ᠵᠠᠯᠠᠭᠤ ᠨᠠᠰᠤ02-ᠷ ∙ ᠴᠣᠢᠨᠣᠮ-ᠨᠠᠢᠷᠠᠭᠯᠠᠯЗалуу нас-Р.Чойном Zaluu nas-R.Choinom
ᠵᠠᠯᠠᠭᠤ ᠨᠠᠰᠤ02
ᠷ᠂ ᠴᠤᠢᠨᠥᠮ
ᠬᠣᠶᠠᠳᠤᠭᠠᠷ ᠪᠦᠯᠦᠭ
1
ᠶᠢᠰᠦᠳᠦᠭᠡᠷ ᠰᠠᠷ᠎ᠠ ᠴᠦ᠍ ᠭᠠᠷᠤᠯ᠎ᠠ
ᠶᠡᠷᠦ ᠨᠢ ᠯᠡ ᠨᠢᠭᠡ ᠰᠠᠢᠬᠠᠨ ᠨᠠᠮᠤᠷ ᠪᠠᠢᠯ᠎ᠠ᠃
ᠶᠢᠷᠲᠢᠨᠴᠦ ᠶ᠋ᠢᠨ ᠡᠨᠡᠬᠡᠨ ᠬᠡᠰᠡᠭ ᠲᠦ᠍ ᠯᠡ
ᠢᠷᠦᠭᠡᠯ ᠲᠡᠢ ᠬᠣᠶᠠᠷ ᠠᠭᠤᠯᠵᠠᠵᠤ ᠪᠠᠢᠮᠠᠷ
ᠠᠭᠤᠯᠠ ᠤᠰᠤ᠂ ᠤᠷᠭᠤᠮᠠᠯ ᠨᠣᠭᠣᠭ᠎ᠠ ᠨᠢ ᠴᠦ᠍
ᠤᠯᠠᠭ᠎ᠠ ᠪᠤᠲᠠᠷᠠᠭᠰᠠᠨ ᠰᠢᠨᠡᠬᠡᠨ ᠲᠣᠰᠬᠣᠨ ᠴᠤ᠌
ᠨᠡᠭᠡᠭᠡᠯᠲᠡᠲᠡᠢ ᠴᠣᠩᠬᠣ ᠴᠤ᠌ ᠲᠡᠭᠡᠵᠦ ᠰᠠᠨᠠᠭᠳᠠᠭᠤᠯᠤᠮᠠᠷ
ᠨᠡᠷ᠎ᠡ ᠦᠭᠡᠢ ᠭᠤᠳᠤᠮᠵᠢ ᠴᠤ᠌ ᠲᠡᠭᠡᠵᠦ ᠪᠣᠳᠣᠭᠳᠠᠭᠤᠯᠤᠮᠠᠷ᠁
ᠲᠡᠷᠡ ᠭᠤᠳᠤᠮᠵᠢ ᠪᠠᠷ ᠡᠳᠦᠷ ᠣᠷᠣᠢᠬᠠᠨ
ᠲᠡᠭᠰᠢ ᠬᠦᠦ ᠠᠯᠭᠤᠷ ᠠᠯᠬᠤᠨ᠎ᠠ᠂
ᠠᠵᠢᠯ ᠤ᠋ᠨ ᠲᠣᠮᠣ ᠰᠠᠪᠢᠬᠢᠨ ᠭᠤᠲᠤᠯ ᠢ᠋ᠶ᠋ᠠᠷ
ᠠᠯᠲᠠᠨ ᠳᠡᠯᠡᠬᠡᠢ ᠳ᠋ᠦ᠍ ᠮᠥᠷ ᠢ᠋ᠶ᠋ᠡᠨ ᠭᠠᠷᠭᠠᠨ᠎ᠠ᠃
ᠴᠢᠭᠢᠷᠠᠭ ᠨᠢᠭᠤᠷ ᠲᠤᠨᠢ ᠬᠥᠯᠥᠰᠥ ᠳᠠᠭᠠᠭᠠᠪᠤᠷᠢᠯᠠᠨᠠ
ᠴᠢᠮᠡᠭᠡ ᠪᠠᠭᠠᠲᠠᠢ ᠰᠡᠭᠦᠷᠡᠰᠦ ᠠᠯᠳᠠᠨ᠎ᠠ᠂
ᠭᠡᠷᠡᠯ ᠲᠡᠢ ᠪᠠᠢᠳᠠᠭ ᠨᠥᠭᠦᠭᠡ ᠴᠣᠩᠬᠣ ᠶ᠋ᠢ
ᠬᠡᠮᠲᠡᠢ ᠶᠤᠮ ᠰᠢᠭ ᠰᠡᠮᠬᠡᠨ ᠰᠢᠷᠲᠡᠨ᠎ᠡ᠁
《ᠳᠡᠯᠡᠬᠡᠢ ᠳᠡᠭᠡᠷ᠎ᠡ ᠲᠡᠭᠰᠢ ᠬᠦᠦ
ᠳᠠᠪ ᠳᠡᠮᠡᠢ ᠲᠥᠷᠥᠭᠰᠡᠨ ᠭᠡᠵᠦ ᠤᠤ?
ᠨᠠᠢᠪᠢ ᠪᠠᠷᠢᠭᠠᠳ ᠲᠣᠭᠣᠰᠬ᠎ᠠ ᠦᠷᠦᠬᠦ ᠳ᠋ᠡᠭᠡᠨ
ᠨᠡᠢᠲᠡ ᠶ᠋ᠢᠨ ᠲᠥᠯᠥᠭᠡ ᠪᠣᠳᠣᠳᠠᠭ ᠦᠭᠡᠢ ᠭᠡᠵᠦ ᠤᠤ?
ᠨᠡᠢᠲᠡ ᠶ᠋ᠢᠨ ᠳᠣᠲᠣᠷ᠎ᠠ ᠵᠠᠮᠪᠠᠭ᠎ᠠ ᠴᠢᠨᠦ
ᠠᠷᠢᠭᠤᠨ ᠳᠦᠷᠢ ᠴᠢᠨᠢ ᠪᠠᠭᠲᠠᠭᠰᠠᠨ ᠪᠢᠰᠢ ᠤᠤ?
ᠨᠡᠢᠯᠡᠬᠦ ᠶ᠋ᠢ ᠬᠦᠰᠡᠭᠰᠡᠨ ᠰᠡᠳᠬᠢᠯ ᠮᠢᠨᠢ
ᠠᠯᠠᠭ ᠨᠢᠳᠦ ᠶ᠋ᠢ ᠴᠢᠨᠢ ᠪᠠᠬᠠᠳᠤᠭᠰᠠᠨ ᠪᠢᠰᠢ ᠤᠤ?
ᠬᠠᠮᠤᠭ ᠤ᠋ᠨ ᠲᠦᠷᠦᠭᠦᠴᠢ ᠶ᠋ᠢᠨ ᠵᠢᠵᠢᠭᠬᠡᠨ ᠵᠤᠷᠪᠤᠰ ᠢ᠋
ᠬᠠᠷᠢᠭᠤᠴᠠᠵᠤ ᠬᠡᠨ ᠵᠠᠳᠠᠯᠤᠭᠰᠠᠨ ᠪᠢᠯᠡ?
ᠬᠠᠯᠠᠭᠤᠨ ᠬᠦᠰᠡᠯ ᠦ᠋ᠨ ᠮᠢᠨᠢ ᠬᠠᠷᠠᠮᠵᠢ ᠪᠣᠯᠭᠠᠵᠤ
ᠬᠠᠷᠢᠭᠤᠯᠤᠭᠰᠠᠨ ᠦᠭᠡ ᠴᠢᠨᠢ ᠬᠠᠮᠢᠭ᠎ᠠ ᠪᠠᠢᠨ᠎ᠠ ᠪᠣᠢ?
ᠣᠨᠴᠠᠯᠠᠵᠤ ᠦᠵᠡᠭᠰᠡᠨ ᠰᠡᠳᠬᠢᠯ ᠢ᠋ ᠳ᠋ᠦᠩᠨᠡᠬᠦ ᠳ᠋ᠡᠭᠡᠨ
ᠣᠯᠠᠨ ᠬᠣᠨᠣᠭ ᠤ᠋ᠨ ᠢᠲᠡᠭᠡᠯ ᠢ᠋ ᠱᠠᠩᠨᠠᠬᠤ ᠳ᠋ᠠᠭᠠᠨ
ᠲᠣᠪ ᠳᠤᠭᠤᠢ ᠢᠩᠭᠢᠭᠡᠳ ᠯᠡ ᠶᠠᠪᠤᠳᠠᠭ
ᠳᠤᠷ᠎ᠠ ᠰᠡᠳᠬᠢᠯ ᠭᠡᠵᠦ ᠪᠠᠢᠳᠠᠭ ᠶᠤᠮ ᠤᠤ?
ᠳᠤᠷ᠎ᠠ ᠰᠡᠳᠬᠢᠯ ᠴᠢᠨᠢ ᠥᠨᠥᠳᠥᠷ ᠦ᠋ᠨ ᠬᠤᠪᠢ ᠳ᠋ᠤ᠌
ᠪᠢᠰᠢ ᠶ᠋ᠢ ᠣᠨᠴᠠᠯᠠᠵᠤ ᠨᠠᠮᠠᠶ᠋ᠢ ᠮᠠᠷᠲᠠᠪᠠ ᠤᠤ?
