭᠠᠯᠳᠠᠨ ᠬᠥᠪᠡᠭᠦᠨ ᠳ᠋ᠦ᠍ ᠳᠠᠰᠤᠭᠰᠠᠨ ᠭᠡᠵᠦ ᠪᠣᠳᠣᠳᠠᠭ᠃ ᠭᠠᠯᠳᠠᠨ ᠬᠠᠨ ᠬᠦᠦ ᠶ᠋ᠢ ᠪᠢ ᠢᠷᠪᠢᠰ ᠡᠴᠡ ᠬᠣᠯᠠ ᠪᠠᠢ ᠭᠡᠬᠦ ᠳ᠋ᠦ᠍ ᠦᠭᠡᠨ ᠳ᠋ᠦ᠍ ᠣᠷᠣᠳᠠᠭ ᠦᠭᠡᠢ᠃
— ᠬᠠᠰᠢᠶ᠎ᠠ ᠳᠠᠪᠠᠭᠠᠳ ᠭᠠᠯᠳᠠᠨ ᠬᠥᠪᠡᠭᠦᠨ ᠢ᠋ ᠢᠷᠪᠢᠰ ᠲᠡᠢ ᠴᠣᠭ ᠪᠠᠢᠬᠤ ᠶ᠋ᠢ ᠬᠡᠨ ᠬᠠᠷᠠᠭᠰᠠᠨ ᠪᠣᠢ? ᠴᠢᠮ᠎ᠠ ᠡᠴᠡ ᠥᠭᠡᠷ᠎ᠡ ᠬᠥᠮᠦᠨ ᠡᠭᠦᠨ ᠢ᠋ ᠮᠡᠳᠡᠬᠦ ᠤᠤ?
— ᠮᠡᠳᠡᠨ᠎ᠡ᠂ ᠳᠠᠨᠵᠢᠯᠠ ᠮᠡᠳᠡᠨ᠎ᠡ᠃
— ᠪᠢ ᠳᠠᠨᠵᠢᠯᠠ ᠶ᠋ᠢ ᠳᠠᠭᠤᠳᠠᠶ᠎ᠠ᠃ ᠮᠢᠭᠮᠠᠨᠰᠠᠩᠵᠠᠢ ᠥᠬᠢᠨ ᠮᠢᠨᠢ ᠭᠠᠯᠳᠠᠨ ᠬᠥᠪᠡᠭᠦᠨ ᠢᠷᠪᠢᠰ ᠲᠡᠢ ᠴᠣᠭ ᠣᠳᠬᠤ ᠶ᠋ᠢ ᠳᠡᠭᠡᠳᠦ ᠬᠣᠲᠠ᠂ ᠬᠦᠷᠢᠶ᠎ᠡ ᠶ᠋ᠢᠨ ᠬᠢᠨ ᠬᠠᠷᠠᠭᠰᠠᠨ ᠪᠠᠢᠨ᠎ᠠ᠃ ᠴᠢᠮᠠᠶ᠋ᠢ ᠬᠠᠷᠠᠭ᠎ᠠ ᠦᠭᠡᠢ ᠪᠣᠯᠬᠤ ᠪᠠᠷ ᠡᠷᠡᠭᠡᠯᠵᠡᠭᠡᠳ ᠪᠠᠢᠭ᠎ᠠ ᠶᠤᠮ᠃

ᠶᠦᠮ ᠠᠭ᠎ᠠ ᠬᠠᠲᠤᠨ ᠬᠥᠪᠡᠭᠦᠨ ᠦ᠌ ᠪᠡᠨ ᠠᠷᠢᠶᠠᠲᠠᠨ ᠲᠠᠢ ᠲᠣᠭᠯᠠᠵᠤ ᠪᠠᠢᠭᠰᠠᠨ ᠢ᠋ ᠰᠣᠨᠣᠰᠤᠭᠠᠳ ᠤᠯᠠᠮ ᠶᠡᠬᠡ ᠪᠡᠷ ᠠᠶᠤᠵᠤ ᠰᠠᠨᠳᠤᠷᠪᠠ᠃ ᠡᠬᠡ ᠨᠢ ᠰᠠᠨᠳᠤᠷᠤᠭᠰᠠᠨ᠎ᠠ᠋ᠴᠠ ᠪᠠᠨ ᠪᠣᠯᠤᠭᠠᠳ ᠣᠢᠷ᠎ᠠ ᠬᠠᠪᠢ ᠶ᠋ᠢᠨ ᠠᠯᠪᠠᠲᠤ ᠨᠤᠭᠤᠳ ᠢ᠋ ᠴᠤᠭᠯᠠᠭᠤᠯᠪᠠ᠃ ᠡᠷᠳᠡᠨᠢᠪᠠᠭᠠᠲᠤᠷ ᠬᠣᠩ ᠲᠠᠢᠵᠢ ᠳ᠋ᠤ᠌ ᠳᠣᠭᠣᠯᠭᠠᠪᠠ᠃

ᠳᠠᠨᠵᠢᠯᠠ ᠬᠥᠪᠡᠭᠦᠨ ᠪᠣᠯ ᠮᠣᠩᠬᠣᠷ ᠬᠠᠮᠠᠷ ᠲᠠᠢ᠂ ᠵᠢᠷᠲᠡᠭᠡᠷ ᠨᠢᠳᠦ ᠲᠡᠢ᠂ ᠠᠭᠤᠷ ᠲᠠᠢ᠃ ᠭᠠᠯᠳᠠᠨ ᠡᠴᠡ ᠥᠭᠡᠷ᠎ᠡ ᠬᠡᠦᠬᠡᠳ ᠲᠡᠢ ᠲᠣᠭᠯᠠᠳᠠᠭ ᠦᠭᠡᠢ᠂ ᠵᠣᠵᠢᠭ ᠨᠢᠭᠡᠨ ᠪᠥᠯᠥᠭᠡ᠃ ᠳᠠᠨᠵᠢᠯᠠ ᠬᠠᠲᠤᠨ ᠡᠬᠡ ᠶᠦᠮ ᠠᠭ᠎ᠠ ᠳ᠋ᠤ᠌᠂
— ᠮᠡᠳᠡᠬᠦ ᠦᠭᠡᠢ ᠭᠡᠬᠦ ᠡᠴᠡ ᠥᠭᠡᠷ᠎ᠡ ᠦᠭᠡ ᠬᠡᠯᠡᠭᠰᠡᠨ ᠦᠭᠡᠢ᠃ ᠮᠡᠳᠡᠬᠦ ᠦᠭᠡᠢ ᠭᠡᠰᠡᠨ ᠦᠭᠡ ᠮᠢᠩᠭᠠᠨ ᠠᠰᠠᠭᠤᠯᠲᠠ ᠶ᠋ᠢᠨ ᠲᠠᠭᠯᠠᠭ᠎ᠠ ᠪᠣᠯᠵᠠᠢ᠃ ᠠᠩᠴᠢ ᠨᠣᠬᠠᠢ ᠲᠠᠢ᠂ ᠠᠩᠴᠢ ᠪᠦᠷᠭᠦᠳ ᠲᠡᠢ ᠢᠷᠭᠡᠳ ᠠᠷᠠᠳ ᠢ ᠴᠤᠭᠯᠠᠭᠤᠯᠵᠤ ᠬᠠᠨ ᠬᠦᠦ ᠶ᠋ᠢᠨ ᠡᠷᠢᠯ ᠳ᠋ᠦ᠍ ᠭᠠᠷᠭᠠᠬᠤ ᠪᠠᠷ ᠬᠠᠲᠤᠨ ᠡᠬᠡ ᠰᠢᠢᠳᠴᠡᠢ᠃

ᠮᠢᠩᠭ᠎ᠠ ᠮᠢᠩᠭᠠᠨ ᠡᠪᠦᠯᠵᠢᠶ᠎ᠡ ᠬᠠᠪᠤᠷᠵᠢᠶ᠎ᠠ ᠪᠦᠬᠦᠢ ᠠᠯᠲᠠᠢ ᠶ᠋ᠢᠨ ᠨᠢᠷᠤᠭᠤᠨ ᠤ᠋ ᠲᠦᠮᠡᠨ ᠠᠮᠠ᠂ ᠠᠰᠬ᠎ᠠ᠂ ᠰᠠᠯᠠᠭ᠎ᠠ ᠶ᠋ᠢ ᠨᠡᠩᠵᠢᠨ᠎ᠡ ᠭᠡᠪᠡᠯ ᠣᠢᠷᠠᠳ ᠴᠡᠷᠢᠭ ᠦ᠋ᠨ ᠲᠣᠭ᠎ᠠ ᠳᠤᠲᠠᠬᠤ ᠪᠠᠷ ᠪᠠᠢᠯ᠎ᠠ᠃ ᠴᠣᠷᠣᠰ ᠠᠢᠮᠠᠭ ᠤ᠋ᠨ ᠬᠦᠷᠢᠶ᠎ᠡ ᠬᠥᠯ ᠬᠥᠳᠡᠯᠭᠡᠭᠡᠨ ᠳ᠋ᠦ᠍ ᠣᠷᠣᠪᠠ᠃

ᠠᠷᠪᠠᠨ ᠭᠤᠷᠪᠠ

ᠴᠣᠷᠣᠰ ᠠᠢᠮᠠᠭ ᠤ᠋ᠨ ᠶᠡᠬᠡ ᠬᠦᠷᠢᠶᠡᠨ ᠡᠴᠡ ᠤᠷᠤᠭᠰᠢ ᠪᠠᠨ ᠪᠤᠷᠭᠠᠰᠤ ᠤᠯᠢᠶᠠᠰᠤ ᠬᠣᠯᠢᠯᠳᠤᠨ ᠤᠷᠭᠤᠵᠤ᠂ ᠬᠠᠷ᠎ᠠ ᠡᠷᠴᠢᠰ ᠮᠥᠷᠡᠨ ᠦ᠌ ᠤᠰᠤᠨ ᠳ᠋ᠤ᠌ ᠢᠳᠡᠭᠳᠡᠭᠰᠡᠨ ᠥᠨᠳᠥᠷ ᠡᠷᠭᠢ᠂ ᠮᠥᠷᠭᠥᠴᠡᠭ ᠢ ᠳᠠᠯᠳᠠᠯᠠᠨ ᠰᠦᠭᠯᠡᠢᠵᠦ ᠨᠡᠪᠰᠡᠢᠨ᠎ᠡ᠃ ᠶᠡᠬᠡ ᠬᠣᠷᠢᠶᠠᠨ ᠤ᠋ ᠵᠠᠬ᠎ᠠ ᠪᠠᠷ ᠪᠢᠲᠡᠭᠦᠦ ᠬᠠᠷ᠎ᠠ ᠮᠣᠳᠣ ᠲᠠᠢ ᠪᠢᠯᠡ᠃ ᠴᠣᠬᠣᠮ ᠳ᠋ᠠᠭᠠᠨ ᠤᠰᠤᠨ ᠳ᠋ᠤ᠌ ᠬᠠᠬᠠᠭᠰᠠᠨ ᠠᠭᠤᠯᠠ ᠶ᠋ᠢᠨ ᠭᠣᠣᠯ ᠤ᠋ᠨ ᠬᠥᠨᠳᠡᠢ ᠳ᠋ᠦ᠍ ᠡᠪᠡᠰᠦᠨ ᠳᠠᠯᠠᠢ ᠳᠣᠯᠭᠢᠶᠠᠯᠠᠵᠤ ᠨᠠᠮᠤᠷ ᠨᠠᠮᠤᠷ ᠲᠤ᠌ ᠬᠠᠲᠠᠵᠤ ᠬᠠᠭᠳᠠᠷᠠᠭᠰᠠᠨ ᠡᠪᠡᠰᠦ᠂ ᠴᠡᠴᠡᠭ ᠦ᠋ᠨ ᠶᠡᠬᠡ ᠲᠣᠭᠣᠰᠣ ᠬᠥᠨᠳᠡᠢ ᠶ᠋ᠢ ᠳᠦᠭᠦᠷᠭᠡᠨ᠎ᠡ᠃ ᠲᠡᠷᠡ ᠬᠦ᠌ ᠴᠠᠭᠠᠨ ᠲᠣᠭᠣᠰᠣ ᠲᠠᠲᠠᠬᠤ ᠴᠠᠭ ᠢ᠋ᠶ᠋ᠠᠷ ᠵᠡᠭᠡᠷ᠎ᠡ ᠭᠥᠷᠥᠭᠡᠰᠦ ᠮᠠᠯ ᠠᠬᠤᠢ ᠲᠠᠷᠭᠤ ᠲᠠᠪᠠᠷᠠᠭ ᠠᠪᠴᠤ᠂ ᠠᠶᠠᠨᠴᠢᠨ ᠵᠢᠩᠴᠢᠨ ᠲᠥᠪᠡᠳ᠂ ᠣᠷᠣᠰ᠂ ᠯᠠᠯᠤ ᠶ᠋ᠢᠨ ᠣᠷᠣᠨ ᠤᠯᠤᠰ ᠲᠠᠢᠰᠢ ᠬᠦᠪᠦᠷᠡᠵᠦ ᠬᠠᠭᠠᠨ ᠡᠴᠢᠭᠡ ᠠᠪᠠ ᠬᠣᠮᠣᠷᠭᠠᠨ ᠳ᠋ᠤ᠌ ᠮᠣᠷᠳᠠᠳᠠᠭ ᠪᠢᠯᠡ᠃

ᠢᠷᠪᠢᠰ ᠴᠠᠰᠤ ᠮᠥᠰᠥᠨ ᠳ᠋ᠡᠭᠡᠨ ᠮᠣᠷᠢᠯᠠᠵᠤ ᠣᠳᠤᠭᠰᠠᠨ ᠬᠣᠢᠨ᠎ᠠ ᠬᠡᠩᠬᠦᠳᠡᠭ ᠳᠡᠭᠡᠭᠦᠷ ᠢ᠋ᠶ᠋ᠡᠨ ᠬᠠᠷ᠎ᠠ ᠣᠯᠣᠮ ᠲᠠᠢ᠂ ᠵᠡᠭᠦᠨ ᠤᠷᠢᠳᠤ ᠬᠥᠯ ᠨᠢ ᠭᠢᠰᠬᠢᠭᠡ ᠳᠣᠭᠣᠯᠠᠩ ᠴᠠᠭᠠᠨ ᠢᠷᠪᠢᠰ ᠦ᠋ᠨ ᠰᠤᠷᠠᠭ ᠭᠠᠷᠳᠠᠭ ᠪᠠᠢᠭᠰᠠᠨ ᠰᠠᠨ᠃ ᠪᠣᠳᠣᠪᠠᠯ ᠡᠴᠢᠭᠡ ᠬᠠᠭᠠᠨ ᠤ᠋ ᠬᠠᠳᠬᠤᠭᠰᠠᠨ ᠬᠥᠯ ᠨᠢ ᠳᠣᠭᠣᠯᠠᠩ᠂ ᠳᠡᠮᠪᠡᠷᠢᠯ ᠵᠠᠩᠵᠤᠨ ᠤ᠋ ᠵᠦᠰᠦᠭᠰᠡᠨ ᠬᠡᠩᠬᠦᠳᠡᠭ ᠨᠢ ᠬᠠᠷ᠎ᠠ ᠣᠯᠣᠮ ᠲᠠᠢ ᠪᠣᠯᠤᠭᠰᠠᠨ ᠬᠡᠷᠡᠭ ᠪᠢᠵᠡ᠃ ᠭᠠᠯᠳᠠᠨ ᠬᠥᠪᠡᠭᠦᠨ ᠪᠢ ᠴᠠᠭᠠᠨ ᠢᠷᠪᠢᠰ ᠲᠡᠢ ᠴᠣᠭ ᠠᠯᠠᠭ᠎ᠠ ᠪᠣᠯᠵᠤ᠂ ᠲᠡᠭᠦᠨ ᠢ ᠴᠠᠰᠤᠲᠤ ᠠᠭᠤᠯᠠᠨ ᠳ᠋ᠤ᠌ ᠶᠠᠪᠤᠬᠤ ᠶ᠋ᠢ ᠬᠣᠨᠢᠴᠢᠨ ᠬᠠᠷᠠᠭᠰᠠᠨ ᠪᠠᠢᠪᠠ᠃ ᠰᠥᠨᠢ ᠠᠰᠠᠭᠠᠭᠰᠠᠨ ᠲᠦᠮᠡᠨ ᠲᠦᠳᠡᠭ ᠭᠠᠯ ᠤ᠋ᠨ ᠭᠡᠷᠡᠯ ᠳ᠋ᠦ᠍ ᠭᠠᠯᠳᠠᠨ ᠪᠢ ᠭᠡᠨᠡᠳᠲᠡ ᠦᠵᠡᠭᠳᠡᠵᠡᠢ᠃

ᠲᠡᠷᠡ ᠵᠢᠯ ᠦ᠋ᠨ ᠵᠤᠨ ᠵᠡᠭᠦᠨᠭᠠᠷ ᠤ᠋ᠨ ᠬᠠᠭᠠᠨ ᠡᠷᠳᠡᠨᠢᠪᠠᠭᠠᠲᠤᠷ ᠬᠣᠩ ᠲᠠᠢᠵᠢ ᠶ᠋ᠢᠨ ᠦᠷᠭᠦᠭᠡᠨ ᠳ᠋ᠦ᠍ ᠲᠦᠷᠺᠧᠨ᠋ᠰᠲᠠᠨ ᠤ᠋ ᠰᠤᠯᠲᠠᠨ ᠤ᠋ ᠡᠯᠴᠢ ᠲᠥᠯᠥᠭᠡᠯᠡᠭᠴᠢ ᠪᠠᠷ᠎ᠠ ᠪᠣᠯᠣᠭᠰᠠᠳ ᠤ᠋ᠨ ᠬᠠᠮᠲᠤ ᠬᠦᠷᠴᠦ ᠢᠷᠡᠪᠡ᠃ ᠲᠡᠳᠡ ᠳᠥᠷᠪᠡᠨ ᠲᠣᠮᠣ ᠳᠤᠭᠤᠢ ᠪᠦᠬᠦᠢ ᠮᠣᠳᠣᠨ ᠲᠡᠷᠭᠡᠨ ᠳᠡᠭᠡᠷ᠎ᠡ ᠲᠡᠮᠦᠷ ᠰᠡᠷᠡᠯᠵᠢ ᠳᠣᠲᠣᠷ᠎ᠠ ᠰᠢᠷ᠎ᠠ ᠴᠣᠬᠣᠷ ᠪᠠᠷᠰ ᠠᠴᠢᠵᠤ ᠢᠷᠡᠪᠡ᠃ ᠬᠣᠶᠠᠷ ᠪᠠᠷᠰ ᠲᠣᠯᠣᠭᠠᠢ ᠳ᠋ᠠᠭᠠᠨ ᠮᠥᠩᠭᠥᠨ ᠲᠣᠨᠣᠭ ᠲᠠᠢ ᠰᠦᠯᠵᠢᠮᠡᠯ ᠨᠣᠭᠲᠣ ᠲᠠᠢ ᠶᠤᠮ᠃ ᠬᠠᠷ᠎ᠠ ᠰᠠᠬᠠᠯ ᠲᠠᠢ᠂ ᠥᠩᠭᠡᠲᠦ ᠨᠢᠳᠦ ᠲᠡᠢ ᠲᠦᠷᠺ ᠬᠥᠮᠦᠰ ᠪᠠᠷᠰ ᠢ ᠬᠠᠷ᠎ᠠ ᠡᠷᠴᠢᠰ ᠮᠥᠷᠡᠨ ᠦ᠌ ᠤᠰᠤ ᠪᠠᠷ ᠤᠬᠢᠶᠠᠬᠤ ᠳ᠋ᠤ᠌ ᠲᠡᠳᠡᠨ ᠦ᠌ ᠵᠢᠪᠬᠤᠭᠠᠯᠢᠭ ᠪᠡᠶ᠎ᠡ ᠭᠠᠢᠬᠠᠯᠲᠠᠢ ᠥᠩᠭᠡᠵᠢᠨ ᠭᠢᠯᠠᠯᠵᠠᠪᠠ᠃

ᠪᠠᠷᠰ ᠬᠦᠴᠦᠷᠬᠡᠭ ᠥᠷᠭᠡᠨ ᠴᠡᠭᠡᠵᠢ ᠲᠡᠢ᠂ ᠬᠢᠯᠢᠩ ᠪᠠᠳᠠᠷᠠᠭᠰᠠᠨ ᠰᠢᠷ᠎ᠠ ᠤᠶᠠᠭᠠᠲᠤ ᠨᠢᠳᠦ ᠲᠡᠢ᠂ ᠳᠥᠷᠪᠡᠨ ᠬᠥᠯ ᠨᠢ ᠰᠢᠯᠤᠭᠤᠨ᠂ ᠤᠷᠲᠤ ᠴᠣᠬᠣᠷ ᠰᠡᠭᠦᠯ ᠲᠡᠢ ᠪᠠᠢᠪᠠ᠃

ᠪᠠᠷᠰ ᠢ ᠲᠦᠷᠺ ᠦ᠋ᠨ ᠰᠤᠯᠲᠠᠨ ᠤ᠋ ᠬᠠᠲᠤᠳ ᠬᠥᠲᠥᠯᠵᠦ ᠭᠠᠢᠬᠠᠭᠤᠯᠬᠤ ᠡᠴᠡ ᠭᠠᠳᠠᠨ᠎ᠠ ᠥᠪᠡᠷᠲᠡᠭᠡᠨ ᠳᠠᠰᠬᠠᠵᠤ ᠡᠯᠳᠡᠪ ᠬᠠᠯᠳᠠᠯᠭ᠎ᠠ ᠳ᠋ᠤ᠌ ᠥᠷᠲᠥᠬᠦ ᠡᠴᠡ ᠪᠡᠶ᠎ᠡ ᠪᠡᠨ ᠬᠠᠮᠠᠭᠠᠯᠠᠳᠠᠭ ᠪᠠᠢᠵᠠᠢ᠃ ᠪᠠᠷᠰ ᠢ ᠭᠡᠷ ᠲᠦ᠍ ᠢᠳᠡᠭᠡᠰᠢᠭᠦᠯᠬᠦ ᠪᠡᠷ ᠠᠪᠴᠢᠷᠠᠵᠠᠢ᠃

ᠡᠴᠢᠭᠡ ᠬᠠᠭᠠᠨ ᠴᠠᠭᠠᠨ ᠢᠷᠪᠢᠰ ᠢ᠋ ᠭᠡᠷ ᠬᠦᠷᠢᠶᠡᠨ ᠳ᠋ᠦ᠍ ᠳᠠᠰᠬᠠᠵᠤ ᠴᠢᠳᠠᠭ᠎ᠠ ᠦᠭᠡᠢ ᠲᠤᠯᠠ ᠡᠨᠡ ᠬᠦ᠌ ᠬᠣᠶᠠᠷ ᠪᠠᠷᠰ ᠢ᠋ ᠬᠤᠳᠠᠯᠳᠤᠵᠤ ᠠᠪᠤᠭᠰᠠᠨ ᠬᠡᠷᠡᠭ᠃ ᠪᠠᠷᠰ ᠴᠢᠨᠠᠵᠤ ᠪᠣᠯᠭᠣᠭᠠᠭᠰᠠᠨ ᠮᠢᠬ᠎ᠠ ᠢᠳᠡᠨ᠎ᠡ᠃ ᠬᠣᠶᠠᠷ ᠪᠠᠷᠰ ᠪᠠᠭ᠎ᠠ ᠬᠠᠲᠤᠨ ᠠᠮᠢᠨᠳᠠᠷ᠎ᠠ ᠶ᠋ᠢᠨ ᠦᠷᠭᠦᠭᠡᠨ ᠳ᠋ᠦ᠍ ᠥᠨᠵᠢᠵᠦ᠂ ᠰᠥᠨᠢ ᠶ᠋ᠢᠨ ᠴᠠᠭ ᠲᠤ᠌ ᠲᠤᠰᠬᠠᠢ ᠭᠡᠷ ᠲᠦ᠍ ᠬᠣᠨᠣᠳᠠᠭ ᠢᠳᠡᠷ ᠵᠠᠯᠠᠭᠤ ᠶᠡᠬᠡᠮᠰᠦᠭ ᠠᠮᠢᠲᠠᠳ ᠠᠵᠢ᠃

ᠡᠴᠢᠭᠡ ᠬᠠᠭᠠᠨ ᠳ᠋ᠤ᠌ ᠠᠮᠢᠨᠳᠠᠷ᠎ᠠ ᠬᠡᠮᠡᠬᠦ ᠴᠠᠭᠠᠨ ᠰᠣᠷᠮᠤᠤᠰᠤᠲᠤ ᠬᠠᠲᠤᠨ ᠨᠢ ᠠᠮᠢᠨ ᠤ᠋ ᠦᠨ᠎ᠡ ᠲᠡᠢ ᠪᠠᠢᠭᠰᠠᠨ ᠢ᠋ ᠬᠣᠵᠢᠮ ᠮᠡᠳᠡᠭᠰᠡᠨ ᠶᠤᠮ᠃ ᠠᠮᠢᠨᠳᠠᠷ᠎ᠠ ᠶ᠋ᠢ ᠢᠷᠡᠭᠰᠡᠨ ᠡᠴᠡ ᠬᠣᠢᠰᠢ ᠴᠣᠷᠣᠰ ᠣᠪᠣᠭ ᠤ᠋ᠨ ᠬᠣᠲᠠ ᠬᠦᠷᠢᠶᠡᠨ ᠳ᠋ᠦ᠍ ᠰᠠᠨᠠᠭᠠᠨ ᠳ᠋ᠤ᠌ ᠪᠠᠭᠲᠠᠮ᠎ᠠ ᠦᠭᠡᠢ ᠶᠠᠪᠤᠳᠠᠯ ᠵᠢᠯ ᠳᠠᠷᠠᠭᠠᠯᠠᠨ ᠪᠣᠯᠤᠭᠰᠠᠨ ᠢ᠋ ᠭᠠᠯᠳᠠᠨ ᠲᠥᠪᠡᠳ ᠲᠦ᠍ ᠣᠴᠢᠭᠰᠠᠨ ᠬᠣᠢᠨ᠎ᠠ ᠪᠠᠨ ᠮᠠᠭᠤ ᠢᠷᠣ᠎ᠠ ᠭᠡᠮᠡᠨ ᠭᠤᠨᠢᠭᠯᠠᠨ ᠪᠣᠳᠣᠵᠤ ᠪᠢᠯᠡ᠃ ᠡᠨᠡ ᠪᠦᠬᠦ ᠶᠠᠪᠤᠳᠠᠯ ᠲᠡᠭᠦᠨ ᠢ᠋ ᠵᠢᠷᠭᠤᠭᠠᠨ ᠨᠠᠰᠤ ᠲᠠᠢ ᠵᠢᠯ ᠳ᠋ᠦ᠍ ᠪᠣᠯᠤᠭᠰᠠᠨ ᠶᠤᠮ᠃

ᠭᠠᠯᠳᠠᠨ ᠬᠣᠷᠢᠨ ᠵᠢᠯ ᠦ᠋ᠨ ᠳᠠᠷᠠᠭ᠎ᠠ ᠲᠡᠮᠳᠡᠭᠯᠡᠯ ᠬᠥᠲᠥᠯᠵᠡᠢ᠃1671 ᠣᠨ ᠳ᠋ᠤ᠌ ᠪᠤᠶᠤ ᠴᠠᠭᠠᠭᠴᠢᠨ ᠭᠠᠬᠠᠢ ᠵᠢᠯ ᠣᠢᠷᠠᠳ ᠤ᠋ᠨ ᠬᠠᠭᠠᠨ ᠪᠣᠯᠵᠤ᠂ ᠳᠤᠷᠠᠯᠠᠯ ᠤ᠋ᠨ ᠪᠠᠯ ᠠᠮᠰᠠᠭᠰᠠᠨ ᠪᠢᠯᠡ᠃ ᠬᠠᠷᠢᠨ ᠲᠡᠷᠡ ᠡᠴᠢᠭᠡ ᠬᠣᠩ ᠲᠠᠢᠵᠢ ᠰᠢᠭ᠋ ᠢ᠋ᠶ᠋ᠡᠨ ᠳᠤᠷᠠᠯᠠᠮᠠᠬᠠᠢ ᠨᠢᠭᠡᠨ ᠪᠠᠢᠭ᠎ᠠ ᠦᠭᠡᠢ ᠶᠤᠮ᠃ ᠪᠠᠰᠠ ᠤᠢᠳᠤᠮᠠᠬᠠᠢ ᠵᠠᠩ ᠦᠭᠡᠢ ᠪᠠᠢᠯ᠎ᠠ᠂᠂᠂᠂

ᠲᠡᠭᠡᠬᠦ ᠳ᠋ᠦ᠍ ᠭᠠᠯᠳᠠᠨ ᠬᠣᠶᠠᠷ ᠬᠤᠪᠢᠯᠵᠤ᠂ ᠨᠢᠭᠡ ᠨᠢ ᠥᠭᠭᠢᠶᠡᠮᠦᠷ ᠭᠠᠯᠳᠠᠨ ᠯᠠᠮᠠ᠂ ᠨᠥᠭᠦᠭᠡ ᠨᠢ ᠳᠣᠭᠰᠢᠨ ᠭᠠᠯᠳᠠᠨ ᠬᠠᠭᠠᠨ ᠪᠣᠯᠵᠠᠢ᠃

ᠠᠷᠪᠠᠨ ᠳᠥᠷᠪᠡ

ᠽᠠᠮᠪᠥᠭᠠᠷᠪᠥ ᠶ᠋ᠢᠨ ᠴᠠᠰᠤᠲᠤ ᠣᠷᠭᠢᠯ ᠤ᠋ᠨ ᠴᠢᠩᠬ᠎ᠠ ᠳᠡᠭᠡᠷ᠎ᠡ ᠨᠢᠭᠡᠨ ᠪᠦᠳᠡᠭᠢ ᠣᠳᠣ ᠠᠰᠠᠪᠠ᠃ ᠲᠡᠷᠡ ᠬᠦ᠌ ᠪᠦᠭᠡᠭᠡᠨ ᠣᠳᠣᠨ ᠤ᠋ ᠲᠤᠶᠠᠭ᠎ᠠ ᠡᠷᠬᠡᠰ ᠲᠩᠷᠢ ᠶ᠋ᠢᠨ ᠶᠠᠮᠠᠷᠬᠠᠨ ᠣᠷᠣᠨ ᠵᠠᠢ ᠶ᠋ᠢ ᠭᠡᠢᠭᠦᠯᠦᠨ᠎ᠡ ᠪᠣᠢ᠃ ᠪᠦᠭᠡᠭᠡᠨ ᠣᠳᠣᠨ ᠤ᠋ ᠬᠥᠬᠡ ᠲᠤᠶᠠᠭ᠎ᠠ ᠶ᠋ᠢ ᠳᠠᠭᠠᠭᠠᠳ ᠭᠠᠵᠠᠷ ᠳᠡᠯᠡᠬᠡᠢ ᠨᠢᠯ ᠳ᠋ᠡᠭᠡᠨ ᠬᠥᠬᠡ ᠥᠩᠭᠡ ᠪᠡᠷ ᠬᠤᠴᠢᠭᠳᠠᠵᠤ᠂ ᠬᠤᠷᠴᠠ ᠢᠷᠮᠡᠭ ᠲᠡᠢ ᠠᠭᠤᠯᠠᠰ ᠤ᠋ᠨ ᠬᠢᠷ᠎ᠠ ᠳᠡᠭᠡᠭᠦᠷ ᠴᠠᠢᠪᠤᠷ ᠵᠢᠷᠤᠭᠠᠰᠤ ᠲᠠᠲᠠᠵᠠᠢ᠃ ᠬᠥᠬᠡ ᠠᠭᠤᠯᠠᠰ ᠤ᠋ᠨ ᠪᠠᠯ ᠬᠣᠷᠮᠣᠢ᠂ ᠭᠣᠣ ᠵᠢᠯᠠᠭ᠎ᠠ᠂ ᠲᠦᠷᠭᠡᠨ ᠤᠷᠤᠰᠬᠠᠯᠲᠤ ᠭᠣᠣᠯ ᠭᠣᠷᠣᠬ᠎ᠠ᠂ ᠬᠣᠲᠠᠴᠢ ᠨᠣᠬᠠᠳ᠂ ᠬᠣᠨᠢᠨ ᠰᠦᠷᠦᠭ ᠠᠮᠤᠷ ᠲᠠᠢᠪᠤᠩ ᠨᠡᠯᠦᠢᠵᠦ ᠵᠡᠭᠦᠨᠭᠠᠷ ᠤ᠋ᠨ ᠬᠠᠭᠠᠨ ᠡᠷᠳᠡᠨᠢᠪᠠᠭᠠᠲᠤᠷ ᠬᠣᠩ ᠲᠠᠢᠵᠢ ᠶ᠋ᠢᠨ ᠮᠣᠷᠢᠲᠤ ᠴᠡᠷᠢᠭ ᠦ᠋ᠳ ᠨᠤᠮᠤᠷᠠᠨ ᠵᠢᠭᠰᠠᠵᠠᠢ᠃ ᠴᠣᠬᠣᠮ ᠳ᠋ᠠᠭᠠᠨ ᠡᠳᠦᠷ ᠰᠥᠨᠢ ᠶ᠋ᠢᠨ ᠠᠯᠢ ᠨᠢ ᠪᠣᠯᠬᠤ ᠶ᠋ᠢ ᠳᠠᠭᠠᠬᠤ ᠳ᠋ᠤ᠌ ᠪᠡᠷᠬᠡ ᠲᠡᠢ ᠴᠦ᠍ ᠴᠡᠷᠢᠭ ᠦ᠋ᠳ ᠦ᠋ᠨ ᠨᠢᠳᠦᠨ ᠳ᠋ᠦ᠍ ᠬᠢᠯᠢᠩ ᠪᠠᠳᠠᠷᠠᠭᠰᠠᠨ ᠪᠠᠢᠯ᠎ᠠ᠃

