ᠵᠠᠯᠠᠭᠤ ᠨᠠᠰᠤ03-ᠷ ∙ ᠴᠣᠢᠨᠣᠮ-ᠨᠠᠢᠷᠠᠭᠯᠠᠯЗалуу нас-Р.Чойном Zaluu nas-R.Choinom ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠯᠠᠭᠤ ᠨᠠᠰᠤ03-ᠷ ∙ ᠴᠣᠢᠨᠣᠮ-ᠨᠠᠢᠷᠠᠭᠯᠠᠯЗалуу нас-Р.Чойном Zaluu nas-R.Choinom

ᠵᠠᠯᠠᠭᠤ ᠨᠠᠰᠤ03-ᠷ ∙ ᠴᠣᠢᠨᠣᠮ-ᠨᠠᠢᠷᠠᠭᠯᠠᠯЗалуу нас-Р.Чойном Zaluu nas-R.Choinom

2025-02-23

798

ᠵᠠᠯᠠᠭᠤ ᠨᠠᠰᠤ03

ᠷ᠂ ᠴᠤᠢᠨᠥᠮ 

    ᠭᠤᠷᠪᠠᠳᠤᠭᠠᠷ ᠪᠦᠯᠦᠭ

        1

ᠠᠵᠠ ᠦᠭᠡᠢ ᠵᠢᠯᠣᠭᠣᠴᠢ ᠶ᠋ᠢᠨ ᠣᠩᠬᠣᠯᠢᠳᠤᠭᠰᠠᠨ ᠭᠠᠵᠠᠷ
ᠠᠯᠪᠠᠨ ᠤ᠋ ᠰᠢᠯᠭᠠᠯᠲᠠ ᠣᠴᠢᠬᠤ ᠬᠣᠭᠣᠷᠣᠨᠳᠣ
ᠬᠠᠢᠷᠠᠲᠤ ᠤᠩᠰᠢᠭᠴᠢ ᠲᠠᠨ ᠲᠠᠢ ᠪᠠᠨ ᠪᠢ
ᠬᠠᠮᠲᠤᠷᠠᠨ ᠵᠥᠪᠯᠡᠮᠡᠷ ᠨᠢᠭᠡ ᠶᠠᠭᠤᠮ᠎ᠠ ᠪᠠᠢᠨ᠎ᠠ᠃

ᠴᠠᠢ ᠶ᠋ᠢᠨ ᠰᠢᠷᠬᠡ ᠲᠣᠭᠣᠷᠢᠨ ᠰᠠᠭᠤᠵᠤ
ᠴᠠᠭᠠᠨ ᠶᠠᠷᠢᠶ᠎ᠠ ᠳᠡᠯᠭᠡᠬᠦ ᠴᠠᠭ ᠲᠤ᠌
ᠢᠨᠢᠶᠡᠳᠦ ᠨᠠᠷᠭᠢᠶᠠᠨ ᠳ᠋ᠤ᠌ ᠠᠮᠠ ᠨᠢ ᠬᠠᠯᠠᠵᠤ
ᠢᠩᠭᠢᠵᠦ ᠵᠠᠷᠢᠮ ᠨᠢ ᠬᠡᠯᠡᠵᠦ ᠪᠠᠢᠬᠤ ᠶᠤᠮ᠃

| ᠵᠠᠯᠠᠭᠤ ᠨᠠᠰᠤ᠂ ᠬᠠᠯᠠᠭᠤᠨ ᠪᠡᠶ᠎ᠡ
ᠵᠠ ᠳᠠ᠁ ᠶᠠᠮᠠᠷ ᠮᠥᠩᠬᠡ ᠶᠠᠭᠤᠮ᠎ᠠ ᠪᠢᠰᠢ!
ᠲᠡᠨᠡᠭ ᠴᠦ᠍ ᠶᠠᠪᠤᠭᠰᠠᠨ᠂ ᠴᠡᠴᠡᠨ ᠴᠦ᠍ ᠶᠠᠪᠤᠭᠰᠠᠨ
ᠲᠡᠷᠡ ᠲᠡᠢ ᠲᠡᠷᠡ ᠦᠭᠡᠢ ᠯᠡ ᠭᠠᠭᠴᠠ ᠣᠯᠳᠠᠬᠤ ᠶᠤᠮ᠃

ᠬᠥᠮᠦᠨ ᠶᠡᠷᠦ ᠨᠢ ᠪᠠᠭᠠᠬᠠᠨ ᠵᠣᠪᠠᠵᠤ
ᠬᠦᠰᠡᠭᠰᠡᠨ ᠪᠦᠬᠦᠨ ᠢ᠋ᠶ᠋ᠡᠨ ᠶᠡᠬᠡᠬᠡᠨ ᠡᠳ᠋ᠯᠡᠵᠦ
ᠡᠨᠡ ᠮᠠᠭᠤ ᠪᠡᠶ᠎ᠡ ᠪᠡᠨ ᠴᠡᠩᠭᠡᠭᠦᠯᠬᠦ ᠦᠭᠡᠢ ᠪᠣᠯ
ᠡᠬᠡ ᠡᠴᠡ ᠲᠥᠷᠥᠭᠰᠡᠨ ᠦ᠌ ᠬᠡᠷᠡᠭ ᠶᠠᠭᠤ ᠪᠣᠢ! ᠭᠡᠨ᠎ᠡ᠃

ᠡᠰᠡᠪᠡᠯ ᠵᠠᠷᠢᠮ ᠨᠢ ᠨᠢᠭᠡ ᠤᠳᠠᠭ᠎ᠠ
ᠡᠬᠢᠨ ᠦ᠌ ᠰᠢᠯᠦᠭ ᠢ᠋ᠶ᠋ᠡᠨ ᠡᠪᠯᠡᠭᠦᠯᠵᠦ ᠠᠪᠤᠭᠠᠳ
ᠣᠯᠠᠨ ᠤ᠋ ᠵᠠᠢᠳᠠᠭᠤ᠂ ᠲᠠᠮᠠᠬᠢ ᠰᠣᠷᠣᠵᠤ
ᠣᠨᠴᠠᠭᠠᠢ ᠳᠦᠷᠢ ᠭᠠᠷᠭᠠᠨ ᠰᠠᠭᠤᠭᠠᠳ

ᠪᠡᠶ᠎ᠡ ᠶ᠋ᠢᠨ ᠬᠥᠳᠡᠯᠮᠦᠷᠢ ᠶ᠋ᠢ ᠬᠠᠷ᠎ᠠ ᠠᠵᠢᠯ ᠭᠡᠨ᠎ᠡ
ᠪᠢᠰᠢᠳ ᠬᠥᠮᠦᠰ ᠢ᠋ ᠬᠠᠭᠠᠰ ᠰᠡᠳᠬᠢᠭᠴᠢ ᠭᠡᠨ᠎ᠡ᠃
| ᠨᠡᠭᠡᠷᠡᠨ ᠯᠡ ᠬᠥᠭᠡᠷᠦᠬᠦᠢ᠂ ᠵᠠᠯᠠᠭᠤ ᠨᠠᠰᠤᠨ ᠤ᠋
ᠨᠡᠷᠡᠯᠡᠵᠦ ᠪᠣᠯᠳᠠᠭ ᠦᠭᠡᠢ ᠡᠪᠡᠳᠴᠢᠨ ᠶᠤᠮ ᠳᠡ

ᠨᠢᠭᠡ ᠯᠡ ᠮᠡᠳᠡᠬᠦ ᠳ᠋ᠦ᠍ ᠥᠪᠡᠷ ᠢ᠋ᠶ᠋ᠡᠨ ᠤᠬᠠᠭᠠᠷᠠᠳᠠᠭ ᠭᠡᠵᠦ
ᠨᠡᠷᠮᠡᠵᠦ ᠥᠭᠳᠡᠭ ᠬᠥᠮᠦᠨ ᠴᠦ᠍ ᠪᠠᠢᠳᠠᠭ ᠭᠡᠨ᠎ᠡ᠃
ᠠᠶᠠᠨᠳᠠᠭᠠᠨ ᠲᠡᠳᠡᠨ ᠦ᠌《 ᠥᠪᠡᠷ ᠢ᠋ᠶ᠋ᠡᠨ ᠤᠬᠠᠭᠠᠷᠠᠬᠤ 》 ᠶ᠋ᠢ
ᠠᠯᠢ ᠪᠣᠯᠲᠠᠯ᠎ᠠ ᠬᠥᠨᠳᠡᠯᠡᠨ ᠡᠴᠡ ᠬᠠᠷᠠᠬᠤ ᠪᠣᠢ?