ᠳᠤᠷᠠᠲᠠᠢ ᠵᠢᠷᠭᠠᠯ ᠢ᠋ᠶ᠋ᠠᠨ ᠮᠥᠷᠥᠭᠡᠰᠴᠦ ᠶᠠᠪᠤᠳᠠᠭ ᠪᠣᠯ
ᠪᠢ ᠲᠡᠭᠦᠨ ᠢ᠋ ᠪᠡᠶᠡᠯᠡᠭᠦᠯᠵᠦ ᠴᠢᠳᠠᠬᠤ ᠦᠭᠡᠢ ᠤᠤ⁈ 》
ᠪᠠᠢᠨ ᠪᠠᠢᠨ ᠢᠩᠭᠢᠵᠦ ᠪᠣᠳᠣᠭᠰᠠᠭᠠᠷ
ᠪᠠᠰᠠ ᠳᠠᠬᠢᠨ ᠡᠷᠭᠢᠵᠦ ᠬᠠᠷᠠᠭᠰᠠᠭᠠᠷ
ᠪᠠᠷᠢᠯᠭᠠᠴᠢᠨ ᠵᠠᠯᠠᠭᠤ ᠳᠤᠷᠠᠮᠵᠢᠬᠠᠨ ᠶᠠᠪᠤᠵᠤ
ᠪᠠᠢᠷᠢᠨ ᠤ᠋ ᠪᠠᠨ ᠡᠭᠦᠳᠡᠨ ᠳ᠋ᠦ᠍ ᠬᠦᠷᠦᠭᠡᠳ ᠢᠷᠡᠯ᠎ᠡ᠃
ᠥᠴᠦᠬᠡᠨ ᠴᠣᠣᠵᠢ ᠨᠢ ᠲᠦᠯᠬᠢᠭᠦᠷ ᠢ᠋ᠶ᠋ᠡᠨ ᠬᠦᠯᠢᠶᠡᠵᠦ
ᠥᠷᠯᠥᠭᠡᠨ ᠦ᠌ ᠣᠷᠬᠢᠭᠰᠠᠨ ᠲᠡᠷᠡ ᠯᠠ ᠶᠠᠩᠵᠤ ᠪᠠᠷ ᠢ᠋ᠶ᠋ᠠᠨ
ᠥᠷᠥᠭᠡ ᠲᠠᠰᠤᠯᠭ᠎ᠠ ᠨᠢ ᠲᠡᠭᠰᠢ ᠪᠡᠨ ᠬᠦᠯᠢᠶᠡᠵᠦ
ᠥᠭᠡᠷ᠎ᠡ ᠪᠣᠯᠤᠭᠰᠠᠨ ᠶᠠᠭᠤ ᠴᠤ᠌ ᠪᠠᠢᠬᠤ ᠪᠣᠢ ᠳᠠ᠁
ᠵᠠᠯᠠᠭᠤ ᠡᠷ᠎ᠡ ᠶ᠋ᠢᠨ ᠭᠠᠭᠴᠠ ᠪᠠᠷ ᠠᠮᠢᠳᠤᠷᠠᠯ
ᠵᠠᠷᠢᠮ ᠦᠶ᠎ᠡ ᠳ᠋ᠡᠭᠡᠨ ᠵᠢᠷᠭᠠᠯᠲᠠᠢ ᠪᠣᠯᠪᠠᠴᠤ
ᠡᠨᠡ ᠮᠡᠲᠦ ᠶ᠋ᠢᠨ ᠶᠠᠪᠤᠳᠠᠯ ᠲᠠᠢ ᠴᠠᠭ ᠢ᠋ᠶ᠋ᠠᠷ
ᠠ᠋ ᠳᠠ ᠶᠡᠷᠦ ᠨᠢ ᠲᠤᠰᠠ ᠦᠭᠡᠢ ᠪᠠᠢᠳᠠᠭ ᠰᠠᠨ᠁
2
ᠨᠡᠭᠡᠷᠡᠨ ᠰᠢᠦ ᠲᠠ ᠮᠢᠨᠢ᠂ ᠶᠣᠰᠣᠲᠠᠢ ᠳᠤᠷᠠᠯᠠᠯ
ᠨᠢᠭᠡ ᠯᠡ ᠰᠢᠳᠡᠵᠦ᠂ ᠨᠢᠭᠡ ᠳ᠋ᠦ᠍ ᠯᠡ ᠴᠢᠭᠯᠡᠳᠡᠭ ᠶᠤᠮ
ᠡᠭᠦᠪᠡᠷ ᠢ᠋ᠶ᠋ᠡᠨ ᠯᠡ ᠬᠥᠮᠦᠨ ᠭᠡᠳᠡᠭ ᠠᠮᠢᠲᠠᠨ ᠴᠢᠨᠢ
ᠦᠵᠡᠯ ᠰᠤᠷᠲᠠᠯ ᠨᠡᠷ᠎ᠡ ᠲᠥᠷᠥ ᠲᠡᠢ ᠶᠠᠪᠤᠳᠠᠭ ᠶᠤᠮ᠃
ᠲᠡᠭᠰᠢ ᠬᠦᠦ ᠵᠠᠮᠪᠠᠭ᠎ᠠ ᠬᠡᠦᠬᠡᠨ ᠢ᠋
ᠲᠡᠭᠡᠵᠦ ᠶᠡᠬᠡ ᠮᠥᠷᠥᠭᠡᠳᠳᠡᠭ ᠰᠢᠭ
ᠲᠠᠰᠢᠷᠠᠮ ᠳ᠋ᠤ᠌ ᠬᠡᠯᠡᠬᠦ ᠳ᠋ᠦ᠍ ᠪᠢ ᠴᠦ᠍ ᠭᠡᠰᠡᠨ
ᠳᠠᠰᠤᠭ᠎ᠠ ᠦᠭᠡᠢ ᠬᠥᠮᠦᠨ ᠳ᠋ᠦ᠍ ᠰᠡᠳᠬᠢᠯ ᠢ᠋ᠶ᠋ᠡᠨ ᠥᠭᠴᠦ
ᠬᠣᠨᠣᠭ ᠪᠠᠢᠲᠤᠭᠠᠢ ᠤᠯᠠᠷᠢᠯ ᠲᠣᠭᠠᠯᠠᠨ
ᠬᠣᠭᠣᠰᠣᠨ ᠬᠦᠯᠢᠶᠡᠭᠰᠡᠭᠡᠷ ᠴᠠᠭ ᠢ᠋ᠶ᠋ᠠᠨ ᠪᠠᠷᠠᠭᠰᠠᠨ ᠢ᠋
ᠬᠣᠲᠠ ᠶ᠋ᠢᠨ ᠲᠡᠷᠡ ᠨᠢᠭᠡ ᠬᠡᠦᠬᠡᠨ ᠦ᠌ ᠰᠡᠳᠬᠢᠯ
ᠬᠣᠵᠢᠮ ᠤ᠋ᠨ ᠡᠳᠦᠷ ᠳᠤᠷᠠᠰᠬᠤ ᠪᠣᠯ ᠤᠤ ᠳᠠ⁈
ᠲᠣᠭᠣᠷᠠᠭ ᠨᠢᠭᠤᠷ᠂ ᠪᠣᠷᠣᠬᠠᠨ ᠬᠠᠮᠠᠷ᠂
ᠲᠣᠷᠠᠭᠠᠷ ᠨᠢᠳᠦ᠂ ᠵᠤᠷᠠᠭᠠᠷ ᠬᠥᠮᠥᠰᠬᠡ᠂
ᠬᠠᠯᠠᠮᠵᠢ ᠲᠡᠭᠦᠰ ᠮᠢᠬᠠᠯᠢᠭ ᠤᠷᠤᠭᠤᠯ᠂
ᠬᠠᠯᠠᠭ ᠭᠡᠵᠦ! ᠶᠠᠭᠤᠲᠠᠢ ᠰᠠᠢᠬᠠᠨ ᠪᠣᠢ?