ᠵᠢᠭᠰᠠᠭᠠᠯ ᠤ᠋ᠨ ᠨᠥᠭᠦᠭᠡ ᠲᠠᠯ᠎ᠠ ᠳ᠋ᠤ᠌ ᠳᠡᠰ ᠬᠠᠷ᠎ᠠ ᠨᠥᠮᠥᠷᠭᠡ ᠲᠡᠢ ᠪᠠᠭᠠᠲᠤᠷ ᠡᠷ᠎ᠡ ᠭᠠᠷᠴᠤ ᠢᠷᠡᠯ᠎ᠡ᠃ ᠠᠰᠬ᠎ᠠ ᠴᠢᠯᠠᠭᠤ ᠱᠠᠵᠢᠭᠢᠨᠠᠭᠤᠯᠤᠨ ᠲᠡᠭᠦᠨ ᠦ᠌ ᠠᠳᠠᠯᠢ ᠳᠡᠰ ᠬᠠᠷ᠎ᠠ ᠬᠤᠪᠴᠠᠰᠤ ᠲᠠᠢ ᠮᠣᠷᠢᠲᠤ ᠴᠡᠷᠢᠭ ᠦ᠋ᠳ ᠬᠥᠨᠳᠡᠢ ᠳᠦᠭᠦᠷᠭᠡᠪᠡ᠃ ᠡᠨᠡ ᠪᠣᠯ ᠬᠠᠰᠠᠭ ᠤ᠋ᠨ ᠶᠠᠩᠭᠢᠷ ᠰᠤᠯᠲᠠᠨ ᠤ᠋ ᠪᠠᠢᠯᠳᠤᠵᠤ ᠬᠠᠷᠪᠤᠬᠤ ᠳ᠋ᠠᠭᠠᠨ ᠭᠠᠷᠭᠠᠭᠤᠳ ᠵᠡᠷᠯᠢᠭ ᠮᠢᠩᠭᠠᠲᠤ ᠠᠵᠢ᠃ ᠬᠣᠶᠠᠷ ᠲᠠᠯ᠎ᠠ ᠶ᠋ᠢᠨ ᠠᠭᠤᠷ ᠬᠢᠯᠢᠩ ᠳ᠋ᠡᠭᠡᠨ ᠠᠪᠲᠠᠭᠳᠠᠭᠰᠠᠨ ᠴᠡᠷᠢᠭ ᠡᠷᠡᠰ ᠤᠳᠠᠬᠤ ᠦᠭᠡᠢ ᠪᠣᠯᠬᠤ ᠬᠡᠴᠡᠭᠦᠦ ᠲᠤᠯᠤᠯᠳᠤᠭᠠᠨ ᠢ᠋ ᠬᠦᠯᠢᠶᠡᠵᠦ ᠪᠡᠶ᠎ᠡ ᠪᠡᠶ᠎ᠡ ᠤᠷᠤᠭᠤ ᠪᠠᠨ ᠠᠰᠠᠭᠰᠠᠨ ᠭᠠᠯ ᠮᠡᠲᠦ ᠬᠠᠷᠠᠴᠠ ᠴᠢᠯᠠᠭᠤᠳᠠᠨ᠎ᠠ᠃ ᠴᠡᠷᠢᠭ ᠦ᠋ᠳ ᠦ᠋ᠨ ᠬᠠᠷᠠᠴᠠ ᠨᠢᠭᠡᠨ ᠢ᠋ᠶ᠋ᠡᠨ ᠰᠢᠲᠠᠭᠠᠨ᠎ᠠ᠃ ᠮᠣᠷᠢᠳ ᠤ᠋ᠨ ᠲᠤᠭᠤᠷᠠᠢ ᠳᠣᠣᠷᠠᠬᠢ ᠬᠠᠢᠷᠭᠤ ᠴᠢᠯᠠᠭᠤᠨ ᠤ᠋ ᠵᠠᠪᠰᠠᠷ ᠬᠣᠭᠣᠷᠣᠨᠳᠣᠭᠤᠷ ᠥᠨᠳᠥᠷ ᠡᠪᠡᠰᠦ ᠤᠷᠭᠤᠵᠠᠢ᠃ ᠡᠪᠡᠰᠦ ᠨᠢ ᠥᠨᠳᠥᠷ ᠪᠣᠯᠪᠠᠴᠤ ᠰᠠᠢᠷ ᠤ᠋ᠨ ᠴᠢᠯᠠᠭᠤ ᠬᠠᠷᠠᠯᠠᠵᠤ ᠬᠠᠷᠠᠭᠳᠠᠨ᠎ᠠ᠃

ᠳᠡᠰ ᠬᠠᠷ᠎ᠠ ᠨᠥᠮᠥᠷᠭᠡᠲᠦ ᠶᠠᠩᠭᠢᠷ ᠰᠤᠯᠲᠠᠨ ᠪᠣᠯ ᠬᠠᠰᠠᠭ ᠤ᠋ᠨ ᠴᠤᠤᠲᠠᠢ ᠳᠡᠭᠡᠷᠡᠮᠴᠢᠨ ᠲᠡᠳᠦᠢ ᠦᠭᠡᠢ ᠪᠠᠭ᠎ᠠ ᠳ᠋ᠠᠭᠠᠨ ᠴᠢᠨᠣ᠎ᠠ ᠶ᠋ᠢᠨ ᠡᠭᠦᠷ ᠲᠦ᠍ ᠥᠰᠦᠭᠰᠡᠨ ᠬᠡᠮᠡᠬᠦ ᠴᠤᠤᠷᠬᠠᠯ ᠤ᠋ᠨ ᠡᠵᠡᠨ ᠪᠥᠯᠥᠭᠡ᠃ ᠴᠢᠨᠣ᠎ᠠ ᠶ᠋ᠢᠨ ᠬᠥᠬᠥ ᠳᠠᠯᠠᠩ ᠬᠥᠬᠥᠵᠦ᠂ ᠲᠦᠭᠦᠬᠡᠢ ᠮᠢᠬ᠎ᠠ ᠢᠳᠡᠵᠦ᠂ ᠴᠢᠨᠣ᠎ᠠ ᠶ᠋ᠢᠨ ᠰᠦᠷᠦᠭ ᠦ᠋ᠨ ᠳᠤᠮᠳᠠ ᠳᠡᠭᠳᠡᠨ ᠳᠡᠭᠦᠯᠢᠵᠦ ᠶᠠᠪᠤᠭᠰᠠᠨ ᠭᠡᠮᠡᠨ ᠵᠡᠭᠦᠨᠭᠠᠷ ᠳᠠᠶᠠᠭᠠᠷ ᠲᠡᠭᠦᠨ ᠡᠴᠡ ᠠᠶᠤᠮᠰᠠᠨ ᠥᠭᠦᠯᠡᠳᠡᠭ ᠪᠠᠢᠪᠠ᠃ ᠶᠠᠩᠭᠢᠷ ᠰᠤᠯᠲᠠᠨ ᠬᠠᠷ᠎ᠠ ᠮᠣᠷᠢ ᠲᠠᠢ ᠪᠥᠯᠥᠭᠡ᠃ ᠲᠡᠭᠦᠨ ᠦ᠌ ᠡᠷᠡᠦ ᠳ᠋ᠦ᠍ ᠤᠯᠠᠭᠠᠨ ᠰᠠᠬᠠᠯ ᠪᠠᠪᠠᠢᠲᠠᠯ᠎ᠠ ᠤᠷᠭᠤᠵᠤ ᠲᠣᠭᠰᠢᠨ ᠨᠣᠭᠣᠭᠠᠨ ᠨᠢᠳᠦ ᠶ᠋ᠢ ᠨᠢ ᠴᠢᠮᠡᠭᠯᠡᠨ᠎ᠡ᠃ ᠶᠠᠩᠭᠢᠷ ᠰᠤᠯᠲᠠᠨ ᠪᠣᠯᠤᠨ ᠲᠡᠭᠦᠨ ᠦ᠌ ᠮᠣᠷᠢᠲᠤ ᠵᠡᠷᠯᠢᠭ ᠦ᠋ᠳ ᠢᠷ ᠢᠷᠮᠡᠭ ᠨᠢ ᠰᠡᠳᠡ ᠦᠰᠦᠷᠦᠭᠰᠡᠨ ᠲᠡᠮᠦᠷ ᠰᠡᠯᠡᠮ᠎ᠡ ᠲᠡᠢ᠂ ᠬᠦᠨᠳᠦ ᠬᠠᠷ᠎ᠠ ᠲᠡᠮᠦᠷ ᠪᠠᠮᠪᠠᠢ ᠲᠠᠢ ᠠᠵᠤᠭᠤ᠃

ᠬᠥᠬᠡ ᠬᠥᠨᠳᠡᠢ ᠪᠡᠷ ᠴᠡᠷᠢᠭ ᠦ᠋ᠳ ᠳᠦᠭᠦᠷᠪᠡ᠃ ᠴᠡᠷᠢᠭ ᠦ᠋ᠳ ᠡᠮᠬᠢ ᠵᠢᠷᠤᠮ ᠲᠠᠢ ᠠᠵᠢ᠃ ᠡᠷᠳᠡᠨᠢᠪᠠᠭᠠᠲᠤᠷ ᠬᠣᠩ ᠲᠠᠢᠵᠢ ᠶ᠋ᠢᠨ ᠴᠡᠷᠢᠭ ᠦ᠋ᠳ ᠪᠦᠷᠦᠩᠬᠦᠢ ᠳ᠋ᠦ᠍ ᠭᠢᠯᠠᠯᠵᠠᠭᠰᠠᠨ ᠵᠡᠰ ᠰᠡᠯᠡᠮ᠎ᠡ᠂ ᠵᠡᠰ ᠳᠤᠭᠤᠯᠠᠭ᠎ᠠ ᠲᠠᠢ ᠤᠴᠢᠷ ᠴᠠᠭᠠᠨ᠎ᠠ ᠪᠠᠨ ᠨᠠᠨᠳᠢᠨ ᠪᠥᠭᠡᠳ ᠲᠣᠷᠭᠠᠨ ᠴᠡᠷᠢᠭ ᠦ᠋ᠨ ᠰᠢᠨᠵᠢ ᠪᠦᠷᠢᠳᠴᠡᠢ᠃ ᠤᠭ ᠡᠴᠡ ᠵᠡᠭᠦᠨᠭᠠᠷ ᠤ᠋ᠨ ᠨᠤᠲᠤᠭ ᠤᠰᠤ ᠶ᠋ᠢ ᠡᠵᠡᠯᠡᠬᠦ ᠰᠠᠨᠠᠭᠠᠷᠬᠠᠯ ᠡᠪᠦᠷᠲᠦᠯᠡᠵᠦ᠂ ᠮᠠᠯ ᠤ᠋ᠨ ᠪᠡᠯᠴᠢᠭᠡᠷ ᠡᠳ᠋ ᠪᠠᠶᠠᠯᠢᠭ ᠲᠤᠨᠢ ᠰᠢᠨᠤᠨ ᠳᠤᠷᠠᠯᠠᠵᠤ᠂ ᠦᠶ᠎ᠡ ᠦᠶ᠎ᠡ ᠬᠢᠯᠢ ᠶ᠋ᠢᠨ ᠳᠡᠭᠡᠰᠦ ᠠᠯᠬᠤᠵᠤ ᠤᠪᠠᠢ ᠦᠭᠡᠢ ᠳᠡᠭᠡᠷᠡᠮ ᠲᠣᠨᠣᠭ᠎ᠠ ᠬᠢᠳᠡᠭ ᠬᠠᠰᠠᠭ ᠤ᠋ᠨ ᠵᠡᠷᠯᠢᠭ ᠦ᠋ᠳ ᠲᠦ᠍ ᠱᠠᠩ ᠢ᠋ ᠨᠢ ᠬᠦᠷᠲᠡᠭᠡᠬᠦ ᠴᠠᠭ ᠪᠣᠯᠤᠭᠰᠠᠨ ᠭᠡᠵᠦ ᠬᠣᠩ ᠲᠠᠢᠵᠢ ᠪᠣᠳᠣᠨ᠎ᠠ᠃

ᠬᠣᠩ ᠲᠠᠢᠵᠢ ᠶ᠋ᠢᠨ ᠮᠣᠷᠢᠲᠤ ᠴᠡᠷᠢᠭ ᠦ᠋ᠨ ᠭᠤᠷᠪᠠᠨ ᠳᠠᠪᠬᠤᠷ ᠵᠢᠭᠰᠠᠭᠠᠯ ᠤ᠋ᠨ ᠴᠠᠭᠠᠨ᠎ᠠ ᠥᠴᠢᠨᠡᠭᠡᠨ ᠮᠠᠯ ᠠᠳᠤᠭᠤᠰᠤ ᠪᠠᠢᠬᠤ ᠪᠥᠭᠡᠳ ᠵᠢᠤᠵᠠ ᠲᠡᠷᠭᠡᠨ ᠳ᠋ᠦ᠍ ᠵᠡᠭᠦᠨᠭᠠᠷ ᠤ᠋ᠨ ᠬᠠᠭᠠᠨ ᠤ᠋ ᠪᠠᠭ᠎ᠠ ᠬᠠᠲᠤᠨ ᠠᠮᠢᠨᠳᠠᠷ᠎ᠠ ᠵᠠᠯᠠᠷᠠᠵᠤ ᠰᠠᠭᠤᠨ᠎ᠠ᠃ ᠬᠠᠰᠠᠭ ᠤ᠋ᠨ ᠶᠠᠩᠭᠢᠷ ᠰᠤᠯᠲᠠᠨ ᠤ᠋ ᠠᠭᠠᠭ ᠣᠮᠣᠭ ᠢ᠋ ᠳᠠᠷᠤᠵᠤ᠂ ᠬᠣᠩᠰᠢᠶᠠᠷ ᠢ᠋ ᠲᠠᠰᠤ ᠴᠣᠬᠢᠬᠤ ᠰᠤᠷᠠᠭ ᠢ᠋ᠶ᠋ᠠᠷ ᠲᠡᠷᠡ ᠬᠦ᠌ ᠡᠷᠬᠡ ᠲᠠᠩᠬᠢ ᠠᠮᠢᠨᠳᠠᠷ᠎ᠠ ᠬᠠᠲᠤᠨ ᠬᠣᠩ ᠲᠠᠢᠵᠢ ᠡᠴᠡ ᠲᠡᠢᠨ ᠳ᠋ᠦ᠍ ᠠᠪᠴᠤ ᠶᠠᠪᠤᠬᠤ ᠶ᠋ᠢ ᠭᠤᠶᠤᠭᠰᠠᠨ ᠪᠢᠯᠡ᠃ ᠠᠮᠢᠨᠳᠠᠷ᠎ᠠ ᠬᠠᠲᠤᠨ ᠤ᠋ ᠵᠢᠤᠵᠠ ᠲᠡᠷᠭᠡ ᠶ᠋ᠢ ᠵᠢᠭᠰᠠᠭᠠᠯ ᠤ᠋ᠨ ᠲᠡᠷᠢᠭᠦᠨ ᠦᠵᠦᠭᠦᠷ ᠲᠦ᠍ ᠵᠣᠭᠰᠣᠭᠠᠪᠠ᠃ ᠠᠮᠢᠨᠳᠡᠷ᠎ᠠ ᠪᠣᠯ ᠭᠦᠦᠰᠢ ᠬᠠᠨ ᠤ᠋ ᠥᠬᠢᠨ ᠪᠥᠭᠡᠳ ᠦᠯᠢᠭᠡᠷ ᠦ᠋ᠨ ᠭᠦᠩᠵᠦ ᠮᠡᠲᠦ ᠨᠢᠭᠤᠴᠠᠯᠢᠭ ᠪᠦᠰᠡᠭᠦᠢ᠃
ᠠᠩᠬ᠎ᠠ ᠠᠮᠢᠨᠳᠠᠷ᠎ᠠ ᠶ᠋ᠢ ᠡᠴᠢᠭᠡ ᠬᠣᠩ ᠲᠠᠢᠵᠢ ᠬᠠᠷᠠᠩᠭᠤᠲᠠ ᠰᠣᠴᠢᠵᠤ᠂ ᠨᠢᠳᠦᠨ ᠳ᠋ᠡᠭᠡᠨ ᠢᠲᠡᠭᠡᠵᠦ ᠶᠠᠳᠠᠨ ᠭᠠᠢᠬᠠᠵᠠᠢ᠂ ᠲᠤᠩ ᠴᠠᠭᠠᠨ ᠴᠢᠷᠠᠢ ᠲᠠᠢ ᠪᠦᠰᠡᠭᠦᠢ ᠶ᠋ᠢᠨ ᠨᠢᠳᠦᠨ ᠦ᠌ ᠴᠡᠴᠡᠭᠡᠢ ᠨᠢ ᠰᠢᠷᠠᠪᠲᠤᠷ ᠲᠤᠩᠭᠠᠯᠠᠭ᠂ ᠰᠣᠷᠮᠤᠤᠰᠤ ᠨᠢ ᠴᠠᠭᠠᠨ ᠲᠤᠯᠠ ᠭᠡᠷᠡᠯ ᠰᠢᠩᠭᠡᠵᠦ ᠴᠠᠭᠠᠨ ᠨᠢᠳᠦ ᠲᠡᠢ ᠬᠠᠷᠠᠭᠳᠠᠵᠠᠢ᠃ ᠡᠢᠮᠦ ᠬᠠᠷᠠᠴᠠ᠂ ᠰᠣᠷᠮᠤᠤᠰᠤ ᠵᠥᠪᠬᠡᠨ ᠦᠯᠢᠭᠡᠷ ᠲᠦ᠍ ᠭᠠᠷᠳᠠᠭ ᠪᠣᠯᠬᠤ ᠡᠴᠡ ᠬᠥᠮᠦᠨ ᠦ᠌ ᠵᠠᠶᠠᠭᠠᠨ ᠳ᠋ᠤ᠌ ᠪᠠᠢᠬᠤ ᠶᠠᠭᠤᠮ᠎ᠠ ᠭᠡᠵᠦ ᠵᠡᠭᠦᠨᠭᠠᠷ ᠬᠠᠭᠠᠨ ᠲᠥᠰᠦᠭᠡᠯᠡᠭᠡ ᠦᠭᠡᠢ᠃

— ᠴᠢ ᠬᠡᠨ ᠪᠣᠢ ᠭᠡᠮᠡᠨ ᠡᠷᠳᠡᠨᠢᠪᠠᠭᠠᠲᠤᠷ ᠬᠣᠩ ᠲᠠᠢᠵᠢ ᠠᠰᠠᠭᠤᠬᠤ ᠳ᠋ᠤ᠌᠂ ᠪᠦᠰᠡᠭᠦᠢ ᠮᠣᠷᠢᠨ ᠬᠥᠲᠥᠴᠢ᠂ ᠪᠠᠷ᠎ᠠ ᠪᠣᠯᠤᠭᠴᠢ ᠴᠡᠷᠢᠭ ᠦ᠋ᠳ ᠢ᠋ᠶ᠋ᠡᠨ ᠵᠠᠩᠳᠤᠷᠵᠤ᠂
—ᠶᠠᠭᠤᠨ ᠳ᠋ᠤ᠌ ᠵᠣᠭᠰᠣᠨᠠᠮ᠂ ᠶᠠᠪᠤᠭᠠᠴᠢ ᠭᠡᠯ᠎ᠡ᠃

— ᠨᠠᠳᠠᠳᠤ ᠬᠠᠷᠢᠭᠤ ᠡᠰᠡ ᠬᠡᠯᠡᠪᠡᠯ ᠴᠢ ᠡᠭᠦᠷᠢᠳᠡ ᠮᠢᠨᠦᠬᠢ ᠪᠣᠯᠤᠨ᠎ᠠ ᠭᠡᠵᠦ ᠬᠣᠩ ᠲᠠᠢᠵᠢ ᠥᠭᠦᠯᠡᠪᠡᠯ ᠪᠦᠰᠡᠭᠦᠢ ᠤᠴᠠᠭᠠᠷᠯᠠᠨ᠂ ᠴᠢᠮ᠎ᠠ ᠰᠢᠭ ᠬᠥᠭᠰᠢᠨ ᠦ᠌ ᠦᠭᠡ ᠶ᠋ᠢ ᠪᠢ ᠦᠯᠦ ᠲᠣᠭᠣᠨ᠎ᠠ᠃ ᠵᠠᠮ ᠡᠴᠡ ᠬᠣᠯᠠᠳᠠ᠁ ᠭᠡᠪᠡ᠃ ᠬᠣᠩ ᠲᠠᠢᠵᠢ ᠵᠢᠪᠡᠭᠦᠦ ᠬᠦᠷᠴᠦ᠂
— ᠳᠠᠭᠠᠭᠤᠯᠢ ᠨᠤᠭᠤᠳ ᠢ᠋ ᠨᠢ ᠪᠡᠷᠢ ᠭᠡᠵᠦ ᠭᠦᠵᠢᠷᠮᠡᠭ ᠳᠠᠢᠴᠢᠳ ᠲᠠᠭᠠᠨ ᠲᠤᠰᠢᠶᠠᠯ ᠪᠠᠭᠤᠯᠭᠠᠪᠠ᠃

ᠵᠡᠭᠦᠨᠭᠠᠷ ᠤ᠋ᠨ ᠬᠠᠭᠠᠨ ᠤ᠋ ᠪᠠᠭᠠᠲᠤᠷ ᠡᠷᠡᠰ ᠳᠠᠭᠠᠭᠤᠯᠢ ᠴᠡᠷᠢᠭ ᠦ᠋ᠳ ᠢ᠋ ᠮᠣᠷᠢᠨ ᠡᠴᠡ ᠪᠠᠭᠤᠯᠭᠠᠵᠤ᠂ ᠵᠢᠤᠵᠠ ᠲᠡᠷᠭᠡᠨ ᠦ᠌ ᠬᠥᠲᠥᠴᠢ ᠶ᠋ᠢ ᠦᠰᠦᠷᠲᠡᠯ᠎ᠡ ᠠᠯᠠᠭᠠᠳᠠᠪᠠ᠃ ᠶᠠᠪᠠᠭᠠᠷᠠᠭᠰᠠᠨ ᠴᠡᠷᠢᠭ ᠦ᠋ᠳ ᠦ᠋ᠨ ᠰᠡᠯᠡᠮ᠎ᠡ ᠵᠢᠳᠠ ᠶ᠋ᠢ ᠬᠣᠷᠢᠶᠠᠨ ᠠᠪᠤᠪᠠ᠃ ᠬᠣᠷᠣᠮᠬᠠᠨ ᠵᠠᠭᠤᠷ᠎ᠠ ᠪᠣᠯᠤᠭᠰᠠᠨ ᠶᠠᠪᠤᠳᠠᠯ ᠳ᠋ᠤ᠌ ᠭᠠᠢᠬᠠᠭᠰᠠᠨ ᠪᠦᠰᠡᠭᠦᠢ ᠮᠥᠨᠥᠬᠢ ᠰᠢᠷ᠎ᠠ ᠲᠤᠩᠭᠠᠯᠠᠭ ᠨᠢᠳᠦ ᠪᠡᠨ ᠪᠦᠯᠲᠡᠢᠯᠭᠡᠨ᠂ ᠴᠠᠭᠠᠨ ᠰᠣᠷᠮᠤᠤᠰᠤ ᠪᠠᠨ ᠴᠠᠪᠴᠢᠯᠠᠨ ᠰᠠᠨᠳᠤᠷᠴᠤ᠂
— ᠪᠢ ᠭᠦᠦᠰᠢ ᠬᠠᠭᠠᠨ ᠤ᠋ ᠥᠬᠢᠨ ᠠᠮᠢᠨᠳᠠᠷ᠎ᠠ ᠪᠠᠢᠨ᠎ᠠ ᠭᠡᠵᠦ ᠬᠣᠭᠣᠯᠠᠢ ᠪᠠᠨ ᠴᠠᠬᠢᠷᠳᠠᠭᠤᠯᠤᠨ ᠬᠡᠯᠡᠪᠡ᠃

ᠵᠡᠭᠦᠨᠭᠠᠷ ᠤ᠋ᠨ ᠬᠠᠭᠠᠨ ᠡᠷᠳᠡᠨᠢᠪᠠᠭᠠᠲᠤᠷ ᠤ᠋ᠨ ᠵᠢᠷᠲᠡᠭᠡᠷ ᠵᠤᠤᠪᠠᠩ ᠨᠢᠳᠦᠨ ᠦ᠌ ᠬᠠᠷᠠᠴᠠ ᠵᠤᠭ᠎ᠠ ᠲᠠᠢ ᠭᠢᠯᠠᠯᠵᠠᠨ ᠪᠠᠢᠵᠤ᠂
— ᠭᠦᠩᠵᠦ ᠠᠮᠢᠨᠳᠠᠷ᠎ᠠ ᠭᠡᠵᠦ ᠴᠢ ᠤᠤ? ᠰᠢᠪᠠᠭᠤᠬᠠᠢ ᠮᠢᠨᠢ ᠲᠣᠣᠷ ᠲᠤ᠌ ᠣᠷᠣᠯ᠎ᠠ ᠳᠠ᠃ ᠵᠡᠭᠦᠨᠭᠠᠷ ᠤ᠋ᠨ ᠡᠵᠡᠨ ᠦ᠌ ᠠᠯᠲᠠᠨ ᠲᠣᠣᠷ ᠲᠤ᠌ ᠰᠢᠦ᠃ ᠴᠢᠨᠦ ᠡᠴᠢᠭᠡ ᠶ᠋ᠢ ᠪᠢ ᠮᠡᠳᠡᠨ᠎ᠡ᠃ ᠨᠠᠮᠠᠶ᠋ᠢ ᠨᠠᠢᠲᠠᠭᠠᠬᠤ ᠳ᠋ᠤ᠌ ᠰᠣᠴᠢᠳᠠᠭ ᠬᠥᠮᠦᠨ ᠰᠠᠨ᠃ ᠣᠳᠣ ᠲᠡᠷᠡ ᠬᠡᠪ ᠢ᠋ᠶ᠋ᠡᠷ ᠢ᠋ᠶ᠋ᠡᠨ ᠪᠢᠵᠡ᠃ ᠬᠡᠷᠪᠡ ᠨᠠᠳᠠ ᠡᠴᠡ ᠥᠬᠢᠨ ᠢ᠋ᠶ᠋ᠡᠨ ᠬᠠᠷᠠᠮᠯᠠᠬᠤ ᠠᠪᠠᠰᠤ ᠵᠡᠭᠦᠨᠭᠠᠷ ᠤ᠋ᠨ ᠴᠡᠷᠢᠭ ᠦ᠋ᠳ ᠲᠦ᠍ ᠪᠢᠴᠠ ᠳᠡᠪᠰᠡᠭᠦᠯᠬᠦ ᠪᠣᠯᠤᠨ᠎ᠠ ᠭᠡᠮᠡᠨ ᠡᠭᠳᠡᠭᠦᠦ ᠲᠡᠢ ᠥᠭᠦᠯᠡᠪᠡ᠃

ᠠᠮᠢᠨᠳᠠᠷ᠎ᠠ ᠭᠦᠩᠵᠦ ᠶ᠋ᠢᠨ ᠨᠢᠳᠦᠨ ᠳ᠋ᠦ᠍ ᠨᠢᠯᠪᠤᠰᠤ ᠳᠦᠭᠦᠷᠴᠦ ᠴᠠᠭᠠᠨ ᠮᠣᠯᠴᠣᠭ ᠲᠣᠭᠲᠠᠪᠠ᠃ ᠭᠦᠩᠵᠦ ᠶ᠋ᠢᠨ ᠴᠢᠷᠠᠢ ᠴᠣᠩᠬᠢᠢᠵᠠᠢ᠃ ᠠᠷᠠᠴᠢᠭ᠎ᠠ ᠪᠠᠨ ᠠᠯᠳᠠᠵᠤ ᠵᠡᠪᠰᠡᠭ ᠢ᠋ᠶ᠋ᠡᠨ ᠬᠤᠷᠢᠶᠠᠯᠭᠠᠭᠰᠠᠨ ᠴᠥᠭᠡᠨ ᠳᠠᠭᠠᠭᠤᠯᠢ ᠨᠤᠭᠤᠳ ᠢ᠋ᠶ᠋ᠠᠨ ᠭᠦᠩᠵᠦ ᠴᠡᠬᠡᠯᠵᠡᠨ ᠬᠠᠷᠠᠨ᠎ᠠ᠃ ᠲᠡᠭᠦᠨ ᠦ᠌ ᠡᠮᠦᠨ᠎ᠡ ᠠᠭᠰᠤᠮ ᠶᠠᠭᠠᠨ ᠮᠣᠷᠢ ᠲᠠᠢ᠂ ᠡᠩᠭᠡᠷ ᠲᠡᠭᠡᠨ ᠳᠡᠪᠢᠵᠦ ᠪᠣᠢ ᠪᠦᠷᠭᠦᠳ ᠦ᠋ᠨ ᠳᠦᠷᠢ ᠪᠦᠬᠦᠢ ᠳᠤᠭᠤᠢ ᠵᠡᠰ ᠳᠣᠪᠣᠢᠯᠭᠠᠵᠤ᠂ ᠲᠠᠰᠢᠭᠤ ᠡᠩᠭᠡᠷ ᠲᠡᠢ ᠭᠣᠶᠣᠮᠰᠣᠭ ᠳᠡᠪᠡᠯ ᠡᠮᠦᠰᠴᠦ᠂ ᠰᠡᠯᠡᠮ᠎ᠡ ᠠᠭᠰᠠᠭᠰᠠᠨ ᠡᠷᠳᠡᠨᠢᠪᠠᠭᠠᠲᠤᠷ ᠬᠣᠩ ᠲᠠᠢᠵᠢ ᠲᠠᠰᠢᠶ᠎ᠠ ᠲᠤᠯᠤᠨ ᠬᠥᠨᠳᠡᠯᠢᠳᠦᠨ᠎ᠡ᠃ ᠬᠣᠩ ᠲᠠᠢᠵᠢ ᠬᠡᠦᠬᠡᠨ ᠢ᠋ ᠮᠠᠰᠢᠳᠠ ᠱᠣᠬᠣᠭᠣᠷᠬᠠᠨ᠎ᠠ᠃ ᠬᠣᠩ ᠲᠠᠢᠵᠢ ᠶ᠋ᠢᠨ ᠨᠢᠳᠦᠨ ᠦ᠌ ᠬᠠᠷᠠᠴᠠ ᠤᠢᠳᠬᠠᠷ ᠲᠠᠢ ᠠᠵᠢ᠃ ᠭᠡᠬᠦ ᠳ᠋ᠡᠭᠡᠨ ᠠᠮᠢᠨᠳᠠᠷ᠎ᠠ ᠪᠦᠰᠡᠭᠦᠢ ᠶ᠋ᠢ ᠠᠯᠢ ᠬᠡᠳᠦᠢᠨᠡᠢ ᠬᠠᠷᠠᠴᠠ ᠪᠠᠷ ᠢ᠋ᠶ᠋ᠠᠨ ᠲᠣᠨᠣᠵᠤ ᠠᠮᠵᠢᠭᠰᠠᠨ ᠲᠤᠯᠠ ᠪᠦᠰᠡᠭᠦᠢ ᠲᠤᠩ ᠶᠡᠬᠡ ᠡᠮᠵᠡᠭᠯᠡᠨ᠎ᠡ᠃ ᠪᠦᠰᠡᠭᠦᠢ ᠬᠦᠯᠢᠶᠡᠰᠦ ᠲᠡᠢ ᠮᠡᠲᠦ ᠪᠣᠯᠵᠠᠢ᠃ ᠪᠦᠰᠡᠭᠦᠢ ᠦᠭᠡ ᠬᠡᠯᠡᠶ᠎ᠡ ᠭᠡᠲᠡᠯ᠎ᠡ ᠬᠡᠯᠡ ᠨᠢ ᠴᠠᠴᠠᠭᠰᠠᠨ ᠪᠠᠢᠯ᠎ᠠ᠃ ᠵᠥᠷᠢᠵᠦ ᠲᠣᠭᠲᠠᠭᠰᠠᠨ ᠠᠭᠤᠯᠠᠰ ᠤ᠋ᠨ ᠴᠢᠯᠠᠭᠤ ᠨᠤᠷᠠᠵᠤ ᠵᠠᠮ ᠲᠠᠭᠯᠠᠭᠰᠠᠨ ᠲᠤᠯᠠ ᠵᠠᠮ ᠳᠠᠭᠠᠤ ᠬᠣᠩ ᠲᠠᠢᠵᠢ ᠲᠠᠢ ᠲᠠᠭᠠᠷᠠᠨ᠎ᠠ ᠭᠡᠵᠦ ᠬᠡᠨ ᠪᠣᠳᠣᠬᠤ ᠪᠢᠯᠡ᠃
— ᠨᠠᠮᠠᠶ᠋ᠢ ᠲᠠᠨᠢᠬᠤ ᠤᠤ ᠭᠡᠮᠡᠨ ᠡᠷᠳᠡᠨᠢᠪᠠᠭᠠᠲᠤᠷ ᠬᠣᠩ ᠲᠠᠢᠵᠢ ᠠᠰᠠᠭᠤᠪᠠ᠃
— ᠲᠠ ᠬᠠᠭᠠᠨ ᠬᠥᠮᠦᠨ ᠪᠠᠢᠲᠠᠯ᠎ᠠ ᠪᠠᠨ ᠶᠡᠬᠡ ᠵᠠᠮ ᠤ᠋ᠨ ᠳᠡᠭᠡᠷᠡᠮᠴᠢᠨ ᠮᠡᠲᠦ ᠵᠠᠩᠨᠠᠬᠤ ᠶᠠᠭᠤᠨ᠃ ᠨᠠᠮᠠᠶ᠋ᠢ ᠲᠠᠯᠪᠢᠵᠤ ᠶᠠᠪᠤᠭᠤᠯᠪᠠᠯ ᠲᠠᠨ ᠤ᠋ ᠨᠡᠷ᠎ᠡ ᠠᠯᠳᠠᠷ ᠲᠤ᠌ ᠲᠤᠰᠠᠲᠠᠢ ᠪᠤᠰᠤ ᠤᠤ ᠭᠡᠵᠦ ᠠᠮᠢᠨᠳᠠᠷ᠎ᠠ ᠬᠣᠭᠣᠯᠠᠢ ᠪᠠᠨ ᠴᠡᠴᠡᠷᠭᠡᠨᠡᠭᠦᠯᠦᠨ ᠥᠴᠢᠪᠡ᠃

ᠡᠷᠳᠡᠨᠢᠪᠠᠭᠠᠲᠤᠷ ᠬᠣᠩ ᠲᠠᠢᠵᠢ ᠠᠭᠵᠠᠢᠲᠠᠯ᠎ᠠ ᠬᠥᠬᠥᠷᠡᠵᠦ᠂
— ᠨᠠᠳᠠᠳᠤ ᠰᠤᠷᠭᠠᠳᠠᠭ ᠴᠢ ᠬᠡᠨ ᠪᠣᠢ? ᠵᠢᠤᠵᠠ ᠲᠡᠷᠭᠡ ᠶ᠋ᠢ ᠮᠣᠷᠢᠨ ᠡᠴᠡ ᠰᠠᠯᠭᠠᠵᠤ ᠠᠳᠤᠭᠤᠨ ᠤ᠋ ᠬᠥᠯᠥᠰᠥ ᠶ᠋ᠢ ᠬᠠᠲᠠᠭ᠎ᠠ ᠭᠡᠬᠦ ᠳ᠋ᠦ᠍ ᠴᠡᠷᠢᠭ ᠦ᠋ᠳ ᠲᠦᠳᠡᠭᠡᠨ᠎ᠡ ᠶᠣᠰᠣᠭᠠᠷ ᠪᠣᠯᠭᠠᠬᠤ ᠳ᠋ᠤ᠌ ᠵᠢᠤᠵᠠ ᠳ᠋ᠤ᠌ ᠭᠠᠭᠴᠠᠭᠠᠷ ᠢ᠋ᠶ᠋ᠠᠨ ᠬᠣᠴᠣᠷᠤᠭᠰᠠᠨ ᠠᠮᠢᠨᠳᠠᠷ᠎ᠠ ᠪᠦᠯᠲᠡᠭᠡᠨᠡᠨ᠎ᠡ᠃

ᠠᠮᠢᠨᠳᠠᠷ᠎ᠠ ᠨᠢᠭᠡᠨᠲᠡ ᠬᠠᠭᠠᠨ ᠤ᠋ ᠭᠠᠷ ᠲᠤ᠌ ᠣᠷᠣᠭᠰᠠᠨ ᠪᠣᠯᠬᠣᠷ ᠠᠭᠤᠷᠯᠠᠵᠤ ᠤᠴᠠᠭᠠᠷᠯᠠᠬᠤ ᠪᠠᠨ ᠪᠣᠯᠢᠪᠠ᠃ ᠠᠮᠢᠨᠳᠠᠷ᠎ᠠ ᠴᠠᠰᠤ ᠮᠡᠲᠦ ᠴᠠᠭᠠᠨ ᠬᠤᠪᠴᠠᠰᠤ ᠲᠠᠢ ᠪᠠᠢᠪᠠ᠃

ᠡᠷᠳᠡᠨᠢᠪᠠᠭᠠᠲᠤᠷ ᠬᠣᠩ ᠲᠠᠢᠵᠢ ᠳᠥᠷᠥᠭᠡ ᠮᠣᠯᠳᠤᠯᠠᠬᠣ ᠳ᠋ᠤ᠌ ᠮᠣᠷᠢᠨ ᠬᠥᠲᠥᠴᠢ ᠴᠤᠯᠪᠤᠭᠤᠷ ᠢ᠋ ᠲᠣᠰᠴᠤ ᠠᠪᠤᠯ᠎ᠠ᠃ ᠬᠠᠭᠠᠨ ᠵᠢᠤᠵᠠ ᠲᠡᠷᠭᠡᠨ ᠦ᠌ ᠭᠣᠶᠣᠮᠰᠣᠭ ᠬᠥᠨᠳᠡᠯᠡᠨ ᠮᠣᠳᠣᠨ ᠡᠴᠡ ᠠᠳᠬᠤᠵᠤ᠂
— ᠨᠠᠮᠠᠶ᠋ᠢ ᠡᠨᠳᠡ ᠦᠯᠡᠳᠡᠭᠡ ᠭᠡᠵᠦ ᠲᠤᠰᠢᠶᠠᠪᠠ᠃
ᠬᠠᠭᠠᠨ ᠤ᠋ ᠦᠭᠡ ᠶ᠋ᠢ ᠰᠣᠨᠣᠰᠤᠭᠰᠠᠨ ᠡᠷᠡᠴᠦᠳ ᠣᠳᠴᠤ ᠭᠦᠨ ᠬᠠᠪᠴᠢᠯ ᠳᠤᠮᠳᠠ ᠵᠢᠤᠵᠠ ᠲᠡᠷᠭᠡ ᠲᠣᠷᠣᠢᠵᠤ ᠬᠣᠴᠣᠷᠪᠠ᠃ ᠠᠮᠢᠨᠳᠠᠷ᠎ᠠ ᠶ᠋ᠢᠨ ᠴᠠᠭᠠᠨ ᠰᠣᠷᠮᠤᠤᠰᠤᠲᠤ ᠨᠢᠳᠦᠨ ᠳ᠋ᠦ᠍ ᠲᠣᠨᠣᠭᠰᠠᠨ ᠨᠢᠯᠪᠤᠰᠤ ᠰᠥᠨᠢᠵᠢᠨ ᠤᠷᠤᠰᠴᠤ ᠪᠠᠭᠠᠲᠤᠷ ᠬᠣᠩ ᠲᠠᠢᠵᠢ ᠪᠦᠰᠡᠭᠦᠢ ᠶ᠋ᠢ ᠬᠦᠴᠦᠨᠳᠡᠵᠦ ᠦᠷ ᠴᠠᠢᠯᠭᠠᠵᠠᠢ᠃
ᠲᠡᠷᠡ ᠴᠠᠭ ᠡᠴᠡ ᠬᠣᠢᠰᠢ ᠬᠣᠩ ᠲᠠᠢᠵᠢ ᠶ᠋ᠢᠨ ᠬᠠᠮᠤᠭ ᠠᠩᠬᠠᠷᠤᠯ ᠬᠠᠯᠠᠮᠵᠢ ᠠᠮᠢᠨᠳᠠᠷ᠎ᠠ ᠬᠠᠲᠤᠨ ᠳ᠋ᠤ᠌ ᠰᠢᠯᠵᠢᠭᠰᠡᠨ ᠶᠣᠮᠳᠠᠭ᠃ ᠠᠮᠢᠨᠳᠠᠷ᠎ᠠ ᠬᠠᠲᠤᠨ ᠰᠡᠩᠭᠡ ᠠᠬ᠎ᠠ᠂ ᠭᠠᠯᠳᠠᠨ ᠬᠣᠶᠠᠷ ᠢ᠋ ᠪᠠᠢᠩᠭᠤ ᠠᠵᠢᠭᠯᠠᠭᠠᠳ ᠪᠠᠢᠭ᠎ᠠ ᠶ᠋ᠢ ᠮᠡᠳᠡᠭᠡᠳ ᠬᠠᠲᠤᠨ ᠡᠬᠡ ᠡᠴᠡ ᠠᠰᠠᠭᠤᠬᠤ ᠳ᠋ᠤ᠌᠂
— ᠲᠡᠭᠦᠨ ᠦ᠌ ᠨᠢᠳᠦᠨ ᠡᠴᠡ ᠬᠣᠯᠠ ᠪᠠᠢ ᠭᠡᠵᠦ ᠪᠢᠯᠡ᠃

ᠠᠷᠪᠠᠨ ᠲᠠᠪᠤ

ᠮᠠᠨ ᠤ᠋ ᠶᠡᠬᠡ ᠦᠷᠭᠦᠭᠡᠨ ᠦ᠌ ᠴᠢᠩᠬ᠎ᠠ ᠡᠭᠦᠳᠡᠨ ᠳ᠋ᠦ᠍ ᠵᠣᠤᠪᠡ ᠲᠠᠢᠭᠠᠨ ᠠᠮᠢᠳᠤᠷᠠᠨ᠎ᠠ᠃ ᠵᠣᠤᠪᠡ ᠲᠠᠢᠭᠠᠨ ᠬᠠᠲᠤᠨ ᠡᠬᠡ ᠶ᠋ᠢ ᠳᠡᠩᠳᠡᠵᠦ ᠮᠠᠨ ᠤ᠋ ᠳ᠋ᠤ᠌ ᠪᠠᠢᠯ᠎ᠠ᠃ ᠡᠴᠢᠭᠡ ᠬᠣᠩ ᠲᠠᠢᠵᠢ ᠠᠷᠪᠠᠭᠠᠳ ᠲᠠᠢᠭᠠᠨ ᠲᠠᠢ ᠪᠢᠯᠡ᠃ ᠲᠠᠢᠭᠠᠨ ᠨᠤᠭᠤᠳ ᠠᠪᠤᠷᠢ ᠠᠷᠠᠨᠰᠢᠨ ᠬᠡᠷᠴᠡᠭᠡᠢ᠂ ᠪᠡᠶ᠎ᠡ ᠥᠰᠬᠦᠯᠡᠩ᠂ ᠲᠡᠩᠬᠡᠭᠡ ᠲᠠᠮᠢᠷ ᠶᠡᠬᠡ᠂ ᠮᠣᠩᠬᠣᠷ ᠬᠠᠷᠠᠳᠠᠮᠠᠲᠠᠭᠠᠢ ᠵᠠᠩ ᠲᠠᠢ ᠪᠠᠢᠳᠠᠭ᠃ ᠴᠣᠷᠣᠰ ᠠᠢᠮᠠᠭ ᠤ᠋ᠨ ᠬᠣᠲᠠ ᠬᠦᠷᠢᠶ᠎ᠡ ᠨᠢ ᠵᠡᠭᠦᠨᠭᠠᠷ ᠤ᠋ᠨ ᠬᠠᠭᠠᠨ ᠤ᠋ ᠪᠠᠢᠷᠢᠰᠢᠨ ᠰᠠᠭᠤᠬᠤ ᠭᠠᠵᠠᠷ ᠲᠤᠯᠠ ᠥᠷᠭᠡᠵᠢᠨ ᠥᠷᠭᠡᠵᠢᠭᠰᠡᠭᠡᠷ ᠡᠳᠦᠭᠡ ᠶᠢᠰᠦᠨ ᠬᠦᠷᠢᠶᠡᠨ ᠡᠴᠡ ᠪᠦᠲᠦᠬᠦ ᠪᠥᠭᠡᠳ ᠠᠪᠤᠷᠠᠯ ᠤ᠋ᠨ ᠰᠦᠮ᠎ᠡ ᠳᠤᠭᠠᠩ ᠢ᠋ ᠣᠢᠷᠠᠯᠴᠠᠭ᠎ᠠ ᠪᠠᠢᠭᠤᠯᠤᠭᠰᠠᠨ ᠲᠤᠯᠠ ᠰᠠᠭᠤᠷᠢᠨ ᠭᠠᠵᠠᠷ ᠤ᠋ᠨ ᠲᠥᠷᠬᠦ ᠲᠥᠯᠥᠪ ᠢ᠋ ᠣᠯᠵᠠᠢ᠃

ᠶᠡᠬᠡ ᠬᠦᠷᠢᠶ᠎ᠡ ᠶ᠋ᠢ ᠴᠣᠷᠣᠰ ᠠᠢᠮᠠᠭ ᠤ᠋ᠨ ᠬᠦᠷᠢᠶ᠎ᠡ ᠭᠡᠨ᠎ᠡ᠃ ᠳᠤᠮᠳᠠᠳᠤ ᠬᠦᠷᠢᠶ᠎ᠡ ᠨᠢ ᠬᠣᠱᠤᠳ᠂ ᠲᠣᠷᠭᠤᠳ᠂ ᠳᠥᠷᠪᠡᠳ ᠠᠢᠮᠠᠭ ᠤ᠋ᠨ ᠬᠦᠷᠢᠶ᠎ᠡ ᠪᠣᠯᠤᠨ᠎ᠠ᠃ ᠪᠤᠰᠤᠳ ᠨᠢ ᠤᠢᠭᠤᠷ᠂ ᠤᠷᠢᠶᠠᠩᠬᠠᠢ᠂ ᠲᠦᠷᠺ᠂ ᠺᠢᠷᠭᠢᠽ᠂ ᠬᠣᠲᠣᠩ᠂ ᠨᠠᠩᠭᠢᠶᠠᠳ ᠢᠷᠭᠡᠳ᠂ ᠯᠠᠮᠠ ᠨᠠᠷ ᠬᠣᠯᠢᠯᠳᠤᠨ ᠰᠠᠭᠤᠳᠠᠭ ᠬᠣᠲᠠ ᠬᠦᠷᠢᠶᠡᠳ ᠪᠠᠢᠪᠠ᠃

ᠵᠣᠳᠪᠠ ᠲᠠᠢᠭᠠᠨ ᠡᠳᠦᠷ ᠲᠦ᠍ ᠦᠬᠦᠭᠰᠡᠨ ᠮᠡᠲᠦ ᠤᠨᠲᠠᠵᠤ᠂ ᠰᠥᠨᠢ ᠳ᠋ᠡᠭᠡᠨ ᠰᠢᠷ᠎ᠠ ᠰᠢᠪᠠᠭᠤ ᠯᠤᠭ᠎ᠠ ᠡᠷᠦᠬᠡ ᠭᠡᠷ ᠦ᠋ᠨ ᠡᠭᠦᠳᠡ ᠰᠠᠬᠢᠨ᠎ᠠ᠃ ᠲᠠᠢᠭᠠᠨ ᠤ᠋ ᠴᠢᠷᠠᠢ ᠵᠢᠰᠦ ᠬᠥᠷᠯᠡᠬᠡᠷ᠂ ᠬᠥᠳᠡᠯᠭᠡᠭᠡᠨ ᠱᠠᠯᠠᠮᠠᠭᠠᠢ᠂ ᠢᠳᠡᠵᠦ ᠤᠤᠭᠤᠬᠤ ᠳ᠋ᠠᠭᠠᠨ ᠬᠣᠪᠳᠣᠭ ᠨᠢᠭᠡᠨ᠃

ᠵᠣᠳᠪᠠ ᠲᠠᠢᠭᠠᠨ ᠡᠴᠢᠭᠡ ᠬᠣᠩ ᠲᠠᠢᠵᠢ ᠶ᠋ᠢ ᠬᠠᠷᠠᠬᠤ ᠪᠠᠷ ᠢ᠋ᠶ᠋ᠠᠨ ᠰᠦ ᠳᠣᠯᠢᠶᠠᠭᠰᠠᠨ ᠭᠥᠯᠥᠭᠡ ᠮᠡᠲᠦ ᠪᠣᠯᠤᠨ᠎ᠠ᠃ ᠡᠬᠡ ᠬᠠᠲᠤᠨ ᠤ᠋ ᠶᠠᠪᠤᠭᠰᠠᠨ ᠵᠦᠭ ᠲᠡᠢᠰᠢ ᠪᠠᠷ᠎ᠠ ᠶ᠋ᠢᠨ ᠭᠠᠵᠠᠷ ᠡᠴᠡ ᠬᠠᠷᠠᠭᠠᠴᠢᠯᠠᠨ ᠮᠣᠳᠣ᠂ ᠪᠤᠲᠠ᠂ ᠰᠥᠭᠡᠭ ᠦ᠋ᠨ ᠠᠷᠤ ᠪᠠᠷ ᠨᠢᠭᠤᠭᠳᠠᠵᠤ ᠳᠠᠩᠳᠠᠨ ᠳᠠᠭᠠᠨ᠎ᠠ᠃ ᠨᠢᠭᠡ ᠤᠳᠠᠭ᠎ᠠ ᠳᠥᠷᠪᠡᠨ ᠬᠥᠯᠯᠡᠨ ᠤᠯᠢᠶᠠᠰᠤ ᠶ᠋ᠢᠨ ᠰᠤᠨᠠᠭᠠᠷ ᠦᠨᠳᠦᠰᠦ ᠳᠡᠮᠵᠢᠵᠦ ᠪᠠᠢᠬᠤ ᠳ᠋ᠤᠨᠢ ᠰᠡᠩᠭᠡ ᠲᠠᠰᠢᠭᠤᠷ ᠢ᠋ᠶ᠋ᠠᠷ ᠭᠤᠶᠠᠳᠠᠭᠰᠠᠨ ᠶᠤᠮ᠃

ᠵᠣᠣᠪᠠ ᠨᠢᠷᠤᠭᠤ ᠪᠠᠨ ᠬᠣᠲᠣᠢᠯᠭᠠᠨ ᠨᠣᠬᠠᠢ ᠮᠡᠲᠦ ᠭᠠᠩᠭᠢᠨᠠᠵᠤ᠂ ᠬᠥᠭᠡᠴᠦ ᠲᠡᠢ ᠰᠢᠷ᠎ᠠ ᠰᠢᠲᠦ ᠪᠡᠨ ᠢᠷᠵᠠᠢᠯᠭᠠᠨ ᠬᠠᠷᠠᠭᠰᠠᠨ ᠢ᠋ᠶ᠋ᠠᠨ᠂
—  ᠨᠣᠶᠠᠳ᠁ ᠭᠡᠪᠡ᠃ ᠭᠠᠯᠳᠠᠨ ᠳ᠋ᠤ᠌ ᠲᠡᠷᠡ ᠨᠣᠶᠠᠳ ᠭᠡᠰᠡᠨ ᠦᠭᠡ ᠨᠢ ᠨᠣᠬᠠᠳ ᠭᠡᠮᠡᠨ ᠰᠣᠨᠣᠰᠤᠭᠳᠠᠪᠠ᠃

ᠰᠡᠩᠭᠡ ᠳᠠᠬᠢᠭᠠᠳ ᠳᠠᠬᠢᠭᠠᠳ ᠲᠠᠰᠢᠭᠤᠷ ᠢ᠋ᠶ᠋ᠠᠨ ᠳᠠᠯᠠᠢᠬᠤ ᠳ᠋ᠤ᠌ ᠲᠡᠷᠡ ᠪᠡᠷ ᠲᠣᠯᠣᠭᠠᠢ ᠪᠠᠨ ᠳᠠᠷᠤᠵᠤ ᠠᠲᠤᠷᠢᠪᠠ᠃ ᠰᠡᠩᠭᠡ ᠠᠬ᠎ᠠ ᠴᠠᠩᠭᠢᠨᠠᠭᠰᠠᠨ ᠳᠠᠭᠤ ᠪᠠᠷ᠂
— ᠵᠣᠣᠪᠠ ᠴᠢ ᠨᠣᠬᠠᠢ ᠮᠥᠨ ᠤᠤ ᠭᠡᠬᠦ ᠳ᠋ᠦ᠍᠂ ᠵᠣᠣᠪᠠ ᠲᠣᠯᠣᠭᠠᠢ ᠲᠣᠬᠢᠨ᠎ᠠ᠃

ᠰᠡᠩᠭᠡ ᠠᠬ᠎ᠠ᠂
—  ᠵᠣᠣᠪᠠ ᠴᠢ ᠡᠵᠡᠭᠦᠢ ᠣᠢ ᠳ᠋ᠤ᠌ ᠶᠠᠭᠤ ᠪᠠᠨ ᠬᠢᠨ᠎ᠡ ᠭᠡᠬᠦ ᠳ᠋ᠦ᠍ ᠵᠣᠣᠪᠠ ᠤᠷᠲᠤ ᠬᠢᠮᠤᠰᠤ ᠲᠠᠢ ᠮᠣᠢᠨᠣᠭ ᠬᠤᠷᠤᠭᠤ ᠪᠠᠷ ᠢ᠋ᠶ᠋ᠠᠨ ᠲᠦᠭᠦᠯ ᠲᠡᠢᠰᠢ ᠵᠢᠭᠠᠪᠠ᠃

ᠵᠠᠷᠢᠮ ᠮᠥᠴᠢᠷ ᠨᠢ ᠥᠭᠢᠷᠡᠰᠢᠵᠦ᠂ ᠵᠠᠷᠢᠮ ᠨᠢ ᠨᠢᠯᠬᠠᠷᠠᠵᠤ ᠰᠠᠭᠰᠠᠢᠭᠰᠠᠨ ᠪᠤᠷᠭᠠᠰᠤᠨ ᠲᠦᠭᠦᠯ ᠦ᠋ᠨ ᠵᠠᠬ᠎ᠠ ᠳ᠋ᠤ᠌ ᠡᠮᠡᠭᠡᠯ ᠲᠡᠢ ᠮᠣᠷᠢᠳ ᠲᠦᠬᠦᠯᠵᠡᠬᠦ ᠪᠥᠯᠥᠭᠡ᠃

ᠨᠣᠭᠣᠭᠠᠨ ᠭᠥᠯᠢᠮ ᠲᠡᠢ᠂ ᠮᠥᠩᠭᠥᠨ ᠬᠢᠷ᠎ᠠ ᠪᠦᠬᠦᠢ ᠬᠠᠪᠴᠢᠭ ᠪᠦᠭᠦᠷᠭᠡ ᠲᠡᠢ ᠡᠮᠡᠭᠡᠯ ᠲᠣᠬᠣᠭᠰᠠᠨ ᠬᠣᠯᠠ ᠮᠣᠷᠢ ᠬᠠᠲᠤᠨ ᠡᠬᠡ ᠶ᠋ᠢᠨ ᠤᠨᠤᠭ᠎ᠠ᠂ ᠨᠥᠭᠦᠭᠡ ᠬᠥᠬᠡ ᠮᠣᠷᠢᠨ ᠤ᠋ ᠡᠮᠡᠭᠡᠯ ᠠᠭᠤᠵᠢᠮ ᠲᠡᠨᠢᠭᠦᠨ᠂ ᠭᠠᠨᠵᠤᠭᠠᠯᠠᠭ᠎ᠠ ᠤᠷᠲᠤ ᠬᠣᠢᠲᠤ ᠪᠦᠭᠦᠷᠭᠡ ᠳᠠᠮᠨᠠᠭᠤᠯᠤᠨ ᠪᠣᠭᠴᠣ ᠲᠣᠬᠣᠭᠰᠠᠨ ᠵᠡᠷᠭᠡ ᠡᠴᠡ ᠬᠠᠷᠠᠬᠤ ᠳ᠋ᠤ᠌ ᠡᠷ᠎ᠡ ᠬᠥᠮᠦᠨ ᠦ᠌ ᠤᠨᠤᠭ᠎ᠠ ᠪᠣᠯᠤᠯᠲᠠᠢ᠃

ᠰᠡᠩᠭᠡ ᠠᠬ᠎ᠠ ᠵᠣᠣᠪᠠ ᠶ᠋ᠢ ᠪᠤᠴᠠ ᠭᠡᠵᠦ ᠬᠡᠯᠡᠪᠡ᠃ ᠵᠣᠣᠪᠠ ᠶ᠋ᠢᠨ ᠬᠡᠪᠲᠡᠷᠢ ᠪᠣᠯᠬᠤ ᠬᠣᠯᠲᠣᠰᠣ ᠨᠢ ᠬᠣᠪᠬᠣᠷᠠᠵᠤ ᠮᠥᠰᠥ ᠮᠡᠲᠦ ᠭᠢᠯᠲᠠᠢᠭᠰᠠᠨ ᠤᠯᠢᠶᠠᠰᠤ ᠶ᠋ᠢᠨ ᠦᠨᠳᠦᠰᠦ ᠳᠡᠭᠡᠷ᠎ᠡ ᠰᠡᠩᠭᠡ ᠭᠠᠯᠳᠠᠨ ᠲᠠᠢ ᠵᠡᠷᠭᠡᠴᠡᠨ ᠰᠠᠭᠤᠵᠤ ᠲᠠᠭᠠᠭᠳᠠᠰᠢ ᠦᠭᠡᠢ ᠣᠨᠢᠰᠣᠭ᠎ᠠ ᠮᠡᠲᠦ ᠲᠡᠷᠡ ᠵᠦᠭ ᠤᠷᠤᠭᠤ ᠰᠢᠷᠳᠡᠨ᠎ᠡ᠃ ᠵᠣᠣᠪᠠ ᠲᠦᠳᠡᠭᠡᠨ᠎ᠡ ᠰᠤᠷᠠᠭ ᠦᠭᠡᠢ ᠠᠯᠠᠭ᠎ᠠ ᠪᠣᠯᠵᠠᠢ᠃ ᠵᠣᠣᠪᠠ ᠠᠭᠤᠷ ᠲᠠᠢ ᠳᠣᠭᠰᠢᠨ ᠲᠤᠯᠠ ᠬᠠᠷᠠᠴᠤᠤᠯ ᠲᠡᠭᠦᠨ ᠡᠴᠡ ᠢᠯᠡᠳᠲᠡ ᠪᠣᠯᠭᠣᠮᠵᠢᠯᠠᠨ᠎ᠠ᠃ ᠵᠣᠣᠪᠠ ᠬᠠᠷ᠎ᠠ ᠮᠣᠳᠣᠨ ᠣᠢ ᠶ᠋ᠢᠨ ᠭᠦᠨ ᠳ᠋ᠦ᠍ ᠣᠷᠣᠵᠤ ᠬᠤᠷᠳᠤᠯᠠᠨ ᠭᠦᠶᠦᠭᠰᠡᠭᠡᠷ ᠮᠥᠨᠥᠬᠢ ᠪᠤᠷᠭᠠᠰᠤᠨ ᠲᠦᠭᠦᠯ ᠳ᠋ᠦ᠍ ᠰᠢᠷᠭᠤᠵᠤ ᠠᠮᠵᠢᠪᠠ᠃ ᠲᠡᠷᠡ ᠲᠠᠢᠭᠠᠨ ᠬᠠᠲᠤᠨ ᠡᠬᠡ ᠶ᠋ᠢ ᠬᠠᠷᠠᠳᠠᠬᠤ ᠨᠢ ᠠᠶᠤᠮᠰᠢᠭ ᠲᠠᠢ᠃ ᠲᠠᠢᠭᠠᠨ ᠤ᠋ ᠭᠤᠲᠤᠯ ᠤ᠋ᠨ ᠲᠦᠷᠡᠢ ᠳ᠋ᠦ᠍ ᠯᠠᠮᠠ ᠳᠠᠷᠬᠠᠴᠤᠤᠯ ᠤ᠋ᠨ ᠤᠷᠠᠯᠠᠭᠰᠠᠨ ᠰᠢᠪᠦᠭᠡᠨ ᠦᠵᠦᠭᠦᠷ ᠲᠡᠢ ᠴᠢᠴᠢᠭᠦᠷ ᠬᠢᠲᠤᠭ᠎ᠠ ᠶᠠᠪᠤᠨ᠎ᠠ᠃ ᠲᠠᠢᠭᠠᠨ ᠡᠷ᠎ᠡ ᠭᠤᠲᠤᠯ ᠤ᠋ᠨ ᠢ᠋ᠶ᠋ᠠᠨ ᠥᠰᠥᠭᠡᠢ ᠶ᠋ᠢ ᠠᠯᠠᠭᠠᠳᠠᠬᠤ ᠮᠡᠲᠦ ᠪᠣᠯᠬᠤ ᠳ᠋ᠤ᠌ ᠴᠢᠴᠢᠭᠦᠷ ᠬᠢᠲᠤᠭ᠎ᠠ ᠲᠡᠭᠦᠨ ᠦ᠌ ᠭᠠᠷ ᠲᠤ᠌ ᠭᠢᠯᠠᠯᠵᠠᠨ ᠬᠠᠷᠠᠭᠳᠠᠨ᠎ᠠ᠃ ᠬᠢᠲᠤᠭ᠎ᠠ ᠰᠢᠳᠡᠬᠦ ᠳ᠋ᠡᠭᠡᠨ ᠲᠠᠢᠭᠠᠨ ᠳᠡᠩᠳᠡᠭᠦᠦ ᠭᠠᠷᠮᠠᠭᠠᠢ᠂ ᠴᠡᠷᠢᠭ ᠦ᠋ᠨ ᠬᠦᠨᠡᠰᠦ ᠪᠡᠯᠡᠳᠬᠡᠬᠦ ᠦᠶ᠎ᠡ ᠪᠡᠷ ᠤᠯᠠᠢᠷᠠᠭᠰᠠᠨ ᠦᠬᠡᠷ ᠦ᠋ᠨ ᠳᠤᠬᠤᠨ ᠳ᠋ᠤ᠌ ᠴᠢᠴᠢᠭᠦᠷ ᠬᠢᠲᠤᠭ᠎ᠠ ᠵᠣᠭᠣᠭᠠᠵᠤ᠂ ᠦᠬᠡᠷ ᠭᠠᠵᠠᠷ ᠮᠥᠷᠭᠥᠨ ᠤᠨᠠᠬᠤ ᠳ᠋ᠤ᠌ ᠲᠠᠢᠭᠠᠨ ᠬᠢᠲᠤᠭ᠎ᠠ ᠪᠠᠨ ᠳᠤᠬᠤᠨ ᠠ᠋ᠴᠠ ᠨᠢ ᠰᠤᠭᠤ ᠲᠠᠲᠠᠭᠠᠳ ᠲᠦᠳᠡᠭᠡᠨ᠎ᠡ ᠦᠬᠡᠷ ᠦ᠋ᠨ ᠰᠡᠪᠡᠰᠦ ᠲᠡᠢ ᠲᠣᠯᠣᠭᠠᠢ ᠶ᠋ᠢ ᠪᠠᠷᠢᠭᠠᠳ ᠵᠣᠭᠰᠣᠵᠤ ᠪᠠᠢᠵᠠᠢ᠃

ᠦᠬᠡᠷ ᠦ᠋ᠨ ᠦᠬᠦᠵᠦ ᠪᠥᠬᠥᠭᠡ ᠦᠭᠡᠢ ᠨᠢᠳᠦ ᠠᠮᠠᠨ ᠬᠦᠵᠦᠭᠦᠦ ᠪᠡᠷ ᠲᠠᠰᠤᠳᠠᠭᠤᠯᠤᠭᠰᠠᠨ ᠲᠣᠯᠣᠭᠠᠢ ᠳ᠋ᠠᠭᠠᠨ ᠡᠷᠭᠢᠯᠳᠦᠨ᠎ᠡ᠃ ᠵᠣᠣᠪᠠ ᠴᠢᠴᠢᠭᠦᠷ ᠬᠢᠲᠤᠭ᠎ᠠ ᠪᠠᠨ ᠤᠬᠤᠷᠬᠠᠢ ᠳ᠋ᠤᠨᠢ ᠡᠷᠭᠢᠭᠦᠯᠦᠨ ᠦᠬᠡᠷ ᠦ᠋ᠨ ᠨᠢᠳᠦ ᠶ᠋ᠢ ᠠᠪᠴᠤ ᠰᠢᠲᠠᠪᠠ᠃ ᠵᠣᠣᠪᠠ ᠶ᠋ᠢᠨ ᠪᠠᠬ᠎ᠠ ᠬᠠᠨᠤᠵᠤ ᠪᠠᠢᠯ᠎ᠠ᠃ ᠵᠣᠣᠪᠠ ᠪᠣᠯ ᠮᠠᠯ ᠠᠳᠤᠭᠤᠰᠤ ᠪᠠᠢᠲᠤᠭᠠᠢ ᠬᠥᠮᠦᠨ ᠠᠯᠠᠬᠤ ᠳ᠋ᠠᠭᠠᠨ ᠴᠤ᠌ ᠭᠠᠷ ᠰᠢᠷᠦᠭᠦᠨ᠃ ᠵᠣᠣᠪᠠ ᠬᠡᠮᠡᠬᠦ ᠵᠡᠷᠯᠢᠭ ᠲᠠᠢᠭᠠᠨ ᠢ ᠪᠠᠭᠠᠲᠤᠷ ᠬᠣᠩ ᠲᠠᠢᠵᠢ ᠣᠯᠵᠠᠯᠠᠵᠤ ᠢᠷᠡᠭᠡᠳ ᠵᠠᠰᠠᠭ᠎ᠠ ᠶ᠋ᠢ ᠨᠢ ᠥᠪᠡᠷ ᠦ᠋ᠨ ᠭᠠᠷ ᠢ᠋ᠶ᠋ᠠᠷ ᠰᠢᠯᠭᠠᠵᠤ ᠦᠵᠡᠵᠡᠢ᠃ ᠬᠣᠷᠴᠢᠢᠲᠠᠯ᠎ᠠ ᠬᠠᠲᠠᠭᠰᠠᠨ ᠲᠥᠮᠥᠰᠥ ᠶ᠋ᠢᠨ ᠤᠭᠤᠲᠠ ᠶ᠋ᠢ ᠠᠳᠬᠤᠭᠠᠳ ᠪᠠᠭᠠᠲᠤᠷ ᠬᠣᠩ ᠲᠠᠢᠵᠢ ᠭᠤᠶ᠎ᠠ ᠪᠠᠨ ᠠᠯᠠᠭᠠᠳᠠᠵᠤ᠂
—ᠲᠠᠢᠭᠠᠨ ᠮᠥᠨ ᠪᠠᠢᠨ᠎ᠠ᠂ ᠶᠠᠭ ᠮᠥᠨ ᠪᠠᠢᠨ᠎ᠠ ᠭᠡᠵᠡᠢ᠃

ᠵᠤᠤᠪᠠ ᠲᠠᠢᠭᠠᠨ ᠤ᠋ ᠡᠴᠢᠭᠡ ᠬᠣᠷᠭᠣᠯ ᠵᠠᠢᠷᠠᠩ ᠃ ᠬᠣᠷᠭᠣᠯ ᠵᠠᠢᠷᠠᠩ ᠪᠤᠯᠠᠭᠠᠨ ᠭᠣᠣᠯ ᠤ᠋ᠨ ᠬᠠᠰᠠᠭ ᠤ᠋ᠳ ᠲᠠᠢ ᠨᠡᠢᠯᠡᠵᠦ ᠶᠠᠩᠭᠢᠷ ᠰᠤᠯᠲᠠᠨ ᠢ᠋ ᠳᠡᠮᠵᠢᠭᠰᠡᠨ ᠲᠤᠯᠠ ᠪᠠᠭᠠᠲᠤᠷ ᠬᠣᠩ ᠲᠠᠢᠵᠢ ᠴᠡᠷᠢᠭᠯᠡᠨ ᠮᠣᠷᠳᠠᠵᠤ᠂ ᠬᠣᠷᠭᠣᠯ ᠵᠠᠢᠷᠠᠩ ᠢ᠋ ᠠᠯᠠᠵᠤ ᠲᠠᠢᠭᠠᠨ ᠵᠤᠤᠪᠠ ᠶ᠋ᠢ ᠣᠯᠵᠠᠯᠠᠨ ᠠᠪᠴᠠᠢ᠃ ᠵᠤᠤᠪᠠ ᠶ᠋ᠢᠨ ᠠᠬ᠎ᠠ ᠶ᠋ᠢ ᠨᠠᠭᠤᠷ ᠭᠡᠨ᠎ᠡ᠃ ᠨᠠᠭᠤᠷ ᠪᠥᠭᠡᠰᠦ ᠲᠣᠷᠭᠤᠳ ᠤ᠋ᠨ ᠪᠠᠭᠠᠲᠤᠷ ᠶᠤᠮ᠃ ᠶᠦᠮ ᠠᠭ᠎ᠠ ᠬᠠᠲᠤᠨ ᠳ᠋ᠤ᠌ ᠪᠠᠭ᠎ᠠ ᠵᠠᠯᠠᠭᠤ᠎ᠠ᠋ᠴᠠ ᠪᠠᠨ ᠰᠡᠳᠬᠢᠯ ᠠᠯᠳᠠᠷᠠᠨ᠂ ᠲᠡᠭᠦᠨ ᠦ᠌ ᠬᠠᠮᠢᠭ᠎ᠠ ᠶᠠᠪᠤᠭ᠎ᠠ ᠭᠠᠵᠠᠷ ᠥᠳᠥ ᠦᠭᠡᠢ ᠰᠤᠮᠤ ᠢᠯᠡᠭᠡᠳᠡᠭ ᠪᠣᠯᠤᠭᠰᠠᠨ ᠶᠤᠮᠰᠠᠨᠵᠠᠢ᠃ ᠶᠦᠮ ᠠᠭ᠎ᠠ ᠬᠠᠲᠤᠨ ᠤ᠋ ᠥᠯᠮᠡᠢ ᠳᠣᠣᠷ᠎ᠠ ᠥᠳᠥ ᠲᠡᠢ ᠰᠤᠮᠤ ᠰᠢᠩᠬᠤ ᠶ᠋ᠢᠨ ᠨᠣᠭᠣᠭ᠎ᠠ ᠶ᠋ᠢᠨ ᠦᠨᠳᠦᠰᠦ ᠤᠷᠤᠭᠤ ᠲᠦᠷᠢᠵᠦ ᠣᠷᠣᠬᠤ ᠳ᠋ᠤ᠌ ᠬᠠᠲᠤᠨ ᠤ᠋ ᠮᠡᠯᠮᠡᠢ ᠶᠠᠭᠤᠨ ᠳ᠋ᠤ᠌ ᠭᠡᠷᠡᠯ ᠰᠠᠴᠤᠷᠠᠵᠤ ᠵᠠᠷᠤᠴᠠ ᠬᠠᠷ᠎ᠠ ᠬᠦᠦ ᠳ᠋ᠦ᠍ ᠮᠣᠷᠢ ᠡᠮᠡᠭᠡᠯᠯᠡᠬᠦ ᠶ᠋ᠢ ᠲᠤᠰᠢᠶᠠᠪᠠ᠃

ᠥᠳᠥᠲᠦ ᠰᠤᠮᠤ ᠶᠦᠮ ᠠᠭ᠎ᠠ ᠬᠠᠲᠤᠨ ᠢ᠋ ᠬᠠᠮᠢᠭ᠎ᠠ ᠬᠦᠷᠬᠦ ᠶ᠋ᠢ ᠵᠢᠭᠠᠭᠰᠠᠭᠠᠷ ᠪᠤᠷᠭᠠᠰᠤᠨ ᠲᠥᠬᠥᠯ ᠦ᠋ᠨ ᠭᠦᠨ ᠳ᠋ᠦ᠍ ᠠᠪᠴᠢᠷᠠᠪᠠ᠃ ᠨᠠᠭᠤᠷ ᠪᠠᠭᠠᠲᠤᠷ ᠠᠩ ᠤ᠋ᠨ ᠠᠷᠠᠰᠤ ᠶ᠋ᠢᠨ ᠬᠤᠪᠴᠠᠰᠤ ᠬᠤᠨᠠᠷ ᠡᠮᠦᠰᠴᠦ᠂ ᠠᠩᠴᠢᠨ ᠳᠦᠷᠢ ᠪᠡᠷ ᠢᠷᠡᠵᠡᠢ᠃ ᠬᠠᠷ᠎ᠠ ᠬᠦᠦ ᠶ᠋ᠢᠨ ᠨᠢᠳᠦ ᠲᠤᠨᠤᠮᠠᠯ ᠳᠥᠯᠭᠡᠬᠡᠨ᠂ ᠴᠡᠭᠡᠵᠢ ᠳᠥᠷᠪᠡᠯᠵᠢᠨ ᠬᠠᠩᠬᠠᠭᠠᠷ᠂ ᠵᠣᠯᠪᠣᠭᠠᠯᠢᠭ ᠬᠥᠳᠡᠯᠭᠡᠭᠡᠨ ᠲᠡᠢ ᠪᠢᠷᠠᠯᠢᠭ ᠨᠢᠭᠡᠨ ᠪᠠᠢᠪᠠ᠃ ᠶᠦᠮ ᠠᠭ᠎ᠠ ᠭᠣᠣᠯ ᠤᠰᠤᠨ ᠤ᠋ ᠪᠠᠨ ᠬᠠᠩᠬᠠᠭᠠᠷ ᠡᠷ᠎ᠡ ᠶ᠋ᠢ ᠰᠢᠮᠳᠠᠨ ᠬᠠᠷᠠᠭᠠᠳ᠂ ᠳᠤᠷᠠᠮᠠᠬᠠᠨ ᠢ᠋ᠶ᠋ᠠᠷ᠂
— ᠴᠢ ᠭᠡᠷᠯᠡᠭᠰᠡᠨ ᠤᠤ? ᠭᠡᠵᠦ ᠠᠰᠠᠭᠤᠪᠠ᠃ ᠨᠠᠭᠤᠷ ᠪᠠᠭᠠᠲᠤᠷ ᠲᠡᠰᠢᠶ᠎ᠡ ᠲᠤᠯᠤᠭᠰᠠᠨ ᠬᠡᠪ ᠢ᠋ᠶ᠋ᠡᠷ᠂
— ᠠᠬᠠᠢᠲᠠᠨ ᠲᠠ ᠥᠷᠥᠰᠢᠶᠡ᠂ ᠲᠠᠨ ᠢ᠋ ᠪᠢ ᠬᠠᠷᠠᠵᠤ ᠶᠠᠪᠤᠭᠰᠠᠨ᠃ ᠪᠠᠭᠠᠲᠤᠷ ᠬᠣᠩ ᠲᠠᠢᠵᠢ ᠭᠡᠷᠭᠡᠢ ᠪᠡᠨ ᠪᠣᠯᠭᠠᠭᠰᠠᠨ᠃ ᠠᠮᠢᠨᠳᠠᠷ᠎ᠠ ᠶ᠋ᠢ ᠪᠢ ᠵᠡᠭᠦᠳᠦᠯᠡᠵᠦ ᠮᠥᠷᠥᠭᠡᠳᠳᠡᠭ ᠪᠠᠢᠭᠰᠠᠨ᠃ ᠮᠥᠨ ᠪᠠᠭᠠᠲᠤᠷ ᠬᠣᠩ ᠲᠠᠢᠵᠢ ᠬᠦᠴᠦᠷᠬᠡᠢᠯᠡᠵᠦ ᠬᠠᠲᠤᠨ ᠡᠷᠭᠦᠮᠵᠢᠯᠡᠭᠰᠡᠨ᠃ ᠡᠨᠡ ᠤᠴᠢᠷ ᠢ᠋ ᠪᠠᠭᠠᠲᠤᠷ ᠬᠣᠩ ᠲᠠᠢᠵᠢ ᠳ᠋ᠤ᠌ ᠠᠢᠯᠠᠳᠬᠠᠬᠤ ᠠᠪᠠᠰᠤ ᠪᠢ ᠲᠣᠯᠣᠭᠠᠢ ᠪᠠᠨ ᠬᠢᠷᠭᠠᠭᠤᠯᠤᠨ᠎ᠠ᠃ ᠲᠣᠯᠣᠭᠠᠢ ᠲᠠᠢ ᠶᠠᠪᠤᠭ᠎ᠠ ᠳᠡᠭᠡᠷ᠎ᠡ ᠪᠡᠨ ᠲᠠᠨ ᠤ᠋ ᠪᠠᠷ᠎ᠠ ᠶ᠋ᠢ ᠬᠠᠷᠠᠬᠤ ᠪᠠᠷ ᠢᠷᠡᠯ᠎ᠡ ᠭᠡᠪᠡ᠃

ᠤᠭ ᠡᠴᠡ ᠰᠡᠬᠡᠭᠦᠨ ᠵᠠᠩ ᠦᠭᠡᠢ ᠶᠦᠮ ᠠᠭ᠎ᠠ᠂
— ᠥᠨᠳᠥᠷ ᠳᠡᠭᠡᠳᠦ ᠶᠣᠰᠣ ᠲᠥᠷᠥ ᠪᠡᠨ ᠪᠣᠳᠣᠵᠤ ᠨᠠᠮᠠᠶ᠋ᠢ ᠮᠠᠷᠲᠠ᠃ ᠮᠢᠨᠦ ᠬᠥᠪᠡᠭᠦᠳ ᠥᠰᠴᠦ ᠪᠠᠢᠨ᠎ᠠ᠃ ᠨᠡᠷ᠎ᠡ ᠪᠡᠨ ᠪᠣᠳᠣᠬᠤ ᠨᠢ ᠬᠠᠲᠤᠨ ᠬᠥᠮᠦᠨ ᠦ᠌ ᠶᠣᠰᠣ᠃ ᠴᠢᠮ᠎ᠠ ᠮᠡᠲᠦ ᠶ᠋ᠢᠨ ᠴᠤᠤᠲᠠᠢ ᠡᠷ᠎ᠡ ᠳ᠋ᠦ᠍ ᠡᠬᠡᠨᠡᠷ ᠪᠣᠯᠬᠤ ᠪᠦᠰᠡᠭᠦᠢ ᠣᠯᠳᠠᠨ᠎ᠠ᠃ ᠬᠣᠪᠣᠭᠰᠠᠢᠷ ᠤ᠋ᠨ ᠭᠣᠣᠯ ᠳ᠋ᠤ᠌ ᠲᠣᠭᠯᠠᠵᠤ ᠥᠰᠦᠭᠰᠡᠨ ᠮᠢᠨᠢ ᠦᠨᠡᠨ᠃ ᠬᠡᠵᠢᠶ᠎ᠡ ᠬᠣᠢᠨ᠎ᠠ ᠨᠠᠮᠠᠶ᠋ᠢ ᠶᠠᠭᠤᠨ ᠳ᠋ᠤ᠌ ᠵᠣᠪᠠᠭᠠᠨ᠎ᠠ᠃ ᠨᠠᠳᠠᠳᠤ ᠬᠠᠷᠠᠩᠭᠤᠢ ᠰᠢᠭᠤᠢ ᠳ᠋ᠤ᠌ ᠡᠷ᠎ᠡ ᠲᠡᠢ ᠠᠭᠤᠯᠵᠠᠬᠤ ᠵᠠᠪ ᠦᠭᠡᠢ ᠪᠠᠢᠨ᠎ᠠ᠃ ᠰᠠᠯᠠᠭ᠎ᠠ ᠵᠠᠮ ᠣᠭᠲᠣᠯᠤᠯᠴᠠᠪᠠ ᠭᠡᠵᠦ ᠪᠣᠳᠣ᠃ ᠰᠠᠯᠠᠭ᠎ᠠ ᠵᠠᠮ ᠳᠠᠬᠢᠭᠠᠳ ᠰᠠᠯᠠᠭᠠᠯᠠᠵᠤ ᠣᠲᠣᠨᠠᠮ᠃ ᠥᠳᠥᠲᠦ ᠰᠤᠮᠤ ᠪᠠᠨ ᠥᠭᠡᠷ᠎ᠡ ᠡᠬᠡᠨᠡᠷ ᠦ᠋ᠨ ᠵᠦᠭ ᠲᠠᠯᠪᠢᠪᠠᠰᠤ ᠴᠢᠮ᠎ᠠ ᠳ᠋ᠤ᠌ ᠢᠷᠦᠭᠡᠯ ᠢᠷᠡᠨ᠎ᠡ ᠭᠡᠵᠦ ᠬᠡᠯᠡᠲᠡᠯ᠎ᠡ ᠪᠤᠷᠭᠠᠰᠤᠨ ᠤ᠋ ᠮᠥᠴᠢᠷ ᠦ᠋ᠨ ᠲᠣᠭᠠᠯᠠᠩ ᠢ᠋ᠶ᠋ᠠᠷ ᠵᠢᠷᠭᠢᠵᠦ ᠪᠠᠢᠭᠰᠠᠨ ᠪᠣᠷᠣ ᠰᠢᠪᠠᠭᠤ ᠳᠡᠷᠬᠢᠨ ᠨᠢᠰᠦᠯ᠎ᠡ᠃
— ᠲᠠᠢᠭᠠᠨ ᠢᠷᠡᠯ᠎ᠡ ᠭᠡᠵᠦ ᠶᠦᠮ ᠠᠭ᠎ᠠ ᠬᠡᠯᠡᠪᠡ᠃
— ᠪᠢ ᠶᠠᠪᠤᠯ᠎ᠠ ᠭᠡᠵᠦ ᠨᠠᠭᠤᠷ ᠪᠠᠭᠠᠲᠤᠷ ᠬᠡᠯᠡᠪᠡ᠃
ᠨᠠᠭᠤᠷ ᠪᠠᠭᠠᠲᠤᠷ ᠮᠣᠷᠢᠨ ᠤ᠋ ᠬᠣᠨᠳᠣᠯᠠᠢ ᠳᠡᠭᠡᠷ᠎ᠡ ᠳᠠᠷᠤᠩᠭᠤᠲᠠ ᠳᠥᠷᠥᠭᠡ ᠪᠡᠨ ᠵᠢᠭᠢᠪᠡ᠃ ᠡᠨᠡ ᠰᠠᠴᠠᠭᠤ ᠠᠭᠠᠷ ᠵᠦᠰᠦᠨ ᠰᠢᠪᠰᠢᠬᠦ ᠴᠢᠮᠡᠭᠡ ᠭᠠᠷᠴᠤ᠂ ᠵᠤᠤᠪᠠ ᠲᠠᠢᠭᠠᠨ ᠤ᠋ ᠴᠢᠴᠢᠭᠦᠷ ᠬᠢᠲᠤᠭ᠎ᠠ ᠨᠠᠭᠤᠷ ᠪᠠᠭᠠᠲᠤᠷ ᠤ᠋ᠨ ᠨᠤᠭᠤᠰᠤ ᠨᠢᠷᠤᠭᠤᠨ ᠳ᠋ᠤ᠌ ᠰᠢᠭᠢᠨ ᠣᠷᠣᠪᠠ᠃ ᠨᠠᠭᠤᠷ ᠪᠠᠭᠠᠲᠤᠷ ᠪᠢᠲᠡᠭᠦᠦ ᠬᠡᠩᠬᠡᠢᠨ ᠠᠮᠢᠰᠬᠤᠭ᠎ᠠ ᠠᠪᠤᠭᠰᠠᠨ ᠢ᠋ᠶ᠋ᠠᠨ ᠮᠣᠷᠢᠨ ᠤ᠋ ᠬᠤᠷᠳᠤ ᠪᠠᠷ ᠡᠷᠭᠢ ᠭᠠᠩᠭ᠎ᠠ ᠳᠡᠭᠡᠭᠦᠷ ᠳᠡᠭᠦᠯᠢᠨ ᠣᠳᠪᠠ᠃ ᠵᠣᠣᠪᠠ ᠲᠠᠢᠭᠠᠨ ᠶᠦᠮ ᠠᠭ᠎ᠠ ᠬᠠᠲᠤᠨ ᠤ᠋ ᠬᠦᠯᠦᠭ ᠮᠣᠷᠢᠨ ᠤ᠋ ᠳᠡᠷᠭᠡᠳᠡ ᠵᠣᠭᠰᠣᠵᠤ ᠪᠠᠢᠨ᠎ᠠ᠃
— ᠴᠢ ᠶᠠᠭᠤ ᠬᠢᠪᠡ ᠭᠡᠵᠦ ᠶᠦᠮ ᠠᠭ᠎ᠠ ᠶ᠋ᠢ ᠠᠰᠠᠭᠤᠬᠤ ᠳ᠋ᠤ᠌ ᠵᠣᠣᠪᠠ ᠲᠠᠢᠭᠠᠨ᠂
— ᠬᠢᠲᠤᠭ᠎ᠠ ᠰᠢᠳᠡᠭᠰᠡᠨ᠃
— ᠣᠨᠣᠭᠠᠭᠰᠠᠨ ᠤᠤ? ᠭᠡᠵᠦ ᠬᠠᠲᠤᠨ ᠯᠠᠪᠯᠠᠪᠠ᠃
— ᠲᠡᠷᠡ ᠣᠳᠣ ᠦᠬᠦᠳᠡᠯ ᠪᠣᠯᠤᠭᠰᠠᠨ ᠭᠡᠵᠦ ᠲᠠᠢᠭᠠᠨ ᠮᠠᠰᠢ ᠬᠣᠷᠣᠰᠤᠯᠲᠠᠢ ᠥᠭᠦᠯᠡᠨ᠎ᠡ᠃

ᠶᠦᠮ ᠠᠭ᠎ᠠ ᠬᠠᠷᠠᠮᠰᠠᠬᠤ ᠳ᠋ᠠᠭᠠᠨ᠄
— ᠲᠥᠷᠥᠭᠰᠡᠨ ᠭᠠᠭᠴᠠ ᠠᠬ᠎ᠠ ᠶ᠋ᠢ ᠪᠡᠨ ᠬᠥᠨᠥᠭᠡᠴᠢᠬᠡᠯ᠎ᠡ ᠰᠢᠦ ᠳᠡ ᠭᠡᠮᠡᠨ ᠥᠭᠦᠯᠡᠬᠦ ᠳ᠋ᠦ᠍᠂ ᠲᠠᠢᠭᠠᠨ ᠳᠡᠪᠬᠡᠷᠴᠦ ᠬᠠᠰᠬᠢᠷᠤᠨ ᠬᠠᠳᠠ ᠴᠢᠯᠠᠭᠤᠨ ᠳᠤᠮᠳᠠᠭᠤᠷ ᠣᠷᠢᠯᠠᠭᠰᠠᠭᠠᠷ ᠳᠡᠭᠳᠡᠨ ᠠᠯᠠᠭ᠎ᠠ ᠪᠣᠯᠪᠠ᠃ ᠲᠠᠢᠭᠠᠨ ᠤ᠋ ᠡᠬᠡᠷ ᠲᠠᠲᠠᠭᠰᠠᠨ ᠴᠢᠷᠠᠯᠠᠭᠠᠨ ᠢ᠋ᠶ᠋ᠠᠷ ᠪᠤᠷᠭᠠᠰᠤᠨ ᠤ᠋ ᠮᠥᠴᠢᠷ ᠪᠦᠷᠢ ᠳ᠋ᠦ᠍ ᠵᠢᠷᠭᠢᠨ ᠪᠠᠢᠭᠰᠠᠨ ᠪᠣᠯᠵᠣᠮᠣᠷ ᠰᠢᠪᠠᠭᠤᠳ ᠰᠦᠷᠦᠭᠯᠡᠨ ᠳᠠᠷᠬᠢᠵᠤ᠂ ᠬᠤᠷᠮᠤᠰᠲᠠ ᠶ᠋ᠢᠨ ᠬᠥᠬᠡ ᠴᠡᠭᠡᠯ ᠳ᠋ᠦ᠍ ᠭᠠᠰᠢᠭᠤᠳᠠᠬᠤ ᠮᠡᠲᠦ ᠡᠷᠭᠢᠯᠳᠦᠨ᠎ᠡ᠃

ᠬᠠᠷ᠎ᠠ ᠡᠷᠴᠢᠰ ᠰᠢᠪᠠᠭᠤᠳ ᠤ᠋ᠨ ᠣᠷᠢᠯᠠᠭᠠᠨ ᠳ᠋ᠤ᠌ ᠵᠢᠪᠪᠡ᠃ ᠣᠷᠣᠢ ᠨᠢ ᠠᠮᠢ ᠲᠠᠯᠪᠢᠭᠰᠠᠨ ᠨᠠᠭᠤᠷ ᠪᠠᠭᠠᠲᠤᠷ ᠢ᠋ ᠵᠣᠣᠪᠠ ᠲᠠᠢᠭᠠᠨ ᠲᠡᠪᠡᠷᠢᠵᠦ ᠢᠷᠡᠪᠡ᠃ ᠵᠣᠣᠪᠠ ᠶ᠋ᠢᠨ ᠨᠢᠳᠦ ᠤᠯᠠᠢᠵᠤ᠂ ᠬᠤᠪᠴᠠᠰᠤ ᠬᠤᠨᠠᠷ ᠤᠷᠠᠭᠳᠠᠵᠤ ᠨᠣᠣᠷᠬᠠᠢ ᠪᠣᠯᠵᠠᠢ᠃ ᠲᠠᠢᠭᠠᠨ ᠤ᠋ ᠬᠠᠴᠠᠷ ᠰᠢᠯᠪᠤᠷᠠᠵᠤ᠂ ᠴᠢᠰᠤ ᠬᠠᠳᠠᠵᠠᠢ᠃ ᠴᠣᠬᠣᠮ ᠶᠠᠭᠠᠬᠢᠬᠤ ᠭᠡᠵᠦ ᠦᠬᠦᠳᠡᠯ ᠢ᠋ ᠬᠣᠲᠠ ᠬᠦᠷᠢᠶᠡᠨ ᠳ᠋ᠦ᠍ ᠲᠡᠪᠡᠷᠢᠵᠦ ᠢᠷᠡᠭᠰᠡᠨ ᠢ᠋ᠶ᠋ᠡᠨ ᠲᠠᠢᠭᠠᠨ ᠣᠢᠯᠠᠭᠠᠬᠤ ᠲᠥᠬᠥᠭᠡ ᠦᠭᠡᠢ ᠪᠤᠯᠠᠩᠭᠢᠷᠲᠤ ᠬᠦᠷᠡᠩ ᠨᠢᠳᠦ ᠪᠡᠷ ᠪᠦᠴᠢᠵᠦ ᠵᠣᠭᠰᠣᠭᠰᠠᠨ ᠬᠥᠮᠦᠰ ᠢ᠋ ᠰᠢᠷᠳᠡᠨ᠎ᠡ᠃ ᠪᠣᠳᠣᠪᠠᠯ ᠡᠵᠡᠨ ᠡᠴᠡ ᠪᠡᠨ ᠰᠠᠢᠨ ᠦᠭᠡ ᠶ᠋ᠢ ᠬᠦᠰᠡᠭᠰᠡᠨ ᠪᠣᠯᠤᠯᠲᠠᠢ᠃ ᠲᠠᠢᠭᠠᠨ ᠤ᠋ ᠨᠢᠳᠦ ᠬᠣᠲᠠ ᠬᠦᠷᠢᠶᠡᠨ ᠦ᠌ ᠴᠤᠭᠯᠠᠷᠠᠭᠰᠠᠨ ᠣᠯᠠᠨ ᠠ᠋ᠴᠠ ᠢᠯᠡᠭᠦᠦ ᠲᠡᠢ ᠴᠣᠷᠣᠰ ᠣᠪᠣᠭ ᠤ᠋ᠨ ᠵᠠᠩᠵᠤᠨ ᠳᠡᠮᠪᠡᠷᠢᠯ ᠥᠭᠡᠳᠡ ᠲᠤᠰᠢᠶᠠᠯ ᠬᠦᠯᠢᠶᠡᠵᠦ ᠵᠣᠭᠰᠣᠨ᠎ᠠ᠃ ᠲᠠᠢᠭᠠᠨ ᠲᠥᠷᠥᠭᠰᠡᠨ ᠠᠬ᠎ᠠ ᠲᠠᠢ ᠪᠠᠨ ᠠᠮᠢ ᠲᠠᠯᠪᠢᠭᠰᠠᠨ ᠤ᠋ ᠬᠣᠢᠨ᠎ᠠ ᠨᠢ ᠶᠠᠮᠠᠷ ᠬᠣᠯᠪᠣᠭ᠎ᠠ ᠲᠠᠢ ᠪᠠᠨ ᠮᠡᠳᠡᠷᠡᠭᠡᠳ ᠪᠠᠢᠬᠤ ᠰᠢᠭ᠋᠃ ᠲᠡᠷᠡ ᠦᠶ᠎ᠡ ᠳ᠋ᠦ᠍ ᠬᠠᠲᠤᠨ ᠡᠬᠡ ᠦᠷᠭᠦᠭᠡᠨ ᠡᠴᠡ ᠪᠡᠨ ᠭᠠᠷᠴᠤ ᠢᠷᠡᠭᠰᠡᠨ ᠦᠭᠡᠢ᠃ ᠲᠡᠭᠦᠨ ᠦ᠌ ᠰᠠᠢᠬᠠᠨ ᠰᠡᠳᠬᠢᠯ ᠢ᠋ ᠬᠠᠷᠠᠩᠭᠤᠢ ᠮᠠᠨᠠᠨ ᠪᠦᠷᠬᠦᠭᠰᠡᠨ ᠪᠠᠢᠯ᠎ᠠ᠃

ᠴᠡᠷᠢᠭ ᠦ᠋ᠨ ᠵᠠᠩᠵᠤᠨ ᠳᠡᠮᠪᠡᠷᠢᠯ ᠲᠠᠢᠭᠠᠨ ᠠ᠋ᠴᠠ᠂
— ᠬᠡᠨ ᠢᠩᠭᠢᠪᠡ ᠭᠡᠵᠦ ᠠᠰᠠᠭᠤᠪᠠ᠃

ᠵᠤᠤᠪᠠ ᠶ᠋ᠢᠨ ᠰᠢᠷᠣᠢ ᠳ᠋ᠤ᠌ ᠬᠠᠯᠲᠠᠷᠳᠠᠵᠤ᠂ ᠬᠥᠯᠥᠰᠥ ᠳᠤᠰᠤᠯᠠᠭᠰᠠᠨ ᠨᠢᠭᠤᠷ ᠴᠢᠷᠠᠢ ᠶᠡᠷᠦ ᠬᠤᠪᠢᠷᠠᠬᠤ ᠦᠭᠡᠢ ᠪᠡᠷ᠂
—  ᠬᠠᠲᠤᠨ ᠢ ᠬᠣᠷᠣᠭᠠᠭᠰᠠᠨ ᠶᠠᠯ᠎ᠠ ᠲᠠᠢ ᠤᠴᠢᠷ ᠪᠢ ᠶᠠᠯ᠎ᠠ ᠠᠰᠠᠭᠤᠪᠠ ᠭᠡᠵᠦ ᠥᠴᠢᠪᠡ᠃
—  ᠨᠠᠭᠠᠳᠤᠬᠢ ᠪᠠᠨ ᠠᠪᠠᠴᠢᠵᠤ ᠦᠬᠦᠭᠡᠷ ᠦ᠋ᠨ ᠭᠠᠵᠠᠷ ᠳᠡᠯᠪᠢ ᠭᠡᠵᠦ ᠳᠡᠮᠪᠡᠷᠢᠯ ᠲᠤᠰᠢᠶᠠᠭᠠᠳ ᠵᠣᠣᠪᠠ ᠲᠠᠢᠭᠠᠨ ᠢ ᠪᠠᠷᠠᠭᠤᠨ ᠠᠭᠤᠯᠠ ᠶ᠋ᠢᠨ ᠡᠩᠭᠡᠷ ᠥᠭᠡᠳᠡ ᠥᠭᠰᠥᠵᠦ ᠶᠠᠪᠤᠬᠤ ᠳ᠋ᠤ᠌ ᠪᠠᠭᠠᠲᠤᠷ ᠬᠣᠩ ᠲᠠᠢᠵᠢ ᠳ᠋ᠤ᠌ ᠪᠣᠯᠤᠭᠰᠠᠨ ᠶᠠᠪᠤᠳᠠᠯ ᠢ ᠶᠠᠷᠢᠬᠤ ᠳ᠋ᠤ᠌ ᠬᠣᠩ ᠲᠠᠢᠵᠢ᠂
—  ᠠᠬ᠎ᠠ ᠶ᠋ᠢ ᠪᠡᠨ ᠠᠨᠳᠠᠭᠤᠷᠠᠵᠠᠢ᠃ ᠢᠷᠣᠭᠠᠷ ᠦᠭᠡᠢ ᠲᠡᠨᠡᠭ᠁ ᠭᠡᠳ ᠪᠣᠳᠣᠯ ᠳ᠋ᠤ᠌ ᠠᠪᠲᠠᠪᠠ᠃

ᠲᠡᠭᠡᠬᠦ ᠳ᠋ᠦ᠍ ᠡᠴᠢᠭᠡ ᠬᠠᠭᠠᠨ《ᠶᠡᠷᠦ ᠨᠢ ᠵᠡᠷᠯᠢᠭ ᠦ᠋ᠳ ᠲᠥᠰᠦᠭᠡᠲᠡᠢ ᠪᠤᠰᠤ ᠤᠤ᠂ ᠢᠷᠪᠢᠰ᠂ ᠪᠠᠷᠰ᠂ ᠲᠠᠢᠭᠠᠨ᠂ ᠴᠡᠷᠢᠭ ᠴᠥᠮ ᠠᠳᠠᠯᠢᠬᠠᠨ ᠡᠵᠡᠨ ᠢ᠋ᠶ᠋ᠡᠨ ᠬᠠᠷᠠᠮᠯᠠᠬᠤ ᠶᠤᠮ᠃ ᠲᠠᠢᠭᠠᠨ ᠴᠤ᠌ ᠬᠥᠮᠦᠨ ᠪᠢᠰᠢ᠂ ᠠᠷᠢᠶᠠᠲᠠᠨ ᠠᠵᠢ᠃ ᠳᠤᠷ᠎ᠠ ᠲᠠᠴᠢᠶᠠᠯ ᠤ᠋ᠨ ᠢ᠋ᠶ᠋ᠠᠨ ᠲᠥᠯᠥᠭᠡ ᠠᠭᠤᠷ ᠣᠮᠣᠭ ᠢ᠋ᠶ᠋ᠠᠨ ᠪᠤᠰᠤᠳ ᠲᠤ᠌ ᠭᠠᠷᠭᠠᠵᠤ᠂ ᠬᠠᠢᠷᠠᠯᠠᠬᠤ ᠰᠡᠳᠬᠢᠯ ᠦᠭᠡᠢ ᠪᠣᠯᠳᠠᠭ》 ᠭᠡᠵᠦ ᠪᠣᠳᠣᠪᠠ᠃

ᠬᠣᠩ ᠲᠠᠢᠵᠢ ᠳᠡᠮᠪᠡᠷᠢᠯ ᠵᠠᠩᠵᠤᠨ ᠳ᠋ᠤ᠌᠂
—  ᠥᠨᠥ ᠣᠷᠣᠢ ᠵᠣᠣᠪᠠ ᠳ᠋ᠤ᠌ ᠠᠬᠢᠭᠤᠬᠠᠨ ᠬᠣᠭᠣᠯᠠ ᠥᠭ᠂ ᠲᠡᠭᠦᠨ ᠢ ᠴᠠᠳᠬ᠎ᠠ ᠭᠡᠪᠡ᠃
—  ᠶᠡᠬᠡ ᠴᠠᠳᠬᠤᠯᠠᠩ ᠪᠣᠯ ᠤᠨᠲᠠᠭᠠᠳ ᠰᠡᠷᠡᠬᠦ ᠦᠭᠡᠢ ᠪᠤᠰᠤ ᠤᠤ ᠭᠡᠵᠦ ᠳᠡᠮᠪᠡᠷᠢᠯ ᠬᠡᠯᠡᠪᠡ᠃
—  ᠲᠠᠢᠭᠠᠨ ᠢ ᠥᠨᠥᠳᠥᠷ ᠱᠠᠩᠨᠠᠯ ᠢ᠋ᠶ᠋ᠠᠷ ᠴᠠᠳᠬᠤᠭᠠᠵᠤ ᠪᠠᠢᠭ᠎ᠠ ᠶᠤᠮ ᠭᠡᠮᠡᠨ ᠬᠣᠩ ᠲᠠᠢᠵᠢ ᠥᠭᠦᠯᠡᠪᠡ᠃

ᠠᠷᠪᠠᠨ ᠵᠢᠷᠭᠤᠭ᠎ᠠ

ᠮᠠᠷᠲᠠᠵᠤ ᠪᠣᠯᠤᠮ᠎ᠠ ᠦᠭᠡᠢ ᠶᠠᠪᠤᠳᠠᠯ ᠲᠠᠢᠭᠠᠨ ᠵᠣᠣᠪᠠ ᠳ᠋ᠤ᠌ ᠲᠣᠬᠢᠶᠠᠯᠳᠤᠭᠰᠠᠨ ᠪᠢᠯᠡ᠃ ᠵᠣᠣᠪᠠ ᠶᠢᠷᠲᠢᠨᠴᠦ ᠳᠡᠭᠡᠷ᠎ᠡ ᠣᠷᠣ ᠭᠠᠭᠴᠠᠭᠠᠷ ᠦᠯᠡᠳᠡᠪᠡ᠃ ᠵᠣᠣᠪᠠ ᠳ᠋ᠤ᠌ ᠭᠤᠲᠤᠷᠠᠬᠤ ᠰᠡᠳᠬᠢᠯ ᠳᠡᠢᠯᠦᠩᠭᠦᠢ ᠪᠠᠢᠯ᠎ᠠ᠃ ᠲᠠᠢᠭᠠᠨ ᠬᠡᠮᠡᠬᠦ ᠵᠠᠰᠠᠭᠤᠯᠤᠭᠰᠠᠨ ᠡᠷ᠎ᠡ ᠬᠥᠮᠦᠨ ᠦ᠌ ᠠᠵᠠ ᠵᠢᠷᠭᠠᠯ ᠢ ᠬᠥᠮᠦᠰ ᠬᠤᠯᠠᠭᠠᠢᠯᠠᠭᠰᠠᠨ ᠪᠠᠢᠳᠠᠭ᠃ ᠨᠢᠭᠡᠨᠲᠡ ᠬᠤᠯᠠᠭᠠᠢᠯᠠᠭᠳᠠᠭᠰᠠᠨ ᠠᠵᠠ ᠵᠢᠷᠭᠠᠯ ᠳ᠋ᠠᠭᠠᠨ ᠲᠠᠢᠭᠠᠨ ᠬᠠᠷᠠᠮᠰᠠᠭᠠᠳ ᠶᠠᠭᠠᠬᠢᠬᠤ ᠪᠢᠯᠡ᠃

ᠪᠤᠷᠬᠠᠨ ᠤ᠋ ᠬᠠᠢᠷᠠᠯᠠᠭᠰᠠᠨ ᠲᠠᠴᠢᠶᠠᠩᠭᠤᠢ ᠶ᠋ᠢᠨ ᠰᠢᠳᠢᠲᠦ ᠬᠡᠰᠢᠭ ᠢ ᠬᠦᠷᠲᠡᠬᠦ ᠬᠤᠪᠢ ᠦᠭᠡᠢ ᠳ᠋ᠡᠭᠡᠨ ᠲᠠᠢᠭᠠᠨ ᠤ᠋ ᠬᠣᠷᠣᠰᠤᠯ ᠪᠤᠴᠠᠯᠵᠤ ᠶᠠᠪᠤᠳᠠᠭ᠃ ᠲᠡᠷᠡ ᠬᠣᠷᠣᠰᠤᠯ ᠨᠢ ᠴᠢᠰᠤ᠂ ᠨᠢᠯᠪᠤᠰᠤ᠂ ᠦᠬᠦᠯ᠂ ᠬᠠᠭᠠᠴᠠᠯ ᠦᠵᠡᠬᠦ ᠪᠡᠷ ᠢ᠋ᠶ᠋ᠡᠨ ᠳᠠᠷᠤᠭᠳᠠᠵᠤ ᠨᠢᠭᠤᠭᠳᠠᠮᠠᠯ ᠪᠣᠯᠳᠠᠭ᠃ ᠡᠮ᠎ᠡ ᠶ᠋ᠢ ᠡᠮᠡᠯᠳᠡᠭ ᠪᠣᠯᠤᠭᠰᠠᠨ ᠬᠣᠢᠨ᠎ᠠ ᠪᠠᠨ ᠵᠣᠣᠪᠠ ᠲᠠᠢᠭᠠᠨ ᠪᠣᠯᠤᠭᠰᠠᠨ ᠭᠡᠳᠡᠭ᠃

