ᠭᠠᠯᠳᠠᠨ ᠪᠣᠱᠣᠭᠲᠤ ᠬᠠᠭᠠᠨ-ᠣᠷᠣᠰᠢᠯ-ᠳ· ᠵᠠᠮᠢᠶᠠᠨГалдан бошгот хаан-Т·Жамъян ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠳᠠᠨ ᠪᠣᠱᠣᠭᠲᠤ ᠬᠠᠭᠠᠨ-ᠣᠷᠣᠰᠢᠯ-ᠳ· ᠵᠠᠮᠢᠶᠠᠨГалдан бошгот хаан-Т·Жамъян

ᠭᠠᠯᠳᠠᠨ ᠪᠣᠱᠣᠭᠲᠤ ᠬᠠᠭᠠᠨ-ᠣᠷᠣᠰᠢᠯ-ᠳ· ᠵᠠᠮᠢᠶᠠᠨГалдан бошгот хаан-Т·Жамъян

ᠠᠩᠭᠢᠯᠠᠯ:ᠲᠤᠭᠤᠵᠢ ᠷᠣᠮᠠᠨ
2025-08-14

523

     (ᠮᠣᠩᠭᠣᠯ) ᠳ· ᠵᠠᠮᠢᠶᠠᠨ ᠵᠣᠬᠢᠶᠠᠪᠠ 

ᠵᠣᠬᠢᠶᠠᠯᠴᠢ — ᠳ· ᠵᠠᠮᠢᠶᠠᠨ ᠭᠣᠪᠢ— ᠠᠯᠲᠠᠢ ᠠᠢᠮᠠᠭ ᠤ᠋ᠨ ᠪᠤᠭᠤᠲᠤ ᠰᠤᠮᠤᠨ ᠤ᠋ ᠥᠨᠳᠥᠷ ᠦ᠋ᠨ ᠪᠤᠯᠠᠭ ᠤ᠋ᠨ ᠬᠠᠷᠢᠶᠠᠲᠤ ᠶᠤᠮ᠃
ᠳ· ᠵᠠᠮᠢᠶᠠᠨ《ᠠᠭᠤᠯᠠ ᠶ᠋ᠢᠨ ᠬᠥᠬᠡ ᠮᠠᠨᠠᠨ》᠂ ᠲᠣᠭᠣᠷᠤᠤ ᠶ᠋ᠢᠨ ᠴᠤᠪᠤᠭ᠎ᠠ ᠮᠡᠲᠦ ᠥᠭᠦᠯᠡᠯᠭᠡ ᠨᠦ᠍ᠭᠦᠳ᠂《ᠲᠠᠤᠯᠠᠢ ᠶ᠋ᠢᠨ ᠪᠥᠭᠡᠷ᠎ᠡ ᠵᠢᠮᠢᠰ》 ᠲᠡᠷᠢᠭᠦᠲᠡᠨ ᠲᠤᠭᠤᠵᠢᠰ᠂《ᠰᠢᠨᠧᠯ ᠲᠡᠢ ᠬᠥᠮᠦᠰ》᠂《ᠥᠨᠥᠳᠥᠷ》᠂》《ᠡᠯᠴᠢ》᠂《ᠠᠮᠠᠷᠠᠭ ᠴᠢᠨᠣ᠎ᠠ》᠂《ᠴᠢᠩᠭᠢᠰ ᠬᠠᠭᠠᠨ ᠤ᠋ ᠮᠥᠩᠬᠡ》᠂《ᠬᠤᠪᠢᠯᠠᠢ ᠰᠡᠴᠡᠨ ᠬᠠᠭᠠᠨ》᠂《ᠴᠣᠷᠣᠰ》 ᠵᠡᠷᠭᠡ ᠲᠡᠦᠬᠡ᠂ ᠭᠦᠨ ᠤᠬᠠᠭᠠᠨ᠂ ᠰᠡᠳᠬᠢᠯ ᠵᠦᠢ ᠶ᠋ᠢᠨ ᠰᠡᠳᠦᠪ ᠪᠦᠬᠦᠢ ᠰᠡᠳᠬᠢᠯᠭᠡ᠂ ᠵᠦᠩ ᠪᠢᠯᠢᠭ ᠦ᠋ᠨ ᠷᠣᠮᠠᠨ ᠪᠦᠲᠦᠭᠡᠭᠰᠡᠨ ᠪᠥᠯᠥᠭᠡ᠃
ᠳᠠᠮᠳᠢᠨ ᠤ᠋ ᠵᠠᠮᠢᠶᠠᠨ ᠨᠢ ᠮᠣᠩᠭᠣᠯ ᠤ᠋ᠨ ᠵᠠᠯᠠᠭᠤᠴᠤᠳ ᠤ᠋ᠨ ᠡᠪᠯᠡᠯ ᠪᠣᠯᠤᠨ ᠳ· ᠨᠠᠴᠤᠭᠳᠣᠷᠵᠢ ᠶ᠋ᠢᠨ ᠱᠠᠩᠨᠠᠯ ᠲᠠᠢ᠂ ᠲᠡᠷᠡᠪᠡᠷ 《ᠥᠭᠡᠳᠡᠢ ᠬᠠᠭᠠᠨ》᠂《ᠬᠥᠬᠡ ᠡᠪᠦᠭᠡᠨ》᠂《ᠷᠠᠪᠵᠠᠢ ᠬᠤᠲᠤᠭᠲᠤ》 ᠵᠡᠷᠭᠡ ᠲᠤᠤᠯᠢᠰ ᠤ᠋ᠨ ᠷᠣᠮᠠᠨ ᠪᠦᠲᠦᠭᠡᠬᠦ ᠪᠡᠷ ᠠᠵᠢᠯᠯᠠᠵᠤ ᠪᠠᠢᠨ᠎ᠠ᠃ ᠡᠷᠬᠢᠮ ᠤᠩᠰᠢᠭᠴᠢ ᠲᠠᠨ᠎ᠠ ᠭᠠᠯᠳᠠᠨ ᠪᠣᠱᠣᠭᠲᠤ ᠬᠠᠭᠠᠨ ᠤ᠋ ᠣᠶᠤᠨ ᠰᠠᠨᠠᠭᠠᠨ ᠤ᠋ ᠨᠢᠭᠤᠴᠠ ᠳ᠋ᠤ᠌ ᠨᠡᠪᠲᠡᠷᠡᠬᠦ《ᠴᠣᠷᠣᠰ》 ᠷᠣᠮᠠᠨ ᠢ᠋ᠶ᠋ᠠᠨ ᠳᠡᠯᠭᠡᠵᠦ ᠪᠠᠢᠨ᠎ᠠ᠃
ᠤᠷᠢᠶᠠᠩᠬᠠᠢ ᠶ᠋ᠢᠨ ᠬᠥᠬᠡ ᠴᠢᠨᠣ᠎ᠠ ᠳᠠᠮᠳᠢᠨ ᠤ᠋ ᠵᠠᠮᠢᠶᠠᠨ2009 ᠣᠨ ᠳ᠋ᠤ᠌

