ᠴᠢᠩᠭᠢᠰ ᠬᠠᠭᠠᠨ ᠪ ᠪᠠᠢᠯᠳᠤᠬᠤ ᠪᠣᠳᠣᠯᠭ᠎ᠠ ᠪᠠ ᠠᠷᠭ᠎ᠠ13-ᠴᠢᠩᠭᠢᠰ ᠬᠠᠭᠠᠨ ᠪ ᠭᠡᠷᠢᠶᠡᠰЧингис хааны байлдах бодлого ба арга
ᠠᠷᠪᠠᠨ ᠭᠤᠷᠪᠠᠳᠤᠭᠠᠷ ᠪᠦᠯᠦᠭ ᠴᠢᠩᠭᠢᠰ ᠬᠠᠭᠠᠨ ᠤ᠋ ᠭᠡᠷᠢᠶᠡᠰ
(ᠨᠢᠭᠡ) ᠴᠢᠩᠭᠢᠰ ᠬᠠᠭᠠᠨ ᠤ᠋ ᠬᠠᠮᠤᠭ ᠰᠡᠭᠦᠯᠴᠢ ᠶ᠋ᠢᠨ ᠪᠠᠢᠯᠳᠤᠭᠠᠨ
ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠤᠯᠠᠮᠵᠢᠯᠠᠭᠳᠠᠵᠤ ᠢᠷᠡᠭᠰᠡᠨ ᠢ᠋ ᠦᠨᠳᠦᠰᠦᠯᠡᠪᠡᠯ᠂ ᠴᠢᠩᠭᠢᠰ ᠬᠠᠭᠠᠨ ᠡᠳᠦᠷ ᠪᠦᠷᠢ ᠭᠣᠣᠯ ᠦᠳᠡ ᠶ᠋ᠢᠨ ᠦᠶ᠎ᠡ ᠳ᠋ᠦ᠍ ᠪᠤᠶᠤ ᠣᠷᠣᠢ ᠪᠣᠯᠬᠤ ᠦᠶ᠎ᠡ ᠳ᠋ᠤ᠌᠂ ᠲᠠᠩᠭᠤᠳ ᠬᠥᠮᠦᠨ ᠦ᠌ ᠪᠠᠷᠠᠭᠤᠨ ᠰᠢᠶᠠ ᠤᠯᠤᠰ ᠢ᠋ ᠪᠠᠰᠠ ᠲᠦᠪᠰᠢᠳᠬᠡᠭᠡᠳᠦᠢ ᠭᠡᠵᠦ ᠳᠠᠬᠢᠨ ᠳᠠᠬᠢᠨ ᠬᠡᠯᠡᠳᠡᠭ ᠪᠠᠢᠭᠰᠠᠨ ᠭᠡᠨ᠎ᠡ᠃ ᠬᠣᠷᠸᠰᠮ ᠬᠠᠭᠠᠨᠲᠤ ᠤᠯᠤᠰ ᠢ᠋ ᠲᠦᠪᠰᠢᠳᠬᠡᠬᠦ ᠪᠡᠷ ᠮᠣᠷᠳᠠᠬᠤ ᠶ᠋ᠢᠨ ᠡᠮᠦᠨ᠎ᠡ᠂ ᠲᠠᠯᠪᠢᠭᠰᠠᠨ ᠲᠠᠩᠭᠠᠷᠢᠭ ᠢ᠋ᠶ᠋ᠠᠨ ᠭᠦᠢᠴᠡᠳᠬᠡᠬᠦ ᠶ᠋ᠢ ᠴᠢᠩᠭᠢᠰ ᠬᠠᠭᠠᠨ ᠢᠮᠠᠭᠲᠠ ᠰᠠᠨᠠᠭᠠᠯᠵᠠᠵᠤ ᠪᠠᠢᠭᠰᠠᠨ ᠶᠤᠮ᠃ ᠡᠨᠡᠬᠦ ᠲᠠᠩᠭᠠᠷᠢᠭ ᠭᠡᠭᠴᠢ ᠨᠢ ᠠᠮᠢ ᠨᠠᠰᠤᠨ ᠤ᠋ ᠪᠠᠨ ᠡᠴᠦᠰ ᠦ᠋ᠨ ᠦᠶ᠎ᠡ ᠳ᠋ᠤ᠌ ᠬᠦᠷᠪᠡᠴᠦ ᠪᠠᠷᠠᠭᠤᠨ ᠰᠢᠶᠠ ᠤᠯᠤᠰ᠂ ᠡᠵᠡᠨ ᠡᠴᠡ ᠪᠡᠨ ᠤᠷᠪᠠᠭᠰᠠᠨ ᠬᠠᠷᠢᠭᠤ ᠶ᠋ᠢ ᠠᠪᠬᠤ ᠤᠴᠢᠷ ᠪᠣᠯᠤᠨ᠎ᠠ᠃
ᠬᠠᠷᠢᠶ᠎ᠠ ᠲᠦᠰᠢᠮᠡᠯ ᠪᠣᠯᠤᠭᠰᠠᠨ ᠵᠢᠷᠤᠮ ᠤ᠋ᠨ ᠡᠭᠦᠷᠭᠡ ᠡᠴᠡ ᠪᠡᠨ ᠲᠡᠷᠰᠯᠡᠵᠦ ᠴᠢᠩᠭᠢᠰ ᠬᠠᠭᠠᠨ ᠢ᠋ᠶ᠋ᠠᠷ ᠲᠠᠩᠭᠠᠷᠢᠭ ᠬᠢᠯᠭᠡᠭᠰᠡᠨ ᠲᠡᠷᠡᠬᠦ ᠪᠠᠷᠠᠭᠤᠨ ᠰᠢᠶᠠ ᠤᠯᠤᠰ ᠤ᠋ᠨ ᠡᠵᠡᠨ᠂ ᠮᠤᠬᠤᠯᠠᠢ ᠪᠣᠯᠤᠨ ᠰᠢᠶᠦᠸᠡᠨᠽᠦ᠋ᠩ ᠬᠠᠭᠠᠨ ᠲᠠᠢ ᠨᠢᠭᠡᠨ ᠵᠢᠯ ᠳ᠋ᠤ᠌ ᠦᠬᠦᠭᠡᠳ᠂ ᠲᠡᠭᠦᠨ ᠢ᠋ ᠵᠠᠯᠭᠠᠮᠵᠢᠯᠠᠭᠰᠠᠨ ᠬᠥᠪᠡᠭᠦᠨ ᠨᠢ ᠮᠣᠩᠭᠣᠯ ᠤᠯᠤᠰ ᠢ᠋ ᠡᠰᠡᠷᠭᠦᠴᠡᠨ ᠬᠢᠲᠠᠳ ᠬᠥᠮᠦᠨ ᠢ᠋ ᠳᠡᠷᠭᠡᠳᠡ ᠪᠡᠨ ᠴᠤᠭᠯᠠᠭᠤᠯᠪᠠ᠃ ᠡᠨᠡᠬᠦ ᠰᠢᠨ᠎ᠡ ᠬᠠᠭᠠᠨ ᠨᠢ ᠬᠥᠪᠡᠭᠦᠨ ᠢ᠋ᠶ᠋ᠡᠨ ᠴᠢᠩᠭᠢᠰ ᠬᠠᠭᠠᠨ ᠤ᠋ ᠣᠷᠳᠣᠨ ᠳ᠋ᠤ᠌ ᠲᠣᠮᠢᠯᠠᠵᠤ ᠰᠠᠭᠤᠯᠭᠠᠬᠤ ᠶ᠋ᠢ ᠬᠦᠯᠢᠶᠡᠭᠰᠡᠨ ᠦᠭᠡᠢ᠃ ᠬᠠᠷᠢᠨ ᠠᠯᠲᠠᠨ ᠤᠯᠤᠰ ᠪᠣᠯᠤᠨ ᠬᠠᠷ᠎ᠠ ᠬᠢᠳᠠᠨ ᠠ᠋ᠴᠠ ᠳᠤᠲᠠᠭᠠᠵᠤ ᠢᠷᠡᠭᠰᠡᠨ ᠬᠥᠮᠦᠰ ᠢ᠋ ᠴᠤᠭᠯᠠᠭᠤᠯᠵᠤ ᠬᠦᠴᠦᠷᠬᠡᠭ ᠴᠡᠷᠢᠭ ᠢ᠋ ᠵᠣᠬᠢᠶᠠᠨ ᠪᠠᠢᠭᠤᠯᠵᠤ ᠪᠠᠢᠵᠠᠢ᠃ ᠮᠣᠩᠭᠣᠯ ᠤᠯᠤᠰ ᠤ᠋ᠨ ᠡᠯᠴᠢᠨ ᠦ᠌ ᠮᠡᠳᠡᠭᠦᠯᠦᠯᠲᠡ ᠶ᠋ᠢ ᠦᠨᠳᠦᠰᠦᠯᠡᠪᠡᠯ ᠴᠡᠷᠢᠭ ᠦ᠋ᠨ ᠬᠦᠴᠦ ᠨᠢ ᠨᠢᠭᠡ ᠵᠠᠭᠤ ᠠᠷᠪᠠᠨ ᠲᠦᠮᠡ ᠳ᠋ᠤ᠌ ᠬᠦᠷᠦᠭᠰᠡᠨ ᠭᠡᠨ᠎ᠡ᠃ ᠪᠠᠷᠠᠭᠤᠨ ᠰᠢᠶᠠ ᠤᠯᠤᠰ ᠡᠨᠡ ᠮᠡᠲᠦ ᠴᠢᠭᠢᠷᠠᠭᠵᠢᠵᠤ ᠪᠠᠢᠬᠤ ᠶ᠋ᠢᠨ ᠬᠠᠮᠲᠤ ᠮᠤᠬᠤᠯᠠᠢ ᠶ᠋ᠢᠨ ᠨᠥᠭᠴᠢᠭᠰᠡᠨ ᠳᠡᠯᠢᠮ ᠢ᠋ᠶ᠋ᠡᠷ ᠠᠯᠲᠠᠨ ᠤᠯᠤᠰ ᠤ᠋ᠨ ᠳᠣᠲᠣᠷ᠎ᠠ ᠡᠷᠲᠡ ᠡᠳᠦᠷ ᠦ᠋ᠨ ᠪᠠᠢᠯᠳᠤᠬᠤ ᠵᠣᠷᠢᠭ ᠢ᠋ ᠳᠠᠬᠢᠨ ᠰᠡᠷᠭᠦᠭᠡᠵᠦ ᠢᠷᠡᠭᠰᠡᠨ ᠪᠠᠢᠨ᠎ᠠ᠃ ᠠᠷᠤ ᠲᠠᠯ᠎ᠠ ᠳ᠋ᠠᠭᠠᠨ ᠬᠠᠲᠤᠨ ᠭᠣᠣᠯ ᠢ᠋ ᠲᠦᠰᠢᠵᠦ᠂ ᠪᠠᠷᠠᠭᠤᠨ ᠲᠠᠯ᠎ᠠ ᠳ᠋ᠠᠭᠠᠨ ᠳᠠᠪᠠᠵᠤ ᠪᠣᠯᠣᠰᠢ ᠦᠭᠡᠢ ᠠᠭᠤᠯᠠᠷᠬᠠᠭ ᠭᠠᠵᠠᠷ ᠳᠠᠬᠢ ᠣᠯᠠᠨ ᠪᠡᠬᠢᠯᠡᠯᠲᠡ ᠪᠡᠷ ᠬᠠᠮᠠᠭᠠᠯᠠᠯᠲᠠ ᠪᠣᠯᠭᠠᠵᠤ᠂ ᠠᠯᠲᠠᠨ ᠤᠯᠤᠰ ᠴᠡᠷᠢᠭ ᠢ᠋ᠶ᠋ᠡᠨ ᠲᠥᠪᠯᠡᠷᠡᠭᠦᠯᠵᠦ ᠡᠴᠦᠰ ᠦ᠋ᠨ ᠪᠠᠢᠯᠳᠤᠭᠠᠨ ᠬᠢᠬᠦ ᠪᠡᠷ ᠪᠡᠯᠡᠳᠬᠡᠵᠦ ᠪᠠᠢᠯ᠎ᠠ᠃
ᠬᠢᠲᠠᠳ ᠬᠥᠮᠦᠰ ᠦ᠋ᠨ ᠬᠡᠯᠡᠬᠦ ᠶ᠋ᠢ ᠦᠨᠳᠦᠰᠦᠯᠡᠪᠡᠯ ᠳᠣᠲᠣᠭᠠᠳᠤ ᠶ᠋ᠢᠨ ᠪᠠᠢᠯᠳᠤᠭᠠᠨ ᠪᠣᠯᠤᠨ ᠭᠠᠳᠠᠭᠠᠳᠤ ᠶ᠋ᠢᠨ ᠪᠠᠢᠯᠳᠤᠭᠠᠨ ᠤ᠋ ᠠᠷᠪᠠᠨ ᠲᠠᠪᠤᠨ ᠵᠢᠯ ᠦ᠋ᠨ ᠬᠣᠭᠣᠷᠣᠨᠳᠣ ᠠᠯᠲᠠᠨ ᠤᠯᠤᠰ ᠬᠢᠭᠡᠳ ᠪᠠᠷᠠᠭᠤᠨ ᠰᠢᠶᠠ ᠤᠯᠤᠰ ᠤ᠋ᠨ ᠦᠬᠦᠭᠰᠡᠨ ᠬᠥᠮᠦᠨ ᠨᠢ ᠪᠦᠬᠦ ᠬᠥᠮᠦᠨ ᠠᠮᠠ ᠶ᠋ᠢᠨ ᠭᠤᠷᠪᠠᠨ ᠬᠤᠪᠢ ᠶ᠋ᠢᠨ ᠨᠢᠭᠡᠨ ᠢ᠋ ᠡᠵᠡᠯᠡᠬᠦ᠂ ᠮᠢᠩᠭ᠎ᠠ ᠨᠠᠢ᠍ᠮᠠᠨ ᠵᠠᠭᠤᠨ ᠲᠦᠮᠡ ᠳ᠋ᠤ᠌ ᠬᠦᠷᠴᠦ ᠭᠡᠨ᠎ᠡ᠃ ᠭᠡᠪᠡᠴᠦ ᠠᠯᠲᠠᠨ ᠤᠯᠤᠰ ᠪᠠᠰᠠ ᠰᠢᠨ᠎ᠡ ᠡᠰᠡᠷᠭᠦᠴᠡᠯ ᠢ᠋ ᠵᠣᠬᠢᠶᠠᠨ ᠪᠠᠢᠭᠤᠯᠬᠤ ᠬᠦᠴᠦ ᠪᠠᠢᠬᠤ ᠪᠠᠷ ᠦᠯᠦ ᠪᠠᠷᠠᠨ᠂ ᠬᠠᠷᠢᠨ ᠬᠥᠳᠡᠯᠦᠩᠭᠦᠢ ᠪᠡᠷ ᠪᠠᠢᠯᠳᠤᠨ ᠭᠠᠷᠬᠤ ᠬᠦᠴᠦ ᠲᠡᠢ ᠪᠠᠢᠭᠰᠠᠨ ᠶᠤᠮ᠃ ᠲᠡᠭᠦᠨ ᠦ᠌ ᠴᠡᠷᠢᠭ ᠨᠢ ᠠᠯᠳᠠᠭᠰᠠᠨ ᠣᠯᠠᠨ ᠮᠣᠵᠢ ᠳ᠋ᠠᠭᠠᠨ ᠳᠠᠬᠢᠨ ᠣᠷᠣᠵᠤ ᠢᠷᠡᠭᠡᠳ᠂ ᠮᠣᠩᠭᠣᠯ ᠴᠡᠷᠢᠭ ᠪᠣᠯᠤᠨ ᠮᠣᠩᠭᠣᠯ ᠳ᠋ᠤ᠌ ᠣᠷᠣᠵᠤ ᠥᠭᠭᠦᠭᠰᠡᠨ ᠬᠢᠲᠠᠳ ᠴᠡᠷᠢᠭ ᠢ᠋ ᠳᠠᠭᠠᠷᠢᠨ ᠴᠣᠬᠢᠭᠠᠳ ᠮᠤᠬᠤᠯᠠᠢ ᠶ᠋ᠢᠨ ᠪᠤᠯᠢᠶᠠᠵᠤ ᠠᠪᠤᠭᠰᠠᠨ ᠬᠣᠲᠠᠨ ᠳ᠋ᠤ᠌ ᠲᠠᠬᠢᠵᠤ ᠴᠡᠷᠢᠭ ᠢ᠋ᠶ᠋ᠡᠨ ᠰᠠᠭᠤᠯᠭᠠᠵᠠᠢ᠃
ᠪᠠᠷᠠᠭᠤᠨ ᠰᠢᠶᠠ ᠤᠯᠤᠰ ᠪᠣᠯᠤᠨ ᠠᠯᠲᠠᠨ ᠤᠯᠤᠰ ᠬᠣᠯᠪᠣᠭ᠎ᠠ ᠪᠠᠢᠭᠤᠯᠬᠤ ᠲᠣᠬᠢᠶᠠᠯ ᠴᠤ᠌ ᠪᠣᠯᠪᠠᠰᠤᠷᠠᠵᠤ ᠪᠠᠢᠬᠤ ᠪᠣᠯᠬᠣᠷ ᠨᠢᠭᠡᠨᠲᠡ ᠨᠠᠰᠤᠵᠢᠭᠰᠠᠨ ᠴᠢᠩᠭᠢᠰ ᠬᠠᠭᠠᠨ ᠤᠨᠤᠨ ᠮᠥᠷᠡᠨ ᠦ᠌ ᠬᠥᠪᠡᠭᠡᠨ ᠳ᠋ᠡᠬᠢ ᠣᠷᠳᠣᠨ ᠠ᠋ᠴᠠ ᠪᠠᠨ ᠲᠠᠬᠢᠵᠤ ᠰᠠᠯᠤᠭᠠᠳ ᠡᠮᠦᠨ᠎ᠡ ᠵᠦᠭ ᠪᠤᠶᠤ ᠵᠡᠭᠦᠨ ᠵᠦᠭ ᠦ᠋ᠨ ᠪᠠᠢᠯᠳᠤᠭᠠᠨ ᠢ᠋ ᠤᠳᠤᠷᠢᠳᠬᠤ ᠶ᠋ᠢᠨ ᠲᠥᠯᠥᠭᠡ ᠮᠣᠷᠳᠠᠵᠤ ᠭᠠᠷᠤᠯ᠎ᠠ᠃ ᠡᠪᠦᠯ ᠦ᠋ᠨ ᠭᠣᠣᠯ ᠬᠦᠢᠲᠡᠨ ᠳ᠋ᠤ᠌ ᠠᠷᠪᠠᠨ ᠨᠠᠢ᠍ᠮᠠᠨ ᠲᠦᠮᠡᠨ ᠴᠡᠷᠢᠭ ᠢ᠋ᠶ᠋ᠡᠨ ᠳᠠᠭᠠᠭᠤᠯᠤᠨ ᠬᠥᠪᠡᠭᠦᠨ ᠪᠠ ᠠᠴᠢ ᠨᠠᠷ ᠤ᠋ᠨ ᠬᠠᠮᠲᠤ ᠮᠣᠷᠳᠠᠭᠰᠠᠨ ᠶᠤᠮ᠃ ᠢᠷᠡᠭᠡᠳᠦᠢ ᠶ᠋ᠢᠨ ᠪᠦᠬᠦ ᠠᠵᠢᠯᠯᠠᠭ᠎ᠠ ᠶ᠋ᠢᠨ ᠦᠨᠳᠦᠰᠦᠨ ᠵᠠᠷᠴᠢᠮ ᠪᠣᠯᠭᠠᠵᠤ ᠴᠢᠩᠭᠢᠰ ᠬᠠᠭᠠᠨ ᠬᠥᠪᠡᠭᠦᠨ ᠪᠠ ᠠᠴᠢ ᠨᠠᠷ ᠲᠠᠭᠠᠨ ᠳᠣᠣᠷᠠᠬᠢ ᠮᠡᠲᠦ ᠵᠢᠭᠠᠪᠤᠷᠢᠯᠠᠪᠠ᠄