ᠲᠡᠭᠦᠨ ᠦ᠌ ᠲᠣᠯᠣᠭᠠᠢ ᠳ᠋ᠤ᠌ ᠦᠯᠡᠳᠡᠭᠰᠡᠨ ᠠᠵᠠ ᠵᠢᠷᠭᠠᠯ ᠤ᠋ᠨ ᠰᠠᠷᠠᠯ ᠦᠶ᠎ᠡ ᠦᠶ᠎ᠡ ᠬᠥᠳᠡᠯᠵᠦ᠂ ᠨᠣᠬᠠᠢ ᠮᠡᠲᠦ ᠬᠢᠬᠤᠨᠠᠨ ᠨᠢᠳᠦᠨ ᠳ᠋ᠦ᠍ ᠦᠵᠡᠭᠳᠡᠭᠰᠡᠨ ᠢ᠋ᠶ᠋ᠡᠨ ᠤᠰᠠᠳᠬᠠᠬᠤ ᠶ᠋ᠢ ᠡᠷᠡᠮᠡᠯᠵᠡᠨ᠎ᠡ᠃

ᠬᠥᠮᠦᠨ ᠢ ᠲᠠᠢᠭᠠᠨ ᠪᠣᠯᠭᠠᠬᠤ ᠠᠶᠤᠯᠲᠠᠢ ᠭᠡᠮᠲᠦ ᠬᠡᠷᠡᠭ ᠪᠢᠯᠡ᠃ ᠭᠡᠮᠲᠦ ᠬᠡᠷᠡᠭ ᠦ᠋ᠨ ᠦ᠌ ᠵᠣᠯᠢᠶᠠᠰᠤ ᠪᠣᠯ ᠵᠣᠣᠪᠠ ᠪᠢᠯᠡ᠃ ᠣᠢᠷᠠᠳ ᠤ᠋ᠨ ᠬᠦᠷᠢᠶᠡᠨ ᠳ᠋ᠦ᠍ ᠠᠮᠢᠳᠤᠷᠠᠵᠤ᠂ ᠡᠮᠡᠰ ᠲᠡᠢ ᠬᠤᠷᠢᠴᠠᠬᠤ ᠶ᠋ᠢ ᠲᠡᠷᠡ ᠬᠦᠰᠡᠨ ᠠᠯᠳᠠᠭᠳᠠᠭᠰᠠᠨ ᠬᠦᠰᠡᠯ ᠢ᠋ᠶ᠋ᠡᠨ ᠭᠦᠢᠴᠡᠭᠡᠬᠦ ᠶ᠋ᠢᠨ ᠲᠤᠯᠠᠳᠠ ᠠᠯᠠᠯᠭ᠎ᠠ ᠳᠠᠯᠠᠯᠠᠭ᠎ᠠ᠂ ᠳᠡᠭᠡᠷᠡᠮ ᠲᠤᠨᠤᠭᠠᠨ ᠳ᠋ᠤ᠌ ᠣᠷᠣᠯᠴᠠᠵᠤ ᠡᠨᠳᠡ ᠦᠵᠡᠭᠳᠡᠨ᠎ᠡ᠃

ᠲᠠᠢᠭᠠᠨ ᠪᠣᠯ ᠠᠮᠢᠳᠤᠷᠠᠯ ᠡᠴᠡ ᠤᠢᠳᠤᠭᠰᠠᠨ ᠬᠥᠮᠦᠰ᠃ ᠲᠠᠢᠭᠠᠨ ᠤ᠋ ᠲᠠᠷᠢᠬᠢᠨ ᠳ᠋ᠤ᠌ ᠠᠮᠢᠳᠤ ᠬᠡᠪ ᠢ᠋ᠶ᠋ᠡᠷ ᠦᠯᠡᠳᠡᠭᠰᠡᠨ ᠲᠡᠷᠡ ᠪᠢᠯᠬᠠᠭᠰᠠᠨ ᠳᠤᠷ᠎ᠠ ᠬᠦᠰᠡᠯ ᠢ᠋ ᠳᠠᠷᠤᠬᠤ ᠠᠷᠭ᠎ᠠ ᠦᠭᠡᠢ ᠭᠡᠳᠡᠭ ᠢ᠋ ᠮᠡᠳᠡᠭᠰᠡᠨ ᠢ᠋ᠶ᠋ᠡᠨ ᠬᠡᠯᠡᠶ᠎ᠡ᠃

ᠬᠠᠭᠠᠨ ᠨᠠᠮᠠᠶ᠋ᠢ ᠲᠡᠮᠳᠡᠭᠯᠡᠯ ᠬᠥᠲᠥᠯᠵᠦ᠂ ᠰᠢᠯᠦᠭ ᠳᠡᠷᠡᠯᠡᠵᠦ᠂ ᠳᠠᠭᠤᠨ ᠬᠥᠷᠪᠡᠭᠦᠯᠭᠡ ᠬᠢᠳᠡᠭ ᠢ᠋ ᠮᠡᠳᠡᠳᠡᠭ ᠰᠠᠨ ᠪᠣᠯ ᠣᠢᠷᠠᠳ ᠤ᠋ᠨ ᠡᠷᠳᠡᠨᠢᠰ ᠦ᠋ᠨ ᠰᠠᠩ ᠡᠴᠡ ᠢᠯᠡᠭᠦᠦ ᠬᠥᠷᠥᠩᠭᠡ ᠭᠡᠮᠡᠨ ᠰᠢᠯᠦᠬᠡᠢᠷᠡᠨ ᠰᠢᠨᠤᠬᠤ ᠪᠠᠢᠭᠰᠠᠨ ᠪᠢᠵᠡ᠃ ᠳᠠᠩᠴᠤ ᠬᠡᠨ ᠪᠣᠭᠠᠢ ᠴᠤ᠌ ᠦᠯᠦ ᠮᠡᠳᠡᠨ᠎ᠡ᠃ ᠲᠡᠢᠮᠦ ᠶ᠋ᠢᠨ ᠲᠤᠯᠠ ᠰᠢᠩᠰᠢᠯᠡᠬᠦ ᠡᠵᠡᠨ ᠦᠭᠡᠢ ᠪᠢᠯᠡ᠃ ᠨᠠᠳᠠ ᠳ᠋ᠤ᠌ ᠨᠣᠮ ᠪᠢᠴᠢᠭ ᠦ᠋ᠨ ᠥᠪ ᠡᠷᠳᠡᠨᠢ ᠬᠠᠳᠠᠭᠠᠯᠠᠭᠠᠰᠤᠲᠠᠢ ᠪᠠᠢᠳᠠᠭ᠃ ᠨᠣᠮ ᠤ᠋ᠨ ᠥᠷᠭᠥᠭᠡ ᠶ᠋ᠢ ᠵᠤᠤᠪᠠ ᠰᠠᠬᠢᠵᠤ ᠲᠠᠩᠳᠠᠨ᠎ᠠ᠃

ᠵᠤᠤᠪᠠ ᠲᠠᠢᠭᠠᠨ ᠪᠥᠭᠡᠰᠦ ᠲᠠᠮᠤ ᠳ᠋ᠤ᠌ ᠤᠨᠠᠭᠰᠠᠨ ᠬᠥᠮᠦᠨ᠃

ᠠᠷᠪᠠᠨ ᠳᠣᠯᠣᠭ᠎ᠠ

ᠭᠠᠯᠳᠠᠨ ᠵᠢᠷᠭᠤᠭᠠᠨ ᠨᠠᠰᠤᠲᠠᠢ ᠳ᠋ᠤ᠌ ᠪᠣᠯᠤᠭᠰᠠᠨ ᠶᠠᠪᠤᠳᠠᠯ ᠢ᠋ ᠨᠠᠰᠤᠨ ᠲᠤᠷᠰᠢ ᠳ᠋ᠠᠭᠠᠨ ᠮᠠᠷᠲᠠᠯ ᠦᠭᠡᠢ ᠠᠵᠢ᠃ ᠨᠡᠢᠲᠡ ᠶ᠋ᠢᠨ ᠣᠨ ᠲᠣᠭᠠᠯᠠᠯ ᠤ᠋ᠨ1650 ᠣᠨ ᠪᠤᠶᠤ ᠴᠠᠭᠠᠨ ᠪᠠᠷᠰ ᠵᠢᠯ ᠦ᠋ᠨ ᠬᠠᠪᠤᠷ᠂ ᠵᠤᠨ᠂ ᠨᠠᠮᠤᠷ᠂ ᠡᠪᠦᠯ ᠦ᠋ᠨ ᠦᠢᠯᠡ ᠶᠠᠪᠤᠳᠠᠯ ᠤ᠋ᠳ ᠠᠮᠢᠳᠤᠷᠠᠯ ᠤ᠋ᠨ ᠲᠤᠷᠰᠢ ᠡᠷᠭᠢᠯᠲᠡ ᠪᠣᠯᠪᠠ᠃ ᠲᠩᠷᠢ ᠪᠦᠲᠦᠨ ᠰᠠᠷᠠ ᠲᠠᠢ ᠨᠢᠭᠡ ᠦᠳᠡᠰᠢ ᠡᠴᠢᠭᠡ ᠬᠣᠩ ᠲᠠᠢᠵᠢ ᠶᠡᠬᠡ ᠦᠷᠭᠦᠭᠡᠨ ᠳ᠋ᠦ᠍ ᠰᠠᠷᠠᠨ ᠤ᠋ ᠭᠡᠷᠡᠯ ᠲᠡᠢ ᠬᠠᠮᠲᠤ ᠣᠷᠣᠵᠤ ᠢᠷᠡᠪᠡ᠃ ᠬᠠᠲᠤᠨ ᠡᠬᠡ ᠶ᠋ᠢᠨ ᠨᠢᠳᠦ ᠳᠦᠷᠡᠯᠵᠡᠨ ᠪᠠᠳᠠᠷᠠᠭᠠᠳ ᠡᠴᠢᠭᠡ ᠶ᠋ᠢᠨ ᠡᠵᠡᠭᠦᠢᠷᠡᠭᠰᠡᠨ ᠰᠠᠭᠤᠳᠠᠯ ᠥᠭᠡᠳᠡ ᠬᠦᠨᠳᠦᠳᠬᠡᠯᠲᠡᠢ ᠬᠠᠷᠠᠨ᠎ᠠ᠃ ᠡᠴᠢᠭᠡ ᠨᠢ ᠪᠠᠭ᠎ᠠ ᠬᠠᠲᠤᠨ ᠠᠮᠢᠨᠳᠠᠷ᠎ᠠ ᠶ᠋ᠢᠨ ᠡᠪᠦᠷ ᠡᠴᠡ ᠰᠠᠯᠬᠤ ᠪᠠᠨ ᠪᠣᠯᠢᠭᠰᠠᠨ ᠲᠤᠯᠠ ᠭᠡᠨᠡᠳᠲᠡ ᠢᠷᠡᠭᠰᠡᠨ ᠳ᠋ᠦ᠍ ᠭᠠᠢᠬᠠᠯ ᠲᠥᠷᠥᠪᠡ᠃

ᠡᠴᠢᠭᠡ ᠰᠠᠭᠤᠳᠠᠯ ᠳ᠋ᠠᠭᠠᠨ ᠲᠤᠬᠠᠯᠠᠵᠤ ᠲᠡᠭᠦᠨ ᠦ᠌ ᠴᠠᠭᠠᠨ᠎ᠠ ᠪᠦᠷᠭᠦᠳ ᠦ᠋ᠨ ᠬᠦᠴᠦᠲᠦ ᠳᠠᠯᠠᠪᠴᠢ ᠪᠠᠷᠠᠭᠤᠨ ᠵᠡᠭᠦᠨ ᠮᠥᠷᠥ ᠪᠡᠷ ᠨᠢ ᠳᠡᠪᠡᠷᠡᠵᠦ᠂᠂ ᠡᠯᠢᠭᠡᠨ ᠳ᠋ᠡᠭᠡᠨ ᠬᠣᠩ ᠲᠠᠢᠵᠢ ᠶ᠋ᠢ ᠢᠪᠡᠭᠡᠬᠦ ᠮᠡᠲᠦ ᠬᠠᠷᠠᠭᠳᠠᠨ᠎ᠠ᠃ ᠡᠴᠢᠭᠡ ᠬᠣᠭᠣᠯᠠᠢ ᠵᠠᠰᠠᠭᠠᠳ᠂
— ᠭᠠᠯᠳᠠᠨ! ᠮᠢᠨᠦ ᠬᠥᠪᠡᠭᠦᠨ ᠁ ᠭᠡᠪᠡ᠃ ᠲᠡᠭᠡᠭᠰᠡᠨ ᠢ᠋ᠶ᠋ᠡᠨ ᠲᠦᠷ ᠵᠠᠭᠤᠷᠠᠬᠠᠨ ᠲᠡᠭᠡᠨᠡᠭᠯᠡᠭᠡᠳ ᠴᠢᠮᠠᠶ᠋ᠢ ᠡᠬᠡ ᠶ᠋ᠢᠨ ᠬᠡᠪᠡᠯᠢ ᠳ᠋ᠦ᠍ ᠣᠯᠳᠠᠬᠤ ᠡᠴᠡ ᠡᠮᠦᠨ᠎ᠡ ᠨᠠᠮᠠᠬᠠᠢᠵᠠᠮᠰᠤ ᠯᠠᠮᠠᠲᠠᠨ ᠪᠢᠯᠢᠭᠦᠨ ᠤᠬᠠᠭᠠᠨ ᠲᠠᠢ ᠪᠣᠯᠬᠤ ᠶ᠋ᠢ ᠮᠡᠳᠡᠭᠰᠡᠨ ᠶᠤᠮ ᠰᠢᠦ ᠳᠡ᠃ ᠭᠡᠭᠡᠨᠲᠡᠨ ᠦ᠌ ᠢᠪᠡᠭᠡᠯ ᠳ᠋ᠦ᠍ ᠮᠢᠨᠦ ᠦᠷ᠎ᠡ ᠠᠴᠢ ᠨᠠᠷ ᠡᠴᠡ ᠭᠠᠯᠳᠠᠨ ᠴᠢ ᠪᠠᠭᠲᠠᠬᠤ ᠲᠠᠪᠢᠯᠠᠩ ᠲᠠᠢ ᠪᠠᠢᠵᠠᠢ᠃ ᠴᠢᠮ᠎ᠠ ᠳ᠋ᠤ᠌ ᠪᠢ ᠨᠠᠢᠳᠠᠵᠤ ᠪᠠᠢᠨ᠎ᠠ᠃ ᠴᠢ ᠣᠢᠷᠠᠳ ᠤ᠋ᠨ ᠠᠪᠤᠷᠠᠯ ᠤ᠋ᠨ ᠡᠬᠢ ᠪᠣᠯᠤᠨ᠎ᠠ ᠭᠡᠵᠦ ᠬᠡᠯᠡᠭᠡᠳ ᠬᠠᠲᠤᠨ ᠥᠭᠡᠳᠡ ᠬᠠᠷᠠᠪᠠ᠃

ᠭᠠᠯᠳᠠᠨ ᠲᠡᠭᠡᠬᠦ ᠳ᠋ᠦ᠍ᠨᠢ᠂
— ᠠᠪᠤ ᠠ᠋᠂ ᠣᠢᠷᠠᠳ ᠤ᠋ᠨ ᠨᠢᠭᠦᠯ ᠬᠢᠯᠢᠨᠴᠡ ᠰᠠᠪᠠᠨ ᠳ᠋ᠠᠭᠠᠨ ᠪᠠᠭᠲᠠᠬᠤ ᠪᠠᠨ ᠪᠤᠯᠢᠴᠢᠬᠠᠭᠰᠠᠨ ᠶᠤᠮ ᠤᠤ? ᠭᠡᠲᠡᠯ᠎ᠡ ᠡᠴᠢᠭᠡ᠂
— ᠬᠦᠦ ᠮᠢᠨᠢ᠂ ᠪᠢᠳᠡᠨ ᠳ᠋ᠦ᠍ ᠡᠪ ᠨᠢᠭᠡᠳᠦᠯ ᠬᠡᠷᠡᠭᠲᠡᠢ ᠪᠠᠢᠭ᠎ᠠ ᠶᠤᠮ ᠭᠡᠯ᠎ᠡ᠃

ᠡᠴᠢᠭᠡ ᠶ᠋ᠢᠨ ᠨᠢᠳᠦᠨ ᠳ᠋ᠦ᠍ ᠤᠢᠳᠬᠠᠷ ᠬᠤᠷᠠᠵᠠᠢ᠃ ᠲᠡᠭᠦᠨ ᠦ᠌ ᠨᠢᠳᠦ ᠳᠦᠩᠰᠦᠭᠡᠷ ᠪᠠᠢᠯ᠎ᠠ᠃ ᠡᠴᠢᠭᠡ ᠶ᠋ᠢᠨ ᠱᠠᠩᠬᠤ ᠶ᠋ᠢᠨ ᠦᠰᠦ ᠮᠡᠷ ᠰᠡᠷ ᠴᠠᠢᠭᠰᠠᠨ ᠪᠠᠢᠨ᠎ᠠ᠃ ᠬᠠᠷᠢᠨ ᠬᠦᠷᠯᠢᠭᠡᠷ ᠨᠢᠭᠤᠷ ᠨᠢ ᠤᠷᠢᠳ ᠤ᠋ᠨ ᠶᠠᠩᠵᠤ ᠪᠠᠷ ᠴᠢᠩᠭ᠎ᠠ ᠬᠠᠲᠠᠭᠤ ᠪᠠᠢᠳᠠᠯ ᠲᠠᠢ᠃ ᠲᠡᠷᠡ ᠬᠥᠮᠥᠭᠡᠢ ᠪᠡᠨ ᠵᠠᠭᠤᠵᠠᠢ᠃ ᠲᠡᠭᠦᠨ ᠳ᠋ᠦ᠍ ᠡᠷᠡᠭᠡᠯᠵᠡᠭᠡ ᠪᠠᠢᠪᠠ᠃

ᠠᠯᠢᠪᠠ ᠶ᠋ᠢ ᠰᠠᠨᠠᠭᠠᠰᠢᠷᠠᠨ ᠪᠣᠳᠣᠬᠤ ᠵᠠᠭᠤᠷ᠎ᠠ ᠪᠠᠨ ᠡᠴᠢᠭᠡ ᠬᠣᠩ ᠲᠠᠢᠵᠢ ᠶ᠋ᠢᠨ ᠨᠢᠭᠤᠷ ᠪᠠᠢᠨ ᠪᠠᠢᠨ ᠬᠤᠪᠢᠷᠠᠵᠤ ᠪᠠᠢᠳᠠᠭ ᠰᠠᠨ᠃ ᠨᠢᠭᠡ ᠶᠡᠬᠡ ᠭᠦᠨ ᠪᠣᠳᠣᠯ ᠳ᠋ᠤ᠌ ᠡᠴᠢᠭᠡ ᠠᠪᠲᠠᠵᠠᠢ᠃

ᠡᠴᠢᠭᠡ ᠬᠣᠩ ᠲᠠᠢᠵᠢ ᠣᠯᠪᠣᠭ ᠳᠡᠭᠡᠷ᠎ᠡ ᠪᠡᠨ ᠲᠤᠬᠠᠯᠠᠭᠠᠳ ᠢᠩᠭᠡ ᠶ᠋ᠢᠨ ᠬᠣᠭᠣᠷᠮᠠᠭ ᠵᠠᠯᠭᠢᠯᠠᠪᠠ᠃ ᠡᠵᠢ ᠶ᠋ᠢᠨ ᠨᠢᠳᠦ ᠰᠡᠷᠭᠦᠵᠦ᠂ ᠬᠠᠭᠠᠨ ᠡᠴᠢᠭᠡ ᠶ᠋ᠢ ᠰᠢᠷᠳᠡᠨ᠎ᠡ᠃ ᠭᠠᠯᠳᠠᠨ ᠢ᠋ ᠬᠠᠨᠢ ᠲᠠᠲᠠᠵᠤ ᠬᠠᠲᠤᠨ ᠡᠬᠡ ᠦᠷᠭᠦᠭᠡᠨ ᠳ᠋ᠡᠭᠡᠨ ᠬᠣᠨᠣᠭᠤᠯᠤᠭᠰᠠᠨ ᠲᠡᠷᠡ ᠰᠥᠨᠢ ᠡᠴᠢᠭᠡ ᠨᠢ ᠢᠷᠡᠭᠰᠡᠨ ᠶᠦ᠍ᠮ᠃ ᠡᠬᠡ ᠶ᠋ᠢᠨ ᠤᠯᠠᠭ᠎ᠠ ᠪᠤᠲᠠᠷᠠᠭᠰᠠᠨ ᠬᠠᠷᠠᠴᠠ ᠶ᠋ᠢ ᠢᠯᠢᠵᠦ ᠱᠠᠩᠬᠤ ᠶ᠋ᠢᠨ ᠦᠰᠦ ᠪᠡᠷ ᠤᠷᠤᠯᠳᠤᠵᠤ ᠪᠠᠢᠭᠰᠠᠨ ᠡᠴᠢᠭᠡ ᠬᠣᠩ ᠲᠠᠢᠵᠢ᠂
— ᠽᠠᠶ᠎ᠠ ᠪᠠᠨᠳᠢᠳᠠ ᠭᠡᠭᠡᠨ ᠨᠠᠮᠠᠶ᠋ᠢ ᠢᠳᠬᠠᠵᠤ ᠳᠥᠩᠭᠡᠯ᠎ᠡ ᠭᠡᠪᠡ᠃ ᠡᠬᠡ ᠨᠢ᠂
— ᠶᠠᠭᠠᠬᠢᠵᠤ ᠭᠡᠮᠡᠨ ᠠᠰᠠᠭᠤᠪᠠ᠃ ᠡᠴᠢᠭᠡ ᠬᠣᠩ ᠲᠠᠢᠵᠢ᠂
— ᠭᠠᠯᠳᠠᠨ ᠬᠥᠪᠡᠭᠦᠨ ᠢ᠋ ᠯᠠᠮᠠ ᠪᠣᠯᠭᠠᠵᠤ ᠪᠤᠷᠬᠠᠨ ᠨᠣᠮ ᠤ᠋ᠨ ᠦᠢᠯᠡᠰ ᠲᠦ᠍ ᠵᠢᠳᠬᠦᠭᠦᠯᠪᠡᠯ ᠵᠡᠭᠦᠨᠭᠠᠷ ᠤ᠋ᠨ ᠬᠠᠭᠠᠨᠲᠤ ᠤᠯᠤᠰ ᠲᠥᠪᠡᠳ ᠲᠦ᠍ ᠨᠥᠯᠥᠭᠡ ᠪᠡᠨ ᠪᠡᠬᠢᠵᠢᠭᠦᠯᠦᠨ᠎ᠡ᠃ ᠬᠠᠮᠤᠭ ᠤ᠋ᠨ ᠭᠣᠣᠯ ᠨᠢ ᠭᠠᠯᠳᠠᠨ ᠰᠢᠭ᠋ ᠰᠡᠷᠭᠦᠯᠡᠩ ᠤᠬᠠᠭᠠᠨ ᠲᠠᠢ ᠤᠳᠤᠮ ᠤᠭᠰᠠᠭ᠎ᠠ ᠰᠠᠢᠲᠠᠢ ᠬᠥᠪᠡᠭᠦᠨ ᠢ᠋ ᠰᠣᠩᠭᠣᠵᠤ ᠪᠠᠢᠭ᠎ᠠ ᠭᠡᠨ᠎ᠡ ᠭᠡᠪᠡ᠃ ᠡᠬᠡ ᠨᠢ᠂
— ᠭᠠᠯᠳᠠᠨ ᠤᠭ ᠨᠢ ᠮᠣᠷᠢᠨ ᠳ᠋ᠤ᠌ ᠡᠷᠡᠮᠡᠬᠡᠢ᠂ ᠬᠠᠲᠠᠭᠤᠵᠢᠯᠲᠠᠢ᠂ ᠬᠠᠷᠪᠤᠵᠤ ᠨᠠᠮᠨᠠᠬᠤ ᠳ᠋ᠠᠭᠠᠨ ᠴᠡᠴᠡ ᠲᠡᠢ ᠬᠦᠦ ᠰᠢᠦ᠃ ᠪᠠᠭᠠᠲᠤᠷ ᠡᠷ᠎ᠡ ᠪᠣᠯᠤᠨ᠎ᠠ ᠭᠡᠵᠦ ᠪᠢ ᠪᠣᠳᠣᠳᠠᠭ᠂ ᠲᠣᠪᠰᠢᠭᠤᠷᠳᠠᠵᠤ ᠪᠠᠢᠬᠤ ᠨᠢ ᠶᠡᠷᠦ ᠪᠤᠰᠤ ᠶ᠋ᠢᠨ ᠬᠠᠷᠠᠭᠳᠠᠳᠠᠭ ᠶᠤᠮ᠃ ᠰᠡᠳᠬᠢᠯ ᠦ᠋ᠨ ᠢ᠋ᠶ᠋ᠡᠨ ᠳᠣᠲᠣᠭᠠᠳᠤ ᠴᠢᠮᠡᠭᠡ ᠶ᠋ᠢ ᠰᠠᠢᠨ ᠰᠣᠨᠣᠰᠳᠠᠭ ᠰᠢᠦ᠃ ᠭᠠᠯᠳᠠᠨ ᠬᠦᠦ ᠰᠡᠳᠬᠢᠯ ᠳ᠋ᠡᠭᠡᠨ ᠨᠢᠳᠦ ᠲᠡᠢ ᠁ ᠭᠡᠯ᠎ᠡ᠃
— ᠭᠠᠯᠳᠠᠨ ᠢ᠋ ᠣᠯᠳᠠᠬᠤ ᠡᠴᠡ ᠡᠮᠦᠨ᠎ᠡ ᠽᠠᠶ᠎ᠠ ᠪᠠᠨᠳᠢᠳᠠ ᠭᠡᠭᠡᠨ ᠬᠥᠪᠡᠭᠦᠨ ᠲᠥᠷᠥᠨ᠎ᠡ ᠭᠡᠵᠦ ᠠᠢᠯᠠᠳᠤᠭᠰᠠᠨ ᠢ᠋ ᠬᠠᠲᠤᠨᠲᠠᠨ ᠰᠠᠨᠠᠵᠤ ᠪᠠᠢᠨ᠎ᠠ ᠤᠤ?
— ᠰᠠᠨᠠᠬᠤ ᠪᠠᠷ ᠪᠠᠷᠠᠬᠤ ᠤᠤ ᠁
— ᠬᠥᠪᠡᠭᠦᠨ ᠢ᠋ ᠪᠤᠷᠬᠠᠨ ᠤ᠋ ᠣᠷᠣᠨ ᠲᠥᠪᠡᠳ ᠲᠦ᠍ ᠬᠡᠬᠡᠷᠡᠭᠦᠯᠬᠦ ᠪᠡᠷ ᠰᠢᠢᠳᠦᠯ᠎ᠡ᠃
— ᠭᠡᠭᠡᠨ ᠯᠠᠮ᠎ᠠ ᠶ᠋ᠢᠨ ᠲᠠᠭᠠᠯᠠᠯ ᠢ᠋ᠶ᠋ᠠᠷ ᠪᠣᠯᠤᠭ!
— ᠳᠥᠷᠪᠡᠨ ᠣᠢᠷᠠᠳ ᠢ᠋ ᠡᠪ ᠡᠶ᠎ᠡ ᠲᠡᠢ ᠪᠣᠯᠭᠠᠬᠤ ᠶ᠋ᠢᠨ ᠲᠤᠯᠠᠳᠠ ᠰᠦᠮ᠎ᠡ ᠳᠤᠭᠠᠩ ᠣᠯᠠᠨ ᠢ᠋ ᠪᠤᠰᠬᠠᠵᠤ᠂ ᠨᠣᠮ ᠡᠷᠳᠡᠮ ᠲᠡᠢ ᠯᠠᠮᠠ ᠲᠥᠴᠢᠨᠡᠭᠡᠨ ᠪᠡᠯᠡᠳᠬᠡᠬᠦ ᠶ᠋ᠢ ᠳᠠᠯᠠᠢ ᠪᠠᠭᠰᠢ ᠵᠥᠪᠰᠢᠶᠡᠷᠡᠭᠰᠡᠨ ᠭᠡᠨ᠎ᠡ᠃

ᠽᠠᠶ᠎ᠠ ᠪᠠᠨᠳᠢᠳᠠ ᠭᠡᠭᠡᠨ ᠮᠠᠨ ᠤ᠋ ᠨᠤᠲᠤᠭ ᠣᠷᠣᠨ ᠳ᠋ᠤ᠌ ᠤᠳᠠᠭᠠᠨ ᠰᠠᠭᠤᠵᠤ᠂ ᠰᠠᠨᠠᠭ᠎ᠠ ᠪᠠᠨ ᠭᠦᠢᠴᠡᠳᠬᠡᠵᠦ ᠪᠠᠢᠭ᠎ᠠ ᠬᠡᠷᠡᠭ ᠃ ᠰᠦᠮ᠎ᠡ ᠳᠤᠭᠠᠩ ᠴᠤ᠌ ᠬᠡᠳᠦ ᠬᠡᠳᠦ ᠶ᠋ᠢ ᠪᠤᠰᠬᠠᠪᠠ᠃

ᠳᠠᠯᠠᠢ ᠪᠠᠭᠰᠢ ᠭᠡᠭᠡᠨᠲᠡᠨ ᠦ᠌ ᠡᠷᠬᠢᠮ ᠦᠢᠯᠡᠰ ᠲᠦ᠍ ᠰᠠᠢᠰᠢᠶᠠᠭᠤᠰᠢᠲᠠᠢ ᠬᠠᠨᠳᠤᠵᠤ᠂ ᠪᠤᠷᠬᠠᠨ ᠤ᠋ ᠱᠠᠪᠢ ᠪᠣᠯᠬᠤ ᠨᠢᠭᠡ ᠵᠠᠭᠤ ᠨᠠᠢ᠍ᠮᠠᠨ ᠬᠥᠪᠡᠭᠦᠨ ᠢ᠋ ᠠᠪᠴᠢᠷᠠᠬᠤ ᠶ᠋ᠢ ᠪᠣᠯᠭᠣᠭᠠᠵᠠᠢ᠃ ᠲᠡᠷᠢᠭᠦᠨ ᠬᠥᠪᠡᠭᠦᠨ ᠨᠢ ᠭᠠᠯᠳᠠᠨ ᠶᠤᠮ ᠪᠠᠢᠨ᠎ᠠ᠃ ᠭᠠᠯᠳᠠᠨ ᠳ᠋ᠤ᠌ ᠬᠤᠪᠢᠯᠭᠠᠨ ᠲᠥᠷᠬᠦ ᠪᠣᠢ ᠭᠡᠨ᠎ᠡ᠃ ᠮᠢᠨᠦ ᠰᠡᠳᠬᠢᠯ ᠭᠡᠭᠡᠨᠲᠡᠨ ᠦ᠌ ᠦᠭᠡ ᠶ᠋ᠢ ᠰᠣᠨᠣᠰᠤᠭᠠᠳ ᠶᠡᠬᠡ ᠳᠣᠭᠳᠣᠯᠪᠠ᠃ ᠲᠡᠭᠡᠭᠡᠳ ᠬᠠᠲᠤᠨ ᠲᠠᠨ ᠤ᠋ ᠦᠷᠭᠦᠭᠡᠨ ᠳ᠋ᠦ᠍ ᠬᠣᠨᠣᠭᠯᠠᠬᠤ ᠪᠠᠷ ᠢᠷᠡᠪᠡ᠃
— ᠭᠠᠯᠳᠠᠨ ᠬᠦᠦ ᠶ᠋ᠢᠨ ᠮᠡᠩᠭᠡ ᠶ᠋ᠢ ᠽᠠᠶ᠎ᠠ ᠪᠠᠨᠳᠢᠳᠠ ᠭᠡᠭᠡᠨ ᠮᠡᠳᠡᠬᠦ ᠶᠤᠮ᠃ ᠡᠬᠡ ᠡᠴᠡ ᠨᠢ ᠥᠭᠡᠷ᠎ᠡ ᠬᠥᠮᠦᠨ ᠮᠡᠳᠡᠳᠡᠭ ᠪᠤᠰᠤ ᠤᠤ? ᠬᠥᠪᠡᠭᠡᠨ ᠦ᠌ ᠵᠣᠪᠬᠢ ᠥᠭᠡᠳᠡ ᠪᠡᠨ ᠪᠠᠢᠵᠠᠢ᠃ ᠵᠣᠪᠬᠢ ᠳᠡᠭᠡᠷ᠎ᠡ ᠪᠡᠨ ᠨᠠᠷᠠ᠂ ᠰᠠᠷᠠ ᠲᠠᠢ ᠶᠤᠮ ᠪᠠᠢᠨ᠎ᠠ᠃
— ᠬᠠᠲᠤᠨᠲᠠᠨ ᠲᠠ ᠵᠠᠬᠢᠬᠤ ᠵᠦᠢᠯ ᠢ᠋ᠶ᠋ᠡᠨ ᠠᠢᠪᠤᠭᠤ ᠲᠠᠢᠪᠤᠭᠤ ᠬᠡᠯᠡᠨ᠎ᠡ ᠪᠢᠵᠡ᠃

ᠡᠴᠢᠭᠡ ᠬᠣᠩ ᠲᠠᠢᠵᠢ ᠬᠤᠪᠴᠠᠰᠤ ᠬᠤᠨᠠᠷ ᠢ᠋ᠶ᠋ᠠᠨ ᠬᠥᠩᠭᠡᠯᠡᠵᠦ ᠠᠮᠠᠷᠠᠬᠤ ᠪᠠᠷ ᠬᠡᠪᠲᠡᠭᠰᠡᠨ ᠬᠣᠢᠨ᠎ᠠ ᠪᠠᠨ ᠬᠠᠲᠤᠨ ᠡᠬᠡ ᠲᠡᠢ ᠤᠳᠠᠭᠠᠨ ᠰᠢᠪᠡᠨᠡᠯᠳᠦᠵᠦ᠂ ᠨᠤᠭᠤ ᠲᠣᠬᠣᠢ ᠳ᠋ᠤ᠌ ᠠᠳᠤᠭᠤ ᠲᠤᠷᠭᠢᠬᠤ᠂ ᠰᠥᠨᠢ ᠶ᠋ᠢᠨ ᠵᠡᠯᠢᠭᠦᠳ ᠲᠠᠯ᠎ᠠ ᠳ᠋ᠤ᠌ ᠨᠣᠭᠣᠭ᠎ᠠ ᠰᠣᠭᠰᠣᠯᠵᠠᠬᠤ ᠴᠢᠮᠡᠭᠡ ᠰᠣᠨᠣᠰᠤᠭᠳᠠᠭᠰᠠᠭᠠᠷ ᠪᠠᠢᠬᠤ ᠠᠭᠱᠠᠨ ᠳ᠋ᠤ᠌ ᠭᠠᠢᠬᠠᠮᠰᠢᠭ ᠤ᠋ᠨ ᠰᠢᠳᠢᠲᠦ ᠨᠣᠢᠷ ᠲᠤ᠌ ᠪᠠᠢᠭᠠᠯᠢ ᠳᠡᠯᠡᠬᠡᠢ ᠳᠡᠯᠡᠩᠨᠡᠵᠦ ᠪᠠᠢᠯ᠎ᠠ᠃ ᠰᠠᠷᠠᠨ ᠤ᠋ ᠭᠡᠷᠡᠯ ᠰᠠᠴᠤᠷᠠᠭᠰᠠᠭᠠᠷ ᠬᠣᠨᠣᠯ᠎ᠠ᠃ ᠶᠠᠮᠠᠷ ᠭᠡᠭᠡᠨ ᠰᠥᠨᠢ ᠥᠩᠭᠡᠷᠡᠭᠰᠡᠨ ᠭᠡᠵᠦ ᠪᠣᠳᠣᠨ᠎ᠠ᠃

