ᠨᠠᠷᠢᠨ ᠮᠡᠳᠡᠭᠳᠡᠯ

  1. ᠲᠡᠷᠢᠭᠦᠨ ᠨᠢᠭᠤᠷ >
  2. ᠰᠢᠨ᠎ᠡ ᠮᠡᠳᠡᠭᠳᠡᠯ >
  3. ᠰᠤᠷᠬᠠᠭᠲᠠᠨᠢ ᠪᠡᠬᠢ ᠬᠠᠲᠤᠨ ᠡᠳᠦᠨ ᠡᠳᠦᠷ ᠴᠢᠭᠤᠯᠤᠭᠰᠠᠨ ᠬᠤᠷᠠᠯᠳᠠᠢ ᠳᠠᠭᠤᠰᠴᠤ᠂ ᠢᠷᠡᠭᠰᠡᠨ ᠭᠡᠢᠴᠢᠳ ᠪᠤᠴᠠᠵᠤ᠂ ᠨᠤᠲᠤᠭ ᠨᠤᠲᠤᠭ ᠤ᠋ᠨ ᠵᠦᠭ ᠣᠳᠴᠠᠢ᠃

ᠰᠤᠷᠬᠠᠭᠲᠠᠨᠢ ᠪᠡᠬᠢ ᠬᠠᠲᠤᠨ ᠡᠳᠦᠨ ᠡᠳᠦᠷ ᠴᠢᠭᠤᠯᠤᠭᠰᠠᠨ ᠬᠤᠷᠠᠯᠳᠠᠢ ᠳᠠᠭᠤᠰᠴᠤ᠂ ᠢᠷᠡᠭᠰᠡᠨ ᠭᠡᠢᠴᠢᠳ ᠪᠤᠴᠠᠵᠤ᠂ ᠨᠤᠲᠤᠭ ᠨᠤᠲᠤᠭ ᠤ᠋ᠨ ᠵᠦᠭ ᠣᠳᠴᠠᠢ᠃

2024-11-21
ᠬᠡᠳᠦᠨ ᠡᠳᠦᠷ ᠴᠢᠭᠤᠯᠤᠭᠰᠠᠨ ᠬᠤᠷᠠᠯᠳᠠᠢ ᠳᠠᠭᠤᠰᠴᠤ᠂ ᠢᠷᠡᠭᠰᠡᠨ ᠭᠡᠢᠴᠢᠳ ᠪᠤᠴᠠᠵᠤ᠂ ᠨᠤᠲᠤᠭ ᠨᠤᠲᠤᠭ ᠤ᠋ᠨ ᠵᠦᠭ ᠣᠳᠴᠠᠢ᠃ ᠰᠤᠷᠬᠠᠭᠲᠠᠨᠢ ᠬᠠᠲᠤᠨ ᠳ᠋ᠤ᠌ ᠥᠭᠡᠳᠡᠢ ᠬᠠᠭᠠᠨ ᠲᠤᠰᠬᠠᠢᠯᠠᠨ ᠥᠷᠭᠥᠭᠡ ᠪᠡᠯᠡᠳᠴᠦ ᠥᠭᠭᠦᠭᠰᠡᠨ ᠪᠠᠢᠪᠠ᠃ ᠣᠯᠠᠨ ᠬᠥᠯᠬᠢᠭᠰᠡᠨ ᠬᠠᠷᠠᠬᠣᠷᠣᠮ ᠤ᠋ᠨ ᠳᠡᠨᠵᠢ ᠳᠡᠭᠡᠷ᠎ᠡ ᠰᠢᠨᠡᠬᠡᠨ ᠪᠠᠷᠢᠭᠰᠠᠨ ᠢᠰᠡᠭᠡᠢ ᠴᠠᠭᠠᠨ ᠦᠷᠭᠦᠭᠡᠨ ᠳ᠋ᠦ᠍ ᠬᠠᠲᠤᠨ ᠡᠬᠡ ᠬᠦᠦ ᠮᠥᠩᠬᠡ ᠶ᠋ᠢᠨ ᠬᠠᠮᠲᠤ ᠪᠠᠢᠪᠠ᠃ ᠬᠦᠦ ᠨᠢ ᠰᠠᠶᠢ ᠣᠷᠣᠵᠤ ᠢᠷᠡᠭᠰᠡᠨ ᠪᠣᠯᠤᠯᠲᠠᠢ᠂ ᠭᠠᠷ ᠲᠠᠭᠠᠨ ᠪᠠᠷᠢᠭᠰᠠᠨ ᠬᠡᠳᠦᠨ ᠰᠤᠳᠤᠷ ᠢ᠋ ᠰᠢᠷᠡᠭᠡᠨ ᠳᠡᠭᠡᠷ᠎ᠡ ᠲᠠᠯᠪᠢᠵᠤ᠂ ᠠᠶᠠᠭᠠᠴᠢᠨ ᠤ᠋ ᠪᠠᠷᠢᠭᠰᠠᠨ ᠬᠠᠯᠠᠭᠤᠨ ᠴᠠᠢ ᠶ᠋ᠢ ᠲᠣᠰᠣᠨ ᠠᠪᠴᠤ ᠣᠭᠣᠴᠢᠯᠠᠨ᠎ᠠ᠃ ᠰᠢᠷᠡᠭᠡᠨ ᠳᠡᠭᠡᠷ᠎ᠡ ᠪᠠᠢᠭ᠎ᠠ ᠰᠤᠳᠤᠷ ᠢ᠋ ᠰᠣᠨᠢᠷᠬᠠᠨ ᠬᠠᠷᠠᠵᠤ ᠪᠠᠢᠭ᠎ᠠ ᠡᠬᠡ ᠶ᠋ᠢ ᠪᠡᠨ ᠠᠩᠵᠠᠭᠠᠷᠠᠭᠰᠠᠨ ᠮᠥᠩᠬᠡ᠄ —ᠬᠠᠷᠠᠬᠣᠷᠣᠮ ᠬᠥᠯ ᠦ᠋ᠨ ᠭᠠᠵᠠᠷ ᠲᠤᠯᠠ ᠬᠣᠪᠣᠷ ᠨᠠᠨᠳᠢᠨ ᠶᠠᠭᠤᠮᠠᠰ ᠢ᠋ ᠡᠨᠳᠡ ᠡᠴᠡ ᠣᠯᠵᠤ ᠪᠣᠯᠬᠤ ᠶᠤᠮ᠃ ᠰᠠᠷᠲᠠᠭᠤᠯ ᠠ᠋ᠴᠠ ᠢᠷᠡᠭᠰᠡᠨ ᠡᠨᠡ ᠰᠤᠳᠤᠷ ᠮᠢᠨᠦ ᠰᠡᠳᠬᠢᠯ ᠢ᠋ ᠶᠡᠬᠡ ᠲᠠᠲᠠᠯ᠎ᠠ᠃ ᠣᠳᠣ ᠡᠷᠬᠡᠰ ᠦ᠋ᠨ ᠲᠤᠬᠠᠢ ᠥᠭᠦᠯᠡᠳᠡᠭ ᠠᠵᠢ ᠭᠡᠪᠡ᠃ —ᠣᠳᠣ ᠡᠷᠬᠡᠰ ᠦ᠋ᠨ ᠲᠤᠬᠠᠢ ᠭᠡᠨ᠎ᠡ? — ᠲᠡᠢᠮᠦ ᠠ᠋᠂ ᠡᠵᠢ ᠠ᠋᠃ ᠲᠠ ᠪᠢᠳᠡᠨ ᠢ᠋ ᠪᠠᠭ᠎ᠠ ᠪᠠᠢᠬᠤ ᠳ᠋ᠤ᠌ ᠭᠠᠵᠠᠷ ᠤ᠋ᠨ ᠶᠠᠪᠤᠳᠠᠯ ᠢ᠋ ᠲᠠᠨᠢᠵᠤ ᠳᠠᠭᠤᠰᠬᠤ ᠶ᠋ᠢᠨ ᠴᠠᠭ ᠲᠤ ᠲᠩᠷᠢ ᠶ᠋ᠢᠨ ᠶᠠᠪᠤᠳᠠᠯ ᠢ᠋ ᠳᠤᠯᠢᠳᠠᠨ ᠬᠠᠷᠠᠵᠤ ᠰᠤᠷᠬᠤ ᠤᠴᠢᠷ ᠲᠠᠢ ᠭᠡᠵᠦ ᠬᠡᠯᠡᠳᠡᠭ ᠪᠠᠢᠭᠰᠠᠨ᠃ ᠬᠦᠦ ᠨᠢ ᠲᠡᠷᠡ ᠴᠠᠭ ᠲᠤ ᠲᠩᠷᠢ ᠶᠠᠷᠢᠳᠠᠭ ᠤᠤ ᠭᠡᠵᠦ ᠲᠠᠨ ᠠ᠋ᠴᠠ ᠠᠰᠠᠭᠤᠵᠤ ᠪᠠᠢᠭᠰᠠᠨ ᠵᠢᠭᠠᠬᠠᠨ ᠬᠦᠦ ᠪᠢᠰᠢ ᠪᠣᠯᠤᠭᠰᠠᠨ ᠰᠢᠦ ᠳᠡ᠃ ᠣᠳᠣ ᠲᠩᠷᠢ ᠶ᠋ᠢᠨ ᠲᠤᠬᠠᠢ ᠭᠦᠨ ᠮᠡᠳᠡᠯᠭᠡ ᠲᠡᠢ ᠪᠣᠯᠬᠤ ᠪᠠᠷ ᠰᠢᠮᠳᠠᠵᠤ ᠪᠠᠢᠨ᠎ᠠ ᠭᠡᠪᠡ᠃ ᠡᠨᠡ ᠦᠶ᠎ᠡ ᠳ᠋ᠦ᠍ ᠭᠠᠳᠠᠨ᠎ᠠ  ᠳᠦᠷᠭᠡᠨ᠎ᠡ ᠬᠠᠲᠤᠨ ᠭᠦᠶᠦᠭ ᠦ᠋ᠨ ᠬᠠᠮᠲᠤ ᠣᠷᠣᠵᠤ ᠢᠷᠡᠪᠡ᠃ ᠲᠡᠳᠡᠨ ᠢ᠋ ᠳᠠᠭᠠᠯᠳᠤᠨ ᠲᠣᠯᠣᠭᠠᠢ ᠪᠠᠨ ᠬᠠᠷ᠎ᠠ ᠠᠯᠴᠢᠭᠤᠷ ᠢ᠋ᠶ᠋ᠠᠷ ᠪᠢᠲᠡᠭᠦᠯᠡᠵᠦ᠂ ᠨᠢᠭᠤᠷ ᠢ᠋ᠶ᠋ᠠᠨ ᠭᠢᠪᠯᠡᠭᠦᠷ ᠢ᠋ᠶ᠋ᠡᠷ ᠬᠠᠭᠠᠨ᠂ ᠬᠠᠷ᠎ᠠ ᠥᠩᠭᠡ ᠶ᠋ᠢᠨ ᠠᠪᠢᠳᠠ ᠭᠡᠬᠦ ᠨᠡᠪᠰᠡᠭᠡᠷ ᠬᠤᠪᠴᠠᠰᠤ ᠡᠮᠦᠰᠦᠭᠰᠡᠨ ᠯᠠᠯᠤ ᠶ᠋ᠢᠨ ᠱᠠᠰᠢᠨᠲᠠᠨ ᠡᠮᠡᠭᠲᠡᠢ ᠣᠷᠣᠵᠤ ᠢᠷᠡᠨ᠂ ᠵᠡᠭᠦᠨ ᠬᠠᠶᠠᠭᠠᠨ ᠳ᠋ᠤ᠌ ᠰᠠᠭᠤᠯ᠎ᠠ᠃ ᠵᠥᠪᠬᠡᠨ ᠨᠢᠳᠦ ᠶ᠋ᠢ ᠨᠢ ᠯᠡ ᠬᠠᠷᠠᠵᠤ ᠪᠣᠯᠬᠤ ᠬᠠᠴᠢᠨ ᠡᠲᠡᠭᠡᠳ ᠬᠤᠪᠴᠠᠰᠤ ᠲᠠᠢ ᠡᠮᠡᠭᠲᠡᠢ ᠶ᠋ᠢ ᠹᠠᠲ᠋ᠢᠮᠠ ᠭᠡᠬᠦ ᠠᠭᠠᠳ ᠲᠡᠷᠡ ᠰᠠᠷᠲᠠᠭᠤᠯ ᠢ᠋ ᠳᠠᠢᠯᠠᠬᠤ ᠦᠶ᠎ᠡ ᠳ᠋ᠦ᠍ ᠫᠧᠷᠰ ᠦ᠋ᠨ ᠳᠣᠰᠢ ᠬᠣᠲᠠ ᠠ᠋ᠴᠠ ᠣᠯᠵᠠᠨ ᠳ᠋ᠤ᠌ ᠢᠷᠡᠭᠰᠡᠨ ᠬᠥᠮᠦᠰ ᠦ᠋ᠨ ᠳᠤᠮᠳᠠ ᠲᠠᠯ᠎ᠠ ᠨᠤᠲᠤᠭ ᠲᠤ᠌ ᠦᠯᠡᠳᠡᠵᠡᠢ᠃ ᠪᠢᠲᠡᠭᠦᠦ ᠬᠠᠷ᠎ᠠ ᠬᠤᠪᠴᠠᠰᠤᠨ ᠤ᠋ ᠳᠤᠮᠳᠠ ᠠ᠋ᠴᠠ ᠬᠠᠷᠠᠭᠳᠠᠬᠤ ᠲᠣᠮᠣ ᠠᠯᠠᠭ ᠨᠢᠳᠦ ᠡᠷᠭᠢᠯᠳᠦᠨ ᠪᠠᠢᠭ᠎ᠠ ᠡᠨᠡ ᠡᠮᠡᠭᠲᠡᠢ ᠶ᠋ᠢ ᠭᠢᠪᠯᠡᠭᠦᠷ ᠦᠭᠡᠢ ᠪᠣᠯ ᠰᠠᠢᠬᠠᠨ ᠬᠡᠦᠬᠡᠨ ᠪᠣᠯᠬᠤ ᠶ᠋ᠢ ᠢᠯᠡᠳᠬᠡᠬᠦ ᠮᠡᠲᠦ᠃ ᠲᠡᠳᠡ ᠠᠮᠤᠷ ᠮᠡᠨᠳᠦ ᠪᠡᠨ ᠮᠡᠳᠡᠯᠴᠡᠨ ᠬᠡᠨ ᠬᠡᠨ ᠳ᠋ᠡᠭᠡᠨ ᠶᠣᠰᠣ ᠶ᠋ᠢ ᠦᠢᠯᠡᠳᠦᠭᠰᠡᠨ ᠦ᠌ ᠳᠠᠷᠠᠭ᠎ᠠ ᠳᠦᠷᠭᠡᠨ᠎ᠡ ᠬᠠᠲᠤᠨ ᠠᠮᠠ ᠨᠡᠭᠡᠭᠡᠵᠦ᠂ — ᠠᠭᠤᠷᠠᠭ ᠲᠠᠭᠠᠨ ᠪᠤᠴᠠᠬᠤ ᠭᠡᠵᠦ ᠪᠠᠢᠭ᠎ᠠ ᠶ᠋ᠢ ᠴᠢᠨᠢ ᠳᠤᠭᠤᠯᠤᠭᠠᠳ ᠢᠷᠡᠯ᠎ᠡ᠃ ᠡᠨᠳᠡ ᠬᠡᠰᠡᠭ ᠰᠠᠭᠠᠲᠠᠬᠤ ᠦᠭᠡᠢ ᠶᠠᠭᠠᠬᠢᠭ᠎ᠠ ᠪᠣᠢ᠃ ᠬᠠᠷᠠᠬᠣᠷᠣᠮ ᠣᠯᠠᠨ ᠬᠥᠯ ᠦ᠋ᠨ ᠭᠠᠵᠠᠷ ᠪᠣᠯᠵᠤ᠂ ᠭᠠᠵᠠᠷ ᠭᠠᠵᠠᠷ ᠤ᠋ᠨ ᠬᠥᠮᠦᠰ ᠨᠠᠭᠠᠰᠢ ᠵᠣᠷᠢᠬᠤ ᠪᠣᠯᠤᠭᠰᠠᠨ ᠲᠤᠯᠠ ᠰᠣᠨᠢᠷᠬᠠᠯ ᠢ᠋ ᠲᠠᠨᠢ ᠪᠠᠢᠩᠭᠤ ᠲᠠᠲᠠᠵᠤ ᠪᠠᠢᠳᠠᠭ ᠪᠢᠴᠢᠭ ᠦ᠋ᠨ ᠶᠡᠬᠡ ᠬᠥᠮᠦᠰ ᠲᠡᠢ ᠴᠦ᠍ ᠡᠨᠳᠡ ᠠᠭᠤᠯᠵᠠᠵᠤ ᠪᠣᠯᠤᠨ᠎ᠠ ᠰᠢᠦ ᠳᠡ ᠭᠡᠬᠦ ᠳ᠋ᠦ᠍ ᠰᠤᠷᠬᠠᠭᠲᠠᠨᠢ ᠳᠦᠷᠭᠡᠨ᠎ᠡ ᠬᠠᠲᠤᠨ ᠤ᠋ ᠡᠨᠡ ᠨᠠᠭᠠᠰᠢ ᠲᠠᠢ ᠦᠭᠡ ᠶ᠋ᠢ ᠰᠣᠨᠣᠰᠤᠭᠠᠳ᠂ — ᠬᠠᠷᠠᠬᠣᠷᠣᠮ ᠳ᠋ᠤ᠌ ᠰᠠᠭᠠᠲᠠᠬᠤ ᠰᠠᠢᠬᠠᠨ ᠪᠠᠶ᠋ᠢᠯ ᠦᠭᠡᠢ ᠶᠠᠭᠠᠬᠢᠬᠤ ᠪᠣᠢ᠂ ᠭᠡᠪᠡᠴᠦ ᠥᠨᠥ ᠬᠦᠷᠲᠡᠯ᠎ᠡ ᠰᠠᠭᠤᠭ᠎ᠠ ᠠᠭᠤᠷᠠᠭ ᠲᠠᠭᠠᠨ ᠰᠡᠳᠬᠢᠯ ᠬᠣᠷᠭᠣᠳᠠᠭᠠᠳ ᠪᠠᠢᠬᠤ ᠶᠤᠮ ᠭᠡᠪᠡ᠃ ᠳᠦᠷᠭᠡᠨ᠎ᠡ ᠬᠠᠲᠤᠨ ᠦᠷᠭᠦᠭᠡᠨ ᠦ᠌ ᠪᠠᠢᠷᠢ ᠪᠠᠢᠳᠠᠯ ᠢ᠋ ᠲᠣᠭᠣᠷᠢᠭᠤᠯᠤᠨ ᠬᠠᠷᠠᠬᠤ ᠵᠠᠭᠤᠷ᠎ᠠ ᠰᠤᠷᠬᠠᠭᠲᠠᠨᠢ ᠬᠠᠲᠤᠨ ᠳᠦᠷᠭᠡᠨ᠎ᠡ  ᠶ᠋ᠢ ᠬᠠᠷᠠᠵᠤ ᠰᠠᠭᠤᠭᠰᠠᠨ ᠢ᠋ᠶ᠋ᠠᠨ᠂ — ᠬᠡᠷᠪᠡ ᠪᠢ ᠭᠦᠶᠦᠭ ᠦ᠋ᠨ ᠬᠠᠲᠤᠨ ᠪᠣᠯᠤᠭᠰᠠᠨ᠂ ᠳᠦᠷᠭᠡᠨ᠎ᠡ ᠴᠢ ᠮᠢᠨᠢ ᠬᠠᠳᠠᠮ ᠡᠬᠡ ᠪᠣᠯᠬᠤ ᠪᠠᠢᠯ᠎ᠠ ᠭᠡᠳ ᠬᠡᠯᠡᠴᠢᠬᠡᠪᠡ᠃ ᠡᠨᠡ ᠶᠠᠷᠢᠶ᠎ᠠ ᠶ᠋ᠢ ᠰᠣᠨᠣᠰᠤᠭᠰᠠᠨ ᠳᠦᠷᠭᠡᠨ᠎ᠡ ᠰᠣᠴᠢᠬᠤ ᠰᠢᠭ᠋ ᠪᠣᠯᠵᠤ᠂ ᠬᠠᠷᠢᠭᠤ ᠶᠠᠮᠠᠷ ᠦᠭᠡ ᠬᠡᠯᠡᠬᠦ ᠲᠤᠬᠠᠢ ᠪᠠᠨ ᠪᠣᠳᠣᠵᠤ ᠠᠮᠵᠢᠭ᠎ᠠ ᠦᠭᠡᠢ ᠪᠠᠢᠬᠤ ᠳ᠋ᠤ᠌ ᠬᠥᠶᠦᠭ ᠴᠦ᠍ ᠪᠠᠰᠠ ᠡᠪ ᠦᠭᠡᠢ ᠪᠠᠢᠳᠠᠯ ᠣᠷᠣᠭᠰᠠᠨ ᠪᠣᠯᠤᠯᠲᠠᠢ ᠮᠥᠩᠬᠡ ᠶ᠋ᠢ ᠳᠣᠬᠢᠨ᠂ —ᠲᠠ ᠨᠠᠷ ᠲᠤ᠌ ᠶᠠᠷᠢᠬᠤ ᠵᠦᠢᠯ ᠪᠣᠢ ᠪᠢᠵᠡ᠃ ᠮᠥᠩᠬᠡ ᠬᠣᠶᠠᠭᠤᠯᠠ ᠭᠠᠳᠠᠭᠰᠢ ᠭᠠᠷᠤᠭᠠᠳ ᠢᠷᠡᠶ᠎ᠡ ᠭᠡᠵᠦ ᠬᠡᠯᠡᠭᠡᠳ ᠮᠥᠩᠬᠡ ᠶ᠋ᠢ ᠳᠠᠭᠠᠭᠤᠯᠤᠨ ᠦᠷᠭᠦᠭᠡᠨ ᠡᠴᠡ ᠭᠠᠷᠴᠤ ᠶᠠᠪᠤᠯ᠎ᠠ᠃ ᠬᠥᠶᠦᠭ ᠦ᠋ᠨ ᠬᠤᠪᠢ ᠳ᠋ᠤ᠌ ᠰᠤᠷᠬᠠᠭᠲᠠᠨᠢ ᠶ᠋ᠢᠨ ᠡᠷᠡᠰ ᠰᠢᠯᠤᠭᠤᠨ ᠬᠡᠯᠡᠭᠰᠡᠨ ᠦᠭᠡ ᠬᠠᠲᠤᠳ ᠤ᠋ᠨ ᠳᠤᠮᠳᠠ ᠴᠠᠭᠠᠰᠢ ᠰᠠᠭᠤᠬᠤ ᠤᠳᠬ᠎ᠠ ᠦᠭᠡᠢ ᠪᠣᠯᠤᠭᠰᠠᠨ ᠲᠤᠯᠠ ᠦᠷᠭᠦᠭᠡᠨ ᠡᠴᠡ ᠭᠠᠷᠤᠭᠰᠠᠨ ᠳᠠᠷᠤᠢ ᠰᠠᠶᠢ ᠭᠦᠨᠵᠡᠭᠡᠢ ᠠᠮᠢᠰᠬᠤᠭ᠎ᠠ ᠠᠪᠤᠨ ᠲᠠᠢᠪᠤᠰᠢᠷᠠᠬᠤ ᠶ᠋ᠢ ᠬᠦᠰᠡᠪᠡ᠃ ᠲᠡᠷᠡ ᠬᠣᠶᠠᠷ ᠢ᠋ ᠭᠠᠷᠴᠤ ᠶᠠᠪᠤᠭᠰᠠᠨ ᠤ᠋ ᠳᠠᠷᠠᠭ᠎ᠠ ᠰᠤᠷᠬᠠᠭᠲᠠᠨᠢ ᠮᠥᠨᠥᠬᠢ ᠶᠠᠷᠢᠶ᠎ᠠ ᠶ᠋ᠢ ᠠᠬᠢᠨ ᠦᠷᠭᠦᠯᠵᠢᠯᠡᠭᠦᠯᠬᠦ ᠨᠢ ᠤᠤ ᠭᠡᠲᠡᠯ᠎ᠡ᠂ — ᠬᠠᠭᠠᠨ ᠤ᠋ ᠬᠠᠲᠤᠳ ᠠ᠋ᠴᠠ ᠬᠠᠷᠢᠨ ᠳᠦᠷᠭᠡᠨ᠎ᠡ ᠴᠢ ᠨᠠᠳᠠ ᠰᠢᠭ᠋ ᠣᠷᠣᠨ ᠬᠣᠲᠠ ᠳ᠋ᠤ᠌ ᠤᠳᠠᠭᠠᠨ ᠰᠠᠭᠤᠬᠤ ᠳᠤᠷ᠎ᠠ ᠦᠭᠡᠢ ᠣᠷᠳᠣᠨ ᠲᠣᠭᠣᠷᠢᠨ ᠨᠡᠭᠦᠳᠡᠯᠯᠡᠨ ᠶᠠᠪᠤᠳᠠᠭ ᠭᠡᠳᠡᠭ ᠢ᠋ ᠰᠣᠨᠣᠰᠤᠭᠠᠳ ᠪᠠᠬᠠᠳᠤᠵᠤ ᠰᠠᠭᠤᠯ᠎ᠠ ᠭᠡᠪᠡ᠃ ᠡᠮᠦᠨᠡᠬᠢ ᠶᠠᠷᠢᠶ᠎ᠠ ᠶ᠋ᠢ ᠳᠠᠬᠢᠨ ᠬᠥᠨᠳᠡᠭᠰᠡᠨ ᠦᠭᠡᠢ ᠳ᠋ᠦ᠍ ᠳᠦᠷᠭᠡᠨ᠎ᠡ ᠭᠠᠢᠬᠠᠭᠰᠠᠨ ᠦᠭᠡᠢ᠃ ᠬᠡᠯᠡᠬᠦ ᠭᠡᠰᠡᠨ ᠢ᠋ᠶ᠋ᠡᠨ ᠰᠢᠯᠤᠭᠤᠬᠠᠨ ᠬᠡᠯᠡᠴᠢᠬᠡᠳᠡᠭ ᠡᠨᠡ ᠬᠠᠲᠤᠨ ᠳᠡᠮᠡᠢ ᠴᠦ᠍ ᠨᠢᠭᠡ ᠠᠮᠠᠨ ᠳᠡᠭᠡᠷ᠎ᠡ ᠪᠡᠨ ᠭᠠᠷᠤᠭᠰᠠᠨ ᠢ᠋ ᠬᠡᠯᠡᠳᠡᠭ ᠬᠥᠮᠦᠨ ᠪᠢᠰᠢ᠂ ᠴᠠᠭᠠᠨ᠎ᠠ ᠪᠠᠨ ᠶᠠᠮᠠᠷ ᠨᠢᠭᠡᠨ ᠪᠣᠳᠣᠯ ᠠᠭᠤᠯᠵᠤ ᠬᠡᠯᠡᠳᠡᠭ᠃ ᠬᠡᠯᠡᠭᠰᠡᠨ ᠦᠭᠡ ᠨᠢ ᠣᠨᠢᠰᠣᠭ᠎ᠠ ᠳᠠᠭᠠᠬᠤ ᠲᠠᠢ ᠠᠳᠠᠯᠢ ᠶᠤᠮ᠃ ᠡᠨᠡ ᠤᠳᠠᠭ᠎ᠠ ᠳ᠋ᠤ᠌ ᠴᠣᠬᠣᠮ ᠶᠠᠮᠠᠷ ᠰᠠᠨᠠᠭ᠎ᠠ ᠲᠠᠢ ᠳᠡᠭᠡᠷᠡᠬᠢ ᠦᠭᠡ ᠶ᠋ᠢ ᠬᠡᠯᠡᠭᠰᠡᠨ ᠪᠣᠯᠬᠤ ᠶ᠋ᠢ ᠳᠦᠷᠭᠡᠨ᠎ᠡ ᠬᠠᠲᠤᠨ ᠤᠬᠠᠵᠤ ᠠᠮᠵᠢᠭ᠎ᠠ ᠦᠭᠡᠢ ᠲᠤᠯᠠ ᠰᠤᠷᠬᠠᠭᠲᠠᠨᠢ ᠶ᠋ᠢᠨ ᠠᠮᠠ ᠶ᠋ᠢ ᠳᠠᠭᠠᠭᠤᠯᠤᠨ᠂ — ᠪᠢᠳᠡ ᠪᠦᠭᠦᠳᠡᠭᠡᠷ ᠢ᠋ᠶ᠋ᠡᠨ ᠨᠡᠭᠦᠳᠡᠯᠴᠢᠨ ᠤᠯᠤᠰ᠂ ᠡᠴᠢᠭᠡ ᠡᠪᠦᠭᠡᠳ ᠮᠢᠨᠢ ᠴᠦ᠍ ᠲᠡᠢᠮᠦ ᠯᠡ ᠪᠠᠢᠭᠰᠠᠨ᠂ ᠶᠡᠬᠡᠰ ᠳᠡᠭᠡᠳᠦᠰ ᠦ᠋ᠨ ᠬᠡᠯᠡ ᠠᠮᠠᠨ ᠠ᠋ᠴᠠ ᠬᠠᠶᠠ ᠬᠠᠶᠠ ᠬᠣᠯᠠ ᠪᠠᠢᠮᠠᠷ ᠰᠠᠨᠠᠭᠳᠠᠬᠤ ᠶᠤᠮ ᠭᠡᠵᠦ ᠬᠡᠯᠡᠭᠡᠳ ᠨᠢᠭᠡ ᠶ᠋ᠢ ᠰᠠᠨᠠᠪᠠ ᠪᠣᠯᠤᠯᠲᠠᠢ ᠰᠤᠷᠬᠠᠭᠲᠠᠨᠢ ᠶ᠋ᠢ ᠨᠤᠬᠤᠴᠠᠲᠠᠢ ᠬᠠᠷᠠᠵᠤ᠂ — ᠣᠷᠳᠣᠨ ᠳᠣᠲᠣᠷ᠎ᠠ ᠣᠯᠠᠨ ᠬᠥᠮᠦᠨ ᠨᠢᠭᠡ ᠳᠣᠣᠷ᠎ᠠ ᠪᠠᠢᠬᠤ ᠨᠢ ᠬᠣᠪ ᠵᠢᠪ ᠲᠠᠰᠤᠷᠠᠬᠤ ᠦᠭᠡᠢ ᠳᠠᠭ᠎ᠠ ᠦᠭᠡᠢ ᠰᠠᠨᠠᠭᠳᠠᠳᠠᠭ ᠶᠤᠮ᠃ ᠪᠢ ᠴᠢᠮ᠎ᠠ ᠳ᠋ᠤ᠌ ᠨᠢᠭᠡ ᠵᠦᠢᠯ ᠰᠠᠨᠠᠭᠤᠯᠤᠨ ᠬᠡᠯᠡᠬᠦ ᠭᠡᠰᠡᠨ ᠶᠦᠮ᠃ ᠰᠡᠷᠡᠮᠵᠢ ᠲᠡᠢ ᠪᠠᠢ ᠭᠡᠵᠦ ᠨᠡᠮᠡᠵᠦ ᠬᠡᠯᠡᠪᠡ᠃ ᠰᠤᠷᠬᠠᠭᠲᠠᠨᠢ᠂ — ᠮᠥᠨ ᠳᠡ᠃ ᠳᠦᠷᠭᠡᠨ᠎ᠡ ᠬᠡᠵᠢᠶᠡᠨ ᠦ᠌ ᠡᠢᠮᠦ ᠯᠡ ᠬᠥᠮᠦᠨ ᠪᠠᠢᠭᠰᠠᠨ᠂ ᠬᠥᠬᠡ ᠲᠩᠷᠢ ᠶ᠋ᠢᠨ ᠳᠣᠣᠷ᠎ᠠ ᠴᠢ ᠪᠢᠳᠡ ᠬᠣᠶᠠᠷ ᠡᠨᠡ ᠠᠢᠯ ᠤ᠋ᠨ ᠪᠡᠷᠢ ᠪᠣᠯᠵᠤ ᠣᠷᠣᠵᠤ ᠢᠷᠡᠵᠦ ᠪᠠᠢᠭᠰᠠᠨ ᠴᠠᠭ ᠠ᠋ᠴᠠ ᠬᠣᠢᠰᠢ ᠣᠯᠠᠨ ᠠᠭᠤᠯᠵᠠᠵᠤ ᠴᠢᠳᠠᠬᠤ ᠦᠭᠡᠢ ᠴᠦ᠍ ᠪᠡᠶ᠎ᠡ ᠪᠡᠶ᠎ᠡ ᠪᠡᠨ ᠭᠡᠰᠡᠨ ᠨᠢᠭᠡᠨ ᠠᠳᠠᠯᠢ ᠰᠡᠳᠬᠢᠯ ᠡᠪᠦᠷᠯᠡᠨ ᠶᠠᠪᠤᠬᠤ ᠶᠤᠮ᠃ ᠶᠠᠭᠤ ᠪᠣᠯᠤᠭ᠎ᠠ ᠪᠣᠢ ᠭᠡᠬᠦ ᠳ᠋ᠦ᠍᠂ ᠳᠦᠷᠭᠡᠨ᠎ᠡ ᠬᠠᠶᠠᠭᠠᠨ ᠳ᠋ᠤ᠌ ᠰᠠᠭᠤᠭᠰᠠᠨ ᠹᠠᠲ᠋ᠢᠮᠠ ᠳ᠋ᠤ᠌ ᠡᠭᠦᠳᠡ ᠴᠢᠩᠨᠠᠵᠤ ᠪᠠᠢ ᠭᠡᠵᠦ ᠬᠡᠯᠡᠭᠡᠳ᠂ — ᠴᠠᠭ ᠥᠭᠡᠷ᠎ᠡ ᠪᠣᠯᠵᠤ ᠡᠨᠡ ᠬᠡᠴᠡᠭᠦᠦ ᠴᠠᠭ ᠲᠤ ᠢᠲᠡᠭᠡᠬᠦ ᠬᠥᠮᠦᠨ ᠬᠣᠪᠣᠷ ᠲᠤᠯᠠ ᠭᠡᠳ ᠬᠠᠶᠠᠭᠠᠨ ᠳ᠋ᠤ᠌ ᠰᠠᠭᠤᠵᠤ ᠪᠣᠢ ᠹᠠᠲ᠋ᠢᠮᠠ ᠶ᠋ᠢᠨ ᠵᠦᠭ ᠬᠠᠷᠠᠩᠭᠠᠨ᠄ —ᠰᠠᠷᠲᠠᠭᠤᠯ ᠠ᠋ᠴᠠ ᠣᠯᠵᠠᠨ ᠳ᠋ᠤ᠌ ᠢᠷᠡᠭᠰᠡᠨ ᠡᠨᠡ ᠡᠮᠡᠭᠲᠡᠢ ᠶ᠋ᠢ ᠪᠢ ᠥᠪᠡᠷ ᠦ᠋ᠨ ᠨᠢᠳᠦ ᠴᠢᠬᠢ ᠪᠣᠯᠭᠠᠵᠤ ᠳᠠᠭᠠᠭᠤᠯ ᠢ᠋ᠶ᠋ᠠᠷ ᠠᠪᠤᠭᠰᠠᠨ ᠶᠤᠮ᠃ ᠡᠨᠡ ᠬᠡᠦᠬᠡᠨ ᠳ᠋ᠦ᠍ ᠬᠠᠮᠢᠶᠠᠲᠠᠨ ᠰᠠᠳᠤᠨ᠂ ᠲᠦᠰᠢᠬᠦ ᠲᠤᠯᠬᠤ ᠬᠥᠮᠦᠨ ᠪᠠᠢᠬᠤ ᠦᠭᠡᠢ ᠲᠤᠯᠠ ᠨᠠᠮᠠᠶ᠋ᠢ ᠲᠦᠰᠢᠬᠦ ᠡᠴᠡ ᠥᠭᠡᠷ᠎ᠡ ᠠᠷᠭ᠎ᠠ ᠦᠭᠡᠢ᠃ ᠲᠡᠷᠡ ᠪᠢᠳᠡᠨ ᠦ᠌ ᠬᠡᠯᠡ ᠶ᠋ᠢ ᠭᠦᠢᠴᠡᠳ ᠰᠠᠢᠨ ᠮᠡᠳᠡᠬᠦ ᠦᠭᠡᠢ᠃ ᠮᠡᠳᠡᠬᠦ ᠦᠭᠡᠢ ᠪᠠᠢᠬᠤ ᠨᠢ ᠴᠦ᠍ ᠠᠮᠠᠷ ᠪᠢᠵᠡ ᠭᠡᠵᠦ ᠬᠡᠯᠡᠩᠭᠡᠨ ᠰᠤᠷᠬᠠᠭᠲᠠᠨᠢ ᠳ᠋ᠤ᠌ ᠣᠢᠷᠠᠲᠤᠨ ᠢᠷᠡᠵᠦ᠂ — ᠬᠠᠭᠠᠨ ᠤ᠋ ᠬᠠᠲᠤᠳ ᠥᠪᠡᠷ ᠵᠠᠭᠤᠷ᠎ᠠ ᠪᠠᠨ ᠲᠡᠮᠡᠴᠡᠯᠳᠦᠬᠦ ᠨᠢ ᠶᠡᠬᠡ ᠪᠣᠯᠤᠯ᠎ᠠ᠃ ᠲᠤᠰ ᠪᠦᠷᠢ ᠳ᠋ᠡᠭᠡᠨ ᠥᠪᠡᠷ ᠥᠪᠡᠷ ᠦ᠋ᠨ ᠬᠥᠪᠡᠭᠦᠳ ᠲᠦ᠍ ᠭᠠᠵᠠᠷ ᠣᠷᠣᠨ᠂ ᠠᠷᠠᠳ ᠢᠷᠭᠡᠳ ᠲᠠᠰᠤᠳᠠᠨ ᠥᠭᠬᠦ ᠭᠡᠵᠦ ᠠᠳᠬᠠᠬᠤ ᠨᠢ ᠶᠡᠬᠡᠰᠴᠦ ᠪᠠᠢᠨ᠎ᠠ᠃ ᠲᠡᠢᠮᠦ ᠡᠴᠡ ᠪᠢ ᠴᠢᠮᠠᠶ᠋ᠢ ᠰᠡᠷᠡᠮᠵᠢ ᠲᠡᠢ ᠪᠠᠢ ᠭᠡᠮᠡᠨ ᠬᠡᠯᠡᠵᠦ ᠪᠠᠢᠭ᠎ᠠ ᠶᠤᠮ᠃ ᠶᠡᠬᠡ ᠡᠵᠡᠨ ᠬᠠᠭᠠᠨ ᠤ᠋ ᠭᠡᠷ ᠥᠷᠭᠥᠭᠡ ᠨᠤᠲᠤᠭᠯᠠᠵᠤ ᠪᠠᠢᠭᠰᠠᠨ ᠦᠷᠡᠵᠢᠯ ᠰᠢᠮ᠎ᠡ ᠲᠡᠢ ᠭᠠᠵᠠᠷ ᠢᠷᠭᠡᠳ ᠢ᠋ ᠬᠠᠭᠠᠨ ᠤ᠋ ᠶᠡᠬᠡ ᠬᠠᠲᠤᠳ ᠥᠪᠡᠷ ᠦ᠋ᠨ ᠬᠥᠪᠡᠭᠦᠳ ᠲᠡᠭᠡᠨ ᠠᠪᠬᠤ ᠭᠡᠵᠦ ᠬᠠᠭᠠᠨ ᠡᠵᠡᠨ ᠢ᠋ ᠰᠢᠮᠳᠠᠭᠤᠯᠤᠨ ᠪᠠᠢᠨ᠎ᠠ ᠭᠡᠬᠦ ᠳ᠋ᠦ᠍ ᠰᠤᠷᠬᠠᠭᠲᠠᠨᠢ ᠶ᠋ᠢᠨ ᠴᠢᠷᠠᠢ ᠳ᠋ᠤ᠌ ᠲᠣᠳᠣᠷᠠᠵᠤ ᠪᠠᠢᠭᠰᠠᠨ ᠭᠠᠢᠬᠠᠰᠢ ᠲᠡᠭᠡᠭᠡᠭᠰᠡᠨ ᠬᠦᠯᠢᠶᠡᠯᠲᠡ ᠢᠨᠢᠶᠡᠮᠰᠦᠭᠯᠡᠯ ᠢ᠋ᠶ᠋ᠡᠷ ᠰᠣᠯᠢᠭᠳᠠᠵᠤ᠄ — ᠲᠩᠷᠢ ᠪᠣᠯᠤᠭᠰᠠᠨ ᠨᠥᠬᠥᠷ ᠮᠢᠨᠢ ᠠᠮᠢᠳᠤ ᠰᠡᠷᠡᠭᠦᠨ ᠠᠬᠤᠢ ᠳ᠋ᠠᠭᠠᠨ ᠥᠪᠡᠷ ᠦ᠋ᠨ ᠭᠠᠵᠠᠷ ᠨᠤᠲᠤᠭ ᠢ᠋ᠶ᠋ᠠᠨ ᠬᠠᠭᠠᠨ ᠡᠵᠡᠨ ᠳ᠋ᠦ᠍ ᠪᠠᠷᠢᠭᠰᠠᠨ ᠰᠢᠦ ᠳᠡ᠂ ᠬᠠᠷᠢᠨ ᠪᠢ ᠦᠯᠡᠳᠡᠭᠰᠡᠨ ᠬᠡᠰᠡᠭ ᠢ᠋ ᠬᠠᠭᠠᠨ ᠥᠪᠡᠷ ᠦ᠋ᠨ ᠵᠠᠷᠯᠢᠭ ᠢ᠋ᠶ᠋ᠠᠷ ᠲᠠᠯᠢᠢᠭᠴᠢ ᠡᠷ᠎ᠡ ᠨᠥᠬᠥᠷ ᠡᠴᠡ ᠮᠢᠨᠢ ᠬᠣᠢᠰᠢ ᠲᠣᠮᠣ ᠬᠦᠦ ᠮᠥᠩᠬᠡ ᠳ᠋ᠦ᠍ᠨᠢ ᠥᠪᠯᠡᠭᠦᠯᠦᠨ ᠥᠭᠭᠦᠭᠰᠡᠨ ᠲᠤᠯᠠ ᠰᠠᠨᠠᠭ᠎ᠠ ᠠᠮᠤᠷ ᠪᠠᠢᠵᠤ ᠪᠣᠯᠤᠨ᠎ᠠ᠃ — ᠳᠦᠷᠭᠡᠨ᠎ᠡ ᠡᠭᠦᠳᠡᠨ ᠳ᠋ᠦ᠍ ᠰᠠᠭᠤᠭ᠎ᠠ ᠹᠠᠲ᠋ᠢᠮᠠ ᠶ᠋ᠢ ᠳᠠᠬᠢᠨ ᠬᠠᠷᠠᠭᠰᠠᠨ ᠢ᠋ᠶ᠋ᠠᠨ᠂ — ᠰᠠᠶᠢᠬᠠᠨ ᠪᠣᠯᠤᠭᠰᠠᠨ ᠣᠢᠷᠠᠳ ᠤ᠋ᠨ ᠬᠡᠷᠡᠭ ᠢ᠋ ᠰᠠᠨᠠᠵᠤ ᠪᠠᠢᠨ᠎ᠠ ᠤᠤ᠂ ᠬᠠᠭᠠᠨ ᠡᠵᠡᠨ ᠴᠠᠴᠠᠢᠭᠡᠨ ᠦ᠌ ᠭᠠᠵᠠᠷ ᠨᠤᠲᠤᠭ ᠢ᠋ ᠥᠪᠡᠷ ᠦ᠋ᠨ ᠪᠣᠯᠭᠠᠭᠰᠠᠨ᠃ ᠴᠢᠩᠭᠢᠰ ᠬᠠᠭᠠᠨ ᠤ᠋ ᠶᠡᠬᠡ ᠬᠠᠲᠤᠳ ᠤ᠋ᠨ ᠮᠠᠲᠠᠯ ᠳ᠋ᠤ᠌ ᠪᠠᠢᠭᠰᠠᠨ ᠨᠤᠲᠤᠭ ᠤᠰᠤ ᠣᠳᠣ ᠥᠭᠡᠳᠡᠢ ᠬᠠᠭᠠᠨ ᠡᠵᠡᠨ ᠦ᠌ ᠶᠡᠬᠡ ᠬᠠᠲᠤᠳ ᠤ᠋ᠨ ᠦᠷ᠎ᠡ ᠬᠡᠦᠬᠡᠳ ᠦ᠋ᠨ ᠮᠠᠲᠠᠯ ᠳ᠋ᠤ᠌ ᠠᠯᠭᠤᠷ ᠢ᠋ᠶ᠋ᠠᠷ ᠰᠢᠯᠵᠢᠵᠦ ᠪᠠᠢᠨ᠎ᠠ ᠭᠡᠪᠡ᠃ ᠰᠤᠷᠬᠠᠭᠲᠠᠨᠢ ᠳᠦᠷᠭᠡᠨ᠎ᠡ ᠬᠠᠲᠤᠨ ᠤ᠋ ᠶᠠᠷᠢᠵᠤ ᠪᠣᠢ ᠵᠦᠢᠯ ᠳ᠋ᠦ᠍ ᠰᠡᠳᠬᠢᠯ ᠡᠮᠲᠡᠷᠡᠨ ᠪᠠᠢᠭ᠎ᠠ ᠪᠣᠯᠪᠠᠴᠤ᠂ — ᠬᠠᠭᠠᠨ ᠡᠵᠡᠨ ᠵᠠᠷᠯᠢᠭ ᠪᠠᠭᠤᠯᠭᠠᠪᠠᠯ ᠪᠢ ᠶᠠᠭᠠᠬᠢᠯᠲᠠᠢ᠂ ᠭᠡᠪᠡᠴᠦ ᠭᠠᠯ ᠭᠣᠯᠣᠮᠲᠠ ᠪᠠᠨ ᠰᠠᠬᠢᠭᠰᠠᠨ ᠬᠥᠮᠦᠨ ᠦ᠌ ᠶᠣᠰᠣ ᠪᠠᠷ ᠰᠡᠷᠡᠮᠵᠢ ᠲᠡᠢ ᠪᠠᠢᠵᠤ ᠦᠭᠡ ᠶ᠋ᠢ ᠴᠢᠨᠢ ᠰᠠᠨᠠᠵᠤ ᠶᠠᠪᠤᠶ᠎ᠠ ᠭᠡᠪᠡ᠃ ᠲᠡᠷᠡ ᠳᠦᠷᠭᠡᠨ᠎ᠡ ᠬᠠᠲᠤᠨ ᠤ᠋ ᠵᠦᠭ ᠳᠣᠲᠣᠨᠣ ᠨᠢᠳᠦ ᠪᠡᠷ ᠬᠠᠷᠠᠵᠤ ᠰᠠᠭᠤᠯ᠎ᠠ᠃ ᠳᠦᠷᠭᠡᠨ᠎ᠠ ᠬᠠᠲᠤᠨ ᠬᠡᠯᠡᠬᠦ ᠵᠦᠢᠯ ᠢ᠋ᠶ᠋ᠡᠨ ᠳᠠᠭᠤᠰᠤᠭᠰᠠᠨ ᠪᠣᠯᠤᠯᠲᠠᠢ ᠹᠠᠲ᠋ᠢᠮᠠ ᠶ᠋ᠢ ᠳᠠᠭᠠᠭᠤᠯᠤᠨ ᠦᠷᠭᠦᠭᠡᠨ ᠡᠴᠡ ᠭᠠᠷᠴᠤ ᠶᠠᠪᠤᠯ᠎ᠠ᠃ ᠬᠠᠷᠢᠨ ᠲᠡᠳᠡᠨ ᠢ᠋ ᠭᠠᠷᠤᠭᠰᠠᠨ ᠤ᠋ ᠳᠠᠷᠠᠭ᠎ᠠ ᠰᠤᠷᠬᠠᠭᠲᠠᠨᠢ《ᠳᠥᠷᠭᠡᠨ᠎ᠡ ᠬᠠᠲᠤᠨ ᠨᠠᠳᠠ ᠳ᠋ᠤ᠌ ᠰᠠᠨᠠᠭᠤᠯᠭ᠎ᠠ ᠬᠡᠯᠡᠬᠦ ᠪᠡᠷ ᠣᠷᠣᠵᠤ ᠢᠷᠡᠬᠦ ᠳ᠋ᠡᠭᠡᠨ ᠭᠦᠶᠦᠭ ᠢ᠋ ᠳᠠᠭᠠᠭᠤᠯᠤᠨ ᠢᠷᠡᠭᠰᠡᠨ ᠨᠢ ᠶᠠᠮᠠᠷ ᠤᠴᠢᠷ ᠲᠠᠢ ᠪᠠᠢᠬᠤ ᠪᠣᠢ? ᠬᠡᠷᠪᠡ ᠪᠢ ᠬᠥᠶᠦᠭ ᠲᠡᠢ ᠭᠡᠷᠯᠡᠭᠰᠡᠨ ᠪᠣᠯ ᠪᠢᠳᠡᠨ ᠦ᠌ ᠡᠵᠡᠮᠰᠢᠯ ᠪᠦᠬᠦᠯᠢ ᠳ᠋ᠡᠭᠡᠨ ᠬᠠᠭᠠᠨ ᠤ᠋ ᠮᠠᠲᠠᠯ ᠳ᠋ᠤ᠌ ᠣᠴᠢᠵᠤ᠂ ᠨᠢᠭᠡᠨ ᠠᠢᠯ ᠤ᠋ᠨ ᠪᠡᠷᠢ ᠪᠣᠯᠵᠤ ᠬᠠᠮᠲᠤ ᠰᠢᠬᠠᠮ ᠣᠷᠣᠵᠤ ᠢᠷᠡᠭᠰᠡᠨ ᠳᠥᠷᠭᠡᠨ᠎ᠡ ᠪᠢᠳᠡ ᠬᠣᠶᠠᠷ ᠤ᠋ᠨ ᠳᠤᠮᠳᠠ ᠣᠭᠲᠣ ᠥᠭᠡᠷ᠎ᠡ ᠬᠠᠷᠢᠯᠴᠠᠭ᠎ᠠ ᠡᠭᠦᠰᠬᠡᠬᠦ ᠪᠠᠢᠯ᠎ᠠ᠃ ᠮᠡᠳᠡᠭᠡᠵᠢ ᠳᠦᠷᠭᠡᠨ᠎ᠡ ᠶ᠋ᠢᠨ ᠡᠷᠬᠡ ᠮᠠᠲᠠᠯ ᠬᠡᠮᠵᠢᠶᠡᠯᠡᠰᠢ ᠦᠭᠡᠢ ᠶᠡᠬᠡ ᠪᠣᠯᠤᠨ᠎ᠠ᠁ ᠥᠭᠡᠳᠡᠢ ᠬᠠᠭᠠᠨ ᠡᠵᠡᠨ ᠦ᠌ ᠨᠠᠮᠠᠶ᠋ᠢ ᠭᠦᠶᠦᠭ ᠲᠡᠢ ᠭᠡᠷᠯᠡᠭᠦᠯᠦᠶ᠎ᠡ ᠭᠡᠰᠡᠨ ᠰᠠᠨᠠᠭ᠎ᠠ ᠠᠷᠠᠢ ᠳᠥᠷᠭᠢᠨ᠎ᠡ ᠬᠠᠲᠤᠨ ᠤ᠋ ᠬᠢ ᠪᠠᠢᠭᠰᠠᠨ ᠶᠤᠮ ᠪᠢᠰᠢ ᠪᠢᠵᠡ》 ᠭᠡᠵᠦ ᠪᠣᠳᠣᠭᠳᠠᠭᠠᠳ ᠠᠷᠠᠢ ᠴᠤ᠌ ᠦᠭᠡᠢ ᠪᠢᠵᠡ ᠭᠡᠮᠡᠨ ᠲᠠᠢᠪᠤᠰᠢᠷᠠᠯ᠎ᠠ᠃ ᠥᠭᠡᠳᠡᠢ ᠬᠠᠭᠠᠨ ᠤ᠋ ᠦᠶ᠎ᠡ ᠳ᠋ᠦ᠍ ᠡᠵᠡᠨᠲᠦ ᠭᠦᠷᠦᠨ ᠦ᠌ ᠭᠠᠵᠠᠷ ᠨᠤᠲᠤᠭ ᠤᠷᠢᠳ ᠡᠮᠦᠨᠡᠬᠢ ᠡᠴᠡ ᠢᠯᠡᠭᠦᠦ ᠲᠡᠯᠡᠵᠦ ᠪᠠᠢᠭ᠎ᠠ ᠴᠤ᠌ ᠬᠠᠭᠠᠨ ᠥᠪᠡᠷ ᠦ᠋ᠨ ᠦᠷ᠎ᠡ ᠬᠡᠦᠬᠡᠳ ᠦ᠋ᠳ ᠲᠡᠭᠡᠨ ᠠᠯᠲᠠᠨ ᠤᠷᠤᠭ ᠤ᠋ᠨ ᠬᠢᠨ ᠪᠣᠯᠤᠨ ᠴᠢᠩᠭᠢᠰ ᠬᠠᠭᠠᠨ ᠤ᠋ ᠬᠠᠲᠤᠳ ᠤ᠋ᠨ ᠭᠠᠵᠠᠷ ᠨᠤᠲᠤᠭ ᠠ᠋ᠴᠠ ᠥᠮᠴᠢ ᠪᠣᠯᠭᠠᠨ ᠲᠠᠰᠤᠳᠠᠨ ᠥᠭᠭᠦᠭᠰᠡᠭᠡᠷ ᠪᠠᠢᠪᠠ᠃ ᠡᠵᠡᠨ ᠴᠢᠩᠭᠢᠰ ᠬᠠᠭᠠᠨ ᠤ᠋ ᠴᠤᠭᠯᠠᠭᠤᠯᠤᠭᠰᠠᠨ ᠶᠡᠬᠡ ᠮᠣᠩᠭᠣᠯ ᠤᠯᠤᠰ ᠴᠠᠭ ᠬᠤᠭᠤᠴᠠᠭ᠎ᠠ ᠥᠩᠭᠡᠷᠡᠬᠦ ᠲᠣᠰᠤᠮ ᠲᠡᠭᠦᠨ  ᠦ᠌ ᠬᠥᠪᠡᠭᠦᠳ᠂ ᠦᠷ᠎ᠡ ᠠᠴᠢ ᠶ᠋ᠢᠨ ᠬᠠᠷᠢᠶᠠᠯᠠᠯ ᠳ᠋ᠤ᠌ ᠪᠠᠭᠲᠠᠨ ᠬᠤᠪᠢᠶᠠᠭᠳᠠᠵᠤ᠂ ᠲᠡᠳᠡᠨ ᠦ᠌ ᠦᠷ᠎ᠡ ᠬᠡᠦᠬᠡᠳ ᠦ᠋ᠳ ᠬᠣᠷᠸ᠎ᠠ ᠶ᠋ᠢᠨ ᠡᠯᠢᠭᠡᠨ ᠳᠡᠭᠡᠷ᠎ᠡ ᠰᠢᠨ᠎ᠡ ᠪᠡᠷ ᠮᠡᠨᠳᠦᠯᠡᠵᠦ᠂ ᠤᠷᠤᠭ ᠤᠳᠤᠮ ᠥᠷᠭᠡᠵᠢᠨ ᠲᠡᠯᠡᠬᠦ ᠶ᠋ᠢᠨ ᠬᠢᠷᠢ ᠪᠡᠷ ᠥᠩᠭᠡᠷᠡᠭᠰᠡᠨ ᠪᠦᠬᠦᠨ ᠲᠡᠦᠬᠡ ᠪᠣᠯᠤᠨ ᠦᠯᠡᠳᠡᠵᠦ᠂ ᠡᠪᠦᠭᠡ ᠡᠴᠢᠭᠡ ᠶ᠋ᠢᠨ ᠢ᠋ᠶ᠋ᠡᠨ ᠴᠤᠭᠯᠠᠭᠤᠯᠤᠭᠰᠠᠨ ᠤᠯᠤᠰ ᠢ᠋ ᠥᠪᠡᠷ ᠬᠣᠭᠣᠷᠣᠨᠳᠣ ᠪᠠᠨ ᠪᠤᠯᠢᠶᠠᠯᠳᠤᠨ ᠪᠣᠢ ᠮᠡᠲᠦ ᠬᠠᠴᠢᠨ ᠳᠦᠷᠢ ᠵᠢᠷᠤᠭ᠂ ᠦᠨᠡᠨ ᠬᠤᠪᠢ ᠲᠠᠪᠢᠯᠠᠩ᠂ ᠬᠡᠵᠢᠶ᠎ᠡ ᠮᠥᠳᠳᠥ ᠦᠭᠡᠢ ᠣᠷᠣᠬᠤ ᠨᠢ ᠲᠣᠳᠣᠷᠬᠠᠢ ᠪᠣᠷᠣᠭᠠᠨ ᠤ᠋ ᠡᠭᠦᠯᠡ ᠰᠢᠭ ᠪᠠᠷᠠᠭᠠᠨᠳᠠᠨ ᠬᠠᠷᠠᠭᠳᠠᠬᠤ ᠰᠢᠭ᠋ ᠪᠣᠯᠬᠤ ᠳ᠋ᠤ᠌ ᠮᠥᠩᠬᠡ ᠲᠩᠷᠢ ᠳ᠋ᠡᠭᠡᠨ ᠵᠠᠯᠪᠠᠷᠢᠪᠠ᠃ ᠳᠦᠷᠭᠡᠨ᠎ᠠ ᠬᠠᠲᠤᠨ ᠤ᠋ ᠬᠡᠯᠡᠭᠰᠡᠨ ᠦᠭᠡᠰ ᠪᠦᠭᠦᠳᠡ ᠦᠨᠡᠨ᠂ ᠰᠤᠷᠬᠠᠭᠲᠠᠨᠢ ᠳ᠋ᠤ᠌ ᠢᠮᠠᠭᠲᠠ ᠦᠨᠡᠨ ᠢ᠋ ᠳᠣᠭᠣᠯᠭᠠᠵᠤ᠂ ᠬᠡᠯᠡ ᠴᠢᠮᠡᠭᠡ ᠶ᠋ᠢ ᠪᠤᠰᠤᠳ ᠠ᠋ᠴᠠ ᠤᠷᠢᠲᠠᠨ ᠥᠭᠳᠡᠭ ᠳᠦᠷᠭᠡᠨ᠎ᠡ ᠬᠠᠲᠤᠨ ᠲᠡᠷᠡ ᠵᠢᠯ ᠰᠣᠷᠬᠠᠭᠳᠠᠨᠢ ᠶ᠋ᠢ ᠡᠰᠢ ᠬᠠᠲᠤᠨ ᠪᠣᠯᠭᠠᠨ ᠲᠣᠳᠣᠷᠠᠭᠤᠯᠬᠤ ᠳ᠋ᠤ᠌ ᠮᠦᠬᠡ ᠬᠠᠲᠤᠨ ᠢ᠋ ᠲᠤᠷᠰᠢᠨ ᠦᠵᠡᠶ᠎ᠡ ᠭᠡᠰᠡᠨ ᠢ᠋ ᠠᠩᠬ᠎ᠠ ᠲᠦᠷᠦᠭᠦᠨ ᠰᠣᠨᠣᠰᠬᠠᠵᠤ ᠪᠠᠢᠭᠰᠠᠨ᠃ ᠮᠥᠩᠬᠡ ᠲᠩᠷᠢ ᠶ᠋ᠢᠨ ᠠᠪᠤᠷᠠᠯ ᠢ᠋ᠶ᠋ᠠᠷ ᠤᠤ? ᠮᠥᠨᠥᠬᠢ ᠪᠣᠳᠢ ᠰᠡᠳᠬᠢᠯ ᠦ᠋ᠨ ᠬᠦᠴᠦ ᠪᠡᠷ ᠤᠤ? ᠠᠢᠳᠠᠰ ᠲᠦᠭᠰᠢᠭᠦᠷᠢ ᠠᠷᠤ ᠳ᠋ᠤ᠌ ᠬᠣᠴᠣᠷᠤᠨ ᠦᠯᠡᠳᠡᠵᠦ ᠪᠠᠢᠭᠰᠠᠨ ᠲᠡᠷᠡ ᠵᠢᠯ ᠦ᠋ᠨ ᠶᠠᠪᠤᠳᠠᠯ ᠨᠢᠳᠦᠨ ᠦ᠌ ᠡᠮᠦᠨ᠎ᠡ ᠵᠤᠷᠠᠢᠨ ᠬᠠᠷᠠᠭᠳᠠᠨ᠎ᠠ᠃ ᠶᠠᠭ ᠦᠨᠡᠨ ᠳ᠋ᠡᠭᠡᠨ ᠰᠣᠷᠬᠠᠭᠳᠠᠨᠢ ᠳ᠋ᠤ᠌ ᠲᠡᠢᠮᠦ ᠪᠣᠳᠢ ᠰᠡᠳᠬᠢᠯ ᠪᠠᠢᠬᠤ ᠠᠪᠠᠰᠤ ᠬᠠᠭᠠᠨ ᠡᠵᠡᠨ ᠥᠭᠡᠳᠡᠢ ᠶ᠋ᠢ ᠡᠪᠡᠳᠦᠨ ᠠᠯᠵᠢᠶᠠᠵᠤ ᠪᠠᠢᠬᠤ ᠳ᠋ᠤ᠌ ᠡᠷ᠎ᠡ ᠨᠥᠬᠥᠷ ᠨᠢ ᠵᠣᠯᠢᠶ᠎ᠠ ᠪᠣᠯᠤᠨ ᠣᠳᠬᠤ ᠤᠴᠢᠷ ᠦᠭᠡᠢ ᠰᠠᠨ᠃ ᠭᠡᠪᠡᠴᠦ ᠮᠥᠩᠬᠡ ᠲᠩᠷᠢ ᠲᠡᠭᠡᠵᠦ ᠳᠠᠭᠠᠯᠠᠭᠰᠠᠨ ᠲᠤᠯᠠ ᠲᠩᠷᠢ ᠶ᠋ᠢᠨ ᠬᠦᠴᠦ ᠭᠠᠵᠠᠷ ᠤ᠋ᠨ ᠬᠠᠤᠯᠢ ᠶ᠋ᠢᠨ ᠡᠮᠦᠨ᠎ᠡ ᠪᠣᠳᠢ ᠰᠡᠳᠬᠢᠯ ᠦ᠋ᠨ ᠬᠦᠴᠦ ᠳᠤᠲᠠᠨ ᠪᠠᠢᠭᠰᠠᠨ ᠪᠢᠵᠡ᠃ ᠮᠥᠩᠬᠡ ᠬᠦᠦ ᠨᠢ ᠠᠯᠲᠠᠨ ᠤᠯᠤᠰ ᠠ᠋ᠴᠠ ᠢᠷᠡᠭᠰᠡᠨ ᠳᠠᠷᠤᠢ ᠳ᠋ᠠᠭᠠᠨ《ᠡᠴᠢᠭᠡ ᠮᠢᠨᠢ ᠬᠠᠭᠠᠨ ᠰᠠᠭᠤᠷᠢᠨ ᠳ᠋ᠤ᠌ ᠰᠠᠭᠤᠵᠤ ᠶᠡᠬᠡ ᠶᠣᠰᠣ ᠶ᠋ᠢ ᠦᠢᠯᠡᠳᠦᠭᠦᠯᠦᠭᠰᠡᠨ ᠦ᠌ ᠳᠠᠷᠠᠭ᠎ᠠ᠂ ᠬᠠᠭᠠᠨ ᠠᠬ᠎ᠠ ᠶ᠋ᠢᠨ ᠡᠮᠦᠨ᠎ᠡ ᠡᠴᠡ ᠵᠣᠯᠢᠶ᠎ᠠ ᠪᠣᠯᠤᠨ ᠣᠳᠤᠭᠰᠠᠨ》ᠭᠡᠬᠦ ᠬᠠᠴᠢᠨ ᠵᠢᠭᠲᠡᠢ ᠶᠠᠭᠤᠮ᠎ᠠ ᠶᠠᠷᠢᠭᠰᠠᠨ ᠢ᠋ᠶ᠋ᠠᠨ《ᠮᠢᠨᠦ ᠡᠴᠢᠭᠡ ᠬᠠᠭᠠᠨ ᠪᠠᠢᠵᠠᠢ》 ᠭᠡᠵᠦ ᠨᠡᠮᠡᠵᠦ ᠬᠡᠯᠡᠵᠦ ᠪᠠᠢᠭᠰᠠᠨ ᠨᠢ ᠰᠠᠨᠠᠭᠳᠠᠨ᠎ᠠ᠃《ᠭᠣᠯᠣᠮᠲᠠ ᠵᠠᠯᠭᠠᠬᠤ ᠤᠳᠬᠤᠨ ᠬᠦᠦ ᠲᠤᠯᠤᠢ ᠦᠨᠡᠬᠡᠷ ᠮᠥᠩᠬᠡ ᠲᠩᠷᠢ ᠶ᠋ᠢᠨ ᠳᠣᠣᠷ᠎ᠠ ᠬᠠᠭᠠᠨ ᠪᠣᠯᠬᠤ ᠬᠤᠪᠢ ᠲᠠᠢ ᠲᠥᠷᠥᠭᠰᠡᠨ ᠴᠤ᠌ ᠬᠠᠭᠠᠨ ᠰᠢᠷᠡᠭᠡᠨ ᠳ᠋ᠦ᠍ ᠰᠠᠭᠤᠨ ᠬᠠᠮᠤᠭ ᠢ᠋ ᠵᠠᠬᠢᠷᠬᠤ ᠪᠤᠰᠤ᠂ ᠬᠠᠯᠠᠭᠤᠨ ᠠᠮᠢ ᠪᠠᠨ ᠵᠣᠯᠢᠬᠤ ᠤᠴᠢᠷ ᠲᠠᠢ ᠪᠠᠢᠵᠠᠢ》 ᠭᠡᠮᠡᠨ ᠪᠣᠳᠣᠬᠤ ᠳ᠋ᠤ᠌ ᠰᠡᠳᠬᠢᠯ ᠰᠢᠮᠰᠢᠷᠡᠬᠦ ᠰᠢᠭ ᠪᠣᠯᠤᠨ᠎ᠠ᠃ * ᠬᠠᠲᠤᠳ ᠤ᠋ᠨ ᠦᠷᠭᠦᠭᠡᠨ ᠡᠴᠡ ᠭᠠᠷᠤᠭᠰᠠᠨ ᠮᠥᠩᠬᠡ᠂ ᠭᠦᠶᠦᠭ ᠬᠣᠶᠠᠷ ᠣᠯᠠᠨ ᠴᠤᠭᠯᠠᠭᠰᠠᠨ ᠬᠠᠷᠠᠬᠣᠷᠣᠮ ᠤ᠋ᠨ ᠳᠤᠮᠳᠠᠭᠤᠷ ᠠᠯᠬᠤᠵᠤ ᠶᠠᠪᠤᠯ᠎ᠠ᠃ ᠲᠡᠳᠡᠨ ᠦ᠌ ᠠᠷᠤ ᠠ᠋ᠴᠠ ᠥᠪᠡᠷ ᠥᠪᠡᠷ ᠦ᠋ᠨ ᠬᠡᠪᠲᠡᠭᠦᠯ ᠦ᠋ᠳ ᠳᠠᠭᠠᠯᠳᠤᠨ ᠶᠠᠪᠤᠭ᠎ᠠ ᠬᠠᠷᠠᠭᠳᠠᠨ᠎ᠠ᠃ ᠣᠯᠠᠨ ᠬᠥᠯᠬᠢᠭᠰᠡᠨ ᠡᠨᠡ ᠭᠠᠵᠠᠷ ᠤ᠋ᠨ ᠳᠤᠮᠳᠠᠭᠤᠷ ᠠᠯᠲᠠᠨ ᠤᠷᠤᠭ ᠤ᠋ᠨ ᠡᠷᠬᠢᠮ ᠳᠡᠭᠡᠳᠦ ᠠᠯᠬᠤᠨ ᠶᠠᠪᠤᠵᠤ ᠪᠠᠢᠭ᠎ᠠ ᠲᠤᠯᠠ ᠬᠡᠪᠲᠡᠭᠦᠯ ᠦ᠋ᠳ ᠦ᠋ᠨ ᠵᠠᠷᠢᠮ ᠬᠡᠰᠡᠭ ᠡᠮᠦᠨ᠎ᠡ ᠨᠢ ᠭᠠᠷᠴᠤ ᠵᠠᠮ ᠲᠠᠯᠪᠢᠨ᠂ ᠵᠠᠷᠢᠮ ᠨᠢ ᠠᠷᠤ ᠠ᠋ᠴᠠ ᠨᠢ ᠬᠠᠮᠠᠭᠠᠯᠠᠵᠤ ᠶᠠᠪᠤᠨ᠎ᠠ᠃ ᠬᠣᠶᠠᠷ ᠵᠠᠯᠠᠭᠤ ᠬᠡᠰᠡᠭ ᠶᠠᠪᠤᠭᠠᠳ ᠨᠢᠭᠡᠨ ᠶᠡᠬᠡ ᠦᠷᠭᠦᠭᠡᠨ ᠦ᠌ ᠭᠠᠳᠠᠭ᠎ᠠ ᠣᠴᠢᠵᠤ ᠵᠣᠭᠰᠣᠯ᠎ᠠ᠃ ᠬᠥᠶᠦᠭ ᠰᠠᠶᠢ ᠠᠮᠠ ᠨᠡᠭᠡᠭᠡᠵᠦ᠄ — ᠬᠠᠭᠠᠨ ᠠᠪᠤ ᠠᠰᠠᠷᠠᠬᠤᠢ ᠶ᠋ᠢᠨ ᠶᠣᠰᠣ ᠶ᠋ᠢ ᠳᠠᠭᠠᠨ ᠬᠠᠲᠤᠨ ᠡᠬᠡ ᠶ᠋ᠢ ᠲᠠᠨᠢ ᠨᠠᠳᠠ ᠲᠠᠢ ᠭᠡᠷᠯᠡᠭᠦᠯᠬᠦ ᠭᠡᠵᠦ ᠪᠠᠢᠭ᠎ᠠ ᠶ᠋ᠢ ᠳᠤᠭᠤᠯᠤᠭᠠᠳ ᠬᠡᠷᠬᠢᠬᠦ ᠪᠡᠨ ᠮᠡᠳᠡᠬᠦ ᠦᠭᠡᠢ ᠰᠠᠨᠳᠤᠷᠴᠤ ᠪᠠᠢᠯ᠎ᠠ᠃ ᠬᠥᠶᠦᠭ ᠡᠢᠨ ᠬᠡᠯᠡᠭᠡᠳ ᠭᠦᠨᠵᠡᠭᠡᠢ ᠰᠠᠨᠠᠭ᠎ᠠ ᠠᠯᠲᠠᠨ ᠠᠮᠢᠰᠬᠤᠭ᠎ᠠ ᠠᠪᠴᠤ᠄ — ᠬᠠᠷᠢᠨ ᠬᠠᠲᠤᠨ ᠡᠬᠡ ᠲᠠᠨᠢ ᠡᠨᠡ ᠰᠢᠢᠳᠪᠦᠷᠢ ᠡᠴᠡ ᠤᠬᠠᠭᠠᠯᠢᠭ ᠢ᠋ᠶ᠋ᠠᠷ ᠲᠠᠲᠠᠭᠠᠯᠵᠠᠨ ᠭᠠᠷᠴᠤ ᠴᠢᠳᠠᠯ᠎ᠠ᠃ ᠬᠠᠭᠠᠨ ᠤ᠋ ᠡᠨᠡ ᠰᠢᠢᠳᠪᠦᠷᠢ ᠭᠡᠨᠡᠳᠲᠡ ᠶ᠋ᠢᠨ ᠪᠠᠢᠭᠰᠠᠨ ᠲᠤᠯᠠ ᠪᠢᠳᠡᠨ ᠦ᠌ ᠬᠡᠨ ᠬᠡᠨ ᠨᠢ ᠤᠷᠢᠳᠴᠢᠯᠠᠵᠤ ᠮᠡᠳᠡᠭᠰᠡᠨ ᠦᠭᠡᠢ᠃ ᠮᠥᠩᠬᠡ ᠭᠦᠶᠦᠭ ᠦ᠋ᠨ ᠶᠠᠷᠢᠶᠠᠨ ᠠ᠋ᠴᠠ ᠲᠡᠷᠡ ᠡᠳᠦᠷ ᠵᠥᠪᠬᠡᠨ ᠥᠪᠡᠷ ᠢ᠋ᠶ᠋ᠡᠨ ᠴᠤ᠌ ᠪᠢᠰᠢ ᠭᠦᠶᠦᠭ ᠴᠤ᠌ ᠮᠥᠨ ᠠᠳᠠᠯᠢ ᠬᠦᠨᠳᠦᠬᠡᠨ ᠪᠠᠢᠳᠠᠯ ᠳ᠋ᠤ᠌ ᠣᠷᠣᠭᠰᠠᠨ ᠢ᠋ ᠣᠢᠯᠠᠭᠠᠪᠠ᠃《ᠬᠠᠭᠠᠨ ᠤ᠋ ᠡᠨᠡ ᠰᠢᠢᠳᠪᠦᠷᠢ ᠵᠥᠪᠬᠡᠨ ᠨᠠᠳᠠ ᠬᠡᠴᠡᠭᠦᠦ ᠲᠣᠰᠴᠤ ᠪᠠᠢᠨ᠎ᠠ ᠭᠡᠵᠦ ᠪᠣᠳᠣᠵᠤ ᠪᠠᠢᠭᠰᠠᠨ ᠪᠣᠯ ᠬᠥᠶᠦᠭ ᠲᠦ᠍ ᠮᠥᠨ ᠬᠦᠨᠳᠦ ᠲᠣᠰᠴᠤ ᠪᠠᠢᠵᠠᠢ᠃ ᠬᠠᠲᠤᠨ ᠡᠬᠡ ᠮᠢᠨᠢ ᠤᠬᠠᠭᠠᠨ ᠲᠠᠢ ᠪᠤᠶᠤ》 ᠭᠡᠮᠡᠨ ᠪᠠᠬᠠᠷᠬᠠᠨ ᠪᠣᠳᠣᠭᠠᠳ᠂ — ᠬᠡᠷᠪᠡ ᠡᠬᠡ ᠮᠢᠨᠢ ᠲᠠᠨ ᠲᠠᠢ ᠭᠡᠷᠯᠡᠭᠰᠡᠨ ᠪᠣᠯ ᠪᠢᠳᠡᠨ ᠦ᠌ ᠠᠬ᠎ᠠ ᠳᠡᠭᠦᠦ ᠶ᠋ᠢᠨ ᠲᠠᠩᠭᠠᠷᠢᠭ ᠲᠠᠯᠠᠭᠠᠷ ᠪᠣᠯᠬᠤ ᠪᠠᠢᠯ᠎ᠠ ᠭᠡᠬᠦ ᠳ᠋ᠦ᠍ ᠭᠦᠶᠦᠭ ᠮᠤᠰᠢᠯᠵᠠᠨ ᠢᠨᠢᠶᠡᠭᠡᠳ᠂ — ᠪᠢᠳᠡ ᠡᠴᠢᠭᠡ ᠬᠦᠦ ᠬᠣᠶᠠᠷ ᠪᠣᠯᠬᠤ ᠪᠠᠢᠯ᠎ᠠ ᠭᠡᠵᠦ ᠬᠡᠯᠡᠭᠡᠳ ᠮᠥᠷᠥ ᠶ᠋ᠢ ᠨᠢ ᠠᠯᠠᠭᠠᠳᠠᠨ᠂ — ᠬᠦᠦ ᠮᠢᠨᠢ ᠣᠷᠣᠶ᠎ᠠ ᠬᠡᠮᠡᠭᠡᠳ ᠳᠣᠲᠣᠭᠰᠢ ᠣᠷᠣᠯ᠎ᠠ᠃《ᠬᠦᠦ ᠮᠢᠨᠢ》 ᠭᠡᠵᠦ ᠬᠡᠯᠡᠭᠰᠡᠨ ᠦᠭᠡᠨ ᠳ᠋ᠦ᠍ ᠰᠤᠴᠢᠰᠬᠢᠬᠤ ᠰᠢᠭ᠋ ᠪᠣᠯᠤᠭᠠᠳ ᠮᠥᠩᠬᠡ ᠠᠷᠤ ᠠ᠋ᠴᠠ ᠨᠢ ᠣᠷᠣᠯ᠎ᠠ᠃ * ᠳᠦᠷᠭᠡᠨ᠎ᠡ ᠬᠠᠲᠤᠨ ᠢ᠋ ᠭᠠᠷᠤᠭᠰᠠᠨ ᠤ᠋ ᠳᠠᠷᠠᠭ᠎ᠠ ᠪᠣᠳᠣᠯ ᠪᠣᠯᠤᠨ ᠰᠠᠭᠤᠭᠰᠠᠨ ᠰᠤᠷᠬᠠᠭᠲᠠᠨᠢ ᠭᠠᠳᠠᠭ᠎ᠠ ᠶᠡᠬᠡ ᠴᠢᠮᠡᠭᠡ ᠭᠠᠷᠬᠤ ᠶ᠋ᠢ ᠰᠣᠨᠣᠰᠤᠯ᠎ᠠ᠃ ᠣᠯᠠᠨ ᠬᠥᠮᠦᠨ ᠶᠠᠷᠢᠯᠴᠠᠨ ᠥᠷᠭᠥᠭᠡ ᠶ᠋ᠢ ᠲᠣᠭᠣᠷᠢᠨ ᠬᠡᠪᠲᠡᠭᠦᠯ ᠦ᠋ᠳ ᠪᠠᠢᠷᠢ ᠪᠠᠨ ᠡᠵᠡᠯᠡᠵᠦ᠂ ᠬᠦᠨᠳᠦ ᠠᠯᠬᠤᠭ᠎ᠠ ᠰᠣᠨᠣᠰᠳᠠᠨ᠂ ᠡᠭᠦᠳᠡ ᠠᠯᠭᠤᠷ ᠢ᠋ᠶ᠋ᠠᠷ ᠰᠡᠬᠦᠭᠳᠡᠵᠦ ᠨᠢᠭᠡᠨ ᠬᠥᠮᠦᠨ ᠣᠷᠣᠵᠤ ᠢᠷᠡᠯ᠎ᠡ᠃ ᠳᠥᠷᠪᠡᠯᠵᠢᠨ ᠬᠡ ᠲᠡᠢ ᠫᠧᠷᠰ ᠲᠣᠷᠭᠠᠨ ᠳᠡᠭᠡᠷ᠎ᠡ ᠪᠤᠯᠠᠭᠠᠨ ᠡᠮᠵᠢᠶᠡᠷᠢ ᠲᠠᠲᠠᠵᠤ ᠤᠷᠠᠯᠠᠭᠰᠠᠨ ᠨᠠᠷᠢᠨ ᠬᠢᠴᠡ ᠲᠡᠢ ᠳᠡᠪᠡᠯ ᠡᠮᠦᠰᠴᠦ᠂ ᠬᠥᠬᠥᠯ ᠦᠰᠦ  ᠪᠡᠨ ᠬᠥᠮᠥᠰᠬᠡ ᠪᠡᠨ ᠬᠦᠷᠲᠡᠯ᠎ᠡ ᠤᠷᠭᠤᠭᠤᠯᠤᠨ ᠦᠰᠦ ᠪᠡᠨ ᠬᠣᠶᠠᠷ ᠬᠤᠪᠢᠶᠠᠵᠤ ᠴᠢᠬᠢᠨ ᠦ᠌ ᠪᠡᠨ ᠠᠷᠤ ᠳ᠋ᠤ᠌ ᠬᠡᠳᠦ ᠨᠤᠭᠤᠯᠤᠨ ᠰᠤᠷ ᠢ᠋ᠶ᠋ᠠᠷ ᠪᠣᠭᠣᠭᠰᠠᠨ ᠡᠨᠡ ᠥᠨᠳᠥᠷ ᠶᠠᠩᠬᠢᠭᠠᠷ ᠪᠡᠶ᠎ᠡ ᠲᠡᠢ ᠬᠥᠮᠦᠨ ᠪᠣᠯ ᠵᠥᠴᠢ ᠶ᠋ᠢᠨ ᠬᠦᠦ ᠪᠠᠲᠤ ᠪᠠᠢᠯ᠎ᠠ᠃ ᠪᠠᠲᠤ ᠣᠯᠠᠨ ᠵᠢᠯ ᠦ᠋ᠨ ᠡᠮᠦᠨᠡᠬᠢ ᠶ᠋ᠢ ᠪᠣᠳᠣᠪᠠᠯ ᠨᠠᠰᠤ ᠨᠠᠮᠪᠠ ᠰᠠᠭᠤᠵᠠᠢ᠃ ᠭᠡᠪᠡᠴᠦ ᠬᠡᠵᠢᠶᠡᠨ ᠦ᠌ ᠲᠠᠨᠢᠯ ᠳᠣᠲᠣᠨᠣ ᠬᠥᠮᠦᠨ ᠰᠢᠭ ᠰᠠᠨᠠᠭᠳᠠᠨ᠎ᠠ᠃ ᠲᠡᠷᠡ ᠡᠴᠢᠭᠡ ᠲᠡᠢ ᠪᠡᠨ ᠤᠰᠤᠨ ᠤ᠋ ᠳᠤᠰᠤᠯ ᠰᠢᠭ᠋ ᠠᠳᠠᠯᠢᠬᠠᠨ ᠠᠵᠢ᠃ ᠭᠠᠭᠴᠠᠬᠠᠨ ᠥᠭᠡᠷ᠎ᠡ ᠵᠦᠢᠯ ᠨᠢ ᠪᠠᠲᠤ ᠢᠳᠡᠷ ᠵᠠᠯᠠᠭᠤ ᠡᠷ᠎ᠡ ᠪᠠᠢᠯ᠎ᠠ᠃ ᠪᠠᠲᠤ ᠶ᠋ᠢᠨ ᠣᠷᠣᠵᠤ ᠢᠷᠡᠬᠦ ᠶ᠋ᠢ ᠬᠠᠷᠠᠭᠰᠠᠨ ᠰᠤᠷᠬᠠᠭᠲᠠᠨᠢ ᠬᠠᠷᠢᠯᠴᠠᠨ ᠠᠮᠤᠷ ᠮᠡᠨᠳᠦ ᠪᠡᠨ ᠮᠡᠳᠡᠯᠴᠡᠭᠡᠳ ᠳᠡᠭᠡᠭᠰᠢ ᠰᠠᠭᠤᠬᠤ ᠶ᠋ᠢ ᠤᠷᠢᠯ᠎ᠠ᠃ ᠰᠤᠷᠬᠠᠭᠲᠠᠨᠢ ᠭᠠᠳᠠᠨ᠎ᠠ ᠠ᠋ᠴᠠ ᠰᠢᠪᠡᠭᠴᠢᠨ ᠢ᠋ ᠳᠠᠭᠤᠳᠠᠨ ᠪᠠᠲᠤ ᠶ᠋ᠢᠨ ᠡᠮᠦᠨ᠎ᠡ ᠠᠢᠷᠠᠭ ᠴᠠᠭ᠎ᠠ ᠰᠥᠩᠨᠡᠭᠦᠯᠦᠨ ᠪᠠᠷᠢᠵᠤ᠂ ᠢᠳᠡᠭᠡ ᠰᠢᠭᠦᠰᠦ ᠠᠪᠴᠢᠷᠠᠭᠤᠯᠵᠤ ᠲᠠᠯᠪᠢᠯ᠎ᠠ᠃ ᠪᠠᠲᠤ ᠰᠢᠪᠡᠭᠴᠢᠨ ᠦ᠌ ᠰᠥᠩᠨᠡᠨ ᠥᠭᠭᠦᠭᠰᠡᠨ ᠮᠥᠩᠭᠥᠨ ᠠᠶᠠᠭ᠎ᠠ ᠲᠠᠢ ᠠᠢᠷᠠᠭ ᠤ᠋ᠨ ᠲᠣᠰᠣ ᠶ᠋ᠢ ᠵᠥᠭᠡᠯᠡᠨ ᠦᠯᠢᠶᠡᠨ ᠢᠷᠡᠵᠦ᠂ ᠭᠦᠳ ᠭᠦᠳ ᠬᠢᠲᠡᠯ᠎ᠡ ᠬᠡᠳᠦ ᠵᠠᠯᠭᠢᠯᠠᠭᠠᠳ ᠪᠤᠴᠠᠭᠠᠨ ᠰᠢᠷᠡᠭᠡᠨ ᠳᠡᠭᠡᠷ᠎ᠡ ᠲᠠᠯᠪᠢᠵᠤ᠂ —ᠠᠭᠤᠷᠠᠭ ᠠ᠋ᠴᠠ ᠶᠠᠪᠤᠭᠰᠠᠨ ᠠ᠋ᠴᠠ ᠬᠣᠢᠰᠢ ᠨᠤᠲᠤᠭ ᠲᠠᠭᠠᠨ ᠣᠴᠢᠯ ᠦᠭᠡᠢ ᠣᠯᠠᠨ ᠵᠢᠯ ᠪᠣᠯᠵᠠᠢ ᠳᠠ᠂ ᠡᠴᠢᠭᠡ ᠮᠢᠨᠢ ᠲᠠᠨ ᠤ᠋ ᠲᠤᠬᠠᠢ ᠶᠡᠬᠡ ᠶᠠᠷᠢᠳᠠᠭ ᠪᠠᠢᠭᠰᠠᠨ ᠶᠤᠮ᠃ ᠡᠰᠢ ᠬᠠᠲᠤᠨ ᠲᠠᠢ ᠠᠮᠤᠷ ᠮᠡᠨᠳᠦ ᠠᠭᠤᠯᠵᠠᠬᠤ ᠠᠪᠠᠰᠤ ᠡᠷᠬᠢᠮ ᠬᠥᠮᠦᠨ ᠭᠡᠵᠦ ᠬᠦᠨᠳᠦᠳᠬᠡᠨ ᠦᠵᠡᠭᠡᠷᠡᠢ ᠭᠡᠵᠦ ᠬᠡᠯᠡᠳᠡᠭ ᠪᠠᠢᠯ᠎ᠠ ᠬᠡᠮᠡᠭᠡᠳ ᠲᠩᠷᠢ ᠪᠣᠯᠤᠭᠰᠠᠨ ᠡᠴᠢᠭᠡ ᠪᠡᠨ ᠳᠤᠷᠠᠰᠪᠠ ᠪᠣᠯᠤᠯᠲᠠᠢ ᠭᠦᠨ ᠰᠠᠨᠠᠭ᠎ᠠ ᠠᠯᠳᠠᠪᠠ᠃ ᠰᠤᠷᠬᠠᠭᠳᠠᠨᠢ᠄ — ᠲᠡᠢᠨ ᠳᠠᠵᠢᠨ ᠤ᠋ ᠬᠥᠯ ᠳ᠋ᠦ᠍ ᠠᠯᠤᠰᠯᠠᠨ ᠣᠳᠤᠭᠰᠠᠨ ᠶᠡᠬᠡ ᠬᠠᠭᠠᠨ ᠤ᠋ ᠦᠷᠡᠰ ᠴᠤᠭᠭᠠᠷ ᠨᠡᠢᠯᠡᠨ ᠠᠭᠤᠯᠵᠠᠬᠤ ᠮᠥᠴᠡ ᠬᠡᠳᠦᠨ ᠵᠢᠯ ᠳ᠋ᠦ᠍ ᠨᠢᠭᠡ ᠲᠣᠬᠢᠶᠠᠬᠤ ᠨᠢ ᠶᠡᠬᠡ ᠬᠤᠷᠠᠯᠲᠠᠢ ᠪᠣᠯᠵᠠᠢ ᠳᠠ᠃ ᠨᠤᠲᠤᠭ ᠠᠯᠤᠰᠷᠠᠬᠤ ᠳᠣᠳᠣᠮ ᠰᠡᠳᠬᠢᠯ ᠠᠯᠤᠰᠷᠠᠳᠠᠭ ᠬᠣᠷᠸ᠎ᠠ ᠶ᠋ᠢ ᠶᠠᠭᠠᠬᠢᠯᠲᠠᠢ ᠭᠡᠪᠡ᠃ ᠪᠠᠲᠤ ᠰᠤᠷᠬᠠᠭᠲᠠᠨᠢ ᠶ᠋ᠢᠨ ᠡᠨᠡ ᠦᠭᠡ ᠶ᠋ᠢᠨ ᠦᠨᠡᠨ ᠢ᠋ ᠬᠦᠯᠢᠶᠡᠨ ᠵᠥᠪᠰᠢᠶᠡᠷᠡᠵᠦ ᠪᠣᠢ ᠨᠢ ᠢᠯᠡᠳᠲᠡ ᠲᠣᠯᠣᠭᠠᠢ ᠪᠠᠨ ᠳᠣᠬᠢᠨ᠂ —ᠡᠪᠦᠭᠡ ᠡᠴᠢᠭᠡ᠂ ᠡᠵᠡᠨ ᠬᠠᠭᠠᠨ ᠤ᠋ ᠭᠠᠯ ᠭᠣᠯᠣᠮᠲᠠ ᠶ᠋ᠢ ᠰᠠᠬᠢᠨ ᠦᠯᠡᠳᠡᠭᠰᠡᠨ ᠡᠷᠬᠢᠮ ᠬᠥᠮᠦᠨ ᠲᠠᠨ ᠢ᠋ ᠶᠠᠭᠠᠬᠢᠨ ᠮᠠᠷᠲᠠᠬᠤ ᠪᠢᠯᠡ᠃ ᠬᠠᠭᠠᠨ ᠡᠪᠦᠭᠡ ᠮᠠᠭᠠᠳ ᠦᠭᠡᠢ ᠶᠡᠬᠡ ᠠᠭᠤᠷᠠᠭ ᠢ᠋ ᠰᠠᠬᠢᠨ ᠰᠠᠭᠤᠬᠤ ᠢᠷᠡᠭᠡᠳᠦᠢ ᠶ᠋ᠢᠨ ᠬᠥᠮᠦᠨ ᠲᠠᠨ ᠢ᠋ ᠭᠡᠵᠦ ᠮᠡᠳᠡᠭᠰᠡᠨ ᠲᠤᠯᠠ ᠳᠣᠲᠣᠨᠣ ᠬᠠᠨᠳᠤᠳᠠᠭ ᠪᠠᠢᠭᠰᠠᠨ ᠪᠢᠵᠡ ᠭᠡᠵᠦ ᠬᠡᠯᠡᠭᠡᠳ ᠠᠶᠠᠭ᠎ᠠ ᠲᠠᠢ ᠠᠢᠷᠠᠭ ᠢ᠋ᠶ᠋ᠠᠨ ᠪᠠᠯᠭᠤᠭᠠᠳ ᠬᠡᠰᠡᠭ ᠴᠢᠮᠡᠭᠡ ᠦᠭᠡᠢ ᠰᠠᠭᠤᠯ᠎ᠠ᠃ ᠰᠤᠷᠬᠠᠭᠲᠠᠨᠢ ᠲᠩᠷᠢ ᠪᠣᠯᠤᠭᠰᠠᠨ ᠬᠠᠭᠠᠨ ᠡᠵᠡᠨ᠂ ᠲᠡᠭᠦᠨ ᠦ᠌ ᠬᠡᠯᠡᠵᠦ ᠪᠠᠢᠭᠰᠠᠨ ᠦᠭᠡᠰ᠂ ᠥᠪᠡᠷ ᠲᠤᠨᠢ ᠶᠠᠭᠠᠬᠢᠭᠠᠳ ᠪᠤᠰᠤᠳ ᠬᠥᠮᠦᠰ ᠡᠴᠡ ᠣᠨᠴᠠᠭᠠᠢ ᠬᠠᠨᠳᠤᠳᠠᠭ ᠪᠠᠢᠭᠰᠠᠨ ᠵᠡᠷᠭᠡ ᠶ᠋ᠢ ᠡᠷᠭᠢᠴᠡᠭᠦᠯᠦᠨ ᠪᠣᠳᠣᠪᠠ᠃《ᠥᠨᠥᠳᠥᠷ ᠠᠯᠲᠠᠨ ᠤᠷᠤᠭ ᠤ᠋ᠨ ᠬᠢᠨ ᠡᠴᠡ ᠭᠠᠯ ᠭᠣᠯᠣᠮᠲᠠ ᠪᠠᠨ ᠰᠠᠬᠢᠨ ᠦᠯᠡᠳᠡᠭᠰᠡᠨ ᠬᠥᠮᠦᠨ ᠦᠭᠡᠢ ᠪᠣᠯᠵᠠᠢ᠃ ᠲᠡᠷᠡ ᠨᠢᠭᠡᠨ ᠵᠢᠯ ᠡᠴᠢᠭᠡ ᠶ᠋ᠢ ᠪᠡᠨ ᠳᠠᠭᠠᠨ ᠪᠠᠯᠴᠢᠷ ᠤᠬᠠᠭᠠᠨ ᠢ᠋ᠶ᠋ᠠᠷ ᠢ᠋ᠶ᠋ᠠᠨ ᠰᠢᠢᠳᠪᠦᠷᠢ ᠭᠠᠷᠭᠠᠵᠤ᠂ ᠡᠨᠡ ᠠᠢᠯ ᠤ᠋ᠨ ᠪᠡᠷᠢ ᠪᠣᠯᠤᠨ ᠣᠷᠣᠵᠤ ᠢᠷᠡᠵᠦ ᠪᠠᠢᠭᠰᠠᠨ ᠴᠠᠭ ᠠ᠋ᠴᠠ ᠬᠣᠢᠰᠢ ᠥᠨᠥ ᠬᠦᠷᠲᠡᠯ᠎ᠡ ᠣᠯᠠᠨ ᠴᠤ᠌ ᠵᠢᠯ ᠥᠩᠭᠡᠷᠡᠵᠡᠢ ᠳᠡ》᠃ ᠲᠡᠷᠡ ᠢᠩᠭᠢᠵᠦ ᠪᠣᠳᠣᠬᠤᠢ ᠳ᠋ᠤ᠌ ᠬᠡᠳᠦᠨ ᠡᠳᠦᠷ ᠦ᠋ᠨ ᠠᠯᠤᠰ ᠲᠤ ᠦᠯᠡᠳᠡᠭᠰᠡᠨ ᠶᠡᠬᠡ ᠠᠭᠤᠷᠠᠭ ᠤ᠋ᠨ ᠲᠡᠨᠳᠡ ᠡᠴᠡ ᠦᠯᠦ ᠮᠡᠳᠡᠭ ᠴᠢᠮᠡᠭᠡ ᠴᠢᠬᠢᠨ ᠳ᠋ᠦ᠍ ᠰᠣᠨᠣᠰᠳᠠᠨ᠂ ᠰᠤᠷᠬᠠᠭᠲᠠᠨᠢ ᠶ᠋ᠢ ᠳᠠᠭᠤᠳᠠᠨ ᠪᠠᠢᠬᠤ ᠰᠢᠭ᠋ ᠰᠡᠳᠬᠢᠯ ᠲᠥᠷᠥᠨ᠎ᠡ᠃ —ᠠᠭᠤᠯᠠ ᠤᠰᠤ ᠬᠣᠯᠠᠳᠬᠤ ᠶ᠋ᠢᠨ ᠬᠢᠷᠢ ᠪᠡᠷ ᠤᠷᠤᠭ ᠰᠠᠳᠤᠨ ᠬᠣᠯᠠᠳᠳᠠᠭ ᠨᠢ ᠦᠨᠡᠨ᠃ ᠠᠯᠤᠰ ᠲᠤ ᠥᠪᠡᠷ ᠦ᠋ᠨ ᠤᠯᠤᠰ ᠢ᠋ᠶ᠋ᠠᠨ ᠵᠠᠰᠠᠨ ᠰᠠᠭᠤᠭᠰᠠᠨ ᠴᠢᠮ᠎ᠠ ᠲᠠᠢ ᠣᠯᠠᠨ ᠠᠭᠤᠯᠵᠠᠵᠤ ᠴᠢᠳᠠᠬᠤ ᠦᠭᠡᠢ ᠯᠡ ᠪᠣᠯᠪᠠ ᠤᠤ᠃ ᠬᠠᠷᠢᠨ ᠥᠨᠥᠳᠥᠷ ᠨᠠᠮᠠᠶ᠋ᠢ ᠵᠣᠷᠢᠨ ᠢᠷᠡᠭᠰᠡᠨ ᠳ᠋ᠦ᠍ ᠴᠢᠨᠢ ᠬᠠᠲᠤᠨ ᠪᠢ ᠲᠠᠯᠠᠷᠬᠠᠵᠤ ᠰᠠᠭᠤᠨ᠎ᠠ᠃ ᠵᠥᠴᠢ ᠶ᠋ᠢᠨ ᠵᠠᠯᠠᠭᠤ ᠨᠠᠰᠤ ᠰᠢᠭ᠋ ᠡᠷᠡᠮᠡᠬᠡᠢ ᠡᠷ᠎ᠡ ᠶ᠋ᠢᠨ ᠳᠣᠲᠣᠨᠣ ᠳᠦᠷᠢ ᠲᠥᠷᠬᠦ ᠶ᠋ᠢ ᠬᠠᠷᠠᠭᠠᠳ ᠰᠤᠷᠬᠠᠭᠲᠠᠨᠢ᠂ — ᠥᠭᠡᠯᠦᠨ ᠡᠬᠡ᠂ ᠪᠥᠷᠲᠡ ᠬᠠᠲᠤᠨ ᠬᠣᠶᠠᠷ ᠤ᠋ᠨ ᠠᠪᠤ ᠳ᠋ᠤ᠌ ᠴᠢᠨᠢ ᠬᠡᠯᠡᠬᠦ ᠶ᠋ᠢ ᠬᠦᠰᠡᠵᠦ ᠪᠠᠢᠭᠰᠠᠨ ᠦᠭᠡ ᠶ᠋ᠢ ᠣᠳᠣ ᠪᠢ ᠴᠢᠮ᠎ᠠ ᠳ᠋ᠤ᠌ ᠬᠡᠯᠡᠶ᠎ᠡ᠃ ᠨᠢᠭᠡᠨᠲᠡ ᠡᠴᠢᠭᠡ ᠴᠢᠨᠢ ᠲᠩᠷᠢ ᠳ᠋ᠦ᠍ ᠬᠠᠯᠢᠭᠰᠠᠨ ᠲᠤᠯᠠ ᠡᠨᠡ ᠦᠭᠡᠰ ᠢ᠋ ᠴᠢᠮ᠎ᠠ ᠳ᠋ᠤ᠌ ᠬᠡᠯᠡᠬᠦ ᠨᠢ ᠵᠦᠢ ᠪᠣᠯᠪᠠ ᠤᠤ᠃ ᠶᠡᠬᠡ ᠡᠵᠡᠨ ᠬᠠᠭᠠᠨ ᠡᠪᠦᠭᠡ ᠴᠢᠨᠢ ᠴᠤ᠌ ᠲᠡᠷᠡ᠂ ᠥᠭᠡᠯᠦᠨ ᠡᠬᠡ ᠴᠤ᠌ ᠲᠡᠷᠡ᠂ ᠪᠥᠷᠲᠡ ᠬᠠᠲᠤᠨ ᠴᠤ᠌ ᠲᠡᠷᠡ᠂ ᠴᠢᠨᠦ ᠡᠴᠢᠭᠡ ᠵᠥᠴᠢ ᠶ᠋ᠢ ᠬᠠᠷᠢ ᠴᠢᠰᠤ ᠲᠠᠢ ᠬᠥᠮᠦᠨ ᠭᠡᠵᠦ ᠦᠵᠡᠵᠦ ᠪᠠᠢᠭᠰᠠᠨ ᠤᠳᠠᠭ᠎ᠠ ᠦᠭᠡᠢ ᠶᠦᠮ ᠰᠢᠦ᠃ ᠲᠡᠳᠡ ᠥᠪᠡᠷ ᠦ᠋ᠨ ᠬᠦᠦ ᠶ᠋ᠢ ᠮᠥᠩᠬᠡ ᠲᠩᠷᠢ ᠡᠴᠡ ᠢᠯᠡᠭᠡᠭᠰᠡᠨ ᠭᠡᠵᠦ ᠢᠲᠡᠭᠡᠳᠡᠭ ᠪᠠᠢᠭᠰᠠᠨ᠂ ᠵᠥᠴᠢ ᠲᠥᠷᠥᠭᠰᠡᠨ ᠴᠠᠭ ᠠ᠋ᠴᠠ ᠬᠣᠢᠰᠢ ᠬᠠᠭᠠᠨ ᠡᠵᠡᠨ ᠶᠡᠬᠡ ᠮᠣᠩᠭᠣᠯ ᠢ᠋ ᠬᠤᠷᠢᠶᠠᠵᠤ᠂ ᠰᠤᠤ ᠠᠯᠳᠠᠷ ᠢ᠋ᠶ᠋ᠠᠨ ᠳᠠᠭᠤᠷᠢᠰᠬᠠᠭᠰᠠᠨ᠂ ᠲᠡᠢᠮᠦ ᠡᠴᠡ ᠵᠥᠴᠢ ᠡᠨᠡ ᠭᠡᠷ ᠲᠦ᠍ ᠠᠵᠠ ᠵᠢᠷᠭᠠᠯ ᠠᠪᠴᠢᠷᠠᠭᠰᠠᠨ ᠶᠤᠮ ᠭᠡᠵᠦ ᠬᠡᠯᠡᠳᠡᠭ ᠪᠠᠢᠭᠰᠠᠨ ᠶᠤᠮ ᠭᠡᠪᠡ᠃ ᠪᠠᠲᠤ ᠶ᠋ᠢᠨ ᠵᠢᠷᠦᠬᠡᠨ ᠳ᠋ᠦ᠍ ᠥᠨᠥ ᠬᠢᠷᠢ ᠪᠠᠢᠬᠤ ᠭᠦᠨ ᠬᠥᠨᠳᠡᠭᠦᠷ ᠰᠡᠲᠡᠷᠡᠭᠰᠡᠨ ᠮᠡᠲᠦ ᠬᠠᠷᠠᠴᠠ ᠨᠢ ᠭᠤᠨᠢᠭ ᠲᠠᠢ ᠬᠠᠷᠠᠭᠳᠠᠨ᠎ᠠ᠃ — ᠴᠢᠨᠦ ᠡᠴᠢᠭᠡ ᠵᠥᠴᠢ ᠶ᠋ᠢ ᠥᠪᠡᠷ ᠡᠴᠡ ᠨᠢ ᠤᠷᠢᠲᠠᠵᠤ ᠮᠥᠩᠬᠡ ᠲᠩᠷᠢ ᠶ᠋ᠢᠨ ᠣᠷᠣᠨ᠎ᠠ ᠵᠠᠯᠠᠷᠠᠭᠰᠠᠨ ᠢ᠋ ᠰᠣᠨᠣᠰᠤᠭᠠᠳ ᠬᠠᠭᠠᠨ ᠠᠪᠤ ᠨᠢ ᠬᠡᠴᠢᠨᠡᠭᠡᠨ ᠭᠠᠰᠢᠭᠤᠳᠠᠵᠤ ᠪᠠᠢᠭᠰᠠᠨ ᠢ᠋ ᠪᠢ ᠬᠠᠷᠠᠵᠤ ᠪᠠᠢᠯ᠎ᠠ᠃ ᠥᠭᠡᠯᠦᠨ ᠡᠬᠡ ᠵᠥᠴᠢ ᠶ᠋ᠢ ᠠᠩᠬ᠎ᠠ ᠮᠡᠨᠳᠦᠯᠡᠬᠦ ᠳ᠋ᠦ᠍ ᠣᠶᠣᠵᠤ ᠥᠭᠴᠦ ᠪᠠᠢᠭᠰᠠᠨ ᠬᠤᠩᠬ᠎ᠠ ᠲᠠᠢ ᠪᠣᠢᠲᠣᠭ ᠤ᠋ᠨ ᠥᠷᠥᠭᠡᠰᠦᠨ ᠢ᠋ ᠠᠪᠤ ᠲᠠᠢ ᠴᠢᠨᠢ ᠰᠡᠭᠦᠯᠴᠢ ᠶ᠋ᠢᠨ ᠤᠳᠠᠭ᠎ᠠ ᠠᠭᠤᠯᠵᠠᠬᠤ ᠳ᠋ᠠᠭᠠᠨ ᠥᠭᠴᠦ ᠶᠠᠪᠤᠭᠤᠯᠬᠤ ᠳ᠋ᠠᠭᠠᠨ ᠡᠰᠡᠨ ᠮᠡᠨᠳᠦ ᠡᠷᠭᠢᠵᠦ ᠢᠷᠡᠭᠡᠳ ᠥᠷᠥᠭᠡᠰᠦᠨ ᠪᠣᠢᠲᠣᠭ ᠢ᠋ᠶ᠋ᠠᠨ ᠠᠪᠤᠭᠠᠷᠠᠢ ᠭᠡᠵᠦ ᠬᠡᠯᠡᠭᠰᠡᠨ ᠶᠦᠮ ᠪᠢᠯᠡ᠃ ᠭᠡᠪᠡᠴᠦ ᠲᠡᠳᠡ ᠠᠭᠤᠯᠵᠠᠭᠰᠠᠨ ᠦᠭᠡᠢ᠂ ᠥᠭᠡᠯᠦᠨ ᠡᠬᠡ ᠲᠩᠷᠢ ᠪᠣᠯᠬᠤ ᠶ᠋ᠢᠨ ᠢ᠋ᠶ᠋ᠡᠨ ᠡᠮᠦᠨ᠎ᠡ ᠨᠠᠳᠠ ᠳ᠋ᠤ᠌ ᠦᠯᠡᠳᠡᠭᠰᠡᠨ ᠨᠢᠭᠡ ᠪᠣᠢᠲᠣᠭ ᠢ᠋ ᠬᠠᠳᠠᠭᠠᠯᠠᠭᠤᠯᠤᠭᠰᠠᠨ ᠪᠢᠯᠡ᠃ ᠥᠭᠭᠦᠭᠰᠡᠨ ᠬᠥᠮᠦᠨ ᠨᠢ ᠴᠦ᠍ ᠲᠡᠷᠡ᠂ ᠠᠪᠬᠤ ᠬᠥᠮᠦᠨ ᠨᠢ ᠴᠦ᠍ ᠲᠡᠷᠡ᠂ ᠥᠨᠥ ᠦᠭᠡᠢ ᠪᠣᠯᠬᠣᠷ ᠪᠢ ᠲᠡᠭᠦᠨ ᠢ᠋ ᠨᠠᠨᠳᠢᠩᠨᠠᠨ ᠬᠠᠳᠠᠭᠠᠯᠠᠭᠰᠠᠨ ᠶᠤᠮ᠃ ᠢᠷᠦᠭᠡᠯ ᠪᠠᠢᠪᠠᠯ ᠳᠠᠬᠢᠨ ᠠᠭᠤᠯᠵᠠᠬᠤ ᠳ᠋ᠠᠭᠠᠨ ᠥᠭᠭᠦᠶ᠎ᠡ ᠭᠡᠯ᠎ᠡ᠃ ᠪᠠᠲᠤ ᠶ᠋ᠢᠨ ᠨᠢᠳᠦᠨ ᠳ᠋ᠦ᠍ ᠲᠡᠷᠲᠡᠭᠡ ᠳ᠋ᠦ᠍ ᠦᠯᠡᠳᠡᠭᠰᠡᠨ ᠲᠡᠷᠡᠬᠡᠨ ᠳᠤᠷᠠᠰᠤᠮᠵᠢ ᠲᠣᠳᠣᠷᠠᠨ᠎ᠠ ᠃ᠰᠤᠷᠬᠠᠭᠲᠠᠨᠢ ᠦᠷᠭᠦᠯᠵᠢᠯᠡᠭᠦᠯᠦᠨ᠂ —ᠬᠠᠨ ᠬᠥᠪᠡᠭᠦᠳ ᠦ᠋ᠨ ᠠᠬᠠᠮᠠᠳ ᠨᠢ ᠴᠢ᠂ ᠥᠭᠡᠳᠡᠢ ᠬᠠᠭᠠᠨ ᠰᠢᠢᠳᠪᠦᠷᠢ ᠭᠠᠷᠭᠠᠵᠤ ᠬᠠᠨ ᠬᠥᠪᠡᠭᠦᠳ ᠦ᠋ᠨ ᠠᠶᠠᠨ ᠲᠡᠢᠨ ᠢ᠋ ᠡᠬᠢᠯᠡᠭᠦᠯᠬᠦ ᠪᠣᠯᠤᠯ᠎ᠠ᠃ ᠴᠢᠮᠠᠶ᠋ᠢ ᠠᠬᠠᠯᠠᠭᠴᠢ ᠪᠠᠷ ᠲᠣᠮᠢᠯᠠᠨ ᠪᠠᠢᠭ᠎ᠠ ᠬᠡᠳᠦᠢ ᠴᠦ᠍ ᠬᠥᠶᠦᠭ ᠲᠦ᠍ ᠶᠡᠬᠡ ᠴᠡᠷᠢᠭ ᠢ᠋ᠶ᠋ᠡᠨ ᠬᠠᠷᠢᠭᠤᠴᠠᠭᠤᠯᠤᠯ᠎ᠠ᠃ ᠡᠴᠢᠭᠡ ᠡᠪᠦᠭᠡᠳ ᠦ᠋ᠨ ᠢ᠋ᠶ᠋ᠡᠨ ᠠᠯᠳᠠᠭ᠎ᠠ ᠶ᠋ᠢ ᠪᠢᠲᠡᠭᠡᠢ ᠳᠠᠪᠲᠠᠭᠠᠷᠠᠢ᠃ ᠨᠢᠭᠡᠨ ᠴᠠᠭ ᠲᠤ ᠡᠴᠢᠭᠡ ᠴᠢᠨᠢ ᠴᠠᠭᠠᠲᠠᠢ ᠲᠠᠢ ᠮᠠᠷᠭᠤᠭᠰᠠᠨ ᠠ᠋ᠴᠠ ᠪᠣᠯᠵᠤ ᠬᠠᠭᠠᠨ ᠡᠴᠢᠭᠡ ᠬᠠᠲᠤᠨ ᠡᠬᠡ ᠶ᠋ᠢᠨ ᠢ᠋ᠶ᠋ᠡᠨ ᠰᠡᠳᠬᠢᠯ ᠢ᠋ ᠰᠢᠷᠬᠠᠯᠠᠭᠤᠯᠵᠤ᠂ ᠣᠯᠠᠨ ᠤ᠋ ᠡᠮᠦᠨ᠎ᠡ ᠢᠲᠡᠭᠡᠯ ᠢ᠋ ᠨᠢ ᠡᠪᠳᠡᠵᠦ ᠪᠠᠢᠭᠰᠠᠨ ᠭᠡᠮ ᠢ᠋ ᠰᠠᠨᠠᠨ ᠡᠨᠡ ᠤᠳᠠᠭ᠎ᠠ ᠳ᠋ᠤ᠌ ᠬᠥᠶᠦᠭ ᠲᠡᠢ ᠡᠪᠲᠡᠢ ᠶᠠᠪᠤᠭᠠᠷᠠᠢ᠃ ᠭᠦᠶᠦᠭ ᠦ᠋ᠨ ᠬᠤᠪᠢ ᠳ᠋ᠤ᠌ ᠶᠡᠬᠡ ᠴᠡᠷᠢᠭ ᠠᠪᠴᠤ ᠶᠠᠪᠤᠨ᠎ᠠ ᠭᠡᠳᠡᠭ ᠲᠦ᠍ ