ᠲᠤᠷᠤᠭ ᠨᠤᠭᠲᠤᠷᠤ ᠡᠪᠡᠰᠦТорог ногтруу өвс
ᠲᠤᠷᠤᠭ ᠨᠤᠭᠲᠤᠷᠤ ᠡᠪᠡᠰᠦ
ᠲᠤᠰ ᠡᠮ ᠪᠣᠯ ᠰᠠᠷᠠᠨ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠲᠤᠷᠤᠭ ᠨᠤᠭᠲᠤᠷᠤ ᠡᠪᠡᠰᠦ ᠶ᠋ᠢᠨ ᠬᠠᠲᠠᠭᠠᠭᠰᠠᠨ ᠬᠠᠢᠷᠰᠤᠯᠢᠭ ᠡᠰᠢ ᠮᠥᠨ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠬᠠᠢᠷᠰᠤᠯᠢᠭ ᠡᠰᠢ ᠨᠢ ᠬᠠᠭᠠᠰ ᠪᠥᠮᠪᠦᠭᠡᠨ ᠬᠡᠯᠪᠡᠷᠢ ᠲᠡᠢ᠂ ᠳ᠋ᠢᠶᠠᠮᠧᠲᠷ ᠨᠢ1.5—6cm᠂2—3 ᠮᠢᠬᠠᠯᠠᠭ ᠬᠠᠢᠷᠰᠤᠯᠢᠭ ᠢᠯᠲᠠᠰᠤ ᠲᠠᠢ᠃ ᠡᠰᠢ ᠨᠢ ᠭᠠᠭᠴᠠᠭᠠᠷ ᠰᠢᠯᠤᠭᠤᠨ ᠤᠷᠭᠤᠨ᠎ᠠ᠃ ᠪᠥᠭᠡᠷᠡᠩᠬᠡᠢ ᠪᠠᠭᠠᠨ᠎ᠠ ᠬᠡᠯᠪᠡᠷᠢ ᠲᠡᠢ᠂50—80cm ᠥᠨᠳᠥᠷ᠃ ᠨᠠᠪᠴᠢ ᠨᠢ ᠪᠠᠷᠢᠭᠤᠯ ᠦᠭᠡᠢ᠂ ᠡᠰᠢᠨ ᠦ᠌ ᠳᠣᠣᠷ᠎ᠠ ᠬᠡᠰᠡᠭ ᠦ᠋ᠨ ᠨᠠᠪᠴᠢ ᠨᠢ ᠴᠢᠭᠲᠠᠯᠠᠨ ᠤᠷᠭᠤᠨ᠎ᠠ᠃ ᠴᠤᠪᠤᠷᠠᠵᠤ ᠤᠷᠭᠤᠬᠤ ᠨᠢ ᠮᠠᠰᠢ ᠴᠥᠭᠡᠨ᠂ ᠨᠠᠷᠢᠨ ᠬᠠᠪᠲᠠᠭᠠᠢ ᠲᠡᠪᠡᠨᠡ ᠡᠴᠡ ᠨᠠᠷᠢᠨ ᠪᠦᠰᠡ ᠬᠡᠯᠪᠡᠷᠢ ᠲᠡᠢ᠂6—17cm ᠤᠷᠲᠤ᠂6—15mm ᠥᠷᠭᠡᠨ᠂ ᠳᠤᠮᠳᠠ ᠠ᠋ᠴᠠ ᠳᠡᠭᠡᠭᠰᠢᠬᠢ ᠨᠠᠪᠴᠢ ᠨᠢ ᠶᠡᠷᠦ ᠳ᠋ᠡᠭᠡᠨ3—5 ᠢᠯᠲᠠᠰᠤ ᠪᠠᠷ ᠳᠤᠭᠤᠢᠷᠠᠨ ᠤᠷᠭᠤᠵᠤ᠂ ᠴᠤᠪᠤᠷᠠᠨ ᠤᠷᠭᠤᠬᠤ ᠨᠢ ᠮᠠᠰᠢ ᠴᠥᠭᠡᠨ᠂ ᠨᠠᠪᠴᠢᠨ ᠢᠯᠲᠠᠰᠤ ᠨᠢ ᠨᠡᠯᠢᠶᠡᠳ ᠣᠬᠣᠷ᠂ ᠣᠷᠢᠶᠠᠩᠭᠤ ᠰᠢᠭ᠋ ᠦᠵᠦᠭᠦᠷ ᠲᠡᠢ᠃ ᠴᠡᠴᠡᠭ ᠨᠢ ᠡᠰᠢᠨ ᠦ᠌ ᠣᠷᠣᠢ ᠪᠤᠶᠤ ᠨᠠᠪᠴᠢᠨ ᠰᠤᠭᠤ ᠳ᠋ᠤ᠌ ᠭᠠᠭᠴᠠᠭᠠᠷ ᠳᠡᠯᠭᠡᠷᠡᠨ᠎ᠡ᠃ ᠴᠡᠴᠡᠭ ᠦ᠋ᠨ ᠪᠠᠷᠢᠭᠤᠯ ᠨᠢ1—1.5cm ᠤᠷᠲᠤ᠃ ᠬᠤᠩᠬ᠎ᠠ ᠬᠡᠯᠪᠡᠷᠢ ᠲᠡᠢ ᠤᠨᠵᠢᠢᠨ᠎ᠠ᠃ ᠴᠡᠴᠡᠭ ᠦ᠋ᠨ ᠰᠢᠳᠠᠷ ᠨᠢ6᠂ ᠬᠣᠶᠠᠷ ᠮᠥᠷ ᠢ᠋ᠶ᠋ᠡᠷ ᠪᠠᠢᠷᠢᠯᠠᠨ᠎ᠠ᠃ ᠤᠷᠲᠤᠯᠵᠢᠨ ᠵᠤᠤᠪᠠᠩ ᠬᠡᠯᠪᠡᠷᠢ ᠲᠡᠢ᠂ ᠣᠬᠣᠷ ᠱᠣᠪᠣᠭᠣᠷ ᠪᠤᠶᠤ ᠮᠣᠬᠣᠭᠣ ᠦᠵᠦᠭᠦᠷ ᠲᠡᠢ᠂ ᠰᠢᠷᠠᠩᠭᠤᠢ ᠪᠤᠶᠤ ᠰᠢᠷᠠᠩᠭᠤᠢ ᠨᠣᠭᠣᠭᠠᠨ ᠥᠩᠭᠡ ᠲᠡᠢ᠂ ᠨᠠᠷᠢᠬᠠᠨ ᠵᠡᠷᠭᠡᠴᠡᠭᠡ ᠰᠤᠳᠠᠯ ᠲᠠᠢ ᠪᠥᠭᠡᠳ ᠳᠣᠲᠣᠷ᠎ᠠ ᠨᠢ ᠭᠦᠢᠬᠡᠨ ᠪᠤᠶᠤ ᠴᠣᠩᠬᠣ ᠰᠢᠭ᠋ ᠴᠣᠬᠣᠷ ᠠᠷᠲᠠᠢ᠂ ᠤᠭ ᠤ᠋ᠨ ᠬᠡᠰᠡᠭ ᠲᠤᠨᠢ ᠪᠤᠯᠴᠢᠷᠬᠠᠢ ᠲᠠᠢ᠃6 ᠡᠷ᠎ᠡ ᠲᠣᠭᠣᠷᠴᠣᠭ ᠲᠠᠢ᠂ ᠲᠣᠭᠣᠰᠣᠪᠴᠢ ᠨᠢ ᠤᠭ ᠢ᠋ᠶ᠋ᠠᠷ ᠢ᠋ᠶ᠋ᠠᠨ ᠲᠣᠭᠲᠠᠵᠤ ᠭᠠᠳᠠᠭᠰᠢ ᠬᠠᠨᠳᠤᠵᠤ ᠤᠷᠭᠤᠨ᠎ᠠ᠃ ᠡᠮ᠎ᠡ ᠲᠣᠭᠣᠷᠴᠣᠭ ᠲᠠᠢ᠂ ᠤᠮᠠᠢ ᠨᠢ3 ᠲᠠᠰᠤᠭ ᠲᠠᠢ᠂ ᠲᠠᠰᠤᠭ ᠪᠦᠷᠢ ᠳ᠋ᠦ᠍ᠨᠢ ᠣᠯᠠᠨ ᠬᠥᠪᠦᠷᠡᠯ ᠨᠠᠬᠢᠶ᠎ᠠ ᠲᠠᠢ᠂ ᠴᠡᠴᠡᠭ ᠦ᠋ᠨ ᠪᠠᠭᠠᠨ᠎ᠠ ᠶ᠋ᠢᠨ ᠠᠮᠠᠰᠠᠷ ᠨᠢ3 ᠰᠠᠯᠠᠭ᠎ᠠ ᠲᠠᠢ᠂ ᠬᠣᠩᠭᠣᠷᠴᠣᠭᠲᠤ ᠵᠢᠮᠢᠰ ᠨᠢ ᠥᠨᠳᠡᠭᠡᠯᠵᠢᠨ ᠪᠥᠭᠡᠷᠡᠩᠬᠡᠢ᠂ ᠳ᠋ᠢᠶᠠᠮᠧᠲ᠋ᠷ ᠨᠢ2.5cm ᠣᠷᠴᠢᠮ᠂6 ᠵᠤᠷᠪᠤᠰ ᠨᠡᠯᠢᠶᠡᠳ ᠥᠷᠭᠡᠨ ᠭᠤᠯᠳᠤ ᠳᠠᠯᠠᠪᠴᠢ ᠲᠠᠢ᠂3—4 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂4—5 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠴᠢᠭᠢᠭᠯᠢᠭ ᠠᠭᠤᠯᠠᠨ ᠬᠥᠲᠥᠯ᠂ ᠠᠭᠤᠯᠠᠨ ᠬᠠᠵᠠᠭᠤ᠂ ᠭᠣᠣ ᠶ᠋ᠢᠨ ᠬᠥᠪᠡᠭᠡ ᠪᠣᠯᠤᠨ ᠲᠣᠰᠬᠣᠨ ᠤ᠋ ᠬᠥᠪᠡᠭᠡ ᠵᠠᠬ᠎ᠠ ᠶ᠋ᠢᠨ ᠡᠪᠡᠰᠦᠨ ᠳᠤᠮᠳᠠ ᠤᠷᠭᠤᠨ᠎ᠠ᠃ ᠵᠢᠶᠠᠩᠰᠦ᠂ ᠠᠨᠾᠦ᠋ᠢ᠂ ᠵᠧᠵᠢᠶᠠᠩ᠂ ᠬᠤᠨᠠᠨ ᠵᠡᠷᠭᠡ ᠭᠠᠵᠠᠷ ᠲᠤ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] 5—6 ᠰᠠᠷ᠎ᠠ ᠳ᠋ᠤ᠌ ᠮᠠᠯᠲᠠᠨ ᠠᠪᠴᠤ᠂ ᠰᠢᠪᠠᠷ ᠰᠢᠷᠣᠢ ᠶ᠋ᠢ ᠨᠢ ᠤᠬᠢᠶᠠᠨ ᠴᠡᠪᠡᠷᠯᠡᠭᠡᠳ ᠶᠡᠬᠡ ᠪᠠᠭ᠎ᠠ ᠪᠠᠷ ᠨᠢ ᠢᠯᠭᠠᠵᠤ᠂ ᠶᠡᠬᠡ ᠶ᠋ᠢᠨ ᠬᠢᠨᠢ ᠭᠣᠣᠯ ᠨᠠᠬᠢᠶ᠎ᠠ ᠶ᠋ᠢ ᠨᠢ ᠠᠷᠢᠯᠭᠠᠵᠤ ᠬᠠᠶᠠᠭᠠᠳ2 ᠢᠯᠲᠠᠰᠤ ᠬᠤᠪᠢᠶᠠᠨ᠎ᠠ᠃ ᠶᠤᠸᠠᠮᠪᠤᠤ ᠰᠢᠭ᠋ ᠢ᠋ ᠨᠢ ᠶᠤᠸᠠᠮᠪᠤᠤ ᠨᠤᠭᠲᠤᠷᠤ ᠡᠪᠡᠰᠦ ᠭᠡᠵᠦ; ᠵᠢᠵᠢᠭ ᠢ᠋ ᠨᠢ ᠮᠥᠬᠥᠯᠢᠭᠲᠦ ᠨᠤᠭᠲᠤᠷᠤ ᠡᠪᠡᠰᠦ ᠭᠡᠳᠡᠭ᠃ ᠲᠤᠰ ᠲᠤᠰ ᠲᠤᠨᠢ ᠰᠠᠭᠰᠤᠨ ᠳ᠋ᠤ᠌ ᠬᠢᠵᠦ ᠮᠥᠷᠭᠥᠯᠳᠦᠭᠦᠯᠦᠨ ᠭᠠᠳᠠᠷ ᠬᠠᠯᠢᠰᠤ ᠶ᠋ᠢ ᠨᠢ ᠤᠨᠠᠭᠠᠭᠠᠳ ᠴᠣᠬᠣᠢ ᠬᠣᠯᠢᠵᠤ ᠨᠢᠭᠡ ᠬᠣᠨᠣᠭᠤᠯᠤᠨ ᠨᠠᠷᠠᠨ ᠳ᠋ᠤ᠌ ᠬᠠᠲᠠᠭᠠᠬᠤ ᠪᠤᠶᠤ ᠬᠠᠭᠰᠠᠭᠠᠵᠤ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠃ ᠲᠡᠭᠰᠢ ᠴᠢᠨᠠᠷ ᠲᠠᠢ᠃ ᠵᠥᠭᠡᠯᠡᠨ᠂ ᠡᠶᠡᠯᠳᠡᠭ᠂ ᠰᠢᠩᠭᠡᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠠᠨᠢᠶᠠᠬᠤ ᠶ᠋ᠢ ᠵᠣᠭᠰᠣᠭᠠᠬᠤ᠂ ᠴᠠᠷ ᠢ᠋ ᠬᠣᠪᠬᠣᠯᠬᠤ᠂ ᠬᠠᠯᠠᠭᠤᠨ ᠢ᠋ ᠠᠷᠢᠯᠭᠠᠬᠤ᠂ ᠳᠤᠷ᠎ᠠ ᠶ᠋ᠢ ᠨᠡᠭᠡᠭᠡᠬᠦ ᠴᠢᠳᠠᠯ ᠲᠠᠢ᠃ ᠠᠭᠤᠰᠬᠢᠨ ᠬᠠᠯᠠᠭᠤᠨ᠂ ᠠᠭᠤᠰᠬᠢᠨ ᠬᠠᠳᠬᠤᠯᠭ᠎ᠠ᠂ ᠬᠢᠵᠢᠭ ᠲᠠᠭᠰᠢᠭᠤᠷ᠂ ᠬᠠᠨᠢᠶᠠᠬᠤ᠂ ᠠᠮᠢᠰᠬᠤᠯ ᠳᠠᠪᠬᠤᠴᠠᠬᠤ᠂ ᠴᠠᠷ ᠬᠣᠪᠬᠣᠷᠠᠬᠤ ᠦᠭᠡᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄浙贝母
ᠠᠩᠭ᠌ᠯᠢ ᠨᠡᠷ᠎ᠡ᠄Fritillaria thunbergii Miq
ᠦᠰᠦᠭ ᠠᠮᠢᠯᠠᠭᠤᠯᠤᠭᠴᠢ᠄ ᠪᠤᠷᠤᠨᠤᠳ᠂ ᠴᠢᠮᠡᠭ
ᠬᠢᠨᠠᠭᠴᠢ᠄ ᠲᠤᠶᠠᠭ᠎ᠠ