ᠠᠬᠢᠨ ᠣᠯᠳᠠᠳᠠᠭ ᠦᠭᠡᠢ ᠵᠠᠯᠠᠭᠤ ᠨᠠᠰᠤ ᠶ᠋ᠢ
ᠠᠰᠢᠭ ᠦᠭᠡᠢ ᠵᠠᠮ ᠢ᠋ᠶ᠋ᠠᠷ ᠬᠡᠴᠢᠨᠡᠭᠡᠨ ᠶᠠᠪᠤᠭᠤᠯᠬᠤ ᠪᠣᠢ?
ᠳᠠᠩ ᠤ᠋ᠨ ᠠᠴᠢᠶ᠎ᠠ ᠬᠠᠵᠠᠭᠠᠢ ᠠᠴᠢᠭᠳᠠᠪᠠᠯ
ᠲᠡᠷᠡ ᠳᠣᠣᠷ᠎ᠠ ᠨᠢ ᠵᠠᠰᠠᠵᠤ ᠠᠴᠢᠬᠤ ᠡᠴᠡ ᠪᠢᠰᠢ

ᠲᠡᠭᠡᠵᠦ ᠶᠠᠪᠤᠭᠠᠳ ᠲᠡᠭᠰᠢᠷᠡᠨ᠎ᠡ ᠪᠢᠵᠡ ᠭᠡᠳᠡᠭ
ᠲᠡᠨᠡᠭ ᠠᠶᠠᠨᠴᠢᠨ ᠪᠠᠢᠳᠠᠭ ᠭᠡᠵᠦ ᠤᠤ?
ᠵᠠᠯᠠᠭᠤ ᠨᠠᠰᠤᠨ ᠤ᠋ ᠦᠨᠡᠨ ᠵᠣᠪᠠᠯᠠᠩ ᠢ᠋
ᠵᠠᠢᠯᠠᠭᠤᠯ ᠭᠡᠵᠦ ᠬᠠᠢᠷᠠᠯᠠᠨ ᠮᠡᠳᠡᠪᠡᠯ

ᠡᠴᠢᠭᠡ ᠪᠤᠶᠤ ᠨᠥᠬᠥᠷ ᠦ᠋ᠨ ᠭᠠᠷ ᠢ᠋ᠶ᠋ᠠᠷ
ᠡᠷᠲᠡᠬᠡᠨ ᠲᠦᠰᠢᠬᠦ ᠬᠡᠷᠡᠭᠲᠡᠢ ᠪᠢᠰᠢ ᠤᠤ?
ᠥᠨᠳᠥᠷ ᠥᠭᠡᠳᠡ ᠬᠣᠭᠣᠰᠣᠨ ᠳᠡᠭᠦᠯᠢᠬᠦ
ᠥᠪᠡᠷ ᠢ᠋ᠶ᠋ᠡᠨ ᠬᠥᠭᠡᠷᠳᠡᠭ ᠪᠥᠮᠪᠥᠯᠢᠭ ᠪᠢᠰᠢ᠂

ᠨᠡᠢᠲᠡ ᠶ᠋ᠢᠨ ᠢᠵᠢᠯ ᠬᠥᠮᠦᠨ ᠪᠣᠯᠬᠤ ᠪᠠᠷ ᠢ᠋ᠶ᠋ᠠᠨ
ᠨᠡᠢᠭᠡᠮ| ᠣᠷᠴᠢᠨ ᠳ᠋ᠠᠭᠠᠨ ᠪᠠᠢᠷᠢ ᠪᠠᠨ ᠡᠵᠡᠯᠡᠵᠦ
ᠡᠭᠦᠷᠴᠦ ᠳᠠᠭᠠᠭᠠᠮ᠎ᠠ ᠦᠭᠡᠢ ᠠᠴᠢᠶ᠎ᠠ ᠭᠠᠷᠪᠠᠯ
ᠤᠭᠤᠴᠠ ᠨᠢᠷᠤᠭᠤ ᠪᠠᠨ ᠭᠠᠮᠨᠠᠬᠤ ᠦᠭᠡᠢ ᠪᠠᠢᠬᠤ ᠶ᠋ᠢ

ᠦᠨᠡᠨᠴᠢ ᠪᠡᠨ ᠰᠢᠯᠭᠠᠭᠤᠯᠬᠤ ᠬᠡᠷᠡᠭ ᠭᠠᠷᠪᠠᠯ
ᠤᠯᠠᠭᠠᠨ ᠴᠢᠰᠤ ᠪᠠᠨ ᠭᠡᠮᠨᠡᠬᠦ ᠦᠭᠡᠢ ᠪᠠᠢᠬᠤ ᠶ᠋ᠢ
ᠵᠠᠰᠠᠭ ᠲᠥᠷᠥ ᠲᠡᠢ᠂ ᠡᠬᠡ ᠣᠷᠣᠨ ᠲᠠᠢ
ᠵᠠᠯᠠᠭᠤ ᠨᠠᠰᠤ ᠲᠠᠢ᠂ ᠡᠷᠬᠡ ᠴᠢᠯᠥᠭᠡ ᠲᠡᠢ

ᠢᠷᠭᠡᠨ ᠬᠥᠮᠦᠨ ᠦ᠌ ᠭᠠᠪᠢᠶ᠎ᠠ ᠮᠥᠨ ᠭᠡᠵᠦ
ᠢᠳᠡᠷ ᠵᠠᠯᠠᠭᠤ ᠳ᠋ᠠᠭᠠᠨ ᠣᠢᠯᠠᠭᠠᠬᠤ ᠬᠡᠷᠡᠭᠲᠡᠢ!

ᠭᠡᠨᠡᠨ ᠰᠢᠯᠦᠭᠴᠢ ᠪᠡᠨ ᠠᠭᠤᠴᠢᠯᠠᠭᠠᠷᠠᠢ ᠲᠠ ᠮᠢᠨᠢ᠂
ᠭᠡᠨᠡᠳᠲᠡ ᠬᠥᠳᠡᠯᠦᠭᠰᠡᠨ ᠰᠡᠳᠬᠢᠯ ᠦ᠋ᠨ ᠳᠠᠭᠠᠤ ᠳ᠋ᠤ᠌
ᠭᠡᠮ ᠦᠭᠡᠢ ᠶᠠᠷᠢᠶ᠎ᠠ ᠳᠡᠯᠭᠡᠨ ᠰᠠᠭᠤᠵᠤ
ᠭᠡᠮᠲᠦᠭᠰᠡᠨ ᠬᠣᠶᠠᠷ ᠢ᠋ᠶ᠋ᠠᠨ ᠮᠠᠷᠲᠠᠬᠤ ᠨᠢ ᠪᠠᠢᠨ᠎ᠠ᠃

      ※※※

ᠠᠯᠠᠭ ᠨᠢᠳᠦᠨ ᠦ᠌ ᠵᠥᠭᠡᠯᠡᠨ ᠵᠣᠪᠬᠢ
ᠠᠭᠠᠵᠢᠮ ᠰᠤᠯᠠᠬᠠᠨ ᠨᠡᠭᠡᠭᠡᠭᠳᠡᠵᠦ ᠪᠠᠢᠨ᠎ᠠ᠂
ᠠᠶᠤᠵᠤ ᠭᠠᠢᠬᠠᠭᠰᠠᠨ ᠪᠦᠦᠳᠡᠭᠡᠷ ᠬᠠᠷᠠᠴᠠ
ᠠᠵᠢᠨ ᠳᠥᠵᠢᠨ ᠭᠥᠯᠢᠷᠡᠵᠦ ᠪᠠᠢᠨ᠎ᠠ!

ᠬᠦᠯᠢᠶᠡᠨ ᠬᠠᠷᠠᠬᠤ ᠨᠢᠳᠦᠨ ᠦ᠌ ᠴᠠᠭᠠᠨ᠎ᠠ
ᠭᠦᠷᠦᠮᠡᠯ ᠬᠠᠷᠠᠬᠠᠨ ᠭᠡᠵᠢᠭᠡᠨ ᠳᠡᠭᠡᠷ᠎ᠡ
ᠮᠥᠩᠬᠡ ᠰᠥᠨᠢ ᠶ᠋ᠢᠨ ᠨᠣᠢᠷ ᠡᠴᠡ ᠰᠡᠷᠡᠬᠦ ᠪᠡᠷ
ᠮᠥᠷᠥᠭᠡᠳᠦᠨ ᠪᠦᠬᠦᠢ ᠵᠠᠯᠠᠭᠤ ᠲᠠᠷᠢᠬᠢᠨ᠎ᠠ᠄

《ᠪᠢ ᠠᠮᠢᠳᠤ ᠪᠠᠢᠨ᠎ᠠ ᠤᠤ ᠳᠠ?》ᠭᠡᠰᠡᠨ
ᠪᠢᠲᠡᠭᠦᠦ ᠠᠰᠠᠭᠤᠯᠲᠠ ᠡᠬᠢᠯᠡᠨ ᠳᠠᠭᠤᠷᠢᠰᠴᠤ
| ᠵᠠᠮᠪᠠᠯ! ᠭᠡᠵᠦ ᠠᠷᠠᠢᠬᠠᠨ ᠰᠢᠪᠡᠭᠡᠨᠡᠯ᠎ᠡ᠁
ᠵᠠᠮᠪᠠᠭ᠎ᠠ ᠲᠡᠭᠡᠵᠦ ᠤᠬᠠᠭᠠᠨ ᠣᠷᠣᠯ᠎ᠠ᠁

《ᠡᠷᠭᠢᠨ ᠲᠣᠭᠣᠷᠢᠨ ᠴᠠᠪ ᠴᠠᠭᠠᠨ᠁
ᠡᠨᠡ ᠴᠢᠨᠢ᠁ ᠡᠪᠦᠯ ᠪᠣᠯᠴᠢᠬᠠᠭ᠎ᠠ ᠤᠤ ᠳᠠ?
ᠡᠯᠦᠢ ᠬᠤᠯᠤᠢ ᠴᠢᠪ ᠴᠢᠮᠡᠭᠡ ᠦᠭᠡᠢ ᠪᠠᠢᠬᠤ ᠴᠢᠨᠢ
ᠡᠬᠢᠨ ᠦ᠌ ᠬᠥᠭᠵᠢᠮ ᠲᠣᠭᠯᠠᠭᠠᠳ ᠳᠠᠭᠤᠰᠤᠭᠰᠠᠨ ᠤᠤ ᠳᠠ?