《ᠬᠡᠷᠪᠡ ᠲᠠᠨᠠᠷ ᠶᠠᠮᠠᠷ ᠨᠢᠭᠡᠨ ᠬᠡᠷᠡᠭ ᠢ᠋ ᠡᠬᠢᠯᠡᠭᠦᠯᠦᠭᠰᠡᠨ ᠪᠣᠯ᠂ ᠪᠠᠢᠳᠠᠯ ᠶᠠᠮᠠᠷ ᠮᠡᠲᠦ ᠬᠤᠪᠢᠷᠠᠪᠠᠴᠤ ᠡᠴᠦᠰ ᠲᠦᠨᠢ ᠬᠦᠷᠲᠡᠯ᠎ᠡ ᠶᠠᠪᠤᠭᠤᠯᠬᠤ ᠦᠭᠡᠢ ᠪᠡᠷ ᠪᠢᠲᠡᠭᠡᠢ ᠪᠣᠯᠢᠭᠲᠤᠨ᠃ᠳᠠᠢᠰᠤᠨ ᠢ᠋ ᠪᠦᠷᠢᠮᠦᠰᠦᠨ ᠪᠤᠲᠠ ᠴᠣᠬᠢᠬᠤ ᠠ᠋ᠴᠠ ᠤᠷᠢᠳ ᠶᠠᠭᠠᠬᠢᠪᠠᠴᠤ ᠪᠠᠢᠯᠳᠤᠭᠠᠨ ᠢ᠋ᠶ᠋ᠠᠨ ᠵᠣᠭᠰᠣᠭᠠᠵᠤ ᠪᠣᠯᠬᠤ ᠦᠭᠡᠢ》ᠭᠡᠪᠡ᠃ ᠠᠯᠲᠠᠨ ᠤᠯᠤᠰ ᠤ᠋ᠨ ᠵᠦᠭ ᠬᠢᠭᠰᠡᠨ ᠪᠠᠢᠯᠳᠤᠭᠠᠨ ᠢ᠋ᠶ᠋ᠠᠨ ᠳᠡᠩᠳᠡᠭᠦᠦ ᠡᠷᠲᠡ ᠵᠣᠭᠰᠣᠭᠠᠭᠰᠠᠨ ᠠ᠋ᠴᠠ ᠥᠪᠡᠷ ᠦ᠋ᠨ ᠪᠡᠶ᠎ᠡ ᠶ᠋ᠢᠨ ᠭᠠᠷᠭᠠᠭᠰᠠᠨ ᠣᠰᠣᠯ ᠠ᠋ᠴᠠ ᠲᠡᠷᠡ᠂ ᠡᠨᠡ ᠮᠡᠲᠦ ᠰᠤᠷᠭᠠᠮᠵᠢ ᠶ᠋ᠢ ᠣᠯᠤᠭᠰᠠᠨ ᠶᠤᠮ ᠭᠡᠵᠡᠢ᠃
ᠡᠨᠡ ᠤᠳᠠᠭ᠎ᠠ ᠶ᠋ᠢᠨ ᠪᠠᠢᠯᠳᠤᠭᠠᠨ ᠪᠣᠯ ᠴᠢᠩᠭᠢᠰ ᠬᠠᠭᠠᠨ ᠤ᠋ ᠨᠢᠭᠡᠨ ᠨᠠᠰᠤᠨ ᠤ᠋ ᠪᠠᠨ ᠬᠠᠮᠤᠭ ᠡᠴᠦᠰ ᠦ᠋ᠨ ᠪᠠᠢᠯᠳᠤᠭᠠᠨ ᠪᠣᠯᠬᠤ ᠪᠥᠭᠡᠳ ᠲᠡᠷᠡ ᠠᠮᠢᠳᠤ ᠬᠠᠷᠢᠵᠤ ᠢᠷᠡᠵᠦ ᠴᠢᠳᠠᠬᠤ ᠦᠭᠡᠢ ᠪᠡᠨ ᠮᠡᠳᠡᠵᠦ ᠪᠠᠢᠭᠰᠠᠨ ᠶᠤᠮ᠃ ᠤᠴᠢᠷ ᠡᠢᠮᠦ ᠡᠴᠡ ᠮᠣᠷᠳᠠᠵᠤ ᠭᠠᠷᠬᠤ ᠠ᠋ᠴᠠ ᠡᠮᠦᠨ᠎ᠡ ᠬᠠᠭᠠᠨᠲᠤ ᠤᠯᠤᠰ ᠤ᠋ᠨ ᠳᠣᠲᠣᠷᠠᠬᠢ ᠡᠮᠬᠢ ᠳᠢᠭᠯᠢᠮ ᠢ᠋ ᠲᠣᠭᠲᠠᠭᠠᠵᠤ ᠪᠠᠢᠩᠭᠤ ᠰᠠᠭᠤᠳᠠᠭ ᠣᠷᠳᠣᠨ ᠪᠣᠯᠤᠨ ᠲᠦᠮᠡᠲᠦ ᠶ᠋ᠢᠨ ᠳᠠᠷᠤᠭ᠎ᠠ ᠪᠠᠨ ᠡᠷᠭᠦᠮᠵᠢᠯᠡᠵᠦ᠂ ᠬᠡᠦᠬᠡᠳ ᠲᠡᠭᠡᠨ ᠣᠯᠭᠣᠬᠤ ᠡᠷᠭᠦᠮᠵᠢᠯᠡᠯ ᠦ᠋ᠨ ᠨᠤᠲᠤᠭ ᠳᠡᠪᠢᠰᠬᠡᠷ ᠢ᠋ ᠪᠦᠷ ᠲᠣᠭᠲᠠᠭᠠᠵᠠᠢ᠃ ᠪᠠᠲᠤ ᠳ᠋ᠤ᠌ ᠲᠡᠭᠦᠨ ᠦ᠌ ᠡᠴᠢᠭᠡ ᠵᠥᠴᠢ ᠶ᠋ᠢᠨ ᠬᠠᠷᠢᠶᠠᠲᠤ ᠭᠠᠵᠠᠷ ᠢ᠋ ᠵᠠᠯᠭᠠᠮᠵᠢᠯᠠᠨ 《ᠮᠣᠩᠭᠣᠯ ᠮᠣᠷᠢᠨ ᠤ᠋ ᠬᠦᠷᠴᠦ ᠴᠢᠳᠠᠬᠤ ᠬᠡᠮᠵᠢᠶ᠎ᠡ》 ᠪᠡᠷ ᠠᠯᠲᠠᠢ ᠠᠭᠤᠯᠠᠨ ᠤ᠋ ᠬᠣᠢᠲᠤ ᠵᠦᠭ ᠪᠣᠯᠤᠨ ᠪᠠᠷᠠᠭᠤᠨ ᠵᠦᠭ ᠦ᠋ᠨ ᠭᠠᠵᠠᠷ ᠣᠷᠣᠨ ᠢ᠋ ᠡᠷᠭᠦᠮᠵᠢᠯᠡᠵᠦ ᠥᠭᠪᠡ᠃ ᠴᠠᠭᠠᠲᠠᠢ ᠳ᠋ᠤ᠌ ᠤᠢᠭᠤᠷ ᠤᠯᠤᠰ ᠪᠣᠯᠤᠨ ᠲᠡᠭᠦᠨ ᠦ᠌ ᠡᠮᠦᠨ᠎ᠡ ᠲᠠᠯ᠎ᠠ᠂ ᠪᠠᠷᠠᠭᠤᠨ ᠲᠠᠯ᠎ᠠ ᠳ᠋ᠠᠬᠢ ᠪᠦᠬᠦ ᠭᠠᠵᠠᠷ ᠲᠡᠷᠡᠴᠢᠯᠡᠨ ᠬᠠᠷ᠎ᠠ ᠬᠢᠳᠠᠨ ᠤᠯᠤᠰ ᠪᠣᠯᠤᠨ ᠠᠷᠠᠯ ᠲᠠᠩᠭᠢᠰ ᠤ᠋ᠨ ᠡᠮᠦᠨ᠎ᠡ ᠳ᠋ᠡᠬᠢ ᠬᠣᠷᠧᠰᠮ ᠤᠯᠤᠰ ᠢ᠋ ᠬᠦᠷᠲᠡᠭᠡᠪᠡ᠃ ᠥᠭᠡᠳᠡᠢ ᠳ᠋ᠤ᠌ ᠪᠠᠷᠠᠭᠤᠨ ᠰᠢᠶᠠ ᠤᠯᠤᠰ᠂ ᠠᠯᠲᠠᠨ ᠤᠯᠤᠰ ᠠᠽᠢᠶ᠎ᠠ ᠶ᠋ᠢᠨ ᠵᠡᠭᠦᠨ ᠬᠡᠰᠡᠭ ᠲᠡᠬᠢ ᠣᠯᠠᠨ ᠤᠯᠤᠰ ᠢ᠋ ᠣᠯᠭᠣᠪᠠ᠃ ᠮᠣᠩᠭᠣᠯ ᠤ᠋ᠨ ᠬᠠᠭᠤᠴᠢᠨ ᠵᠤᠷᠰᠢᠯ ᠢ᠋ᠶ᠋ᠠᠷ ᠥᠮᠴᠢ ᠪᠣᠯᠬᠤ ᠮᠠᠯ ᠰᠦᠷᠦᠭ ᠢ᠋ᠶ᠋ᠡᠨ ᠬᠠᠷᠢᠭᠤᠯᠤᠭᠰᠠᠭᠠᠷ ᠢᠷᠡᠭᠰᠡᠨ ᠣᠳᠬᠠᠨ ᠬᠥᠪᠡᠭᠦᠨ ᠲᠤᠯᠤᠢ ᠳ᠋ᠤ᠌ ᠮᠣᠩᠭᠣᠯ ᠤ᠋ᠨ ᠮᠠᠨᠳᠤᠵᠤ ᠭᠠᠷᠤᠭᠰᠠᠨ ᠤᠭ ᠨᠤᠲᠤᠭ ᠪᠣᠯᠤᠨ ᠮᠣᠩᠭᠣᠯ ᠴᠡᠷᠢᠭ ᠦ᠋ᠨ ᠶᠡᠬᠡᠩᠬᠢ ᠲᠣᠭ᠎ᠠ ᠶ᠋ᠢ ᠲᠡᠷᠡ ᠵᠠᠯᠭᠠᠮᠵᠢᠯᠠᠨ ᠠᠪᠤᠪᠠ᠃
ᠬᠠᠷᠢᠨ ᠴᠢᠩᠭᠢᠰ ᠬᠠᠭᠠᠨ ᠤ᠋ ᠬᠠᠭᠠᠨᠲᠤ ᠤᠯᠤᠰ ᠢ᠋ ᠠᠯᠠᠩ ᠰᠠᠯᠠᠩ ᠢ᠋ᠶ᠋ᠠᠷ ᠪᠤᠲᠠᠷᠠᠭᠠᠵᠤ ᠪᠣᠯᠬᠤ ᠦᠭᠡᠢ᠂ ᠤᠴᠢᠷ ᠡᠢᠮᠦ ᠡᠴᠡ ᠴᠢᠩᠭᠢᠰ ᠬᠠᠭᠠᠨ ᠥᠨᠢ ᠤᠳᠠᠭᠠᠨ ᠤᠯᠠᠮᠵᠢᠯᠠᠬᠤ ᠳᠦᠷᠢᠮ ᠪᠣᠯᠭᠠᠵᠤ ᠬᠠᠤᠯᠢ ᠶᠣᠰᠣ ᠲᠣᠭᠲᠠᠭᠠᠵᠤ ᠥᠭᠴᠡᠢ᠃ ᠴᠢᠩᠭᠢᠰ ᠬᠠᠭᠠᠨ ᠤ᠋ ᠦᠷᠡᠳᠦᠰ ᠠᠬᠤ ᠭᠠᠵᠠᠷ ᠨᠢ ᠬᠠᠮᠢᠭ᠎ᠠ ᠪᠠᠢᠭᠰᠠᠨ ᠴᠤ᠌ ᠬᠠᠮᠢᠶ᠎ᠠ ᠦᠭᠡᠢ᠂ ᠡᠵᠡᠨ ᠬᠠᠭᠠᠨ ᠥᠭᠡᠳᠡ ᠪᠣᠯᠤᠭᠰᠠᠨ ᠬᠣᠢᠨ᠎ᠠ ᠂ ᠮᠣᠩᠭᠣᠯ ᠳ᠋ᠠᠭᠠᠨ ᠴᠤᠭᠯᠠᠷᠠᠭᠠᠳ ᠶᠡᠬᠡ ᠬᠤᠷᠠᠯᠳᠤᠭᠠᠨ ᠢ᠋ ᠬᠤᠷᠠᠯᠳᠤᠭᠤᠯᠵᠤ ᠦᠷᠡᠳᠦᠰ ᠦ᠋ᠨ ᠳᠣᠲᠣᠷ᠎ᠠ ᠠ᠋ᠴᠠ ᠨᠢᠭᠡᠨ ᠬᠥᠮᠦᠨ ᠢ᠋ ᠶᠡᠬᠡ ᠬᠠᠭᠠᠨ ᠢ᠋ᠶ᠋ᠠᠷ ᠰᠣᠩᠭᠣᠨ ᠭᠠᠷᠭᠠᠬᠤ ᠬᠡᠷᠡᠭᠲᠡᠢ ᠭᠡᠵᠦ ᠲᠣᠳᠣᠷᠬᠠᠢ ᠲᠣᠭᠲᠠᠭᠠᠵᠤ ᠥᠭᠭᠦᠭᠰᠡᠨ ᠶᠤᠮ᠃ ᠪᠤᠰᠤᠳ ᠦᠷᠡᠳᠦᠰ ᠨᠢ ᠪᠦᠷ ᠡᠨᠡᠬᠦ ᠶᠡᠬᠡ ᠬᠠᠭᠠᠨ ᠤ᠋ ᠤᠳᠤᠷᠢᠳᠤᠯᠭ᠎ᠠ ᠶ᠋ᠢ ᠳᠠᠭᠠᠬᠤ ᠬᠡᠷᠡᠭᠲᠡᠢ᠃ ᠬᠤᠷᠠᠯᠳᠤᠭᠠᠨ ᠳᠡᠭᠡᠷ᠎ᠡ ᠰᠣᠩᠭᠣᠭᠳᠠᠭᠰᠠᠨ ᠠ᠋ᠴᠠ ᠣᠨᠳᠣᠣ ᠥᠭᠡᠷ᠎ᠡ ᠭᠠᠵᠠᠷ ᠲᠤ᠌ ᠬᠠᠭᠠᠨ ᠰᠠᠭᠤᠭᠰᠠᠨ ᠬᠥᠮᠦᠨ ᠢ᠋ ᠠᠯᠠᠬᠤ ᠶᠠᠯ᠎ᠠ ᠪᠠᠷ ᠰᠢᠳᠬᠡᠬᠦ ᠪᠡᠷ ᠲᠣᠭᠲᠠᠭᠠᠪᠠ᠃ ᠡᠨᠡ ᠮᠡᠲᠦ ᠶ᠋ᠢᠨ ᠠᠷᠭ᠎ᠠ ᠬᠡᠮᠵᠢᠶ᠎ᠡ ᠪᠡᠷ ᠴᠢᠩᠭᠢᠰ ᠬᠠᠭᠠᠨ ᠬᠠᠭᠠᠨᠲᠤ ᠤᠯᠤᠰ ᠤ᠋ᠨ ᠢ᠋ᠶ᠋ᠠᠨ ᠨᠢᠭᠡᠳᠦᠮᠡᠯ ᠪᠠ ᠣᠨᠳᠣᠣ ᠬᠠᠭᠠᠨ ᠡᠵᠡᠨ ᠦ᠌ ᠢᠯᠡᠷᠡᠬᠦ ᠪᠤᠶᠤ ᠳᠣᠲᠣᠭᠠᠳᠤ ᠶ᠋ᠢᠨ ᠰᠠᠮᠠᠭᠤᠷᠠᠯ ᠳᠡᠭᠳᠡᠬᠦ ᠶ᠋ᠢ ᠰᠡᠷᠭᠡᠢᠯᠡᠶᠡ ᠭᠡᠰᠡᠨ ᠶᠤᠮ᠃ ᠪᠠᠰᠠ ᠬᠠᠭᠠᠨ ᠢ᠋ ᠰᠣᠩᠭᠣᠬᠤ ᠳ᠋ᠠᠭᠠᠨ ᠬᠠᠮᠤᠭ ᠤ᠋ᠨ ᠵᠣᠬᠢᠰᠲᠠᠢ᠂ ᠬᠠᠮᠤᠭ ᠤ᠋ᠨ ᠴᠢᠳᠠᠪᠤᠷᠢᠲᠠᠢ ᠬᠥᠮᠦᠨ ᠢ᠋ ᠰᠣᠩᠭᠣᠬᠤ ᠪᠠᠷ ᠵᠣᠷᠢᠭᠰᠠᠨ ᠪᠠᠢᠨ᠎ᠠ᠃
(ᠬᠣᠶᠠᠷ) ᠪᠣᠭᠳᠠ ᠴᠢᠩᠭᠢᠰ ᠬᠠᠭᠠᠨ ᠥᠭᠡᠳᠡ ᠪᠣᠯᠤᠭᠰᠠᠨ ᠨᠢ
ᠪᠠᠷᠠᠭᠤᠨ ᠰᠢᠶᠠ ᠤᠯᠤᠰ ᠤ᠋ᠨ ᠬᠤᠪᠢ ᠵᠠᠶᠠᠭ᠎ᠠ ᠶ᠋ᠢ ᠲᠣᠭᠲᠠᠭᠠᠭᠰᠠᠨ ᠬᠠᠲᠤᠨ ᠭᠣᠣᠯ ᠤ᠋ᠨ ᠮᠥᠰᠥ ᠬᠥᠯᠳᠡᠵᠦ ᠪᠠᠢᠭᠰᠠᠨ ᠠ᠋ᠴᠠ ᠪᠣᠯᠤᠯ᠎ᠠ᠃ ᠴᠢᠩᠭᠢᠰ ᠬᠠᠭᠠᠨ ᠬᠠᠲᠤᠨ ᠭᠣᠣᠯ ᠤ᠋ᠨ ᠲᠣᠭᠲᠠᠮᠠᠯ ᠤᠰᠤ ᠪᠠᠷ ᠲᠣᠭᠣᠷᠢᠭᠤᠯᠤᠭᠰᠠᠨ ᠨᠢᠭᠡᠨ ᠳᠣᠪᠣ ᠭᠠᠵᠠᠷ ᠢ᠋ ᠡᠵᠡᠯᠡᠵᠦ ᠠᠪᠤᠭᠠᠳ᠂ ᠪᠠᠢᠯᠳᠤᠭᠴᠢ ᠨᠠᠷ ᠢ᠋ᠶ᠋ᠠᠨ ᠶᠠᠪᠠᠭᠠᠨ ᠢ᠋ᠶ᠋ᠠᠷ ᠳᠠᠢᠰᠤᠨ ᠲᠡᠰᠢ ᠴᠣᠬᠢᠭᠤᠯᠤᠭᠰᠠᠨ ᠪᠠᠢᠨ᠎ᠠ᠃ ᠲᠠᠩᠭᠤᠳ ᠤ᠋ᠨ ᠮᠣᠷᠢᠲᠤ ᠴᠡᠷᠢᠭ ᠲᠣᠭᠰᠢᠨ ᠰᠢᠭᠤᠷᠭ᠎ᠠ ᠮᠡᠲᠦ ᠪᠡᠷ ᠡᠳᠡᠨ ᠦ᠌ ᠥᠭᠡᠳᠡ ᠡᠴᠡ ᠨᠣᠴᠣᠯᠳᠤᠨ ᠪᠠᠢᠯᠳᠤᠬᠤ ᠪᠠᠷ ᠢᠷᠡᠭᠰᠡᠨ ᠪᠣᠯᠪᠠᠴᠤ ᠲᠡᠳᠡᠨ ᠦ᠌ ᠮᠣᠷᠢᠳ ᠨᠢ ᠮᠥᠰᠥᠨ ᠳ᠋ᠤ᠌ ᠬᠠᠯᠲᠤᠷᠢᠭᠠᠳ ᠤᠨᠠᠯ᠎ᠠ᠃ ᠢᠩᠭᠢᠬᠦᠯᠡᠷ ᠮᠣᠩᠭᠣᠯ ᠴᠡᠷᠢᠭ ᠳᠥᠷᠪᠡᠨ ᠲᠠᠯ᠎ᠠ ᠠ᠋ᠴᠠ ᠡᠳᠡᠭᠡᠷ ᠬᠥᠳᠡᠯᠵᠦ ᠴᠢᠳᠠᠬᠤ ᠦᠭᠡᠢ ᠪᠣᠯᠤᠭᠰᠠᠨ ᠳᠠᠢᠰᠤᠨ ᠤ᠋ ᠮᠣᠷᠢᠲᠤ ᠴᠡᠷᠢᠭ ᠢ᠋ ᠵᠡᠪᠡ ᠪᠡᠷ ᠬᠠᠷᠪᠤᠨ᠂ ᠵᠢᠳᠠ ᠪᠠᠷ ᠵᠢᠳᠠᠯᠠᠵᠤ᠂ ᠢᠯᠳᠦ ᠪᠡᠷ ᠴᠠᠪᠴᠢᠨ ᠠᠯᠠᠵᠠᠢ᠃ ᠳᠠᠷᠠᠭ᠎ᠠ ᠳ᠋ᠤᠨᠢ ᠮᠣᠩᠭᠣᠯ ᠤ᠋ᠨ ᠶᠠᠪᠠᠭᠠᠨ ᠴᠡᠷᠢᠭ ᠨᠢ᠂ ᠮᠣᠷᠢᠲᠤ ᠴᠡᠷᠢᠭ ᠢ᠋ᠶ᠋ᠡᠨ ᠲᠤᠰᠠᠯᠠᠬᠤ ᠪᠠᠷ ᠰᠠᠨᠳᠤᠷᠴᠤ ᠢᠷᠡᠭᠰᠡᠨ ᠲᠠᠩᠭᠤᠳ ᠤ᠋ᠨ ᠶᠠᠪᠠᠭᠠᠨ ᠴᠡᠷᠢᠭ ᠢ᠋ ᠳᠠᠭᠠᠷᠢᠨ ᠰᠢᠪᠲᠤᠯᠵᠤ ᠲᠡᠭᠦᠨ ᠢ᠋ ᠪᠦᠷ ᠰᠥᠨᠥᠭᠡᠵᠡᠢ᠃ ᠮᠣᠩᠭᠣᠯ ᠴᠡᠷᠢᠭ ᠪᠠᠢᠯᠳᠤᠭᠠᠨ ᠤ᠋ ᠲᠠᠯᠠᠪᠠᠢ ᠳ᠋ᠤ᠌ ᠭᠤᠷᠪᠠᠨ ᠱᠣᠷᠣ ᠮᠣᠳᠣ ᠶ᠋ᠢ ᠪᠣᠰᠬᠠᠵᠠᠢ᠂ ᠡᠨᠡ ᠨᠢ ᠭᠤᠴᠢᠨ ᠲᠦᠮᠡᠨ ᠬᠥᠮᠦᠨ ᠢ᠋ ᠰᠥᠨᠥᠭᠡᠭᠰᠡᠨ ᠦ᠌ ᠲᠡᠮᠳᠡᠭ ᠪᠣᠯᠬᠤ ᠶᠤᠮ᠃ ᠪᠠᠷᠠᠭᠤᠨ ᠰᠢᠶᠠ ᠤᠯᠤᠰ ᠤ᠋ᠨ ᠬᠣᠲᠠ ᠪᠣᠯᠤᠨ ᠠᠷᠠᠳ ᠢ᠋ ᠰᠡᠯᠡᠮ᠎ᠡ ᠂ ᠭᠠᠯ ᠬᠣᠶᠠᠷ ᠠ᠋ᠴᠠ ᠠᠪᠤᠷᠠᠵᠤ ᠴᠢᠳᠠᠬᠤ ᠶᠠᠭᠤ ᠴᠤ᠌ ᠪᠠᠢᠭᠰᠠᠨ ᠦᠭᠡᠢ᠃ ᠠᠯᠢᠪᠠ ᠬᠣᠲᠠ ᠨᠢ ᠪᠦᠷ ᠪᠤᠯᠢᠶᠠᠭᠳᠠᠵᠤ᠂ ᠭᠠᠯ ᠤ᠋ᠨ ᠭᠠᠮᠰᠢᠭ ᠲᠤ᠌ ᠨᠡᠷᠪᠡᠭᠳᠡᠪᠡ᠃ ᠰᠠᠭᠤᠭᠠᠯᠢ ᠠᠷᠠᠳ ᠨᠢ ᠠᠭᠤᠯᠠᠨ ᠤ᠋ ᠠᠭᠤᠢ ᠪᠤᠶᠤ ᠣᠢ ᠰᠢᠭᠤᠢ ᠳᠣᠲᠣᠷ᠎ᠠ ᠨᠢᠭᠤᠭᠳᠠᠭᠰᠠᠨ ᠪᠣᠯᠪᠠᠴᠤ ᠵᠠᠭᠤᠨ ᠬᠥᠮᠦᠨ ᠦ᠌ ᠳᠣᠲᠣᠷ᠎ᠠ ᠠ᠋ᠴᠠ ᠦᠯᠡᠳᠡᠭᠰᠡᠨ ᠨᠢ ᠬᠡᠳᠦᠬᠡᠨ ᠬᠥᠮᠦᠨ ᠡᠴᠡ ᠬᠡᠲᠦᠷᠡᠭᠰᠡᠨ ᠦᠭᠡᠢ᠃ ᠲᠠᠷᠢᠶ᠎ᠠ ᠲᠥᠮᠥᠰᠥ ᠨᠢ ᠮᠣᠷᠢᠨ ᠳ᠋ᠤ᠌ ᠬᠢᠰᠬᠢᠯᠡᠭᠳᠡᠵᠤ ᠂ ᠰᠠᠭᠤᠬᠤ ᠭᠡᠷ ᠨᠢ ᠰᠢᠲᠠᠭᠠᠬᠳᠠᠵᠣ᠂ ᠡᠵᠡᠨ ᠬᠠᠭᠠᠨ ᠨᠢ ᠠᠯᠢ ᠠᠭᠤᠯᠠ ᠶ᠋ᠢᠨ ᠳᠣᠲᠣᠷᠠᠬᠢ ᠨᠢᠭᠡᠨ ᠬᠣᠲᠠᠨ ᠳ᠋ᠤ᠌ ᠠᠯᠠᠭᠳᠠᠭᠠᠳ᠂ ᠡᠨᠡ ᠬᠠᠭᠠᠨ ᠤ᠋ ᠬᠥᠪᠡᠭᠦᠨ ᠪᠥᠭᠡᠳ ᠰᠢᠳᠤᠷᠭᠤ ᠬᠠᠭᠠᠨ ᠤ᠋ ᠭᠤᠷᠪᠠᠳᠤᠭᠠᠷ ᠦᠶ᠎ᠡ ᠶ᠋ᠢ ᠵᠠᠯᠭᠠᠮᠵᠢᠯᠠᠭᠰᠠᠨ ᠬᠠᠭᠠᠨ ᠨᠢ ᠠᠶᠤᠮᠰᠢᠭ ᠦᠭᠡᠢ ᠪᠡᠷ ᠴᠢᠩᠭᠢᠰ ᠬᠠᠭᠠᠨ ᠥᠭᠡᠳᠡ ᠡᠰᠡᠷᠭᠦᠴᠡᠨ ᠪᠠᠢᠯᠳᠤᠭᠠᠳ ᠨᠡᠢᠰᠯᠡᠯ ᠨᠢᠩᠰᠢᠶᠠ ᠳ᠋ᠠᠭᠠᠨ ᠰᠢᠷᠭᠤᠵᠤ ᠣᠷᠣᠵᠠᠢ᠃ᠡᠨᠡ ᠬᠣᠲᠠ ᠶ᠋ᠢ ᠮᠣᠩᠭᠣᠯ ᠴᠡᠷᠢᠭ ᠨᠢᠭᠡᠨ ᠤᠳᠠᠭ᠎ᠠ ᠳᠠᠭᠠᠷᠢᠭᠰᠠᠨ ᠪᠣᠯᠪᠠᠴᠤ ᠲᠤᠰᠠ ᠭᠠᠷᠤᠭᠰᠠᠨ ᠦᠭᠡᠢ᠃ ᠬᠣᠲᠠ ᠶ᠋ᠢᠨ ᠬᠡᠷᠡᠮ ᠨᠢ ᠫᠤᠤ ᠶ᠋ᠢᠨ ᠴᠢᠯᠠᠭᠤᠨ ᠤ᠋ ᠴᠣᠬᠢᠯᠲᠠ ᠶ᠋ᠢ ᠲᠡᠰᠪᠦᠷᠢᠯᠡᠵᠦ᠂ ᠴᠢᠯᠠᠭᠤ ᠪᠠᠷ ᠪᠠᠷᠢᠭᠰᠠᠨ ᠰᠤᠪᠤᠷᠭ᠎ᠠ ᠨᠢ ᠭᠠᠯ ᠨᠣᠴᠣᠭᠠᠭᠰᠠᠨ ᠲᠣᠰᠣᠨ ᠯᠣᠩᠬᠣ ᠪᠠᠷ ᠳᠡᠯᠪᠡᠴᠢᠭᠰᠡᠨ ᠪᠣᠯᠪᠠᠴᠤ ᠡᠪᠳᠡᠷᠡᠬᠦ ᠦᠭᠡᠢ ᠪᠠᠢᠯ᠎ᠠ᠃ ᠬᠣᠲᠠ ᠶ᠋ᠢ ᠲᠣᠭᠣᠷᠢᠭᠤᠯᠤᠭᠰᠠᠨ ᠳᠦᠭᠦᠷᠡᠩ ᠤᠰᠤ ᠲᠠᠢ ᠭᠦᠨ ᠰᠤᠪᠠᠭ ᠢ᠋ ᠨᠢ ᠶᠠᠭᠤᠮ᠎ᠠ ᠳᠡᠪᠢᠰᠴᠦ ᠭᠡᠲᠦᠯᠬᠦ ᠶ᠋ᠢᠨ ᠠᠷᠭ᠎ᠠ ᠦᠭᠡᠢ᠂ ᠤᠳᠠᠭᠠᠨ ᠬᠤᠭᠤᠴᠠᠭ᠎ᠠ ᠪᠠᠷ ᠪᠦᠰᠡᠯᠡᠨ ᠪᠠᠢᠯᠳᠤᠬᠤ ᠯᠠ ᠬᠡᠷᠡᠭ ᠪᠣᠯᠪᠠ᠃
ᠴᠢᠩᠭᠢᠰ ᠬᠠᠭᠠᠨ ᠨᠢᠭᠡᠨ ᠰᠠᠯᠠᠭ᠎ᠠ ᠴᠡᠷᠢᠭ ᠢ᠋ᠶ᠋ᠡᠷ ᠢ᠋ᠶ᠋ᠡᠨ ᠬᠣᠲᠠ ᠶ᠋ᠢ ᠪᠦᠰᠡᠯᠡᠨ ᠴᠣᠬᠢᠭᠤᠯᠤᠭᠠᠳ᠂ ᠨᠢᠭᠡᠨ ᠰᠠᠯᠠᠭ᠎ᠠ ᠴᠡᠷᠢᠭ ᠢ᠋ᠶ᠋ᠡᠨ ᠥᠭᠡᠳᠡᠢ ᠳ᠋ᠤ᠌ ᠵᠠᠬᠢᠷᠤᠭᠤᠯᠤᠭᠠᠳ ᠠᠯᠲᠠᠨ ᠤᠯᠤᠰ ᠤ᠋ᠨ ᠪᠠᠷᠠᠭᠤᠨ ᠲᠠᠯ᠎ᠠ ᠪᠠᠷ ᠲᠣᠮᠢᠯᠠᠪᠠ᠃ ᠥᠪᠡᠷ ᠦ᠋ᠨ ᠪᠡᠶ᠎ᠡ ᠨᠢ ᠵᠡᠭᠦᠨ ᠵᠦᠭ ᠮᠣᠷᠳᠠᠵᠤ᠂ ᠪᠠᠷᠠᠭᠤᠨ ᠰᠢᠶᠠ ᠤᠯᠤᠰ ᠢ᠋ ᠬᠥᠨᠳᠡᠯᠡᠨ ᠢ᠋ᠶ᠋ᠡᠷ ᠲᠠᠰᠤᠯᠤᠭᠠᠳ ᠠᠯᠲᠠᠨ ᠤᠯᠤᠰ᠂ ᠰᠥᠩ ᠤᠯᠤᠰ᠂ ᠪᠠᠷᠠᠭᠤᠨ ᠰᠢᠶᠠ ᠭᠤᠷᠪᠠᠨ ᠤᠯᠤᠰ ᠤ᠋ᠨ ᠠᠭᠤᠯᠵᠠᠭᠤᠷ ᠭᠠᠵᠠᠷ ᠬᠦᠷᠲᠡᠯ᠎ᠡ ᠤᠷᠤᠭᠰᠢᠯᠠᠪᠠ᠃ ᠢᠩᠭᠢᠭᠡᠳ ᠬᠢᠲᠠᠳ ᠲᠠᠩᠭᠤᠳ ᠤ᠋ᠨ ᠬᠣᠭᠣᠷᠣᠨᠳᠣᠬᠢ ᠠᠯᠢᠪᠠ ᠬᠠᠷᠢᠴᠠᠭ᠎ᠠ ᠬᠣᠯᠪᠣᠭ᠎ᠠ ᠶ᠋ᠢ ᠲᠠᠰᠤᠯᠵᠤ᠂ ᠲᠡᠳᠡᠨ ᠦ᠌ ᠰᠦᠷ ᠬᠦᠴᠦᠨ ᠢ᠋ ᠨᠢᠭᠡᠮᠦᠰᠦᠨ ᠪᠠᠭᠤᠷᠠᠭᠤᠯᠵᠠᠢ᠃ ᠴᠢᠩᠭᠢᠰ ᠬᠠᠭᠠᠨ ᠳ᠋ᠤ᠌ ᠡᠪ ᠨᠠᠢᠷᠠᠮᠳᠠᠯ ᠢ᠋ ᠭᠤᠶᠤᠴᠢᠯᠠᠬᠤ ᠪᠠᠷ ᠢᠷᠡᠭᠰᠡᠨ ᠠᠯᠲᠠᠨ ᠤᠯᠤᠰ ᠤ᠋ᠨ ᠡᠯᠴᠢ ᠪᠡᠯᠡᠭ ᠪᠠᠷᠢᠴᠠ ᠪᠣᠯᠭᠠᠵᠤ ᠬᠠᠭᠠᠨ ᠣᠷᠳᠣᠨ ᠤ᠋ ᠡᠳ᠋ ᠡᠷᠳᠡᠨᠢ ᠳᠣᠲᠣᠷ᠎ᠠ ᠠ᠋ᠴᠠ ᠬᠠᠮᠤᠭ ᠤ᠋ᠨ ᠰᠠᠢᠨ ᠢ᠋ ᠰᠣᠩᠭᠣᠵᠤ ᠰᠤᠪᠤᠳ ᠢ᠋ᠶ᠋ᠠᠷ ᠴᠢᠮᠡᠭᠯᠡᠭᠰᠡᠨ ᠰᠠᠪᠠ ᠳ᠋ᠤ᠌ ᠣᠪᠣᠭᠠᠯᠠᠵᠤ ᠲᠡᠪᠡᠷᠢᠭᠡᠳ ᠡᠷᠭᠦᠭᠰᠡᠨ ᠶᠤᠮ᠃ ᠴᠢᠩᠭᠢᠰ ᠬᠠᠭᠠᠨ ᠵᠠᠷᠯᠢᠭ ᠪᠠᠭᠤᠯᠭᠠᠵᠤ ᠲᠡᠳᠡᠭᠡᠷ ᠰᠤᠪᠤᠳ ᠡᠷᠳᠡᠨᠢ ᠶ᠋ᠢ ᠡᠭᠦᠳᠡᠨ ᠭᠠᠳᠠᠨ᠎ᠠ ᠪᠠᠨ ᠰᠠᠴᠤᠵᠤ ᠭᠡᠭᠡᠯᠭᠡᠭᠰᠡᠨ ᠪᠢᠯᠡ᠃ ᠡᠭᠦᠨ ᠳ᠋ᠤ᠌ ᠳᠤᠷᠠᠯᠠᠭᠰᠠᠨ ᠬᠥᠮᠦᠰ ᠲᠡᠭᠦᠵᠦ ᠠᠪᠴᠤ ᠪᠠᠢᠪᠠ᠃ ᠤᠳᠠᠰᠬᠢᠪᠡᠯ ᠡᠳ᠋ ᠡᠷᠳᠡᠨᠢ ᠬᠦᠷᠭᠡᠭᠡᠳ ᠨᠠᠢᠷᠠᠮᠳᠠᠯ ᠢ᠋ ᠭᠤᠶᠤᠬᠤ᠂ ᠤᠳᠠᠰᠬᠢᠪᠡᠯ ᠡᠷᠭᠢᠭᠡᠳ ᠡᠨᠡ ᠭᠡᠷ᠎ᠡ ᠪᠣᠯᠵᠣᠭ᠎ᠠ ᠪᠠᠨ ᠡᠪᠳᠡᠵᠦ ᠪᠤᠴᠠᠳᠠᠭ ᠠᠯᠲᠠᠨ ᠤᠯᠤᠰ ᠤ᠋ᠨ ᠬᠠᠭᠠᠨ ᠪᠣᠯᠤᠨ ᠸᠠᠩ ᠯᠤᠭ᠎ᠠ ᠬᠠᠷᠢᠯᠴᠠᠭᠠᠳ ᠴᠢᠩᠭᠢᠰ ᠬᠠᠭᠠᠨ ᠨᠢᠭᠡᠨᠲᠡ ᠬᠠᠰᠢᠷᠠᠴᠢᠬᠠᠭᠰᠠᠨ ᠶᠤᠮ᠃
ᠠᠯᠲᠠᠨ ᠤᠯᠤᠰ ᠤ᠋ᠨ ᠡᠯᠴᠢ ᠬᠦᠷᠴᠦ ᠢᠷᠡᠭᠰᠡᠨ ᠦ᠌ ᠳᠠᠷᠠᠭ᠎ᠠ ᠪᠠᠷ ᠪᠦᠰᠡᠯᠡᠭᠳᠡᠵᠦ ᠪᠠᠢᠭᠰᠠᠨ ᠪᠠᠷᠠᠭᠤᠨ ᠰᠢᠶᠠ ᠤᠯᠤᠰ ᠤ᠋ᠨ ᠰᠢᠳᠤᠷᠭᠤ ᠬᠠᠭᠠᠨ ᠤ᠋ ᠡᠯᠴᠢ ᠪᠠᠰᠠ ᠢᠷᠡᠭᠡᠳ ᠲᠡᠭᠦᠨ ᠦ᠌ ᠨᠡᠢᠰᠯᠡᠯ ᠬᠣᠲᠠ ᠳᠠᠶᠠᠭᠠᠷ ᠢ᠋ᠶ᠋ᠠᠨ ᠪᠠᠭᠤᠵᠤ ᠳᠠᠭᠠᠬᠤ ᠪᠠᠨ ᠭᠤᠶᠤᠴᠢᠯᠠᠪᠠ᠃
《ᠬᠡᠷᠪᠡ ᠪᠣᠭᠳᠠ ᠬᠠᠭᠠᠨ ᠨᠠᠮᠠᠶ᠋ᠢ ᠠᠭᠤᠴᠢᠯᠠᠬᠤ ᠪᠣᠯᠪᠠᠰᠤ ᠮᠢᠨᠦ ᠪᠡᠶ᠎ᠡ ᠬᠢᠴᠢᠶᠡᠩᠭᠦᠢᠯᠡᠬᠦ ᠰᠡᠳᠬᠢᠯ ᠢ᠋ᠶ᠋ᠡᠨ ᠢᠯᠡᠳᠬᠡᠬᠦ ᠶ᠋ᠢᠨ ᠲᠥᠯᠥᠭᠡ ᠲᠠᠨ ᠤ᠋ ᠳᠡᠷᠭᠡᠳᠡ ᠣᠳᠰᠤᠭᠠᠢ》 ᠭᠡᠵᠦ ᠭᠤᠶᠤᠴᠢᠯᠠᠭᠰᠠᠨ ᠳ᠋ᠤ᠌᠂ ᠴᠢᠩᠭᠢᠰ ᠬᠠᠭᠠᠨ ᠬᠠᠷᠢᠭᠤ ᠬᠡᠯᠡᠬᠦ ᠶ᠋ᠢᠨ ᠤᠷᠢᠳ᠂ ᠤᠳᠠᠲᠠᠯ᠎ᠠ ᠳᠠᠭᠤᠨ ᠦᠭᠡᠢ ᠪᠠᠢᠵᠤ ᠲᠡᠭᠦᠨ ᠦ᠌ ᠰᠠᠨᠠᠭ᠎ᠠ ᠶ᠋ᠢ ᠬᠡᠨ ᠴᠦ᠍ ᠮᠡᠳᠡᠬᠦ ᠶ᠋ᠢᠨ ᠠᠷᠭ᠎ᠠ ᠦᠭᠡᠢ ᠪᠠᠢᠵᠠᠢ᠂ ᠡᠴᠦᠰ ᠲᠡᠭᠡᠨ
《ᠥᠪᠡᠷ ᠦ᠋ᠨ ᠥᠩᠭᠡᠷᠡᠭᠰᠡᠨ ᠦ᠌ ᠬᠡᠷᠡᠭ ᠢ᠋ᠶ᠋ᠡᠨ ᠤᠮᠠᠷᠲᠠᠭᠰᠠᠨ ᠤᠤ》 ᠭᠡᠵᠡᠢ᠃
ᠴᠢᠩᠭᠢᠰ ᠬᠠᠭᠠᠨ ᠶᠡᠬᠡ ᠬᠥᠭᠰᠢᠷᠡᠵᠦ᠂ ᠡᠯᠳᠡᠪ ᠡᠰᠡ ᠶ᠋ᠢᠨ ᠮᠠᠭᠤ ᠵᠡᠭᠦᠳᠦᠨ ᠳ᠋ᠤ᠌ ᠤᠨᠲᠠᠬᠤ ᠨᠣᠢᠷ ᠨᠢ ᠰᠠᠭᠠᠲᠠᠭ᠍ᠳᠠᠵᠤ ᠪᠠᠢᠯ᠎ᠠ᠃
《ᠮᠢᠨᠦ ᠵᠠᠯᠠᠭᠤ ᠴᠠᠭ ᠤ᠋ᠨ ᠬᠦᠴᠦ ᠲᠠᠮᠢᠷ ᠦᠳᠡᠯᠦᠭᠡ ᠠᠭᠰᠢᠷᠠᠭ᠎ᠠ ᠪᠣᠯᠵᠤ ᠬᠤᠪᠢᠷᠠᠭᠰᠠᠨ ᠪᠠᠢᠨ᠎ᠠ᠃ ᠬᠠᠮᠤᠭ ᠡᠴᠦᠰ ᠦ᠋ᠨ ᠮᠣᠷᠳᠠᠯᠲᠠ ᠨᠢᠭᠡᠨᠲᠡ ᠮᠢᠨᠦ ᠡᠭᠦᠳᠡᠨ ᠳᠡᠭᠡᠷ᠎ᠡ ᠲᠤᠯᠤᠭᠠᠳ ᠢᠷᠡᠯ᠎ᠡ》 ᠭᠡᠵᠦ ᠠᠮᠠᠨ ᠤᠩᠰᠢᠯᠭ᠎ᠠ ᠮᠡᠲᠦ ᠪᠡᠷ ᠳᠠᠬᠢᠨ ᠳᠠᠪᠲᠠᠨ ᠶᠠᠷᠢᠵᠤ ᠪᠠᠢᠭᠰᠠᠨ ᠶᠤᠮ᠃ ᠬᠥᠪᠡᠭᠦᠨ ᠪᠠ ᠠᠴᠢ ᠨᠠᠷ ᠢ᠋ᠶ᠋ᠠᠨ ᠭᠤᠷᠪᠠᠨ ᠤᠯᠤᠰ ᠤ᠋ᠨ ᠬᠢᠯᠢ ᠶ᠋ᠢᠨ ᠣᠢᠷᠠᠯᠴᠠᠭ᠎ᠠ ᠲᠡᠭᠦᠨ ᠦ᠌ ᠳᠡᠷᠭᠡᠳᠡ ᠴᠤᠭᠯᠠᠭᠤᠯᠪᠠ᠃ ᠨᠠᠰᠤ ᠪᠠᠷᠠᠬᠤ ᠬᠤᠭᠤᠴᠠᠭ᠎ᠠ ᠨᠢ ᠰᠢᠬᠠᠮᠳᠠᠵᠤ ᠢᠷᠡᠭᠰᠡᠨ ᠢ᠋ ᠴᠢᠩᠭᠢᠰ ᠬᠠᠭᠠᠨ ᠮᠡᠳᠡᠵᠦ ᠪᠠᠢᠯ᠎ᠠ᠃
