ᠵᠠᠯᠠᠭᠤ ᠨᠠᠰᠤ01-ᠷ ∙ ᠴᠣᠢᠨᠣᠮ-ᠨᠠᠢᠷᠠᠭᠯᠠᠯЗалуу нас-Р.Чойном Zaluu nas-R.Choinom ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠯᠠᠭᠤ ᠨᠠᠰᠤ01-ᠷ ∙ ᠴᠣᠢᠨᠣᠮ-ᠨᠠᠢᠷᠠᠭᠯᠠᠯЗалуу нас-Р.Чойном Zaluu nas-R.Choinom

ᠵᠠᠯᠠᠭᠤ ᠨᠠᠰᠤ01-ᠷ ∙ ᠴᠣᠢᠨᠣᠮ-ᠨᠠᠢᠷᠠᠭᠯᠠᠯЗалуу нас-Р.Чойном Zaluu nas-R.Choinom

2025-02-21

1795

ᠵᠠᠯᠠᠭᠤ ᠨᠠᠰᠤ

ᠷ᠂ ᠴᠤᠢᠨᠥᠮ 
  
ᠣᠷᠣᠰᠢᠯ ᠤ᠋ᠨ ᠣᠷᠣᠨ ᠳ᠋ᠤ᠌ 

ᠬᠠᠵᠠᠭᠠᠷ ᠦᠭᠡᠢ ᠲᠡᠮᠡᠦᠯᠬᠦ 
  ᠠᠭᠰᠤᠮ ᠮᠣᠷᠢᠨ ᠤ᠋ ᠳᠠᠪᠬᠢᠭ᠎ᠠ ᠰᠢᠭ᠋ 
ᠬᠠᠭᠠᠯᠲᠠ ᠦᠭᠡᠢ ᠴᠡᠯᠡᠯᠵᠡᠬᠦ 
  ᠳᠣᠭᠰᠢᠨ ᠮᠥᠷᠡᠨ ᠦ᠌ ᠳᠣᠯᠭᠢᠶ᠎ᠠ ᠰᠢᠭ᠋ 
ᠣᠯᠳᠠᠬᠤ ᠠᠯᠳᠠᠬᠤ ᠳ᠋ᠤ᠌ ᠠᠮᠠᠷᠬᠠᠨ 
ᠵᠠᠯᠠᠭᠤ ᠨᠠᠰᠤᠨ ᠤ᠋ ᠲᠤᠬᠠᠢ 
ᠣᠷᠣᠰᠢᠯ ᠮᠣᠷᠣᠰᠢᠯ ᠭᠡᠯ ᠦᠭᠡᠢ 
  ᠵᠠᠯᠭᠠᠭᠤᠯᠵᠤ ᠣᠳᠣ ᠪᠢᠴᠢᠶ᠎ᠡ᠃

ᠵᠠᠯᠭᠠᠭᠤᠯᠵᠤ ᠪᠢᠴᠢᠬᠦ ᠦᠭᠡᠰ ᠦ᠋ᠨ ᠮᠢᠨᠢ 
    ᠥᠷᠭᠡᠨ ᠡᠩᠨᠡᠭᠡᠨ ᠳᠣᠲᠣᠭᠤᠷ 
ᠵᠠᠷᠢᠮᠳᠤᠭ ᠨᠢᠭᠡᠨ ᠰᠡᠳᠬᠢᠯ ᠦ᠋ᠨ 
    ᠥᠨᠢ ᠶ᠋ᠢᠨ ᠬᠦᠰᠡᠯᠡᠩ ᠨᠢᠭᠤᠭᠳᠠᠵᠤ 
《ᠠᠷᠠᠪ 》ᠥᠬᠢᠨ ᠦ᠌ ᠬᠥᠷᠥᠭ ᠰᠢᠭ
    ᠲᠣᠷᠮᠣᠭᠣᠷ ᠨᠢᠳᠦ ᠲᠡᠢ ᠪᠦᠰᠡᠭᠦᠢ ᠶ᠋ᠢᠨ
ᠠᠯᠠᠭ ᠵᠢᠷᠦᠬᠡᠨ ᠦ᠌ ᠲᠣᠯᠲᠣ ᠳ᠋ᠤ᠌
    ᠲᠣᠭᠲᠠᠵᠤ ᠦᠯᠡᠳᠡᠬᠦ ᠪᠣᠯᠲᠤᠭᠠᠢ !

      ᠡᠬᠢᠯᠡᠯ

ᠣᠳᠣ ᠰᠠᠷᠠ ᠪᠠᠷ ᠰᠢᠭᠢᠳᠬᠡᠭᠡ ᠲᠠᠯᠪᠢᠭᠰᠠᠨ
ᠣᠭ᠌ᠶᠤ ᠲᠣᠷᠭᠠᠨ ᠨᠥᠮᠥᠷᠭᠡ ᠠᠳᠠᠯᠢ
ᠣᠷᠴᠢᠯᠠᠩ ᠬᠡᠭᠡᠨᠴᠢᠷ ᠰᠥᠨᠢ ᠶ᠋ᠢᠨ ᠲᠩᠷᠢ
ᠣᠭᠲᠣ ᠶ᠋ᠢᠨ ᠴᠢᠮᠡᠭᠡ ᠦᠭᠡᠢ ᠴᠡᠯᠡᠢᠵᠦ ᠪᠠᠢᠬᠤ ᠳ᠋ᠤ᠌

ᠣᠯᠤᠯᠲᠠ ᠪᠦᠲᠦᠭᠡᠯ᠂ ᠢᠷᠠᠭᠤ ᠠᠯᠳᠠᠷ ᠤ᠋ᠨ
ᠣᠢᠷ᠎ᠠ ᠶ᠋ᠢᠨ ᠨᠢᠭᠡᠨ ᠵᠢᠱ᠌ᠢᠶ᠎ᠡ ᠪᠣᠯᠤᠭᠰᠠᠨ
ᠣᠷᠴᠢᠨ ᠦᠶ᠎ᠡ ᠶ᠋ᠢᠨ ᠰᠢᠨᠡᠬᠡᠨ ᠲᠣᠰᠬᠣᠨ
ᠣᠮᠣᠭ ᠪᠠᠷᠳᠠᠮ ᠨᠣᠢᠷᠰᠤᠵᠤ ᠪᠠᠢᠨ᠎ᠠ᠃

ᠲᠣᠰᠬᠣᠨ ᠲᠡᠭᠦᠨ ᠦ᠌ ᠡᠷᠭᠢᠨ ᠲᠣᠭᠣᠷᠢᠨ ᠳ᠋ᠤ᠌
ᠬᠥᠪᠴᠢᠲᠦ ᠠᠭᠤᠯᠠᠰ ᠶᠡᠬᠡᠮᠰᠦᠭ ᠢ᠋ᠶ᠋ᠡᠷ ᠵᠣᠭᠰᠣᠵᠤ᠂
ᠲᠣᠣᠷᠠᠢ ᠮᠣᠳᠣ ᠲᠠᠢ ᠭᠦᠨᠵᠡᠭᠡᠢ ᠬᠠᠪᠴᠢᠯ ᠡᠴᠡ
ᠨᠠᠷᠢᠨ ᠭᠣᠣᠯ ᠡᠷᠬᠢᠮᠰᠦᠭ ᠢ᠋ᠶ᠋ᠡᠷ ᠤᠷᠤᠰᠤᠨᠠᠮ᠃

ᠵᠤᠨ ᠤ᠋ ᠣᠷᠣᠢ᠂ ᠭᠣᠣᠯ ᠤ᠋ᠨ ᠵᠠᠬ᠎ᠠ ᠡᠴᠡ
ᠵᠤᠯᠵᠠᠭ᠎ᠠ ᠨᠣᠭᠣᠭᠠᠨ ᠪᠤᠷᠭᠠᠰᠤ ᠳᠤᠮᠳᠠ ᠡᠴᠡ
ᠰᠠᠨᠠᠭ᠎ᠠ ᠰᠡᠳᠬᠢᠯ ᠳ᠋ᠦ᠍ ᠡᠭᠦᠷᠢᠳᠡ ᠰᠢᠩᠭᠡᠮᠡᠷ
ᠰᠠᠢᠬᠠᠨ ᠳᠠᠭᠤᠯᠠᠯ ᠬᠠᠩᠭᠢᠨᠠᠵᠤ ᠪᠠᠢᠳᠠᠭ᠃

ᠵᠠᠯᠠᠭᠤ ᠡᠷ᠎ᠡ ᠶ᠋ᠢᠨ ᠴᠢᠭᠢᠷᠠᠭ ᠴᠡᠭᠡᠵᠢᠨ ᠡᠴᠡ
ᠵᠠᠯᠭᠠᠨ ᠵᠠᠯᠭᠠᠨ ᠬᠠᠩᠭᠢᠨᠠᠬᠤ ᠳᠠᠭᠤ ᠨᠢ
ᠵᠠᠬ᠎ᠠ ᠳ᠋ᠤ᠌ ᠪᠠᠢᠭ᠎ᠠ ᠪᠠᠢᠰᠢᠩ ᠤ᠋ᠨ ᠴᠣᠩᠬᠣ ᠪᠠᠷ
ᠵᠠᠪᠰᠢᠶᠠᠨ ᠣᠯᠵᠤ ᠰᠣᠨᠣᠰᠳᠠᠬᠤ ᠶ᠋ᠢᠨ ᠴᠠᠭ ᠲᠤ᠌


ᠳᠠᠭᠤᠯᠠᠨ ᠰᠠᠭᠤᠭ᠎ᠠ ᠲᠡᠭᠰᠢ ᠬᠦᠦ ᠶ᠋ᠢᠨ
ᠳᠤᠷ᠎ᠠ ᠰᠡᠳᠬᠢᠯ ᠪᠠᠶᠠᠰᠬᠤ ᠶ᠋ᠢᠨ ᠠᠳᠠᠯᠢ
ᠲᠣᠭᠣᠷᠢᠭ ᠰᠠᠷᠠᠨ ᠤ᠋ ᠮᠥᠩᠭᠥᠨ ᠲᠤᠶᠠᠭ᠎ᠠ
ᠳᠤᠯᠠᠭᠠᠬᠠᠨ ᠰᠥᠨᠢ ᠶ᠋ᠢ ᠮᠢᠯᠢᠶᠠᠨ ᠴᠢᠮᠡᠨ᠎ᠡ᠃

ᠡᠬᠡ ᠨᠤᠲᠤᠭ ᠤ᠋ᠨ ᠡᠢᠮᠦ ᠰᠥᠨᠢ ᠶ᠋ᠢ
ᠡᠨᠳᠡ ᠪᠣᠯᠤᠭᠰᠠᠨ ᠲᠡᠢᠮᠦ ᠪᠠᠢᠳᠠᠯ ᠢ᠋
ᠳᠤᠯᠢᠮᠠᠭ ᠪᠣᠯᠪᠠᠴᠤ ᠭᠠᠷᠭᠠᠶ᠎ᠠ ᠭᠡᠵᠦ
ᠳᠠᠭᠤᠯᠠᠯ ᠰᠢᠯᠦᠭ ᠢ᠋ᠶ᠋ᠡᠨ ᠢᠩᠭᠢᠵᠦ ᠡᠬᠢᠯᠡᠪᠡ᠃


      ᠨᠢᠭᠡᠳᠦᠭᠡᠷ ᠪᠦᠯᠦᠭ

        1

ᠵᠠᠬ᠎ᠠ ᠶ᠋ᠢᠨ ᠲᠡᠷᠡ ᠨᠢᠭᠡ ᠪᠠᠢᠰᠢᠩ ᠳᠣᠲᠣᠷ᠎ᠠ
ᠵᠠᠰᠠᠭᠰᠠᠨ ᠣᠷᠣ ᠶ᠋ᠢᠨ ᠢ᠋ᠶ᠋ᠡᠨ ᠲᠣᠯᠣᠭᠠᠢ ᠲᠤᠰᠢᠶ᠎ᠠ
ᠵᠠᠮᠪᠠᠭ᠎ᠠ ᠬᠡᠦᠬᠡᠨ ᠴᠣᠩᠬᠣ ᠪᠠᠨ ᠲᠦᠰᠢᠭᠡᠳ
ᠵᠠᠬᠢᠳᠠᠯ ᠪᠢᠴᠢᠭ ᠲᠡᠨᠢᠢᠯᠭᠡᠵᠦ ᠪᠠᠢᠨ᠎ᠠ᠃

ᠴᠠᠬᠢᠯᠭᠠᠨ ᠳ᠋ᠧᠩ ᠦ᠋ᠨ ᠴᠠᠢᠪᠤᠷ ᠭᠡᠷᠡᠯ
ᠠᠭᠤᠵᠢᠮ ᠳᠤᠬᠤ ᠶ᠋ᠢ ᠨᠢ ᠰᠡᠭᠦᠳᠡᠷᠲᠦᠭᠦᠯᠵᠦ
ᠴᠠᠭᠯᠠᠰᠢ ᠦᠭᠡᠢ ᠦᠵᠡᠮᠵᠢ ᠶ᠋ᠢᠨ ᠣᠮᠣᠭ ᠰᠤᠤ ᠪᠠᠷ
ᠤᠶᠠᠬᠠᠨ ᠪᠦᠰᠡᠭᠦᠢ ᠶ᠋ᠢ ᠴᠢᠮᠡᠨ ᠭᠡᠢᠭᠦᠯᠵᠦ

ᠡᠷ᠎ᠡ ᠬᠥᠮᠦᠨ ᠦ᠌ ᠴᠢᠭᠢᠷᠠᠭ ᠭᠠᠷ ᠢ᠋ᠶ᠋ᠠᠷ
ᠡᠪᠯᠢᠭ ᠬᠣᠯᠪᠣᠭᠰᠠᠨ ᠵᠢᠵᠢᠭ ᠦᠰᠦᠭ ᠦ᠋ᠳ
ᠡᠬᠢᠨ ᠦ᠌ ᠳᠤᠷᠠᠯᠠᠯ ᠤ᠋ᠨ ᠨᠠᠷᠢᠨ ᠨᠢᠭᠤᠴᠠ ᠪᠠᠷ
ᠡᠨᠡ ᠪᠦᠰᠡᠭᠦᠢ ᠶ᠋ᠢ ᠵᠠᠷᠯᠠᠨ ᠳᠠᠭᠤᠳᠠᠪᠠ᠁

ᠬᠡᠦᠬᠡᠨ ᠬᠥᠮᠦᠨ ᠦ᠌ ᠰᠣᠳᠣᠨ ᠠᠮᠢᠳᠤᠷᠠᠯ
ᠬᠦᠰᠡᠯᠡᠩ ᠬᠠᠢᠷ᠎ᠠ ᠶ᠋ᠢᠨ ᠰᠣᠨᠢᠨ ᠶᠠᠪᠤᠳᠠᠯ
ᠵᠠᠷᠢᠮ ᠪᠦᠰᠡᠭᠦᠢ ᠳ᠋ᠦ᠍ ᠢᠩᠭᠢᠵᠦ ᠢᠷᠡᠳᠡᠭ ᠶᠤᠮ᠂
ᠵᠠᠮᠪᠠᠭ᠎ᠠ ᠲᠡᠭᠦᠨ ᠢ᠋ ᠣᠳᠣ ᠯᠠ ᠠᠮᠰᠠᠵᠠᠢ᠃

ᠬᠥᠭᠵᠢᠮ ᠳᠠᠭᠤᠤ ᠶ᠋ᠢᠨ ᠰᠤᠷᠭᠠᠭᠤᠯᠢ ᠲᠡᠭᠦᠰᠴᠦ
ᠬᠥᠳᠡᠭᠡ ᠲᠣᠰᠬᠣᠨ ᠳ᠋ᠤ᠌ ᠰᠠᠶᠢᠬᠠᠨ ᠢᠷᠡᠭᠰᠡᠨ
ᠵᠢᠭᠠᠯ ᠪᠦᠰᠡᠭᠦᠢ ᠶ᠋ᠢᠨ ᠶᠡᠷᠦ ᠶ᠋ᠢᠨ ᠨᠠᠮᠲᠠᠷ ᠡᠴᠡ
ᠵᠠᠬ᠎ᠠ ᠵᠤᠬ᠎ᠠ ᠶ᠋ᠢ ᠨᠢ ᠶᠡᠷᠦᠩᠬᠡᠢᠯᠡᠵᠦ ᠳᠤᠷᠠᠳᠤᠶ᠎ᠠ᠃

ᠠᠷᠪᠠ ᠶᠢᠰᠦᠨ ᠵᠢᠯ ᠦ᠋ᠨ ᠡᠮᠦᠨ᠎ᠡ
ᠠᠷᠤ| ᠤᠰᠤᠨ ᠤ᠋ ᠳᠡᠷᠡᠰᠦᠨ ᠳᠤᠮᠳᠠ
ᠠᠳᠤᠭᠤᠴᠢᠨ ᠤ᠋ ᠭᠡᠷ ᠲᠦ᠍᠂ ᠬᠠᠪᠤᠷ ᠤ᠋ᠨ ᠴᠠᠭ ᠲᠤ᠌
ᠠᠳᠠᠭ ᠰᠠᠷ᠎ᠠ ᠶ᠋ᠢᠨ ᠠᠷᠪᠠᠨ ᠭᠤᠷᠪᠠᠨ ᠳ᠋ᠤ᠌

ᠡᠨᠡ ᠬᠡᠦᠬᠡᠨ ᠲᠥᠷᠥᠭᠰᠡᠨ ᠪᠠᠢᠵᠠᠢ
ᠡᠩᠬᠡ ᠠᠮᠤᠷ ᠲᠣᠷᠨᠢᠭᠰᠠᠨ ᠪᠠᠢᠵᠠᠢ
ᠡᠯᠳᠡᠪ ᠵᠠᠩ ᠦᠭᠡᠢ᠂ ᠪᠦᠷᠦᠭ ᠨᠣᠮᠣᠢ
ᠡᠭᠡᠯ ᠨᠢᠭᠡᠨ ᠥᠬᠢᠨ ᠪᠠᠢᠵᠠᠢ᠃

ᠵᠢᠯᠠᠭ᠎ᠠ ᠶ᠋ᠢᠨ ᠳᠤᠮᠳᠠᠬᠢ ᠴᠡᠴᠡᠭ ᠦ᠋ᠨ ᠠᠳᠠᠯᠢ
ᠵᠢᠭᠠᠬᠠᠨ ᠲᠡᠭᠦᠨ ᠦ᠌ ᠪᠠᠭ᠎ᠠ ᠶ᠋ᠢᠨ ᠨᠠᠮᠲᠠᠷ
ᠪᠤᠷᠭᠠᠰᠤ ᠤᠨᠤᠨ ᠬᠤᠷᠠᠭ᠎ᠠ ᠬᠠᠷᠢᠭᠤᠯᠵᠤ
ᠪᠤᠰᠤᠳ ᠤ᠋ᠨ ᠠᠳᠠᠯᠢ ᠥᠩᠬᠥᠷᠢᠵᠦ ᠪᠠᠢᠭᠰᠠᠨ ᠴᠤ᠌

ᠬᠤᠭᠤᠷ ᠬᠥᠭᠵᠢᠮ ᠬᠤᠯᠤᠰᠤᠨ ᠯᠢᠮᠪᠦ
ᠬᠠᠭᠤᠴᠢᠨ ᠴᠠᠭ ᠤ᠋ᠨ ᠤᠷᠲᠤ ᠶ᠋ᠢᠨ ᠳᠠᠭᠤᠤ ᠶ᠋ᠢ
ᠪᠣᠷᠣᠬᠠᠨ ᠡᠪᠦᠳᠦᠭ ᠢ᠋ᠶ᠋ᠡᠨ ᠲᠡᠪᠡᠷᠢᠩᠭᠡᠨ ᠰᠠᠭᠤᠵᠤ
ᠪᠣᠳᠣᠯ ᠪᠣᠳᠣᠨ ᠴᠢᠩᠨᠠᠳᠠᠭ ᠪᠠᠢᠵᠠᠢ᠃

ᠵᠢᠯ ᠰᠠᠷ᠎ᠠ ᠶ᠋ᠢᠨ ᠤᠯᠠᠷᠢᠬᠤ ᠤᠷᠤᠰᠬᠠᠯ ᠳ᠋ᠤ᠌
ᠵᠢᠭᠳᠡᠬᠡᠨ ᠤᠷᠭᠤᠬᠤ ᠵᠤᠯᠵᠠᠭᠠᠨ ᠬᠤᠰᠤ ᠰᠢᠭ᠋
ᠵᠢᠵᠢᠭᠬᠡᠨ ᠵᠠᠮᠪᠠᠭ᠎ᠠ ᠦᠰᠦᠨ ᠥᠨᠳᠡᠢᠵᠦ
ᠵᠢᠷ ᠦ᠋ᠨ ᠪᠣᠯᠪᠠᠴᠤ ᠭᠣᠢᠳᠠ ᠲᠣᠷᠨᠢᠵᠠᠢ᠃

ᠰᠤᠷᠭᠠᠭᠤᠯᠢ ᠶ᠋ᠢᠨ ᠲᠠᠩᠬᠢᠮ᠂ ᠳᠣᠯᠣᠭ᠎ᠠ ᠬᠣᠨᠣᠭ ᠤ᠋ᠳ᠂
ᠰᠤᠷᠤᠭᠴᠢ ᠶ᠋ᠢᠨ ᠰᠢᠷᠡᠭᠡ᠂ ᠤᠯᠤᠰ ᠤ᠋ᠨ ᠰᠢᠯᠭᠠᠯᠲᠠ᠂
ᠤᠳᠠᠭ᠎ᠠ ᠳᠠᠷᠠᠭ᠎ᠠ ᠶ᠋ᠢᠨ ᠪᠠᠭᠰᠢ ᠨᠠᠷ ᠤ᠋ᠨ ᠢ᠋ᠶ᠋ᠠᠨ ᠲᠤᠬᠠᠢ
ᠤᠶᠠᠬᠠᠨ ᠳᠤᠷᠠᠳᠬᠠᠯ ᠢ᠋ᠶ᠋ᠠᠷ ᠰᠡᠳᠬᠢᠯ ᠳᠦᠭᠦᠷᠡᠩ᠂

ᠳᠠᠮ ᠴᠤᠤᠷᠬᠠᠯ᠂ ᠨᠥᠬᠥᠳ ᠦ᠋ᠨ ᠵᠢᠮᠡᠯᠡᠯ
ᠳᠠᠭᠠᠵᠢᠩ ᠲᠣᠬᠣᠭᠤ᠂ ᠳᠠᠯᠳᠠ ᠶ᠋ᠢᠨ ᠬᠦᠰᠡᠯᠡᠩ
ᠡᠨᠡ ᠪᠦᠬᠦᠨ ᠢ᠋ ᠲᠡᠭᠡᠲᠡᠯ᠎ᠡ ᠪᠡᠨ ᠰᠣᠨᠣᠰᠤᠯ ᠦᠭᠡᠢ
ᠡᠩᠬᠡ ᠲᠤᠩᠬ᠎ᠠ ᠶ᠋ᠢᠨ ᠵᠢᠷᠭᠠᠯ ᠢ᠋ᠶ᠋ᠠᠷ ᠥᠰᠦᠭᠰᠡᠨ

ᠠᠶᠠᠳᠠᠭᠤ ᠬᠡᠯᠡᠬᠦ ᠳ᠋ᠦ᠍ ᠰᠤᠭᠤ ᠠᠳᠠᠯᠢ
ᠠᠬᠢᠭᠤᠯᠵᠤ ᠮᠠᠭᠲᠠᠬᠤ ᠳ᠋ᠤ᠌ ᠰᠣᠯᠣᠩᠭ᠎ᠠ ᠠᠳᠠᠯᠢ
ᠢᠳᠡᠷ ᠪᠠᠭ᠎ᠠ ᠶ᠋ᠢᠨ ᠵᠢᠪᠬᠤᠯᠠᠩ ᠪᠦᠷᠢᠳᠦᠭᠰᠡᠨ
ᠡᠢᠮᠦ ᠯᠡ ᠨᠢᠭᠡ ᠪᠦᠰᠡᠭᠦᠢ ᠳᠡ᠂ ᠵᠠᠮᠪᠠᠭ᠎ᠠ!

ᠪᠠᠭᠠᠬᠠᠨ ᠵᠠᠬᠢᠳᠠᠯ ᠢ᠋ᠶ᠋ᠠᠨ ᠤᠩᠰᠢᠵᠤ ᠳᠠᠭᠤᠰᠤᠯ᠎ᠠ
ᠪᠠᠷᠢᠭᠰᠠᠨ ᠬᠡᠪ ᠢ᠋ᠶ᠋ᠡᠷ ᠤᠳᠠᠲᠠᠯ᠎ᠠ ᠵᠣᠭᠰᠣᠯ᠎ᠠ
ᠪᠠᠷᠠᠭᠠᠨ ᠨᠢᠳᠦ ᠪᠡᠨ ᠴᠠᠪᠴᠢᠯᠠᠨ ᠪᠣᠳᠣᠯ᠎ᠠ
ᠪᠠᠶᠠᠷ ᠲᠦᠭᠰᠢᠭᠦᠷᠢ ᠵᠡᠷᠭᠡᠴᠡᠨ ᠲᠥᠷᠥᠯ᠎ᠡ!᠁

ᠰᠠᠯᠬᠢᠪᠴᠢ ᠴᠣᠩᠬᠣ ᠪᠠᠷ ᠬᠣᠯᠠ ᠶ᠋ᠢᠨ ᠣᠳᠣᠳ
ᠰᠠᠢᠨ ᠢ᠋ ᠢᠷᠥᠭᠡᠬᠦ ᠰᠢᠭ ᠰᠡᠮᠬᠡᠨ ᠢᠷᠮᠡᠨ᠎ᠡ᠂
ᠰᠠᠷᠠ ᠲᠠᠢ ᠰᠥᠨᠢ ᠶ᠋ᠢᠨ ᠪᠦᠯᠢᠶᠡᠨ ᠠᠮᠢᠰᠬᠤᠯ
ᠰᠠᠨᠠᠭ᠎ᠠ ᠠᠯᠳᠠᠬᠤ ᠰᠢᠭ᠋ ᠲᠡᠭᠦᠨ ᠢ᠋ ᠢᠯᠪᠢᠨ᠎ᠡ᠃

ᠲᠡᠷᠡ ᠪᠢᠴᠢᠭ ᠢ᠋ ᠵᠠᠮᠪᠠᠭ᠎ᠠ ᠳ᠋ᠤ᠌ ᠵᠣᠷᠢᠭᠤᠯᠵᠤ
ᠲᠡᠮᠡᠦᠯᠬᠦ ᠰᠡᠳᠬᠢᠯ ᠢ᠋ᠶ᠋ᠡᠨ ᠴᠤᠬᠤᠰ ᠳᠤᠷᠠᠳᠴᠤ
ᠲᠡᠪᠡᠳᠡᠭᠦᠦ ᠲᠦᠷᠭᠡᠨ ᠬᠡᠳᠦᠬᠡᠨ ᠦᠭᠡ ᠪᠡᠷ
ᠲᠡᠭᠰᠢ ᠬᠦᠦ ᠪᠢᠴᠢᠭᠰᠡᠨ ᠪᠠᠢᠯ᠎ᠠ᠃

        2

ᠦᠨᠡᠨ ᠰᠡᠳᠬᠢᠯ ᠦ᠋ᠨ ᠨᠢᠭᠤᠴᠠᠭᠠᠢ ᠬᠠᠢᠷ᠎ᠠ ᠪᠠᠨ
ᠦᠢ ᠵᠠᠢ ᠦᠭᠡᠢ ᠵᠣᠷᠢᠭᠤᠯᠵᠤ ᠪᠠᠢᠳᠠᠭ
ᠦᠶᠡᠯᠵᠡᠭᠦᠷ ᠵᠢᠭᠠᠬᠠᠨ ᠭᠣᠣᠯ ᠤ᠋ᠨ ᠡᠷᠭᠢ ᠳ᠋ᠦ᠍
ᠦᠳᠡᠰᠢ ᠶ᠋ᠢᠨ ᠰᠠᠢᠬᠠᠨ ᠳ᠋ᠤ᠌ ᠳᠠᠭᠤᠯᠠᠨ ᠰᠠᠭᠤᠳᠠᠭ

ᠡᠨᠡ ᠵᠠᠯᠠᠭᠤ ᠶ᠋ᠢᠨ ᠨᠠᠮᠲᠠᠷ ᠲᠡᠦᠬᠡ ᠶ᠋ᠢ
ᠵᠠᠮᠪᠠᠭ᠎ᠠ ᠪᠦᠰᠡᠭᠦᠢ ᠰᠣᠨᠣᠰᠤᠭ᠎ᠠ ᠴᠤ᠌ ᠦᠭᠡᠢ
ᠡᠯᠦᠢ ᠬᠤᠯᠤᠢ ᠲᠡᠭᠦᠨ ᠦ᠌ ᠥᠷᠥᠭᠡᠨ ᠳ᠋ᠦ᠍
ᠵᠢᠭᠠᠬᠠᠨ ᠬᠥᠯ ᠢ᠋ᠶ᠋ᠡᠷ ᠢ᠋ᠶ᠋ᠡᠨ ᠭᠢᠰᠬᠢᠭᠡ ᠴᠦ᠍ ᠦᠭᠡᠢ᠃

ᠲᠡᠷᠡ ᠪᠠᠢᠲᠤᠭᠠᠢ ᠠᠩᠬᠠᠨ ᠢᠷᠡᠭᠡᠳ
ᠲᠡᠷᠭᠡᠨ ᠳᠡᠭᠡᠷ᠎ᠡ ᠡᠴᠡ ᠪᠠᠭᠤᠬᠤ ᠮᠥᠷᠲᠡᠭᠡᠨ
ᠲᠡᠪᠡᠳᠡᠨ ᠪᠠᠷᠢᠨ ᠮᠡᠨᠳᠦᠯᠡᠭᠰᠡᠨ ᠬᠥᠮᠦᠨ ᠢ᠋ᠶ᠋ᠡᠨ
ᠲᠡᠭᠰᠢ ᠪᠠᠢᠭᠰᠠᠨ ᠢ᠋ ᠮᠡᠳᠡᠭᠡ ᠴᠦ᠍ ᠦᠭᠡᠢ᠃

ᠬᠣᠨᠣᠭ ᠰᠠᠷ᠎ᠠ ᠲᠡᠭᠦᠨ ᠡᠴᠡ ᠬᠣᠢᠰᠢ
ᠬᠣᠢᠨ᠎ᠠ ᠬᠣᠢᠨ᠎ᠠ ᠡᠴᠡ ᠴᠤᠪᠤᠷᠠᠨ ᠥᠩᠭᠡᠷᠡᠪᠡ᠂
ᠬᠣᠲᠠ ᠪᠢᠰᠢ ᠲᠣᠰᠬᠣᠨ ᠪᠣᠯᠬᠤ ᠪᠠᠷ
ᠬᠣᠶᠠᠷ ᠵᠠᠯᠠᠭᠤ ᠴᠤ᠌ ᠵᠥᠩᠳᠡᠭᠡᠨ ᠠᠭᠤᠯᠵᠠᠪᠠ᠃

ᠵᠡᠷᠭᠡ ᠪᠢᠰᠢ ᠴᠦ᠍ ᠨᠢᠭᠡ ᠶ᠋ᠢᠨ ᠬᠢᠨᠢ ᠨᠢᠳᠦᠨ ᠳ᠋ᠦ᠍
ᠵᠢᠪᠡᠭᠦᠨ ᠰᠢᠷᠲᠡᠯᠲᠡ ᠲᠣᠳᠣᠷᠠᠬᠤ ᠪᠣᠯᠵᠤ᠂
ᠵᠢᠷᠪᠢᠳ ᠪᠣᠯᠪᠠᠴᠤ ᠠᠭᠤᠯᠵᠠᠬᠤ ᠵᠠᠭᠤᠷ᠎ᠠ ᠪᠠᠨ
ᠵᠡᠬᠡᠭᠰᠡᠨ ᠪᠢᠴᠢᠭ ᠢ᠋ᠶ᠋ᠡᠨ ᠥᠭᠭᠦᠭᠰᠡᠨ ᠪᠠᠢᠵᠠᠢ᠁

ᠤᠷᠢᠨ ᠴᠠᠭ ᠤ᠋ᠨ ᠬᠣᠶᠠᠷᠬᠠᠨ ᠰᠠᠷ᠎ᠠ ᠳ᠋ᠤ᠌
ᠠᠭᠤᠯᠵᠠᠵᠤ ᠳᠠᠰᠤᠭᠰᠠᠨ ᠲᠡᠦᠬᠡ ᠨᠢ ᠡᠢᠮᠦ
ᠤᠨᠠᠭᠠᠨ ᠰᠡᠳᠬᠢᠯ ᠢ᠋ᠶ᠋ᠡᠨ ᠡᠬᠢᠯᠡᠨ ᠰᠣᠴᠢᠭᠠᠵᠤ
ᠤᠯᠤᠰ ᠡᠴᠡ ᠰᠢᠯᠢᠭᠰᠡᠨ ᠬᠡᠦᠬᠡᠨ ᠨᠢ ᠡᠨᠡ

ᠠᠮᠠᠷᠠᠭ ᠬᠡᠦᠬᠡᠨ ᠦ᠌ ᠬᠡᠳᠦ ᠶ᠋ᠢᠨ ᠲᠥᠯᠥᠪ ᠢ᠋
ᠠᠭᠠᠰᠢ ᠵᠠᠩ ᠬᠠᠯᠠᠮᠵᠢ ᠬᠠᠢᠷ᠎ᠠ ᠶ᠋ᠢ
ᠠᠩᠬᠠᠨ ᠤ᠋ ᠬᠠᠢᠷ᠎ᠠ ᠶ᠋ᠢᠨ ᠪᠤᠳᠠᠩ ᠳᠤᠮᠳᠠ ᠡᠴᠡ
ᠠᠵᠢᠭᠯᠠᠨ᠎ᠠ ᠭᠡᠳᠡᠭ ᠠᠮᠠᠷᠬᠠᠨ ᠪᠢᠰᠢ ᠠ᠋!

ᠲᠡᠷᠡ ᠰᠥᠨᠢ ᠭᠣᠣᠯ ᠤ᠋ᠨ ᠲᠡᠨᠳᠡ ᠡᠴᠡ
ᠲᠡᠭᠰᠢ ᠬᠦᠦ ᠬᠠᠷᠢᠬᠤ ᠶ᠋ᠢᠨ ᠵᠠᠭᠤᠷ᠎ᠠ ᠪᠠᠨ
ᠬᠠᠢᠷᠠᠲᠤ ᠬᠡᠦᠬᠡᠨ ᠦ᠌ ᠪᠡᠨ ᠴᠣᠩᠬᠣ ᠶ᠋ᠢ ᠰᠢᠷᠲᠡᠵᠦ
ᠬᠠᠷᠠᠩᠭᠤᠢ ᠳᠤᠮᠳᠠ ᠢᠨᠢᠶᠡᠮᠰᠦᠭᠯᠡᠵᠦ ᠶᠠᠪᠤᠨ᠎ᠠ

ᠶᠠᠭᠠᠬᠢᠭᠠᠳ ᠪᠢ ᠵᠠᠷᠢᠮ ᠬᠥᠮᠦᠰ ᠰᠢᠭ
ᠶᠠᠷᠢᠨ ᠲᠡᠰᠴᠦ ᠴᠢᠳᠠᠳᠠᠭ ᠦᠭᠡᠢ ᠶᠤᠮ ᠪᠣᠢ?
ᠢᠯᠳᠠᠮ ᠵᠠᠩ ᠲᠠᠢ ᠡᠨᠡ ᠬᠡᠦᠬᠡᠨ
ᠢᠨᠠᠭ ᠬᠠᠢᠷ᠎ᠠ ᠶ᠋ᠢ ᠮᠢᠨᠢ ᠶᠠᠭᠤ ᠭᠡᠬᠦ ᠪᠣᠯ?

ᠡᠳᠦᠢ ᠳ᠋ᠦ᠍ ᠮᠢᠨᠦ ᠵᠠᠬᠢᠶ᠎ᠠ ᠶ᠋ᠢ ᠤᠩᠰᠢᠭᠠᠳ
ᠥᠭᠡᠳᠡᠰᠦ ᠪᠣᠯᠲᠠᠯ᠎ᠠ ᠨᠢ ᠤᠷᠠᠵᠤ ᠰᠠᠭᠤᠨ᠎ᠠ ᠤᠤ?
ᠥᠪᠡᠷ ᠢ᠋ᠶ᠋ᠡᠨ ᠴᠦ᠍ ᠪᠠᠰᠠ ᠨᠠᠳᠠ ᠰᠢᠭ᠋ ᠪᠣᠯᠤᠭᠠᠳ
ᠥᠷᠯᠥᠭᠡ ᠬᠠᠷᠢᠭᠤ ᠶ᠋ᠢ ᠨᠢ ᠥᠭᠬᠦ ᠭᠡᠵᠦ ᠪᠠᠢᠨ᠎ᠠ ᠤᠤ?

ᠬᠥᠮᠦᠨ ᠦ᠌ ᠬᠦᠦ᠂ ᠬᠡᠨ ᠴᠦ᠍ ᠢᠯᠭᠠᠭ᠎ᠠ ᠦᠭᠡᠢ
ᠬᠦᠰᠡᠯ ᠬᠠᠢᠷ᠎ᠠ ᠪᠠᠨ ᠬᠡᠯᠡᠳᠡᠭ ᠵᠢᠮ᠎ᠡ ᠲᠡᠢ᠂
ᠬᠡᠦᠬᠡᠨ ᠬᠥᠮᠦᠨ᠂ ᠬᠡᠨ ᠴᠦ᠍ ᠥᠭᠡᠷ᠎ᠡ ᠴᠦ᠍ ᠦᠭᠡᠢ
ᠬᠦᠯᠢᠶᠡᠵᠦ ᠠᠪᠤᠭᠠᠳ ᠰᠢᠢᠳᠳᠡᠭ ᠶᠣᠰᠣ ᠲᠠᠢ᠁ ᠭᠡᠵᠦ

ᠡᠯᠳᠡᠪ ᠢ᠋ ᠦᠵᠡᠭᠡ ᠦᠭᠡᠢ ᠡᠨᠡᠬᠡᠨ ᠵᠠᠯᠠᠭᠤ
ᠡᠩ ᠦᠭᠡᠢ ᠢᠲᠡᠭᠡᠯ ᠢ᠋ᠶ᠋ᠡᠷ ᠪᠡᠶᠡᠰᠦᠨ ᠪᠣᠳᠣᠨ᠎ᠠ᠂
ᠡᠷᠭᠢᠨ ᠲᠣᠭᠣᠷᠢᠨ ᠤ᠋ ᠶᠠᠭᠤᠮ᠎ᠠ ᠪᠦᠬᠦᠨ ᠢ᠋
ᠡᠨᠡᠷᠢᠨ ᠲᠡᠪᠡᠷᠢᠵᠦ ᠦᠨᠦᠰᠦᠮᠡᠷ ᠪᠣᠯᠤᠨ᠎ᠠ᠃

      ※※※

ᠰᠠᠢᠬᠠᠨ ᠭᠡᠵᠢᠭᠡ ᠪᠡᠨ ᠬᠣᠢᠰᠢ ᠨᠢ ᠪᠣᠯᠭᠠᠭᠠᠳ
ᠰᠠᠨᠳᠠᠯᠢ ᠳᠡᠭᠡᠷ᠎ᠡ ᠪᠡᠨ ᠵᠠᠮᠪᠠᠭ᠎ᠠ ᠰᠠᠭᠤᠨ᠎ᠠ
ᠰᠠᠶᠢ ᠶ᠋ᠢᠨ ᠤᠩᠰᠢᠭᠰᠠᠨ ᠵᠠᠬᠢᠳᠠᠯ ᠢ᠋ᠶ᠋ᠠᠨ ᠪᠠᠷᠢᠭᠰᠠᠭᠠᠷ
ᠰᠠᠷᠠᠭᠤᠯ ᠤᠬᠠᠭᠠᠨ ᠳ᠋ᠠᠭᠠᠨ ᠡᠢᠨ ᠰᠡᠳᠬᠢᠨ᠎ᠡ᠃