ᠬᠠᠮᠢᠭ᠎ᠠ ᠪᠢ ᠪᠠᠢᠭ᠎ᠠ ᠶᠤᠮ ᠪᠣᠯ
ᠬᠠᠭᠠᠯᠭ᠎ᠠ ᠳᠤᠤᠭᠠᠷᠪᠠ ᠤᠤ᠁ ᠬᠡᠨ ᠶᠤᠮ ᠪᠣᠯ?
ᠮᠠᠨ ᠤ᠋ ᠥᠷᠥᠭᠡ ᠯᠡ ᠪᠢᠰᠢ ᠰᠢᠭ ᠪᠠᠢᠨ᠎ᠠ
ᠮᠠᠭᠠᠳ ᠵᠠᠮᠪᠠᠯ ᠤ᠋ᠨ ᠬᠢ ᠶᠤᠮ ᠪᠣᠯ ᠤᠤ 》

ᠢᠩᠭᠢᠵᠦ ᠪᠣᠳᠣᠭᠠᠳ ᠵᠠᠮᠪᠠᠭ᠎ᠠ ᠮᠠᠨᠢ
ᠡᠷᠭᠢᠵᠦ ᠬᠠᠷᠠᠬᠤ ᠶ᠋ᠢ ᠬᠡᠴᠢᠨᠡᠭᠡᠨ ᠬᠦᠰᠡᠨ᠎ᠡ ᠪᠣᠢ!
ᠡᠩᠬᠦᠷᠡᠢ ᠵᠥᠭᠡᠯᠡᠨ ᠪᠡᠶ᠎ᠡ ᠴᠣᠭᠴᠠᠰ ᠨᠢ
ᠡᠯᠢᠭᠡᠨ ᠬᠠᠳᠠ ᠰᠢᠭ᠋ ᠬᠥᠰᠢᠭᠰᠡᠨ ᠢ᠋ ᠶᠠᠭᠠᠬᠢᠨ᠎ᠠ ᠪᠣᠢ!

ᠬᠥᠯ ᠦ᠋ᠨ ᠲᠦᠷᠭᠡᠨ ᠠᠯᠬᠤᠭ᠎ᠠ ᠣᠢᠷᠠᠲᠤᠯ᠎ᠠ
ᠬᠥᠩᠭᠡᠨ ᠢ᠋ᠶ᠋ᠡᠷ ᠰᠡᠭᠦᠷᠡᠰᠦ ᠠᠯᠳᠠᠬᠤ ᠰᠣᠨᠣᠰᠲᠠᠯ᠎ᠠ
ᠴᠢᠷᠠᠢ ᠵᠢᠰᠦ ᠶ᠋ᠢ ᠨᠢ ᠠᠵᠢᠭᠯᠠᠨ ᠪᠠᠢᠬᠤ ᠰᠢᠭ᠋····
ᠴᠠᠷᠪᠠᠭᠤ ᠰᠤᠳᠠᠰᠤ ᠶ᠋ᠢ ᠨᠢ ᠲᠡᠮᠲᠡᠷᠢᠨ ᠪᠠᠢᠬᠤ ᠰᠢᠭ᠋····

ᠨᠢᠳᠦ ᠪᠡᠨ ᠬᠦᠴᠦᠯᠡᠨ ᠨᠡᠭᠡᠭᠡᠯ᠎ᠡ ᠵᠠᠮᠪᠠᠭ᠎ᠠ
ᠨᠢᠭᠤᠷ ᠢ᠋ ᠨᠢ ᠰᠢᠷᠲᠡᠨ ᠲᠠᠨᠢᠯ᠎ᠠ ····ᠵᠠᠮᠪᠠᠯ⁈
ᠪᠢᠰᠢ ᠠ᠋···· ᠡᠨᠡ ᠴᠢᠨᠢ ᠡᠮᠡᠭᠲᠡᠢ ᠬᠥᠮᠦᠨ ᠪᠠᠢᠨ᠎ᠠ
ᠪᠢᠲᠡᠭᠦᠦ ᠴᠠᠭᠠᠨ ᠬᠤᠪᠴᠠᠰᠤ ᠲᠠᠢ ᠡᠮᠴᠢ ᠬᠥᠮᠦᠨ ᠪᠠᠢᠨ᠎ᠠ

| ᠵᠠᠢᠯᠠᠭᠤᠯ᠂ ᠳᠥᠷᠪᠡ ᠬᠣᠨᠣᠭᠠᠳ ᠰᠡᠬᠡᠯ᠎ᠡ ᠳᠡ
ᠵᠠᠯᠠᠭᠤ ᠬᠥᠮᠦᠨ ᠲᠤᠯᠠ ᠳ᠋ᠠᠭᠠᠨ ᠯᠠ ᠳᠠᠪᠠᠯ᠎ᠠ ᠳᠠ
ᠭᠡᠵᠦ ᠶᠠᠷᠢᠵᠤ ᠶ᠋ᠢ ᠨᠢ ᠵᠠᠮᠪᠠᠭ᠎ᠠ ᠣᠢᠯᠠᠭᠠᠯ᠎ᠠ
ᠭᠡᠷ ᠲᠡᠭᠡᠨ ᠪᠢᠰᠢ᠂ ᠡᠮᠨᠡᠯᠭᠡ ᠳ᠋ᠦ᠍ ᠪᠠᠢᠯ᠎ᠠ᠃

        2

ᠠᠷᠪᠠᠭᠠᠳ ᠬᠣᠨᠣᠭ ᠲᠡᠭᠦᠨ ᠡᠴᠡ ᠬᠣᠢᠰᠢ
ᠠᠰᠤᠷᠤ ᠤᠳᠠᠬᠤ ᠰᠢᠭ᠋ ᠥᠩᠭᠡᠷᠡᠵᠦ ᠶᠠᠳᠠᠭᠠᠳ
ᠠᠶᠤᠯ ᠣᠰᠣᠯ ᠵᠠᠮᠪᠠᠯ ᠤ᠋ᠨ ᠲᠤᠬᠠᠢ
ᠠᠮᠢᠲᠠᠨ ᠤ᠋ ᠶᠠᠷᠢᠶ᠎ᠠ ᠴᠤ᠌ ᠰᠢᠩᠭᠡᠷᠡᠵᠦ ᠤᠳᠤᠭᠠᠳ

ᠤᠴᠢᠷ ᠶᠠᠪᠤᠳᠠᠯ ᠢ᠋ ᠰᠢᠳᠬᠡᠬᠦ ᠪᠡᠷ ᠵᠥᠪᠬᠡᠨ
ᠠᠭᠤᠷ ᠤ᠋ᠨ ᠲᠡᠷᠭᠡᠨ ᠦ᠌ ᠺᠣᠮᠢᠰ ᠨᠤᠲᠠᠯᠠᠵᠤ
ᠤᠳᠠᠯ ᠦᠭᠡᠢ ᠲᠡᠭᠡᠭᠡᠳ ᠰᠡᠷᠭᠡᠢᠯᠡᠭᠴᠢᠳ
ᠤᠷᠢᠳᠴᠢᠯᠠᠭᠰᠠᠨ ᠪᠠᠢᠴᠠᠭᠠᠯᠲᠠ ᠪᠠᠨ ᠶᠠᠪᠤᠭᠤᠯᠤᠭ᠎ᠠ ᠯᠠ ᠪᠢᠵᠡ᠃

ᠮᠠᠭᠠᠳ ᠣᠨᠣᠭᠳᠠᠬᠤ ᠰᠢᠳᠬᠡᠯ ᠦ᠋ᠨ ᠲᠤᠬᠠᠢ ᠳ᠋ᠤ᠌
ᠮᠠᠨᠢ ᠵᠢᠷᠤᠭᠠᠴᠢ ᠦᠬᠦᠲᠡᠯ᠎ᠡ ᠪᠡᠨ ᠠᠶᠤᠨ᠎ᠠ
ᠮᠠᠨᠠᠷᠠᠭᠰᠠᠨ ᠨᠣᠢᠷ ᠢ᠋ᠶ᠋ᠠᠨ ᠵᠡᠭᠦᠳᠦᠯᠡᠨ ᠦᠷᠭᠦᠭᠡᠵᠦ
ᠮᠠᠷᠭᠠᠰᠢ ᠪᠦᠬᠦᠨ ᠢ᠋ ᠲᠦᠭᠰᠢᠨ ᠬᠦᠯᠢᠶᠡᠨ᠎ᠡ᠃

ᠠᠶᠤᠵᠤ ᠬᠦᠯᠢᠶᠡᠭᠰᠡᠨ ᠮᠠᠷᠭᠠᠰᠢ ᠭᠡᠭᠴᠢ ᠨᠢ
ᠠᠷᠠᠭ᠎ᠠ ᠰᠣᠶᠣᠭ᠎ᠠ ᠲᠠᠢ ᠠᠮᠢᠲᠠᠨ ᠰᠢᠭ᠋᠁
ᠠᠰᠠᠭᠤᠯᠲᠠ ᠶ᠋ᠢᠨ ᠴᠠᠭᠠᠨ᠎ᠠ ᠴᠡᠴᠡᠷᠡᠨ ᠰᠠᠭᠤᠬᠤ ᠳ᠋ᠠᠭᠠᠨ
ᠠᠮᠠᠷᠠᠭ ᠵᠠᠮᠪᠠᠭ᠎ᠠ ᠪᠠᠨ ᠴᠤ᠌ ᠮᠠᠷᠲᠠᠭᠰᠠᠨ ᠰᠢᠭ᠋᠁