ᠥᠷᠯᠥᠭᠡ ᠨᠢ ᠭᠠᠯᠳᠠᠨ ᠢ᠋ ᠪᠣᠰᠬᠤ ᠳ᠋ᠤ᠌ ᠡᠴᠢᠭᠡ ᠬᠠᠭᠠᠨ ᠳᠤᠬᠤᠨ ᠳᠡᠭᠡᠷ᠎ᠡ ᠦᠨᠦᠷᠯᠡᠭᠡᠳ᠂
— ᠮᠢᠨᠦ ᠬᠥᠪᠡᠭᠦᠨ ᠪᠤᠷᠬᠠᠨ ᠤ᠋ ᠱᠠᠪᠢ ᠪᠣᠯᠤᠨ᠎ᠠ ᠭᠡᠵᠦ ᠬᠡᠯᠡᠪᠡ᠃ ᠲᠡᠭᠡᠬᠦ ᠳ᠋ᠦ᠍ᠨᠢ ᠭᠠᠯᠳᠠᠨ᠂
— ᠪᠤᠷᠬᠠᠨ ᠬᠠᠮᠢᠭ᠎ᠠ ᠪᠠᠢᠳᠠᠭ ᠪᠣᠯ᠁ ᠭᠡᠵᠦ ᠠᠰᠠᠭᠤᠪᠠ᠃
— ᠪᠤᠷᠬᠠᠨ ᠴᠢᠨᠦ ᠰᠡᠳᠬᠢᠯ ᠳ᠋ᠦ᠍ ᠪᠣᠢ᠁
— ᠰᠡᠩᠭᠡ ᠠᠬ᠎ᠠ᠂ ᠠᠷᠴᠠ ᠬᠥᠪᠡᠭᠦᠨ ᠦ᠌ ᠰᠡᠳᠬᠢᠯ ᠳ᠋ᠦ᠍ ᠪᠠᠰᠠ ᠪᠤᠷᠬᠠᠨ ᠪᠣᠢ ᠤᠤ?
— ᠲᠡᠢᠮᠦ ᠠ᠋᠂ ᠪᠤᠷᠬᠠᠨ ᠴᠢᠮᠠᠶ᠋ᠢ ᠳᠠᠭᠤᠳᠠᠵᠤ ᠪᠠᠢᠨ᠎ᠠ᠂ ᠲᠠᠨᠢᠵᠤ ᠪᠠᠢᠨ᠎ᠠ᠃ ᠪᠤᠷᠬᠠᠨ ᠪᠤᠷᠬᠠᠨ ᠢ᠋ᠶ᠋ᠠᠨ ᠳᠠᠭᠤᠳᠠᠳᠠᠭ ᠶᠤᠮ᠃ ᠪᠤᠷᠬᠠᠨ ᠪᠣᠯ ᠬᠥᠮᠦᠨ ᠶᠤᠮ᠃ ᠰᠡᠩᠭᠡ ᠠᠬ᠎ᠠ᠂ ᠠᠷᠴᠠ ᠬᠥᠪᠡᠭᠦᠨ ᠦ᠌ ᠬᠤᠪᠢ ᠵᠠᠶᠠᠭ᠎ᠠ ᠥᠭᠡᠷ᠎ᠡ ᠶᠤᠮ᠃
— ᠠᠪᠤ ᠠ᠋᠂ ᠲᠠ ᠥᠪᠡᠷ ᠢ᠋ᠶ᠋ᠡᠨ ᠪᠤᠷᠬᠠᠨ ᠮᠥᠨ ᠤᠤ?
— ᠠᠪᠤ ᠨᠢ ᠪᠤᠷᠬᠠᠨ ᠡᠴᠡ ᠬᠣᠯᠠ ᠪᠠᠢᠳᠠᠭ᠃
— ᠨᠠᠮᠠᠶ᠋ᠢ ᠶᠠᠭᠠᠬᠢᠭᠠᠳ ᠪᠤᠷᠬᠠᠨ ᠳᠠᠭᠤᠳᠠᠳᠠᠭ ᠪᠢᠯᠡ?
— ᠶᠠᠭᠤᠮ᠎ᠠ ᠴᠠᠭᠠᠨ᠎ᠠ᠎ᠠ᠋ᠴᠠ ᠪᠠᠨ ᠤᠴᠢᠷᠲᠠᠢ᠃ ᠴᠢᠮᠠᠶ᠋ᠢ ᠲᠥᠷᠥᠭᠦᠯᠬᠦ ᠶ᠋ᠢᠨ ᠲᠤᠯᠠᠳᠠ ᠶᠦᠮ ᠠᠭ᠎ᠠ ᠬᠠᠲᠤᠨ ᠡᠬᠡ ᠶ᠋ᠢᠨ ᠬᠡᠪᠡᠯᠢ ᠳ᠋ᠦ᠍ ᠰᠢᠩᠭᠡᠭᠡᠭᠰᠡᠨ ᠶᠤᠮ᠃ ᠽᠠᠶ᠎ᠠ ᠪᠠᠨᠳᠢᠳᠠ ᠭᠡᠭᠡᠨ ᠪᠤᠷᠬᠠᠨ ᠡᠴᠡ ᠴᠢᠮᠠᠶ᠋ᠢ ᠭᠤᠶᠤᠵᠤ᠂ ᠭᠤᠶᠤᠭᠰᠠᠨ ᠶᠣᠰᠣᠭᠠᠷ ᠪᠤᠷᠬᠠᠨ ᠴᠢᠮᠠᠶ᠋ᠢ ᠢᠯᠡᠭᠡᠭᠰᠡᠨ ᠪᠢᠯᠡ᠃ ᠴᠢ ᠶᠦᠮ ᠠᠭ᠎ᠠ ᠬᠠᠲᠤᠨ ᠡᠬᠡ ᠶ᠋ᠢᠨ ᠬᠡᠪᠡᠯᠢ ᠡᠴᠡ ᠲᠥᠷᠥᠬᠦ ᠤᠴᠢᠷᠲᠠᠢ ᠪᠠᠢᠵᠠᠢ᠃

ᠨᠢᠭᠡᠨᠲᠡ ᠴᠢ ᠪᠤᠷᠬᠠᠨ ᠤ᠋ ᠡᠮᠴᠢ ᠲᠤᠯᠠ ᠴᠠᠰᠤᠲᠤ ᠲᠥᠪᠡᠳ ᠦ᠋ᠨ ᠣᠷᠣᠨ ᠳ᠋ᠤ᠌ ᠣᠴᠢᠵᠤ ᠨᠣᠮ ᠰᠤᠳᠤᠷ ᠢ᠋ᠶ᠋ᠠᠨ ᠪᠢᠰᠢᠯᠭᠠᠵᠤ ᠰᠠᠭᠤᠬᠤ ᠬᠤᠪᠢ ᠲᠠᠢ᠃ ᠴᠢᠨᠦ ᠰᠠᠭᠤᠳᠠᠯ ᠲᠡᠨᠳᠡ ᠪᠣᠢ᠄ ᠲᠥᠪᠡᠳ ᠦ᠋ᠨ ᠣᠷᠣᠨ ᠳ᠋ᠤ᠌ ᠴᠢᠮᠠᠶ᠋ᠢ ᠯᠠᠮᠠ ᠪᠠᠭᠰᠢ ᠬᠦᠯᠢᠶᠡᠨ ᠠᠪᠤᠨ᠎ᠠ᠃ ᠬᠥᠪᠡᠭᠦᠨ ᠴᠢ ᠪᠤᠷᠬᠠᠨ ᠤ᠋ ᠱᠠᠪᠢ ᠪᠣᠯᠤᠨ᠎ᠠ᠃ ᠴᠢᠨᠦ ᠬᠣᠢᠨ᠎ᠠ ᠡᠴᠡ ᠨᠢᠭᠡ ᠵᠠᠭᠤᠨ ᠳᠣᠯᠣᠭᠠᠨ ᠱᠠᠪᠢ ᠲᠡᠢᠰᠢ ᠮᠣᠷᠢᠯᠠᠨ᠎ᠠ ᠭᠡᠯ᠎ᠡ᠃

ᠬᠠᠲᠤᠨ ᠡᠵᠢ ᠲᠡᠳᠡᠨ ᠦ᠌ ᠬᠥᠭᠡᠷᠦᠯᠳᠦᠬᠦ ᠶ᠋ᠢ ᠰᠣᠨᠣᠰᠴᠤ ᠰᠠᠭᠤᠪᠠ᠃ ᠡᠴᠢᠭᠡ ᠬᠣᠩ ᠲᠠᠢᠵᠢ ᠭᠠᠯᠳᠠᠨ ᠢ᠋ ᠪᠤᠷᠬᠠᠨ ᠤ᠋ ᠣᠷᠣᠨ ᠳ᠋ᠤ᠌ ᠶᠠᠪᠤᠭᠤᠯᠬᠤ ᠪᠠᠷ ᠨᠢᠭᠡᠨᠲᠡ ᠰᠢᠢᠳᠦᠭᠰᠡᠨ ᠪᠠᠢᠯ᠎ᠠ᠃ ᠲᠡᠷᠡ ᠪᠡᠷ ᠪᠠᠶᠠᠷ ᠲᠠᠢ ᠴᠤ᠌ ᠶᠤᠮ ᠰᠢᠭ᠋᠂ ᠭᠤᠨᠢᠭ ᠲᠠᠢ ᠴᠤ᠌ ᠶᠤᠮ ᠰᠢᠭ᠋ ᠪᠣᠳᠣᠯᠭᠠᠰᠢᠷᠠᠨ᠎ᠠ᠃ ᠬᠠᠲᠤᠨ ᠡᠵᠢ ᠶ᠋ᠢᠨ ᠰᠡᠳᠬᠢᠯ ᠶᠡᠬᠡᠳᠡ ᠳᠣᠭᠳᠣᠯᠵᠠᠢ᠃ ᠲᠡᠭᠦᠨ ᠦ᠌ ᠳᠠᠭᠤ ᠬᠣᠭᠣᠯᠠᠢ ᠳᠣᠭᠳᠣᠯᠤᠭᠰᠠᠨ᠎ᠠ᠋ᠴᠠ ᠪᠠᠨ ᠪᠣᠯᠤᠭᠠᠳ ᠶᠠᠯᠢᠭᠦᠢ ᠴᠡᠴᠡᠷᠬᠢᠯᠡᠨ᠎ᠡ᠃ ᠰᠥᠨᠢ ᠶ᠋ᠢᠨ ᠲᠤᠷᠰᠢ ᠭᠠᠯᠳᠠᠨ ᠤ᠋ ᠲᠤᠬᠠᠢ ᠶᠡᠬᠡ ᠦᠷᠭᠦᠭᠡᠨ ᠳ᠋ᠦ᠍ ᠶᠠᠷᠢᠵᠤ᠂ ᠢᠨᠠᠭ ᠤ᠋ᠨ ᠦᠯᠢᠭᠡᠷ ᠰᠢᠪᠡᠨᠡᠭᠰᠡᠨ ᠢ᠋ ᠭᠠᠯᠳᠠᠨ ᠶᠠᠭᠠᠬᠢᠨ ᠮᠡᠳᠡᠨ᠎ᠡ᠃
— ᠬᠥᠪᠡᠭᠦᠨ ᠲᠩᠷᠢ ᠤᠭᠰᠠᠭ᠎ᠠ ᠲᠠᠢ ᠶ᠋ᠢ ᠭᠡᠭᠡᠨᠲᠡᠨ ᠠᠯᠢ ᠬᠡᠳᠦᠢᠨᠡᠢ ᠮᠡᠳᠡᠵᠡᠢ᠃ᠪᠠᠷᠠᠭᠤᠨ ᠵᠡᠭᠦᠨ ᠵᠣᠪᠬᠢ ᠳᠡᠭᠡᠷ᠎ᠡ ᠨᠢ ᠨᠠᠷᠠ ᠰᠠᠷᠠ ᠲᠠᠢ ᠶᠤᠮ ᠪᠠᠢᠨ᠎ᠠ᠃ ᠲᠥᠪᠡᠳ ᠦ᠋ᠳ ᠠᠢᠬᠤᠪᠲᠤᠷ ᠬᠥᠮᠦᠰ ᠰᠢᠦ᠃
— ᠶᠠᠮᠠᠷ ᠠᠶᠤᠮᠠᠷ ᠶᠤᠮ ᠪᠣᠢ?
— ᠶᠠᠭᠤᠨ ᠡᠴᠡ ᠠᠶᠤᠬᠤ ᠪᠢᠯᠡ ᠬᠠᠲᠤᠨ ᠮᠢᠨᠢ?
— ᠡᠬᠡ ᠬᠥᠮᠦᠨ ᠴᠢᠨᠢ ᠡᠮᠵᠡᠭ ᠪᠠᠢᠬᠤ ᠶᠤᠮ᠂ ᠠᠶᠤᠬᠤ ᠶᠤᠮ᠃
— ᠭᠠᠯᠳᠠᠨ ᠭᠠᠢᠬᠠᠯᠲᠠᠢ ᠲᠡᠮᠳᠡᠭ ᠲᠡᠢ᠃ ᠲᠡᠷᠡ ᠲᠡᠮᠳᠡᠭ ᠽᠠᠶ᠎ᠠ ᠪᠠᠨᠳᠢᠳᠠ ᠭᠡᠭᠡᠨ ᠢ᠋ ᠰᠣᠷᠢᠨᠵᠢᠨ ᠮᠡᠲᠦ ᠲᠠᠲᠠᠵᠤ ᠪᠠᠢᠨ᠎ᠠ᠃
— ᠬᠠᠭᠠᠨ ᠮᠢᠨᠢ᠂ ᠶᠠᠮᠠᠷ ᠲᠡᠮᠳᠡᠭ ᠪᠣᠢ? ᠨᠠᠷᠠ ᠰᠠᠷᠠ ᠬᠣᠶᠠᠷ ᠭᠡᠪᠡ ᠤᠤ ᠁ ᠮᠡᠩᠭᠡ ᠲᠡᠢ ᠶᠤᠮᠰᠠᠨ᠃
— ᠬᠠᠲᠤᠨ ᠲᠠ ᠰᠠᠢᠨ ᠠᠩᠵᠠᠭᠠᠷᠠᠭᠠᠴᠢ᠃
— ᠮᠡᠩᠭᠡ ᠮᠥᠨ᠂ ᠪᠢᠯᠢᠭᠦᠨ ᠤᠬᠠᠭᠠᠨ ᠨᠢ ᠮᠡᠩᠭᠡᠨ ᠳ᠋ᠦ᠍ ᠪᠣᠢ᠃ ᠰᠤᠳᠤᠷ ᠪᠢᠴᠢᠭ ᠲᠦ᠍ ᠮᠥᠨ ᠲᠡᠭᠡᠵᠦ ᠠᠢᠯᠠᠳᠴᠠᠢ᠃ ᠲᠡᠷᠡ ᠮᠡᠩᠭᠡ ᠭᠠᠯᠳᠠᠨ ᠳ᠋ᠤ᠌ ᠣᠷᠣᠰᠢᠵᠠᠢ᠃ ᠲᠥᠪᠡᠳ ᠦᠰᠦᠭ ᠢ᠋ᠶ᠋ᠡᠷ ᠨᠠᠷᠠ ᠰᠠᠷᠠ ᠭᠡᠵᠦ ᠲᠡᠮᠳᠡᠭᠯᠡᠵᠡᠢ᠃
— ᠬᠥᠪᠡᠭᠦᠨ ᠮᠢᠨᠢ ᠠᠵᠠᠲᠠᠢ ᠲᠥᠷᠥᠭᠰᠡᠨ ᠪᠤᠰᠤ ᠤᠤ?
— ᠮᠣᠩᠭᠣᠯᠴᠤᠳ ᠳᠥᠷᠪᠡᠨ ᠨᠢᠳᠦ ᠲᠡᠢ ᠁ ᠭᠡᠮᠡᠨ ᠪᠡᠯᠭᠡᠰᠢᠶᠡᠳᠡᠭ ᠵᠥᠪᠬᠡᠨ ᠳᠡᠭᠡᠷᠡᠬᠢ ᠮᠡᠩᠭᠡ ᠪᠣᠯ ᠢᠷᠦᠭᠡᠯ ᠤᠴᠠᠷᠠᠯ᠂ ᠬᠠᠭᠠᠴᠠᠯ ᠵᠣᠪᠠᠯᠠᠩ ᠤ᠋ᠨ ᠠᠯᠢ ᠠᠯᠢ ᠰᠢᠨᠵᠢ ᠪᠣᠯᠤᠯᠲᠠᠢ᠃ ᠶᠡᠷᠦ ᠨᠢ ᠲᠡᠢᠮᠦ ᠮᠡᠩᠭᠡᠨ ᠳ᠋ᠦ᠍ ᠵᠣᠯᠪᠣᠭ᠎ᠠ ᠬᠡᠢᠮᠣᠷᠢ ᠣᠷᠣᠰᠢᠨ᠎ᠠ᠃ ᠬᠥᠮᠦᠨ ᠦ᠌ ᠰᠡᠳᠬᠢᠯ ᠦ᠋ᠨ ᠴᠢᠨᠠᠳᠤ ᠨᠡᠪᠲᠡᠷᠡᠬᠦ ᠳ᠋ᠦ᠍ ᠵᠣᠪᠬᠢ ᠳᠡᠭᠡᠷᠡᠬᠢ ᠮᠡᠩᠭᠡ ᠬᠠᠷ᠎ᠠ᠂ ᠴᠠᠭᠠᠨ ᠢ᠋ ᠢᠯᠭᠠᠵᠤ ᠬᠠᠷᠠᠳᠠᠭ᠃
— ᠬᠠᠭᠠᠨᠲᠠᠨ ᠲᠠ ᠨᠠᠳᠠᠳᠤ ᠤᠷᠢᠳᠤ ᠨᠢ ᠶᠠᠷᠢᠳᠠᠭ ᠦᠭᠡᠢ ᠪᠡᠨ ᠶᠠᠷᠢᠳᠠᠭ ᠪᠣᠯᠤᠯ᠎ᠠ᠃ ᠶᠠᠭᠤ ᠪᠣᠯᠤᠭᠠᠳ ᠪᠠᠢᠨ᠎ᠠ ᠤᠤ? ᠬᠥᠪᠡᠭᠦᠨ ᠢ᠋ ᠪᠤᠷᠬᠠᠨ ᠱᠠᠪᠢ ᠪᠣᠯᠬᠤ ᠳ᠋ᠤ᠌ ᠪᠢ ᠶᠠᠭᠤᠨ ᠳ᠋ᠤ᠌ ᠲᠠᠲᠠᠭᠠᠯᠵᠠᠨ᠎ᠠ᠃
— ᠪᠢ ᠭᠠᠯᠳᠠᠨ ᠤ᠋ ᠲᠥᠯᠥᠭᠡ ᠴᠢᠳᠠᠬᠤ ᠠ᠋ᠴᠠ ᠪᠠᠨ ᠴᠢᠳᠠᠬᠤ ᠦᠭᠡᠢ ᠪᠡᠨ ᠬᠦᠷᠲᠡᠯ᠎ᠡ ᠵᠢᠳᠬᠦᠨ᠎ᠡ᠃ ᠨᠠᠳᠠᠳᠤ ᠣᠯᠠᠨ ᠬᠥᠪᠡᠭᠦᠨ ᠪᠠᠢᠪᠠᠴᠤ ᠭᠠᠯᠳᠠᠨ ᠳ᠋ᠤ᠌ ᠪᠢ ᠢᠲᠡᠭᠡᠨ᠎ᠡ᠃ ᠳᠤᠸᠠ ᠰᠣᠬᠣᠷ ᠤ᠋ᠨ ᠤᠳᠤᠮ ᠤᠭᠰᠠᠭ᠎ᠠ ᠶ᠋ᠢ ᠥᠪᠯᠡᠵᠦ ᠲᠥᠷᠥᠭᠰᠡᠨ ᠨᠢ ᠭᠠᠯᠳᠠᠨ᠃ ᠳᠤᠸᠠ ᠰᠣᠬᠣᠷ ᠬᠥᠮᠦᠨ ᠦ᠌ ᠤᠰᠤᠨ ᠨᠢᠳᠦ ᠦᠵᠡᠭᠡ ᠦᠭᠡᠢ ᠶ᠋ᠢ ᠦᠵᠡᠳᠡᠭ ᠪᠢᠯᠢᠭ ᠦ᠋ᠨ ᠨᠢᠳᠦ ᠲᠡᠢ ᠪᠠᠢᠭᠰᠠᠨ᠃ ᠶᠠᠮᠠᠷ ᠲᠠᠭᠠᠨ ᠳᠤᠸᠠ ᠰᠣᠬᠣᠷ ᠢ᠋ ᠳᠤᠬᠤ ᠶ᠋ᠢᠨ ᠳᠡᠭᠡᠷ᠎ᠡ ᠪᠡᠨ ᠭᠠᠭᠴᠠ ᠨᠢᠳᠦ ᠲᠡᠢ ᠬᠡᠮᠡᠬᠦ ᠳᠣᠮᠣᠭ ᠦᠯᠡᠳᠡᠬᠦ ᠪᠣᠢ᠃ ᠴᠣᠷᠣᠰ ᠤᠳᠤᠮ ᠤ᠋ᠨ ᠢ᠋ᠶ᠋ᠠᠨ ᠳᠣᠮᠣᠭ ᠢ᠋ ᠭᠠᠯᠳᠠᠨ ᠦᠷᠭᠦᠯᠵᠢᠯᠡᠭᠦᠯᠬᠦ ᠪᠣᠢ᠃
— ᠭᠠᠯᠳᠠᠨ ᠬᠥᠪᠡᠭᠦᠨ ᠳ᠋ᠡᠭᠡᠨ ᠬᠠᠭᠠᠨ ᠲᠠ ᠰᠠᠨᠠᠭ᠎ᠠ ᠵᠣᠪᠠᠬᠤ ᠨᠢ ᠵᠦᠢ᠃ ᠭᠡᠬᠦ ᠳ᠋ᠡᠭᠡᠨ ᠡᠬᠡ ᠶ᠋ᠢᠨ ᠰᠡᠳᠬᠢᠯ ᠢ᠋ ᠶᠠᠭᠠᠬᠢᠨ ᠭᠦᠢᠴᠡᠬᠦ ᠪᠢᠯᠡ᠃ ᠪᠢ ᠭᠠᠯᠳᠠᠨ ᠳ᠋ᠠᠭᠠᠨ ᠶᠡᠬᠡ ᠬᠠᠢᠷᠠᠲᠠᠢ ᠶᠤᠮ᠃ ᠭᠠᠯᠳᠠᠨ ᠲᠠᠢ ᠴᠣᠭ ᠳᠡᠮᠪᠡᠷᠢᠯ ᠵᠠᠩᠵᠤᠨ ᠤ᠋ ᠬᠥᠪᠡᠭᠦᠨ ᠠᠷᠴᠠ ᠶ᠋ᠢ ᠶᠠᠪᠤᠭᠤᠯᠪᠠᠯ ᠶᠠᠭᠠᠬᠢᠨ᠎ᠠ᠃ ᠠᠷᠴᠠ ᠪᠠᠰᠠ ᠯᠠᠮᠠ ᠪᠣᠯᠤᠭ᠃ ᠬᠥᠪᠡᠭᠦᠳ ᠲᠣᠭᠯᠠᠵᠤ ᠨᠠᠭᠠᠳᠤᠭᠠᠳ ᠨᠢᠭᠡ ᠨᠢᠭᠡᠨ ᠳ᠋ᠡᠭᠡᠨ ᠬᠠᠨᠢ ᠲᠠᠢ ᠪᠤᠰᠤ ᠤᠤ?
— ᠵᠠᠭᠤᠨ ᠨᠠᠢ᠍ᠮᠠᠨ ᠬᠥᠪᠡᠭᠦᠨ ᠦ᠌ ᠲᠣᠭᠠᠨ ᠳ᠋ᠤ᠌ ᠠᠷᠴᠠ ᠶ᠋ᠢ ᠣᠷᠣᠭᠤᠯᠵᠤ ᠪᠣᠯᠬᠤ ᠶᠤᠮ᠃ ᠭᠡᠬᠦ ᠳ᠋ᠡᠭᠡᠨ ᠳᠡᠮᠪᠡᠷᠢᠯ᠂ ᠪᠥᠭᠡᠷ᠎ᠡ ᠬᠣᠶᠠᠷ ᠮᠡᠳᠡᠬᠦ ᠪᠣᠢ ᠊ᠶ᠎ᠠ᠃ ᠪᠥᠭᠡᠷ᠎ᠡ ᠡᠬᠡᠨᠡᠷ ᠠᠷᠴᠠ ᠶ᠋ᠢ ᠪᠤᠷᠬᠠᠨ ᠠ᠋ᠴᠠ ᠴᠤ᠌ ᠬᠠᠷᠠᠮᠯᠠᠵᠤ ᠪᠠᠢᠬᠤ ᠰᠢᠦ᠃ ᠡᠨᠡ ᠶᠠᠷᠢᠶ᠎ᠠ ᠶ᠋ᠢ ᠲᠦᠷ ᠤᠷᠭᠢᠶ᠎ᠠ ᠁ ᠭᠠᠯᠳᠠᠨ ᠢ᠋ ᠲᠥᠷᠥᠭᠰᠡᠨ ᠡᠴᠡ ᠬᠣᠢᠰᠢ ᠵᠡᠭᠦᠨᠭᠠᠷ ᠤ᠋ᠨ ᠬᠠᠭᠠᠨᠲᠤ ᠤᠯᠤᠰ ᠳᠤ ᠶᠡᠬᠡ ᠥᠭᠡᠷᠡᠴᠢᠯᠡᠯᠲᠡ ᠭᠠᠷᠪᠠ᠃ ᠬᠥᠪᠡᠭᠦᠨ ᠶᠡᠷᠦ ᠡᠴᠡ ᠬᠤᠷ᠎ᠠ ᠳᠠᠭᠠᠭᠤᠯᠵᠤ᠂ ᠰᠣᠯᠣᠩᠭ᠎ᠠ ᠳᠠᠭᠠᠭᠤᠯᠵᠤ᠂ ᠯᠤᠤᠰ ᠪᠠᠶᠠᠰᠬᠠᠵᠤ ᠲᠥᠷᠥᠭᠰᠡᠨ ᠪᠤᠰᠤ ᠤᠤ ᠁ ᠴᠠᠭᠠᠨ ᠢᠷᠪᠢᠰ ᠴᠠᠬᠢᠯᠠᠵᠤ ᠦᠵᠡᠭᠳᠡᠭᠰᠡᠨ ᠪᠤᠰᠤ ᠤᠤ ᠁ ᠢᠷᠪᠢᠰ ᠲᠡᠢ ᠴᠣᠭ ᠣᠳᠤᠭᠰᠠᠨ ᠪᠤᠰᠤ ᠤᠤ ᠁

ᠶᠥᠮ ᠠᠭ᠎ᠠ ᠬᠠᠲᠤᠨ ᠤ᠋ ᠨᠢᠭᠤᠷ ᠴᠢᠷᠠᠢ ᠰᠢᠩᠭᠡᠷᠡᠵᠦ ᠨᠢᠯᠬᠠᠷᠠᠭᠠᠳ ᠬᠣᠩ ᠲᠠᠢᠵᠢ ᠶ᠋ᠢᠨ ᠭᠦᠵᠢᠷᠮᠡᠭ ᠬᠠᠲᠠᠭᠤ ᠠᠷᠠᠨᠰᠢᠨ ᠢ᠋ ᠵᠥᠭᠡᠯᠡᠷᠡᠭᠦᠯᠵᠦ ᠬᠣᠨᠣᠭᠰᠠᠨ ᠪᠠᠢᠪᠠ᠃ ᠬᠣᠩ ᠲᠠᠢᠵᠢ ᠥᠷᠥᠮ᠎ᠡ ᠲᠡᠢ ᠴᠠᠢ ᠤᠤᠭᠤᠵᠤ ᠰᠠᠭᠤᠬᠤ ᠳ᠋ᠠᠭᠠᠨ《ᠶᠥᠮ ᠠᠭ᠎ᠠ ᠪᠣᠯ ᠤᠭᠰᠠᠭ᠎ᠠ ᠭᠠᠷᠪᠠᠯᠢ ᠰᠠᠢᠲᠠᠢ ᠡᠮᠡᠭᠲᠡᠢ᠃ ᠶᠥᠮ ᠠᠭ᠎ᠠ ᠬᠠᠲᠤᠨ ᠠ᠋ᠴᠠ ᠲᠥᠷᠥᠭᠰᠡᠨ ᠰᠡᠩᠭᠡ᠂ ᠭᠠᠯᠳᠠᠨ ᠬᠣᠶᠠᠷ ᠳᠤ ᠢᠯᠡᠭᠦᠦ ᠨᠠᠢᠳᠠᠨ᠎ᠠ᠃ ᠰᠡᠩᠭᠡ ᠪᠣᠯᠪᠠᠰᠤ ᠶᠠᠭᠤᠮ᠎ᠠ ᠶ᠋ᠢ ᠭᠦᠢᠴᠡᠭᠡᠵᠦ ᠪᠣᠳᠣᠬᠤ ᠳ᠋ᠠᠭᠠᠨ ᠰᠠᠢᠨ ᠬᠠᠷ᠎ᠠ ᠰᠠᠨᠠᠭ᠎ᠠ ᠪᠠᠭ᠎ᠠ ᠲᠠᠢ ᠰᠠᠨᠠᠭᠳᠠᠨ᠎ᠠ᠃ ᠬᠠᠭᠠᠨ ᠬᠥᠮᠦᠨ ᠳᠠᠪᠬᠤᠷ ᠳᠠᠯᠳᠠ ᠰᠠᠨᠠᠭ᠎ᠠ ᠲᠠᠢ ᠪᠠᠢᠪᠠᠯ ᠣᠯᠠᠨ ᠤ᠋ ᠲᠤᠰᠠ ᠶ᠋ᠢᠨ ᠲᠤᠯᠠᠳᠠ ᠶᠡᠬᠡ ᠦᠢᠯᠡ ᠬᠢᠨ᠎ᠡ᠃ ᠭᠦᠶᠦᠮᠡᠭ᠂ ᠬᠥᠩᠭᠡᠨ ᠰᠠᠨᠠᠭ᠎ᠠ ᠲᠠᠢ ᠪᠣᠯ ᠠᠯᠳᠠᠭ᠎ᠠ ᠣᠯᠠᠨ ᠭᠠᠷᠤᠨ᠎ᠠ᠃ ᠰᠡᠩᠭᠡ ᠶᠠᠪᠤᠭᠠᠨ ᠳ᠋ᠠᠭᠠᠨ ᠬᠠᠭᠠᠨ ᠣᠷᠣ ᠰᠠᠭᠤᠬᠤ ᠲᠤᠯᠠ ᠡᠷᠲᠡᠨ ᠡᠴᠡ ᠤᠬᠠᠭᠠᠨ ᠵᠢᠭᠠᠬᠤ ᠬᠡᠷᠡᠭᠲᠡᠢ》 ᠭᠡᠵᠦ ᠪᠣᠳᠣᠯᠬᠢᠯᠠᠨ᠎ᠠ᠃ ᠶᠥᠮ ᠠᠭ᠎ᠠ《ᠡᠨᠡ ᠬᠣᠩ ᠲᠠᠢᠵᠢ ᠨᠢᠭᠡᠯᠡ ᠵᠥᠭᠡᠯᠡᠨ ᠡᠶᠡᠷᠡᠭᠦᠨ ᠵᠠᠩ ᠲᠠᠢ ᠪᠠᠢᠬᠤ ᠴᠢᠨᠢ᠃ ᠰᠡᠳᠬᠢᠯ ᠨᠢ ᠪᠠᠷᠤᠭᠲᠠᠢ ᠳ᠋ᠤ᠌ ᠢᠩᠭᠢᠵᠦ ᠨᠢᠯᠬᠠᠷᠠᠵᠤ ᠪᠠᠢᠳᠠᠭ ᠦᠭᠡᠢ ᠶᠤᠮᠰᠠᠨ᠃ ᠨᠠᠳᠠ ᠠ᠋ᠴᠠ ᠬᠣᠯᠠᠳᠤᠭᠠᠳ ᠤᠳᠠᠭ᠎ᠠ ᠦᠭᠡᠢ ᠴᠦ᠍ ᠶᠡᠬᠡ ᠦᠷᠭᠦᠭᠡᠨ ᠳ᠋ᠡᠭᠡᠨ ᠮᠣᠷᠢᠯᠠᠵᠤ ᠳᠠᠭᠠᠯᠠᠬᠤ ᠨᠢ ᠨᠢᠭᠡᠯᠡ ᠶᠡᠷᠦ ᠪᠤᠰᠤ ᠶ᠋ᠢᠨ ᠪᠠᠢᠬᠤ ᠶᠤᠮ》 ᠭᠡᠮᠡᠨ ᠵᠡᠭᠦᠨᠭᠠᠷ ᠤ᠋ᠨ ᠬᠠᠭᠠᠨ ᠤ᠋ ᠭᠦᠵᠢᠷ ᠴᠢᠷᠠᠢ ᠶ᠋ᠢ ᠬᠠᠷᠠᠨ ᠪᠠᠢᠵᠤ ᠰᠠᠨᠠᠭᠠᠰᠢᠷᠠᠨ᠎ᠠ᠃