《ᠢᠯᠡᠭᠦᠦ ᠳᠤᠲᠠᠭᠤ ᠶᠠᠷᠢᠶ᠎ᠠ ᠦᠭᠡᠢ ᠮᠥᠷᠲᠡᠭᠡᠨ
ᠢᠨᠢᠶᠡᠵᠦ ᠨᠠᠷᠭᠢᠵᠤ ᠶᠠᠪᠤᠭ᠎ᠠ ᠦᠭᠡᠢ ᠮᠥᠷᠲᠡᠭᠡᠨ
ᠡᠢᠮᠦ ᠵᠠᠬᠢᠳᠠᠯ ᠭᠡᠨᠡᠳᠲᠡ ᠥᠭᠳᠡᠭ
ᠶᠡᠬᠡ ᠬᠠᠴᠢᠨ ᠬᠥᠮᠦᠨ ᠠ᠋ ᠳᠠ ᠲᠡᠷᠡ⁈

ᠣᠯᠠᠩᠬᠢ ᠡᠷᠡᠴᠦᠦᠯ ᠥᠪᠡᠷ ᠰᠢᠭ ᠢ᠋ᠶ᠋ᠡᠨ
ᠣᠨᠴᠠ ᠶ᠋ᠢᠨ ᠬᠠᠲᠠᠭᠤ ᠭᠠᠷ ᠰᠢᠭ᠋ ᠢ᠋ᠶ᠋ᠡᠨ
ᠰᠢᠷᠦᠭᠦᠨ ᠲᠦᠷᠭᠡᠨ ᠰᠡᠳᠬᠢᠯ ᠲᠡᠢ ᠪᠠᠢᠬ᠎ᠠ
ᠰᠢᠢᠳᠴᠦ ᠪᠠᠷᠢᠬᠤ ᠨᠢ ᠠᠮᠠᠷᠬᠠᠨ ᠪᠠᠢᠬ᠎ᠠ᠁

ᠨᠠᠳᠠ ᠰᠢᠭ᠋ ᠡᠢᠮᠦ ᠭᠡᠨᠡᠬᠡᠨ ᠪᠠᠯᠴᠢᠷ
ᠨᠠᠪᠴᠢ ᠰᠢᠭ᠋ ᠡᠢᠮᠦ ᠬᠥᠩᠭᠡᠨ ᠬᠡᠦᠬᠡᠨ
ᠶᠠᠭᠤ ᠴᠤ᠌ ᠮᠠᠲᠠᠯ ᠦᠭᠡᠢ᠂ ᠵᠠᠬᠢᠳᠠᠯ ᠤᠩᠰᠢᠭᠠᠳ
ᠶᠠᠭᠤᠮᠠᠨ ᠤ᠋ ᠲᠦᠷᠦᠭᠦᠨ ᠳ᠋ᠦ᠍ ᠢᠲᠡᠭᠡᠵᠦ ᠪᠣᠯᠬᠤ ᠤᠤ?》

        3

ᠪᠠᠭᠠᠬᠠᠨ ᠪᠦᠰᠡᠭᠦᠢ ᠤᠷᠠᠯᠢᠭ ᠤ᠋ᠨ ᠰᠤᠷᠭᠠᠭᠤᠯᠢ ᠶ᠋ᠢ
ᠪᠠᠶᠠᠨ ᠬᠤᠭᠤᠷ ᠢ᠋ᠶ᠋ᠠᠷ ᠱᠠᠩᠨᠠᠭᠤᠯᠵᠤ ᠲᠡᠭᠦᠰᠦᠭᠡᠳ
ᠣᠨᠴᠠ ᠰᠤᠷᠤᠯᠭ᠎ᠠ ᠶ᠋ᠢᠨ ᠬᠦᠨᠳᠦ ᠦᠨᠡᠮᠯᠡᠬᠦ ᠶ᠋ᠢ
ᠣᠮᠣᠭ ᠪᠠᠷᠳᠠᠮ ᠡᠪᠦᠷᠲᠦᠯᠡᠭᠰᠡᠨ ᠭᠡᠪᠡᠴᠦ

ᠰᠡᠮᠬᠡᠨ ᠬᠠᠷᠢᠯᠴᠠᠬᠤ ᠶ᠋ᠢ ᠵᠢᠭᠠᠯᠭᠠᠭ᠎ᠠ ᠴᠤ᠌ ᠦᠭᠡᠢ
ᠰᠡᠳᠬᠢᠯ ᠦ᠋ᠨ ᠨᠢᠭᠤᠴᠠ ᠶ᠋ᠢ ᠣᠢᠯᠠᠭᠠᠭ᠎ᠠ ᠴᠤ᠌ ᠦᠭᠡᠢ
ᠤᠯᠠᠪᠤᠷ ᠬᠢᠯᠢᠩ ᠬᠥᠰᠢᠭᠡ ᠶ᠋ᠢᠨ ᠴᠠᠭᠠᠨ᠎ᠠ ᠯᠠ
ᠤᠷᠠᠯᠢᠭ ᠤ᠋ᠨ ᠲᠠᠪᠴᠠᠩ ᠳ᠋ᠤ᠌ ᠪᠠᠢᠷᠢ ᠪᠠᠨ ᠡᠵᠡᠯᠡᠭᠰᠡᠨ ᠶᠤᠮ᠃

ᠠᠩᠬᠠᠨ ᠤ᠋ ᠵᠠᠬᠢᠶ᠎ᠠ ᠶ᠋ᠢ ᠵᠠᠳᠠᠯᠤᠭᠰᠠᠨ ᠬᠣᠢᠨ᠎ᠠ
ᠠᠯᠢᠨ ᠪᠣᠯᠪᠠᠴᠤ ᠬᠠᠷᠢᠭᠤᠯᠬᠤ ᠯᠠ ᠪᠢᠵᠡ
ᠠᠵᠢᠯ ᠳᠡᠭᠡᠷ᠎ᠡ ᠪᠡᠨ ᠵᠠᠮᠪᠠᠭ᠎ᠠ ᠬᠠᠷᠢᠨ
ᠠᠯᠢ ᠵᠡᠷᠭᠡ ᠲᠡᠰᠴᠦ ᠪᠠᠢᠭ᠎ᠠ ᠪᠢᠯᠡ?

      ※※※

᠁ ᠥᠨᠥ ᠴᠠᠭ ᠤ᠋ᠨ ᠰᠢᠨᠡᠬᠡᠨ ᠳᠠᠭᠤᠤ ᠨᠤᠭᠤᠳ
ᠬᠥᠭᠵᠢᠮ ᠪᠦᠬᠦᠨ ᠦ᠌ ᠭᠤᠤᠷᠰᠤ ᠪᠠᠷ ᠬᠠᠩᠭᠢᠨᠠᠨ᠎ᠠ
ᠡᠮᠦᠨ᠎ᠡ ᠲᠠᠯ᠎ᠠ ᠳ᠋ᠤᠨᠢ ᠵᠠᠮᠪᠠᠭ᠎ᠠ ᠪᠦᠰᠡᠭᠦᠢ
ᠬᠥᠲᠥᠯᠦᠭᠴᠢ ᠶ᠋ᠢᠨ ᠪᠠᠢᠷᠢᠨ ᠳ᠋ᠤ᠌ ᠶᠡᠬᠡᠮᠰᠦᠭ ᠢ᠋ᠶ᠋ᠡᠷ ᠵᠣᠭᠰᠣᠨ᠎ᠠ

ᠠᠯᠢ ᠴᠤ᠌ ᠬᠥᠭᠵᠢᠮ ᠲᠡᠭᠦᠨ ᠦ᠌ ᠭᠠᠷ ᠤ᠋ᠨ
ᠠᠶᠠᠰ ᠢ᠋ ᠳᠠᠭᠠᠨ ᠳᠤᠤᠭᠠᠷᠴᠤ ᠪᠠᠢᠬᠤ ᠨᠢ
ᠠᠷᠠᠴᠢ ᠦᠭᠡᠢ ᠪᠠᠭ᠎ᠠ ᠡᠴᠡ ᠪᠠᠨ ᠣᠳᠣ ᠶ᠋ᠢ ᠬᠦᠷᠲᠡᠯᠡᠬᠢ
ᠠᠷᠢᠭᠤᠨ ᠬᠦᠰᠡᠯ ᠦ᠋ᠨ ᠬᠢᠨᠢ ᠪᠡᠶᠡᠯᠡᠯ ᠪᠢᠰᠢ ᠤᠤ

ᠪᠠᠭ᠎ᠠ ᠳ᠋ᠠᠭᠠᠨ ᠵᠠᠮᠪᠠᠭ᠎ᠠ ᠣᠯᠠᠨ ᠰᠥᠨᠢ
ᠪᠠᠯᠴᠢᠷ ᠥᠬᠢᠨ ᠦ᠌ ᠪᠠᠶᠠᠨ ᠵᠡᠭᠦᠳᠦ ᠪᠡᠷ ᠢ᠋ᠶ᠋ᠡᠨ
ᠡᠷ᠎ᠡ ᠮᠡᠳᠡᠬᠦ ᠦᠭᠡᠢ ᠵᠥᠩᠳᠡᠭᠡᠨ ᠬᠥᠭᠵᠢᠮ ᠢ᠋
ᠨᠢᠭᠡ ᠶ᠋ᠢ ᠴᠦ᠍ ᠦᠯᠡᠳᠡᠭᠡᠯ ᠦᠭᠡᠢ ᠳᠤᠤᠭᠠᠷᠭᠠᠳᠠᠭ ᠰᠠᠨ

ᠬᠡᠦᠬᠡᠳ ᠨᠠᠰᠤᠨ ᠤ᠋ ᠵᠡᠭᠦᠳᠦ ᠨᠢ ᠪᠡᠶᠡᠯᠡᠵᠦ
ᠬᠦᠰᠡᠵᠦ ᠶᠠᠪᠤᠭᠰᠠᠨ ᠨᠠᠰᠤᠨ ᠳ᠋ᠠᠭᠠᠨ ᠬᠦᠷᠦᠯ᠎ᠡ
ᠠᠩᠬᠠᠨ ᠤ᠋ ᠲᠣᠭᠯᠠᠯᠲᠠ ᠪᠠᠨ ᠰᠠᠢᠨ ᠳᠠᠭᠤᠰᠬᠠᠵᠤ
ᠠᠮᠠᠷᠠᠭ ᠤ᠋ᠨ ᠵᠠᠬᠢᠶ᠎ᠠ ᠶ᠋ᠢ ᠴᠦ᠍ ᠵᠠᠳᠠᠯᠵᠤ ᠦᠵᠡᠯ᠎ᠡ᠃

ᠰᠤᠷᠬᠤ ᠳ᠋ᠤ᠌ ᠬᠥᠩᠭᠡᠨ ᠵᠠᠯᠠᠭᠤ ᠴᠠᠭ ᠤ᠋ᠨ
ᠰᠤᠤ ᠵᠠᠯᠢ ᠪᠠᠷ ᠪᠠᠳᠠᠷᠠᠵᠤ ᠶᠠᠪᠤᠬᠤ ᠳ᠋ᠤ᠌
ᠬᠦᠰᠡᠭᠰᠡᠨ ᠡᠷᠳᠡᠮ ᠢ᠋ᠶ᠋ᠡᠨ ᠡᠵᠡᠮᠰᠢᠬᠦ ᠡᠴᠡ ᠢᠯᠡᠭᠦᠦ
ᠬᠦᠨᠳᠦᠲᠡᠢ ᠶᠠᠭᠤᠮ᠎ᠠ ᠭᠡᠵᠦ ᠬᠠᠮᠢᠭ᠎ᠠ ᠪᠠᠢᠬᠤ ᠪᠣᠢ!

ᠣᠨᠴᠠᠯᠠᠵᠤ ᠨᠢᠭᠡ ᠶ᠋ᠢ ᠬᠦᠰᠡᠭᠡ ᠦᠭᠡᠢ ᠬᠥᠮᠦᠨ
ᠣᠷᠴᠢᠯᠠᠩ ᠳᠡᠯᠡᠬᠡᠢ ᠳ᠋ᠦ᠍ ᠪᠠᠢᠳᠠᠭ ᠦᠭᠡᠢ ᠪᠢᠵᠡ
ᠣᠷᠣᠯᠳᠣᠭᠰᠠᠨ ᠶᠠᠭᠤᠮ᠎ᠠ ᠪᠠᠨ ᠰᠤᠷᠤᠯ ᠦᠭᠡᠢ ᠬᠣᠴᠣᠷᠬᠤ
ᠣᠶᠤᠨ ᠤᠬᠠᠭᠠᠨ ᠭᠡᠵᠦ ᠴᠦ᠍ ᠪᠠᠢᠳᠠᠭ ᠦᠭᠡᠢ ᠶᠤᠮ

ᠣᠷᠣᠯᠳᠣᠯᠭ᠎ᠠ ᠠᠪᠢᠶᠠᠰ ᠢ᠋ᠶ᠋ᠠᠷ ᠣᠨᠳᠣᠣ ᠣᠨᠳᠣᠣ
ᠣᠯᠠᠨ ᠬᠥᠭᠵᠢᠮᠴᠢᠨ ᠢ᠋ ᠤᠳᠤᠷᠢᠳᠤᠨ᠎ᠠ ᠭᠡᠳᠡᠭ
ᠬᠡᠴᠡᠭᠦᠦ ᠨᠠᠷᠢᠨ ᠠᠶᠠᠯᠭᠤ ᠳᠠᠭᠤᠤ ᠶ᠋ᠢᠨ
ᠬᠡᠮᠵᠢᠶ᠎ᠡ ᠶ᠋ᠢ ᠴᠥᠮ ᠳ᠋ᠦ᠍ ᠮᠥᠷᠳᠡᠭᠦᠯᠦᠨ᠎ᠡ ᠭᠡᠳᠡᠭ