《ᠵᠠᠮᠪᠠᠭ᠎ᠠ ᠴᠤ᠌ ᠶᠠᠭᠠᠬᠢᠬᠤ ᠪᠣᠢ᠂ ᠳᠥᠴᠢᠨ ᠶᠢᠰᠦ ᠮᠠᠨᠢ
ᠵᠠᠮ ᠤ᠋ᠨ ᠬᠠᠵᠠᠭᠤ ᠳ᠋ᠤ᠌ ᠰᠡᠭ ᠪᠣᠯᠤᠭᠰᠠᠨ ᠰᠢᠦ ᠳᠡ᠂
ᠤᠯᠤᠰ ᠤ᠋ᠨ ᠨᠢᠭᠤᠷ ᠳᠡᠭᠡᠷ᠎ᠡ ᠢᠩᠭᠢᠵᠦ ᠰᠢᠳᠬᠡᠭᠦᠯᠦᠭᠰᠡᠨ ᠡᠴᠡ
ᠤᠨᠠᠬᠤ ᠳ᠋ᠠᠭᠠᠨ ᠦᠬᠦᠴᠢᠬᠡᠬᠦ ᠦᠭᠡᠢ ᠶᠠᠭᠠᠬᠢᠪᠠ ᠠ᠋! 》ᠭᠡᠵᠦ

ᠪᠢᠲᠡᠭᠦᠦ ᠳ᠋ᠡᠭᠡᠨ ᠲᠡᠷᠡ ᠴᠢᠬᠤᠯᠳᠠᠨ ᠪᠠᠢᠪᠠᠴᠤ
ᠪᠡᠶ᠎ᠡ ᠨᠢ ᠡᠷᠡᠭᠦᠯ᠂ ᠨᠢᠭᠤᠷ ᠨᠢ ᠤᠷᠠᠩᠬᠠᠢ ᠭᠡᠨ᠎ᠡ
ᠥᠪᠡᠷ ᠢ᠋ ᠪᠡᠨ ᠲᠡᠷᠡ ᠴᠠᠭᠠᠳᠬᠠᠨ ᠪᠠᠢᠪᠠᠴᠤ
ᠡᠴᠢᠨᠡᠭᠡᠨ ᠠᠺᠲ ᠲᠠᠯᠪᠢᠭᠠᠰᠤᠲᠠᠢ ᠭᠡᠨ᠎ᠡ᠃

ᠪᠣᠯᠤᠭᠠᠳ ᠥᠩᠭᠡᠷᠡᠭᠰᠡᠨ ᠬᠡᠷᠡᠭ ᠦ᠋ᠨ ᠲᠥᠯᠥᠭᠡ
ᠪᠣᠷᠣ ᠵᠢᠷᠦᠬᠡ ᠪᠡᠨ ᠶᠠᠭᠤᠨ ᠳ᠋ᠤ᠌ ᠲᠠᠮᠤᠯᠠᠨ᠎ᠠ ᠪᠣᠢ?
ᠤᠷᠢᠳ ᠢ᠋ᠶ᠋ᠠᠷ ᠨᠢ ᠬᠠᠷᠠᠭ᠎ᠠ ᠦᠭᠡᠢ ᠪᠣᠯ ᠬᠣᠢᠨ᠎ᠠ ᠨᠢ ᠰᠤᠷᠤᠨ᠎ᠠ ᠪᠢᠵᠡ?
ᠤᠭ ᠨᠢ ᠵᠠᠮᠪᠠᠯ ᠲᠡᠢᠮᠦ ᠠᠶᠤᠮᠠᠬᠠᠢ ᠪᠢᠯᠡ ᠤᠤ?

ᠭᠠᠵᠠᠷ ᠤ᠋ᠨ ᠲᠣᠭᠣᠰᠣ ᠶ᠋ᠢ ᠪᠤᠰᠬᠠᠨ ᠪᠤᠰᠬᠠᠨ ᠳᠠᠪᠬᠢᠬᠤ ᠳ᠋ᠠᠭᠠᠨ
ᠭᠠᠷ ᠤ᠋ᠨ ᠬᠠᠭᠠᠵᠢ ᠪᠠᠨ ᠨᠡᠮᠡᠨ ᠨᠡᠮᠡᠨ ᠮᠤᠰᠬᠢᠬᠤ ᠳ᠋ᠠᠭᠠᠨ
ᠬᠡᠲᠦᠷᠬᠡᠢ ᠵᠣᠷᠢᠮᠠᠭ ᠴᠢᠷᠠᠢᠯᠠᠬᠤ ᠡᠴᠡ ᠪᠢᠰᠢ
ᠬᠡᠵᠢᠶ᠎ᠡ ᠯᠡ ᠵᠠᠮᠪᠠᠯ ᠠᠶᠤᠵᠤ ᠪᠠᠢᠯ᠎ᠠ ᠳᠠ !

ᠭᠡᠪᠡᠴᠦ ᠵᠣᠷᠢᠮᠠᠭ ᠤ᠋ᠨ ᠬᠢᠨᠢ ᠴᠠᠭᠠᠨ᠎ᠠ
ᠭᠡᠨᠡᠨ ᠨᠢᠭᠤᠷ ᠨᠢ ᠴᠡᠴᠡᠷᠡᠨ ᠳᠠᠭᠵᠢᠪᠠᠴᠤ
ᠬᠠᠢᠷᠠᠲᠤ ᠶ᠋ᠢᠨ ᠢ᠋ᠶ᠋ᠡᠨ ᠡᠮᠦᠨ᠎ᠡ ᠵᠣᠷᠢᠭᠲᠠᠨ ᠪᠣᠯᠬᠤ ᠭᠡᠵᠦ
ᠬᠠᠷᠠᠢᠯᠭᠠᠵᠤ ᠶᠠᠪᠤᠭᠰᠠᠨ ᠢ᠋ ᠬᠡᠨ ᠮᠡᠳᠡᠬᠦ ᠪᠣᠢ!

ᠣᠳᠣ ᠲᠡᠷᠡ᠂ ᠬᠠᠢᠷᠠᠲᠠᠢ ᠬᠥᠮᠦᠨ ᠨᠢ
ᠣᠷᠣ ᠳᠡᠭᠡᠷ᠎ᠡ ᠰᠤᠪᠢᠯᠠᠭᠤᠯᠵᠤ ᠪᠠᠢᠭ᠎ᠠ᠂
ᠣᠯᠠᠨ ᠤ᠋ ᠶᠣᠰᠣ ᠶ᠋ᠢ ᠪᠣᠳᠣᠭᠠᠳ ᠦᠵᠡᠭᠰᠡᠨ ᠴᠦ᠍
ᠣᠴᠢᠵᠤ ᠦᠵᠡᠬᠦ ᠦᠭᠡᠢ ᠪᠣᠯ ᠭᠣᠷᠢ ᠦᠭᠡᠢ ᠭᠡᠨ᠎ᠡ᠃

ᠶᠢᠰᠦᠨ ᠰᠠᠷ᠎ᠠ ᠶ᠋ᠢᠨ ᠳᠤᠮᠳᠠ ᠬᠢᠷᠢ ᠪᠡᠷ
ᠶᠡᠷᠦ ᠶ᠋ᠢᠨ ᠨᠢᠭᠡᠨ ᠰᠠᠢᠬᠠᠨ ᠣᠷᠣᠢ
ᠵᠠᠪ ᠭᠠᠷᠭᠠᠵᠤ᠂ ᠵᠠᠮᠪᠠᠯ
ᠵᠠᠮᠪᠠᠭ᠎ᠠ ᠪᠠᠨ ᠡᠷᠭᠢᠬᠦ ᠪᠡᠷ ᠶᠠᠪᠤᠯ᠎ᠠ᠃

ᠠᠶᠤᠯ ᠤᠨᠠᠯᠲᠠ᠂ ᠰᠢᠳᠬᠡᠯ ᠭᠡᠬᠦ ᠡᠴᠡ
ᠠᠯᠢᠪᠠ ᠪᠣᠳᠣᠯ ᠨᠢ ᠲᠦᠮᠡᠨ ᠴᠢᠯᠥᠭᠡ ᠦᠭᠡᠢ
ᠠᠶᠤᠨ ᠴᠡᠴᠡᠷᠡᠪᠡᠴᠦ᠂ ᠲᠡᠭᠦᠨ ᠦ᠌ ᠴᠠᠭᠠᠨ᠎ᠠ
ᠠᠯᠠᠭ ᠨᠢᠳᠦᠨ ᠦ᠌ ᠳᠥᠯᠭᠡᠨ ᠬᠠᠷᠠᠴᠠ

ᠬᠡᠵᠢᠶᠡᠳᠡ ᠲᠡᠭᠦᠨ ᠢ᠋ ᠬᠦᠰᠡᠨ ᠬᠦᠯᠢᠶᠡᠭᠰᠡᠭᠡᠷ
ᠬᠡᠪᠲᠡᠵᠦ ᠪᠠᠢᠭ᠎ᠠ ᠬᠥᠭᠡᠷᠦᠬᠦᠢ ᠬᠥᠮᠦᠨ᠂
ᠵᠠᠮᠪᠠᠭ᠎ᠠ ᠭᠡᠳᠡᠭ ᠡᠩᠬᠦᠷᠡᠢ ᠨᠡᠷ᠎ᠡ
ᠵᠠᠪᠠᠯ ᠨᠢᠭᠡ ᠬᠡᠷᠡᠯᠳᠦᠵᠦ ᠪᠠᠢᠭᠰᠠᠨ ᠪᠢᠵᠡ᠁