《ᠮᠥᠩᠬᠡ ᠲᠩᠷᠢ ᠶ᠋ᠢᠨ ᠢᠪᠡᠭᠡᠯ ᠢ᠋ᠶ᠋ᠡᠷ ᠮᠡᠬᠦᠰ ᠮᠢᠨᠦ ᠪᠡᠶ᠎ᠡ ᠲᠠᠨᠠᠷ ᠤ᠋ᠨ ᠲᠥᠯᠥᠭᠡ ᠨᠢᠭᠡᠨ ᠬᠠᠭᠠᠨᠲᠤ ᠤᠯᠤᠰ ᠢ᠋ ᠪᠠᠢᠭᠤᠯᠤᠭᠰᠠᠨ ᠪᠥᠯᠥᠭᠡ᠃ ᠨᠢᠭᠡᠨ ᠬᠥᠮᠦᠨ ᠵᠢᠯ ᠦ᠋ᠨ ᠬᠤᠭᠤᠴᠠᠭ᠎ᠠ ᠪᠠᠷ ᠲᠡᠭᠦᠨ ᠦ᠌ ᠭᠣᠣᠯ ᠭᠠᠵᠠᠷ ᠢ᠋ᠶ᠋ᠠᠷ ᠵᠡᠭᠦᠨ ᠡᠴᠡ ᠪᠠᠷᠠᠭᠤᠨᠰᠢ ᠮᠣᠷᠢ ᠪᠠᠷ ᠶᠠᠪᠤᠭᠠᠳ ᠭᠦᠢᠴᠡᠳᠬᠡᠵᠦ ᠴᠢᠳᠠᠬᠤ ᠪᠣᠯᠪᠠᠴᠤ᠂ ᠲᠡᠭᠦᠨ ᠦ᠌ ᠦᠷ᠎ᠡ ᠳ᠋ᠦᠩ ᠢ᠋ ᠦᠵᠡᠵᠦ ᠣᠭᠲᠣ ᠴᠢᠳᠠᠬᠤ ᠦᠭᠡᠢ ᠶᠤᠮ᠃ ᠶᠢᠷᠲᠢᠨᠴᠦ ᠶ᠋ᠢ ᠲᠦᠪᠰᠢᠳᠬᠡᠬᠦ ᠡᠭᠦᠷᠭᠡ ᠶ᠋ᠢ ᠭᠦᠢᠴᠡᠳᠬᠡᠬᠦᠢ ᠳ᠋ᠦ᠍ᠷ ᠮᠡᠬᠦᠰ ᠮᠢᠨᠦ ᠠᠮᠢ ᠨᠠᠰᠤ ᠳᠠᠩᠴᠤ ᠣᠬᠣᠷ ᠮᠡᠲᠦ ᠠᠮᠤᠢ᠃ ᠡᠭᠦᠨ ᠢ᠋ ᠭᠦᠢᠴᠡᠳᠬᠡᠬᠦ ᠨᠢ ᠲᠠᠨᠠᠷ ᠪᠣᠯᠤᠨ᠎ᠠ᠃ ᠲᠠᠨᠠᠷ ᠳᠠᠢᠰᠤᠨ ᠢ᠋ᠶ᠋ᠠᠨ ᠳᠠᠷᠤᠵᠤ᠂ ᠥᠨᠢ ᠤᠳᠠᠭᠠᠨ ᠵᠣᠯ ᠵᠢᠷᠭᠠᠯ ᠲᠠᠢ ᠠᠮᠢᠳᠤᠷᠠᠬᠤ ᠶ᠋ᠢᠨ ᠲᠥᠯᠥᠭᠡ᠂ ᠭᠠᠭᠴᠠ ᠰᠡᠳᠬᠢᠯ ᠭᠠᠭᠴᠠ ᠲᠡᠷᠢᠭᠦᠨ ᠲᠡᠢ ᠪᠣᠯᠵᠤ ᠶᠠᠪᠤᠭᠠᠷᠠᠢ᠁ ᠭᠡᠵᠦ ᠬᠡᠯᠡᠭᠡᠳ ᠬᠥᠪᠡᠭᠦᠨ ᠪᠠ ᠠᠴᠢ ᠨᠠᠷ ᠲᠠᠭᠠᠨ ᠮᠣᠭᠠᠢ ᠶ᠋ᠢᠨ ᠦᠯᠢᠭᠡᠷ ᠢ᠋ ᠶᠠᠷᠢᠵᠤ ᠥᠭᠴᠡᠢ᠃
ᠡᠷᠲᠡ ᠤᠷᠢᠳᠤ ᠴᠠᠭ ᠲᠤ᠌ ᠠᠷᠪᠢᠨ ᠲᠣᠯᠣᠭᠠᠢ ᠲᠠᠢ ᠭᠠᠭᠴᠠ ᠰᠡᠭᠦᠯᠲᠡᠢ ᠨᠢᠭᠡᠨ ᠮᠣᠭᠠᠢ ᠪᠠᠢᠭᠰᠠᠨ ᠭᠡᠨ᠎ᠡ᠃ ᠪᠠᠰᠠ ᠭᠠᠭᠴᠠ ᠲᠣᠯᠣᠭᠠᠢ ᠲᠠᠢ ᠣᠯᠠᠨ ᠰᠡᠬᠦᠯᠲᠡᠢ ᠨᠢᠭᠡᠨ ᠮᠣᠭᠠᠢ ᠪᠠᠢᠭᠰᠠᠨ ᠭᠡᠨ᠎ᠡ᠃ ᠶᠡᠬᠡ ᠬᠦᠢᠲᠡᠨ ᠡᠪᠦᠯ ᠦ᠋ᠨ ᠴᠠᠭ ᠲᠣᠬᠢᠶᠠᠯᠳᠤᠭᠰᠠᠨ ᠪᠣᠯᠬᠣᠷ ᠮᠣᠭᠠᠢ ᠨᠤᠭᠤᠳ ᠬᠦᠢᠲᠡᠨ ᠡᠴᠡ ᠵᠠᠢᠯᠠᠬᠤ ᠶ᠋ᠢᠨ ᠲᠥᠯᠥᠭᠡ ᠨᠦᠬᠡ ᠡᠷᠢᠵᠦ ᠰᠢᠷᠭᠤᠬᠤ ᠦᠭᠡᠢ ᠪᠡᠷ ᠪᠣᠯᠬᠤ ᠦᠭᠡᠢ ᠪᠣᠯᠤᠭᠰᠠᠨ ᠪᠢᠯᠡ᠃ ᠠᠷᠪᠢᠨ ᠲᠣᠯᠣᠭᠠᠢ ᠲᠠᠢ ᠮᠣᠭᠠᠢ ᠨᠢ ᠠᠯᠢ ᠨᠦᠬᠡᠨ ᠳ᠋ᠤ᠌ ᠣᠷᠣᠪᠠᠴᠤ ᠴᠢᠬᠤᠯᠳᠠᠭᠠᠳ ᠪᠠᠭᠲᠠᠬᠤ ᠦᠭᠡᠢ ᠤᠴᠢᠷ ᠠ᠋ᠴᠠ ᠲᠡᠳᠡᠨ ᠦ᠌ ᠲᠣᠯᠣᠭᠠᠢ ᠨᠢ ᠬᠠᠷᠢᠯᠴᠠᠨ ᠵᠥᠷᠢᠴᠡᠯᠳᠦᠵᠦ ᠲᠡᠮᠡᠴᠡᠵᠡᠭᠡᠨᠡ᠂ ᠡᠴᠦᠰ ᠲᠦᠨᠢ ᠲᠣᠯᠣᠭᠠᠢ ᠪᠦᠷᠢ ᠨᠢᠭᠡᠨ ᠨᠦᠬᠡ ᠣᠯᠤᠭᠠᠳ ᠰᠢᠷᠭᠤᠯ᠎ᠠ᠃ ᠭᠡᠪᠡᠴᠦ ᠰᠡᠭᠦᠯ ᠨᠢ ᠲᠠᠲᠠᠭᠳᠠᠭᠠᠳ ᠭᠠᠳᠠᠨ᠎ᠠ ᠬᠣᠴᠣᠷᠤᠭᠰᠠᠨ ᠪᠣᠯᠬᠣᠷ ᠰᠡᠭᠦᠯ ᠳᠠᠭᠠᠭᠠᠳ ᠲᠣᠯᠣᠭᠠᠢ ᠨᠢ ᠪᠦᠬᠦᠨ ᠢ᠋ᠶ᠋ᠡᠷ ᠢ᠋ᠶ᠋ᠡᠨ ᠬᠥᠯᠳᠡᠵᠦ ᠦᠭᠦᠴᠢᠭᠰᠡᠨ(ᠦᠬᠦᠴᠢᠬᠡᠭᠰᠡᠨ) ᠶᠤᠮ᠃ ᠭᠠᠭᠴᠠ ᠲᠣᠯᠣᠭᠠᠢ ᠲᠠᠢ ᠣᠯᠠᠨ ᠰᠡᠭᠦᠯᠲᠡᠢ ᠮᠣᠭᠠᠢ ᠬᠠᠷᠢᠨ ᠨᠢᠭᠡᠨ ᠨᠦᠬᠡᠨ ᠳ᠋ᠤ᠌ ᠰᠢᠷᠭᠤᠨ ᠣᠷᠣᠭᠠᠳ ᠲᠣᠯᠣᠭᠠᠢ ᠨᠢ ᠣᠯᠠᠨ ᠰᠡᠭᠦᠯ ᠢ᠋ᠶ᠋ᠡᠷ ᠢ᠋ᠶ᠋ᠡᠨ ᠬᠠᠯᠬᠠᠯᠠᠵᠤ ᠢᠴᠡᠭᠡᠯᠡᠭᠡᠳ ᠬᠦᠢᠲᠡᠨ ᠡᠪᠦᠯ ᠢ᠋ ᠡᠨᠡ ᠮᠣᠭᠠᠢ ᠠᠮᠤᠷ ᠰᠠᠢᠬᠠᠨ ᠥᠩᠭᠡᠷᠡᠭᠡᠵᠦ ᠴᠢᠳᠠᠭᠰᠠᠨ ᠶᠤᠮ᠁ ᠭᠡᠵᠡᠢ᠃ ᠠᠭᠰᠢᠷᠠᠭᠰᠠᠨ ᠬᠠᠭᠠᠨ ᠤ᠋ ᠳᠠᠭᠤᠨ ᠨᠢ ᠡᠨᠳᠡ ᠬᠦᠷᠦᠭᠡᠳ ᠪᠠᠬᠠᠨ ᠵᠣᠭᠰᠣᠰᠬᠢᠭᠡᠳ᠄
ᠮᠢᠨᠦ ᠬᠥᠪᠡᠭᠦᠳ ᠦ᠋ᠨ ᠳᠣᠲᠣᠷ᠎ᠠ ᠠ᠋ᠴᠠ ᠨᠢᠭᠡᠨ ᠨᠢ ᠬᠠᠭᠠᠨ ᠤ᠋ ᠰᠠᠭᠤᠷᠢᠨ ᠢ᠋ ᠵᠠᠯᠭᠠᠮᠵᠢᠯᠠᠬᠤ ᠦᠭᠡᠢ ᠪᠣᠯᠬᠤ ᠦᠭᠡᠢ᠁ ᠭᠡᠵᠦ ᠬᠡᠯᠡᠭᠡᠳ ᠬᠡᠦᠬᠡᠳ ᠪᠦᠬᠦᠨ ᠢ᠋ᠶ᠋ᠡᠨ ᠡᠷᠭᠢᠴᠡᠭᠦᠯᠵᠦ ᠦᠵᠡᠭᠡᠳ᠄《ᠲᠠᠨᠠᠷ ᠤ᠋ᠨ ᠳᠣᠲᠣᠷ᠎ᠠ ᠠ᠋ᠴᠠ ᠬᠡᠨ ᠨᠢ ᠮᠢᠨᠦ ᠬᠠᠭᠠᠨᠲᠤ ᠤᠯᠤᠰ ᠤ᠋ᠨ ᠲᠡᠷᠢᠭᠦᠦ ᠪᠣᠯᠬᠤ ᠪᠣᠢ?᠁》 ᠭᠡᠵᠦ ᠠᠰᠠᠭᠤᠵᠠᠢ᠃
ᠲᠡᠭᠦᠨ ᠦ᠌ ᠬᠥᠪᠡᠭᠦᠳ ᠨᠢ ᠪᠦᠷ ᠭᠠᠵᠠᠷ ᠲᠤ᠌ ᠰᠥᠭᠥᠳᠦᠭᠡᠳ ᠡᠴᠢᠭᠡ ᠬᠠᠭᠠᠨ ᠠ᠋ᠴᠠ ᠵᠠᠷᠯᠢᠭ ᠪᠠᠭᠤᠯᠭᠠᠬᠤ ᠶ᠋ᠢ ᠬᠦᠰᠡᠨ᠎ᠡ᠂ ᠪᠢᠳᠡ ᠪᠦᠭᠦᠳᠡᠭᠡᠷ ᠢ᠋ᠶ᠋ᠡᠨ ᠡᠴᠢᠭᠡ ᠬᠠᠭᠠᠨ ᠤ᠋ ᠵᠠᠷᠯᠢᠭ ᠢ᠋ ᠳᠠᠭᠠᠨ᠎ᠠ ᠭᠡᠵᠦ ᠬᠡᠯᠡᠵᠡᠭᠡᠪᠡ᠃ ᠡᠪᠦᠭᠡᠨ ᠬᠠᠭᠠᠨ ᠤ᠋ ᠨᠢᠳᠦᠨ ᠦ᠌ ᠬᠠᠷᠠᠴᠠ ᠨᠢ ᠰᠢᠢᠳᠪᠦᠷᠢ ᠵᠣᠷᠢᠭ ᠢ᠋ᠶ᠋ᠠᠨ ᠢᠯᠡᠳᠬᠡᠬᠦ ᠡᠴᠡ ᠤᠷᠢᠳ᠂ ᠣᠷᠣ ᠶ᠋ᠢᠨ ᠬᠢᠨ ᠡᠮᠦᠨ᠎ᠡ ᠰᠥᠭᠥᠳᠴᠦ ᠪᠠᠢᠭ᠎ᠠ ᠭᠤᠷᠪᠠᠨ ᠬᠥᠪᠡᠭᠦᠨ ᠦ᠌ ᠳᠡᠭᠡᠷ᠎ᠡ ᠨᠢ ᠲᠣᠰᠴᠤ᠂ ᠠᠯᠭᠤᠷ ᠠᠭᠠᠵᠢᠮ ᠪᠠᠷ ᠡᠷᠭᠢᠴᠡᠭᠦᠯᠦᠨ ᠦᠵᠡᠭᠡᠳ᠂ ᠬᠠᠮᠤᠭ ᠰᠡᠭᠦᠯ ᠳ᠋ᠤ᠌ ᠬᠡᠯᠡᠭᠰᠡᠨ ᠨᠢ᠄
《ᠪᠢ ᠥᠭᠡᠳᠡᠢ ᠶ᠋ᠢ ᠵᠠᠯᠭᠠᠮᠵᠢᠯᠠᠭᠴᠢ ᠪᠠᠷ ᠲᠣᠭᠲᠠᠭᠠᠰᠤᠭᠠᠢ》ᠭᠡᠵᠡᠢ᠃ ᠡᠨᠡ ᠤᠳᠠᠭ᠎ᠠ ᠶ᠋ᠢᠨ ᠰᠣᠩᠭᠣᠭᠰᠠᠨ ᠡᠴᠡ ᠪᠣᠯᠵᠤ ᠴᠢᠩᠭᠢᠰ ᠬᠠᠭᠠᠨ ᠠᠭᠤᠳᠠᠮ ᠶᠡᠬᠡ ᠬᠠᠭᠠᠨᠲᠤ ᠤᠯᠤᠰ ᠤ᠋ᠨ ᠡᠵᠡᠨ ᠬᠠᠭᠠᠨ ᠪᠣᠯᠬᠤ ᠬᠠᠮᠤᠭ ᠴᠢᠬᠤᠯᠠ ᠬᠣᠯᠪᠣᠭᠳᠠᠯ ᠲᠠᠢ ᠬᠡᠷᠡᠭ ᠦ᠋ᠨ ᠲᠤᠬᠠᠢ ᠰᠠᠨᠠᠯ ᠢ᠋ᠶ᠋ᠠᠨ ᠢᠯᠡᠳᠬᠡᠵᠡᠢ᠃
ᠴᠢᠩᠭᠢᠰ ᠬᠠᠭᠠᠨ ᠤ᠋ ᠬᠡᠦᠬᠡᠳ ᠦ᠋ᠨ ᠬᠢᠨ ᠦ᠌ ᠳᠣᠲᠣᠷ᠎ᠠ ᠡᠴᠡ ᠠᠯᠢ ᠨᠢᠭᠡᠨ ᠨᠢ ᠭᠡᠳ ᠡᠴᠢᠭᠡ ᠶ᠋ᠢᠨ ᠢ᠋ᠶ᠋ᠡᠨ ᠠᠪᠢᠶᠠᠰ ᠪᠢᠯᠢᠭ᠂ ᠴᠡᠷᠢᠭ ᠦ᠋ᠨ ᠵᠢᠯᠣᠭᠣᠳᠤᠭᠴᠢ ᠪᠣᠯᠬᠤ ᠴᠢᠳᠠᠪᠤᠷᠢ᠂ ᠲᠡᠮᠦᠷ ᠮᠡᠲᠦ ᠬᠠᠲᠠᠭᠤ ᠵᠣᠷᠢᠭ᠂ ᠴᠥᠬᠥᠷᠡᠰᠢ ᠦᠭᠡᠢ ᠲᠡᠰᠪᠦᠷᠢᠯᠡᠬᠦ ᠴᠢᠨᠠᠷ᠂ ᠬᠥᠮᠦᠨ ᠢ᠋ ᠦᠵᠡᠵᠦ ᠭᠠᠷᠬᠤ ᠰᠣᠳᠣ ᠮᠡᠷᠭᠡᠨ ᠡᠳᠡᠭᠡᠷ ᠪᠦᠬᠦᠨ ᠢ᠋ ᠪᠦᠷᠢᠳᠬᠡᠨ ᠤᠯᠠᠮᠵᠢᠯᠠᠨ ᠬᠦᠯᠢᠶᠡᠵᠦ ᠠᠪᠬᠤ ᠬᠥᠮᠦᠨ ᠪᠠᠢᠭᠰᠠᠨ ᠦᠭᠡᠢ ᠶᠤᠮ᠃ ᠡᠢᠮᠦ ᠡᠴᠡ ᠲᠡᠷᠡ ᠡᠳᠡᠭᠡᠷ ᠴᠢᠨᠠᠷ ᠳᠣᠲᠣᠷ᠎ᠠ ᠡᠴᠡ ᠶᠠᠮᠠᠷ ᠨᠢᠭᠡᠨ ᠵᠦᠢᠯ ᠢ᠋ ᠰᠣᠩᠭᠣᠵᠤ ᠭᠠᠷᠭᠠᠬᠤ ᠦᠭᠡᠢ ᠪᠡᠷ ᠪᠣᠯᠬᠤ ᠦᠭᠡᠢ᠃ ᠴᠠᠭᠠᠲᠠᠢ ᠶ᠋ᠢᠨ ᠲᠡᠮᠦᠷ ᠮᠡᠲᠦ ᠬᠠᠲᠠᠭᠤ ᠵᠣᠷᠢᠭ ᠪᠠᠢᠬᠤ ᠶ᠋ᠢ ᠲᠠᠯ᠎ᠠ ᠳ᠋ᠤ᠌ ᠣᠷᠬᠢᠵᠤ᠂ ᠣᠳᠬᠣᠨ ᠬᠥᠪᠡᠭᠦᠨ ᠲᠤᠯᠤᠢ ᠶ᠋ᠢᠨ ᠮᠣᠬᠣᠰᠢ ᠦᠭᠡᠢ ᠵᠣᠷᠢᠭ ᠪᠣᠯᠤᠨ ᠴᠡᠷᠢᠭ ᠦ᠋ᠨ ᠶᠠᠪᠤᠳᠠᠯ ᠤ᠋ᠨ ᠴᠢᠳᠠᠪᠤᠷᠢ ᠶ᠋ᠢ ᠪᠠᠰᠠ ᠲᠠᠯ᠎ᠠ ᠳ᠋ᠤᠨᠢ ᠲᠠᠯᠪᠢᠭᠠᠳ᠂ ᠥᠭᠡᠳᠡᠢ ᠪᠡᠷ ᠬᠠᠭᠠᠨ ᠰᠠᠭᠤᠷᠢᠨ ᠢ᠋ᠶ᠋ᠠᠨ ᠵᠠᠯᠭᠠᠮᠵᠢᠯᠠᠭᠤᠯᠤᠭᠰᠠᠨ ᠶᠤᠮ᠃ ᠴᠢᠩᠭᠢᠰ ᠬᠠᠭᠠᠨ ᠤ᠋ ᠬᠠᠮᠤᠭ ᠳᠤᠷᠠᠰᠢᠶᠠᠬᠤ ᠦᠭᠡᠢ ᠤᠴᠢᠷ ᠨᠢ ᠥᠭᠡᠳᠡᠢ ᠠᠷᠢᠬᠢᠨ ᠳ᠋ᠤ᠌ ᠳᠤᠷᠠᠲᠠᠢ ᠬᠡᠷᠡᠭ ᠪᠣᠯᠤᠨ᠎ᠠ᠃ ᠲᠡᠭᠦᠨ ᠢ᠋ ᠬᠡᠳᠦᠨ ᠤᠳᠠᠭ᠎ᠠ ᠵᠢᠮᠡᠯᠡᠨ ᠪᠤᠷᠤᠭᠤᠰᠢᠶᠠᠭᠰᠠᠨ ᠪᠣᠯᠪᠠᠴᠤ ᠬᠠᠯᠠᠵᠤ ᠴᠢᠳᠠᠬᠤ ᠦᠭᠡᠢ᠂ ᠰᠥᠰᠥ ᠵᠣᠷᠢᠭ ᠨᠢ ᠳᠣᠷᠣᠢ ᠪᠠᠢᠭᠰᠠᠨ ᠶᠤᠮ᠃ ᠭᠡᠪᠡᠴᠦ ᠪᠤᠰᠤᠳ ᠤ᠋ᠨ ᠰᠠᠨᠠᠭᠤᠯᠭ᠎ᠠ ᠶ᠋ᠢ ᠰᠣᠨᠣᠰᠤᠨ᠂ ᠴᠢᠳᠠᠪᠤᠷᠢ ᠶ᠋ᠢ ᠨᠢ ᠠᠰᠢᠭᠯᠠᠬᠤ ᠠᠷᠭ᠎ᠠ ᠪᠠᠷ ᠰᠠᠢᠨ᠂ ᠲᠡᠭᠦᠨ ᠲᠡᠢ ᠣᠢᠷᠠᠲᠤᠬᠤ ᠬᠥᠮᠦᠰ ᠪᠦᠬᠦᠨ ᠦ᠌ ᠰᠡᠳᠬᠢᠯ ᠢ᠋ ᠠᠳᠬᠤᠵᠤ ᠴᠢᠳᠠᠬᠤ ᠪᠥᠭᠡᠳ ᠰᠠᠢᠬᠠᠨ ᠰᠡᠳᠬᠢᠯ ᠲᠡᠢ ᠪᠣᠯᠬᠣᠷ ᠬᠥᠮᠦᠰ ᠲᠡᠭᠦᠨ ᠲᠡᠢ ᠣᠢᠷᠠᠲᠤᠬᠤ ᠳᠤᠷᠠᠲᠠᠢ ᠪᠢᠯᠡ᠃ ᠬᠣᠶᠠᠷ ᠠᠬ᠎ᠠ ᠨᠢ ᠵᠥᠷᠢᠴᠡᠯ ᠭᠠᠷᠤᠭᠰᠠᠨ ᠦᠶ᠎ᠡ ᠳ᠋ᠤ᠌ ᠲᠡᠳᠡᠨ ᠢ᠋ ᠡᠶᠡᠳᠡᠭᠦᠯᠦᠨ ᠰᠠᠢᠲᠤᠷ ᠡᠪᠯᠡᠷᠡᠭᠦᠯᠵᠦ ᠴᠢᠳᠠᠵᠤ ᠪᠠᠢᠵᠠᠢ᠃ ᠴᠢᠩᠭᠢᠰ ᠬᠠᠭᠠᠨ ᠲᠡᠭᠦᠨ ᠦ᠌ ᠠᠭᠤᠳᠠᠮ ᠪᠥᠭᠡᠳ ᠭᠦᠨ ᠠᠩᠬᠠᠷᠤᠯ ᠢ᠋ᠶ᠋ᠠᠷ ᠶᠠᠭᠤᠮ᠎ᠠ ᠶ᠋ᠢ ᠦᠵᠡᠬᠦ᠂ ᠬᠥᠮᠦᠨ ᠢ᠋ ᠲᠠᠨᠢᠬᠤ ᠳ᠋ᠠᠭᠠᠨ ᠮᠡᠷᠭᠡᠨ ᠲᠣᠳᠣ᠂ ᠰᠠᠨᠠᠭ᠎ᠠ ᠰᠠᠢᠲᠠᠢ ᠪᠥᠭᠡᠳ ᠬᠥᠮᠦᠨ ᠳ᠋ᠤ᠌ ᠳᠣᠲᠣᠨᠣᠰᠣᠭ ᠪᠠᠢᠳᠠᠭ ᠢ᠋ ᠨᠢ ᠲᠡᠭᠦᠨ ᠦ᠌ ᠬᠠᠲᠠᠭᠤ ᠴᠢᠩᠭ᠎ᠠ ᠰᠥᠰᠥ ᠵᠣᠷᠢᠭ ᠪᠠ ᠴᠡᠷᠢᠭ ᠦ᠋ᠨ ᠶᠠᠪᠤᠳᠠᠯ ᠤ᠋ᠨ ᠴᠢᠳᠠᠪᠤᠷᠢ ᠡᠴᠡ ᠨᠢ ᠳᠡᠭᠡᠭᠦᠷ ᠦᠨᠡᠯᠡᠵᠦ ᠪᠠᠢᠭᠰᠠᠨ ᠶᠤᠮ᠃ ᠴᠢᠩᠭᠢᠰ ᠬᠠᠭᠠᠨ ᠤ᠋ ᠰᠢᠢᠳᠪᠦᠷᠢ ᠵᠣᠷᠢᠭ ᠢ᠋ᠶ᠋ᠠᠨ ᠢᠯᠡᠷᠬᠡᠢᠯᠡᠭᠰᠡᠨ ᠦᠶ᠎ᠡ ᠳ᠋ᠤ᠌ ᠥᠭᠡᠳᠡᠢ ᠡᠴᠡ ᠡᠭᠦᠨ ᠦ᠌ ᠲᠤᠬᠠᠢ ᠬᠡᠯᠡᠬᠦ ᠶᠠᠭᠤ ᠪᠠᠢᠨ᠎ᠠ ᠭᠡᠵᠦ ᠠᠰᠠᠭᠤᠯ᠎ᠠ᠃
ᠥᠭᠡᠳᠡᠢ ᠰᠥᠭᠥᠳᠦᠭᠰᠡᠨ ᠬᠡᠪ ᠢ᠋ᠶ᠋ᠡᠷ ᠢ᠋ᠶ᠋ᠡᠨ ᠬᠠᠷᠢᠭᠤ ᠥᠴᠢᠭᠰᠡᠨ ᠨᠢ᠄
《ᠬᠠᠭᠠᠨ ᠡᠴᠢᠭᠡ ᠰᠣᠶᠣᠷᠬᠠᠵᠤ ᠦᠭᠡ ᠬᠡᠯᠡ ᠭᠡᠬᠦ ᠳ᠋ᠤ᠌ ᠪᠢ ᠶᠠᠭᠤ ᠪᠠᠨ ᠬᠡᠯᠡᠬᠦ ᠪᠣᠢ? ᠴᠢᠳᠠᠬᠤ ᠦᠭᠡᠢ ᠭᠡᠵᠦ ᠶᠠᠭᠠᠬᠢᠵᠤ ᠬᠡᠯᠡᠬᠦ ᠪᠣᠢ᠂ ᠴᠢᠳᠠᠬᠤ ᠶ᠋ᠢ ᠬᠢᠴᠢᠶᠡᠶ᠎ᠡ᠃ ᠭᠠᠭᠴᠠᠬᠦ ᠬᠣᠢᠲᠤ ᠦᠶ᠎ᠡ ᠶ᠋ᠢᠨ ᠬᠡᠦᠬᠡᠳ ᠠᠴᠢᠨᠠᠷ ᠮᠢᠨᠢ ᠡᠪᠡᠰᠦᠨ ᠳ᠋ᠤ᠌ ᠣᠷᠢᠶᠠᠪᠠᠴᠤ ᠦᠬᠡᠷ ᠦᠨᠦᠷᠲᠦᠬᠦ ᠦᠭᠡᠢ᠂ ᠥᠭᠡᠬᠦᠨ ᠳ᠋ᠤ᠌ ᠪᠠᠭᠯᠠᠪᠠᠴᠤ ᠨᠣᠬᠠᠢ ᠦᠨᠦᠷᠲᠦᠬᠦ ᠦᠭᠡᠢ ᠶᠠᠭᠤᠮ᠎ᠠ ᠲᠥᠷᠥᠭᠡᠳ ᠬᠠᠨᠳᠠᠭᠠᠢ ᠶ᠋ᠢ ᠬᠠᠷᠪᠤᠭᠠᠳ ᠣᠭᠣᠲᠣᠨ᠎ᠠ ᠶ᠋ᠢ ᠤᠨᠤᠬᠤ ᠪᠣᠯᠤᠭᠤᠵᠠᠢ᠃ ᠪᠢ ᠡᠭᠦᠨ ᠡᠴᠡ ᠥᠭᠡᠷ᠎ᠡ ᠶᠠᠭᠤ ᠶ᠋ᠢ ᠬᠡᠯᠡᠬᠦ ᠪᠣᠢ 》 ᠭᠡᠰᠡᠨ ᠳ᠋ᠤ᠌᠂
《ᠬᠡᠷᠪᠡ ᠥᠭᠡᠳᠡᠢ ᠶ᠋ᠢᠨ ᠦᠷ᠎ᠡ ᠬᠡᠦᠬᠡᠳ ᠡᠪᠡᠰᠦᠨ ᠳ᠋ᠤ᠌ ᠣᠷᠢᠶᠠᠪᠠᠴᠤ ᠦᠬᠡᠷ ᠦᠨᠦᠷᠲᠦᠬᠦ ᠦᠭᠡᠢ᠂ ᠥᠭᠡᠬᠦᠨ ᠳ᠋ᠤ᠌ ᠪᠠᠭᠯᠠᠪᠠᠴᠤ ᠨᠣᠬᠠᠢ ᠦᠨᠦᠷᠲᠦᠬᠦ ᠦᠭᠡᠢ ᠶᠠᠭᠤᠮ᠎ᠠ ᠲᠥᠷᠥᠪᠡᠰᠦ ᠮᠢᠨᠦ ᠤᠷᠤᠭ ᠲᠥᠷᠥᠯ ᠦ᠋ᠨ ᠳᠣᠲᠣᠷ᠎ᠠ ᠨᠢᠭᠡᠨ ᠰᠠᠢᠨ ᠬᠥᠪᠡᠭᠦᠨ ᠲᠥᠷᠥᠬᠦ ᠦᠭᠡᠢ ᠤᠤ 》ᠭᠡᠵᠦ ᠴᠢᠩᠭᠢᠰ ᠬᠠᠭᠠᠨ ᠳᠡᠭᠡᠷ᠎ᠡ ᠳᠠᠭᠤᠨ ᠢ᠋ᠶ᠋ᠠᠷ ᠠᠢᠯᠠᠳᠴᠠᠢ᠃ ᠥᠭᠡᠳᠡᠢ ᠶ᠋ᠢ ᠬᠠᠭᠠᠨ ᠤ᠋ ᠰᠠᠭᠤᠷᠢᠨ ᠵᠠᠯᠭᠠᠮᠵᠢᠯᠠᠭᠤᠯᠬᠤ ᠭᠡᠵᠦ ᠬᠡᠯᠡᠭᠰᠡᠨ ᠢ᠋ᠶ᠋ᠡᠨ ᠴᠦ᠍ ᠲᠡᠭᠦᠨ ᠦ᠌ ᠲᠣᠭᠲᠠᠭᠠᠭᠰᠠᠨ ᠬᠠᠤᠯᠢ ᠳᠦᠷᠢᠮ ᠪᠣᠯᠬᠤ ᠶᠡᠬᠡ ᠬᠤᠷᠠᠯᠳᠤᠭᠠᠨ ᠢ᠋ᠶ᠋ᠠᠷ ᠪᠠᠲᠤᠯᠠᠭᠤᠯᠬᠤ ᠶᠣᠰᠣᠲᠠᠢ ᠪᠠᠢᠭᠰᠠᠨ ᠶᠤᠮ᠃ ᠬᠤᠷᠠᠯᠳᠤᠭᠠᠨ ᠢ᠋ᠶ᠋ᠠᠷ ᠰᠣᠩᠭᠣᠭᠳᠠᠬᠤ ᠴᠠᠭ ᠬᠦᠷᠲᠡᠯ᠎ᠡ ᠥᠮᠴᠢ ᠬᠥᠷᠥᠩᠭᠡ ᠶ᠋ᠢ ᠨᠢ ᠰᠠᠬᠢᠵᠤ ᠪᠠᠢᠭᠰᠠᠨ ᠤᠳᠬᠤᠨ ᠬᠥᠪᠡᠭᠦᠨ ᠲᠤᠯᠤᠢ ᠳ᠋ᠤ᠌ ᠲᠥᠷᠥ ᠶ᠋ᠢᠨ ᠡᠷᠬᠡ ᠶ᠋ᠢ ᠣᠷᠣᠯᠠᠵᠤ ᠭᠦᠢᠴᠡᠳᠬᠡᠭᠦᠯᠬᠦ ᠪᠡᠷ ᠲᠤᠰᠢᠶᠠᠵᠠᠢ᠃
ᠠᠯᠢᠪᠠ ᠪᠦᠬᠦᠨ ᠴᠥᠮ ᠯᠠᠪᠳᠠᠭᠤᠨ ᠪᠣᠯᠵᠤ ᠡᠮᠬᠢ ᠳᠢᠭᠯᠢᠮ ᠲᠡᠢ ᠪᠣᠯᠤᠭᠰᠠᠨ ᠮᠡᠲᠦ ᠬᠠᠷᠠᠭᠳᠠᠭᠰᠠᠨ ᠪᠣᠯᠪᠠᠴᠤ᠂ ᠴᠢᠩᠭᠢᠰ ᠬᠠᠭᠠᠨ ᠳᠠᠬᠢᠨ ᠪᠠᠰᠠ ᠬᠥᠪᠡᠭᠦᠨ ᠠᠴᠢ ᠨᠠᠷ ᠤ᠋ᠨ ᠪᠦᠯᠬᠦᠮᠳᠡᠯ ᠨᠢ ᠰᠤᠯᠠᠷᠠᠵᠤ᠂ ᠬᠠᠭᠠᠴᠠᠵᠤ ᠰᠠᠯᠬᠤ ᠲᠤᠬᠠᠢ ᠠᠮᠤᠷ ᠦᠭᠡᠢ ᠰᠡᠳᠬᠢᠭᠳᠡᠯ ᠲᠥᠷᠥᠭᠳᠡᠵᠡᠢ᠃ ᠲᠡᠭᠡᠭᠡᠳ ᠪᠠᠰᠠ ᠨᠢᠭᠡᠨ ᠤᠳᠠᠭ᠎ᠠ ᠬᠡᠦᠬᠡᠳ ᠲᠡᠭᠡᠨ ᠬᠠᠷᠢᠯᠴᠠᠨ ᠨᠢᠭᠲᠠᠷᠠᠵᠤ ᠬᠠᠷᠢᠯᠴᠠᠨ ᠲᠤᠰᠠᠯᠠᠯᠴᠠᠪᠠᠯ ᠰᠠᠶᠢ ᠬᠠᠭᠠᠨᠲᠤ ᠤᠯᠤᠰ ᠢ᠋ᠶ᠋ᠠᠨ ᠬᠠᠮᠠᠭᠠᠯᠠᠵᠤ ᠴᠢᠳᠠᠬᠤ ᠶᠤᠮ ᠭᠡᠳᠡᠭ ᠢ᠋ ᠲᠡᠷᠡ ᠬᠠᠷᠢᠭᠤᠯᠬᠤ ᠦᠭᠡᠢ ᠪᠡᠷ ᠪᠣᠯᠬᠤ ᠦᠭᠡᠢ ᠪᠠᠢᠪᠠ᠃ ᠲᠡᠷᠡ ᠰᠠᠭᠠᠳᠠᠭ ᠡᠴᠡ ᠪᠠᠨ ᠰᠤᠮᠤ ᠠᠪᠴᠤ ᠬᠡᠦᠬᠡᠳ ᠲᠡᠭᠡᠨ ᠬᠥᠮᠦᠨ ᠪᠦᠷᠢ ᠨᠢᠭᠡᠨ ᠰᠤᠮᠤ ᠠᠳᠬᠤᠭᠤᠯᠤᠨ᠂ ᠥᠪᠡᠷ ᠥᠪᠡᠷ ᠦ᠋ᠨ ᠭᠠᠷ ᠳᠠᠬᠢ ᠰᠤᠮᠤ ᠪᠠᠨ ᠬᠤᠭᠤᠯ ᠭᠡᠵᠦ ᠵᠠᠷᠯᠢᠭᠳᠠᠵᠠᠢ᠃
《ᠶᠠᠮᠠᠷ ᠪᠠᠢᠨ᠎ᠠ᠂ ᠮᠠᠲᠠᠪᠠᠤ? ᠲᠠᠨᠠᠷ ᠡᠨᠳᠡ ᠲᠡᠨᠳᠡ ᠠᠯᠠᠩ ᠰᠠᠯᠠᠩ ᠰᠠᠯᠵᠤ ᠪᠤᠲᠠᠷᠠᠪᠠᠯ᠂ ᠡᠨᠡ ᠮᠡᠲᠦ ᠪᠡᠷ ᠳᠠᠢᠰᠤᠨ ᠳ᠋ᠠᠭᠠᠨ ᠳᠠᠷᠤᠯᠠᠭᠳᠠᠵᠤ ᠰᠦᠢᠳ ᠪᠣᠯᠵᠤ ᠳᠠᠭᠤᠰᠬᠤ ᠶᠤᠮ》 ᠭᠡᠵᠦ ᠬᠡᠯᠡᠵᠡᠢ᠃ ᠳᠠᠷᠠᠭ᠎ᠠ ᠳ᠋ᠤᠨᠢ ᠲᠡᠷᠡ ᠪᠠᠰᠠ ᠪᠡᠯᠡᠳᠬᠡᠵᠦ ᠪᠠᠢᠭᠰᠠᠨ ᠰᠠᠭᠠᠳᠠᠭ ᠡᠴᠡ ᠪᠠᠨ ᠪᠠᠭᠴᠠ ᠲᠠᠢ ᠰᠤᠮᠤ ᠶ᠋ᠢ ᠭᠠᠷᠭᠠᠵᠤ ᠪᠣᠭᠣᠵᠢᠯᠠᠵᠤ ᠤᠶᠠᠭᠠᠳ ᠬᠡᠦᠬᠡᠳ ᠲᠡᠭᠡᠨ ᠥᠭᠴᠦ ᠬᠤᠭᠤᠯᠤᠭᠤᠯᠤᠭᠰᠠᠨ ᠳ᠋ᠤ᠌ ᠬᠡᠨ ᠨᠢ ᠴᠦ᠍ ᠬᠤᠭᠤᠯᠵᠤ ᠴᠢᠳᠠᠭᠰᠠᠨ ᠦᠭᠡᠢ ᠪᠣᠯᠬᠣᠷ᠂ᠲᠡᠷᠡ ᠳᠣᠣᠷᠠᠬᠢ ᠮᠡᠲᠦ ᠦᠭᠡ ᠪᠡᠷ ᠬᠡᠦᠬᠡᠳ ᠢ᠋ᠶ᠋ᠡᠨ ᠵᠣᠷᠢᠭᠵᠢᠭᠤᠯᠵᠠᠢ᠄
《ᠬᠡᠷᠪᠡ ᠲᠠᠨᠠᠷ ᠬᠡᠨ ᠠᠯᠢᠨ ᠴᠤ᠌ ᠪᠤᠰᠤᠳ ᠡᠴᠡ ᠪᠠᠨ ᠰᠠᠯᠬᠤ ᠦᠭᠡᠢ ᠪᠠᠢᠪᠠᠯ ᠡᠢᠮᠦ ᠪᠡᠬᠢᠯᠢᠭ ᠪᠣᠯᠵᠤ ᠴᠢᠳᠠᠬᠤ ᠶᠤᠮ᠃ ᠥᠭᠡᠷ᠎ᠡ ᠬᠥᠮᠦᠰ ᠢ᠋ ᠪᠢᠲᠡᠭᠡᠢ ᠢᠲᠡᠭᠡᠭᠲᠦᠨ᠂ ᠳᠠᠢᠰᠤᠨ ᠢ᠋ᠶ᠋ᠠᠨ ᠢᠲᠡᠭᠡᠵᠦ ᠪᠣᠯᠬᠤ ᠦᠭᠡᠢ᠃ ᠨᠢᠭᠡᠨ ᠨᠠᠰᠤᠨ ᠳ᠋ᠠᠭᠠᠨ ᠶᠠᠮᠠᠷ ᠬᠡᠷᠡᠭ ᠭᠠᠷᠪᠠᠴᠤ ᠬᠠᠷᠢᠯᠴᠠᠨ ᠲᠤᠰᠠᠯᠠᠯᠴᠠᠨ ᠶᠠᠪᠤᠲᠤᠭᠠᠢ᠃ ᠶᠣᠰᠣ( ᠴᠢᠩᠭᠢᠰ ᠬᠠᠭᠠᠨ ᠤ᠋ ᠲᠣᠭᠲᠠᠭᠠᠭᠰᠠᠨ ᠬᠠᠤᠯᠢ) ᠶ᠋ᠢ ᠰᠠᠢᠲᠤᠷ ᠰᠠᠬᠢᠭᠲᠤᠨ! ᠡᠬᠢᠯᠡᠭᠦᠯᠦᠭᠰᠡᠨ ᠶᠠᠪᠤᠳᠠᠯ ᠢ᠋ᠶ᠋ᠠᠨ ᠡᠴᠦᠰ ᠲᠦᠨᠢ ᠬᠦᠷᠲᠡᠯ᠎ᠡ ᠭᠦᠢᠴᠡᠳᠬᠡᠭᠲᠦᠨ! ᠁ ᠮᠢᠨᠦ ᠦᠭᠡ ᠢᠩᠭᠢᠭᠡᠳ ᠳᠠᠭᠤᠰᠤᠯ᠎ᠠ᠃ ᠲᠠᠨᠠᠷ ᠥᠪᠡᠷ ᠥᠪᠡᠷ ᠦ᠋ᠨ ᠴᠡᠷᠢᠭ ᠲᠡᠭᠡᠨ ᠪᠤᠴᠠᠭᠲᠤᠨ》 ᠭᠡᠵᠡᠢ᠃