ᠠᠷᠪᠠᠨ ᠶᠢᠰᠦᠲᠡᠢ ᠭᠡᠨᠡᠬᠡᠨ ᠪᠦᠰᠡᠭᠦᠢ ᠳ᠋ᠦ᠍
ᠠᠭᠰᠤᠮ ᠮᠣᠷᠢ ᠪᠠᠷ ᠤᠷᠤᠯᠳᠤᠨ ᠳᠠᠪᠬᠢᠵᠤ
ᠠᠮᠠ ᠶ᠋ᠢ ᠨᠢ ᠪᠤᠯᠢᠶᠠᠴᠠᠯᠳᠤᠨ ᠭᠠᠷ ᠢ᠋ᠶ᠋ᠠᠨ ᠤᠷᠠᠬᠤ ᠡᠴᠡ
ᠠᠷᠠᠢ ᠬᠡᠴᠡᠭᠦᠦ ᠪᠠᠢᠭᠰᠠᠨ ᠪᠠᠢᠯᠭᠦᠢ᠁᠁

ᠵᠠᠷᠢᠮ ᠬᠥᠭᠵᠢᠮᠴᠢ ᠪᠤᠷᠤᠭᠤ ᠲᠣᠭᠯᠠᠴᠢᠬᠠᠭᠠᠳ
ᠵᠠᠮᠪᠠᠭ᠎ᠠ ᠶ᠋ᠢᠨ ᠥᠭᠡᠳᠡ ᠡᠴᠡ ᠭᠡᠮ ᠦᠭᠡᠢ ᠴᠢᠷᠠᠢᠯᠠᠨ᠎ᠠ
ᠬᠡᠯᠡᠭᠡᠳ ᠥᠭᠬᠦ ᠳ᠋ᠦ᠍ ᠳᠠᠬᠢᠭᠠᠳ ᠯᠠ ᠠᠯᠳᠠᠨ᠎ᠠ
ᠬᠡᠰᠡᠭ ᠪᠠᠢᠵᠠᠨᠠᠭᠠᠳ ᠨᠥᠭᠦᠭᠡ ᠨᠢ ᠠᠯᠳᠠᠨ᠎ᠠ᠁

ᠪᠠᠰᠠ ᠵᠠᠷᠢᠮ ᠨᠢ ᠨᠣᠲ ᠢ᠋ᠶ᠋ᠠᠨ ᠴᠡᠭᠡᠵᠢᠯᠡᠴᠢᠬᠡᠭᠡᠳ
ᠪᠠᠷᠤᠭ ᠲᠡᠭᠦᠨ ᠢ᠋ᠶ᠋ᠡᠨ ᠬᠠᠷᠠᠬᠤ ᠦᠭᠡᠢ ᠲᠣᠭᠯᠠᠪᠠᠴᠤ
ᠪᠠᠢᠷᠢ ᠰᠣᠯᠢᠬᠤ ᠵᠢᠵᠢᠭ ᠲᠡᠮᠳᠡᠭ ᠢ᠋
ᠪᠠᠢᠨ ᠪᠠᠢᠨ ᠮᠠᠷᠲᠠᠭᠠᠳ ᠥᠩᠭᠡᠷᠡᠭᠡᠨ᠎ᠡ᠁

ᠬᠠᠷᠢᠨ ᠥᠨᠥᠳᠥᠷ᠂ ᠤᠷᠢᠳᠤ ᠶ᠋ᠢᠨ ᠬᠢ ᠡᠴᠡ ᠣᠪᠣᠭ᠎ᠠ
ᠬᠠᠮᠤᠭ ᠨᠣᠲ ᠢ᠋ᠶ᠋ᠠᠨ ᠳᠠᠭᠤᠰᠲᠠᠯ᠎ᠠ ᠲᠣᠭᠯᠠᠭᠤᠯᠵᠤ
ᠬᠠᠨᠤᠮᠵᠢᠲᠠᠢ ᠰᠠᠢᠬᠠᠨ ᠴᠢᠷᠠᠢ ᠨᠢ ᠰᠢᠩᠭᠡᠷᠡᠵᠦ
ᠬᠠᠷᠢᠬᠤ ᠪᠠᠷ ᠵᠠᠮᠪᠠᠭ᠎ᠠ ᠶᠠᠭᠠᠷᠠᠯ ᠦᠭᠡᠢ ᠶᠠᠪᠤᠯ᠎ᠠ᠃

ᠢᠳᠡ ᠵᠤᠨ ᠤ᠋ ᠣᠷᠣᠢ ᠶ᠋ᠢᠨ ᠨᠠᠷᠠᠨ
ᠢᠯᠴᠢᠲᠡᠢ ᠭᠡᠭᠴᠢ ᠶ᠋ᠢᠨ ᠲᠥᠭᠡᠨᠡᠵᠦ ᠪᠠᠢᠨ᠎ᠠ᠂
ᠶᠡᠬᠡ ᠶ᠋ᠢᠨ ᠶᠡᠬᠡ ᠬᠥᠪᠴᠢ ᠶ᠋ᠢᠨ ᠵᠦᠭ ᠡᠴᠡ
ᠶᠧᠯᠸᠢ ᠶ᠋ᠢᠨ ᠶᠠᠭᠤᠮ᠎ᠠ ᠰᠢᠭ᠋ ᠴᠤᠤᠷᠢᠶ᠎ᠠ ᠰᠣᠨᠣᠰᠳᠠᠨ᠎ᠠ᠃

ᠲᠡᠷᠡᠬᠡᠨ ᠳᠣᠣᠷ᠎ᠠ ᠪᠠᠨ ᠪᠤᠯᠤᠩ ᠣᠷᠢᠶᠠᠵᠤ
ᠲᠡᠭᠰᠢ ᠬᠦᠦ ᠲᠡᠢ ᠭᠡᠨᠡᠳᠲᠡᠬᠡᠨ ᠲᠤᠯᠭᠠᠷᠠᠯ᠎ᠠ᠂
ᠲᠡᠪᠡᠳᠡᠭᠰᠡᠨ ᠬᠣᠶᠠᠷ ᠤ᠋ᠨ ᠳᠥᠷᠪᠡᠨ ᠨᠢᠳᠦ
ᠲᠡᠩᠬᠡᠭᠡ ᠮᠡᠳᠡᠨ ᠡᠰᠡᠷᠭᠦ ᠰᠢᠷᠳᠡᠯᠴᠡᠯ᠎ᠡ᠁

ᠬᠠᠯᠠᠭᠤ ᠰᠢᠲᠠᠬᠤ ᠤᠷᠤᠭᠤᠯ ᠤ᠋ᠨ ᠴᠠᠭᠠᠨ᠎ᠠ ᠡᠴᠡ
ᠬᠠᠯᠲᠤᠬᠠᠨ ᠰᠣᠨᠣᠰᠳᠠᠬᠤ ᠮᠡᠨᠳᠦ ᠶ᠋ᠢᠨ ᠦᠭᠡᠰ
ᠭᠡᠨᠡᠳᠲᠡ ᠶ᠋ᠢᠨ ᠪᠠᠢᠳᠠᠯ ᠡᠴᠡ ᠲᠡᠳᠡᠨ ᠢ᠋ ᠠᠪᠤᠷᠠᠵᠤ
ᠭᠡᠷ ᠦ᠋ᠨ ᠵᠦᠭ ᠵᠡᠷᠭᠡᠴᠡᠨ ᠠᠯᠬᠤᠯ᠎ᠠ᠃

ᠬᠤᠭᠤᠰ ᠡᠳᠦᠷ ᠦ᠋ᠨ ᠰᠣᠨᠢᠨ ᠢ᠋ ᠶᠠᠷᠢᠵᠤ
ᠬᠤᠪᠢᠰᠴᠤ ᠪᠠᠢᠳᠠᠭ ᠪᠠᠢᠭᠠᠯᠢ ᠶ᠋ᠢ ᠮᠠᠭᠲᠠᠵᠤ
ᠬᠤᠪᠢ ᠵᠠᠶᠠᠭᠠᠨ ᠤ᠋ ᠪᠠᠨ ᠬᠠᠷᠢᠭᠤ ᠵᠤᠷᠪᠤᠰ ᠢ᠋
ᠬᠤᠯᠠᠭᠠᠢ ᠨᠢᠳᠦ ᠪᠡᠷ ᠲᠡᠭᠰᠢ ᠬᠦᠯᠢᠶᠡᠨ᠎ᠡ᠃

ᠲᠣᠪᠴᠢᠬᠠᠨ ᠶᠠᠷᠢᠵᠤ᠂ ᠬᠥᠭᠡᠷᠦᠬᠦᠨ ᠢᠨᠢᠶᠡᠵᠦ
ᠲᠣᠮᠣᠭᠠᠲᠠᠢ ᠶᠠᠩᠵᠤ ᠪᠠᠷ ᠠᠯᠬᠤᠬᠤ ᠲᠠᠰᠢᠷᠠᠮ ᠳ᠋ᠤ᠌
ᠲᠣᠭᠣᠰᠣ ᠳᠠᠷᠤᠭᠰᠠᠨ ᠲᠡᠭᠰᠢ ᠶ᠋ᠢᠨ ᠪᠠᠢᠳᠠᠯ ᠢ᠋
ᠲᠣᠭᠣᠷᠢᠭᠤᠯᠵᠤ ᠪᠠᠰᠠ ᠵᠠᠮᠪᠠᠭ᠎ᠠ ᠨᠢ ᠠᠵᠢᠭᠯᠠᠨ᠎ᠠ᠃

《ᠠᠷᠤ ᠨᠢ ᠰᠠᠭᠠᠷᠢᠲᠤᠭᠰᠠᠨ ᠪᠣᠯᠢᠶ᠎ᠠ ᠭᠠᠷ ᠲᠠᠢ
ᠠᠷᠭᠢᠯ ᠳᠠᠭᠤ ᠲᠠᠢ᠂ ᠡᠪ ᠦᠭᠡᠢ ᠠᠯᠬᠤᠭ᠎ᠠ ᠲᠠᠢ
ᠠᠮᠤᠭᠤᠯᠠᠩ ᠴᠢᠷᠠᠢᠯᠠᠭᠰᠠᠨ ᠡᠨᠡ ᠵᠠᠯᠠᠭᠤ ᠡᠴᠡ
ᠠᠮᠠᠷᠠᠭ ᠤ᠋ᠨ ᠤᠶᠠᠨ ᠰᠡᠳᠬᠢᠯ ᠭᠠᠷᠴᠠᠢ ᠳᠠ?》

ᠭᠡᠵᠦ ᠵᠠᠮᠪᠠᠭ᠎ᠠ ᠳᠣᠲᠣᠷ᠎ᠠ ᠪᠠᠨ ᠰᠡᠳᠬᠢᠪᠡᠴᠦ
ᠭᠡᠨᠡᠨ ᠵᠠᠯᠠᠭᠤ ᠲᠡᠭᠦᠨ ᠢ᠋ ᠨᠢ ᠮᠡᠳᠡᠬᠦ ᠦᠭᠡᠢ᠁
ᠲᠡᠭᠡᠭᠡᠳ ᠴᠦ᠍ ᠵᠠᠮᠪᠠᠭ᠎ᠠ ᠮᠠᠨᠢ ᠠᠯᠤᠰ ᠲᠠᠭᠠᠨ
ᠲᠡᠭᠰᠢ ᠶ᠋ᠢ ᠪᠦᠷᠢᠨ ᠣᠢᠯᠠᠭᠠᠬᠤ ᠶᠤᠮ ᠴᠢᠨᠢ᠁

ᠭᠣᠢᠳᠠ ᠶᠠᠭᠤᠮ᠎ᠠ ᠶᠠᠷᠢᠭᠰᠠᠨ ᠴᠤ᠌ ᠦᠭᠡᠢ
ᠭᠣᠷᠢᠳᠠᠭᠰᠠᠨ ᠬᠠᠷᠢᠭᠤ ᠶ᠋ᠢ ᠨᠢ ᠥᠭᠭᠦᠭᠰᠡᠨ ᠴᠦ᠍ ᠦᠭᠡᠢ
ᠵᠠ ᠪᠠᠶᠠᠷᠲᠠᠢ ᠲᠡᠭᠰᠢ! ᠭᠡᠳ
ᠵᠠᠮᠪᠠᠭ᠎ᠠ ᠬᠡᠦᠬᠡᠨ ᠬᠥᠭᠡᠷᠦᠬᠦᠨ ᠢᠨᠢᠶᠡᠮᠰᠦᠭᠯᠡᠪᠡ᠃

ᠬᠣᠩᠭᠣᠷ ᠬᠡᠦᠬᠡᠨ ᠦ᠌ ᠪᠡᠨ ᠢᠯᠳᠠᠮ ᠬᠠᠷᠠᠴᠠ ᠶ᠋ᠢ
ᠬᠣᠷᠣᠮᠬᠠᠨ ᠪᠣᠯᠪᠠᠴᠤ ᠥᠪᠡᠷ ᠲᠡᠭᠡᠨ ᠲᠤᠰᠤᠭᠰᠠᠨ ᠳ᠋ᠤ᠌
ᠬᠣᠭᠣᠰᠣᠨ ᠪᠠᠶᠠᠷᠯᠠᠭᠠᠳ ᠶᠠᠷᠢᠵᠤ ᠶᠠᠪᠤᠳᠠᠭ
ᠬᠣᠷᠢᠭᠠᠳ ᠨᠠᠰᠤᠲᠠᠢ ᠵᠠᠯᠠᠭᠤᠰ ᠤ᠋ᠨ ᠠᠳᠠᠯᠢ

ᠲᠡᠭᠰᠢ ᠴᠦ᠍ ᠪᠠᠰᠠ ᠲᠡᠭᠰᠢ ᠪᠠᠶᠠᠰᠤᠭᠠᠳ
ᠲᠡᠨᠳᠡ ᠡᠴᠡ ᠴᠠᠭᠠᠰᠢ ᠪᠠᠨ ᠤᠷᠮᠠᠲᠠᠢ ᠠᠯᠬᠤᠪᠠ
ᠬᠣᠶᠠᠷ ᠳᠤᠭᠤᠢᠲᠤ ᠶ᠋ᠢᠨ ᠫᠠᠷᠭᠢᠶ᠎ᠠ ᠳᠠᠭᠤ
ᠬᠣᠯᠠ ᠶ᠋ᠢᠨ ᠬᠣᠯᠠ ᠡᠴᠡ ᠲᠣᠳᠣᠷᠠᠨ ᠳᠤᠭᠤᠯᠳᠠᠪᠠ᠃

        4

ᠳᠥᠴᠢᠨ ᠶᠢᠰᠦ ᠶ᠋ᠢᠨ ᠳᠠᠪᠬᠢᠭᠠᠨ ᠳ᠋ᠤ᠌
ᠠᠭᠠᠷ ᠰᠠᠯᠬᠢᠨ ᠢᠰᠬᠡᠷᠦᠨ᠎ᠡ᠂
ᠲᠦᠳᠡ ᠶ᠋ᠢᠨ ᠵᠠᠮ ᠵᠤᠷᠠᠢᠵᠤ
ᠠᠮᠢᠳᠤ ᠶᠠᠭᠤᠮ᠎ᠠ ᠰᠢᠭ᠋ ᠮᠤᠰᠬᠢᠷᠠᠨ᠎ᠠ᠃

ᠡᠮᠵᠡᠭ ᠵᠥᠭᠡᠯᠡᠨ ᠰᠡᠳᠬᠢᠯ ᠦ᠋ᠨ
ᠣᠳᠣ ᠨᠢ ᠪᠣᠯᠤᠮᠠᠷ ᠬᠥᠮᠦᠨ
ᠡᠨᠡ ᠵᠢᠵᠢᠭ ᠲᠣᠰᠬᠣᠨ ᠤ᠋
ᠣᠬᠢ ᠨᠢ ᠭᠡᠮᠡᠷ ᠵᠠᠯᠠᠭᠤ

ᠵᠠᠯᠠᠭᠤᠷ ᠳᠡᠭᠡᠷ᠎ᠡ ᠪᠡᠨ ᠪᠥᠬᠥᠢᠵᠦ
ᠵᠠᠮ ᠤ᠋ᠨ ᠠᠯᠤᠰ ᠢ᠋ ᠰᠢᠷᠲᠡᠨ᠎ᠡ᠂
ᠵᠠᠮ ᠤ᠋ᠨ ᠲᠡᠷᠡ ᠠᠯᠤᠰ ᠲᠤᠨᠢ
ᠵᠠᠮᠪᠠᠭ᠎ᠠ ᠶ᠋ᠢᠨ ᠪᠠᠢᠰᠢᠩ ᠣᠢᠷᠠᠲᠤᠨ᠎ᠠ᠃

ᠰᠢᠨᠡᠬᠡᠨ ᠬᠣᠶᠠᠷ ᠳᠤᠭᠤᠢᠲᠤ ᠶ᠋ᠢᠨ
ᠰᠢᠷᠦᠭᠦᠨ ᠳᠠᠪᠬᠢᠭᠠᠨ ᠳᠤᠮᠳᠠᠭᠤᠷ
ᠰᠢᠯ ᠦ᠋ᠨ ᠴᠣᠩᠬᠣᠨ ᠤ᠋ ᠬᠢᠨᠢ ᠵᠦᠭ
ᠰᠢᠷᠪᠢᠵᠦ ᠨᠢᠭᠡ ᠬᠠᠷᠠᠪᠠᠯ

ᠲᠣᠭᠲᠠᠭᠤᠨ ᠰᠠᠯᠬᠢᠨ ᠳ᠋ᠤ᠌ ᠰᠡᠪᠡᠯᠵᠡᠬᠦ
ᠲᠣᠷᠭᠠᠨ ᠬᠥᠰᠢᠭᠡᠨ ᠦ᠌ ᠬᠢᠨᠢ ᠵᠠᠪᠰᠠᠷ ᠢ᠋ᠶ᠋ᠠᠷ
ᠦᠰᠦ ᠪᠡᠨ ᠬᠠᠭᠠᠯᠵᠤ ᠰᠠᠮᠨᠠᠭᠰᠠᠨ
ᠦᠵᠡᠮᠵᠢᠲᠦ ᠲᠡᠷᠢᠭᠦᠨ ᠴᠤᠬᠤᠢᠨ᠎ᠠ᠁

ᠤᠷᠠᠨ ᠵᠢᠷᠤᠭᠠᠴᠢ ᠵᠠᠮᠪᠠᠯ
ᠤᠲᠤᠭ᠎ᠠ᠂ ᠲᠣᠭᠣᠰᠣ ᠲᠠᠲᠠᠭᠤᠯᠤᠭᠰᠠᠭᠠᠷ
ᠤᠷᠢᠳᠤᠭᠤᠷ ᠨᠢ ᠢᠩᠭᠢᠵᠦ ᠥᠩᠭᠡᠷᠡᠬᠦ ᠳ᠋ᠡᠭᠡᠨ
ᠤᠴᠢᠷᠲᠠᠢ ᠨᠢᠳᠦ ᠪᠡᠷ ᠰᠢᠷᠳᠡᠭᠰᠡᠨ ᠢ᠋

ᠵᠠᠯᠠᠭᠤ ᠭᠡᠨᠡᠨ ᠰᠡᠳᠬᠢᠯ ᠲᠡᠢ
ᠵᠠᠮᠪᠠᠭ᠎ᠠ ᠬᠡᠦᠬᠡᠨ ᠮᠡᠳᠡᠭᠡ ᠦᠭᠡᠢ ᠴᠦ᠍
ᠬᠠᠷᠢᠵᠤ ᠶᠠᠪᠤᠬᠤ ᠳ᠋ᠠᠭᠠᠨ ᠲᠡᠭᠰᠢ
ᠬᠠᠷᠠᠭᠰᠠᠨ ᠴᠤ᠌ ᠪᠠᠢᠵᠤ ᠪᠣᠯᠬᠤ ᠶᠤᠮ᠃

ᠥᠷᠥᠭᠡᠨ ᠳ᠋ᠡᠭᠡᠨ ᠢᠷᠡᠭᠡᠳ ᠵᠠᠮᠪᠠᠯ
ᠥᠷᠥᠭᠡᠰᠦᠨ ᠮᠥᠷᠦᠨ ᠳ᠋ᠡᠭᠡᠨ ᠵᠡᠭᠦᠭᠰᠡᠨ
ᠰᠤᠳᠤᠯᠪᠤᠷᠢ ᠵᠢᠷᠤᠭ ᠤ᠋ᠨ ᠬᠠᠢᠷᠴᠠᠭ ᠢ᠋ᠶ᠋ᠠᠨ
ᠰᠤᠷᠮᠠᠭᠠᠢ ᠮᠠᠶᠢᠭ ᠢ᠋ᠶ᠋ᠠᠷ ᠮᠤᠯᠲᠤᠯᠵᠤ

ᠰᠢᠯ ᠲᠣᠯᠢ ᠦᠷᠦᠭᠡᠰᠦᠲᠡᠢ
ᠰᠢᠮ᠎ᠡ ᠶ᠋ᠢᠨ ᠪᠣᠳᠣᠭ ᠳᠡᠯᠭᠡᠭᠡᠰᠦᠲᠡᠢ
ᠥᠷᠭᠡᠨ ᠰᠠᠢᠬᠠᠨ ᠰᠢᠷᠡᠭᠡᠨ ᠦ᠌
ᠥᠨᠴᠥᠭ ᠳᠡᠭᠡᠷ᠎ᠡ ᠲᠠᠯᠪᠢᠭᠠᠳ

ᠭᠠᠢᠬᠠᠵᠤ ᠬᠡᠰᠡᠭ ᠵᠣᠭᠰᠣᠭᠰᠠᠨ ᠢ᠋ᠶ᠋ᠠᠨ
ᠭᠠᠳᠠᠭᠤᠷ ᠴᠠᠮᠴᠠ ᠪᠠᠨ ᠲᠠᠢᠯᠵᠤ᠂
ᠭᠠᠷ ᠨᠢᠭᠤᠷ ᠢ᠋ᠶ᠋ᠠᠨ ᠤᠬᠢᠶᠠᠬᠤ ᠪᠠᠷ
ᠭᠠᠯ ᠤ᠋ᠨ ᠥᠷᠥᠭᠡᠨ ᠳ᠋ᠦ᠍ ᠣᠷᠣᠯ᠎ᠠ᠃

ᠡᠨᠡᠬᠡᠨ ᠰᠠᠮᠪᠠᠭᠠᠨ ᠳ᠋ᠤᠨᠢ ᠠᠮᠵᠢᠵᠤ
ᠡᠷᠬᠢᠮ ᠵᠢᠷᠤᠭᠠᠴᠢ ᠶ᠋ᠢᠨ ᠲᠤᠬᠠᠢ
ᠲᠣᠮᠣᠭᠠᠲᠠᠢ ᠬᠥᠮᠦᠨ ᠡᠴᠡ ᠲᠤᠭᠤᠯᠤᠭᠰᠠᠨ ᠢ᠋ᠶ᠋ᠠᠨ
ᠲᠣᠢᠮᠣ ᠲᠡᠳᠦᠢ ᠥᠭᠦᠯᠡᠪᠡᠯ :

ᠡᠷᠦᠬᠡ ᠭᠡᠷ ᠲᠡᠭᠡᠨ ᠭᠠᠭᠴᠠ ᠪᠡᠷ ᠢ᠋ᠶ᠋ᠡᠨ ᠴᠦ᠍
ᠥᠩᠭᠡ ᠲᠡᠢ ᠰᠠᠷᠠᠭᠤᠯᠬᠠᠨ ᠶᠠᠩᠵᠤ ᠪᠠᠷ ᠢ᠋ᠶ᠋ᠠᠨ
ᠥᠨᠥᠳᠥᠷ ᠦ᠋ᠨ ᠬᠤᠪᠢ ᠳ᠋ᠤ᠌ ᠵᠠᠮᠪᠠᠯ ᠢ᠋
ᠦᠭᠡᠴᠢᠯᠡᠵᠦ ᠬᠡᠯᠡᠬᠦ ᠶᠠᠭᠤᠮ᠎ᠠ ᠦᠭᠡᠢ ᠲᠠᠭ ᠁

ᠣᠢᠭ᠎ᠠ ᠦᠭᠡᠢ ᠰᠠᠢᠨ ᠠᠵᠢᠯᠯᠠᠳᠠᠭ ᠭᠡᠵᠦ
ᠤᠳᠤᠷᠢᠳᠬᠤ ᠭᠠᠵᠠᠷ ᠨᠢ ᠮᠠᠭᠲᠠᠳᠠᠭ ᠂
ᠤᠷᠠᠯᠢᠭ ᠤ᠋ᠨ ᠲᠥᠯᠥᠭᠡ ᠲᠥᠷᠥᠭᠰᠡᠨ ᠭᠡᠵᠦ
ᠠᠭᠤᠯᠵᠠᠭᠰᠠᠨ ᠨᠥᠬᠥᠳ ᠨᠢ ᠪᠠᠬᠠᠳᠣᠳᠠ᠊ᠭ ᠃

ᠬᠤᠷᠠᠯ ᠳᠡᠭᠡᠷ᠎ᠡ ᠬᠠᠮᠤᠭ ᠤ᠋ᠨ ᠲᠦᠷᠦᠭᠦᠨ ᠳ᠋ᠦ᠍
ᠬᠤᠪᠢ ᠶ᠋ᠢᠨ ᠰᠠᠨᠠᠯ ᠢ᠋ᠶ᠋ᠠᠨ ᠭᠠᠷᠭᠠᠳᠠᠭ ᠂
ᠳᠠᠪᠲᠠᠵᠤ ᠶᠡᠷᠦ ᠳ᠋ᠡᠭᠡᠨ ᠪᠣᠯᠵᠣᠰᠢ ᠦᠭᠡᠢ
ᠳᠠᠢᠴᠢᠨ ᠰᠢᠭᠦᠮᠵᠢᠯᠡᠯ ᠲᠠᠯᠪᠢᠳᠠᠭ ᠁

ᠭᠤᠸ᠎ᠠ ᠰᠠᠢᠬᠠᠨ ᠢ᠋ ᠳᠠᠭᠤᠷᠢᠶᠠᠯᠭᠠᠬᠤ
ᠭᠣᠢᠳᠠ ᠶ᠋ᠢᠨ ᠠᠪᠢᠶᠠᠰ ᠲᠠᠢ ᠪᠣᠯᠬᠤ ᠪᠠᠷ
ᠭᠣᠣᠯᠳᠠᠭᠤ ᠥᠪᠡᠷ ᠦ᠋ᠨ ᠨᠢᠳᠦ ᠪᠡᠷ
ᠭᠣᠯᠣᠵᠤ ᠰᠢᠯᠢᠬᠦ ᠵᠢᠰᠢᠶ᠎ᠠ ᠲᠠᠢ ᠁

      ※※※

ᠵᠠᠮᠪᠠᠯ ᠤᠭ ᠨᠢ ᠨᠢᠮᠪᠠᠢ
ᠵᠢᠶᠠᠵᠠ ᠵᠢᠷᠤᠭ ᠲᠠᠭᠠᠨ ᠴᠢᠮᠪᠠᠢ
ᠢᠯᠡᠭᠦᠦ ᠥᠮᠥᠳᠥᠨ ᠳ᠋ᠦ᠍ᠨᠢ ᠴᠦ᠍ ᠭᠡᠰᠡᠨ
ᠢᠡᠳᠦᠦ ᠶ᠋ᠢᠨ ᠨᠤᠭᠤᠯᠤᠭᠠᠰᠤ ᠪᠠᠯᠠᠷᠠᠭ᠎ᠠ ᠦᠭᠡᠢ᠃