ᠵᠠᠮᠪᠠᠯ ᠴᠠᠭᠠᠨ ᠬᠠᠯᠠᠲ ᠨᠥᠮᠥᠷᠦᠭᠡᠳ
ᠵᠢᠭᠠᠬᠠᠨ ᠤᠯᠠᠢᠰᠬᠢᠭᠡᠳ ᠣᠷᠣᠵᠤ ᠢᠷᠡᠯ᠎ᠡ᠂
ᠵᠠᠮᠪᠠᠭ᠎ᠠ ᠨᠢᠭᠤᠷ ᠨᠢ ᠬᠦᠷᠲᠡᠯ᠎ᠡ ᠪᠣᠭᠣᠯᠲᠠᠲᠠᠢ
ᠵᠠᠢᠯᠠᠭᠤᠯ᠂ ᠬᠥᠳᠡᠯᠬᠦ ᠴᠦ᠍ ᠴᠢᠳᠠᠯ ᠦᠭᠡᠢ ᠤᠭᠲᠤᠯ᠎ᠠ᠃

ᠴᠠᠪ ᠴᠠᠭᠠᠨ ᠪᠣᠭᠣᠯᠲᠠ ᠶ᠋ᠢᠨ ᠴᠠᠭᠠᠨ᠎ᠠ ᠡᠴᠡ
ᠬᠠᠪ ᠬᠠᠷᠠᠬᠠᠨ ᠭᠡᠵᠢᠭᠡ ᠨᠢ ᠴᠤᠬᠤᠢᠵᠤ
ᠴᠢᠷᠠᠢ ᠵᠢᠰᠦ ᠨᠢ ᠳᠠᠯᠳᠠ ᠴᠦ᠍ ᠭᠡᠰᠡᠨ
ᠬᠠᠯᠠᠭᠤᠨ ᠤᠷᠤᠭᠤᠯ᠂ ᠬᠠᠢᠷᠠᠲᠠᠢ ᠨᠢᠳᠦ ᠨᠢ

ᠬᠠᠪᠤᠷ ᠤ᠋ᠨ ᠴᠠᠰᠤᠨ ᠡᠴᠡ ᠳᠥᠩᠭᠡᠵᠦ ᠴᠤᠬᠤᠢᠬᠤ
ᠬᠠᠷᠢᠭᠤ ᠦᠭᠡᠢ ᠨᠢᠯᠬ᠎ᠠ ᠢᠷᠭᠤᠢ ᠴᠡᠴᠡᠭ ᠰᠢᠭ᠋
ᠡᠭᠦᠨ ᠦ᠌ ᠳᠣᠲᠣᠷ᠎ᠠ ᠵᠠᠮᠪᠠᠭ᠎ᠠ ᠪᠣᠢ ᠭᠡᠵᠦ
ᠥᠭᠦᠯᠡᠨ ᠳᠠᠭᠤᠯᠠᠬᠤ ᠮᠡᠲᠦ ᠲᠤᠶᠠᠭᠠᠷᠠᠵᠤ ᠪᠠᠢᠨ᠎ᠠ᠂

ᠡᠨᠡ ᠨᠢᠳᠦ᠂ ᠡᠨᠡ ᠤᠷᠤᠭᠤᠯ
ᠡᠷᠡᠭᠦᠯ ᠪᠠᠢᠬᠤ ᠳ᠋ᠠᠭᠠᠨ ᠲᠡᠷᠡ ᠴᠣᠭᠴᠠᠰ
ᠡᠬᠢᠨ ᠦ᠌ ᠬᠠᠢᠷ᠎ᠠ ᠪᠠᠷ ᠵᠠᠮᠪᠠᠯ ᠤ᠋ᠨ ᠡᠩᠭᠡᠷ ᠲᠦ᠍
ᠡᠷᠬᠡᠯᠡᠨ ᠵᠡᠭᠦᠭᠳᠡᠭᠡᠳ ᠢᠨᠢᠶᠡᠵᠦ ᠪᠠᠢᠳᠠᠭ ᠰᠠᠨ᠁

        3

ᠠᠶᠤᠭᠠᠳ ᠶᠠᠭᠠᠬᠢᠬᠤ ᠪᠣᠢ ᠵᠠᠮᠪᠠᠯ ᠮᠢᠨᠢ
ᠠᠪᠢᠶᠠᠰ ᠴᠢᠳᠠᠯ᠂ ᠵᠠᠯᠠᠭᠤ ᠨᠠᠰᠤᠨ ᠳ᠋ᠤ᠌
ᠠᠵᠠ ᠮᠡᠳᠡᠨ ᠬᠠᠷᠠᠢᠯᠭᠠᠭᠰᠠᠨ ᠬᠥᠮᠦᠨ ᠳ᠋ᠦ᠍
ᠠᠯᠳᠠᠭ᠎ᠠ ᠭᠡᠳᠡᠭ ᠢᠩᠭᠢᠵᠦ ᠢᠷᠡᠳᠡᠭ ᠶᠤᠮ᠃

ᠪᠣᠳᠠᠲᠤ ᠣᠷᠴᠢᠯᠠᠩ ᠬᠥᠮᠦᠨ ᠢ᠋ ᠰᠢᠯᠭᠠᠵᠤ
ᠪᠣᠯᠤᠭᠰᠠᠨ ᠶᠠᠪᠤᠳᠠᠯ ᠨᠢᠭᠡ ᠶ᠋ᠢ ᠮᠡᠳᠡᠭᠦᠯᠵᠦ
ᠪᠡᠶ᠎ᠡ ᠪᠡᠨ ᠵᠠᠬᠢᠷᠴᠤ ᠭᠡᠮ ᠢ᠋ᠶ᠋ᠡᠨ ᠵᠠᠰᠠᠳᠠᠭ ᠢ᠋
ᠪᠢ ᠥᠪᠡᠷ ᠢ᠋ᠶ᠋ᠡᠨ ᠴᠦ᠍ ᠦᠵᠡᠭᠰᠡᠨ ᠶᠤᠮ ᠴᠢᠨᠢ᠁

ᠡᠮᠨᠡᠯᠭᠡ ᠳ᠋ᠦ᠍ ᠪᠠᠢᠭ᠎ᠠ ᠵᠠᠮᠪᠠᠭ᠎ᠠ ᠶ᠋ᠢᠨ ᠲᠤᠬᠠᠢ ᠳ᠋ᠤ᠌
ᠡᠳᠡᠭᠡᠷᠡᠵᠦ ᠬᠣᠵᠢᠮ ᠪᠣᠰᠤᠯ᠎ᠠ ᠴᠤ᠌ ᠭᠡᠰᠡᠨ
ᠡᠷᠡᠮᠳᠡᠭ ᠪᠣᠯᠵᠤ ᠦᠯᠡᠳᠡᠬᠦ ᠲᠤᠬᠠᠢ
ᠡᠮᠴᠢ ᠶ᠋ᠢᠨ ᠠᠺᠲ ᠭᠠᠷᠭᠠᠭᠠᠳ ᠢᠷᠡᠯ᠎ᠡ᠃

ᠢᠨᠠᠭ ᠵᠢᠭᠠᠬᠠᠨ ᠪᠦᠰᠡᠭᠦᠢ ᠶ᠋ᠢ ᠥᠮᠥᠭᠯᠡᠵᠦ
ᠶᠠᠮᠠᠷ ᠴᠤ᠌ ᠭᠡᠰᠡᠨ ᠬᠥᠮᠦᠰ ᠢ᠋ ᠬᠠᠮᠠᠭᠠᠯᠠᠵᠤ
ᠢᠯᠠᠭᠤᠭᠰᠠᠨ ᠲᠥᠷᠥ ᠶ᠋ᠢᠨ ᠨᠡᠷ᠎ᠡ ᠶ᠋ᠢᠨ ᠡᠮᠦᠨ᠎ᠡ ᠡᠴᠡ
ᠶᠠᠯ᠎ᠠ ᠶ᠋ᠢᠨ ᠲᠣᠭᠲᠠᠭᠠᠯ ᠤᠩᠰᠢᠬᠤ ᠴᠠᠭ ᠲᠤ᠌

ᠮᠠᠨᠢ ᠵᠢᠷᠤᠭᠠᠴᠢ ᠤᠷᠤᠭᠤ ᠴᠢᠷᠠᠢᠯᠠᠵᠤ
ᠮᠠᠯᠠᠭᠠᠢ ᠪᠠᠨ ᠠᠪᠴᠤ ᠨᠣᠮᠣᠬᠠᠨ ᠵᠣᠭᠰᠣᠭᠠᠳ
ᠮᠠᠭᠠᠳᠯᠠᠨ ᠬᠡᠯᠡᠯᠴᠡᠬᠦ ᠡᠳᠦᠷ ᠢ᠋ ᠬᠦᠷᠲᠡᠯ᠎ᠡ
ᠮᠠᠨ ᠤ᠋ ᠵᠢᠭᠰᠠᠭᠠᠯ ᠡᠴᠡ ᠲᠦᠷ ᠭᠠᠷᠤᠯ᠎ᠠ᠁

᠁ ᠁ ᠁
᠁ ᠁ ᠁

ᠤᠷᠠᠨ ᠵᠢᠷᠤᠭᠠᠴᠢ ᠳ᠋ᠤ᠌ ᠮᠥᠩᠬᠡᠳᠡ ᠵᠣᠷᠢᠭᠤᠯᠤᠭᠰᠠᠨ
ᠤᠶᠠᠨ ᠰᠡᠳᠬᠢᠯ ᠶᠠᠭᠤ ᠶ᠋ᠢ ᠪᠣᠳᠣᠨᠠᠮ ᠪᠣᠢ
ᠤᠩᠰᠢᠭᠴᠢ ᠮᠢᠨᠢ ᠣᠳᠣ ᠲᠠᠢᠰᠢ ᠪᠠᠨ ᠬᠠᠨᠳᠤᠶ᠎ᠠ
ᠤᠢᠳᠬᠠᠷ ᠭᠤᠨᠢᠭ ᠢ᠋ ᠨᠢ ᠬᠤᠪᠢᠶᠠᠯᠴᠠᠵᠤ ᠥᠭᠭᠦᠶ᠎ᠡ᠃