ᠠᠷᠪᠠᠨ ᠨᠠᠢ᠍ᠮᠠ

ᠠᠭᠤᠯᠠᠨ ᠡᠴᠡ ᠡᠬᠢ ᠠᠪᠤᠭᠰᠠᠨ ᠬᠠᠷ᠎ᠠ ᠡᠷᠴᠢᠰ ᠮᠥᠷᠡᠨ ᠴᠢᠯᠠᠭᠤᠨ ᠡᠴᠡ ᠪᠤᠯᠭᠢᠨ ᠴᠢᠯᠠᠭᠤ ᠳᠣᠯᠢᠶᠠᠵᠤ ᠬᠦᠷᠬᠢᠷᠡᠨ᠎ᠡ᠃ ᠬᠠᠷ᠎ᠠ ᠡᠷᠴᠢᠰ ᠦ᠋ᠨ ᠬᠥᠪᠡᠭᠡᠨ ᠳ᠋ᠦ᠍ ᠴᠣᠷᠣᠰ ᠣᠪᠣᠭ ᠤ᠋ᠨ ᠬᠣᠲᠠ ᠬᠦᠷᠢᠶ᠎ᠡ ᠬᠥᠯ ᠳ᠋ᠦ᠍ ᠳᠠᠷᠤᠭᠳᠠᠵᠠᠢ᠃ ᠲᠠᠰᠢᠭᠤ ᠵᠠᠬ᠎ᠠ ᠲᠠᠢ᠂ ᠥᠷᠭᠡᠨ ᠡᠮᠵᠢᠶᠡᠷᠢ ᠲᠡᠢ ᠳᠡᠪᠡᠯ ᠡᠮᠦᠰᠦᠭᠰᠡᠨ ᠴᠡᠴᠡᠨ᠂ ᠵᠣᠳᠪᠠ ᠲᠡᠷᠢᠭᠦᠲᠡᠢ ᠠᠬ᠎ᠠ ᠨᠠᠷ ᠨᠢ ᠠᠯᠤᠰ ᠬᠣᠯᠠ ᠶ᠋ᠢᠨ ᠴᠠᠰᠤᠲᠤ ᠲᠥᠪᠡᠳ ᠦ᠋ᠨ ᠣᠷᠣᠨ ᠳ᠋ᠤ᠌ ᠵᠣᠷᠢᠨ ᠮᠣᠷᠳᠠᠬᠤ ᠪᠠᠷ ᠵᠡᠬᠡᠵᠦ ᠪᠣᠢ ᠭᠠᠯᠳᠠᠨ ᠢ᠋ ᠠᠵᠢᠨ᠎ᠠ᠃ ᠭᠡᠭᠡᠨᠲᠡᠨ ᠦ᠌ ᠳᠠᠭᠠᠯᠲᠠ ᠠᠴᠢᠶ᠎ᠠ ᠬᠥᠰᠬᠡ ᠬᠡᠳᠦᠢᠨ ᠬᠥᠳᠡᠯᠵᠡᠢ᠃ ᠪᠤᠷᠬᠠᠨ ᠤ᠋ ᠣᠷᠣᠨ ᠪᠤᠳᠠᠯᠠᠩ ᠬᠡᠢᠳ ᠢ᠋ ᠰᠡᠷᠭᠦᠭᠡᠨ ᠵᠠᠰᠠᠬᠤ ᠨᠦᠰᠡᠷ ᠠᠵᠢᠯ ᠳ᠋ᠤ᠌ ᠵᠡᠭᠦᠨᠭᠠᠷ ᠤ᠋ᠨ ᠬᠠᠭᠠᠨ ᠡᠷᠳᠡᠨᠢᠪᠠᠭᠠᠲᠤᠷ ᠬᠣᠩ ᠲᠠᠢᠵᠢ ᠨᠢᠭᠡ ᠵᠠᠭᠤᠨ ᠠᠷᠪᠠᠨ ᠲᠠᠪᠤᠨ ᠮᠢᠩᠭᠠᠨ ᠯᠠᠩ ᠮᠥᠩᠭᠥ ᠬᠠᠨᠳᠢᠪᠯᠠᠭᠰᠠᠨ ᠨᠢ ᠽᠠᠶ᠎ᠠ ᠪᠠᠨᠳᠢᠳᠠ ᠭᠡᠭᠡᠨ ᠪᠣᠯᠤᠨ ᠭᠠᠯᠳᠠᠨ ᠬᠥᠪᠡᠭᠦᠨ ᠦ᠌ ᠬᠥᠰᠬᠡ ᠲᠡᠷᠭᠡ ᠳ᠋ᠦ᠍ ᠠᠴᠢᠭᠳᠠᠵᠠᠢ᠃ ᠽᠠᠶ᠎ᠠ ᠪᠠᠨᠳᠢᠳᠠ ᠭᠡᠭᠡᠨ ᠦ᠌ ᠮᠥᠷᠭᠥᠯ ᠦ᠋ᠨ ᠬᠥᠮᠦᠰ ᠡᠴᠡ ᠴᠠᠩ ᠬᠡᠩᠭᠡᠷᠭᠡ᠂ ᠬᠣᠩᠬᠣ ᠳᠠᠮᠠᠷᠤ᠂ ᠪᠦᠷᠢᠶ᠎ᠡ ᠪᠢᠰᠬᠢᠭᠦᠷ ᠦ᠋ᠨ ᠳᠠᠭᠤ ᠴᠢᠬᠢᠨ ᠳ᠋ᠦ᠍ ᠬᠠᠲᠠᠵᠤ ᠪᠠᠢᠯ᠎ᠠ᠃ ᠲᠡᠷᠡ ᠰᠥᠨᠢ ᠡᠴᠢᠭᠡ ᠬᠣᠩ ᠲᠠᠢᠵᠢ ᠬᠠᠲᠤᠨ ᠡᠬᠡ ᠲᠡᠢ ᠰᠢᠪᠡᠨᠡᠯᠳᠦᠵᠦ ᠬᠣᠨᠣᠭᠰᠠᠨ ᠡᠴᠡ ᠬᠣᠢᠰᠢ ᠭᠠᠯᠳᠠᠨ ᠤ᠋ ᠬᠤᠪᠢ ᠵᠠᠶᠠᠭ᠎ᠠ ᠣᠷᠪᠣᠩ ᠢ᠋ᠶ᠋ᠠᠷ ᠢ᠋ᠶ᠋ᠠᠨ ᠡᠷᠭᠢᠵᠦ ᠪᠢᠯᠡ᠃ ᠬᠠᠷᠢᠨ ᠠᠷᠪᠠᠭᠠᠳ ᠵᠢᠯ ᠦ᠋ᠨ ᠳᠠᠷᠠᠭ᠎ᠠ ᠡᠨᠡ ᠬᠦ᠌ ᠲᠤᠤᠯᠢ ᠲᠡᠮᠳᠡᠭᠯᠡᠯ ᠢ᠋ᠶ᠋ᠡᠨ ᠬᠥᠲᠥᠯᠬᠦ ᠳ᠋ᠦ᠍ ᠲᠡᠷᠡ ᠦᠶ᠎ᠡ ᠶ᠋ᠢᠨ ᠪᠦᠬᠦ ᠵᠦᠢᠯ ᠭᠠᠯᠳᠠᠨ ᠤ᠋ ᠨᠢᠳᠦᠨ ᠳ᠋ᠦ᠍ ᠬᠠᠷᠠᠭᠳᠠᠵᠤ ᠪᠠᠢᠪᠠ᠃ ᠨᠢᠳᠦᠨ ᠦ᠌ ᠣᠢ ᠲᠣᠭᠲᠠᠭᠠᠯ ᠳ᠋ᠤ᠌ ᠭᠣᠢᠳᠠ ᠭᠡᠳᠡᠭ ᠢ᠋ᠶ᠋ᠡᠨ ᠣᠢᠯᠠᠭᠠᠪᠠ᠃ ᠡᠬᠡ ᠶᠦᠮ ᠠᠭ᠎ᠠ ᠬᠠᠲᠤᠨ ᠭᠠᠯᠳᠠᠨ ᠤ᠋ ᠬᠥᠬᠥᠯ ᠢ᠋ ᠢᠯᠢᠵᠦ ᠪᠠᠢᠭᠰᠠᠨ ᠢ᠋ᠶ᠋ᠠᠨ ᠪᠣᠬᠢᠷᠤᠨ ᠰᠠᠭᠤᠵᠤ᠂
— ᠬᠥᠪᠡᠭᠦᠨ ᠮᠢᠨᠢ᠁ ᠨᠢᠯᠬ᠎ᠠ ᠠᠮᠢᠲᠠᠨ ᠮᠢᠨᠢ᠁ ᠭᠡᠳ ᠲᠤᠩᠭᠠᠯᠠᠭ ᠨᠢᠯᠪᠤᠰᠤ ᠳᠤᠬᠤᠨ ᠳᠡᠭᠡᠷ᠎ᠡ ᠤᠨᠠᠭᠠᠪᠠ᠃

ᠡᠵᠢ ᠶ᠋ᠢᠨ ᠨᠢᠯᠪᠤᠰᠤ ᠳᠤᠬᠤ ᠤᠷᠤᠭᠤ ᠨᠢ ᠤᠷᠤᠰᠪᠠ᠃ ᠨᠢᠯᠪᠤᠰᠤ ᠪᠦᠯᠢᠶᠡᠨ ᠪᠠᠢᠪᠠ᠃ ᠭᠠᠯᠳᠠᠨ ᠤ᠋ ᠳᠤᠬᠤ᠂ ᠬᠠᠴᠠᠷ᠂ ᠤᠷᠤᠭᠤᠯ ᠳ᠋ᠤ᠌ ᠲᠡᠷᠡ ᠬᠦ᠌ ᠪᠦᠯᠢᠶᠡᠨ ᠨᠢᠯᠪᠤᠰᠤ ᠰᠢᠩᠭᠡᠪᠡ᠃ ᠤᠷᠤᠭᠤᠯ ᠢ᠋ᠶ᠋ᠠᠨ ᠰᠢᠯᠡᠮᠡᠳᠡᠬᠦ ᠳ᠋ᠦ᠍ ᠶᠠᠯᠢᠭᠦᠢ ᠱᠣᠷᠪᠣᠭ ᠠᠮᠲᠠᠯᠠᠭᠳᠠᠭᠰᠠᠨ ᠨᠢ ᠨᠢᠯᠪᠤᠰᠤᠨ ᠤ᠋ ᠠᠮᠲᠠ ᠪᠠᠢᠵᠠᠢ᠃ ᠡᠬᠡ ᠶ᠋ᠢᠨ ᠨᠢᠯᠪᠤᠰᠤ ᠭᠠᠯᠳᠠᠨ ᠢ᠋ ᠤᠬᠢᠶᠠᠪᠠ᠃ ᠡᠬᠡ ᠶ᠋ᠢᠨ ᠨᠢᠯᠪᠤᠰᠤᠨ ᠤ᠋ ᠠᠮᠲᠠ ᠶ᠋ᠢ ᠬᠡᠳᠦᠢ ᠳ᠋ᠦ᠍ ᠭᠦᠢᠴᠡᠳ ᠮᠡᠳᠡᠷᠡᠬᠦ ᠪᠣᠯ᠁

ᠭᠠᠯᠳᠠᠨ ᠳ᠋ᠤ᠌ ᠺᠢᠷᠭᠢᠽ ᠮᠠᠶᠢᠭ ᠤ᠋ᠨ ᠵᠢᠤᠵᠠ ᠲᠡᠷᠭᠡ ᠪᠡᠯᠡᠳᠬᠡᠵᠡᠢ᠃ ᠦᠨᠡᠨ ᠳ᠋ᠡᠭᠡᠨ ᠲᠡᠭᠦᠨ ᠳ᠋ᠦ᠍ ᠵᠢᠤᠵᠠ ᠲᠡᠷᠭᠡᠨ ᠳ᠋ᠦ᠍ ᠰᠠᠭᠤᠬᠤ ᠬᠦᠰᠡᠯ ᠪᠠᠢᠭᠰᠠᠨ ᠦᠭᠡᠢ᠃ ᠬᠥᠲᠥᠴᠢ ᠲᠠᠢᠭᠠᠨ ᠨᠦᠰᠡᠷ ᠬᠦᠨᠳᠦ ᠶᠤᠮ ᠰᠢᠭ ᠵᠢᠤᠵᠠ ᠲᠡᠷᠭᠡᠨ ᠦ᠌ ᠳᠡᠷᠭᠡᠳᠡ ᠵᠣᠭᠰᠣᠨ᠎ᠠ᠃

ᠡᠬᠡ ᠬᠠᠲᠤᠨ᠂
— ᠦᠷ᠎ᠡ ᠮᠢᠨᠢ ᠭᠡᠵᠦ ᠰᠢᠪᠡᠨᠡᠪᠡ᠂ ᠡᠴᠢᠭᠡ ᠬᠠᠭᠠᠨ ᠭᠠᠯᠳᠠᠨ ᠢ᠋ ᠰᠡᠪᠬᠡᠢᠲᠡᠯ᠎ᠡ ᠡᠷᠭᠦᠵᠦ᠂
— ᠬᠥᠪᠡᠭᠦᠨ ᠮᠢᠨᠢ ᠪᠤᠷᠬᠠᠨ ᠤ᠋ ᠡᠯᠴᠢ ᠪᠣᠯᠤᠯ᠎ᠠ ᠭᠡᠳ ᠬᠠᠩᠬᠠᠢᠲᠠᠯ᠎ᠠ ᠰᠠᠨᠠᠭ᠎ᠠ ᠠᠯᠳᠠᠪᠠ᠃ ᠪᠣᠬᠢᠷᠴᠤ ᠰᠠᠭᠤᠭᠰᠠᠨ ᠶᠦᠮ ᠠᠭ᠎ᠠ ᠡᠬᠡ ᠨᠢ ᠲᠤᠩᠭᠠᠯᠠᠭ ᠳᠤᠯᠠᠭᠠᠨ ᠬᠠᠷᠠᠴᠠ ᠢᠯᠡᠭᠡᠵᠦ᠂
— ᠡᠵᠢ ᠨᠢ ᠬᠦᠦ ᠪᠡᠨ ᠰᠠᠨᠠᠨ᠎ᠠ᠃ ᠴᠢ ᠡᠵᠢ ᠪᠡᠨ ᠰᠠᠨᠠᠪᠠᠯ ᠡᠨᠡ ᠴᠢᠯᠠᠭᠤ ᠶ᠋ᠢ ᠳᠡᠷ᠎ᠡ ᠶ᠋ᠢᠨ ᠳᠣᠣᠷ᠎ᠠ ᠪᠠᠨ ᠬᠢᠵᠦ ᠤᠨᠲᠠᠭᠠᠷᠠᠢ᠃ ᠡᠵᠢ ᠨᠢ ᠴᠢᠨᠦ ᠵᠡᠭᠦᠳᠦ ᠶ᠋ᠢ ᠮᠡᠨᠡᠨ᠎ᠡ᠃ ᠬᠠᠷ᠎ᠠ ᠡᠷᠴᠢᠰ ᠮᠥᠷᠡᠨ ᠦ᠌ ᠴᠢᠯᠠᠭᠤ ᠪᠠᠢᠭ᠎ᠠ ᠶᠤᠮ᠃ ᠡᠨᠡ ᠮᠥᠷᠡᠨ ᠦ᠌ ᠤᠰᠤ ᠪᠠᠷ ᠤᠬᠢᠶᠠᠵᠤ᠂ ᠴᠢᠯᠠᠭᠤ ᠪᠠᠷ ᠴᠢ ᠲᠣᠭᠯᠠᠵᠤ ᠥᠰᠦᠭᠰᠡᠨ ᠰᠢᠦ ᠳᠡ ᠭᠡᠪᠡ᠃ ᠡᠴᠢᠭᠡ ᠬᠣᠩ ᠲᠠᠢᠵᠢ᠂
— ᠴᠢ ᠡᠷ᠎ᠡ ᠬᠥᠮᠦᠨ᠃ ᠡᠬᠢᠯᠡᠭᠡᠳ ᠪᠤᠷᠬᠠᠨ ᠳ᠋ᠠᠭᠠᠨ ᠣᠢᠷᠠᠲᠤ᠃ ᠴᠢᠮ᠎ᠠ ᠳ᠋ᠤ᠌ ᠵᠣᠷᠢᠭ ᠲᠡᠪᠴᠢᠶᠡᠷᠢ ᠶ᠋ᠢ ᠪᠤᠷᠬᠠᠨ ᠥᠭᠭᠦᠨ᠎ᠡ᠃ ᠪᠢ ᠬᠥᠪᠡᠭᠦᠨ ᠴᠢᠮᠠᠶ᠋ᠢ ᠪᠤᠷᠬᠠᠨ ᠤ᠋ ᠡᠯᠴᠢ ᠪᠣᠯᠭᠠᠬᠤ ᠪᠠᠷ ᠲᠥᠪᠡᠳ ᠤᠷᠤᠭᠤ ᠢᠯᠡᠭᠡᠵᠦ ᠪᠠᠢᠨ᠎ᠠ᠃᠃᠂᠂᠂᠂᠂᠂᠂ ᠪᠤᠷᠬᠠᠯᠢᠭ ᠪᠣᠯᠤᠭᠠᠳ ᠢᠷᠡᠭᠡᠷᠡᠢ ᠭᠡᠵᠦ ᠳᠠᠬᠢᠭᠠᠳ ᠬᠣᠶᠠᠷ ᠭᠠᠷ ᠳᠡᠭᠡᠷ᠎ᠡ ᠪᠡᠨ ᠡᠷᠭᠦᠪᠡ᠃

ᠡᠴᠢᠭᠡ ᠬᠣᠩ ᠲᠠᠢᠵᠢ ᠭᠠᠯᠳᠠᠨ ᠡᠴᠡ ᠬᠣᠯᠠᠳᠬᠤ ᠲᠤᠩ ᠳᠤᠷ᠎ᠠ ᠦᠭᠡᠢ ᠪᠠᠢᠭ᠎ᠠ ᠶ᠋ᠢ ᠲᠡᠷᠡ ᠮᠡᠳᠡᠪᠡ᠃ ᠨᠢᠭᠡᠨᠲᠡ ᠽᠠᠶ᠎ᠠ ᠪᠠᠨᠳᠢᠳᠠ ᠭᠡᠭᠡᠨ ᠦ᠌ ᠠᠰᠠᠷᠠᠮᠵᠢ ᠳ᠋ᠤ᠌ ᠲᠥᠪᠡᠳ ᠲᠦ᠍ ᠶᠠᠪᠤᠭᠤᠯᠬᠤ ᠪᠣᠯᠤᠭᠰᠠᠨ ᠠᠲᠠᠯ᠎ᠠ ᠪᠠᠨ ᠶᠠᠭᠤᠨ ᠳ᠋ᠤ᠌ ᠢᠩᠭᠡᠳᠡᠯ᠎ᠡ ᠰᠠᠯᠵᠤ ᠶᠠᠳᠠᠪᠠ᠃ ᠬᠥᠮᠦᠨ ᠦ᠌ ᠬᠣᠯᠪᠣᠭ᠎ᠠ ᠡᠴᠢᠭᠡ ᠶ᠋ᠢ ᠴᠢᠩᠭᠠᠳᠬᠠᠬᠤ ᠪᠠᠢᠵᠠᠢ᠃ ᠡᠴᠢᠭᠡ ᠬᠣᠩ ᠲᠠᠢᠵᠢ ᠭᠠᠯᠳᠠᠨ ᠢ᠋ ᠵᠥᠪ ᠵᠠᠮ ᠳ᠋ᠤ᠌ ᠣᠷᠣᠭᠤᠯᠪᠠ ᠭᠡᠳᠡᠭ ᠲᠡᠭᠡᠨ ᠡᠷᠡᠭᠡᠯᠵᠡᠭᠰᠡᠨ ᠬᠡᠷᠡᠭ᠃

ᠤᠴᠢᠷ ᠶᠠᠭᠤᠨ ᠬᠡᠮᠡᠪᠡᠯ ᠭᠠᠯᠳᠠᠨ ᠳᠡᠩᠳᠡᠭᠦᠦ ᠪᠠᠯᠴᠢᠷ ᠪᠠᠢᠭᠰᠠᠨ ᠶᠤᠮ᠃ ᠵᠢᠷᠭᠤᠭᠠᠬᠠᠨ ᠨᠠᠰᠤᠲᠠᠢ ᠬᠥᠪᠡᠭᠦᠨ ᠬᠠᠪᠴᠢᠶᠠᠬᠠᠢ ᠨᠤᠮᠤ ᠰᠤᠮᠤ᠂ ᠠᠭᠠᠷ ᠬᠥᠭᠯᠡᠳᠡᠭ ᠲᠣᠪᠰᠢᠭᠤᠷ᠂ ᠳᠥᠷᠪᠡᠨ ᠪᠡᠷᠬᠡ ᠪᠡᠨ ᠣᠷᠬᠢᠭᠠᠳ ᠲᠥᠪᠡᠳ ᠲᠦ᠍ ᠶᠠᠪᠤᠵᠠᠢ᠃ ᠬᠡᠦᠬᠡᠳ ᠨᠠᠰᠤ ᠶ᠋ᠢ ᠨᠢ ᠲᠠᠰᠤᠷ ᠲᠠᠲᠠᠵᠤ᠂ ᠴᠡᠴᠡᠭ ᠦ᠋ᠨ ᠪᠤᠳᠠᠩ ᠳᠤᠮᠳᠠᠭᠤᠷ ᠰᠢᠩᠭᠡᠭᠰᠡᠨ ᠴᠠᠭᠠᠨ ᠢᠷᠪᠢᠰ ᠲᠡᠢ ᠳᠣᠮᠣᠭ ᠪᠣᠯᠭᠠᠵᠠᠢ᠃ ᠴᠠᠭᠠᠨ ᠢᠷᠪᠢᠰ ᠦ᠋ᠨ ᠳᠣᠮᠣᠭ ᠬᠡᠳᠦᠢ ᠳ᠋ᠦ᠍ ᠲᠡᠭᠦᠰᠬᠦ ᠶ᠋ᠢ ᠬᠡᠨ ᠴᠣ ᠦᠯᠦ ᠮᠡᠳᠡᠨ᠎ᠡ᠃ ᠭᠠᠯᠳᠠᠨ ᠳ᠋ᠤ᠌ ᠲᠡᠭᠦᠰᠬᠡᠯ ᠦᠭᠡᠢ ᠪᠣᠳᠣᠯ ᠦᠯᠡᠳᠡᠵᠡᠢ᠃ ᠴᠡᠴᠡᠭ ᠦ᠋ᠨ ᠪᠣᠳᠣᠩ ᠳᠤᠮᠳᠠ ᠴᠠᠭᠠᠨ ᠢᠷᠪᠢᠰ ᠦᠯᠡᠲᠡᠯ᠎ᠡ᠃

ᠠᠷᠪᠠ ᠶᠢᠰᠦ

ᠽᠠᠶ᠎ᠠ ᠪᠠᠨᠳᠢᠳᠠ ᠭᠡᠭᠡᠨ ᠨᠠᠮᠬᠠᠢᠵᠠᠮᠰᠣ ᠬᠤᠪᠢᠯᠭᠠᠨ ᠪᠣᠯ ᠪᠣᠰᠤᠭ᠎ᠠ ᠭᠣᠵᠣᠭᠣᠷ ᠨᠢᠭᠤᠷ ᠲᠠᠢ᠂ ᠤᠷᠲᠤ ᠡᠷᠡᠦ ᠲᠡᠢ᠂ ᠳᠡᠯᠪᠢᠭᠡ ᠲᠣᠮᠣ ᠭᠤᠷᠪᠠᠯᠵᠢᠨ ᠴᠢᠬᠢ ᠲ ᠢ᠂ ᠴᠡᠭᠡᠵᠢ ᠨᠢ ᠰᠢᠪᠠᠭᠤᠨ ᠤ᠋ ᠬᠢ ᠯᠤᠭ᠎ᠠ ᠠᠳᠠᠯᠢ ᠬᠠᠪᠴᠢᠭ᠂ ᠨᠢᠳᠦ ᠪᠣᠷᠣ᠂ ᠵᠣᠪᠬᠢ ᠴᠡᠯᠬᠡᠭᠡᠷ ᠬᠥᠮᠦᠨ ᠪᠠᠢᠯ᠎ᠠ᠃ ᠽᠠᠶ᠎ᠠ ᠪᠠᠨᠳᠢᠳᠠ ᠭᠡᠭᠡᠨ ᠡᠬᠡ ᠶᠦᠮ ᠠᠭ᠎ᠠ ᠬᠠᠲᠤᠨ ᠳ᠋ᠤ᠌᠂
— ᠬᠥᠪᠡᠭᠦᠨ ᠪᠠᠭ᠎ᠠ ᠪᠠᠯᠴᠢᠷ ᠪᠣᠯᠪᠠᠴᠤ ᠱᠠᠪᠢᠯᠠᠨ ᠰᠠᠭᠤᠬᠤ ᠭᠠᠵᠠᠷ ᠨᠢ ᠪᠤᠷᠬᠠᠳ ᠤ᠋ᠨ ᠣᠷᠣᠨ ᠲᠤᠯᠠ ᠳᠠᠷᠤᠢ ᠠᠶᠠᠭᠠᠴᠢ ᠯᠠᠮᠠ ᠲᠠᠢ ᠪᠣᠯᠵᠤ ᠲᠣᠬᠢᠶᠠᠨ᠎ᠠ᠃ ᠳᠠᠯᠠᠢ ᠯᠠᠮᠠ᠂ ᠪᠠᠨᠴᠢᠨ ᠪᠣᠭᠳᠠ ᠬᠣᠶᠠᠷ ᠬᠥᠪᠡᠭᠦᠨ ᠢ᠋ ᠳᠡᠷᠭᠡᠳᠡ ᠪᠡᠨ ᠠᠪᠤᠨ᠎ᠠ᠃ ᠲᠡᠳᠡᠨ ᠦ᠌ ᠬᠠᠵᠠᠭᠤ ᠳ᠋ᠤ᠌ ᠨᠣᠮ ᠡᠷᠳᠡᠮ ᠰᠤᠷᠬᠤ ᠪᠠᠷ ᠣᠴᠢᠬᠤ ᠳ᠋ᠤ᠌ ᠣᠷᠴᠢᠨ ᠲᠣᠭᠣᠷᠢᠨ ᠨᠠᠮ ᠭᠦᠮ᠂ ᠬᠦᠨᠳᠦᠳᠬᠡᠯ ᠭᠦᠨᠵᠡᠭᠡᠢ᠂ ᠶᠣᠰᠣ ᠭᠣᠷᠢᠮ ᠴᠢᠩᠭ᠎ᠠ ᠪᠠᠢᠬᠤ ᠪᠣᠯᠤᠨ᠎ᠠ᠃ ᠬᠠᠲᠤᠨᠲᠠᠨ ᠳᠠᠭᠠᠭᠠᠮᠠᠢ ᠭᠡᠭᠡᠯᠵᠡᠭᠡᠳ ᠪᠠᠢᠪᠠᠯ ᠬᠥᠪᠡᠭᠦᠨ ᠢ᠋ᠶ᠋ᠡᠨ ᠡᠷᠭᠢᠵᠦ ᠲᠣᠭᠣᠷᠢᠨ᠎ᠠ ᠪᠢᠵᠡ᠃ ᠬᠥᠪᠡᠭᠦᠨ ᠦ᠌ ᠮᠥᠷ ᠴᠠᠭᠠᠨ᠂ ᠦᠢᠯᠡ ᠶ᠋ᠢᠨ ᠦᠷ᠎ᠡ ᠨᠢ ᠬᠤᠲᠤᠭᠲᠠᠨ ᠤ᠋ ᠳᠦᠷᠢ ᠶ᠋ᠢ ᠣᠯᠬᠤ ᠳ᠋ᠤ᠌ ᠡᠷᠬᠢᠮ ᠨᠠᠮᠪᠠᠯᠢᠭ ᠪᠣᠯᠬᠤ ᠶ᠋ᠢ ᠪᠣᠯᠭᠣᠭᠠᠪᠠᠯ ᠰᠠᠢᠨ ᠪᠠᠢᠨ᠎ᠠ ᠭᠡᠮᠡᠨ ᠠᠢᠯᠠᠳᠬᠠᠪᠠ᠃
ᠡᠴᠢᠭᠡ ᠬᠣᠩ ᠲᠠᠢᠵᠢ ᠯᠠᠮᠠ ᠲᠠᠢ ᠳᠣᠣᠷ᠎ᠠ ᠨᠠᠢᠷᠰᠠᠭ ᠢ᠋ᠶ᠋ᠠᠷ ᠪᠥᠬᠥᠯᠵᠡᠨ᠂
— ᠯᠠᠮᠠᠳᠠᠨ ᠤ᠋ ᠠᠢᠯᠠᠳᠪᠤᠷᠢ ᠲᠦᠮᠡᠨ ᠵᠥᠪ᠃ ᠤᠭ ᠡᠴᠡ ᠪᠤᠷᠬᠠᠨ ᠤ᠋ ᠱᠠᠰᠢᠨ ᠢ᠋ ᠵᠡᠭᠦᠨᠭᠠᠷ ᠳᠠᠶᠠᠭᠠᠷ ᠳᠡᠯᠭᠡᠷᠡᠭᠦᠯᠬᠦ ᠠᠷᠢᠭᠤᠨ ᠦᠢᠯᠡᠰ ᠲᠦ᠍ ᠬᠡᠵᠢᠶᠡᠳᠡ ᠵᠢᠳᠬᠦᠭᠰᠡᠨ ᠲᠠᠨ ᠤ᠋ ᠤᠷᠮ᠎ᠠ ᠶ᠋ᠢ ᠬᠤᠭᠤᠯᠬᠤ ᠦᠭᠡᠢ ᠭᠡᠵᠦ ᠪᠢ ᠭᠠᠯᠳᠠᠨ ᠬᠥᠪᠡᠭᠦᠨ ᠳ᠋ᠡᠭᠡᠨ ᠢᠲᠡᠭᠡᠳᠡᠭ ᠭᠡᠯ᠎ᠡ᠃

ᠡᠨᠡ ᠦᠶ᠎ᠡ ᠳ᠋ᠦ᠍ ᠶᠦᠮ ᠠᠭ᠎ᠠ ᠬᠠᠲᠤᠨ ᠲᠠᠭᠠᠯᠠᠯ ᠢ᠋ ᠪᠣᠯᠭᠣᠭᠠᠨ ᠰᠣᠶᠣᠷᠬᠠᠵᠤ᠂
— ᠭᠡᠭᠡᠨᠲᠡᠨ ᠮᠢᠨᠢ᠂ ᠨᠠᠮᠠᠶ᠋ᠢ ᠥᠷᠥᠰᠢᠶᠡ! ᠭᠠᠯᠳᠠᠨ ᠬᠥᠪᠡᠭᠦᠨ ᠲᠠᠪᠤᠨ ᠣᠢ ᠬᠦᠷᠲᠡᠯ᠎ᠡ ᠪᠡᠨ ᠬᠥᠬᠥ ᠪᠡᠨ ᠬᠥᠬᠥᠵᠦ ᠥᠰᠦᠭᠰᠡᠨ ᠪᠣᠯᠬᠣᠷ ᠰᠦ ᠶ᠋ᠢᠨ ᠦᠨᠦᠷ ᠠᠷᠢᠯᠤᠭ᠎ᠠ ᠦᠭᠡᠢ ᠪᠠᠯᠴᠢᠷ ᠪᠠᠢᠨ᠎ᠠ᠃ ᠬᠥᠪᠡᠭᠦᠨ ᠢ᠋ ᠪᠢ ᠦᠷᠭᠦᠭᠡᠨ ᠳ᠋ᠡᠭᠡᠨ ᠳᠠᠭᠠᠭᠤᠯᠵᠤ ᠣᠷᠣᠭᠠᠳ ᠰᠦ ᠪᠡᠷ ᠴᠠᠳᠬᠠᠭᠠᠳ ᠶᠠᠪᠤᠭᠤᠯᠪᠠᠯ ᠶᠠᠮᠠᠷ ᠪᠣᠢ? ᠭᠡᠮᠡᠨ ᠥᠴᠢᠯ᠎ᠡ᠃

ᠭᠡᠭᠡᠨᠲᠡᠨ ᠲᠣᠯᠣᠭᠠᠢ ᠳᠣᠬᠢᠪᠠ᠃ ᠵᠡᠭᠦᠨᠭᠠᠷ ᠤ᠋ᠨ ᠶᠡᠬᠡ ᠴᠡᠷᠢᠭ ᠡᠩᠨᠡᠨ ᠵᠢᠭᠰᠠᠵᠠᠢ᠃ ᠣᠢᠷᠠᠳ ᠤ᠋ᠨ ᠬᠣᠲᠠ ᠬᠦᠷᠢᠶᠡᠨ ᠦ᠌ ᠡᠮᠬᠢ ᠴᠡᠭᠴᠡ᠂ ᠲᠢᠭ ᠵᠠᠶᠢᠭ ᠨᠠᠷᠢᠨ ᠪᠥᠭᠡᠳ ᠬᠠᠭᠠᠨ ᠤ᠋ ᠬᠥᠪᠡᠭᠦᠨ ᠢ᠋ ᠦᠳᠡᠬᠦ ᠶᠣᠰᠣᠯᠠᠯ ᠳ᠋ᠤ᠌ ᠪᠠᠷ᠎ᠠ ᠰᠦᠷ ᠲᠡᠢ ᠪᠡᠯᠡᠳᠬᠡᠵᠡᠢ᠃

ᠭᠠᠯᠳᠠᠨ ᠡᠬᠡ ᠶ᠋ᠢᠨ ᠢ᠋ᠶ᠋ᠡᠨ ᠨᠢᠳᠦ ᠥᠭᠡᠳᠡ ᠰᠢᠷᠳᠡᠪᠡ᠃ ᠡᠬᠡ ᠨᠢ ᠲᠡᠭᠦᠨ ᠦ᠌ ᠬᠠᠷᠠᠴᠠ ᠡᠴᠡ ᠬᠡᠷᠪᠡᠰᠢᠶᠡᠵᠦ᠂
— ᠠᠯᠢᠪ ᠬᠥᠪᠡᠭᠦᠨ ᠠᠯᠠᠭ᠎ᠠ ᠪᠠᠨ ᠲᠤᠰ ᠭᠡᠯ᠎ᠡ᠃

ᠭᠧ ᠨᠢ ᠲᠣᠳᠣᠷᠠᠭᠰᠠᠨ ᠠᠯᠠᠭᠠᠨ ᠳᠡᠭᠡᠷ᠎ᠡ ᠡᠬᠡ ᠶ᠋ᠢᠨ ᠬᠥᠬᠥ ᠶ᠋ᠢᠨ ᠰᠦ ᠲᠤᠰᠪᠠ᠃ ᠴᠠᠭᠠᠨ ᠰᠦ ᠰᠢᠩᠭᠡᠪᠡ᠃ ᠶᠦᠮ ᠠᠭ᠎ᠠ ᠡᠬᠡ ᠬᠦᠦ ᠳ᠋ᠡᠭᠡᠨ ᠠᠯᠠᠭ᠎ᠠ ᠪᠠᠨ ᠬᠥᠮᠦᠨ ᠳ᠋ᠦ᠍ ᠪᠤᠤ ᠦᠵᠡᠭᠦᠯᠦᠭᠡᠷᠡᠢ᠃ ᠲᠥᠷᠥᠭᠰᠡᠨ ᠵᠢᠯ᠂ ᠮᠡᠩᠭᠡ ᠪᠡᠨ ᠨᠢᠭᠤᠵᠤ ᠶᠠᠪᠤᠭᠠᠷᠠᠢ ᠭᠡᠵᠦ ᠠᠮᠢᠨᠴᠢᠯᠠᠨ ᠵᠠᠬᠢᠭᠰᠠᠨ ᠪᠢᠯᠡ᠃