ᠥᠭᠡᠳᠡᠢ ᠠᠯᠲᠠᠨ ᠤᠯᠤᠰ ᠲᠤ᠌᠂ ᠴᠠᠭᠠᠲᠠᠢ ᠪᠠᠷᠠᠭᠤᠨ ᠵᠦᠭ᠂ ᠪᠠᠲᠤ ᠥᠪᠡᠷ ᠲᠦᠨᠢ ᠡᠷᠭᠦᠮᠵᠢᠯᠡᠵᠦ ᠥᠭᠭᠦᠭᠰᠡᠨ ᠨᠤᠲᠤᠭ ᠥᠷᠥᠨᠡᠳᠠᠬᠢᠨ ᠳ᠋ᠠᠭᠠᠨ ᠬᠠᠷᠢᠵᠠᠢ᠃
ᠠᠯᠲᠠᠨ ᠤᠯᠤᠰ ᠤ᠋ᠨ ᠲᠤᠬᠠᠢ ᠰᠡᠳᠬᠢᠯ ᠵᠣᠪᠠᠨᠢᠬᠤ ᠵᠦᠢᠯ ᠨᠢ ᠪᠣᠭᠳᠠ ᠬᠠᠭᠠᠨ ᠤ᠋ ᠪᠡᠶ᠎ᠡ ᠪᠠᠷᠠᠬᠤ ᠦᠶ᠎ᠡ ᠬᠦᠷᠲᠡᠯ᠎ᠡ ᠦᠷᠭᠦᠯᠵᠢᠯᠡᠵᠦ ᠪᠠᠢᠭᠰᠠᠨ ᠶᠤᠮ᠃ ᠴᠢᠩᠭᠢᠰ ᠬᠠᠭᠠᠨ ᠥᠭᠡᠳᠡ ᠪᠣᠯᠬᠤ ᠶ᠋ᠢᠨ ᠡᠮᠦᠨ᠎ᠡ ᠣᠷᠣ ᠳ᠋ᠠᠭᠠᠨ ᠬᠡᠪᠲᠡᠵᠦ ᠪᠠᠢᠭᠠᠳ᠂ ᠨᠡᠭᠦᠳᠡᠯᠴᠢᠨ ᠠᠷᠠᠳ ᠤ᠋ᠨ ᠮᠥᠩᠬᠡ ᠶ᠋ᠢᠨ ᠳᠠᠢᠰᠤᠨ ᠪᠣᠯᠤᠭᠰᠠᠨ ᠠᠯᠲᠠᠨ ᠤᠯᠤᠰ ᠯᠤᠭ᠎ᠠ ᠪᠠᠢᠯᠳᠤᠬᠤ ᠲᠥᠯᠥᠪᠯᠡᠭᠡ ᠪᠡᠨ ᠳᠡᠷᠭᠡᠳᠡ ᠨᠢ ᠪᠠᠢᠭᠰᠠᠨ ᠲᠤᠯᠤᠢ ᠳ᠋ᠤ᠌ ᠲᠤᠰᠢᠶᠠᠵᠤ ᠬᠡᠯᠡᠭᠰᠡᠨ ᠨᠢ᠄
《ᠠᠯᠲᠠᠨ ᠤᠯᠤᠰ ᠤ᠋ᠨ ᠬᠠᠮᠤᠭ ᠤ᠋ᠨ ᠰᠢᠯᠢᠳᠡᠭ ᠴᠡᠷᠢᠭ ᠨᠢ ᠡᠨᠳᠡ ᠡᠴᠡ ᠪᠠᠷᠠᠭᠤᠨ ᠲᠠᠯ᠎ᠠ( ᠲᠦᠩ ᠭᠤᠸᠠᠨ) ᠳ᠋ᠤ᠌ ᠪᠠᠢᠨ᠎ᠠ᠃ ᠬᠣᠢᠲᠤ ᠲᠠᠯ᠎ᠠ ᠳ᠋ᠠᠭᠠᠨ ᠬᠠᠲᠤᠨ ᠭᠣᠣᠯ ᠲᠠᠢ᠂ ᠡᠮᠦᠨ᠎ᠡ ᠪᠠ ᠪᠠᠷᠠᠭᠤᠨ ᠲᠠᠯ᠎ᠠ ᠳ᠋ᠠᠭᠠᠨ ᠠᠭᠤᠯᠠ ᠪᠠᠷ ᠬᠠᠮᠠᠭᠠᠯᠠᠭᠳᠠᠵᠤ ᠪᠠᠢᠬᠤ ᠲᠤᠯᠠ ᠡᠨᠡ ᠲᠠᠯ᠎ᠠ ᠡᠴᠡ ᠨᠢ ᠲᠡᠭᠦᠨ ᠢ᠋ ᠡᠪᠳᠡᠬᠦ ᠳ᠋ᠤ᠌ ᠪᠡᠷᠬᠡ ᠶᠤᠮ᠃ ᠭᠡᠪᠡᠴᠦ ᠰᠥᠩ ᠤᠯᠤᠰ ᠪᠣᠯ ᠠᠯᠲᠠᠨ ᠤᠯᠤᠰ ᠤ᠋ᠨ ᠳᠠᠢᠰᠤᠨ ᠮᠥᠨ ᠪᠣᠯᠬᠣᠷ ᠮᠠᠨ ᠤ᠋ ᠴᠡᠷᠢᠭ ᠵᠡᠭᠦᠨᠰᠢ ᠪᠡᠨ ᠰᠢᠪᠲᠤᠯᠵᠤ ᠣᠷᠣᠬᠤ ᠲᠡᠭᠰᠢ ᠭᠠᠵᠠᠷ ᠤ᠋ᠨ ᠵᠠᠮ ᠣᠯᠭᠣᠬᠤ ᠮᠠᠭᠠᠳ᠂ ᠲᠡᠨᠳᠡ ᠡᠴᠡ ᠪᠢᠳᠡ ᠰᠢᠭᠤᠳ ᠺᠠᠢ ᠹᠧᠩ ᠵᠦᠭ ᠤᠷᠤᠭᠰᠢᠯᠠᠬᠤ ᠦᠭᠡᠢ ᠪᠠᠢᠵᠤ ᠪᠣᠯᠬᠤ ᠦᠭᠡᠢ᠃ ᠲᠡᠷᠡ ᠦᠶ᠎ᠡ ᠪᠣᠯᠬᠤ ᠳ᠋ᠤ᠌ ᠠᠯᠲᠠᠨ ᠤᠯᠤᠰ ᠤ᠋ᠨ ᠬᠠᠭᠠᠨ ᠨᠡᠢᠰᠯᠡᠯ ᠢ᠋ᠶ᠋ᠡᠨ ᠬᠠᠮᠠᠭᠠᠯᠠᠬᠤ ᠶ᠋ᠢᠨ ᠲᠥᠯᠥᠭᠡ ᠪᠠᠷᠠᠭᠤᠨ ᠲᠠᠯ᠎ᠠ ᠡᠴᠡ ᠰᠢᠯᠢᠳᠡᠭ ᠴᠡᠷᠢᠭ ᠢ᠋ᠶ᠋ᠡᠨ ᠳᠠᠭᠤᠳᠠᠵᠤ ᠠᠪᠴᠢᠷᠠᠬᠤ ᠪᠢᠵᠡ᠃ ᠡᠨᠡᠬᠦ ᠴᠡᠷᠢᠭ ᠨᠢ ᠺᠠᠢ ᠹᠧᠩ ᠣᠷᠴᠢᠮ ᠬᠦᠷᠬᠦ ᠳ᠋ᠤ᠌ ᠮᠢᠩᠭᠠᠨ ᠭᠠᠵᠠᠷ ᠤ᠋ᠨ ᠠᠯᠤᠰ ᠤ᠋ᠨ ᠠᠶᠠᠨ ᠶᠠᠪᠤᠬᠤ ᠬᠡᠷᠡᠭᠲᠡᠢ ᠪᠣᠯᠬᠣᠷ᠂ ᠬᠥᠮᠦᠨ ᠮᠣᠷᠢ ᠨᠢ ᠶᠠᠳᠠᠷᠠᠵᠤ ᠵᠦᠳᠡᠷᠡᠬᠦ ᠶᠤᠮ᠂ ᠡᠢᠮᠦ ᠡᠴᠡ ᠪᠢᠳᠡ ᠡᠭᠦᠨ ᠢ᠋ ᠠᠮᠠᠷᠬᠠᠨ ᠰᠥᠨᠥᠭᠡᠵᠦ ᠴᠢᠳᠠᠬᠤ ᠪᠣᠯᠤᠨ᠎ᠠ》 ᠭᠡᠵᠡᠢ᠃
ᠭᠠᠬᠠᠢ ᠵᠢᠯ ᠦ᠋ᠨ ᠨᠠᠮᠤᠷ ᠤ᠋ᠨ ᠨᠠᠢ᠍ᠮᠠᠳᠤᠭᠠᠷ ᠰᠠᠷ᠎ᠠ ᠶ᠋ᠢᠨ ᠠᠷᠪᠠᠨ ᠲᠠᠪᠤᠨ ᠤ᠋ ᠡᠳᠦᠷ᠂ ᠳᠠᠷᠤᠢ1227 ᠣᠨ ᠤ᠋ ᠨᠠᠢ᠍ᠮᠠᠳᠤᠭᠠᠷ ᠰᠠᠷ᠎ᠠ ᠶ᠋ᠢᠨ ᠠᠷᠪᠠᠨ ᠨᠠᠢ᠍ᠮᠠᠨ ᠤ᠋ ᠡᠳᠦᠷ᠂ ᠴᠢᠩᠭᠢᠰ ᠬᠠᠭᠠᠨ ᠥᠭᠡᠳᠡ ᠪᠣᠯᠬᠤ ᠣᠷᠣ ᠳᠡᠭᠡᠷ᠎ᠡ ᠡᠴᠡ ᠬᠠᠮᠤᠭ ᠰᠡᠭᠦᠯᠴᠢ ᠶ᠋ᠢᠨ ᠵᠠᠷᠯᠢᠭ ᠢ᠋ᠶ᠋ᠠᠨ ᠪᠠᠭᠤᠯᠭᠠᠪᠠ᠃ ᠲᠡᠭᠦᠨ ᠦ᠌ ᠠᠭᠤᠯᠭ᠎ᠠ ᠨᠢ ᠳᠣᠣᠷᠠᠬᠢ ᠮᠡᠲᠦ᠄
《ᠰᠢᠳᠤᠷᠭᠤ( ᠲᠠᠩᠭᠤᠳ ᠤ᠋ᠨ) ᠨᠠᠳᠠᠳᠤ ᠬᠢᠴᠢᠶᠡᠩᠭᠦᠢᠯᠡᠬᠦ ᠰᠡᠳᠬᠢᠯ ᠢ᠋ᠶ᠋ᠡᠨ ᠢᠯᠡᠳᠬᠡᠨ ᠪᠠᠷᠠᠭᠠᠳᠠᠬᠤ ᠪᠠᠷ ᠨᠢᠩ ᠰᠢᠶᠠ ᠡᠴᠡ ᠢᠷᠡᠬᠦ ᠪᠣᠯᠲᠠᠯ᠎ᠠ ᠮᠢᠨᠦ ᠦᠬᠦᠭᠰᠡᠨ ᠢ᠋ ᠨᠢᠭᠤᠴᠠᠯᠠᠬᠤ ᠬᠡᠷᠡᠭᠲᠡᠢ᠃ ᠰᠢᠳᠤᠷᠭᠤ ᠬᠦᠷᠴᠦ ᠢᠷᠡᠮᠡᠭᠴᠡ ᠲᠡᠭᠦᠨ ᠦ᠌ ᠪᠡᠶ᠎ᠡ ᠪᠣᠯᠤᠨ ᠳᠠᠭᠠᠭᠰᠠᠳ ᠢ᠋ ᠨᠢ ᠪᠦᠷ ᠠᠯᠠᠭᠲᠤᠨ᠃ ᠴᠢᠩᠭᠢᠰ ᠬᠠᠭᠠᠨ ᠲᠡᠭᠦᠨ ᠢ᠋ ᠠᠭᠤᠴᠢᠯᠠᠨ ᠥᠷᠥᠰᠢᠶᠡᠬᠦ ᠭᠡᠰᠡᠨ ᠪᠣᠯᠵᠣᠭ᠎ᠠ ᠲᠠᠢ ᠪᠠᠢᠭᠰᠠᠨ ᠪᠣᠯᠪᠠᠴᠤ᠂ ᠪᠠᠷᠤᠭ ᠬᠦᠷᠴᠦ ᠢᠷᠡᠬᠦ ᠦᠶ᠎ᠡ ᠳ᠋ᠦ᠍ᠨᠢ ᠴᠢᠩᠭᠢᠰ ᠬᠠᠭᠠᠨ ᠥᠭᠡᠳᠡ ᠪᠣᠯᠤᠭᠠᠳ ᠪᠠᠢᠬᠤ ᠮᠠᠭᠠᠳ᠃ ᠲᠤᠯᠤᠢ ᠲᠥᠷᠥ ᠪᠠᠷᠢᠭᠴᠢ ᠪᠣᠯᠬᠣᠷ ᠲᠡᠭᠦᠨ ᠦ᠌ ᠬᠢᠴᠢᠶᠡᠩᠭᠦᠢᠯᠡᠯ ᠢ᠋ ᠬᠦᠯᠢᠶᠡᠬᠦ ᠬᠡᠷᠡᠭ ᠦᠭᠡᠢ᠃ ᠰᠢᠳᠤᠷᠭᠤ ᠶ᠋ᠢ ᠠᠯᠠᠭᠰᠠᠨ ᠤ᠋ ᠬᠣᠢᠨ᠎ᠠ᠂ ᠪᠦᠬᠦ ᠢᠵᠠᠭᠤᠷᠲᠠᠨ᠂ ᠥᠷᠯᠥᠭ ᠨᠠᠷ ᠲᠤᠰ ᠲᠤᠰ ᠤ᠋ᠨ ᠡᠷᠭᠦᠮᠵᠢᠯᠡᠯ ᠦ᠋ᠨ ᠨᠤᠲᠤᠭ ᠲᠠᠭᠠᠨ ᠬᠠᠷᠢᠭᠤᠯᠤᠭᠲᠤᠨ᠃ ᠲᠡᠷᠡ ᠦᠶ᠎ᠡ ᠳ᠋ᠤ᠌ ᠶᠢᠷᠲᠢᠨᠴᠦ ᠶ᠋ᠢᠨ ᠬᠥᠮᠦᠰ ᠰᠠᠶᠢ ᠴᠢᠩᠭᠢᠰ ᠬᠠᠭᠠᠨ ᠤ᠋ ᠥᠭᠡᠳᠡ ᠪᠣᠯᠤᠭᠰᠠᠨ ᠢ᠋ ᠮᠡᠳᠡᠬᠦ ᠪᠣᠯᠤᠨ᠎ᠠ》 ᠭᠡᠵᠡᠢ᠃
(ᠭᠤᠷᠪᠠ) ᠪᠠᠭᠠᠲᠤᠷ ᠮᠢᠨᠢ ᠴᠢᠨᠳᠠᠷ ᠪᠣᠯᠤᠨ ᠪᠤᠴᠠᠭᠰᠠᠨ ᠨᠢ
ᠶᠡᠷᠦ ᠶ᠋ᠢᠨ ᠦᠶ᠎ᠡ ᠲᠡᠢ ᠠᠳᠠᠯᠢ ᠢᠨᠢᠶᠡᠵᠦ ᠬᠥᠭᠡᠷᠦᠯᠳᠦᠭᠰᠡᠭᠡᠷ ᠮᠣᠩᠭᠣᠯ ᠴᠡᠷᠢᠭ ᠪᠠᠷᠠᠭᠤᠨ ᠰᠢᠶᠠ ᠤᠯᠤᠰ ᠡᠴᠡ ᠤᠬᠤᠷᠢᠨ ᠭᠠᠷᠤᠭᠰᠠᠨ ᠶᠤᠮ᠃ ᠡᠨᠡ ᠤᠳᠠᠭ᠎ᠠ ᠢᠯᠠᠯᠲᠠ ᠣᠯᠤᠭᠠᠳ ᠪᠤᠴᠠᠬᠤ ᠳ᠋ᠠᠭᠠᠨ ᠵᠢᠭᠲᠡᠢ ᠭᠠᠢᠬᠠᠯᠲᠠᠢ ᠶᠠᠪᠤᠳᠠᠯ ᠭᠡᠪᠡᠯ ᠶᠡᠷᠦ ᠶ᠋ᠢᠨ ᠵᠠᠩ ᠳᠠᠳᠬᠠᠯ ᠢ᠋ᠶ᠋ᠠᠷ ᠢᠯᠠᠯᠲᠠ ᠣᠯᠤᠭᠰᠠᠨ ᠴᠡᠷᠢᠭ ᠡᠭᠡᠬᠦ ᠳ᠋ᠡᠭᠡᠨ ᠠᠯᠭᠤᠷ ᠠᠭᠠᠵᠢᠮ ᠶᠠᠪᠤᠳᠠᠭ ᠪᠢᠯᠡ᠃ ᠡᠨᠡ ᠤᠳᠠᠭ᠎ᠠ ᠠᠶᠠᠯᠠᠬᠤ ᠳ᠋ᠠᠭᠠᠨ ᠬᠠᠷᠢᠨ ᠪᠠᠬᠠᠨ ᠬᠤᠷᠳᠤᠨ ᠰᠢᠭ᠋ ᠶᠠᠪᠤᠵᠤ ᠪᠠᠢᠯ᠎ᠠ᠃ ᠨᠡᠩ ᠬᠣᠯᠠ ᠭᠠᠵᠠᠷ ᠪᠣᠯᠬᠤ ᠬᠢᠪᠴᠠᠭ᠂ ᠨᠠᠢ᠍ᠮᠠᠨ᠂ ᠥᠷᠥᠨᠡᠳᠠᠬᠢᠨ ᠤ᠋ ᠠᠭᠤᠯᠠᠷᠬᠠᠭ ᠭᠠᠵᠠᠷ ᠪᠤᠶᠤ ᠳᠣᠷᠣᠨᠠᠳᠠᠬᠢᠨ ᠯᠢᠶᠣᠣ ᠳ᠋ᠦᠩ ᠭᠠᠵᠠᠷ ᠡᠴᠡ ᠢᠷᠡᠭᠰᠡᠨ ᠴᠡᠷᠢᠭ ᠦ᠋ᠨ ᠤᠷᠤᠭᠰᠢᠯᠠᠬᠤ ᠬᠤᠷᠳᠤᠴᠠ ᠨᠢ ᠨᠡᠩ ᠴᠦ᠍ ᠲᠦᠷᠭᠡᠨ ᠪᠠᠢᠭᠰᠠᠨ ᠪᠣᠯᠬᠣᠷ᠂ ᠶᠠᠭᠤᠨ ᠳ᠋ᠤ᠌ ᠶᠠᠭᠠᠷᠠᠵᠤ ᠪᠠᠢᠬᠤ ᠶ᠋ᠢ ᠪᠦᠦ ᠮᠡᠳᠡ᠃ ᠵᠥᠪᠳᠡᠭᠴᠢ ᠶ᠋ᠢᠨ ᠶᠠᠮᠤᠨ ᠤ᠋ ᠡᠯᠴᠢᠨ ᠦ᠌ ᠵᠠᠷᠯᠢᠭ ᠡᠴᠡ ᠪᠣᠯᠵᠤ᠂ ᠡᠯ᠎ᠡ ᠴᠡᠷᠢᠭ ᠠᠩᠭᠢ ᠡᠳᠦᠷ ᠪᠦᠷᠢ ᠶ᠋ᠢᠨ ᠬᠣᠨᠣᠬᠤ ᠭᠠᠵᠠᠷ᠂ ᠥᠩᠭᠡᠷᠡᠬᠦ ᠵᠠᠮ ᠬᠡᠳᠦᠢ ᠶᠠᠪᠤᠬᠤ ᠪᠠᠨ ᠲᠤᠢᠯ ᠤ᠋ᠨ ᠲᠣᠳᠣᠷᠬᠠᠢ ᠪᠠᠢᠯ᠎ᠠ᠃ ᠡᠨᠡ ᠨᠢ ᠪᠤᠴᠠᠵᠤ ᠬᠠᠷᠢᠬᠤ ᠴᠡᠷᠢᠭ ᠪᠢᠰᠢ᠂ᠮᠣᠷᠳᠠᠵᠤ ᠪᠠᠢᠭ᠎ᠠ ᠴᠡᠷᠢᠭ ᠮᠡᠲᠦ ᠪᠠᠢᠭᠰᠠᠨ ᠶᠤᠮ᠃ ᠲᠦᠮᠡᠲᠦ ᠶ᠋ᠢᠨ ᠳᠠᠷᠤᠭ᠎ᠠ ᠨᠠᠷ ᠤ᠋ᠨ ᠣᠯᠠᠩᠬᠢ ᠨᠢ ᠲᠡᠷᠡᠴᠢᠯᠡᠨ ᠮᠢᠩᠭᠠᠲᠤ ᠶ᠋ᠢᠨ ᠳᠠᠷᠤᠭ᠎ᠠ ᠨᠠᠷ ᠨᠢ ᠪᠦᠷ ᠵᠢᠬᠡᠭᠦᠨ ᠴᠢᠷᠠᠢᠯᠠᠵᠤ ᠪᠠᠢᠯ᠎ᠠ᠃