        4

ᠴᠡᠪᠡᠷ ᠴᠡᠮᠴᠡᠭᠡᠷ ᠥᠷᠥᠭᠡᠨ ᠳᠣᠲᠣᠷ᠎ᠠ
ᠴᠡᠩᠬᠡᠷ ᠨᠣᠣᠰᠣᠨ ᠬᠥᠨᠵᠢᠯᠡ ᠳᠣᠣᠷ᠎ᠠ
ᠰᠠᠮᠪᠠᠢ ᠳᠠᠪᠤᠤ ᠪᠠᠷ ᠪᠢᠲᠡᠭᠦᠦ ᠪᠣᠭᠣᠯᠭᠠᠭᠰᠠᠨ
ᠰᠠᠢᠬᠠᠨ ᠪᠦᠰᠡᠭᠦᠢ ᠬᠡᠪᠲᠡᠵᠦ ᠪᠠᠢᠨ᠎ᠠ᠃

ᠬᠠᠪᠤᠲᠠᠢ ᠴᠢᠭᠢᠷᠠᠭ ᠪᠡᠶ᠎ᠡ ᠶ᠋ᠢ ᠨᠢ ᠡᠪᠳᠡᠭᠰᠡᠨ
ᠬᠠᠯᠠᠭᠤᠨ ᠰᠢᠷᠬ᠎ᠠ ᠨᠤᠭᠤᠳ ᠠᠨᠠᠵᠤ ᠪᠠᠢᠪᠠᠴᠤ
ᠬᠠᠢᠷ᠎ᠠ ᠬᠦᠰᠡᠯ ᠦ᠋ᠨ ᠬᠢᠨᠢ ᠭᠠᠭᠴᠠᠬᠠᠨ ᠰᠢᠷᠬ᠎ᠠ
ᠬᠡᠵᠢᠶ᠎ᠡ ᠡᠳᠡᠭᠡᠬᠦ ᠶ᠋ᠢ ᠬᠡᠷᠬᠢᠨ ᠮᠡᠳᠡᠬᠦ ᠪᠣᠢ!

ᠬᠡᠢᠰᠪᠦᠷᠢ ᠵᠠᠯᠠᠭᠤ ᠶ᠋ᠢ ᠲᠡᠷᠡ ᠠᠭᠤᠴᠢᠯᠠᠪᠠᠴᠤ
ᠬᠡᠴᠢᠨᠡᠭᠡᠨ ᠤᠳᠠᠭ᠎ᠠ ᠭᠣᠮᠣᠳᠠᠯ ᠦᠭᠡᠢ ᠭᠡᠪᠡᠴᠦ
ᠬᠢᠭᠰᠡᠨ ᠬᠡᠷᠡᠭ ᠢ᠋ ᠨᠢ ᠤᠯᠤᠰ ᠬᠠᠷᠠᠵᠤ
ᠬᠢᠷᠢ ᠬᠡᠮᠵᠢᠶ᠎ᠡ ᠶ᠋ᠢ ᠨᠢ ᠬᠠᠤᠯᠢ ᠮᠡᠳᠡᠵᠦ

ᠵᠠᠮᠪᠠᠭ᠎ᠠ ᠮᠠᠨᠢ ᠵᠥᠪᠬᠡᠨ ᠰᠡᠳᠬᠢᠯ ᠳ᠋ᠡᠭᠡᠨ
ᠵᠠᠯᠠᠭᠤ ᠨᠠᠰᠤᠨ ᠤ᠋ ᠬᠠᠯᠠᠭᠤᠨ ᠢᠲᠡᠭᠡᠯ ᠳ᠋ᠡᠭᠡᠨ
ᠵᠢᠷᠭᠠᠯ ᠵᠣᠪᠠᠯᠠᠩ ᠢ᠋ᠶ᠋ᠠᠨ ᠡᠭᠦᠷᠢᠳᠡ ᠨᠢᠭᠡᠳᠬᠡᠭᠰᠡᠨ
ᠵᠠᠮᠪᠠᠯ ᠶᠤᠭᠠᠨ ᠥᠷᠥᠪᠳᠦᠨ ᠬᠣᠴᠣᠷᠴᠠᠢ᠃

ᠬᠣᠨᠣᠭ ᠪᠦᠬᠦᠨ ᠲᠡᠭᠦᠨ ᠦ᠌ ᠨᠠᠰᠤᠨ ᠡᠴᠡ
ᠬᠣᠷᠣᠭᠠᠵᠤ ᠶᠠᠪᠤᠭ᠎ᠠ ᠨᠢ ᠮᠡᠳᠡᠭᠡᠵᠢ ᠪᠣᠯᠬᠤ ᠪᠠᠷ
ᠬᠣᠩᠭᠣᠷ ᠨᠥᠬᠥᠳ ᠲᠡᠢ ᠪᠡᠨ ᠵᠡᠷᠭᠡᠴᠡᠨ ᠠᠯᠬᠤᠬᠤ
ᠴᠠᠭ ᠬᠤᠭᠤᠴᠠᠭ᠎ᠠ ᠪᠠᠨ ᠬᠠᠷᠠᠮᠰᠠᠨ ᠪᠣᠳᠣᠭᠰᠠᠭᠠᠷ᠁

ᠶᠠᠮᠠᠷ ᠴᠤ᠌ ᠭᠡᠰᠡᠨ ᠵᠡᠭᠦᠳᠦᠨ ᠳᠤᠮᠳᠠ ᠨᠢ
ᠢᠨᠠᠭ ᠤ᠋ᠨ ᠴᠢᠷᠠᠢ ᠭᠡᠷᠡᠯᠲᠦᠨ ᠠᠭᠤᠯᠵᠠᠵᠤ
ᠶᠠᠳᠠᠮᠠᠭ ᠲᠡᠭᠦᠨ ᠦ᠌ ᠬᠡᠪᠲᠡᠷᠢ ᠶ᠋ᠢᠨ ᠣᠷᠴᠢᠮ ᠢ᠋ᠶ᠋ᠠᠷ
ᠶᠠᠭ ᠦᠭᠡᠢ ᠬᠣᠨᠣᠭ ᠤ᠋ᠳ ᠢᠩᠭᠢᠵᠦ ᠤᠯᠠᠷᠢᠯ᠎ᠠ᠃

ᠡᠪᠡᠳᠴᠢᠨ ᠦ᠌ ᠬᠦᠨᠳᠦ ᠶ᠋ᠢ ᠪᠡᠶ᠎ᠡ ᠨᠢ ᠳᠠᠪᠠᠵᠤ
ᠥᠪᠡᠷ ᠦ᠋ᠨ ᠭᠤᠨᠢᠭ ᠢ᠋ ᠰᠡᠳᠬᠢᠯ ᠨᠢ ᠲᠤᠭᠤᠯᠵᠤ
ᠡᠪᠦᠯ ᠦ᠋ᠨ ᠰᠠᠷ᠎ᠠ ᠳᠠᠭᠤᠰᠬᠤ ᠳᠥᠭᠥᠬᠦ ᠳ᠋ᠦ᠍
ᠥᠷᠥᠭᠡᠨ ᠳᠣᠲᠣᠷ᠎ᠠ ᠪᠠᠨ ᠵᠠᠮᠪᠠᠭ᠎ᠠ ᠪᠣᠰᠤᠯ᠎ᠠ᠃

ᠡᠮᠴᠢ ᠶ᠋ᠢᠨ ᠭᠠᠷ ᠢ᠋ᠶ᠋ᠠᠷ ᠲᠦᠰᠢᠭᠦᠯᠦᠨ ᠪᠠᠢᠵᠤ
ᠡᠮᠨᠡᠯᠭᠡ ᠶ᠋ᠢᠨ ᠭᠠᠵᠠᠷ ᠤ᠋ᠨ ᠴᠡᠪᠡᠷᠬᠡᠨ ᠱᠠᠯᠠ ᠳᠡᠭᠡᠷ᠎ᠡ
ᠬᠥᠭᠵᠢᠮ ᠦ᠋ᠨ ᠠᠶ᠎ᠠ ᠪᠠᠷ ᠪᠥᠵᠢᠭᠯᠡᠵᠦ ᠶᠠᠪᠤᠭᠰᠠᠨ
ᠬᠥᠭᠡᠷᠦᠬᠦᠢ ᠬᠥᠯ ᠨᠢ ᠰᠤᠯᠠᠬᠠᠨ ᠭᠢᠰᠬᠢᠪᠡ᠁

ᠣᠷᠣ ᠶ᠋ᠢᠨ ᠲᠣᠯᠣᠭᠠᠢ ᠡᠴᠡ ᠳᠡᠭᠡᠭᠰᠢ ᠭᠠᠷᠴᠤ
ᠣᠷᠴᠢᠯᠠᠩ ᠢ᠋ ᠳᠠᠬᠢᠨ ᠴᠣᠩᠬᠣ ᠪᠠᠷ ᠬᠠᠷᠠᠭᠠᠳ
ᠠᠮᠢᠳᠤᠷᠠᠯ ᠤ᠋ᠨ ᠰᠠᠢᠬᠠᠨ ᠢ᠋ ᠳᠤᠷᠠᠰᠤᠨ ᠮᠡᠳᠡᠵᠦ
ᠠᠯᠠᠭ ᠵᠢᠷᠦᠬᠡ ᠨᠢ ᠰᠢᠷᠦᠭᠦᠨ ᠢ᠋ᠶ᠋ᠡᠷ ᠴᠣᠬᠢᠯᠠᠪᠠ᠃

《ᠲᠦᠷᠭᠡᠨ ᠰᠢᠭ ᠬᠡᠳᠦ ᠬᠣᠨᠣᠭ ᠥᠩᠭᠡᠷᠡᠪᠡᠯ
ᠲᠦᠰᠢᠭᠦᠯᠦᠯ ᠦᠭᠡᠢ ᠪᠡᠷ ᠪᠣᠰᠴᠤ ᠴᠢᠳᠠᠬᠤ ᠪᠠᠢᠯᠭᠦᠢ
ᠪᠤᠴᠠᠭᠠᠳ ᠬᠠᠪᠤᠷ ᠲᠣᠰᠬᠣᠨ ᠳ᠋ᠠᠭᠠᠨ ᠣᠴᠢᠨ᠎ᠠ
ᠪᠤᠭᠤᠷᠤᠯ ᠡᠵᠢ ᠶ᠋ᠢᠨ ᠮᠢᠨᠢ ᠰᠡᠳᠬᠢᠯ ᠴᠦ᠍ ᠠᠮᠠᠷᠠᠨ᠎ᠠ᠁

ᠮᠠᠢ ᠶ᠋ᠢᠨ ᠪᠠᠶᠠᠷ ᠤ᠋ᠨ ᠥᠷᠭᠡᠨ ᠵᠢᠭᠰᠠᠭᠠᠯ ᠳ᠋ᠤ᠌
ᠮᠠᠭᠠᠳ ᠣᠷᠣᠯᠴᠠᠨ ᠠᠯᠬᠤᠯᠠᠨ᠎ᠠ ᠳᠠ᠁? 》ᠭᠡᠵᠦ
ᠵᠠᠯᠠᠭᠤ ᠨᠠᠰᠤᠨ ᠤ᠋ ᠰᠠᠢᠬᠠᠨ ᠪᠦᠬᠦᠨ ᠢ᠋
ᠵᠠᠮᠪᠠᠭ᠎ᠠ ᠬᠡᠦᠬᠡᠨ ᠮᠥᠷᠥᠭᠡᠳᠦᠨ ᠰᠡᠳᠬᠢᠪᠡ᠃

ᠦᠢᠮᠡᠬᠦ ᠪᠣᠳᠣᠯ ᠤ᠋ᠨ ᠬᠢᠨᠢ ᠨᠢᠭᠡᠨ ᠥᠨᠴᠥᠭ ᠲᠦ᠍
ᠦᠯᠦ ᠠᠷᠢᠯᠬᠤ ᠶᠠᠭᠠᠨ ᠲᠤᠶᠠᠭ᠎ᠠ
ᠦᠦᠷ ᠦ᠋ᠨ ᠴᠣᠯᠮᠣᠨ ᠰᠢᠭ᠋ ᠲᠤᠶᠠᠭᠠᠷᠠᠵᠤ ᠪᠠᠢᠨ᠎ᠠ
ᠡᠭᠦᠷᠢᠳᠡ ᠶ᠋ᠢᠨ ᠶᠦ᠍ᠮ ᠰᠢᠭ ᠲᠠᠢᠪᠤᠩ ᠪᠠᠢᠨ᠎ᠠ᠃

ᠡᠨᠡ ᠪᠣᠯ ᠰᠡᠳᠬᠢᠯ ᠦ᠋ᠨ ᠬᠢᠨᠢ ᠣᠳᠣ
ᠡᠭᠡᠯ ᠲᠡᠭᠦᠨ ᠦ᠌ ᠢᠲᠡᠭᠡᠯ ᠦ᠋ᠨ ᠣᠳᠣ
ᠡᠬᠡ ᠳᠡᠯᠡᠬᠡᠢ ᠶ᠋ᠢᠨ ᠬᠠᠮᠢᠭ᠎ᠠ ᠨᠢ ᠴᠦ᠍ ᠭᠡᠰᠡᠨ
ᠡᠪᠡᠢᠯᠡᠵᠦ ᠰᠠᠨᠠᠬᠤ ᠵᠠᠮᠪᠠᠯ ᠨᠢ ᠮᠥᠨ᠃

        5

ᠲᠤᠩ ᠴᠠᠭᠠᠨ ᠳᠠᠬᠤ ᠪᠠᠨ ᠲᠠᠢᠯᠵᠤ
ᠳᠤᠯᠠᠭᠠᠨ ᠤ᠋ ᠤᠯᠠᠷᠢᠯ ᠳ᠋ᠤ᠌ ᠰᠡᠳᠬᠢᠯ ᠨᠢ ᠤᠶᠠᠷᠠᠵᠤ
ᠳᠤᠰᠤᠭᠠᠯ ᠤᠰᠤ ᠪᠠᠷ ᠤᠬᠢᠯᠠᠨ ᠢᠨᠢᠶᠡᠵᠦ᠂
ᠳᠠᠭᠤᠤ ᠪᠠᠨ ᠳᠠᠭᠤᠯᠠᠭᠰᠠᠭᠠᠷ ᠰᠡᠷᠡᠯ᠎ᠡ᠃

ᠪᠣᠷᠣ ᠪᠣᠯᠵᠣᠮᠣᠷ ᠴᠣᠩᠬᠣᠨ ᠳᠡᠭᠡᠷ᠎ᠡ
ᠪᠣᠳᠣᠯ ᠪᠣᠳᠣᠭᠰᠠᠨ ᠰᠢᠭ᠋ ᠬᠡᠰᠡᠭ ᠰᠠᠭᠤᠭᠰᠠᠨ ᠢ᠋ᠶ᠋ᠠᠨ
ᠥᠴᠦᠬᠡᠨ ᠬᠥᠪᠥᠩ ᠢ᠋ ᠣᠯᠵᠤ ᠵᠠᠭᠤᠭᠠᠳ
ᠡᠭᠦᠷ ᠢ᠋ᠶ᠋ᠡᠨ ᠵᠠᠰᠠᠬᠤ ᠪᠠᠷ ᠶᠠᠭᠠᠷᠠᠨ ᠨᠢᠰᠦᠯ᠎ᠡ

《ᠬᠥᠭᠡᠷᠦᠬᠦᠢ ᠰᠢᠪᠠᠭᠤᠬᠠᠢ ᠮᠥᠨ ᠴᠦ᠍ ᠡᠷᠡᠭᠦᠯᠬᠡᠨ
ᠬᠥᠬᠡ ᠲᠩᠷᠢ ᠮᠥᠨ ᠴᠦ᠍ ᠰᠠᠷᠠᠭᠤᠯᠬᠠᠨ
ᠲᠡᠭᠷᠢ ᠶ᠋ᠢᠨ ᠬᠦᠷᠢᠶᠡᠯᠡᠩ ᠳ᠋ᠦ᠍ ᠴᠤᠢᠯᠤᠨ ᠶᠠᠪᠤᠭ᠎ᠠ
ᠲᠡᠭᠦᠨ ᠳ᠋ᠦ᠍ ᠶᠠᠭᠠᠬᠢᠭᠰᠠᠨ ᠰᠠᠢᠬᠠᠨ ᠪᠠᠢᠭ᠎ᠠ ᠪᠣᠯ⁈ 》

ᠠᠯᠠᠭ ᠨᠢᠳᠦ ᠪᠡᠷ ᠢ᠋ᠶ᠋ᠡᠨ ᠪᠣᠯᠵᠣᠮᠣᠷ ᠤ᠋ᠨ ᠬᠣᠢᠨ᠎ᠠ ᠡᠴᠡ
ᠬᠥᠭᠡᠷᠦᠬᠦᠢ ᠪᠦᠰᠡᠭᠦᠢ ᠠᠲᠠᠭᠠᠷᠬᠠᠨ ᠰᠢᠷᠳᠡᠨ᠎ᠡ᠁
ᠠᠵᠢᠨ ᠪᠠᠭ᠎ᠠ ᠶ᠋ᠢᠨ ᠬᠥᠩᠭᠡᠨ ᠰᠢᠩᠭᠡᠨ ᠢ᠋ᠶ᠋ᠡᠨ ᠪᠣᠳᠣᠬᠤ ᠳ᠋ᠤ᠌
ᠬᠥᠳᠡᠭᠡ ᠨᠤᠲᠤᠭ ᠨᠢ ᠭᠡᠨᠡᠳᠲᠡᠬᠡᠨ ᠰᠠᠨᠠᠭᠳᠠᠨ᠎ᠠ᠃

《ᠠᠷᠤ| ᠤᠰᠤᠨ ᠤ᠋ ᠳᠡᠷᠡᠰᠦᠨ ᠳᠤᠮᠳᠠᠭᠤᠷ
ᠠᠯᠠᠭ ᠳᠠᠭ᠎ᠠ ᠰᠢᠭ᠋ ᠳᠡᠭᠳᠡᠵᠦ ᠶᠠᠪᠤᠬᠤ ᠳ᠋ᠤ᠌
ᠪᠣᠭᠣᠨᠢᠬᠠᠨ ᠦᠰᠦ ᠮᠢᠨᠢ ᠨᠠᠮᠢᠷᠠᠨ ᠬᠡᠢᠰᠴᠦ
ᠪᠣᠯᠵᠣᠮᠣᠷ ᠰᠢᠪᠠᠭᠤᠨ ᠡᠴᠡ ᠴᠤ᠌ ᠳᠤᠲᠠᠬᠤ ᠦᠭᠡᠢ ᠪᠠᠢᠵᠠᠢ᠁ 》

ᠢᠳᠡ ᠵᠠᠯᠠᠭᠤ ᠵᠠᠮᠪᠠᠭ᠎ᠠ ᠬᠡᠦᠬᠡᠨ
ᠡᠢᠮᠦ ᠰᠡᠳᠬᠢᠯ ᠢ᠋ᠶ᠋ᠡᠷ ᠢ᠋ᠶ᠋ᠡᠨ ᠬᠠᠪᠤᠷ ᠢ᠋ ᠤᠭᠲᠤᠵᠤ
ᠥᠷᠯᠥᠭᠡ ᠡᠴᠡ ᠡᠬᠢᠯᠡᠭᠡᠳ ᠴᠣᠩᠬᠣᠨ ᠤ᠋ ᠴᠠᠭᠠᠨ᠎ᠠ
ᠡᠳᠦᠷ ᠢ᠋ ᠳᠠᠭᠤᠰᠤᠨ ᠵᠣᠭᠰᠣᠳᠠᠭ ᠪᠣᠯᠤᠯ᠎ᠠ᠃

ᠬᠠᠢᠷᠠᠲᠠᠢ ᠡᠵᠢ ᠨᠢ ᠡᠷᠭᠢᠵᠦ ᠢᠷᠡᠬᠦ ᠳ᠋ᠦ᠍
ᠬᠠᠶᠠ ᠵᠠᠮᠪᠠᠯ ᠡᠴᠡ ᠰᠤᠷᠠᠭ ᠳᠤᠭᠤᠯᠳᠠᠨ᠎ᠠ᠂
ᠡᠷᠡᠭᠦᠯ ᠯᠡ ᠪᠣᠯ ᠶᠠᠭᠠᠮᠠᠢ ᠳᠠ ᠭᠡᠵᠦ
ᠡᠯᠢᠭᠡ ᠵᠢᠷᠦᠬᠡ ᠨᠢ ᠤᠶᠠᠷᠠᠨ ᠰᠡᠳᠬᠢᠨ᠎ᠡ᠃

ᠪᠠᠯᠴᠢᠷ ᠨᠠᠰᠤᠨ ᠤ᠋ ᠨᠠᠢᠵᠠ ᠥᠬᠢᠳ ᠨᠢ
ᠪᠠᠰᠠ ᠥᠪᠡᠷ ᠦ᠋ᠨ ᠬᠥᠭᠵᠢᠮᠴᠢᠳ ᠨᠢ
ᠪᠠᠭ᠎ᠠ ᠵᠠᠯᠠᠭᠤ ᠤᠳᠤᠷᠢᠳᠤᠭᠠᠴᠢ ᠪᠠᠨ
ᠪᠠᠢᠨ ᠪᠠᠢᠨ ᠡᠷᠭᠢᠵᠦ ᠢᠷᠡᠭᠰᠡᠭᠡᠷ

ᠠᠭᠤᠯᠠ ᠶ᠋ᠢᠨ ᠮᠣᠳᠣᠨ ᠳ᠋ᠤ᠌ ᠤᠨᠢᠶᠠᠷ ᠲᠠᠲᠠᠵᠤ
ᠤᠰᠤᠨ ᠤ᠋ ᠰᠢᠪᠠᠭᠤᠳ ᠭᠠᠩᠭᠠᠨᠠᠵᠤ ᠪᠠᠢᠬᠤ ᠳ᠋ᠤ᠌
ᠵᠠᠮᠪᠠᠭ᠎ᠠ ᠮᠠᠨᠢ ᠲᠣᠰᠬᠣᠨ ᠳ᠋ᠠᠭᠠᠨ ᠢᠷᠡᠵᠦ
ᠵᠠᠬ᠎ᠠ ᠶ᠋ᠢᠨ ᠪᠠᠢᠰᠢᠩ ᠤ᠋ᠨ ᠬᠠᠭᠠᠯᠭ᠎ᠠ ᠶ᠋ᠢ ᠲᠠᠲᠠᠯ᠎ᠠ

ᠵᠠᠬ᠎ᠠ ᠶ᠋ᠢᠨ ᠡᠨᠡ ᠪᠠᠢᠰᠢᠩ ᠳᠣᠲᠣᠷ᠎ᠠ
ᠵᠠᠰᠠᠭᠰᠠᠨ ᠣᠷᠣ ᠶ᠋ᠢᠨ ᠢ᠋ᠶ᠋ᠡᠨ ᠲᠣᠯᠣᠭᠠᠢ ᠲᠤᠰᠢᠶ᠎ᠠ
ᠵᠠᠮᠪᠠᠭ᠎ᠠ ᠪᠦᠰᠡᠭᠦᠢ ᠲᠡᠭᠰᠢ ᠶ᠋ᠢᠨ ᠵᠠᠬᠢᠶ᠎ᠠ ᠶ᠋ᠢ
ᠵᠠᠳᠠᠯᠵᠤ ᠪᠠᠢᠭᠰᠠᠨ ᠤᠳᠠᠭ᠎ᠠ ᠪᠣᠢ ᠪᠢᠯᠡ ᠤᠤ?

ᠬᠣᠨᠣᠭ ᠰᠠᠷ᠎ᠠ ᠤᠯᠠᠷᠢᠵᠤ ᠭᠠᠪᠢᠭ᠎ᠠ ᠦᠭᠡᠢ ᠴᠦ᠍
ᠬᠣᠩᠭᠣᠷ ᠰᠡᠳᠬᠢᠯ ᠶᠡᠬᠡ ᠶ᠋ᠢ ᠦᠵᠡᠵᠦ
ᠬᠣᠶᠠᠷ ᠭᠠᠷ ᠲᠠᠭᠠᠨ ᠰᠤᠭᠤ ᠲᠠᠶᠠᠭ ᠲᠠᠢ
ᠲᠡᠷᠡ ᠥᠷᠥᠭᠡᠨ ᠳ᠋ᠡᠭᠡᠨ ᠡᠷᠭᠢᠵᠦ ᠢᠷᠡᠯ᠎ᠡ!

ᠭᠤᠲᠤᠯ ᠤ᠋ᠨ ᠥᠨᠳᠥᠷ ᠥᠰᠥᠭᠡᠢ ᠳᠡᠭᠡᠷ᠎ᠡ
ᠶᠠᠪᠤᠭᠰᠠᠨ ᠲᠡᠷᠡ ᠡᠳᠦᠷ ᠦ᠋ᠳ
ᠭᠤᠨᠢᠭ ᠵᠣᠪᠠᠯᠠᠩ ᠢ᠋ ᠣᠭᠲᠣ ᠮᠡᠳᠡᠭᠡ ᠦᠭᠡᠢ
ᠭᠠᠩᠬᠤᠵᠤ ᠶᠠᠪᠤᠭᠰᠠᠨ ᠲᠡᠢᠮᠦ ᠨᠢᠭᠡᠨ ᠦᠶ᠎ᠡ ᠨᠦ᠍ᠭᠦᠳ᠃

ᠬᠠᠨᠢ ᠨᠥᠬᠥᠳ ᠦ᠋ᠨ ᠴᠣᠪᠣᠭᠣ ᠢᠨᠢᠶᠡᠳᠦ
ᠬᠠᠮᠲᠤᠷᠠᠨ ᠳᠠᠭᠤᠯᠠᠭᠰᠠᠨ ᠠᠮᠠᠷᠠᠭ ᠤ᠋ᠨ ᠳᠠᠭᠤᠤ
ᠬᠠᠷᠠᠩᠭᠤᠢ ᠰᠥᠨᠢ ᠶ᠋ᠢᠨ ᠬᠠᠯᠠᠭᠤᠨ ᠶᠠᠷᠢᠶ᠎ᠠ
ᠬᠠᠮᠤᠭ ᠤ᠋ᠨ ᠠᠩᠬᠠᠨ ᠤ᠋ ᠵᠥᠭᠡᠯᠡᠨ ᠦᠨᠦᠰᠦ᠃

ᠪᠠᠵᠠᠭᠠᠳ ᠬᠠᠶᠠᠭᠰᠠᠨ ᠳᠤᠷᠠᠯᠠᠯ ᠣᠨ ᠵᠤᠷᠪᠤᠰ
ᠪᠠᠶᠠᠷᠯᠠᠭᠠᠳ ᠤᠨᠠᠭᠠᠭᠰᠠᠨ ᠳᠤᠰᠤᠯ ᠨᠢᠯᠪᠤᠰᠤ
ᠶᠡᠷᠦ ᠨᠢ ᠡᠷᠡᠭᠦᠯ ᠰᠠᠷᠠᠭᠤᠯ ᠳ᠋ᠠᠭᠠᠨ ᠠᠮᠰᠠᠭᠰᠠᠨ
ᠣᠨ ᠣᠨᠴᠠᠭᠠᠢ ᠵᠦᠢᠯ ᠦ᠋ᠳ᠃

ᠣᠶᠣᠮᠠᠯ ᠲᠣᠷᠭᠠᠨ ᠬᠥᠰᠢᠭᠡᠨ ᠦ᠌ ᠴᠠᠭᠠᠵᠠ
ᠣᠷᠣ ᠶ᠋ᠢᠨ ᠡᠷᠢᠶᠡᠨ ᠪᠦᠲᠡᠭᠡᠯᠭᠡ ᠨᠢ ᠳᠣᠣᠷ᠎ᠠ ᠴᠤ᠌
ᠣᠢᠷᠠᠬᠠᠨ ᠭᠡᠭᠴᠢ ᠨᠢ ᠨᠢᠭᠤᠢᠬᠠᠨ
ᠣᠷᠣᠭᠠᠳ ᠢᠷᠡᠮᠡᠭᠴᠡ ᠰᠡᠳᠬᠢᠯ ᠨᠢ ᠬᠥᠳᠡᠯᠪᠡ᠃