ᠤᠯᠠᠭᠠᠨᠪᠠᠭᠠᠲᠤᠷ ᠬᠣᠲᠠ ᠳ᠋ᠤ᠌
ᠤᠷᠠᠯᠢᠭ ᠤ᠋ᠨ ᠰᠤᠷᠭᠠᠭᠤᠯᠢ ᠲᠡᠭᠦᠰᠦᠭᠰᠡᠨ᠂
ᠬᠣᠯᠠ ᠣᠢᠷ᠎ᠠ ᠦᠭᠡᠢ ᠠᠵᠢᠯᠯᠠᠭᠰᠠᠭᠠᠷ
ᠬᠣᠷᠢᠨ ᠲᠠᠪᠤ ᠬᠦᠷᠦᠭᠰᠡᠨ ᠬᠥᠮᠦᠨ ᠳᠡ᠃

         5

ᠬᠣᠷᠢᠨ ᠲᠠᠪᠤ ᠬᠦᠷᠴᠦ ᠪᠠᠢᠭ᠎ᠠ ᠴᠤ᠌
ᠬᠣᠲᠠ ᠶ᠋ᠢᠨ ᠬᠡᠭᠡᠨᠴᠢᠷ ᠵᠢᠷᠤᠭᠠᠴᠢ ᠮᠠᠨᠢ
ᠬᠣᠩᠭᠣᠷ ᠰᠡᠡᠣᠬᠢᠯ ᠪᠠᠭ᠎ᠠ ᠶ᠋ᠢᠨ ᠶᠠᠪᠤᠳᠠᠯ ᠨᠢ
ᠬᠣᠨᠣᠭ ᠤ᠋ᠨ ᠣᠯᠠᠨ ᠳ᠋ᠤ᠌ ᠨᠠᠮᠳᠠᠭ᠎ᠠ ᠦᠭᠡᠢ ᠭᠡᠨ᠎ᠡ᠃

ᠵᠤᠰᠠᠯᠠᠩ ᠭᠣᠣᠯ ᠤ᠋ᠨ ᠡᠷᠭᠢ ᠣᠷᠴᠢᠮ ᠡᠴᠡ
ᠵᠤᠭᠠᠲᠤ ᠰᠡᠳᠬᠢᠯ ᠢ᠋ ᠨᠢ ᠬᠥᠳᠡᠯᠭᠡᠨ ᠲᠠᠲᠠᠬᠤ
ᠵᠤᠯᠠ ᠨᠢ ᠪᠣᠯᠤᠭᠰᠠᠨ ᠵᠠᠮᠪᠠᠭ᠎ᠠ ᠪᠦᠰᠡᠭᠦᠢ ᠶ᠋ᠢ
ᠵᠢᠷᠤᠭᠠᠴᠢ ᠶ᠋ᠢᠨ ᠨᠢᠳᠦ ᠬᠡᠳᠦᠢᠨ ᠠᠵᠢᠭᠰᠠᠨ ᠶᠤᠮ᠃

      ※※※

ᠨᠠᠢ᠍ᠮᠠᠨ ᠰᠠᠷ᠎ᠠ ᠶ᠋ᠢᠨ ᠢᠳᠡ ᠳᠤᠮᠳᠠᠭᠤᠷ
ᠨᠠᠷᠠ ᠬᠡᠪᠡᠢᠭᠰᠡᠨ ᠣᠷᠣᠢ ᠶ᠋ᠢᠨ ᠴᠠᠭ ᠢ᠋ᠶ᠋ᠠᠷ
ᠨᠠᠷᠢᠨ ᠭᠣᠣᠯ ᠤ᠋ᠨ ᠰᠡᠷᠢᠭᠦᠨ ᠳᠡᠨᠵᠢ ᠪᠡᠷ
ᠵᠠᠮᠪᠠᠭ᠎ᠠ ᠪᠦᠰᠡᠭᠦᠢ ᠵᠤᠭᠠᠯᠠᠵᠤ ᠶᠠᠪᠤᠨ᠎ᠠ᠃

ᠭᠡᠨᠡᠬᠡᠨ ᠥᠬᠢᠨ ᠦ᠌ ᠳᠠᠯᠳᠠ ᠶ᠋ᠢᠨ ᠬᠦᠰᠡᠯᠡᠩ ᠰᠢᠭ
ᠭᠡᠷᠡᠯ ᠲᠠᠲᠠᠭᠰᠠᠨ ᠳᠠᠪᠬᠤᠷ᠎ᠠ ᠨᠢᠳᠦ ᠰᠢᠭ
ᠤᠰᠤ ᠲᠡᠭᠡᠵᠦ ᠨᠠᠮᠤᠭᠤᠬᠠᠨ ᠮᠡᠯᠲᠡᠢᠨ᠎ᠡ
ᠤᠯᠤᠰ ᠠᠮᠢᠲᠠᠨ ᠡᠷᠭᠢ ᠪᠡᠷ ᠨᠢ ᠵᠤᠭᠠᠯᠠᠨ᠎ᠠ᠃

ᠰᠠᠷᠠᠭᠤᠯ ᠮᠠᠩᠨᠠᠢ ᠳ᠋ᠤᠨᠢ ᠦᠷᠴᠢᠯᠡᠭᠡ ᠰᠠᠭᠤᠭᠰᠠᠨ
ᠰᠠᠨᠴᠢᠭ ᠤ᠋ᠨ ᠦᠰᠦᠨ ᠳ᠋ᠦ᠍ᠨᠢ ᠪᠤᠭᠤᠷᠤᠯ ᠣᠷᠣᠭᠰᠠᠨ
ᠰᠠᠢᠬᠠᠨ ᠵᠠᠩᠲᠠᠢ ᠡᠪᠦᠭᠡᠵᠢᠶᠡᠷ ᠬᠥᠮᠦᠨ
ᠵᠠᠯᠠᠭᠤ ᠨᠠᠰᠤᠨ ᠤ᠋ ᠲᠡᠦᠬᠡ ᠪᠡᠨ ᠶᠠᠷᠢᠨ᠎ᠠ᠃

ᠰᠣᠨᠣᠰᠬᠤ ᠦᠵᠡᠬᠦ ᠬᠦᠰᠡᠯ ᠢ᠋ᠶ᠋ᠡᠷ ᠳᠦᠭᠦᠷᠡᠩ
ᠰᠣᠨᠢᠭᠤᠴᠢ ᠪᠠᠭᠠᠴᠤᠤᠯ ᠠᠮᠠ ᠪᠠᠨ ᠠᠩᠭᠠᠢᠵᠤ
ᠪᠤᠭᠤᠷᠤᠯ ᠤ᠋ᠨ ᠶᠠᠷᠢᠶ᠎ᠠ ᠶ᠋ᠢ ᠳᠤᠷᠠᠲᠠᠢ ᠴᠢᠩᠨᠠᠨ᠎ᠠ
ᠪᠤᠰᠤᠳ ᠨᠢ ᠪᠠᠰᠠ ᠲᠣᠭᠣᠷᠢᠨ ᠰᠠᠭᠤᠵᠠᠭᠠᠨ᠎ᠠ᠃

ᠵᠠᠯᠠᠭᠤ ᠬᠡᠦᠬᠡᠨ ᠨᠦ᠍ᠭᠦᠳ ᠵᠠᠢᠳᠠᠭᠤ ᠰᠠᠭᠤᠵᠠᠭᠠᠵᠤ
ᠵᠠᠷᠢᠮ ᠵᠦᠢᠯ ᠢ᠋ᠶ᠋ᠡᠨ ᠰᠢᠪᠡᠨᠡᠨ ᠶᠠᠷᠢᠵᠠᠭᠠᠨ᠎ᠠ
ᠵᠢᠪᠡᠭᠦᠨ ᠴᠣᠪᠣᠭᠣᠯᠢᠭ ᠢᠨᠢᠶᠡᠬᠦ ᠳᠠᠭᠤᠨ ᠳ᠋ᠤᠨᠢ
ᠵᠡᠷᠯᠢᠭ ᠨᠤᠭᠤᠰᠤ ᠨᠢᠰᠦᠨ ᠠᠯᠳᠠᠨ᠎ᠠ᠃

ᠲᠡᠳᠡᠨ ᠦ᠌ ᠵᠦᠭ ᠰᠢᠷᠳᠡᠭᠰᠡᠭᠡᠷ ᠵᠠᠮᠪᠠᠭ᠎ᠠ
ᠲᠡᠷᠡᠬᠡᠨ ᠬᠡᠰᠡᠭ ᠮᠣᠳᠣ ᠤᠷᠤᠭᠤ ᠣᠷᠣᠬᠤ ᠳ᠋ᠠᠭᠠᠨ
ᠲᠡᠭᠰᠢ ᠶ᠋ᠢᠨ ᠲᠤᠬᠠᠢ᠂ ᠵᠠᠬᠢᠳᠠᠯ ᠤ᠋ᠨ ᠲᠤᠬᠠᠢ
ᠲᠠᠰᠤ ᠥᠭᠡᠷ᠎ᠡ ᠶᠠᠭᠤᠮ᠎ᠠ ᠪᠣᠳᠣᠵᠤ ᠶᠠᠪᠤᠯ᠎ᠠ᠁

《ᠢᠳᠡ ᠰᠡᠳᠬᠢᠯ ᠦ᠋ᠨ ᠳᠤᠷᠠᠯᠠᠯ ᠭᠡᠳᠡᠭ
ᠢᠩᠭᠢᠵᠦ ᠭᠡᠨᠡᠳᠲᠡ ᠢᠷᠡᠳᠡᠭ ᠶᠤᠮ ᠪᠣᠯ ᠤᠤ?
ᠢᠲᠡᠭᠡᠵᠦ ᠪᠢᠴᠢᠭᠰᠡᠨ ᠵᠠᠬᠢᠳᠠᠯ ᠭᠡᠳᠡᠭ
ᠡᠢᠮᠦ ᠯᠡ ᠵᠢᠭᠠᠬᠠᠨ ᠪᠠᠢᠳᠠᠭ ᠶᠤᠮ ᠪᠣᠯ ᠤᠤ?

ᠬᠠᠷᠢᠭᠤ ᠶ᠋ᠢ ᠨᠢ ᠪᠢ ᠬᠡᠵᠢᠶ᠎ᠡ ᠥᠭᠬᠦ ᠪᠣᠢ?
ᠬᠠᠷᠢᠭᠠᠳ ᠪᠢᠴᠢᠬᠦ ᠤᠤ? ᠬᠣᠵᠢᠮ ᠪᠣᠯᠬᠤ ᠤᠤ?
ᠬᠡᠵᠢᠶ᠎ᠡ ᠴᠦ᠍ ᠢᠯᠭᠠᠭ᠎ᠠ ᠦᠭᠡᠢ᠁ ᠬᠠᠷᠢᠨ ᠶᠠᠭᠤ ᠭᠡᠬᠦ ᠪᠣᠢ?
ᠬᠡᠨ ᠳ᠋ᠦ᠍ ᠢᠯᠭᠠᠭ᠎ᠠ ᠦᠭᠡᠢ ᠨᠢᠭᠡ ᠯᠡ ᠵᠥᠪᠰᠢᠶᠡᠷᠡᠬᠦ ᠪᠠᠢᠬ᠎ᠠ᠁

ᠲᠡᠭᠡᠬᠦ ᠳ᠋ᠡᠭᠡᠨ᠁ ᠣᠳᠣ ᠯᠠ ᠵᠥᠪᠰᠢᠶᠡᠷᠡᠬᠦ ᠭᠡᠵᠦ ᠤᠤ?
ᠲᠡᠭᠰᠢ᠁ ᠶᠡᠷᠦ ᠳ᠋ᠡᠭᠡᠨ ᠯᠡ ᠲᠡᠭᠰᠢ ᠭᠡᠵᠦ ᠤᠤ?
ᠲᠡᠷᠡ ᠶᠡᠷᠦ ᠨᠢ ᠠᠯᠢ ᠵᠡᠷᠭᠡ ᠶ᠋ᠢᠨ ᠵᠠᠯᠠᠭᠤ ᠪᠣᠯ?
ᠭᠡᠷ ᠣᠷᠣᠨ ᠳ᠋ᠠᠭᠠᠨ ᠠᠮᠢᠳᠤᠷᠠᠯ ᠠᠬᠤᠢ ᠨᠢ ᠬᠢᠷᠢ ᠪᠣᠯ?