ᠪᠣᠭᠳᠠ ᠬᠠᠭᠠᠨ ᠤ᠋ ᠣᠷᠳᠣᠨ ᠤ᠋ ᠡᠮᠦᠨ᠎ᠡ ᠨᠢ ᠡᠪᠡᠳᠴᠢᠨ ᠲᠡᠢ ᠭᠡᠰᠡᠨ ᠲᠡᠮᠳᠡᠭ ᠪᠣᠯᠭᠠᠵᠤ ᠵᠢᠳᠠ ᠶ᠋ᠢ ᠪᠤᠷᠤᠭᠤ ᠬᠠᠨᠳᠤᠭᠤᠯᠤᠨ ᠭᠠᠵᠠᠷ ᠲᠤ᠌ ᠬᠠᠳᠬᠤᠵᠤ ᠲᠠᠯᠪᠢᠭᠰᠠᠨ ᠪᠠᠢᠨ᠎ᠠ᠂ ᠡᠨᠡ ᠣᠷᠳᠣᠨ ᠢ᠋ᠶ᠋ᠠᠨ ᠬᠠᠮᠤᠭ ᠡᠴᠦᠰ ᠲᠦ᠍ ᠠᠴᠢᠶᠠᠯᠠᠭᠰᠠᠨ ᠶᠤᠮ᠃ ᠨᠣᠶᠠᠳ ᠥᠷᠯᠥᠭ ᠦ᠋ᠳ᠂ ᠶᠸᠯᠤᠢ ᠴᠦᠼᠠᠢ ᠡᠴᠡ ᠥᠭᠡᠷ᠎ᠡ ᠬᠡᠨ ᠴᠦ᠍ ᠡᠨᠡ ᠣᠷᠳᠣᠨ ᠳ᠋ᠤ᠌ ᠣᠢᠷᠠᠲᠤᠵᠤ ᠪᠣᠯᠬᠤ ᠦᠭᠡᠢ᠃ ᠲᠣᠷᠭᠠᠨ ᠴᠡᠷᠢᠭ᠂ ᠡᠳᠦᠷ ᠰᠥᠨᠢ ᠢᠯᠭᠠᠯ ᠦᠭᠡᠢ ᠪᠡᠷ ᠲᠡᠮᠦᠷ ᠬᠡᠷᠡᠮ ᠮᠡᠲᠦ ᠡᠨᠡ ᠣᠷᠳᠣᠨ ᠢ᠋ ᠲᠣᠭᠣᠷᠢᠵᠤ ᠡᠷᠭᠢᠨ᠎ᠡ᠃ ᠨᠢᠭᠡᠨ ᠤᠳᠠᠭ᠎ᠠ ᠡᠨᠡᠬᠦ ᠲᠡᠮᠦᠷ ᠬᠡᠷᠡᠮ ᠨᠢ ᠨᠡᠭᠡᠭᠡᠭᠳᠡᠯ᠎ᠡ᠂ ᠰᠢᠳᠤᠷᠭᠤ ᠬᠠᠭᠠᠨ ᠪᠣᠯᠤᠨ ᠲᠡᠭᠦᠨ ᠦ᠌ ᠳᠠᠭᠠᠭᠰᠠᠳ ᠣᠷᠣᠭᠰᠠᠨ ᠪᠣᠯᠪᠠᠴᠤ ᠭᠠᠷᠴᠤ ᠢᠷᠡᠬᠦ ᠳ᠋ᠡᠭᠡᠨ ᠪᠦᠷ ᠦᠬᠦᠳᠡᠯ ᠪᠣᠯᠪᠠ᠃
ᠠᠯᠢ ᠣᠯᠠᠨ ᠣᠷᠳᠣᠨ ᠢ᠋ ᠨᠡᠭᠦᠬᠦ ᠮᠠᠶᠢᠭ ᠢ᠋ᠶ᠋ᠠᠷ ᠠᠴᠢᠶᠠᠯᠠᠵᠤ ᠪᠠᠢᠯ᠎ᠠ᠃ ᠡᠯ᠎ᠡ ᠲᠠᠯ᠎ᠠ ᠶ᠋ᠢᠨ ᠢᠵᠠᠭᠤᠷᠲᠠᠨ ᠨᠠᠷ ᠴᠡᠷᠢᠭ ᠲᠡᠢ ᠪᠡᠨ ᠬᠠᠮᠲᠤ ᠮᠣᠷᠳᠠᠭᠠᠳ᠂ ᠲᠣᠷᠭᠠᠨ ᠴᠡᠷᠢᠭ ᠦ᠋ᠨ ᠮᠢᠩᠭᠠᠨ ᠮᠣᠷᠢᠲᠠᠨ ᠤ᠋ ᠲᠡᠳᠦᠢ ᠦᠯᠡᠳᠡᠭᠡᠪᠡ᠃ ᠡᠨᠡᠬᠦ ᠲᠣᠷᠭᠠᠨ ᠴᠡᠷᠢᠭ ᠦ᠋ᠨ ᠮᠢᠩᠭᠠᠨ ᠮᠣᠷᠢᠲᠠᠨ ᠪᠢᠲᠡᠭᠦᠦ ᠨᠢᠭᠡᠨ ᠪᠦᠯᠬᠦᠮ ᠪᠣᠯᠵᠤ᠂ ᠡᠨᠡ ᠪᠦᠯᠬᠦᠮ ᠢ᠋ ᠲᠤᠭᠤᠯᠵᠤ ᠭᠡᠲᠦᠯᠬᠦ ᠳ᠋ᠡᠭᠡᠨ ᠶᠠᠮᠠᠷ ᠬᠡᠷᠰᠡᠦ ᠨᠢᠳᠦ ᠴᠦ᠍ ᠬᠠᠷᠠᠵᠤ ᠪᠣᠯᠬᠤ ᠦᠭᠡᠢ ᠪᠠᠢᠭᠰᠠᠨ ᠶᠤᠮ᠃ ᠲᠡᠳᠡᠨᠡᠷ ᠪᠣᠭᠳᠠ ᠬᠠᠭᠠᠨ ᠤ᠋ ᠨᠣᠢᠷᠰᠤᠭᠰᠠᠨ ᠲᠡᠷᠭᠡ ᠶ᠋ᠢ ᠴᠠᠭᠠᠷᠢᠭᠯᠠᠨ ᠲᠣᠭᠣᠷᠢᠵᠤ᠂ ᠤᠷᠤᠭᠰᠢᠯᠠᠬᠤ ᠦᠶ᠎ᠡ ᠳ᠋ᠡᠭᠡᠨ ᠣᠢᠷ᠎ᠠ ᠬᠠᠪᠢ ᠳ᠋ᠠᠬᠢ ᠶᠠᠭᠤ ᠶ᠋ᠢ ᠴᠦ᠍ ᠠᠮᠢᠳᠤ ᠦᠯᠡᠳᠡᠭᠡᠬᠦ ᠦᠭᠡᠢ ᠪᠠᠢᠯ᠎ᠠ᠃
ᠡᠨᠡᠬᠦ ᠴᠢᠨᠳᠠᠷ ᠤ᠋ᠨ ᠭᠤᠨᠢᠭᠲᠤ ᠵᠢᠭᠰᠠᠭᠠᠯ ᠥᠩᠭᠡᠷᠡᠭᠰᠡᠨ ᠵᠠᠮ ᠮᠥᠷ ᠲᠦ᠍ ᠦᠬᠦᠳᠡᠯ ᠡᠴᠡ ᠥᠭᠡᠷ᠎ᠡ ᠶᠠᠭᠤᠮ᠎ᠠ ᠶ᠋ᠢ ᠬᠣᠴᠣᠷᠭᠠᠬᠤ ᠦᠭᠡᠢ ᠪᠠᠢᠭᠰᠠᠨ ᠪᠢᠯᠡ᠃ ᠵᠠᠪᠰᠢᠶᠠᠨ ᠪᠤᠰᠤ ᠪᠠᠷ ᠡᠳᠡᠭᠡᠷ ᠮᠣᠷᠢᠲᠤ ᠴᠡᠷᠢᠭ ᠦ᠋ᠨ ᠨᠢᠳᠦᠨ ᠳ᠋ᠤ᠌ ᠣᠷᠣᠭᠰᠠᠨ ᠠᠮᠢᠲᠠᠨ ᠪᠦᠬᠦᠨ ᠢ᠋ ᠠᠯᠠᠵᠤ ᠪᠠᠢᠪᠠ᠃ ᠬᠥᠮᠦᠨ ᠴᠦ᠍ ᠲᠡᠷᠡ᠂ ᠠᠷᠢᠶᠠᠲᠠᠨ ᠴᠤ᠌ ᠲᠡᠷᠡ᠂ ᠵᠢᠭᠦᠷᠲᠡᠨ ᠴᠤ᠌ ᠲᠡᠷᠡ ᠂ ᠮᠣᠭᠠᠢ ᠴᠤ᠌ ᠲᠡᠷᠡ᠂ ᠠᠯᠢᠪᠠ ᠪᠦᠬᠦᠨ ᠢ᠋ ᠴᠢᠨᠳᠠᠷ ᠤ᠋ᠨ ᠲᠠᠬᠢᠯᠭ᠎ᠠ ᠪᠣᠯᠭᠠᠨ ᠨᠡᠬᠡᠵᠦ ᠣᠴᠢᠭᠠᠳ ᠠᠯᠠᠵᠤ ᠪᠠᠢᠯ᠎ᠠ᠃ ᠲᠡᠳᠡᠨᠡᠷ ᠡᠨᠡ ᠮᠡᠲᠦ ᠪᠡᠷ ᠠᠭᠤᠯᠠ ᠶ᠋ᠢ ᠳᠠᠪᠠᠨ᠂ ᠭᠣᠣᠯ ᠢ᠋ ᠣᠭᠲᠣᠯᠵᠤ᠂ ᠣᠢ ᠰᠢᠭᠤᠢ ᠶ᠋ᠢ ᠭᠡᠲᠦᠯᠦᠨ᠂ ᠡᠯᠡᠰᠦ ᠮᠠᠩᠬ᠎ᠠ ᠶ᠋ᠢ ᠲᠤᠭᠤᠯᠤᠨ ᠪᠣᠭᠳᠠ ᠬᠠᠭᠠᠨ ᠤ᠋ ᠴᠢᠨᠳᠠᠷ ᠢ᠋ ᠳᠡᠪᠰᠢᠭᠦᠯᠵᠦ ᠪᠠᠢᠯ᠎ᠠ᠃
ᠡᠨᠡᠬᠦ ᠴᠢᠨᠳᠠᠷ ᠤ᠋ᠨ ᠭᠤᠨᠢᠭᠲᠤ ᠵᠢᠭᠰᠠᠭᠠᠯ ᠨᠢ ᠭᠠᠭᠴᠠ ᠤᠳᠠᠭ᠎ᠠ ᠭᠡᠨᠡᠳᠲᠡ ᠨᠠᠮ ᠭᠦᠮ ᠪᠠᠢᠳᠠᠯ ᠢ᠋ᠶ᠋ᠠᠨ ᠡᠪᠳᠡᠵᠦ ᠳᠠᠭᠤ ᠭᠠᠷᠤᠯ᠎ᠠ᠃ ᠡᠨᠡ ᠨᠢ ᠴᠢᠨᠳᠠᠷ ᠢ᠋ ᠲᠡᠭᠡᠭᠡᠵᠦ ᠶᠠᠪᠤᠭᠰᠠᠨ ᠲᠡᠷᠭᠡᠨ ᠦ᠌ ᠬᠦᠷᠳᠦ ᠨᠢ ᠬᠥᠬᠡᠪᠦᠷ ᠲᠦ᠍ ᠪᠤᠯᠤ ᠳ᠋ᠠᠭᠠᠨ ᠬᠦᠷᠲᠡᠯ᠎ᠡ ᠭᠦᠨ ᠰᠢᠭᠢᠳᠴᠦ ᠣᠷᠣᠭᠠᠳ᠂ ᠬᠠᠮᠤᠭ ᠬᠦᠴᠦᠲᠡᠢ ᠲᠠᠪᠤᠨ ᠬᠦᠯᠦᠭ ᠢ᠋ᠶ᠋ᠡᠷ ᠲᠠᠲᠠᠵᠤ ᠭᠠᠷᠭᠠᠵᠤ ᠴᠢᠳᠠᠬᠤ ᠦᠭᠡᠢ ᠪᠣᠯᠤᠭᠰᠠᠨ ᠪᠢᠯᠡ᠃ ᠲᠡᠭᠡᠭᠡᠳ ᠲᠣᠷᠭᠠᠨ ᠴᠡᠷᠢᠭ ᠦ᠋ᠨ ᠮᠢᠩᠭᠠᠲᠤ ᠶ᠋ᠢᠨ ᠳᠠᠷᠤᠭ᠎ᠠ ᠴᠠᠭᠠᠨ ᠨᠣᠶᠠᠨ(《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠰᠥᠨᠢᠳ ᠦ᠋ᠨ ᠭᠢᠯᠦᠭᠡᠳᠡᠢ ᠪᠠᠭᠠᠲᠤᠷ ᠭᠡᠵᠦ ᠲᠡᠮᠳᠡᠭᠯᠡᠵᠦ ᠪᠣᠢ) ᠭᠤᠨᠢᠭᠲᠤ ᠳᠠᠭᠤᠨ ᠦᠭᠡᠢ ᠪᠠᠢᠳᠠᠯ ᠢ᠋ ᠡᠪᠳᠡᠵᠦ ᠮᠠᠭᠲᠠᠭᠠᠯ ᠤᠩᠰᠢᠵᠠᠢ᠄《ᠬᠥᠬᠡ ᠲᠩᠷᠢ ᠡᠴᠡ ᠵᠠᠶᠠᠭᠠᠲᠠᠢ ᠲᠥᠷᠥᠭᠰᠡᠨ ᠬᠦᠯᠦᠭ ᠪᠣᠭᠳᠠ ᠡᠵᠡᠨ ᠮᠢᠨᠢ! ᠬᠥᠷ ᠶᠡᠬᠡ ᠤᠯᠤᠰ ᠢ᠋ᠶ᠋ᠠᠨ ᠣᠷᠬᠢᠵᠤ ᠣᠳᠪᠠ ᠤᠤ ᠴᠢ? ᠲᠦᠪᠰᠢᠳᠬᠡᠨ ᠪᠠᠢᠭᠤᠯᠤᠭᠰᠠᠨ ᠤᠯᠤᠰ ᠲᠥᠷᠥ ᠴᠢᠨᠢ ᠲᠡᠭᠦᠰ ᠵᠠᠶᠠᠭᠠᠲᠤ ᠬᠠᠲᠤᠳ ᠬᠥᠪᠡᠭᠦᠳ ᠴᠢᠨᠢ ᠲᠥᠷᠥᠭᠰᠡᠨ ᠡᠬᠡ ᠭᠠᠵᠠᠷ ᠤᠰᠤ ᠴᠢᠨᠢ ᠲᠡᠮᠦᠵᠢᠨ ᠡᠵᠡᠨ ᠴᠢᠮᠠᠶ᠋ᠢ ᠬᠦᠯᠢᠶᠡᠵᠦ ᠪᠠᠢᠨ᠎ᠠ᠁᠃ ᠤᠳᠤᠷᠢᠳᠤᠨ ᠪᠠᠢᠭᠤᠯᠤᠭᠰᠠᠨ ᠲᠥᠷᠥ ᠴᠢᠨᠢ᠂ ᠤᠴᠠᠷᠠᠭᠰᠠᠨ ᠬᠠᠲᠤᠳ ᠬᠥᠪᠡᠭᠦᠳ ᠴᠢᠨᠢ᠂ ᠤᠷᠤᠭ ᠣᠯᠠᠨ ᠮᠣᠩᠭᠣᠯ ᠴᠢᠨᠢ ᠤᠯᠤᠰ ᠣᠯᠠᠨ ᠢᠷᠭᠡᠨ ᠴᠢᠨᠢ᠂ ᠤᠨᠠᠭᠰᠠᠨ ᠳᠡᠯᠢᠭᠦᠨ ᠪᠣᠯᠳᠣᠭ ᠴᠢᠨᠢ᠂ ᠲᠡᠨᠳᠡ ᠬᠣᠯᠠ ᠪᠠᠢᠨ᠎ᠠ᠃ ᠬᠡᠭᠡᠷ ᠠᠵᠢᠷᠭᠠᠨ ᠤ᠋ ᠬᠥᠬᠥᠯ ᠢ᠋ᠶ᠋ᠡᠷ ᠬᠢᠭᠰᠡᠨ᠂ ᠬᠢᠭᠢᠷᠢ ᠲᠤᠭ ᠰᠦᠯᠳᠡ ᠴᠢᠨᠢ᠂ ᠬᠡᠩᠭᠡᠷᠭᠡ ᠪᠦᠷᠢᠶ᠎ᠡ ᠤᠷᠢᠶ᠎ᠠ ᠴᠢᠨᠢ᠂ ᠬᠡᠷᠦᠯᠦᠨ ᠦ᠌ ᠬᠥᠳᠡᠭᠡ ᠠᠷᠠᠯ ᠴᠢᠨᠢ᠂ ᠲᠡᠨᠳᠡ ᠪᠥᠯᠥᠭᠡ ᠡᠵᠡᠨ ᠮᠢᠨᠢ! ᠪᠦᠲᠦᠬᠦ ᠶ᠋ᠢᠨ ᠤᠷᠢᠳ ᠤᠴᠠᠷᠠᠭᠰᠠᠨ ᠪᠦᠷᠲᠡᠭᠡᠯᠵᠢᠨ ᠰᠡᠴᠡᠨ ᠬᠠᠲᠤᠨ ᠴᠢᠨᠢ᠂ ᠪᠤᠶᠠᠨᠲᠤ ᠭᠠᠵᠠᠷ ᠨᠤᠲᠤᠭ ᠴᠢᠨᠢ᠂ ᠪᠤᠭᠤᠷᠴᠢ ᠮᠤᠬᠤᠯᠠᠢ ᠨᠥᠬᠥᠳ ᠴᠢᠨᠢ ᠪᠤᠯᠲᠤ ᠶᠡᠬᠡ ᠤᠯᠤᠰ ᠴᠢᠨᠢ ᠲᠡᠨᠳᠡ ᠪᠥᠯᠥᠭᠡ ᠡᠵᠡᠨ ᠮᠢᠨᠢ᠃ ᠬᠠᠷᠢᠭᠤᠨᠠ ᠠᠭᠤᠯᠠ ᠶ᠋ᠢ ᠳᠤᠯᠠᠭᠠᠨ ᠭᠡᠵᠦ ᠬᠠᠷᠢ ᠲᠠᠩᠭᠤᠳ ᠢ᠋ ᠣᠯᠠᠨ ᠭᠡᠵᠦ᠂ ᠬᠠᠲᠤᠳ ᠥᠬᠢᠳ ᠢ᠋ ᠭᠤᠸ᠎ᠠ ᠭᠡᠵᠦ᠂ ᠬᠠᠮᠤᠭ ᠮᠣᠩᠭᠣᠯ ᠢ᠋ ᠮᠠᠷᠲᠠᠪᠠᠤ ᠬᠠᠢᠷᠠᠲᠤ ᠡᠵᠡᠨ ᠮᠢᠨᠢ! ᠬᠠᠯᠠᠭᠤᠨ ᠠᠮᠢ ᠶ᠋ᠢ ᠴᠢᠨᠢ ᠠᠯᠳᠠᠪᠠᠴᠤ᠂ ᠬᠠᠰ ᠡᠷᠳᠡᠨᠢ ᠮᠡᠲᠦ ᠬᠡᠭᠦᠷ ᠢ᠋ ᠴᠢᠨᠢ᠂ ᠬᠠᠮᠠᠭᠠᠯᠠᠨ ᠠᠪᠴᠤ ᠬᠠᠷᠢᠶ᠎ᠠ ᠡᠵᠡᠨ ᠮᠢᠨᠢ! ᠬᠠᠲᠤᠨ ᠪᠥᠷᠲᠡᠭᠡᠯᠵᠢᠨ ᠳ᠋ᠤ᠌ ᠴᠢᠨᠢ ᠦᠵᠡᠭᠦᠯᠦᠶ᠎ᠡ᠂ ᠬᠠᠮᠤᠭ ᠤᠯᠤᠰ ᠲᠤ᠌ ᠴᠢᠨᠢ ᠬᠦᠷᠭᠡᠶ᠎ᠡ》 ᠭᠡᠵᠡᠢ᠃
ᠪᠣᠭᠳᠠ ᠡᠵᠡᠨ ᠴᠢᠩᠭᠢᠰ ᠬᠠᠭᠠᠨ ᠡᠨᠡᠬᠦ ᠮᠠᠭᠲᠠᠭᠠᠯ ᠢ᠋ ᠰᠣᠨᠣᠰᠴᠤ ᠰᠣᠶᠣᠷᠬᠠᠭᠰᠠᠨ ᠮᠡᠲᠦ ᠬᠠᠰᠠᠭ ᠲᠡᠷᠭᠡᠨ ᠦ᠌ ᠬᠦᠷᠳᠦ ᠬᠠᠩᠭᠢᠷᠰᠤᠨ ᠬᠥᠳᠡᠯᠪᠡ᠃
ᠮᠣᠩᠭᠣᠯ ᠤᠯᠤᠰ ᠤ᠋ᠨ ᠬᠢᠯᠢ ᠳᠣᠲᠣᠷ᠎ᠠ ᠣᠷᠣᠮᠠᠭᠴᠠ ᠡᠨᠡᠬᠦ ᠭᠤᠨᠢᠭᠲᠤ ᠳᠠᠭᠤᠨ ᠦᠭᠡᠢ ᠵᠢᠭᠰᠠᠭᠠᠯ ᠨᠢ ᠤᠬᠢᠯᠠᠵᠤ ᠬᠠᠢᠯᠠᠭᠰᠠᠨ ᠭᠠᠰᠢᠭᠤᠳᠠᠯ ᠤ᠋ᠨ ᠵᠢᠭᠰᠠᠭᠠᠯ ᠲᠠᠢ ᠠᠭᠤᠯᠵᠠᠪᠠ᠃ ᠲᠡᠭᠦᠨ ᠦ᠌ ᠡᠬᠡᠨᠡᠷ ᠬᠡᠦᠬᠡᠳ ᠲᠠᠪᠤᠨ ᠬᠥᠮᠦᠨ᠂ ᠲᠡᠷᠡᠴᠢᠯᠡᠨ ᠬᠣᠶᠠᠳᠤᠭᠠᠷ ᠡᠬᠡᠨᠡᠷ᠂ ᠰᠢᠪᠡᠭᠴᠢᠨ ᠲᠠᠪᠤᠨ ᠵᠠᠭᠤᠨ ᠬᠥᠮᠦᠨ᠂ ᠥᠷᠯᠥᠭ ᠦ᠋ᠳ᠂ ᠢᠵᠠᠭᠤᠷᠲᠠᠨ᠂ ᠨᠣᠶᠠᠳ ᠨᠠᠷ ᠤᠭᠲᠤᠵᠤ ᠢᠷᠡᠭᠡᠳ ᠭᠠᠰᠢᠭᠤᠳᠠᠯ ᠤ᠋ᠨ ᠳᠥᠷᠪᠡᠨ ᠣᠷᠳᠣᠨ ᠢ᠋ᠶ᠋ᠠᠷ ᠥᠩᠭᠡᠷᠡᠵᠦ ᠤᠨᠤᠨ ᠮᠥᠷᠡᠨ ᠦ᠌ ᠡᠬᠢ ᠳᠡᠯᠢᠭᠦᠨ ᠪᠣᠯᠳᠣᠭ ᠲᠤ᠌ ᠬᠦᠷᠦᠭᠡᠳ ᠴᠢᠨᠳᠠᠷ ᠢ᠋ ᠲᠡᠷᠭᠡᠨ ᠳ᠋ᠤ᠌ ᠳᠡᠪᠰᠢᠭᠦᠯᠪᠡ᠃
ᠳᠠᠷᠠᠭ᠎ᠠ ᠳ᠋ᠤᠨᠢ ᠰᠣᠩᠭᠣᠭᠳᠠᠭᠰᠠᠨ ᠬᠥᠮᠦᠰ ᠤᠯᠠᠮ ᠬᠣᠯᠠ ᠶᠠᠪᠤᠵᠤ᠂ ᠵᠠᠯᠠᠭᠤ ᠲᠡᠮᠦᠵᠢᠨ ᠦ᠌ ᠠᠮᠢ ᠨᠠᠰᠤ ᠶ᠋ᠢ ᠬᠣᠶᠠᠷ ᠤᠳᠠᠭ᠎ᠠ ᠠᠪᠤᠷᠠᠭᠰᠠᠨ ᠪᠤᠷᠬᠠᠨ ᠬᠠᠯᠳᠤᠨ ᠠᠭᠤᠯᠠ ᠬᠦᠷᠲᠡᠯ᠎ᠡ ᠦᠷᠭᠦᠯᠵᠢᠯᠡᠨ ᠮᠣᠷᠢᠯᠠᠪᠠ᠃ ᠠᠭᠤᠯᠠ ᠶ᠋ᠢᠨ ᠡᠩᠭᠡᠷ ᠲᠦ᠍ ᠬᠦᠷᠦᠭᠡᠳ ᠲᠡᠳᠡᠨᠡᠷ ᠴᠢᠩᠭᠢᠰ ᠬᠠᠭᠠᠨ ᠤ᠋ ᠴᠢᠨᠳᠠᠷ ᠢ᠋ ᠲᠡᠷᠭᠡᠨ ᠡᠴᠡ ᠰᠠᠯᠭᠠᠵᠤ᠂ ᠠᠭᠤᠯᠠ ᠶ᠋ᠢᠨ ᠣᠷᠣᠢ ᠳᠡᠭᠡᠷ᠎ᠡ ᠳᠠᠮᠨᠠᠭᠠᠳ ᠠᠪᠠᠴᠢᠶ᠎ᠠ ᠭᠡᠰᠡᠨ ᠪᠣᠯᠪᠠᠴᠤ ᠬᠡᠭᠦᠷ ᠨᠢ ᠶᠠᠭ ᠦᠨᠳᠦᠰᠦ ᠤᠷᠭᠤᠭᠰᠠᠨ ᠮᠡᠲᠦ ᠪᠣᠯᠵᠤ ᠬᠥᠳᠡᠯᠭᠡᠵᠦ ᠴᠢᠳᠠᠬᠤ ᠦᠭᠡᠢ ᠪᠠᠢᠪᠠ᠃ ᠲᠡᠢᠮᠦ ᠡᠴᠡ ᠲᠡᠷᠭᠡ ᠲᠡᠢ ᠨᠢ ᠬᠠᠮᠲᠤ ᠪᠠᠷ ᠠᠭᠤᠯᠠ ᠶ᠋ᠢᠨ ᠣᠷᠣᠢ ᠳ᠋ᠤ᠌ ᠳᠡᠪᠰᠢᠭᠦᠯᠦᠭᠰᠡᠨ ᠶᠤᠮ᠃ ᠠᠭᠤᠯᠠ ᠶ᠋ᠢᠨ ᠣᠷᠣᠢ ᠳᠡᠭᠡᠷᠡᠬᠢ ᠨᠢᠭᠡᠨ ᠰᠠᠭᠯᠠᠭᠠᠷ ᠲᠣᠮᠣ ᠮᠣᠳᠣᠨ ᠤ᠋ ᠳᠣᠣᠷ᠎ᠠ᠂ ᠪᠣᠭᠳᠠ ᠬᠠᠭᠠᠨ ᠨᠢᠭᠡᠨ ᠤᠳᠠᠭ᠎ᠠ ᠠᠪᠠ ᠬᠢᠬᠦ ᠦᠶ᠎ᠡ ᠳ᠋ᠡᠭᠡᠨ ᠤᠳᠠᠲᠠᠯ᠎ᠠ ᠰᠡᠯᠡᠭᠦᠴᠡᠵᠦ ᠰᠠᠭᠤᠭᠰᠠᠨ ᠬᠡᠷᠡᠭ ᠪᠠᠢᠭᠰᠠᠨ ᠪᠢᠯᠡ᠃ ᠳᠠᠢᠴᠢᠨ ᠨᠥᠬᠥᠳ ᠲᠡᠢ ᠪᠡᠨ ᠬᠠᠮᠲᠤ ᠪᠠᠢᠭᠰᠠᠨ ᠪᠥᠭᠡᠳ ᠨᠥᠬᠥᠳ ᠲᠡᠭᠡᠨ:
《ᠡᠨᠡ ᠭᠠᠵᠠᠷ ᠢ᠋ᠶ᠋ᠠᠷ ᠮᠢᠨᠦ ᠮᠥᠩᠬᠡ ᠶ᠋ᠢᠨ ᠠᠮᠠᠷᠠᠯᠲᠠ ᠶ᠋ᠢᠨ ᠭᠠᠵᠠᠷ ᠪᠣᠯᠭᠠᠬᠤ ᠳ᠋ᠤ᠌ ᠲᠣᠬᠢᠷᠠᠮᠵᠢᠲᠠᠢ ᠪᠠᠢᠨ᠎ᠠ᠂ ᠨᠠᠰᠤ ᠪᠠᠷᠠᠭᠰᠠᠨ ᠤ᠋ ᠬᠣᠢᠨ᠎ᠠ ᠨᠠᠮᠠᠶ᠋ᠢ ᠡᠨᠳᠡ ᠪᠤᠯᠠᠰᠢᠯᠠᠭᠲᠤᠨ》 ᠭᠡᠵᠦ ᠬᠡᠯᠡᠭᠰᠡᠨ ᠶᠤᠮ᠃
ᠲᠡᠳᠡᠨᠡᠷ ᠴᠢᠩᠭᠢᠰ ᠬᠠᠭᠠᠨ ᠢ᠋ ᠰᠠᠯᠬᠤ ᠳᠤᠷ᠎ᠠ ᠦᠭᠡᠢ ᠲᠡᠷᠭᠡ ᠲᠡᠢ ᠨᠢ ᠬᠠᠮᠲᠤ ᠡᠨᠡ ᠮᠣᠳᠣᠨ ᠤ᠋ ᠳᠣᠣᠷ᠎ᠠ ᠣᠷᠣᠰᠢᠭᠤᠯᠤᠭᠰᠠᠨ ᠠᠵᠢ᠃ ᠲᠡᠷᠡ ᠭᠠᠵᠠᠷ ᠳᠡᠭᠡᠷ᠎ᠡ ᠨᠢ ᠨᠠᠢ᠍ᠮᠠᠨ ᠤᠷᠲᠤ ᠨᠠᠢ᠍ᠮᠠᠨ ᠴᠠᠭᠠᠨ ᠮᠠᠢᠬᠠᠨ ᠪᠣᠰᠬᠠᠵᠤ ᠮᠥᠷᠭᠥᠨ ᠳᠠᠭᠠᠳᠬᠠᠬᠤ ᠭᠠᠵᠠᠷ ᠪᠣᠯᠭᠠᠭᠰᠠᠨ ᠶᠤᠮ᠃ ᠮᠢᠩᠭᠠᠨ ᠬᠥᠮᠦᠨ ᠦ᠌ ᠲᠣᠷᠭᠠᠨ ᠴᠡᠷᠢᠭ ᠢᠮᠠᠭᠲᠠ ᠰᠢᠳᠠᠷ ᠴᠡᠷᠢᠭ ᠪᠣᠯᠵᠤ ᠠᠭᠤᠯᠠ ᠶ᠋ᠢᠨ ᠡᠩᠭᠡᠷ ᠲᠦ᠍ ᠰᠠᠭᠤᠷᠢᠰᠢᠭᠰᠠᠨ ᠶᠤᠮ᠃ ᠮᠥᠨ ᠠᠭᠤᠯᠠᠨ ᠳ᠋ᠤ᠌ ᠬᠣᠵᠢᠮ ᠨᠢ ᠪᠠᠰᠠ ᠲᠤᠯᠤᠢ ᠪᠣᠯᠤᠨ ᠲᠡᠭᠦᠨ ᠦ᠌ ᠬᠣᠶᠠᠷ ᠬᠥᠪᠡᠭᠦᠨ ᠳᠠᠷᠤᠢ ᠮᠥᠩᠬᠡ᠂ ᠬᠤᠪᠢᠯᠠᠢ ᠬᠣᠶᠠᠷ ᠶᠡᠬᠡ ᠬᠠᠭᠠᠨ ᠤ᠋ ᠣᠩᠭᠣᠨ ᠢ᠋ ᠣᠷᠣᠰᠢᠭᠤᠯᠵᠠᠢ᠃
ᠡᠨᠡᠬᠦ ᠰᠠᠭᠯᠠᠭᠠᠷ ᠲᠣᠮᠣ ᠮᠣᠳᠣᠨ ᠤ᠋ ᠣᠷᠴᠢᠮ ᠣᠯᠠᠨ ᠮᠣᠳᠣ ᠣᠷᠭᠣᠭᠠᠳ ᠵᠤᠵᠠᠭᠠᠷᠠᠭᠰᠠᠨ ᠪᠣᠯᠬᠣᠷ ᠡᠨᠡ ᠭᠠᠵᠠᠷ ᠲᠤ᠌ ᠬᠥᠮᠦᠨ ᠣᠷᠣᠵᠤ ᠴᠢᠳᠠᠬᠤ ᠦᠭᠡᠢ ᠣᠢ ᠰᠢᠭᠤᠢ ᠪᠣᠯᠵᠤ᠂ ᠶᠠᠪᠤᠨ ᠶᠠᠪᠤᠭᠰᠠᠭᠠᠷ ᠴᠣᠬᠣᠮ ᠠᠯᠢ ᠭᠠᠵᠠᠷ ᠨᠢ ᠣᠩᠭᠣᠨ ᠭᠡᠰᠡᠨ ᠢ᠋ ᠣᠯᠵᠤ ᠴᠢᠳᠠᠬᠤ ᠦᠭᠡᠢ ᠪᠣᠯᠴᠢᠬᠠᠭᠰᠠᠨ ᠶᠤᠮ᠃ ᠣᠯᠠᠨ ᠡᠷᠳᠡᠮᠲᠡᠨ ᠨᠠᠷ ᠴᠢᠩᠭᠢᠰ ᠬᠠᠭᠠᠨ ᠤ᠋ ᠣᠩᠭᠣᠨ ᠢ᠋ ᠣᠯᠤᠶ᠎ᠠ ᠭᠡᠵᠦ ᠣᠷᠣᠯᠳᠣᠭᠰᠠᠨ ᠶᠤᠮ᠃ ᠳᠡᠯᠢᠭᠦᠨ ᠪᠣᠯᠳᠣᠭ ᠭᠡᠬᠦ ᠠᠭᠤᠯᠠ ᠨᠤᠭᠤᠳ ᠢ᠋ ᠮᠡᠳᠡᠵᠦ ᠪᠠᠢᠪᠠᠴᠤ ᠬᠡᠨ ᠠᠯᠢᠨ ᠴᠤ᠌ ᠴᠣᠬᠣᠮ ᠠᠯᠢ ᠨᠢᠭᠡᠨ ᠨᠢ ᠪᠤᠷᠬᠠᠨ ᠬᠠᠯᠳᠤᠨ ᠠᠭᠤᠯᠠ ᠮᠥᠨ ᠭᠡᠰᠡᠨ ᠢ᠋ ᠢᠯᠭᠠᠵᠤ ᠮᠡᠳᠡᠬᠦ ᠦᠭᠡᠢ ᠪᠠᠢᠯ᠎ᠠ᠃ ᠮᠣᠩᠭᠣᠯ ᠬᠥᠮᠦᠨ ᠡᠴᠡ ᠠᠰᠠᠭᠤᠪᠠᠴᠤ ᠲᠡᠳᠡᠨᠡᠷ ᠠᠮᠠ ᠪᠠᠨ ᠬᠠᠮᠬᠢᠭᠠᠳ ᠬᠡᠯᠡᠵᠦ ᠥᠭᠳᠡᠭ ᠦᠭᠡᠢ ᠶᠤᠮ ᠪᠠᠢᠵᠠᠢ᠃
ᠴᠢᠩᠭᠢᠰ ᠬᠠᠭᠠᠨ ᠥᠭᠡᠳᠡ ᠪᠣᠯᠤᠭᠠᠳ ᠨᠢᠭᠡᠨᠲᠡ ᠳᠣᠯᠣᠭᠠᠨ ᠵᠠᠭᠤᠨ ᠢᠯᠡᠭᠦᠦ ᠵᠢᠯ ᠦ᠋ᠨ ᠣᠨ ᠰᠠᠷ᠎ᠠ ᠥᠩᠭᠡᠷᠡᠯ᠎ᠡ᠃ ᠭᠡᠪᠡᠴᠦ ᠥᠨᠥᠳᠥᠷ ᠪᠣᠯᠲᠠᠯ᠎ᠠ ᠮᠣᠩᠭᠣᠯ ᠤ᠋ᠨ ᠣᠯᠠᠨ ᠠᠢᠮᠠᠭ᠂ ᠶᠠᠰᠤᠲᠠᠨ ᠪᠠᠰᠠ ᠳᠡᠯᠡᠬᠡᠢ ᠳ᠋ᠠᠬᠢᠨ ᠤ᠋ ᠶᠡᠬᠡ ᠪᠠᠢᠯᠳᠤᠨ ᠳᠠᠭᠠᠭᠤᠯᠤᠭᠴᠢ ᠶ᠋ᠢᠨ ᠨᠣᠢᠷᠰᠤᠵᠤ ᠪᠠᠢᠭ᠎ᠠ ᠠᠭᠤᠯᠠᠨ ᠤ᠋ ᠣᠷᠣᠢ ᠳᠡᠭᠡᠷ᠎ᠡ ᠴᠤᠭᠯᠠᠷᠠᠭᠠᠳ ᠵᠢᠯ ᠪᠦᠷᠢ ᠲᠠᠬᠢᠯᠭ᠎ᠠ ᠡᠷᠭᠦᠵᠦ ᠪᠠᠢᠨ᠎ᠠ ᠭᠡᠨ᠎ᠡ᠃ ᠪᠡᠭᠡᠵᠢᠩ ᠬᠣᠲᠠ ᠶ᠋ᠢᠨ ᠬᠠᠭᠠᠨ ᠤ᠋ ᠣᠷᠳᠣᠨ ᠤ᠋ ᠮᠦᠽᠧᠢ ᠳ᠋ᠤ᠌ ᠴᠢᠩᠭᠢᠰ ᠬᠠᠭᠠᠨ ᠤ᠋ ᠡᠮᠦᠰᠴᠦ ᠪᠠᠢᠭᠰᠠᠨ ᠪᠦᠳᠦᠭᠦᠯᠢᠭ ᠳᠠᠪᠤᠤ ᠶ᠋ᠢᠨ ᠬᠤᠪᠴᠠᠰᠤ ᠶ᠋ᠢ ᠭᠡᠷᠢᠶᠡᠰ ᠪᠣᠯᠭᠠᠵᠤ ᠬᠠᠳᠠᠭᠠᠯᠠᠭᠰᠠᠭᠠᠷ ᠪᠠᠢᠨ᠎ᠠ᠃
※
ᠲᠤᠰ ᠪᠢᠴᠢᠭ ᠢ᠋ ᠶᠠᠫᠣᠨ ᠤ᠋ ᠬᠢᠶᠤᠤ ᠪᠦᠩ ᠰᠢᠶᠠ ᠬᠡᠪᠯᠡᠯ ᠦ᠋ᠨ ᠬᠣᠷᠢᠶ᠎ᠠ ᠡᠴᠡ ᠬᠡᠪᠯᠡᠭᠦᠯᠦᠭᠰᠡᠨ1982 ᠣᠨ ᠤ᠋3 ᠳ᠋ᠤᠭᠠᠷ ᠰᠠᠷ᠎ᠠ ᠶ᠋ᠢᠨ ᠠᠩᠬᠠᠳᠤᠭᠠᠷ ᠬᠡᠪ ᠦ᠋ᠨ ᠠᠩᠬᠠᠳᠤᠭᠠᠷ ᠬᠡᠪᠯᠡᠯ ᠢ᠋ ᠦᠨᠳᠦᠰᠦᠯᠡᠨ ᠣᠷᠴᠢᠭᠤᠯᠵᠤ ᠬᠡᠪᠯᠡᠪᠡ᠃
ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ
ᠪᠧᠷᠸᠽᠢᠨ ᠵᠣᠬᠢᠶᠠᠪᠠ
ᠳᠤᠭᠠᠷᠵᠠᠪ ᠮᠣᠩᠭᠣᠯᠴᠢᠯᠠᠪᠠ
ᠪᠤᠶᠠᠨᠳᠡᠯᠭᠡᠷ ᠬᠢᠨᠠᠪᠠ
* *
ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠤ᠋ᠨ ᠬᠠᠢᠯᠠᠷ ᠳᠠᠬᠢ ᠰᠢᠨᠬᠤᠸᠠ ᠬᠡᠪᠯᠡᠬᠦ ᠦᠢᠯᠡᠳᠪᠦᠷᠢ ᠬᠡᠪᠯᠡᠪᠡ
ᠬᠥᠯᠥᠨ ᠪᠤᠢᠷ ᠠᠢᠮᠠᠭ ᠤ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
1983 ᠣᠨ ᠤ᠋7 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1983 ᠣᠨ ᠤ᠋9 ᠰᠠᠷ᠎ᠠ ᠳ᠋ᠤ᠌ ᠠᠩᠬᠠᠳᠤᠭᠠᠷ ᠤᠳᠠᠭ᠎ᠠ ᠬᠡᠪᠯᠡᠪᠡ
ᠦᠰᠦᠭ ᠠᠮᠢᠯᠠᠭᠤᠯᠤᠭᠴᠢ᠄ ᠬᠡᠷᠡᠢᠳ᠂ ᠵᠣᠯ ᠂ ᠬᠡᠷᠡᠢᠳ ᠮᠥᠩᠬᠡᠨᠠᠰᠤᠨ ᠂ ᠪᠠᠶᠠᠨᠴᠡᠴᠡᠭ ᠂ ᠣᠳᠬᠠᠨᠰᠣ᠎ᠠ
ᠬᠢᠨᠠᠭ᠍ᠴᠢ᠄ ᠣᠳᠬᠠᠨᠰᠣ᠎ᠠ᠂ ᠪᠠᠶᠠᠨᠴᠡᠴᠡᠭ ᠂ ᠲ ᠬᠦᠮᠦᠵᠢᠯᠲᠦ