ᠬᠣᠷᠢ

ᠨᠠᠮᠤᠷ ᠤ᠋ᠨ ᠴᠡᠴᠡᠭ ᠦ᠋ᠨ ᠲᠣᠭᠣᠰᠣᠨ ᠤ᠋ ᠴᠠᠭ ᠢᠷᠡᠵᠡᠢ᠃ ᠲᠡᠷᠲᠡᠭᠡ ᠴᠠᠪ ᠴᠡᠩᠬᠡᠷ ᠬᠥᠨᠳᠡᠢ ᠳ᠋ᠦ᠍ ᠴᠡᠴᠡᠭ ᠦ᠋ᠨ ᠲᠣᠭᠣᠰᠣᠨ ᠤ᠋ ᠪᠣᠰᠤᠭ᠎ᠠ ᠴᠠᠭᠠᠨ ᠵᠢᠷᠤᠭᠠᠰᠤ ᠲᠠᠲᠠᠨ᠎ᠠ᠃ ᠨᠠᠮᠤᠷ ᠤ᠋ᠨ ᠲᠣᠭᠣᠰᠣᠨ ᠤ᠋ ᠴᠠᠭ ᠢ᠋ᠶ᠋ᠠᠷ ᠪᠤᠭ ᠮᠠᠯ ᠤ᠋ᠨ ᠬᠥᠯ ᠢ᠋ᠶ᠋ᠡᠷ ᠬᠤᠷᠠᠭᠠᠨ ᠮᠠᠨᠠᠨ ᠮᠡᠲᠦ ᠲᠣᠭᠣᠰᠣ ᠳᠡᠭᠳᠡᠨ ᠪᠠᠢᠳᠠᠭ ᠰᠠᠨ᠃ ᠨᠠᠮᠤᠷ ᠤ᠋ᠨ ᠲᠣᠭᠣᠰᠣ ᠨᠢᠭᠡᠨ ᠶᠡᠬᠡ ᠤᠢᠳᠬᠠᠷ ᠲᠥᠷᠥᠭᠦᠯᠳᠡᠭ ᠶᠤᠮ᠃ ᠠᠩᠬ᠎ᠠ ᠴᠠᠰᠤᠨ ᠢ᠋ᠶ᠋ᠠᠷ ᠲᠣᠭᠣᠰᠣ ᠳᠠᠷᠤᠭᠳᠠᠵᠤ ᠠᠯᠤᠰ ᠤ᠋ᠨ ᠬᠠᠷ᠎ᠠ ᠠᠭᠤᠯᠠᠰ ᠤᠯᠠᠮ ᠲᠣᠳᠣᠷᠠᠵᠤ ᠰᠦᠷᠯᠢᠭ ᠪᠣᠯᠳᠠᠭ ᠰᠠᠨ᠃

ᠴᠣᠬᠣᠮ ᠳ᠋ᠠᠭᠠᠨ ᠲᠡᠷᠡ ᠬᠦ᠌ ᠲᠣᠭᠣᠰᠣ ᠪᠣᠯ ᠤᠷᠭᠤᠮᠠᠯ᠂ ᠴᠡᠴᠡᠭ ᠨᠠᠪᠴᠢ ᠬᠠᠲᠠᠵᠤ ᠲᠣᠭᠣᠰᠤᠨᠴᠢᠷ ᠪᠣᠯᠵᠤ ᠳᠡᠭᠳᠡᠬᠦ ᠳ᠋ᠡᠭᠡᠨ ᠢᠷᠡᠬᠦ ᠬᠠᠪᠤᠷ ᠤ᠋ᠨ ᠦᠷ᠎ᠡ ᠦᠨᠳᠦᠰᠦ ᠪᠡᠨ ᠭᠠᠵᠠᠷ ᠳᠡᠯᠡᠬᠡᠢ ᠳ᠋ᠦ᠍ ᠰᠠᠴᠤᠵᠤ ᠪᠠᠢᠭ᠎ᠠ ᠶᠤᠮ᠃ ᠡᠪᠡᠰᠦ ᠤᠷᠭᠤᠮᠠᠯ ᠤ᠋ᠨ ᠲᠣᠭᠣᠰᠤᠨᠴᠢᠷ ᠭᠠᠵᠠᠷ ᠤ᠋ᠨ ᠬᠡᠪᠡᠯᠢ ᠳ᠋ᠦ᠍ ᠳᠠᠷᠬᠠᠨ ᠰᠢᠩᠭᠡᠬᠦ ᠳ᠋ᠡᠭᠡᠨ ᠦᠷ᠎ᠡ ᠨᠢ ᠪᠣᠯᠪᠠᠰᠤᠷᠠᠵᠤ ᠬᠠᠪᠤᠷ ᠤ᠋ᠨ ᠤᠷᠢ ᠣᠷᠣᠬᠤ ᠳ᠋ᠤ᠌ ᠦᠨᠳᠦᠰᠦᠯᠡᠳᠡᠭ ᠪᠢᠯᠡ᠃ ᠶᠡᠬᠡ ᠴᠠᠭᠠᠨ ᠲᠣᠭᠣᠰᠣ ᠳᠡᠭᠳᠡᠵᠡᠢ᠃ ᠴᠡᠴᠡᠭ ᠬᠠᠭᠳᠠᠷᠠᠵᠤ ᠲᠣᠭᠣᠰᠣᠨ ᠤ᠋ ᠮᠠᠨᠠᠨ ᠳᠡᠭᠳᠡᠵᠡᠢ᠃

ᠡᠴᠢᠭᠡ ᠬᠠᠭᠠᠨ ᠠᠯᠤᠰ ᠲᠤ᠌ ᠴᠠᠭᠠᠨ ᠵᠢᠷᠤᠭᠠᠰᠤ ᠲᠠᠲᠠᠬᠤ ᠳ᠋ᠤ᠌ ᠲᠡᠷᠡ ᠪᠡᠷ ᠨᠢᠳᠦ ᠪᠡᠨ ᠰᠦᠮᠡᠢᠯᠭᠡᠨ᠂
— ᠵᠡᠭᠡᠷ᠎ᠡ ᠪᠤᠳᠤᠷᠭᠠᠨ᠎ᠠ ᠢᠳᠡᠬᠦ ᠪᠡᠷ ᠨᠡᠭᠦᠳᠡᠯᠯᠡᠵᠦ ᠪᠠᠢᠨ᠎ᠠ᠃ ᠤᠳᠠᠬᠤ ᠦᠭᠡᠢ ᠠᠪᠠ ᠬᠣᠮᠣᠷᠭ᠎ᠠ ᠳ᠋ᠤ᠌ ᠮᠣᠷᠳᠠᠬᠤ ᠴᠠᠭ ᠪᠣᠯᠵᠠᠢ᠃ ᠰᠢᠭᠦᠰᠦ ᠲᠡᠢ ᠡᠪᠡᠰᠦ ᠢᠳᠡᠭᠰᠡᠨ ᠭᠥᠷᠦᠭᠡᠰᠦᠨ ᠦ᠌ ᠮᠢᠬ᠎ᠠ ᠠᠮᠲᠠ ᠲᠠᠢ ᠰᠠᠨ ᠭᠡᠮᠡᠨ ᠲᠠᠮᠰᠢᠶᠠᠯᠠᠬᠤ ᠮᠡᠲᠦ ᠬᠡᠯᠡᠪᠡ᠃
ᠨᠠᠮᠠᠬᠠᠢᠵᠠᠮᠰᠤ ᠭᠡᠭᠡᠨᠲᠡᠨ᠂
— ᠥᠩᠭᠡ ᠲᠡᠢ ᠡᠪᠦᠯ ᠪᠣᠯᠤᠨ᠎ᠠ ᠭᠡᠵᠦ ᠴᠠᠭ ᠤ᠋ᠨ ᠪᠠᠢᠳᠠᠯ ᠢ᠋ ᠰᠢᠨᠵᠢᠵᠦ ᠲᠠᠨᠢᠳᠠᠭ ᠬᠥᠮᠦᠨ ᠦ᠌ ᠶᠣᠰᠣ ᠪᠠᠷ ᠥᠭᠦᠯᠡᠪᠡ᠃

ᠮᠠᠨᠠᠨ ᠮᠡᠲᠦ ᠶᠡᠬᠡ ᠴᠠᠭᠠᠨ ᠲᠣᠭᠣᠰᠣ ᠲᠠᠲᠠᠵᠤ ᠪᠣᠢ ᠬᠥᠨᠳᠡᠢ ᠬᠣᠭᠣᠯᠠᠢ᠂ ᠠᠭᠤᠳᠠᠮ ᠲᠡᠨᠢᠭᠦᠨ ᠲᠠᠯ᠎ᠠ ᠬᠡᠭᠡᠷ᠎ᠡ ᠨᠤᠲᠤᠭ᠂ ᠲᠡᠷᠲᠡᠭᠡ ᠬᠣᠯᠠ ᠰᠦᠮᠡᠯᠵᠡᠬᠦ ᠬᠥᠨᠳᠡᠯᠡᠨ ᠠᠭᠤᠯᠠᠰ᠂ ᠬᠥᠪᠡᠭᠡ ᠲᠤᠯᠤᠭᠠᠳ ᠂ ᠳᠠᠷᠠᠰᠤᠲᠤ ᠲᠦᠩ᠂ ᠠᠭᠠᠵᠢᠮᠬᠠᠨ ᠲᠣᠷᠣᠯᠵᠠᠭᠰᠠᠭᠠᠷ ᠪᠠᠢᠭ᠎ᠠ ᠲᠡᠮᠡᠭᠡᠨ ᠵᠢᠩ ᠦ᠋ᠨ ᠴᠤᠪᠤᠭ᠎ᠠ ᠥᠨᠥ ᠬᠢᠷᠢ ᠰᠠᠨᠠᠭᠠᠨ ᠳ᠋ᠤ᠌ ᠲᠣᠳᠣᠷᠬᠠᠢ ᠪᠠᠭᠤᠵᠠᠢ᠃ ᠴᠣᠷᠣᠰ ᠠᠢᠮᠠᠭ ᠤ᠋ᠨ ᠬᠣᠲᠠ ᠬᠦᠷᠢᠶᠡᠨ ᠦ᠌ ᠡᠷᠭᠢᠨ ᠲᠣᠭᠣᠷᠢᠨ ᠳ᠋ᠤ᠌ ᠠᠷᠪᠠᠲᠤ ᠵᠠᠭᠤᠲᠤ ᠴᠡᠷᠢᠭ ᠦ᠋ᠳ ᠵᠢᠭᠰᠠᠵᠤ ᠡᠩᠨᠡᠨ ᠠᠷᠠᠳ ᠢᠷᠭᠡᠳ ᠭᠡᠷ ᠦᠷᠭᠦᠭᠡᠨ ᠦ᠌ ᠡᠭᠦᠳᠡ ᠬᠠᠪᠢᠴᠠᠭ᠎ᠠ ᠪᠥᠭᠡᠮᠨᠡᠷᠡᠬᠦ ᠠᠵᠢ᠃ ᠭᠠᠯᠳᠠᠨ ᠲᠠᠢ ᠬᠡᠵᠢᠶ᠎ᠡ ᠴᠦ᠍ ᠣᠢᠷ᠎ᠠ ᠳᠣᠲᠣᠨᠣ ᠪᠠᠢᠭ᠎ᠠ ᠦᠭᠡᠢ ᠡᠴᠢᠭᠡ ᠶ᠋ᠢᠨ ᠪᠠᠯᠵᠢᠳᠠᠷ᠎ᠡ ᠶᠡᠬᠡ ᠬᠠᠲᠤᠨ ᠤ᠋ ᠬᠥᠪᠡᠭᠦᠨ ᠴᠡᠴᠡᠨ᠂ ᠵᠤᠳᠪᠠᠪᠠᠭᠠᠲᠤᠷ ᠨᠠᠷ ᠬᠢᠷᠬᠢᠽ ᠴᠢᠮᠡᠭᠯᠡᠯ ᠲᠡᠢ ᠮᠣᠳᠣᠨ ᠵᠢᠤᠵᠠ ᠲᠡᠷᠭᠡᠨ ᠦ᠌ ᠳᠡᠷᠭᠡᠳᠡ ᠵᠣᠭᠰᠣᠨ᠎ᠠ᠃ ᠡᠨᠡ ᠲᠡᠷᠭᠡᠨ ᠳ᠋ᠦ᠍ ᠽᠠᠶ᠎ᠠ ᠪᠠᠨᠳᠢᠳᠠ ᠭᠡᠭᠡᠨ ᠨᠠᠮᠠᠬᠠᠢᠵᠠᠮᠰᠤ ᠬᠤᠲᠤᠭᠲᠤ ᠭᠠᠯᠳᠠᠨ ᠲᠠᠢ ᠴᠣᠭ ᠵᠠᠯᠠᠷᠠᠵᠤ ᠴᠠᠰᠤᠲᠤ ᠳᠥᠷᠪᠡᠳ ᠦ᠋ᠨ ᠣᠷᠣᠨ᠎ᠠ ᠣᠳᠬᠤ ᠶᠤᠮ᠃

ᠬᠣᠷᠢᠨ ᠨᠢᠭᠡ

ᠣᠢᠷᠠᠳ ᠮᠣᠩᠭᠣᠯ ᠤ᠋ᠨ ᠨᠤᠲᠤᠭ ᠲᠤ᠌ ᠬᠠᠪᠤᠷ ᠤ᠋ᠨ ᠰᠡᠭᠦᠯᠴᠢ᠂ ᠵᠤᠨ ᠤ᠋ ᠡᠬᠢ ᠪᠡᠷ ᠪᠣᠷᠣᠭᠠᠨ ᠤ᠋ ᠪᠤᠳᠠᠩ ᠲᠠᠲᠠᠵᠤ᠂ ᠠᠯᠲᠠᠢ ᠶ᠋ᠢᠨ ᠠᠭᠤᠯᠠ ᠶ᠋ᠢᠨ ᠰᠦᠷ ᠪᠠᠷ᠎ᠠ ᠶ᠋ᠢ ᠲᠣᠳᠣᠷᠠᠭᠤᠯᠵᠤ ᠥᠭᠳᠡᠭ ᠪᠢᠯᠡ᠃ ᠪᠣᠷᠣᠭ᠎ᠠ ᠰᠥᠨᠢᠵᠢᠨ ᠱᠠᠭᠢᠨ᠎ᠠ ᠣᠷᠣᠬᠤ ᠳ᠋ᠤ᠌ ᠬᠠᠷ᠎ᠠ ᠡᠷᠴᠢᠰ ᠮᠥᠷᠡᠨ ᠦ᠌ ᠤᠰᠤ ᠨᠡᠮᠡᠭᠳᠡᠨ᠂ᠡᠪᠡᠰᠦ ᠨᠣᠭᠣᠭ᠎ᠠ ᠲᠥᠭᠡ ᠲᠥᠭᠡ ᠪᠡᠷ ᠤᠷᠭᠤᠵᠤ᠂ ᠰᠠᠢᠷ ᠵᠢᠯᠠᠭ᠎ᠠ ᠶ᠋ᠢᠨ ᠬᠠᠳᠠ ᠴᠢᠯᠠᠭᠤ ᠡᠪᠡᠰᠦᠨ ᠳ᠋ᠦ᠍ ᠪᠤᠯᠠᠭᠳᠠᠨ᠎ᠠ᠃

ᠪᠣᠷᠣᠭᠠᠨ ᠤ᠋ ᠪᠤᠳᠠᠩ ᠢ᠋ ᠭᠠᠯᠳᠠᠨ ᠲᠥᠪᠡᠳ ᠲᠦ᠍ ᠰᠠᠨᠠᠭᠠᠰᠢᠷᠠᠨ ᠬᠠᠷᠠᠳᠠᠭ ᠪᠠᠢᠯ᠎ᠠ᠃ ᠲᠥᠪᠡᠳ ᠦ᠋ᠳ ᠪᠤᠳᠠᠩ ᠳ᠋ᠤ᠌ ᠳᠤᠷ᠎ᠠ ᠦᠭᠡᠢ᠃ ᠣᠢᠷᠠᠳ ᠤ᠋ᠳ ᠪᠤᠳᠠᠩ ᠮᠠᠨᠠᠨ ᠳ᠋ᠤ᠌ ᠳᠤᠷ᠎ᠠ ᠲᠠᠢ ᠶᠤᠮ᠃ ᠵᠤᠨ ᠤ᠋ ᠶᠡᠬᠡᠩᠬᠢ ᠡᠳᠦᠷ ᠦ᠋ᠳ ᠨᠠᠷᠠ ᠲᠠᠢ ᠪᠠᠢᠬᠤ ᠲᠤᠯᠠ ᠣᠢᠷᠠᠳ ᠮᠣᠩᠭᠣᠯᠴᠤᠳ ᠪᠤᠳᠠᠩ ᠬᠦᠰᠡᠳᠡᠭ ᠪᠢᠵᠡ ᠳᠡ᠃ ᠪᠤᠳᠠᠩ ᠮᠠᠨᠠᠨ ᠲᠠᠲᠠᠬᠤ ᠪᠠᠷ ᠠᠳᠤᠭᠤᠰᠤ᠂ ᠬᠥᠮᠦᠨ ᠬᠣᠶᠠᠷ ᠨᠤᠲᠤᠭ ᠢ᠋ᠶ᠋ᠠᠨ ᠢᠯᠡᠭᠦᠦ ᠰᠠᠨᠠᠳᠠᠭ ᠪᠢᠯᠡ᠃

ᠢᠳᠡ ᠵᠤᠨ ᠤ᠋ ᠰᠠᠷ᠎ᠠ ᠳ᠋ᠤ᠌ ᠠᠯᠲᠠᠢ ᠶ᠋ᠢᠨ ᠠᠭᠤᠯᠠᠨ ᠳ᠋ᠤ᠌ ᠴᠡᠴᠡᠭ ᠦ᠋ᠨ ᠪᠤᠳᠠᠩ ᠶᠠᠭᠠᠷᠠᠳᠠᠭ᠃ ᠶᠠᠭᠠᠨ ᠪᠤᠳᠠᠩ ᠪᠠᠢᠳᠠᠭ ᠢ᠋ ᠪᠠᠭ᠎ᠠ ᠳ᠋ᠠᠭᠠᠨ ᠮᠢᠭᠮᠠᠨᠰᠠᠩᠵᠠᠢ ᠣᠬᠢᠨ ᠲᠠᠢ ᠪᠠᠨ ᠲᠣᠭᠯᠠᠵᠤ ᠪᠠᠢᠬᠤ ᠳ᠋ᠤ᠌ ᠪᠠᠨ ᠮᠡᠳᠡᠭᠰᠡᠨ᠃ ᠮᠡᠳᠡᠬᠦ ᠪᠡᠷ ᠦᠯᠦ ᠪᠠᠷᠠᠮ ᠴᠡᠴᠡᠭ ᠦ᠋ᠨ ᠪᠤᠳᠠᠩ ᠳ᠋ᠤ᠌ ᠲᠥᠭᠡᠷᠢᠵᠦ᠂ ᠮᠠᠩᠰᠢᠭᠤᠷᠠᠵᠤ ᠦᠵᠡᠭᠰᠡᠨ᠃ ᠴᠡᠴᠡᠭ ᠦ᠋ᠨ ᠶᠠᠭᠠᠨ ᠪᠤᠳᠠᠩ ᠲᠠᠲᠠᠳᠠᠭ ᠠᠭᠤᠯᠠ ᠶ᠋ᠢᠨ ᠬᠠᠪᠲᠠᠭᠠᠢ ᠬᠥᠨᠳᠡᠢ ᠪᠡᠷ ᠠᠷᠢᠶᠠᠲᠠᠨ ᠵᠢᠭᠦᠷᠲᠡᠨ ᠳᠦᠭᠦᠷᠴᠦ᠂ ᠬᠠᠳᠠᠨ ᠬᠠᠪᠴᠢᠯ ᠳ᠋ᠤ᠌ ᠶᠠᠩᠭᠢᠷ ᠢᠮᠠᠭ᠎ᠠ᠂ ᠠᠷᠭᠠᠯᠢ ᠤᠭᠠᠯᠵᠠ ᠰᠦᠷᠦᠭᠯᠡᠨ ᠪᠡᠯᠴᠢᠵᠦ ᠪᠠᠢᠳᠠᠭ ᠰᠠᠨ᠃ ᠬᠣᠵᠢᠮ ᠠᠢᠷᠠᠭᠲᠤ ᠬᠠᠪᠴᠢᠯ ᠡᠴᠡ ᠤᠭᠠᠯᠵᠠ ᠶ᠋ᠢᠨ ᠡᠪᠡᠷ ᠲᠡᠭᠦᠵᠦ ᠪᠦᠲᠦᠭᠡᠯ ᠦ᠋ᠨ ᠰᠦᠮ᠎ᠡ ᠶ᠋ᠢᠨ ᠳᠡᠭᠡᠪᠦᠷ ᠬᠢᠵᠦ ᠪᠢᠯᠡ᠃

ᠤᠭᠠᠯᠵᠠ ᠶ᠋ᠢᠨ ᠰᠦᠮ᠎ᠡ ᠮᠥᠷᠭᠥᠯᠴᠢᠳ ᠦ᠋ᠨ ᠳᠠᠯᠠᠯᠭ᠎ᠠ ᠲᠠᠢ ᠭᠠᠵᠠᠷ ᠪᠣᠯᠵᠠᠢ᠃ ᠤᠭᠠᠯᠵᠠ ᠶ᠋ᠢᠨ ᠡᠪᠡᠷ ᠢ᠋ ᠬᠢᠷᠥᠭᠡᠳᠡᠵᠦ ᠲᠡᠭᠰᠢᠯᠡᠨ ᠵᠡᠭᠦᠵᠦ᠂ ᠰᠦᠮ᠎ᠡ ᠶ᠋ᠢᠨ ᠳᠡᠭᠡᠭᠦᠷ ᠬᠢᠭᠰᠡᠨ ᠢ᠋ ᠽᠠᠶ᠎ᠠ ᠪᠠᠨᠳᠢᠳᠠ ᠨᠠᠮᠬᠠᠢᠵᠠᠮᠰᠤ ᠦᠵᠡᠭᠡᠳ᠂
— ᠬᠡᠨ ᠰᠡᠳᠬᠢᠪᠡ᠃ ᠭᠠᠢᠬᠠᠯᠲᠠᠢ ᠳᠡᠭᠡᠪᠦᠷ ᠪᠣᠯᠵᠠᠢ᠃ ᠨᠢᠭᠡᠨ ᠨᠠᠰᠤᠨ ᠤ᠋ ᠶᠠᠭᠤᠮ᠎ᠠ ᠭᠡᠮᠡᠨ ᠬᠡᠯᠡᠵᠦ ᠪᠢᠯᠡ᠃

ᠨᠠᠮᠤᠷ ᠲᠤ᠌ ᠣᠢᠷᠠᠳ ᠤ᠋ᠨ ᠨᠤᠲᠤᠭ ᠲᠤ᠌ ᠴᠠᠭᠠᠨ ᠲᠣᠭᠣᠰᠣ ᠲᠠᠲᠠᠨ᠎ᠠ᠃ ᠲᠡᠷᠡ ᠲᠣᠭᠣᠰᠣ ᠪᠣᠯ ᠴᠡᠴᠡᠭ ᠨᠣᠭᠣᠭᠠᠨ ᠤ᠋ ᠲᠣᠭᠣᠰᠣ ᠮᠥᠨ ᠪᠥᠭᠡᠳ ᠬᠠᠭᠤᠷᠠᠢ ᠪᠤᠳᠠᠩ ᠶᠤᠮ᠃ ᠲᠡᠷᠡ ᠲᠣᠭᠣᠰᠣᠨ ᠤ᠋ ᠦᠨᠦᠷ ᠢ᠋ ᠲᠠᠷᠭᠤᠨ ᠲᠡᠮᠡᠭᠡ ᠬᠠᠮᠠᠷ ᠲᠠᠭᠠᠨ ᠰᠣᠷᠣᠵᠤ ᠰᠠᠯᠬᠢᠯᠠᠳᠠᠭ ᠠᠵᠠᠢ᠃

ᠴᠠᠭᠠᠨ ᠲᠣᠭᠣᠰᠣ ᠲᠠᠲᠠᠬᠤ ᠴᠠᠭ ᠢ᠋ᠶ᠋ᠠᠷ ᠵᠡᠭᠡᠷ᠎ᠡ ᠭᠥᠷᠥᠭᠡᠰᠦ᠂ ᠣᠨᠣ ᠰᠢᠷᠬᠠᠴᠢᠨ ᠢ᠋ᠶ᠋ᠠᠷ ᠢᠯᠭᠠᠷᠠᠨ ᠰᠦᠷᠦᠭᠯᠡᠵᠦ ᠲᠠᠷᠭᠤ ᠬᠦᠴᠦ ᠪᠡᠨ ᠲᠣᠭᠲᠠᠭᠠᠳᠠᠭ᠃ ᠴᠡᠴᠡᠭ ᠦ᠋ᠨ ᠲᠣᠭᠣᠰᠣ ᠪᠠᠷ ᠠᠮᠢᠰᠬᠤᠯᠯᠠᠬᠤ ᠨᠢ ᠪᠢᠯᠬᠠᠷᠠᠲᠠᠯ᠎ᠠ ᠪᠠᠨ ᠢᠳᠡᠰᠢᠯᠡᠭᠰᠡᠨ ᠠᠩ ᠠᠮᠢᠲᠠᠨ ᠳ᠋ᠤ᠌ ᠡᠮ ᠮᠡᠲᠦ ᠬᠡᠷᠡᠭ ᠲᠡᠢ ᠪᠢᠯᠡ᠃ ᠴᠡᠴᠡᠭ ᠦ᠋ᠨ ᠲᠣᠭᠣᠰᠣᠨ ᠤ᠋ ᠴᠠᠭ ᠥᠩᠭᠡᠷᠡᠩᠭᠦᠲᠡ ᠰᠠᠯᠬᠢᠨ ᠤ᠋ ᠦᠵᠦᠭᠦᠷ ᠲᠦ᠍ ᠬᠦᠢᠲᠡᠨ ᠠᠭᠠᠷ ᠬᠤᠷᠠᠮᠳᠤᠯᠠᠭᠳᠠᠨ ᠨᠡᠭᠦᠳᠡᠯᠴᠢᠳ ᠦ᠋ᠨ ᠨᠡᠭᠦᠳᠡᠯ ᠦ᠋ᠨ ᠬᠥᠯ ᠢ᠋ ᠲᠤᠱᠠᠨ᠎ᠠ᠃

ᠨᠡᠭᠦᠳᠡᠯᠴᠢᠳ ᠠᠯᠲᠠᠢ ᠶ᠋ᠢᠨ ᠠᠭᠤᠯᠠᠰ ᠢ᠋ᠶ᠋ᠠᠨ ᠳᠠᠪᠠᠵᠤ ᠭᠣᠪᠢ ᠪᠠᠶᠠᠨ ᠪᠦᠷᠢᠳᠦ ᠳ᠋ᠦ᠍ ᠪᠠᠭᠤᠭᠰᠠᠨ ᠬᠣᠢᠨ᠎ᠠ ᠴᠡᠴᠡᠭ᠂ ᠨᠣᠭᠣᠭᠠᠨ ᠤ᠋ ᠴᠠᠭᠠᠨ ᠲᠣᠭᠣᠰᠣ ᠠᠭᠠᠵᠢᠮ ᠢ᠋ᠶ᠋ᠠᠷ ᠴᠠᠰᠤ ᠪᠣᠯᠵᠤ ᠬᠤᠪᠢᠷᠠᠭᠠᠳ ᠠᠭᠤᠯᠠ ᠶ᠋ᠢᠨ ᠥᠨᠳᠥᠷ ᠳᠠᠪᠠᠭ᠎ᠠ ᠴᠠᠰᠤᠨ ᠳ᠋ᠤ᠌ ᠬᠠᠭᠠᠭᠳᠠᠨ᠎ᠠ᠃ ᠴᠠᠰᠤ ᠪᠤᠳᠠᠩ ᠲᠠᠢ᠃ ᠴᠠᠰᠤᠨ ᠤ᠋ ᠪᠤᠳᠠᠩ ᠪᠥᠭᠡᠰᠦ ᠬᠦᠢᠲᠡᠨ ᠦ᠌ ᠡᠷᠴᠢ ᠴᠢᠩᠭᠠᠷᠠᠬᠤ ᠳᠣᠳᠣᠮ ᠴᠡᠩᠬᠡᠷ ᠬᠥᠰᠢᠭᠡ ᠯᠦ᠍ᠭᠡ ᠨᠠᠮᠢᠯᠵᠠᠨ᠎ᠠ᠃

ᠴᠠᠰᠤᠨ ᠤ᠋ ᠪᠤᠳᠠᠩ ᠳᠤᠮᠳᠠ ᠡᠴᠡ ᠦᠶ᠎ᠡ ᠦᠶ᠎ᠡ ᠨᠡᠭᠦᠳᠡᠯ ᠦ᠋ᠨ ᠴᠤᠪᠤᠭ᠎ᠠ᠂ ᠬᠡᠰᠡᠭ ᠪᠦᠯᠦᠭ ᠵᠢᠩᠴᠢᠳ ᠢᠷᠡᠬᠦ ᠨᠢ ᠣᠢᠷᠠᠳ ᠲᠤ᠌ ᠰᠣᠨᠢᠨ ᠪᠢᠯᠡ᠃ ᠢᠯᠠᠩᠭᠤᠶ᠎ᠠ ᠨᠣᠬᠠᠳ ᠪᠣᠷᠭᠣᠨ ᠬᠤᠴᠠᠵᠤ ᠪᠠᠶᠠᠰᠬᠤ ᠪᠥᠭᠡᠳ ᠣᠢᠷᠠᠳ ᠤ᠋ᠨ ᠬᠣᠲᠠ ᠬᠦᠷᠢᠶᠡᠨ ᠦ᠌ ᠬᠥᠯ᠂ ᠡᠵᠡᠭᠦᠢ ᠪᠠᠭᠤᠴᠠ ᠬᠥᠨᠳᠡᠢ ᠶ᠋ᠢ ᠪᠠᠷᠠᠳᠠᠨ ᠪᠠᠭᠤᠵᠤ ᠬᠡᠳᠦ ᠬᠣᠨᠣᠭ ᠲᠡᠩᠬᠡᠷᠡᠭᠡᠳ ᠠᠪᠳᠠᠭ ᠰᠠᠨ᠃

ᠨᠡᠭᠦᠳᠡᠯᠴᠢᠳ ᠦ᠋ᠨ ᠠᠮᠢᠳᠤᠷᠠᠯ ᠬᠠᠪᠤᠷ ᠂ ᠵᠤᠨ᠂ ᠨᠠᠮᠤᠷ᠂ ᠡᠪᠦᠯ ᠦ᠋ᠨ ᠪᠤᠳᠠᠩ ᠳᠤᠮᠳᠠ ᠥᠩᠭᠡᠷᠡᠨ᠎ᠡ᠃ ᠲᠥᠪᠡᠳ ᠦ᠋ᠨ ᠠᠭᠤᠯᠠᠨ ᠳ᠋ᠤ᠌ ᠬᠦᠢᠲᠡᠨ ᠴᠡᠩᠬᠡᠷ ᠪᠤᠳᠠᠩ ᠲᠠᠲᠠᠬᠤ ᠳ᠋ᠤ᠌ ᠥᠨᠳᠥᠷ ᠱᠣᠪᠬᠣ ᠣᠷᠭᠢᠯ ᠪᠡᠭᠡᠷᠡᠵᠦ ᠪᠠᠢᠬᠤ ᠰᠢᠭ᠋ ᠰᠠᠨᠠᠭᠳᠠᠳᠠᠭ᠃ ᠠᠯᠲᠠᠢ ᠳ᠋ᠤ᠌ ᠪᠣᠯ ᠠᠭᠤᠯᠠ ᠶ᠋ᠢᠨ ᠡᠩᠭᠡᠷ ᠦ᠋ᠨ ᠳᠤᠯᠠᠭᠠᠨ ᠪᠠᠭᠤᠴᠠ ᠳ᠋ᠤ᠌ ᠡᠪᠦᠯᠵᠢᠬᠦ ᠠᠢᠯ ᠤ᠋ᠨ ᠤᠲᠤᠭ᠎ᠠ᠂ ᠮᠠᠯ ᠠᠳᠤᠭᠤᠰᠤ ᠶ᠋ᠢᠨ ᠠᠭᠤᠷ ᠴᠠᠩ ᠲᠡᠷᠡ ᠬᠦ᠌ ᠴᠡᠩᠬᠡᠷ ᠬᠠᠲᠠᠭᠤ ᠵᠢᠪᠠᠷ ᠢ᠋ ᠤᠶᠠᠷᠠᠭᠤᠯᠳᠠᠭ ᠲᠤᠯᠠ ᠨᠢᠳᠦ ᠬᠠᠭᠠᠷᠢᠳᠠᠭ ᠦᠭᠡᠢ ᠪᠠᠢᠯ᠎ᠠ᠃

ᠣᠢᠷᠠᠳ ᠬᠥᠪᠡᠭᠦᠨ ᠦ᠌ ᠣᠢ ᠲᠣᠢ ᠳ᠋ᠤ᠌ ᠲᠣᠭᠲᠠᠭᠰᠠᠨ ᠨᠤᠲᠤᠭ ᠤ᠋ᠨ ᠠᠭᠤᠯᠠ ᠤᠰᠤ᠂ ᠭᠠᠵᠠᠷ ᠨᠤᠲᠤᠭ᠂ ᠴᠠᠭ ᠠᠭᠠᠷ ᠤ᠋ᠨ ᠪᠠᠢᠳᠠᠯ ᠤ᠋ᠨ ᠲᠤᠬᠠᠢ ᠲᠡᠮᠳᠡᠭᠯᠡᠬᠦ ᠭᠠᠯᠳᠠᠨ ᠳ᠋ᠤ᠌ ᠲᠠᠭᠠᠲᠠᠢ ᠪᠠᠢᠳᠠᠭ᠃

  ᠦᠰᠦᠭ ᠠᠮᠢᠯᠠᠭᠤᠯᠤᠭᠴᠢ᠄ ᠠ᠊·ᠮᠢᠬᠤᠸᠠᠷ᠂ ᠨᠠᠷᠠᠨᠲᠣᠭᠣᠰ᠂ ᠣᠳᠬᠠᠨᠴᠡᠴᠡᠭ᠂ ᠪᠦᠷᠢᠨᠴᠡᠴᠡᠭ᠂ ᠨᠠ᠊· ᠴᠠᠭᠠᠨ᠂ ᠳ᠂ ᠣᠶᠤᠨᠴᠢᠮᠡᠭ᠂ ᠪᠦᠷᠢᠨᠴᠡᠴᠡᠭ᠂ ᠠ᠊·ᠴᠠᠭᠠᠨ᠂ ᠠᠨᠢᠷ
  ᠬᠢᠨᠠᠭᠴᠢ ᠪᠠᠭᠰᠢ᠄ ᠣᠳᠬᠠᠨᠰᠣ᠎ᠠ᠂ ᠨᠠᠷᠠᠨ᠂ ᠮᠣᠩᠭᠣᠯ ᠰᠦᠨᠡᠰᠦ