ᠤᠷᠤᠭᠤᠯ ᠠᠮᠠᠨ ᠤ᠋ ᠴᠢᠨᠢ ᠰᠠᠢᠬᠠᠨ ᠳ᠋ᠤ᠌ ᠠᠪᠲᠠᠭ᠎ᠠ ᠦᠭᠡᠢ
ᠤᠶᠠᠬᠠᠨ ᠰᠡᠳᠬᠢᠯ ᠢ᠋ᠶ᠋ᠡᠨ ᠴᠦ᠍ ᠢᠯᠡᠴᠢᠯᠡᠨ ᠳᠠᠪᠲᠠᠭᠠ ᠦᠭᠡᠢ
ᠡᠷᠬᠢᠮ ᠪᠦᠰᠡᠭᠦᠢ ᠶ᠋ᠢᠨ ᠳᠣᠲᠣᠷ᠎ᠠ᠂ ᠮᠢᠨᠦ ᠲᠤᠬᠠᠢ ᠳ᠋ᠤ᠌
ᠡᠨᠡ ᠰᠢᠯᠦᠭ ᠢ᠋ ᠤᠩᠰᠢᠬᠤ ᠳ᠋ᠠᠭᠠᠨ ᠨᠢᠭᠡ ᠪᠣᠳᠣᠬᠤ ᠪᠢᠵᠡ᠁
ᠲᠡᠷᠡ ᠬᠥᠮᠦᠨ ᠦ᠌ ᠵᠢᠷᠦᠬᠡᠨ ᠳ᠋ᠦ᠍ ᠣᠳᠣ ᠪᠠᠷ
ᠲᠡᠮᠳᠡᠭ ᠮᠥᠷ ᠮᠢᠨᠢ ᠦᠯᠡᠳᠡᠭᠡ ᠦᠭᠡᠢ ᠪᠠᠢᠬ᠎ᠠ᠁
ᠲᠡᠭᠰᠢ ᠶ᠋ᠢ ᠳᠤᠷᠠᠯᠠᠭᠤᠯᠤᠭᠰᠠᠨ ᠵᠠᠮᠪᠠᠭ᠎ᠠ ᠪᠦᠰᠡᠭᠦᠢ
ᠲᠡᠭᠡᠵᠦ ᠪᠠᠰᠠ ᠮᠠᠷᠲᠠᠭ᠎ᠠ ᠪᠣᠯ ᠤᠤ?
ᠮᠠᠭᠠᠳ ᠲᠠᠢ ᠬᠦᠰᠡᠯᠡᠩ᠂ ᠰᠣᠨᠢᠷᠬᠠᠯ ᠢ᠋ᠶ᠋ᠠᠨ ᠳᠠᠭᠠᠵᠤ
ᠮᠠᠷᠲᠠᠬᠤ ᠡᠰᠡᠬᠦ ᠲᠡᠭᠦᠨ ᠦ᠌ ᠬᠡᠷᠡᠭ ᠪᠢᠵᠡ᠃
ᠮᠠᠨᠢ ᠪᠦᠬᠦᠨ ᠰᠢᠭ ᠥᠪᠡᠷ ᠢ᠋ᠶ᠋ᠡᠨ ᠰᠢᠢᠳᠦᠭᠰᠡᠨ ᠪᠠᠢᠪᠠᠯ
ᠮᠠᠶᠢᠭᠲᠠᠢ ᠬᠥᠮᠦᠨ ᠭᠡᠵᠦ ᠬᠡᠨ ᠲᠡᠭᠦᠨ ᠢ᠋ ᠬᠡᠯᠡᠬᠦ ᠪᠣᠢ?
ᠬᠥᠳᠡᠭᠡ ᠨᠤᠲᠤᠭ ᠡᠴᠡ ᠵᠠᠮᠪᠠᠭ᠎ᠠ ᠶ᠋ᠢᠨ ᠡᠵᠢ
ᠬᠥᠰᠬᠡ ᠲᠡᠷᠭᠡ ᠲᠡᠢ ᠢᠷᠡᠭᠰᠡᠨ ᠭᠡᠨ᠎ᠡ ᠯᠡ᠂
ᠬᠦᠷᠭᠡᠨ ᠬᠦᠦ ᠲᠡᠢ ᠪᠣᠯᠤᠯ᠎ᠠ ᠭᠡᠵᠦ
ᠬᠥᠮᠦᠨ ᠠᠮᠢᠲᠠᠨ ᠳ᠋ᠤ᠌ ᠶᠠᠷᠢᠭᠰᠠᠨ ᠭᠡᠨ᠎ᠡ ᠯᠡ᠃
ᠬᠥᠨᠳᠡᠯᠡᠨ ᠦ᠌ ᠪᠢ ᠶᠠᠭᠤ ᠪᠠᠨ ᠮᠡᠳᠡᠬᠦ ᠪᠣᠢ
ᠬᠥᠭᠰᠢᠨ ᠡᠵᠢ ᠨᠢ ᠶᠠᠭᠤ ᠪᠠᠨ ᠠᠨᠳᠠᠬᠤ ᠪᠣᠢ?
ᠺᠯᠦ᠋ᠪ ᠲᠦ᠍ ᠣᠴᠢᠵᠤ ᠪᠠᠢᠷᠢ ᠶ᠋ᠢ ᠨᠢ ᠮᠡᠳᠡᠵᠡᠭᠡᠶᠡ
ᠬᠥᠰᠢᠭᠡ ᠨᠡᠭᠡᠭᠡᠬᠦ ᠳ᠋ᠦ᠍ ᠵᠠᠮᠪᠠᠭ᠎ᠠ ᠶ᠋ᠢ ᠬᠠᠷᠠᠵᠠᠭᠠᠶ᠎ᠠ᠃
※※※
ᠰᠠᠭᠤᠳᠠᠯ ᠳᠦᠭᠦᠷᠡᠩ ᠦᠵᠡᠭᠴᠢᠳ ᠢᠷᠠᠢᠵᠤ
ᠰᠤᠯᠠ ᠰᠠᠨᠳᠠᠯᠢ ᠶ᠋ᠢ ᠵᠠᠮᠪᠠᠯ ᠡᠵᠡᠯᠡᠭᠡᠳ
ᠠᠯᠢ ᠬᠡᠳᠦᠢᠨ᠂ ᠪᠢᠳᠡᠨ ᠡᠴᠡ ᠤᠷᠢᠲᠠᠵᠤ
ᠠᠩᠬᠢᠯ ᠪᠦᠰᠡᠭᠦᠢ ᠶ᠋ᠢ ᠠᠨᠳᠠᠯ ᠦᠭᠡᠢ ᠰᠢᠷᠳᠡᠨ᠎ᠡ᠃
ᠲᠠᠢᠵᠠᠨ ᠳᠡᠭᠡᠷᠡᠬᠢ ᠵᠠᠯᠠᠭᠤ ᠬᠡᠦᠬᠡᠨ
ᠲᠠᠢᠪᠤᠩ ᠪᠣᠯᠤᠭᠠᠳ ᠶᠡᠬᠡᠮᠰᠦᠭ ᠵᠣᠭᠰᠣᠨ᠎ᠠ᠂
ᠲᠠᠩᠬᠢᠯ ᠴᠢᠭᠢᠷᠠᠭ ᠭᠠᠷ ᠤ᠋ᠨ ᠬᠢᠨᠢ ᠠᠶ᠎ᠠ ᠪᠠᠷ
ᠲᠠᠩᠰᠤᠭ ᠳᠠᠭᠤᠯᠠᠯ ᠴᠢᠯᠥᠭᠡᠲᠡᠢ ᠬᠠᠩᠭᠢᠨᠠᠨ᠎ᠠ᠃
᠁ ᠦᠵᠡᠬᠦ ᠲᠠᠩᠬᠢᠮ ᠤ᠋ᠨ ᠵᠡᠷᠭᠡᠴᠡᠭᠰᠡᠨ ᠰᠠᠭᠤᠳᠠᠯ ᠡᠴᠡ
ᠦᠢ ᠣᠯᠠᠨ ᠤ᠋ ᠰᠢᠷᠳᠡᠭᠰᠡᠨ ᠪᠠᠢᠳᠠᠯ ᠡᠴᠡ
ᠡᠨᠡ ᠲᠣᠭᠯᠠᠯᠲᠠ ᠰᠠᠢᠬᠠᠨ ᠪᠣᠯᠤᠭᠰᠠᠨ ᠨᠢ
ᠢᠪ ᠢᠯᠡᠬᠡᠨ ᠬᠠᠷᠠᠭᠳᠠᠵᠤ ᠪᠠᠢᠨ᠎ᠠ᠃
ᠬᠠᠯᠠᠭᠤᠨ ᠵᠠᠯᠠᠭᠤᠰ ᠨᠢᠳᠦ ᠪᠡᠨ ᠪᠦᠯᠲᠡᠢᠵᠦ
ᠬᠠᠯᠵᠠᠨ ᠬᠥᠮᠦᠨ ᠳᠤᠬᠤ ᠪᠠᠨ ᠠᠷᠴᠢᠵᠤ
ᠬᠠᠷᠢᠮᠠᠯ ᠬᠥᠮᠦᠨ ᠰᠠᠬᠠᠯ ᠢ᠋ᠶ᠋ᠠᠨ ᠢᠮᠡᠷᠴᠦ
ᠬᠠᠮᠤᠭ ᠣᠯᠠᠨ ᠢ᠋ᠶ᠋ᠠᠷ ᠢᠨᠢᠶᠡᠮᠰᠦᠭᠯᠡᠨ᠎ᠡ