ᠠᠷᠠᠢ ᠬᠡᠳᠦᠨ ᠰᠠᠷ᠎ᠠ ᠶ᠋ᠢᠨ ᠳᠠᠷᠠᠭ᠎ᠠ ᠪᠠᠷ
ᠠᠭᠠᠰᠢ ᠵᠠᠩ ᠢ᠋ᠶ᠋ᠠᠨ ᠭᠡᠨᠡᠳᠲᠡᠬᠡᠨ ᠥᠭᠡᠷᠡᠴᠢᠯᠡᠭᠡᠳ
ᠠᠮᠢᠳᠤᠷᠠᠵᠤ ᠰᠤᠷᠤᠭ᠎ᠠ ᠦᠭᠡᠢ ᠨᠠᠮᠠᠶ᠋ᠢ ᠪᠠᠨ ᠥᠭᠡᠷᠡᠴᠢᠯᠡᠭᠡᠳ
ᠠᠷᠤ ᠪᠠᠷ ᠨᠢ ᠲᠠᠯᠪᠢᠴᠢᠬᠠᠬᠤ ᠬᠥᠮᠦᠨ ᠪᠢᠰᠢ ᠪᠠᠢᠬ᠎ᠠ!》

ᠪᠦᠰᠡᠭᠦᠢ ᠵᠠᠮᠪᠠᠭ᠎ᠠ ᠢᠩᠭᠢᠵᠦ ᠪᠣᠳᠣᠭᠰᠠᠭᠠᠷ᠂
ᠪᠦᠷᠦᠭ ᠵᠠᠯᠠᠭᠤ ᠶ᠋ᠢ ᠢᠲᠡᠭᠡᠵᠦ ᠶᠠᠳᠠᠭᠰᠠᠭᠠᠷ᠁
ᠤᠯᠢᠶᠠᠰᠤ ᠬᠤᠰᠤᠨ ᠤ᠋ ᠰᠡᠢᠷᠡᠭᠬᠡᠨ ᠣᠢ ᠳᠤᠮᠳᠠᠭᠤᠷ
ᠤᠯᠪᠠᠭ᠎ᠠ ᠵᠠᠮ ᠢ᠋ᠶ᠋ᠠᠷ ᠴᠢᠭᠢᠷᠠᠭᠬᠠᠨ ᠠᠯᠬᠤᠭᠰᠠᠭᠠᠷ᠁

ᠠᠯᠠᠭ ᠨᠢᠳᠦ ᠪᠡᠨ ᠣᠯᠠᠨ ᠣᠯᠠᠨ ᠴᠠᠪᠴᠢᠯᠠᠵᠤ
ᠠᠯᠴᠢᠭᠤᠷ ᠶᠤᠭᠠᠨ ᠢᠮᠡᠴᠢᠨ ᠨᠤᠬᠤᠴᠢᠨ ᠪᠠᠢᠵᠤ
ᠠᠯᠤᠰ ᠢ᠋ ᠨᠢ ᠪᠠᠢᠲᠤᠭᠠᠢ ᠣᠳᠣ ᠶ᠋ᠢ ᠨᠢ ᠮᠡᠳᠡᠭᠡ ᠦᠭᠡᠢ
ᠠᠩᠬᠠᠨ ᠤ᠋ ᠬᠠᠢᠷ᠎ᠠ ᠶ᠋ᠢᠨ ᠲᠤᠬᠠᠢ ᠳᠠᠭᠠᠵᠤ ᠶᠠᠳᠠᠨ᠎ᠠ᠃

ᠬᠦᠦ ᠴᠦ᠍ ᠭᠡᠰᠡᠨ᠂ ᠬᠡᠦᠬᠡᠨ ᠴᠦ᠍ ᠭᠡᠰᠡᠨ
ᠬᠡᠦᠬᠡᠳ ᠨᠠᠰᠤ ᠪᠠᠨ ᠥᠩᠭᠡᠷᠡᠭᠡᠳ ᠢᠷᠡᠬᠦ ᠳ᠋ᠦ᠍
ᠬᠥᠮᠦᠨ ᠲᠥᠷᠥᠯᠬᠢᠲᠡᠨ ᠦ᠌ ᠠᠪᠤᠷᠭᠤ ᠶᠢᠷᠲᠢᠨᠴᠦ ᠡᠴᠡ
ᠳᠡᠭᠡᠳᠦ ᠱᠠᠩᠨᠠᠯ ᠢ᠋ ᠢᠩᠭᠢᠵᠦ ᠬᠦᠷᠲᠡᠳᠡᠭ ᠶᠤᠮ᠃

ᠳᠡᠯᠡᠬᠡᠢ ᠳᠡᠭᠡᠷᠡᠬᠢ ᠪᠦᠲᠦᠭᠡᠯᠴᠢ ᠠᠮᠢᠳᠤᠷᠠᠯ ᠤ᠋ᠨ
ᠳᠡᠭᠡᠭᠰᠢᠯᠡᠨ ᠬᠥᠭᠵᠢᠬᠦ ᠦᠨᠳᠦᠰᠦ ᠪᠣᠯᠤᠭᠰᠠᠨ
ᠦᠨᠡᠨ ᠵᠥᠪ ᠳᠤᠷᠠᠯᠠᠯ ᠭᠡᠳᠡᠭ ᠴᠢᠨᠢ
ᠦᠵᠡᠬᠦ ᠦᠵᠡᠯ᠂ ᠳᠠᠭᠠᠬᠤ ᠭᠣᠷᠢᠮ ᠲᠠᠢ!

ᠭᠡᠳᠡᠰᠦ ᠨᠢ ᠴᠠᠳᠪᠠᠴᠤ ᠰᠠᠨᠠᠭ᠎ᠠ ᠨᠢ ᠴᠠᠳᠳᠠᠭ ᠦᠭᠡᠢ
ᠵᠠᠷᠢᠮ ᠨᠢᠭᠡ ᠲᠢᠭ ᠦᠭᠡᠢ ᠵᠢᠭᠠᠯ ᠰᠢᠭ᠋
ᠭᠡᠷ ᠪᠦᠯᠢ᠂ ᠳᠤᠷᠠᠯᠠᠯ ᠤ᠋ᠨ ᠲᠠᠯ᠎ᠠ ᠳᠡᠭᠡᠷ᠎ᠡ
ᠵᠠᠯᠠᠭᠤ ᠮᠢᠨᠢ ᠪᠤᠤ ᠳᠠᠪᠠᠷᠠᠭᠠᠷᠠᠢ᠁

ᠡᠬᠢᠯᠡᠭᠡᠳ ᠤᠴᠠᠷᠠᠬᠤ ᠰᠠᠢᠬᠠᠨ ᠲᠣᠬᠢᠶᠠᠯ
ᠡᠷᠭᠢᠬᠦ ᠨᠢᠳᠦ ᠶ᠋ᠢ ᠪᠤᠯᠢᠶᠠᠵᠤ ᠪᠠᠢᠪᠠᠴᠤ
ᠲᠡᠷᠡ ᠡᠴᠡ ᠰᠠᠢᠬᠠᠨ ᠴᠠᠭᠠᠨ᠎ᠠ ᠨᠢ ᠪᠣᠢ ᠭᠡᠵᠦ
ᠲᠡᠪᠴᠢᠵᠦ ᠬᠦᠯᠢᠶᠡᠬᠦ ᠬᠡᠷᠡᠭᠲᠡᠢ ᠶᠤᠮ ᠰᠢᠦ᠂᠂᠂᠂

ᠠᠨᠢᠷ ᠴᠢᠮᠡᠭᠡ ᠦᠭᠡᠢ ᠳᠥᠬᠥᠯ ᠳᠤᠮᠳᠠᠭᠤᠷ
ᠠᠯᠮᠠᠢᠷᠠᠵᠤ ᠶᠠᠪᠤᠭᠰᠠᠭᠠᠷ ᠵᠠᠮᠪᠠᠭ᠎ᠠ ᠮᠠᠨᠢ
ᠥᠪᠡᠷ ᠦ᠋ᠨ ᠢ᠋ᠶ᠋ᠡᠨ ᠤᠷᠢᠳᠤ ᠬᠡᠨ ᠨᠢᠭᠡᠨ ᠦ᠌
ᠥᠷᠭᠡᠨ ᠨᠢᠷᠤᠭᠤ ᠶ᠋ᠢ ᠭᠡᠨᠡᠳᠲᠡ ᠬᠠᠷᠠᠯ᠎ᠠ᠃

ᠴᠠᠭᠠᠰᠢ ᠪᠠᠨ ᠬᠠᠷᠠᠵᠤ ᠰᠠᠭᠤᠭᠰᠠᠨ ᠬᠥᠮᠦᠨ ᠦ᠌
ᠴᠠᠭᠠᠨ ᠵᠠᠬ᠎ᠠ᠂ ᠪᠤᠷᠵᠢᠢᠯᠭᠠᠭᠰᠠᠨ ᠦᠰᠦ᠂
ᠢᠳᠡᠷᠬᠡᠨ ᠬᠦᠵᠦᠭᠦᠦ᠂ ᠬᠦᠳᠡᠷᠬᠡᠨ ᠴᠡᠭᠡᠵᠢ ᠶ᠋ᠢ
ᠢᠷᠮᠡᠬᠦ ᠲᠡᠳᠦᠢ ᠪᠦᠭᠦᠳᠡ ᠶ᠋ᠢ ᠨᠢ ᠠᠵᠢᠬᠤ ᠳ᠋ᠠᠭᠠᠨ

ᠭᠤᠸ᠎ᠠ ᠬᠥᠯ ᠦ᠋ᠨ ᠢ᠋ᠶ᠋ᠡᠨ ᠲᠣᠷᠭᠠᠨ ᠥᠯᠮᠡᠢ ᠪᠡᠷ
ᠭᠤᠷᠪᠠ ᠳᠥᠷᠪᠡ ᠰᠡᠮᠬᠡᠨ ᠭᠢᠰᠬᠢᠵᠦ
ᠬᠢᠵᠦ ᠰᠠᠭᠤᠭ᠎ᠠ ᠵᠦᠢᠯ ᠢ᠋ ᠨᠢ ᠠᠵᠢᠭᠯᠠᠵᠤ
ᠬᠡᠢᠰᠪᠦᠷᠢ ᠵᠥᠭᠡᠯᠡᠨ ᠢ᠋ᠶ᠋ᠡᠷ ᠠᠮᠠᠨ ᠳ᠋ᠠᠭᠠᠨ ᠱᠣᠭᠰᠢᠷᠠᠪᠠ᠃

ᠲᠣᠷᠭᠠᠨ ᠵᠤᠲᠠᠩ ᠳᠠᠪᠤᠤ ᠳᠡᠭᠡᠷ᠎ᠡ
ᠲᠣᠢᠮᠣ ᠲᠡᠳᠦᠢ ᠳᠦᠷᠰᠦ ᠭᠠᠷᠭᠠᠵᠤ
ᠲᠣᠮᠣ ᠪᠢᠷ ᠦ᠋ᠨ ᠬᠠᠪᠲᠠᠭᠠᠢ ᠬᠢᠯᠭᠠᠰᠤ ᠪᠠᠷ
ᠲᠣᠰᠣᠨ ᠪᠣᠳᠣᠭ ᠢ᠋ ᠵᠢᠷᠦᠬᠡ ᠲᠡᠢ ᠨᠢᠯᠠᠬᠤ ᠳ᠋ᠠᠭᠠᠨ

ᠠᠭᠤᠯᠠ ᠶ᠋ᠢ ᠴᠦ᠍ ᠠᠭᠤᠯᠠ ᠰᠢᠭ᠋ ᠴᠡᠩᠬᠡᠷᠲᠦᠭᠦᠯᠦᠨ᠎ᠡ
ᠤᠰᠤ ᠶ᠋ᠢ ᠴᠦ᠍ ᠤᠰᠤ ᠰᠢᠭ᠋ ᠴᠡᠯᠡᠯᠵᠡᠭᠦᠯᠦᠨ᠎ᠡ
ᠮᠥᠩᠭᠥᠨ ᠬᠤᠰᠤ ᠴᠤ᠌ ᠤᠷᠭᠤᠵᠤ ᠪᠠᠢᠬᠤ ᠰᠢᠭ᠋
ᠮᠥᠴᠢᠷ ᠨᠠᠪᠴᠢ ᠨᠢ ᠴᠦ᠍ ᠴᠡᠴᠡᠷᠡᠵᠦ ᠪᠠᠢᠬᠤ ᠰᠢᠭ᠋᠁

ᠶᠡᠷᠦ ᠡᠴᠡ ᠪᠡᠨ ᠵᠠᠮᠪᠠᠯ ᠤ᠋ᠨ ᠬᠤᠷᠴᠠ ᠨᠢᠳᠦᠨ ᠳ᠋ᠦ᠍
ᠶᠢᠷᠲᠢᠨᠴᠦ ᠶ᠋ᠢᠨ ᠰᠠᠢᠬᠠᠨ ᠡᠴᠡ ᠶᠠᠭᠤ ᠯᠠ ᠥᠷᠲᠥᠨ᠎ᠡ ᠪᠣᠢ?
ᠠᠮᠢᠳᠤ ᠬᠡᠪ ᠢ᠋ᠶ᠋ᠡᠷ ᠨᠢ ᠲᠡᠭᠦᠨ ᠢ᠋ ᠪᠠᠭᠤᠯᠭᠠᠬᠤ
ᠠᠪᠢᠶᠠᠰ ᠴᠢᠳᠠᠯ ᠢ᠋ᠶ᠋ᠠᠷ ᠳᠦᠭᠦᠷᠡᠩ ᠪᠢᠰᠢ ᠤᠤ?

ᠠᠪᠢᠶᠠᠰ ᠴᠢᠳᠠᠯ ᠢ᠋ ᠦᠨᠡᠯᠡᠵᠦ ᠮᠡᠳᠡᠬᠦ
ᠠᠮᠠᠷᠠᠭ ᠬᠠᠢᠷ᠎ᠠ ᠪᠡᠷ ᠴᠦ᠍ ᠱᠠᠩᠨᠠᠵᠤ ᠴᠢᠳᠠᠬᠤ
ᠠᠭᠠᠰᠢ ᠡᠶᠡᠯᠳᠡᠭ ᠠᠩᠬᠢᠯ ᠪᠦᠰᠡᠭᠦᠢ ᠶ᠋ᠢ
ᠠᠷᠤ ᠳ᠋ᠠᠭᠠᠨ ᠢᠷᠡᠭᠰᠡᠨ ᠢ᠋ ᠮᠡᠳᠡᠭᠰᠡᠨ ᠪᠢᠰᠢ ᠤᠤ᠁