ᠭᠠᠯᠳᠠᠨ ᠪᠣᠱᠣᠭᠲᠤ ᠬᠠᠭᠠᠨ ᠤ᠋(ᠴᠣᠷᠣᠰ)

—ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ

ᠥᠪᠥᠷ ᠮᠣᠩᠭᠣᠯ ᠤ᠋ᠨ ᠬᠡᠪᠯᠡᠯ ᠦ᠋ᠨ ᠪᠦᠯᠦᠭᠯᠡᠯ
ᠥᠪᠥᠷ ᠮᠣᠩᠭᠣᠯ ᠤ᠋ᠨ ᠬᠡᠪᠯᠡᠯ ᠦ᠋ᠨ ᠬᠣᠷᠢᠶ᠎ᠠ

ᠴᠣᠷᠣᠰ(ᠷᠣᠮᠠᠨ)

ᠲᠩᠷᠢ ᠳ᠋ᠦ᠍ ᠨᠠᠷᠠᠨ ᠰᠢᠩᠭᠡᠵᠦ ᠮᠠᠨᠳᠤᠨ᠎ᠠ
ᠲᠡᠷᠲᠡᠭᠡ ᠳᠡᠭᠡᠷ᠎ᠡ ᠰᠠᠷᠠᠨ ᠬᠡᠭᠡᠷ᠎ᠡ ᠬᠣᠨᠣᠨ᠎ᠠ
ᠲᠡᠭᠦᠨ ᠦ᠌ ᠭᠡᠭᠡᠨ ᠳ᠋ᠦ᠍ ᠴᠣᠷᠣᠰ ᠪᠦᠰᠡᠭᠦᠢ ᠠᠮᠤᠷᠵᠢᠨ᠎ᠠ
ᠲᠡᠭᠡᠭᠡᠳ ᠣᠢᠷᠠᠳ ᠤ᠋ᠳ ᠲᠤᠤᠯᠢ ᠬᠠᠢᠯᠠᠬᠤ ᠪᠥᠯᠥᠭᠡ

ᠭᠠᠯᠪᠠ ᠶᠡᠭᠦᠯᠡᠬᠦ ᠳ᠋ᠦ᠍ ᠭᠠᠯ ᠮᠠᠨᠠᠭᠰᠠᠨ ᠡᠪᠦᠭᠡᠳ
ᠭᠠᠵᠠᠷ ᠴᠢᠩᠨᠠᠵᠤ ᠮᠣᠷᠢᠲᠠᠨ ᠡᠷᠡᠰ ᠢ᠋ ᠬᠦᠯᠢᠶᠡᠨ᠎ᠡ
ᠭᠠᠯᠳᠠᠨ ᠬᠠᠭᠠᠨ ᠤ᠋ ᠡᠭᠡᠰᠢᠭᠯᠡᠩᠲᠦ ᠲᠣᠪᠰᠢᠭᠤᠷ ᠨᠠᠪᠴᠢᠯᠠᠵᠤ
ᠭᠠᠤᠯᠢᠨ ᠪᠦᠷᠭᠦᠳ ᠵᠢᠭᠦᠷ ᠢ᠋ᠶ᠋ᠡᠨ ᠳᠡᠪᠢᠬᠦ ᠪᠥᠯᠥᠭᠡ

ᠮᠠᠩᠨᠠᠢ ᠳ᠋ᠠᠭᠠᠨ ᠨᠢᠳᠦ ᠲᠡᠢ ᠳᠤᠸᠠ ᠰᠣᠬᠣᠷ
ᠮᠢᠩᠭᠠᠨ ᠢ᠋ ᠥᠷᠲᠡᠭᠡᠯᠡᠨ ᠬᠠᠷᠠᠨ᠎ᠠ
ᠮᠠᠨᠵᠤ ᠮᠥᠬᠥᠵᠦ᠂ ᠭᠠᠯᠳᠠᠨ ᠤᠳᠤᠮᠰᠢᠵᠤ
ᠮᠥᠩᠬᠡ ᠶ᠋ᠢᠨ ᠴᠣᠷᠣᠰ ᠳᠠᠭᠤᠳᠠᠯᠭ᠎ᠠ ᠪᠣᠯᠤᠭᠰᠠᠨ ᠪᠥᠯᠥᠭᠡ