ᠤᠤᠯᠭᠠᠴᠢ ᠠᠪᠠᠭᠠᠢ᠂ ᠳᠡᠷᠭᠡᠳᠡᠬᠢ ᠬᠥᠮᠦᠨ ᠢ᠋ᠶ᠋ᠡᠨ
ᠤᠳᠠᠭ᠎ᠠ ᠳᠠᠷᠠᠭᠠᠯᠠᠨ ᠶᠣᠪᠣᠷᠤᠭᠰᠠᠭᠠᠷ ᠰᠠᠭᠤᠨ᠎ᠠ᠂
ᠤᠴᠢᠷ ᠦᠭᠡᠢ ᠴᠢᠩᠭ᠎ᠠ ᠢᠨᠢᠶᠡᠬᠦ ᠭᠡᠬᠦ ᠳ᠋ᠦ᠍ᠨᠢ
ᠤᠯᠤᠰ ᠤ᠋ᠳ ᠲᠡᠭᠦᠨ ᠢ᠋《ᠴᠢᠮᠡᠭᠡ ᠦᠭᠡᠢ》ᠭᠡᠨ᠎ᠡ᠃
ᠦᠶᠡᠷ ᠪᠣᠷᠣᠭ᠎ᠠ ᠰᠢᠭ᠋ ᠱᠤᠤᠭᠢᠵᠤ ᠪᠠᠢᠭ᠎ᠠ
ᠦᠵᠡᠬᠦ ᠲᠠᠩᠬᠢᠮ ᠤ᠋ᠨ ᠠᠯᠠᠭ᠎ᠠ ᠲᠠᠰᠢᠯᠲᠠ ᠳ᠋ᠤ᠌
ᠡᠷᠭᠦᠭᠦᠯᠵᠦ ᠶᠠᠪᠤᠭ᠎ᠠ ᠵᠢᠭᠠᠬᠠᠨ ᠵᠢᠭᠠᠯ ᠤ᠋ᠨ
ᠥᠴᠦᠬᠡᠨ ᠭᠠᠷ ᠴᠤ᠌ ᠣᠷᠣᠯᠴᠠᠵᠤ ᠪᠠᠢᠨ᠎ᠠ᠁
ᠲᠣᠭᠯᠠᠯᠲᠠ ᠳᠠᠭᠤᠰᠤᠭᠠᠳ ᠵᠠᠮᠪᠠᠭ᠎ᠠ ᠮᠠᠨᠢ
ᠲᠣᠯᠣᠭᠠᠢ ᠪᠥᠬᠥᠢᠨ ᠶᠣᠰᠣᠯᠠᠵᠤ ᠪᠠᠢᠨ᠎ᠠ᠂
ᠲᠣᠷᠮᠣᠭᠣᠷ ᠨᠢᠳᠦ ᠨᠢ ᠵᠠᠮᠪᠠᠯ ᠤᠷᠤᠭᠤ
ᠰᠡᠮᠬᠡᠨ ᠬᠠᠷᠠᠭᠠᠳ ᠪᠤᠯᠲᠠᠵᠤ ᠪᠠᠢᠨ᠎ᠠ᠃
※※※
ᠬᠥᠮᠦᠰ ᠲᠠᠷᠠᠵᠤ ᠵᠠᠮᠪᠠᠭ᠎ᠠ ᠴᠤ᠌ ᠭᠠᠷᠬᠤ ᠨᠢ
ᠬᠦᠯᠢᠶᠡᠵᠡᠨᠡᠵᠦ ᠪᠠᠰᠠ ᠲᠠᠢᠰᠢ ᠪᠠᠨ ᠬᠠᠷᠠᠬᠤ ᠨᠢ᠁
《ᠬᠦᠷᠭᠡᠨ ᠬᠦᠦ》ᠶ᠋ᠢᠨ ᠳᠥᠴᠢᠨ ᠶᠢᠰᠦ
ᠬᠦᠷᠭᠡᠭᠡᠳ ᠥᠭᠬᠦ ᠨᠢ ᠮᠠᠭᠠᠳ ᠪᠢᠵᠡ ᠠ᠋᠃
3
ᠵᠤᠨ| ᠨᠠᠮᠤᠷ ᠤ᠋ᠨ ᠵᠠᠭᠠᠭ ᠲᠤ᠌ ᠪᠠᠢᠳᠠᠭ
ᠵᠤᠭ᠎ᠠ ᠲᠠᠲᠠᠭᠰᠠᠨ ᠰᠠᠢᠬᠠᠨ ᠣᠷᠣᠢ
ᠵᠢᠷᠭᠤᠭᠠᠨ ᠴᠠᠭ ᠥᠩᠭᠡᠷᠡᠵᠦ ᠪᠠᠢᠨ᠎ᠠ
ᠵᠢᠷᠤᠭᠠᠴᠢ ᠶ᠋ᠢᠨ ᠴᠣᠩᠬᠣ ᠣᠩᠭᠣᠷᠬᠠᠢ ᠪᠠᠢᠨ᠎ᠠ᠃
ᠣᠩᠭᠣᠷᠬᠠᠢ ᠴᠣᠩᠬᠣᠨ ᠤ᠋ ᠵᠥᠭᠡᠯᠡᠨ ᠰᠠᠯᠬᠢᠨ ᠳ᠋ᠤ᠌
ᠣᠷᠣᠢ ᠶ᠋ᠢᠨ ᠬᠣᠭᠣᠯᠠ ᠪᠠᠨ ᠢᠳᠡᠵᠦ ᠰᠠᠭᠤᠭ᠎ᠠ
ᠵᠠᠯᠠᠭᠤ ᠵᠢᠷᠤᠭᠠᠴᠢ ᠲᠠᠢ ᠮᠥᠷᠥ ᠵᠡᠷᠭᠡᠴᠡᠨ
ᠵᠠᠮᠪᠠᠭ᠎ᠠ ᠬᠡᠦᠬᠡᠨ ᠢᠨᠢᠶᠡᠵᠦ ᠰᠠᠭᠤᠨ᠎ᠠ᠃
ᠠᠯᠠᠭ ᠵᠢᠷᠦᠬᠡᠨ ᠳ᠋ᠡᠭᠡᠨ ᠲᠡᠭᠦᠨ ᠢ᠋ ᠵᠥᠪᠰᠢᠶᠡᠷᠡᠵᠦ
ᠠᠮᠢᠳᠤᠷᠠᠯ ᠳᠤᠮᠳᠠ ᠪᠠᠨ ᠲᠦᠰᠢᠬᠦ ᠶ᠋ᠢ ᠰᠢᠢᠳᠴᠦ
ᠠᠩᠬᠠᠨ ᠤ᠋ ᠮᠡᠨᠳᠦ ᠡᠴᠡ ᠥᠨᠥ ᠶ᠋ᠢ ᠬᠦᠷᠲᠡᠯ᠎ᠡ
ᠠᠯᠢᠶᠠᠯᠠᠵᠤ ᠨᠠᠷᠭᠢᠭᠰᠠᠭᠠᠷ ᠠᠢᠬᠤᠪᠲᠤᠷ ᠳᠠᠰᠬᠤ ᠳ᠋ᠠᠭᠠᠨ
ᠬᠥᠭᠵᠢᠯᠲᠡᠢ ᠬᠥᠭᠡᠷᠦᠬᠦᠨ ᠵᠠᠮᠪᠠᠭ᠎ᠠ ᠮᠠᠨᠢ
ᠬᠥᠭᠵᠢᠮ ᠬᠥᠲᠥᠯᠦᠭᠴᠢ ᠶ᠋ᠢᠨ ᠬᠤᠪᠢ ᠪᠠᠷ ᠪᠢᠰᠢ
ᠬᠥᠳᠡᠭᠡ ᠥᠰᠦᠭᠡᠳ ᠬᠣᠲᠠ ᠳ᠋ᠤ᠌ ᠳᠠᠰᠤᠭᠰᠠᠨ
ᠬᠥᠭᠡᠷᠦᠬᠦᠢ ᠬᠣᠩᠭᠣᠷ ᠰᠡᠳᠬᠢᠯ ᠦ᠋ᠨ ᠢ᠋ᠶ᠋ᠡᠨ ᠬᠤᠪᠢ ᠪᠠᠷ
ᠠᠭᠠᠰᠢ ᠵᠠᠩ ᠤ᠋ᠨ ᠤᠷᠢᠬᠠᠨ ᠪᠦᠬᠦᠨ ᠢ᠋ᠶ᠋ᠡᠨ ᠴᠦ᠍
ᠠᠷᠪᠠᠨ ᠶᠢᠰᠦᠲᠡᠢ ᠲᠤᠷᠢᠬᠠᠨ ᠪᠡᠶ᠎ᠡ ᠪᠡᠨ ᠴᠦ᠍
ᠠᠬᠤᠢ ᠬᠦᠰᠡᠯ ᠦ᠋ᠨ ᠠᠮᠢᠨᠴᠢᠬᠠᠨ ᠵᠦᠢᠯ ᠢ᠋ᠶ᠋ᠡᠨ ᠴᠦ᠍
ᠠᠮᠠᠷᠠᠭ ᠵᠠᠯᠠᠭᠤ ᠳ᠋ᠠᠭᠠᠨ ᠪᠦᠷᠢᠨ ᠵᠣᠷᠢᠭᠤᠯᠵᠠᠢ᠃
ᠡᠷᠬᠢᠮ ᠤᠩᠰᠢᠭᠴᠢ ᠬᠡᠵᠢᠶ᠎ᠡ ᠭᠡᠰᠡᠨ ᠴᠦ᠍
ᠡᠩᠬᠦᠷᠡᠢ ᠰᠡᠳᠬᠢᠯ᠂ ᠬᠠᠢᠷ᠎ᠠ ᠶ᠋ᠢᠨ ᠬᠦᠴᠦᠨ ᠳ᠋ᠦ᠍
ᠵᠠᠯᠠᠭᠤᠬᠠᠨ ᠢᠨᠠᠭ ᠢ᠋ᠶ᠋ᠠᠨ ᠢᠯᠪᠢᠩᠭᠡᠨ ᠰᠠᠭᠤᠬᠤ ᠳ᠋ᠠᠭᠠᠨ
ᠵᠠᠮᠪᠠᠭ᠎ᠠ ᠡᠴᠡ ᠠᠶᠠᠭᠦᠢ ᠪᠣᠯ ᠢᠯᠡᠭᠦᠦ ᠪᠠᠢᠭᠰᠠᠨ ᠪᠢᠵᠡ᠂
ᠤᠷᠠᠯᠢᠭ ᠤ᠋ᠨ ᠰᠤᠷᠭᠠᠭᠤᠯᠢ ᠶ᠋ᠢᠨ ᠰᠢᠷᠡᠭᠡᠨ ᠳᠡᠭᠡᠷ᠎ᠡ ᠴᠦ᠍
ᠤᠰᠤᠨ ᠮᠥᠷᠡᠨ ᠦ᠌ ᠰᠢᠷᠢᠩᠭᠢᠨ ᠳᠡᠭᠡᠷ᠎ᠡ ᠴᠦ᠍
ᠤᠷᠢᠨ ᠴᠠᠭ ᠤ᠋ᠨ ᠰᠥᠨᠢ ᠳᠦᠯᠢ ᠪᠡᠷ ᠴᠦ᠍
ᠤᠨᠲᠠᠬᠤ ᠨᠣᠢᠷ᠂ ᠵᠡᠭᠦᠳᠦᠨ ᠦ᠌ ᠭᠦᠨ ᠢ᠋ᠶ᠋ᠡᠷ ᠴᠦ᠍
ᠪᠡᠶ᠎ᠡ ᠲᠥᠯᠵᠢᠨ ᠤᠬᠠᠭᠠᠨ ᠰᠠᠭᠤᠵᠤ
ᠪᠢᠰᠢ ᠶ᠋ᠢ ᠮᠥᠷᠥᠭᠡᠳᠬᠦ ᠰᠡᠭᠡᠭᠡ ᠣᠷᠣᠵᠤ
ᠢᠳᠡ ᠲᠤᠶᠠᠭᠠᠷᠠᠭᠰᠠᠨ ᠪᠦᠰᠡᠭᠦᠢ ᠶ᠋ᠢᠨ ᠰᠡᠳᠬᠢᠯ
ᠡᠢᠮᠦ ᠦᠶ᠎ᠡ ᠶ᠋ᠢ ᠬᠡᠴᠢᠨᠡᠭᠡᠨ ᠬᠦᠰᠡᠭᠰᠡᠨ ᠪᠣᠢ⁈
ᠮᠥᠨ ᠢ᠋ᠶ᠋ᠡᠨ ᠣᠯᠤᠭᠰᠠᠨ ᠬᠠᠢᠷ᠎ᠠ ᠶ᠋ᠢᠨ ᠳᠡᠷᠭᠡᠳᠡ
ᠮᠥᠩᠭᠥᠨ ᠪᠠᠭᠤᠪᠴᠢ ᠶᠠᠭᠤ ᠶᠤᠮ ᠪᠣᠢ?
ᠮᠥᠩᠬᠡ ᠶ᠋ᠢᠨ ᠡᠢᠮᠦ ᠵᠢᠷᠭᠠᠯ ᠤ᠋ᠨ ᠳᠡᠷᠭᠡᠳᠡ
ᠠᠯᠲᠠᠨ ᠪᠥᠭᠡᠵᠢ ᠪᠡᠷ ᠴᠦ᠍ ᠶᠠᠭᠤ ᠪᠠᠨ ᠬᠢᠬᠦ ᠪᠣᠢ?
ᠠᠮᠠᠷᠠᠭᠯᠠᠨ ᠴᠡᠩᠭᠡᠵᠦ᠂ ᠠᠮᠢᠳᠤᠷᠠᠨ ᠵᠢᠷᠭᠠᠬᠤ
ᠠᠵᠠᠲᠠᠢ ᠲᠥᠷᠥᠭᠰᠡᠨ ᠬᠥᠮᠦᠨ ᠦ᠌ ᠦᠷ᠎ᠡ ᠭᠡᠵᠦ
ᠠᠩᠬᠢᠯ ᠪᠦᠰᠡᠭᠦᠢ ᠥᠪᠡᠷ ᠲᠡᠭᠡᠨ ᠪᠡᠶᠡᠰᠴᠦ
ᠠᠭᠤᠤ ᠪᠦᠬᠦᠨ ᠢ᠋ᠶ᠋ᠡᠷ ᠥᠨᠢ ᠶ᠋ᠢ ᠰᠡᠳᠬᠢᠨ᠎ᠡ᠁
ᠦᠰᠦ ᠪᠤᠭᠤᠷᠤᠯᠴᠤᠳ ᠤ᠋ᠨ ᠦᠷᠴᠢᠯᠡᠭᠡᠲᠦ ᠨᠢᠳᠦᠨ ᠡᠴᠡ ᠴᠦ᠍
ᠦᠶ᠎ᠡ ᠶ᠋ᠢᠨ ᠨᠠᠰᠤᠲᠠᠨ ᠨᠤᠭᠤᠳ ᠤ᠋ᠨ ᠦᠢᠮᠡᠭᠡᠨ ᠱᠤᠤᠭᠢᠶᠠᠨ ᠡᠴᠡ ᠴᠤ᠌
ᠦᠨᠡᠨ ᠬᠤᠳᠠᠯ ᠰᠢᠪᠡᠨᠡᠭᠡ ᠶᠠᠷᠢᠶᠠᠨ ᠡᠴᠡ ᠴᠤ᠌
ᠦᠢᠯᠡ ᠨᠢ ᠪᠦᠲᠦᠭᠡ ᠦᠭᠡᠢ ᠲᠡᠭᠰᠢ ᠬᠦᠦ ᠡᠴᠡ ᠴᠦ᠍
ᠵᠠᠮᠪᠠᠯ ᠢ᠋ ᠰᠢᠯᠢᠭᠰᠡᠨ ᠢ᠋ᠶ᠋ᠡᠨ ᠵᠠᠮᠪᠠᠭ᠎ᠠ ᠨᠢᠭᠤᠭᠰᠠᠨ ᠦᠭᠡᠢ
ᠵᠢᠷᠭᠠᠯ ᠢ᠋ ᠡᠳ᠋ᠯᠡᠭᠰᠡᠨ ᠢ᠋ᠶ᠋ᠡᠨ ᠦᠭᠡᠢᠰᠬᠡᠵᠦ ᠴᠢᠳᠠᠭᠰᠠᠨ ᠦᠭᠡᠢ
ᠵᠢᠯᠠᠭ᠎ᠠ ᠴᠥᠭᠥᠷᠥᠮ᠂ ᠣᠢ ᠳᠤᠮᠳᠠᠭᠤᠷ ᠴᠤ᠌ ᠬᠣᠶᠠᠭᠤᠯᠠ ᠪᠠᠨ
ᠵᠢᠭᠠᠬᠠᠨ ᠲᠣᠰᠬᠣᠨ ᠤ᠋ ᠭᠤᠳᠤᠮᠵᠢ ᠪᠦᠷᠢ ᠪᠡᠷ ᠴᠦ᠍ ᠬᠣᠶᠠᠭᠤᠯᠠ ᠪᠠᠨ᠃
ᠠᠩᠬᠠᠨ ᠨᠡᠢᠯᠡᠭᠰᠡᠨ ᠵᠠᠯᠠᠭᠤ ᠬᠥᠮᠦᠰ ᠦ᠋ᠨ
ᠠᠮᠠᠷᠠᠭ ᠵᠢᠷᠭᠠᠯ ᠤ᠋ᠨ ᠳᠡᠭᠡᠵᠢ ᠪᠦᠬᠦᠨ ᠢ᠋ᠶ᠋ᠡᠷ
《ᠠᠯᠲᠠᠨ ᠰᠠᠷ᠎ᠠ 》ᠭᠡᠵᠦ ᠨᠡᠷᠡᠯᠡᠵᠦ ᠪᠠᠢᠮᠠᠷ
ᠠᠷᠪᠠᠭᠠᠳ ᠬᠣᠨᠣᠭ ᠢᠩᠭᠢᠵᠦ ᠤᠯᠠᠷᠢᠪᠠ᠃
ᠬᠠᠢᠷᠠᠲᠤ ᠵᠠᠮᠪᠠᠯ ᠨᠢ ᠪᠢᠷ ᠢ᠋ᠶ᠋ᠡᠨ ᠪᠠᠷᠢᠵᠤ
ᠬᠠᠴᠢᠨ ᠰᠠᠢᠬᠠᠨ ᠵᠢᠷᠤᠭ ᠵᠢᠷᠤᠬᠤ ᠳ᠋ᠤ᠌
ᠡᠰᠡᠪᠡᠯ ᠬᠣᠶᠠᠭᠤᠯᠠ ᠪᠠᠨ ᠦᠳᠡᠰᠢ ᠶ᠋ᠢᠨ ᠴᠠᠭ ᠢ᠋ᠶ᠋ᠠᠷ
ᠡᠷᠬᠡ ᠬᠡᠦᠬᠡᠳ ᠰᠢᠭ ᠨᠣᠴᠣᠯᠳᠤᠨ ᠲᠣᠭᠯᠠᠬᠤ ᠳ᠋ᠤ᠌
ᠠᠯᠲᠠᠨ ᠳᠡᠯᠡᠬᠡᠢ ᠳ᠋ᠦ᠍ ᠨᠠᠳᠠ ᠡᠴᠡ ᠢᠯᠡᠭᠦᠦ
ᠠᠵᠠᠲᠠᠢ ᠬᠡᠦᠬᠡᠨ ᠪᠠᠢᠨ᠎ᠠ ᠤᠤ⁈ ᠭᠡᠵᠦ
ᠵᠠᠮᠪᠠᠭ᠎ᠠ ᠥᠪᠡᠷ ᠢ᠋ᠶ᠋ᠡᠨ᠂ ᠬᠡᠨ ᠨᠢᠭᠡᠨ ᠳ᠋ᠦ᠍
ᠵᠠᠪᠠᠯ ᠬᠡᠯᠡᠮᠡᠷ ᠰᠠᠨᠠᠭᠳᠠᠵᠤ ᠪᠠᠢᠪᠠ····
ᠡᠨᠡ ᠰᠠᠢᠬᠠᠨ ᠨᠠᠮᠤᠷ ᠤ᠋ᠨ ᠴᠠᠭ ᠢ᠋ᠶ᠋ᠠᠷ
ᠡᠭᠡᠯᠵᠢ ᠶ᠋ᠢᠨ ᠠᠮᠠᠷᠠᠯᠲᠠ ᠪᠠᠨ ᠵᠠᠮᠪᠠᠭ᠎ᠠ ᠠᠪᠤᠯ᠎ᠠ
ᠤᠯᠠᠭᠠᠨᠪᠠᠭᠠᠲᠤᠷ ᠲᠤ᠌ ᠬᠤᠷᠠᠯ ᠳ᠋ᠤ᠌ ᠰᠠᠭᠤᠬᠤ
ᠤᠷᠢᠯᠭ᠎ᠠ ᠶ᠋ᠢᠨ ᠤᠲᠠᠰᠤ ᠶ᠋ᠢ ᠵᠠᠮᠪᠠᠯ ᠨᠢ ᠠᠪᠤᠯ᠎ᠠ᠃
ᠬᠣᠶᠠᠭᠤᠯᠠ ᠬᠠᠮᠲᠤ ᠨᠡᠢᠰᠯᠡᠯ ᠣᠷᠣᠬᠤ ᠪᠠᠷ
ᠬᠣᠭᠣᠷᠣᠨᠳᠣ ᠪᠠᠨ ᠶᠠᠷᠢᠭᠠᠳ ᠶᠠᠭᠤᠮ᠎ᠠ ᠪᠠᠨ ᠵᠡᠬᠡᠯᠡ᠂
ᠬᠣᠶᠠᠷ ᠳᠤᠭᠤᠢᠲᠤ ᠶ᠋ᠢᠨ ᠠᠷᠤ ᠶ᠋ᠢᠨ ᠡᠮᠡᠭᠡᠯ ᠳᠡᠭᠡᠷ᠎ᠡ
ᠬᠣᠩᠭᠣᠷ ᠪᠦᠰᠡᠭᠦᠢ ᠨᠢ ᠲᠤᠬᠠᠯᠠᠨ ᠰᠠᠭᠤᠯ᠎ᠠ᠃
ᠳᠥᠴᠢᠨ ᠶᠢᠰᠦ ᠶ᠋ᠢᠨ ᠳᠠᠪᠬᠢᠭᠠᠨ ᠳ᠋ᠤ᠌
ᠠᠭᠠᠷ ᠰᠠᠯᠬᠢᠨ ᠢᠰᠬᠡᠷᠦᠨ᠎ᠡ᠂
ᠲᠦᠳᠡ ᠶ᠋ᠢᠨ ᠵᠠᠮ ᠳᠤᠷᠠᠢᠵᠤ
ᠠᠮᠢᠳᠤ ᠶᠠᠭᠤᠮ᠎ᠠ ᠰᠢᠭ᠋ ᠮᠤᠰᠬᠢᠷᠠᠨ᠎ᠠ᠃
ᠳᠡᠯᠭᠡᠴᠡ ᠳᠡᠭᠡᠷᠡᠬᠢ ᠵᠢᠷᠤᠭ ᠲᠤ᠌
ᠳᠡᠩᠳᠡᠭᠦᠦ ᠣᠢᠷᠠᠬᠠᠨ ᠰᠠᠭᠤᠭᠰᠠᠨ ᠰᠢᠭ᠋
ᠵᠠᠮ ᠤ᠋ᠨ ᠬᠠᠵᠠᠭᠤ ᠶ᠋ᠢᠨ ᠶᠠᠭᠤᠮᠠᠰ
ᠵᠠᠮᠪᠠᠷᠠᠭ᠎ᠠ ᠪᠠᠢᠬᠤ ᠦᠭᠡᠢ ᠵᠢᠷᠢᠯᠵᠡᠨᠡ᠁
4
ᠣᠯᠠᠨ ᠠᠷᠪᠢᠨ ᠲᠣᠰᠬᠣᠨ ᠳ᠋ᠤ᠌
ᠰᠤᠷᠭᠠᠮᠵᠢ ᠪᠣᠯᠤᠨ ᠥᠨᠳᠥᠷᠯᠡᠵᠦ
ᠣᠷᠴᠢᠨ ᠦᠶ᠎ᠡ ᠶ᠋ᠢᠨ ᠬᠥᠭᠵᠢᠯ ᠦ᠋ᠨ
ᠰᠤᠳᠠᠰᠤ ᠨᠢ ᠪᠣᠯᠤᠨ ᠰᠦᠨᠳᠡᠷᠯᠡᠵᠦ
ᠣᠯᠤᠯᠲᠠ ᠢᠯᠠᠯᠲᠠ ᠶ᠋ᠢᠨ ᠲᠡᠦᠬᠡ ᠪᠡᠨ
ᠰᠤᠳᠤᠷ ᠨᠣᠮ ᠳ᠋ᠤ᠌ ᠪᠢᠴᠢᠭᠦᠯᠦᠭᠰᠡᠨ
ᠣᠷᠣᠨ| ᠤᠯᠤᠰ ᠤ᠋ᠨ ᠨᠡᠢᠰᠯᠡᠯ ᠳ᠋ᠦ᠍
ᠡᠳᠦᠷ ᠳᠤᠮᠳᠠ ᠪᠣᠯᠵᠤ ᠪᠠᠢᠨ᠎ᠠ᠃
ᠪᠥᠵᠢᠭ ᠦ᠋ᠨ ᠲᠣᠮᠣ ᠬᠦᠷᠢᠶᠡᠯᠡᠩ ᠰᠢᠭ
ᠠᠮᠢᠳᠤᠷᠠᠯ ᠵᠢᠷᠭᠠᠯ ᠪᠤᠵᠢᠭᠢᠨᠠᠭᠰᠠᠨ
ᠪᠦᠬᠦᠯᠢ ᠨᠠᠢᠷᠠᠯ ᠬᠥᠭᠵᠢᠮ ᠰᠢᠭ
ᠠᠵᠢᠯ ᠤ᠋ᠨ ᠳᠠᠭᠤᠯᠠᠯ ᠨᠢᠵᠢᠭᠢᠨᠡᠭᠰᠡᠨ
ᠰᠦᠮᠪᠦᠷ ᠲᠣᠮᠣ ᠪᠠᠷᠢᠯᠭ᠎ᠠ ᠨᠤᠭᠤᠳ ᠢ᠋ᠶ᠋ᠠᠷ
ᠵᠢᠭᠦᠷ ᠳᠡᠯᠭᠡᠨ ᠲᠣᠷᠨᠢᠭᠰᠠᠨ
ᠰᠦᠷᠯᠢᠭ ᠨᠡᠢᠰᠯᠡᠯ ᠬᠣᠲᠠ ᠶ᠋ᠢᠨ
ᠪᠡᠶ᠎ᠡ ᠨᠢ ᠠᠯᠤᠰ ᠡᠴᠡ ᠲᠣᠳᠣᠬᠠᠨ᠁
ᠪᠤᠴᠠᠯᠵᠤ ᠪᠠᠢᠭ᠎ᠠ ᠠᠮᠢᠳᠤᠷᠠᠯ ᠤ᠋ᠨ
ᠰᠡᠳᠬᠢᠯ ᠲᠠᠲᠠᠭᠰᠠᠨ ᠴᠡᠩᠭᠡᠯ ᠳᠤᠮᠳᠠ
ᠪᠤᠯᠠᠭ ᠤᠰᠤᠨ ᠵᠢᠭᠠᠰᠤ ᠰᠢᠭ᠋
ᠰᠡᠯᠢᠨ ᠱᠤᠮᠪᠠᠵᠤ ᠶᠠᠪᠤᠭ᠎ᠠ
ᠵᠠᠯᠠᠭᠤ᠂ ᠬᠥᠭᠰᠢᠨ ᠬᠥᠮᠦᠰ ᠢ᠋
ᠲᠣᠭᠠᠯᠠᠵᠤ ᠶᠠᠭᠠᠬᠢᠨ ᠪᠠᠷᠠᠬᠤ ᠪᠣᠢ!
ᠵᠠᠮᠪᠠᠭ᠎ᠠ ᠶ᠋ᠢᠨ ᠦᠶ᠎ᠡ ᠶ᠋ᠢᠨ ᠬᠡᠦᠬᠡᠨ ᠨᠤᠬᠥᠳ ᠢ᠋
ᠲᠣᠢᠮᠣᠯᠠᠵᠤ ᠶᠠᠭᠠᠬᠢᠨ ᠬᠦᠷᠬᠦ ᠪᠣᠢ!
ᠵᠢᠰᠦᠨ ᠪᠦᠷᠢ ᠶ᠋ᠢᠨ ᠬᠥᠮᠦᠰ
ᠢᠲᠡᠭᠡᠵᠦ ᠡᠨᠳᠡ ᠬᠠᠮᠲᠤᠷᠠᠭᠠᠳ
ᠵᠦᠢᠯ ᠪᠦᠷᠢ ᠶ᠋ᠢᠨ ᠲᠧᠭᠨᠢᠭ
ᠵᠢᠳᠬᠦᠵᠦ ᠨᠢᠵᠢᠭᠢᠨᠡᠵᠦ ᠪᠠᠢᠪᠠᠴᠤ
ᠦᠢ ᠵᠠᠢ ᠦᠭᠡᠢ ᠬᠥᠳᠡᠯᠭᠡᠭᠡᠨ ᠨᠢ
ᠳᠠᠭᠠᠭᠠᠮᠠᠢ ᠲᠠᠢᠪᠤᠭᠤᠨ ᠰᠦᠯᠵᠢᠯᠳᠦᠨ᠎ᠡ
ᠦᠢᠮᠡᠵᠦ ᠪᠤᠳᠤᠯᠢᠬᠤ ᠶᠣᠰᠣ ᠦᠭᠡᠢ
ᠳᠠᠷᠬᠠᠨ ᠳᠢᠭᠯᠢᠮ ᠨᠣᠶᠠᠷᠬᠠᠨᠠ᠃
ᠳᠠᠷᠬᠠᠨ ᠳᠢᠭᠯᠢᠮ ᠦ᠋ᠨ ᠲᠤᠬᠠᠢ
ᠬᠣᠷᠣᠮ ᠤ᠋ᠨ ᠲᠡᠳᠦᠢ ᠮᠠᠷᠲᠠᠭᠠᠳ
ᠳᠠᠪᠬᠢᠬᠤ ᠬᠤᠷᠳᠤᠨ ᠤ᠋ ᠳᠡᠭᠡᠳᠦ ᠪᠡᠷ
ᠬᠣᠯᠠ ᠡᠴᠡ ᠳᠥᠲᠡᠯᠡᠭᠴᠢ ᠶᠠᠭᠤ ᠪᠣᠢ⁈
ᠴᠠᠯᠮ᠎ᠠ ᠦᠭᠡᠢ ᠬᠥᠭᠡᠷᠬᠦ ᠰᠡᠳᠬᠢᠯ ᠦ᠋ᠨ
ᠬᠠᠯᠠᠭᠤᠨ ᠪᠦᠬᠦᠨ ᠢ᠋ᠶ᠋ᠡᠷ ᠣᠮᠣᠭᠰᠢᠵᠤ
ᠴᠠᠷᠳᠠᠮᠠᠯ ᠵᠠᠮ ᠤ᠋ᠨ ᠡᠩ ᠢ᠋ᠶ᠋ᠡᠷ
ᠬᠠᠷᠪᠤᠭᠤᠯᠵᠤ ᠶᠠᠪᠤᠭ᠎ᠠ ᠬᠡᠨ ᠪᠣᠢ?
ᠴᠠᠷᠳᠠᠮᠠᠯ ᠵᠠᠮ ᠤ᠋ᠨ ᠵᠠᠭᠤᠷ᠎ᠠ ᠳ᠋ᠤ᠌
ᠥᠨᠳᠥᠷ ᠭᠦᠦᠷ ᠪᠠᠷᠠᠭᠠᠯᠠᠨᠠ
ᠴᠠᠭᠠᠨ ᠠᠯᠠᠭ ᠱᠣᠩ ᠨᠤᠭᠤᠳ
ᠥᠩᠭᠡ ᠢᠯᠭᠠᠷᠠᠨ ᠳᠠᠷᠠᠭᠠᠯᠠᠨᠠ
ᠴᠠᠭᠠᠨ᠎ᠠ ᠨᠠᠭᠠᠨ᠎ᠠ ᠡᠴᠡ ᠶᠠᠪᠤᠭ᠎ᠠ
ᠲᠡᠷᠭᠡ ᠨᠦ᠍ᠭᠦᠳ ᠲᠡᠨᠳᠡ ᠵᠥᠷᠢᠯᠡ
ᠴᠠᠪᠴᠢᠬᠤ ᠨᠢᠳᠦᠨ ᠦ᠌ ᠦᠵᠦᠭᠦᠷ ᠡᠴᠡ
ᠲᠡᠮᠳᠡᠭᠷᠡᠵᠦ ᠨᠥᠭᠥᠭᠡᠳᠡᠬᠢ ᠳᠥᠲᠡᠯᠡᠯᠡ᠃
ᠳᠥᠲᠡᠯᠡᠵᠦ ᠶᠠᠪᠤᠭ᠎ᠠ ᠴᠠᠭ
ᠳᠥᠮᠥᠨ ᠳᠥᠮᠥᠨ ᠲᠣᠳᠣᠷᠠᠵᠤ
ᠳᠥᠷᠪᠡ ᠲᠠᠪᠤᠬᠠᠨ ᠠᠭᠱᠠᠨ ᠳ᠋ᠤ᠌
ᠳᠥᠴᠢᠨ ᠶᠢᠰᠦ ᠲᠠᠨᠢᠭᠳᠠᠵᠤ
ᠲᠣᠮᠣᠭ᠎ᠠ ᠰᠠᠭᠤᠭ᠎ᠠ ᠦᠭᠡᠢ ᠬᠡᠦᠬᠡᠳ ᠦ᠋ᠨ
ᠰᠢᠳᠡᠵᠦ ᠣᠷᠬᠢᠭᠰᠠᠨ ᠴᠢᠯᠠᠭᠤ ᠰᠢᠭ᠋
ᠲᠣᠭᠠᠴᠢᠵᠤ ᠪᠣᠳᠣᠬᠤ ᠵᠠᠪ ᠦᠭᠡᠢ
ᠬᠦᠷᠦᠭᠡᠳ ᠢᠷᠡᠯ᠎ᠡ᠂ ᠶᠠᠭᠠᠬᠢᠨ᠎ᠠ ᠪᠣᠢ⁈
ᠨᠡᠢᠰᠯᠡᠯ ᠣᠷᠣᠬᠤ ᠶ᠋ᠢᠨ ᠡᠮᠦᠨ᠎ᠡ ᠭᠡᠵᠦ
ᠬᠤᠨᠳᠠᠭ᠎ᠠ ᠬᠡᠳᠦ ᠶ᠋ᠢ ᠡᠷᠭᠦᠭᠰᠡᠨ
ᠨᠡᠯᠢᠶᠡᠳ ᠬᠥᠮᠦᠨ ᠲᠡᠢ ᠮᠠᠰᠢᠨ ᠢ᠋
ᠬᠤᠷᠳᠤ ᠬᠤᠪᠢᠶᠠᠵᠤ ᠲᠡᠷᠢᠭᠦᠯᠡᠭᠰᠡᠨ
ᠵᠠᠯᠠᠭᠤ ᠡᠷ᠎ᠡ ᠢᠩᠭᠢᠵᠦ
ᠰᠡᠩᠳᠡ ᠮᠡᠩᠳᠡ ᠳᠠᠪᠬᠢᠭᠤᠯᠪᠠ
ᠵᠠᠮ ᠤ᠋ᠨ ᠴᠠᠭᠳᠠᠭ᠎ᠠ ᠱᠦᠭᠯᠦᠳᠡᠪᠡᠴᠦ
ᠰᠠᠯᠬᠢ ᠲᠠᠲᠠᠭᠤᠯᠤᠨ ᠥᠩᠭᠡᠷᠡᠪᠡ····
ᠬᠤᠷᠳᠤ ᠬᠡᠮᠵᠢᠬᠦ ᠵᠡᠭᠦᠦ ᠨᠢ
ᠶᠡᠷᠡ ᠶ᠋ᠢᠨ ᠲᠣᠭ᠎ᠠ ᠶ᠋ᠢ ᠮᠥᠷᠭᠥᠨ᠎ᠡ᠂
ᠬᠠᠭᠤᠷᠠᠢ ᠬᠠᠯᠠᠭᠤᠨ ᠰᠠᠯᠬᠢ
ᠶᠡᠷᠦ ᠶ᠋ᠢᠨ ᠪᠢᠰᠢ ᠪᠡᠷ ᠰᠥᠷᠭᠡᠨᠡ᠁
ᠲᠡᠷᠭᠡ ᠵᠥᠷᠢᠭᠡᠳ ᠵᠠᠢ ᠦᠭᠡᠢ
ᠭᠦᠦᠷ ᠭᠡᠨᠡᠳᠲᠡ ᠲᠤᠯᠭᠠᠷᠠᠪᠠ᠁
ᠲᠡᠮᠳᠡᠭ ᠱᠣᠩ ᠤ᠋ᠨ ᠳᠦᠷᠰᠦ
ᠭᠦᠢᠴᠡᠳ ᠪᠢᠰᠢ ᠢᠯᠭᠠᠷᠠᠪᠠ᠁
ᠠᠯᠠᠭ ᠱᠣᠩ ᠢ᠋ ᠮᠥᠷᠭᠥᠭᠡᠳ
ᠲᠡᠷᠲᠡᠭᠡ ᠳᠡᠭᠡᠷ᠎ᠡ ᠣᠢᠬᠤ ᠳ᠋ᠠᠭᠠᠨ
ᠠᠭᠰᠤᠮ ᠬᠤᠷᠳᠤᠨ ᠤᠨᠤᠭ᠎ᠠ ᠨᠢ
ᠲᠡᠩᠬᠡᠭᠡ ᠮᠡᠳᠡᠨ ᠣᠷᠢᠯᠠᠪᠠ····
ᠤᠯᠠᠭᠠᠨ ᠠᠯᠴᠢᠭᠤᠷ ᠲᠠᠢ ᠬᠥᠮᠦᠨ
ᠣᠷᠣᠭᠰᠢ ᠬᠠᠷᠪᠤᠨ ᠨᠢᠰᠴᠦ
ᠬᠠᠰᠢᠯᠭ᠎ᠠ ᠮᠣᠳᠣ ᠶ᠋ᠢ ᠮᠥᠷᠭᠥᠭᠡᠳ
ᠬᠠᠵᠠᠭᠤ ᠲᠡᠢᠰᠢ ᠤᠨᠠᠯ᠎ᠠ····
※※※
ᠳᠥᠴᠢᠨ ᠶᠢᠰᠦ ᠶ᠋ᠢᠨ ᠳᠠᠭᠤ
ᠣᠷᠢᠯᠠᠵᠤ ᠳᠠᠭᠤᠰᠤᠭ᠎ᠠ ᠦᠭᠡᠢ ᠪᠠᠢᠬᠤ ᠳ᠋ᠤ᠌
ᠲᠥᠯᠥᠭᠰᠡᠨ ᠴᠡᠩᠬᠡᠷ ᠤᠲᠤᠭ᠎ᠠ ᠨᠢ
ᠠᠷᠢᠯᠵᠤ ᠭᠦᠢᠴᠡᠭᠡ ᠦᠭᠡᠢ ᠪᠠᠢᠬᠤ ᠳ᠋ᠤ᠌
ᠠᠶᠤᠯ ᠣᠰᠣᠯ ᠢ᠋ ᠬᠠᠷᠠᠭᠠᠳ
ᠠᠯᠠᠭ ᠨᠢᠳᠦ ᠨᠢ ᠲᠣᠮᠣᠷᠠᠵᠤ
ᠠᠶᠤᠭᠰᠠᠨ᠂ ᠶᠠᠭᠠᠷᠠᠭᠰᠠᠨ ᠬᠥᠮᠦᠰ
ᠠᠮᠵᠢᠵᠤ ᠲᠡᠨᠳᠡ ᠴᠤᠭᠯᠠᠷᠠᠯ᠎ᠠ᠁
ᠬᠠᠮᠤᠭ ᠤ᠋ᠨ ᠨᠠᠭᠠᠨ᠎ᠠ ᠨᠢ᠂ ᠤᠨᠤᠭ᠎ᠠ ᠨᠢ
ᠡᠪᠳᠡᠷᠡᠵᠦ ᠭᠦᠢᠴᠡᠭᠡᠳ ᠬᠡᠪᠲᠡᠨ᠎ᠡ᠂
ᠬᠠᠢᠷᠴᠠᠭ ᠲᠠᠢ ᠪᠣᠳᠣᠭ ᠤ᠋ᠨ ᠳᠡᠭᠡᠷ᠎ᠡ ᠡᠴᠡ
ᠡᠷᠡᠭᠲᠡᠢ ᠬᠥᠮᠦᠨ ᠥᠨᠳᠡᠢᠨ᠎ᠡ᠃
ᠴᠠᠭᠠᠨ᠎ᠠ ᠨᠢ ᠰᠤᠨᠤᠭᠠᠳ ᠣᠢᠴᠢᠭᠰᠠᠨ
ᠵᠠᠯᠠᠭᠤ ᠪᠦᠰᠡᠭᠦᠢ ᠪᠠᠢᠮᠠᠷ᠂
ᠴᠠᠭᠠᠨ ᠣᠢᠮᠣᠰᠤ ᠶ᠋ᠢ ᠨᠢ ᠬᠠᠷᠠᠪᠠᠯ
ᠵᠠᠮᠪᠠᠭ᠎ᠠ ᠬᠡᠦᠬᠡᠨ ᠭᠡᠮᠡᠷ᠁
※※※
ᠦᠢᠮᠡᠭᠡᠨ ᠶᠡᠬᠡᠲᠡᠢ ᠵᠠᠮ ᠳᠡᠭᠡᠷ᠎ᠡ
ᠦᠩᠭᠡᠵᠦ ᠬᠠᠶᠠᠭᠰᠠᠨ ᠴᠡᠴᠡᠭ ᠰᠢᠭ᠋
ᠦᠵᠡᠮᠵᠢᠲᠦ ᠲᠡᠭᠦᠨ ᠦ᠌ ᠪᠡᠶ᠎ᠡ
ᠦᠷᠴᠢᠢᠨ ᠬᠣᠷᠴᠢᠢᠨ ᠠᠲᠤᠷᠢᠨᠠ᠂
ᠴᠢᠭᠢᠷᠠᠭ ᠤᠯᠠᠭᠠᠨ ᠤᠷᠤᠭᠤᠯ ᠨᠢ
ᠴᠡᠴᠡᠷᠡᠬᠦ ᠴᠦ᠍ ᠦᠭᠡᠢ ᠤᠨᠵᠢᠢᠨ᠎ᠠ
ᠴᠢᠭᠢᠭᠲᠡᠢ ᠭᠠᠵᠠᠷ ᠤ᠋ᠨ ᠬᠥᠷᠥᠰᠥᠨ ᠳ᠋ᠦ᠍
ᠠᠷᠢᠭᠤᠨ ᠴᠢᠰᠤ ᠨᠢ ᠳᠤᠰᠤᠯᠠᠨ᠎ᠠ᠁
ᠬᠥᠲᠥᠯᠦᠭᠴᠢ ᠶ᠋ᠢᠨ ᠪᠠᠢᠷᠢᠨ ᠳ᠋ᠤ᠌ ᠰᠠᠶᠢᠬᠠᠨ ᠯᠠ
ᠠᠭᠤᠯᠠ ᠶ᠋ᠢᠨ ᠰᠤᠭᠤ ᠰᠢᠭ᠋ ᠵᠣᠭᠰᠣᠵᠤ
ᠬᠥᠭᠵᠢᠮ ᠦ᠋ᠨ ᠨᠠᠢᠷᠠᠯ ᠢ᠋ ᠥᠪᠡᠷ ᠦ᠋ᠨ
ᠤᠶᠠᠬᠠᠨ ᠭᠠᠷ ᠢ᠋ᠶ᠋ᠠᠷ ᠵᠢᠯᠣᠭᠣᠳᠴᠤ
ᠬᠥᠨᠳᠡᠯᠡᠨ ᠦ᠌ ᠨᠠᠳᠠᠳᠤ ᠴᠤ᠌ ᠲᠠᠭᠠᠯᠠᠭᠳᠠᠭᠰᠠᠨ
ᠬᠥᠭᠡᠷᠦᠬᠦᠢ ᠬᠣᠩᠭᠣᠷ ᠪᠦᠰᠡᠭᠦᠢ
ᠬᠥᠷᠥᠰᠥᠲᠦ ᠭᠠᠵᠠᠷ ᠢ᠋ ᠴᠢᠮᠡᠬᠦ ᠪᠡᠷ
ᠬᠥᠭᠵᠢᠯᠲᠦ ᠶᠢᠷᠲᠢᠨᠴᠦ ᠶ᠋ᠢ ᠣᠷᠬᠢᠪᠠ ᠤᠤ?