ᠣᠷᠣᠰᠢᠯ

ᠡᠨᠡ ᠵᠢᠯ ᠪᠣᠯᠪᠠᠰᠤ ᠮᠣᠩᠭᠣᠯ ᠦᠨᠳᠦᠰᠦᠲᠡᠨ ᠦ᠌ ᠲᠤᠰᠠᠭᠠᠷ ᠢ᠋ᠶ᠋ᠠᠨ ᠰᠡᠷᠭᠦᠭᠡᠭᠰᠡᠨ ᠨᠢᠭᠡ ᠵᠠᠭᠤᠨ ᠵᠢᠯ ᠦ᠋ᠨ ᠣᠢ ᠪᠣᠯᠤᠨ᠎ᠠ᠃ ᠡᠨᠡᠬᠦ ᠪᠠᠶᠠᠷᠲᠤ ᠮᠥᠴᠡ ᠶ᠋ᠢ ᠮᠣᠩᠭᠣᠯᠴᠤᠳ ᠰᠡᠳᠬᠢᠯ ᠪᠠᠬᠠᠳᠤᠨ ᠲᠡᠮᠳᠡᠭᠯᠡᠨ ᠥᠩᠭᠡᠷᠡᠭᠦᠯᠬᠦ ᠨᠢ ᠮᠡᠳᠡᠭᠡᠵᠢ ᠶ᠋ᠢᠨ ᠬᠡᠷᠡᠭ ᠪᠥᠭᠡᠳ ᠪᠢᠳᠡᠨ ᠦ᠌ ᠬᠤᠪᠢ ᠳ᠋ᠤ᠌ ᠥᠪᠡᠷ ᠦ᠋ᠨ ᠦᠨᠳᠦᠰᠦᠲᠡᠨ ᠦ᠌ ᠬᠢ ᠪᠡᠨ ᠲᠡᠦᠬᠡ ᠰᠣᠶᠣᠯ ᠢ᠋ᠶ᠋ᠠᠷ ᠪᠠᠬᠠᠷᠬᠠᠬᠤ᠂ᠤᠯᠤᠰ ᠦᠨᠳᠦᠰᠦᠲᠡᠨ ᠦ᠌ ᠬᠢ ᠪᠡᠨ ᠲᠡᠦᠬᠡ ᠶ᠋ᠢ ᠪᠦᠷᠢᠨ ᠵᠥᠪ ᠢ᠋ᠶ᠋ᠡᠷ ᠲᠠᠨᠢᠨ ᠮᠡᠳᠡᠬᠦ ᠨᠢ ᠨᠡᠩ ᠴᠢᠬᠤᠯᠠ ᠠᠴᠢ ᠬᠣᠯᠪᠣᠭᠳᠠᠯ ᠲᠠᠢ ᠭᠡᠮᠡᠨ ᠤᠷᠮᠠᠰᠢᠭᠤᠯᠵᠤ20 ᠳ᠋ᠤᠭᠠᠷ ᠵᠠᠭᠤᠨ ᠤ᠋ ᠲᠡᠦᠬᠡ ᠶ᠋ᠢᠨ ᠲᠠᠯ᠎ᠠ ᠪᠠᠷ ᠣᠷᠴᠢᠮ ᠤ᠋ᠨ ᠵᠢᠯ ᠳ᠋ᠦ᠍ ᠬᠡᠪᠯᠡᠭᠳᠡᠭᠰᠡᠨ ᠨᠢᠭᠡ ᠪᠦᠯᠦᠭ ᠨᠣᠮ ᠪᠦᠲᠦᠭᠡᠯ ᠢ᠋ ᠮᠣᠩᠭᠣᠯ ᠪᠢᠴᠢᠭ ᠢᠶᠡᠷ ᠬᠡᠪᠯᠡᠭᠦᠯᠦᠨ ᠲᠠᠷᠬᠠᠭᠠᠵᠤ ᠨᠡᠢᠲᠡ ᠶ᠋ᠢᠨ ᠬᠦᠷᠲᠡᠭᠡᠯ ᠪᠣᠯᠭᠠᠬᠤ ᠶ᠋ᠢ ᠵᠥᠪᠳᠡᠪᠡ᠃
ᠲᠡᠦᠬᠡ ᠰᠤᠳᠤᠷ ᠢ᠋ ᠰᠡᠬᠦᠨ ᠦᠵᠡᠪᠡᠰᠦ ᠮᠠᠨ ᠤ᠋ ᠮᠣᠩᠭᠣᠯᠴᠤᠳ ᠬᠥᠮᠦᠨ ᠲᠥᠷᠥᠯᠬᠢᠲᠡᠨ ᠲᠡᠦᠬᠡᠨ ᠳ᠋ᠦ᠍ ᠪᠠᠯᠠᠷᠠᠰᠢ ᠦᠭᠡᠢ ᠬᠤᠪᠢ ᠨᠡᠮᠡᠷᠢ ᠣᠷᠣᠭᠤᠯᠵᠤ᠂ ᠨᠢᠭᠡᠨ ᠴᠠᠭ ᠲᠤ᠌ ᠲᠡᠦᠬᠡᠨ ᠬᠥᠭᠵᠢᠯ ᠦ᠋ᠨ ᠴᠢᠭ ᠬᠠᠨᠳᠤᠯᠭ᠎ᠠ ᠶ᠋ᠢ ᠲᠣᠭᠲᠠᠭᠠᠵᠤ ᠪᠠᠢᠵᠠᠢ᠃ ᠡᠨᠡ ᠨᠢ ᠶᠡᠬᠡ ᠮᠣᠩᠭᠣᠯ ᠤᠯᠤᠰ ᠪᠣᠯᠤᠨ ᠮᠣᠩᠭᠣᠯ ᠤ᠋ᠨ ᠡᠵᠡᠨᠲᠦ ᠭᠦᠷᠦᠨ ᠦ᠌ ᠦᠶ᠎ᠡ ᠪᠠᠢᠯ᠎ᠠ᠃ ᠡᠭᠦᠨ ᠢ᠋ ᠡᠷᠳᠡᠮᠲᠡᠳ《ᠮᠣᠩᠭᠣᠯᠴᠤᠳ ᠤ᠋ᠨ ᠡᠷᠢᠨ》 ᠭᠡᠮᠡᠨ ᠲᠡᠮᠳᠡᠭᠯᠡᠳᠡᠭ ᠪᠠᠢᠵᠠᠢ᠃ ᠲᠤᠬᠠᠢ ᠶ᠋ᠢᠨ ᠦᠶ᠎ᠡ ᠳ᠋ᠦ᠍ ᠮᠣᠩᠭᠣᠯᠴᠤᠳ ᠬᠤᠷᠳᠤ ᠂ ᠬᠦᠴᠦ᠂ ᠤᠬᠠᠭᠠᠨ ᠭᠤᠷᠪᠠ ᠪᠠᠷ ᠬᠣᠷᠸ᠎ᠠ ᠳᠡᠯᠡᠬᠡᠢ ᠶ᠋ᠢ ᠨᠢᠭᠡᠨ ᠵᠢᠯᠤᠭᠤᠨ ᠳ᠋ᠤ᠌ ᠬᠤᠷᠢᠶᠠᠵᠤ᠂ ᠬᠠᠢᠷ᠎ᠠ᠂ ᠢᠲᠡᠭᠡᠯ᠂ ᠢᠪᠡᠭᠡᠯ ᠭᠤᠷᠪᠠ ᠪᠠᠷ ᠬᠥᠮᠦᠨ ᠲᠥᠷᠥᠯᠬᠢᠲᠡᠨ ᠢ᠋ ᠨᠢᠭᠡᠨ ᠰᠠᠨᠠᠭᠠᠨ ᠳ᠋ᠤ᠌ ᠵᠠᠩᠭᠢᠳᠴᠤ ᠭᠠᠢᠬᠠᠮᠰᠢᠭᠲᠤ ᠰᠠᠢᠬᠠᠨ ᠲᠡᠦᠬᠡ᠂ ᠰᠣᠶᠣᠯ᠂ ᠤᠷᠠᠯᠢᠭ ᠢ᠋ ᠪᠦᠲᠦᠭᠡᠭᠰᠡᠨ ᠨᠢ ᠥᠨᠥᠳᠥᠷ ᠴᠦ᠍ ᠭᠡᠰᠡᠨ ᠳᠡᠯᠡᠬᠡᠢ ᠶ᠋ᠢᠨ ᠲᠡᠦᠬᠡᠨ ᠳ᠋ᠦ᠍ ᠮᠥᠩᠬᠡ ᠶ᠋ᠢᠨ ᠬᠥᠰᠢᠶ᠎ᠡ ᠪᠣᠯᠤᠨ ᠰᠦᠨᠳᠡᠷᠯᠡᠵᠦ ᠪᠠᠢᠨᠠᠮ᠃ ᠬᠠᠷᠠᠮᠰᠠᠯᠲᠠᠢ ᠨᠢ 《ᠡᠷᠭᠢᠬᠦ ᠨᠠᠷᠠᠨ ᠡᠭᠡᠯᠵᠢᠯᠡᠬᠦ ᠲᠥᠷᠥ 》ᠭᠡᠳᠡᠭᠴᠢᠯᠡᠨ ᠴᠢᠩᠭᠢᠰ ᠬᠠᠭᠠᠨ ᠤ᠋ ᠦᠷ᠎ᠡ ᠰᠠᠳᠤᠨ ᠡᠶ᠎ᠡ ᠡᠪ ᠢ᠋ ᠬᠢᠴᠢᠶᠡᠨ ᠰᠠᠬᠢᠵᠤ᠂ ᠡᠷᠴᠢ ᠬᠦᠴᠦ ᠪᠡᠨ ᠨᠢᠭᠡᠳᠬᠡᠵᠦ ᠴᠢᠳᠠᠭ᠎ᠠ ᠦᠭᠡᠢ ᠶ᠋ᠢᠨ ᠤᠯᠠᠮ ᠠ᠋ᠴᠠ17 ᠳ᠋ᠤᠭᠠᠷ ᠵᠠᠭᠤᠨ ᠠ᠋ᠴᠠ ᠬᠣᠢᠰᠢ ᠮᠠᠨᠵᠤ ᠴᠢᠩ ᠤᠯᠤᠰ ᠤ᠋ᠨ ᠡᠷᠬᠡᠰᠢᠶᠡᠯ ᠳ᠋ᠦ᠍ ᠣᠷᠣᠵᠤ᠂ ᠦᠨᠳᠦᠰᠦᠨ ᠦ᠌ ᠡᠷᠬᠡ ᠴᠢᠯᠥᠭᠡ᠂ᠲᠤᠰᠠᠭᠠᠷ ᠲᠣᠭᠲᠠᠨᠢᠯ ᠢ᠋ᠶ᠋ᠠᠨ ᠠᠯᠳᠠᠭᠰᠠᠨ ᠪᠠᠢᠪᠠ᠃ ᠲᠤᠬᠠᠢᠯᠠᠪᠠᠯ1636 ᠣᠨ ᠳ᠋ᠤ᠌ ᠡᠮᠦᠨᠡᠲᠦ ᠮᠣᠩᠭᠣᠯ ᠮᠠᠨᠵᠤ ᠳ᠋ᠤ᠌ ᠡᠵᠡᠯᠡᠭᠳᠡᠵᠦ᠂ 1691 ᠣᠨ ᠳ᠋ᠤ᠌ ᠬᠠᠯᠬ᠎ᠠ ᠮᠣᠩᠭᠣᠯ ᠮᠠᠨᠵᠤ ᠳ᠋ᠤ᠌ ᠬᠠᠷᠢᠶᠠᠯᠠᠭᠳᠠᠨ᠂ 1755 ᠣᠨ ᠳ᠋ᠤ᠌ ᠪᠠᠷᠠᠭᠤᠨ ᠮᠣᠩᠭᠣᠯ— ᠵᠡᠭᠦᠨᠭᠠᠷ ᠮᠠᠨᠵᠤ ᠳ᠋ᠤ᠌ ᠡᠷᠬᠡᠰᠢᠶᠡᠭᠳᠡᠭᠰᠡᠨ ᠡᠴᠡ ᠬᠣᠢᠰᠢ1911 ᠣᠨ ᠪᠣᠯᠲᠠᠯ᠎ᠠ ᠮᠣᠩᠭᠣᠯᠴᠤᠳ ᠮᠠᠨᠵᠤ ᠴᠢᠩ ᠤᠯᠤᠰ ᠤ᠋ᠨ ᠨᠣᠶᠠᠷᠬᠠᠯ ᠳ᠋ᠤ᠌ ᠳᠠᠷᠤᠩᠭᠤᠢᠯᠠᠭᠳᠠᠨ ᠪᠣᠭᠣᠯᠴᠢᠯᠠᠭᠳᠠᠵᠤ᠂ ᠳᠠᠷᠤᠯᠠᠭᠳᠠᠨ ᠮᠥᠯᠵᠢᠭᠳᠡᠵᠦ ᠶᠠᠪᠤᠵᠠᠢ᠃ ᠡᠨᠡᠬᠦ ᠭᠠᠰᠢᠭᠤᠨ ᠵᠣᠪᠠᠯᠠᠩᠲᠤ ᠲᠡᠦᠬᠡᠨ ᠶᠠᠪᠤᠴᠠ ᠳ᠋ᠤ᠌ ᠮᠣᠩᠭᠣᠯᠴᠤᠳ ᠤ᠋ᠨ ᠮᠡᠳᠡᠯᠭᠡ  ᠳ᠋ᠡᠭᠡᠨ ᠬᠠᠭᠠᠭᠳᠠᠵᠤ᠂ ᠳᠠᠢᠴᠢᠨ ᠴᠢᠨᠠᠷ ᠠᠯᠳᠠᠭᠰᠠᠨ ᠢ᠋ᠶ᠋ᠠᠷ ᠦᠯᠦ ᠪᠠᠷᠠᠮ ᠦᠨᠳᠦᠰᠦᠲᠡᠨ ᠦ᠌ ᠨᠢᠭᠡᠳᠦᠮᠡᠯ ᠤᠬᠠᠮᠰᠠᠷ ᠰᠤᠯᠠᠷᠠᠵᠤ᠂ ᠮᠣᠩᠭᠣᠯ ᠤᠭᠰᠠᠭᠠᠲᠠᠨ ᠭᠡᠬᠦ ᠡᠴᠡ ᠪᠡᠨ ᠢᠯᠡᠭᠦᠦ ᠵᠢᠯᠠᠭ᠎ᠠ ᠳᠣᠪᠣ ᠶ᠋ᠢᠨ ᠢᠪᠴᠤᠤ ᠪᠣᠳᠣᠯ ᠭᠠᠵᠠᠷ ᠠᠪᠴᠤ᠂ ᠬᠠᠷᠢᠯᠴᠠᠨ ᠨᠢᠭᠡᠨ ᠢ᠋ᠶ᠋ᠡᠨ ᠬᠠᠷᠢᠶᠠᠨ ᠵᠥᠭᠡᠬᠦ ᠶ᠋ᠢᠨ ᠲᠡᠳᠦᠢ ᠪᠤᠰᠤ᠂ ᠬᠠᠷᠢᠨ ᠢᠯᠳᠦ ᠰᠡᠯᠡᠮ᠎ᠡ ᠪᠠᠷᠢᠵᠤ ᠬᠢᠳᠤᠯᠳᠤᠨ ᠲᠡᠮᠡᠴᠡᠭᠰᠡᠨ ᠦᠶ᠎ᠡ ᠪᠠᠢᠭᠰᠠᠨ ᠢ᠋ ᠪᠣᠳᠣᠪᠠᠰᠤ ᠡᠷᠬᠡ ᠦᠭᠡᠢ ᠵᠢᠷᠦᠬᠡ ᠲᠦᠭᠰᠢᠮᠦᠢ᠃ ᠬᠡᠳᠦᠢ ᠲᠡᠢᠮᠦ ᠠᠪᠴᠤ ᠡᠵᠡᠨ ᠪᠣᠭᠳᠠ ᠴᠢᠩᠭᠢᠰ ᠬᠠᠭᠠᠨ ᠴᠤ᠌ ᠰᠦᠯᠳᠡ ᠢᠪᠡᠭᠡᠵᠦ ᠡᠷᠡᠯᠬᠡᠭ ᠮᠣᠩᠭᠣᠯᠴᠤᠳ ᠤᠨᠲᠠᠭᠰᠠᠨ ᠨᠣᠢᠷ ᠡᠴᠡ ᠪᠡᠨ ᠰᠡᠷᠢᠭᠰᠡᠨ ᠮᠡᠲᠦ ᠤᠬᠠᠭᠠᠷᠠᠨ ᠰᠡᠷᠭᠦᠵᠦ᠂ ᠬᠠᠯᠠᠭᠤᠨ ᠴᠢᠰᠤ ᠨᠢ ᠬᠠᠯᠭᠢᠯᠠᠨ ᠣᠷᠭᠢᠯᠵᠤ᠂ ᠬᠠᠷᠢ ᠶ᠋ᠢᠨ ᠡᠷᠬᠡᠰᠢᠶᠡᠯ ᠮᠠᠨᠵᠤ ᠶ᠋ᠢᠨ ᠨᠣᠶᠠᠷᠬᠠᠯ᠎ᠠ᠋ᠴᠠ ᠮᠤᠯᠲᠤᠷᠠᠬᠤ ᠶ᠋ᠢᠨ ᠲᠥᠯᠥᠭᠡ ᠡᠮᠦᠨᠡᠲᠦ ᠮᠣᠩᠭᠣᠯ ᠤ᠋ᠨ ᠴᠢᠭᠤᠯᠭᠠᠨ ᠪᠦᠷᠢ ᠳ᠋ᠦ᠍ ᠮᠠᠨᠵᠤ ᠶ᠋ᠢᠨ《ᠰᠢᠨ᠎ᠡ ᠵᠠᠰᠠᠭ》 ᠤ᠋ᠨ ᠪᠣᠳᠣᠯᠭ᠎ᠠ ᠶ᠋ᠢ ᠡᠰᠡᠷᠭᠦᠴᠡᠬᠦ ᠪᠡᠷ ᠦᠨᠳᠦᠰᠦᠨ ᠠᠭᠤᠯᠭ᠎ᠠ ᠪᠣᠯᠭᠠᠭᠰᠠᠨ ᠭᠠᠵᠠᠷ ᠨᠤᠲᠤᠭ ᠢ᠋ᠶ᠋ᠠᠨ ᠬᠠᠮᠠᠭᠠᠯᠠᠬᠤ᠂ ᠤᠭᠰᠠᠭ᠎ᠠ ᠦᠨᠳᠦᠰᠦᠲᠡᠨ ᠢ᠋ᠶ᠋ᠡᠨ ᠰᠡᠷᠭᠦᠭᠡᠨ ᠮᠠᠨᠳᠤᠭᠤᠯᠬᠤ ᠬᠥᠳᠡᠯᠭᠡᠭᠡᠨ ᠥᠷᠨᠢᠭᠰᠡᠨ ᠪᠠ ᠠᠷᠤ ᠮᠣᠩᠭᠣᠯ ᠳ᠋ᠤ᠌ ᠲᠦᠰᠢᠶᠡᠲᠦ ᠬᠠᠨ ᠠᠢᠮᠠᠭ ᠤ᠋ᠨ ᠵᠠᠩᠵᠤᠨ ᠴᠢᠨ ᠸᠠᠩ ᠬᠠᠨᠳᠤᠳᠣᠷᠵᠢ᠂ ᠬᠠᠷᠴᠢᠨ ᠬᠦᠩ ᠬᠠᠢᠱᠠᠨ᠂ ᠬᠦᠷᠢᠶᠡᠨ ᠦ᠌ ᠳᠡ ᠯᠠᠮᠠ ᠴᠡᠷᠢᠩᠴᠢᠮᠡᠳ ᠨᠠᠷ ᠤ᠋ᠨ ᠤᠳᠤᠷᠢᠳᠤᠯᠭ᠎ᠠ ᠪᠠᠷ ᠬᠦᠷᠢᠶᠡᠨ ᠦ᠌ ᠰᠠᠢᠳ ᠰᠠᠨᠳᠤᠤ ᠠᠮᠪᠠᠨ ᠢ᠋ ᠬᠥᠭᠡᠭᠡᠵᠦ᠂ ᠮᠣᠩᠭᠣᠯ ᠤᠯᠤᠰ ᠢ᠋ᠶ᠋ᠠᠨ ᠲᠤᠰᠠᠭᠠᠷ ᠲᠣᠭᠲᠠᠨᠢᠭᠤᠯᠬᠤ ᠦᠨᠳᠦᠰᠦᠲᠡᠨ ᠦ᠌ ᠡᠷᠬᠡ ᠴᠢᠯᠥᠭᠡᠨ ᠦ᠌ ᠬᠤᠪᠢᠰᠬᠠᠯ ᠰᠦᠷ ᠳᠠᠯᠠᠢᠴᠠᠲᠠᠢ ᠥᠷᠨᠢᠪᠡ᠃ ᠡᠭᠦᠨ ᠦ᠌ ᠳ᠋ᠦᠩ ᠳ᠋ᠦ᠍1911 ᠣᠨ ᠤ᠋12 ᠳ᠋ᠤᠭᠠᠷ ᠰᠠᠷ᠎ᠠ ᠶ᠋ᠢᠨ29 ᠳ᠋ᠦ᠍ ᠨᠠᠢ᠍ᠮᠠᠳᠤᠭᠠᠷ ᠪᠣᠭᠳᠠ ᠵᠢᠪᠽᠠᠨᠳᠠᠮᠪᠠ ᠶ᠋ᠢ ᠮᠣᠩᠭᠣᠯ ᠤᠯᠤᠰ ᠤ᠋ᠨ ᠬᠠᠭᠠᠨ ᠳ᠋ᠤ᠌ ᠡᠷᠭᠦᠮᠵᠢᠯᠡᠵᠦ᠂ ᠬᠠᠭᠠᠨ ᠤ᠋ ᠴᠣᠯᠠ ᠶ᠋ᠢ《ᠱᠠᠰᠢᠨ ᠲᠥᠷᠥ ᠶ᠋ᠢ ᠬᠣᠣᠰᠯᠠᠨ ᠪᠠᠷᠢᠭᠴᠢ ᠨᠠᠷᠠᠨ ᠭᠡᠷᠡᠯᠲᠦ ᠪᠣᠭᠳᠠ ᠬᠠᠭᠠᠨ》 ᠬᠡᠮᠡᠵᠦ᠂ ᠣᠨ ᠤ᠋ ᠴᠣᠯᠠ ᠶ᠋ᠢ《ᠣᠯᠠᠨ᠎ᠠ ᠡᠷᠭᠦᠭᠳᠡᠭᠰᠡᠨ》 ᠭᠡᠮᠡᠨ ᠳᠡᠯᠡᠬᠡᠢ ᠨᠡᠢᠲᠡ ᠳ᠋ᠦ᠍ ᠵᠠᠷᠯᠠᠨ ᠲᠤᠩᠬᠠᠭᠯᠠᠪᠠ᠃ ᠡᠨᠡ ᠪᠣᠯᠪᠠᠰᠤ ᠳᠠᠶᠠᠭᠠᠷ ᠮᠣᠩᠭᠣᠯᠴᠤᠳ ᠤ᠋ᠨ ᠬᠠᠮᠲᠤ ᠶ᠋ᠢᠨ ᠬᠦᠰᠡᠯ ᠪᠠᠢᠭᠰᠠᠨ ᠪᠥᠭᠡᠳ ᠲᠡᠳᠡᠨ ᠦ᠌ ᠬᠠᠮᠲᠤ ᠶ᠋ᠢᠨ ᠬᠢᠴᠢᠶᠡᠯ ᠵᠢᠳᠬᠦᠯ ᠦ᠋ᠨ ᠦᠷ᠎ᠡ ᠳ᠋ᠦᠩ ᠪᠣᠯᠬᠤ ᠶᠤᠮ᠃ ᠰᠡᠭᠦᠯ ᠦ᠋ᠨ ᠦᠶ᠎ᠡ ᠶ᠋ᠢᠨ ᠰᠤᠳᠤᠯᠭᠠᠨ ᠤ᠋ ᠳ᠋ᠦᠩ ᠡᠴᠡ ᠦᠵᠡᠬᠦ ᠳ᠋ᠦ᠍ ᠲᠤᠬᠠᠢ ᠶ᠋ᠢᠨ ᠦᠶ᠎ᠡ ᠶ᠋ᠢᠨ ᠡᠮᠦᠨᠡᠲᠦ ᠮᠣᠩᠭᠣᠯ ᠤ᠋ᠨ49 ᠬᠤᠰᠢᠭᠤᠨ ᠤ᠋39 ᠨᠢ ᠪᠣᠭᠳᠠ ᠬᠠᠭᠠᠨᠲᠤ ᠮᠣᠩᠭᠣᠯ ᠤᠯᠤᠰ ᠲᠤ᠌ ᠨᠢᠭᠡᠳᠦᠨ ᠣᠷᠣᠬᠤ ᠶ᠋ᠢ ᠢᠯᠡᠳᠬᠡᠭᠰᠡᠨ ᠪᠥᠭᠡᠳ ᠦᠯᠡᠳᠡᠭᠰᠡᠨ ᠬᠡᠰᠡᠭ ᠨᠢ ᠴᠦ᠍ ᠡᠷᠬᠡ ᠴᠢᠯᠥᠭᠡᠲᠡᠢ᠂ ᠡᠵᠡᠨ ᠮᠡᠳᠡᠭᠰᠡᠨ ᠥᠪᠡᠷ ᠦ᠋ᠨ ᠤᠯᠤᠰ ᠲᠠᠭᠠᠨ ᠨᠢᠭᠡᠳᠦᠨ ᠣᠷᠣᠬᠤ ᠶ᠋ᠢ ᠡᠷᠡᠮᠡᠯᠵᠡᠵᠦ ᠪᠠᠢᠭᠰᠠᠨ ᠨᠢ ᠣᠢᠯᠠᠭᠠᠮᠵᠢᠲᠠᠢ᠃ ᠮᠠᠨ ᠤ᠋ ᠡᠷᠳᠡᠮᠲᠡᠳ ᠦ᠋ᠨ ᠪᠦᠲᠦᠭᠡᠯ ᠳ᠋ᠦ᠍《ᠮᠣᠩᠭᠣᠯᠴᠤᠳ ᠤ᠋ᠨ ᠦᠨᠳᠦᠰᠦᠲᠡᠨ — ᠤᠯᠤᠰ ᠪᠠᠢᠬᠤ ᠶ᠋ᠢᠨ ᠲᠥᠯᠥᠭᠡ ᠶᠠᠪᠤᠭᠤᠯᠤᠭᠰᠠᠨ ᠴᠥᠬᠥᠷᠡᠰᠢ ᠦᠭᠡᠢ ᠲᠡᠮᠡᠴᠡᠯ ᠂ ᠲᠡᠭᠦᠨ ᠳ᠋ᠦ᠍ ᠤᠴᠠᠷᠠᠭᠰᠠᠨ ᠰᠠᠭᠠᠳ ᠪᠡᠷᠬᠡᠰᠢᠶᠡᠯ᠂ ᠰᠤᠷᠭᠠᠮᠵᠢ᠂ ᠲᠡᠭᠦᠨ ᠦ᠌ ᠦᠷ᠎ᠡ ᠳ᠋ᠦᠩ ᠳ᠋ᠦ᠍ ᠣᠯᠵᠤ ᠠᠪᠤᠭᠰᠠᠨ᠂ ᠲᠤᠰᠠᠭᠠᠷ ᠲᠣᠭᠲᠠᠨᠢᠯ᠂ ᠪᠡᠶ᠎ᠡ ᠪᠡᠨ ᠳᠠᠭᠠᠭᠠᠭᠰᠠᠨ ᠪᠠᠢᠳᠠᠯ 》ᠵᠡᠷᠭᠡ ᠪᠦᠬᠦᠨ ᠢ᠋ ᠡᠯ᠎ᠡ ᠪᠦᠲᠦᠭᠡᠯ ᠦ᠋ᠳ ᠲᠦ᠍ ᠨᠠᠷᠢᠨ ᠲᠣᠳᠣᠷᠠᠭᠤᠯᠤᠨ ᠭᠠᠷᠭᠠᠭᠰᠠᠨ ᠨᠢ ᠡᠬᠡ ᠲᠡᠦᠬᠡ ᠪᠡᠨ ᠮᠡᠳᠡᠬᠦ ᠶ᠋ᠢ ᠬᠦᠰᠡᠭᠴᠢᠳ ᠪᠦᠬᠦᠨ ᠳ᠋ᠦ᠍ ᠶᠠᠮᠠᠷ ᠨᠢᠭᠡᠨ ᠬᠡᠵᠢᠶᠡᠨ ᠦ᠌ ᠮᠡᠳᠡᠯᠭᠡ ᠣᠢᠯᠠᠭᠠᠯᠲᠠ᠂ ᠦᠨᠳᠦᠰᠦᠲᠡᠨ ᠦ᠌ ᠣᠮᠣᠭ ᠪᠠᠬᠠᠳᠤᠯ ᠲᠥᠷᠥᠭᠦᠯᠦᠨ᠎ᠡ ᠭᠡᠳᠡᠭ ᠲᠦ᠍ ᠪᠢᠳᠡ ᠢᠲᠡᠭᠡᠯᠲᠡᠢ ᠪᠠᠢᠨ᠎ᠠ᠃ ᠬᠡᠳᠦᠢᠪᠡᠷ ᠲᠤᠬᠠᠢ ᠶ᠋ᠢᠨ ᠦᠶ᠎ᠡ ᠳ᠋ᠦ᠍ ᠬᠣᠶᠠᠷ ᠲᠣᠮᠣ ᠭᠦᠷᠦᠨ ᠦ᠌ ᠳᠠᠷᠤᠮᠲᠠ ᠰᠢᠬᠠᠯᠲᠠ᠂ ᠳᠠᠯᠳᠠ ᠬᠤᠤᠪᠢᠯᠳᠤᠯᠭ᠎ᠠ᠂ ᠲᠥᠷᠥ ᠶ᠋ᠢᠨ ᠪᠣᠳᠣᠯᠭ᠎ᠠ ᠵᠡᠷᠭᠡ ᠡᠴᠡ ᠰᠢᠯᠲᠠᠭᠠᠯᠠᠵᠤ᠂ ᠮᠣᠩᠭᠣᠯ ᠤ᠋ᠨ ᠴᠠᠭᠠᠭᠴᠢᠨ ᠭᠠᠬᠠᠢ ᠵᠢᠯ ᠦ᠋ᠨ ᠬᠤᠪᠢᠰᠬᠠᠯ ᠮᠣᠩᠭᠣᠯᠴᠤᠳ ᠢ᠋ ᠪᠦᠷᠢᠨ ᠨᠢᠭᠡᠳᠬᠡᠵᠦ ᠦᠨᠳᠦᠰᠦᠲᠡᠨ ᠦ᠌ ᠤᠯᠤᠰ ᠪᠠᠢᠭᠤᠯᠬᠤ ᠵᠣᠷᠢᠯᠭ᠎ᠠ ᠨᠢ ᠡᠴᠦᠰ ᠦ᠋ᠨ ᠪᠠᠢᠳᠠᠯ ᠢ᠋ᠶ᠋ᠠᠷ ᠪᠡᠶᠡᠯᠡᠭᠳᠡᠵᠦ ᠴᠢᠳᠠᠭ᠎ᠠ ᠦᠭᠡᠢ ᠴᠦ᠍ ᠭᠡᠰᠡᠨ ᠮᠣᠩᠭᠣᠯ ᠤ᠋ᠨ ᠭᠣᠯᠣᠮᠲᠠ ᠨᠤᠲᠤᠭ ᠢ᠋ᠶ᠋ᠠᠷ ᠲᠥᠪᠯᠡᠭᠰᠡᠨ ᠮᠣᠩᠭᠣᠯ ᠤᠯᠤᠰ ᠢ᠋ ᠪᠠᠢᠭᠤᠯᠵᠤ ᠴᠢᠳᠠᠭᠰᠠᠨ ᠶᠠᠪᠤᠳᠠᠯ ᠨᠢ ᠨᠡᠢᠲᠡ ᠮᠣᠩᠭᠣᠯᠴᠤᠳ ᠲᠠᠭᠠᠨ ᠣᠶᠤᠨ ᠰᠠᠨᠠᠭᠠᠨ ᠤ᠋ ᠣᠮᠣᠭᠰᠢᠯ ᠪᠠᠬᠠᠷᠬᠠᠯ ᠪᠣᠯᠵᠤ ᠡᠬᠡ ᠣᠷᠣᠨ᠂ ᠲᠡᠦᠬᠡ ᠰᠣᠶᠣᠯ᠂ ᠦᠨᠳᠦᠰᠦ ᠤᠭᠰᠠᠭ᠎ᠠ ᠪᠠᠷ ᠢ᠋ᠶ᠋ᠠᠨ ᠪᠠᠬᠠᠷᠬᠠᠬᠤ ᠡᠷᠴᠢ ᠬᠦᠴᠦᠨ ᠦ᠌ ᠬᠢᠨᠢ ᠮᠥᠩᠬᠡ ᠶ᠋ᠢᠨ ᠣᠨᠳᠣᠷᠣᠯ ᠪᠣᠯᠤᠭᠰᠠᠨ ᠭᠡᠳᠡᠭ ᠢ᠋ ᠡᠨᠳᠡ ᠴᠣᠬᠣᠨ ᠲᠡᠮᠳᠡᠭᠯᠡᠶ᠎ᠡ᠃ ᠬᠥᠮᠦᠨ ᠲᠥᠷᠥᠯᠬᠢᠲᠡᠨ ᠦ᠌ ᠲᠡᠦᠬᠡ ᠶ᠋ᠢ ᠪᠦᠲᠦᠭᠡᠯᠴᠡᠵᠤ ᠶᠠᠪᠤᠭᠰᠠᠨ ᠮᠣᠩᠭᠣᠯᠴᠤᠳ ᠬᠡᠵᠢᠶ᠎ᠡ ᠨᠢᠭᠡᠨ ᠴᠠᠭ ᠲᠤ᠌ ᠥᠪᠡᠷ ᠦ᠋ᠨ ᠲᠡᠦᠬᠡ ᠪᠡᠨ ᠨᠡᠩ ᠪᠦᠷᠢᠨ ᠪᠦᠲᠦᠨ ᠨᠡᠩ ᠪᠠᠶᠠᠯᠢᠭ ᠠᠭᠤᠯᠭ᠎ᠠ ᠪᠠᠷ ᠪᠦᠲᠦᠭᠡᠨ᠎ᠡ ᠭᠡᠳᠡᠭ ᠲᠦ᠍ ᠪᠢᠳᠡ ᠪᠦᠬᠦᠨ ᠰᠡᠳᠬᠢᠯ ᠳᠦᠭᠦᠷᠡᠩ ᠶᠠᠪᠤᠳᠠᠭ ᠲᠤᠯᠠ ᠰᠡᠴᠡᠨᠲᠦ ᠵᠠᠬᠢᠷᠤᠯ ᠲᠠᠢ 《ᠬᠥᠬᠡᠬᠣᠲᠠ ᠶ᠋ᠢᠨ ᠬᠠᠨ ᠭᠠᠷᠤᠳᠢ ᠰᠣᠶᠣᠯ ᠨᠣᠮ ᠤ᠋ᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ》 ᠶ᠋ᠢᠨ ᠬᠠᠯᠠᠭᠤᠨ ᠰᠡᠳᠬᠢᠯᠲᠦ ᠨᠥᠬᠥᠳ ᠦ᠋ᠨ ᠰᠠᠨᠠᠭᠠᠴᠢᠯᠠᠭ᠎ᠠ ᠪᠠᠷ ᠮᠠᠨ ᠤ᠋ ᠡᠷᠳᠡᠮᠲᠡᠳ ᠦ᠋ᠨ ᠨᠣᠮ ᠪᠦᠲᠦᠭᠡᠯ ᠡᠯᠢᠭᠡ ᠨᠢᠭᠡᠲᠡᠢ ᠡᠮᠦᠨᠡᠲᠦ ᠮᠣᠩᠭᠣᠯ ᠤ᠋ᠨ ᠤᠩᠰᠢᠭᠴᠢᠳ ᠲᠠᠢ ᠵᠣᠯᠭᠠᠬᠤ ᠪᠣᠯᠤᠭᠰᠠᠨ ᠳ᠋ᠤ᠌ ᠣᠷᠣᠰᠢᠯ ᠤ᠋ᠨ ᠲᠡᠳᠦᠢ ᠬᠡᠳᠦᠨ ᠦᠭᠡ ᠶ᠋ᠢ ᠲᠡᠮᠳᠡᠭᠯᠡᠵᠦ᠂ ᠰᠠᠢᠨ ᠰᠠᠨᠠᠭᠠᠲᠤ ᠬᠥᠮᠦᠨ ᠪᠦᠬᠦᠨ ᠦ᠌ ᠮᠡᠯᠮᠡᠢ ᠶ᠋ᠢ ᠮᠢᠯᠢᠶᠠᠬᠤ ᠶ᠋ᠢ ᠬᠦᠰᠡᠵᠦᠬᠦᠢ᠃
ᠨᠣᠮ ᠤ᠋ᠨ ᠴᠠᠭᠠᠨ ᠪᠤᠶᠠᠨ ᠠᠷᠪᠢᠵᠢᠨ ᠳᠡᠯᠭᠡᠷᠡᠬᠦ ᠪᠣᠯᠲᠤᠭᠠᠢ!

  ᠦᠰᠦᠭ ᠠᠮᠢᠯᠠᠭᠤᠯᠤᠭᠴᠢ᠄ ᠣᠳᠬᠠᠨᠰᠣ᠎ᠠ᠂ ᠠ᠊· ᠮᠢᠬᠤᠸᠠᠷ᠂ ᠨᠠᠷᠠᠨᠲᠣᠭᠣᠰ᠂ ᠨᠠ᠊᠂ ᠴᠠᠭᠠᠨ
  ᠬᠢᠨᠠᠭᠴᠢ ᠪᠠᠭᠰᠢ᠄ ᠣᠳᠬᠠᠨᠰᠣ᠎ᠠ᠂ ᠨᠠᠷᠠᠨ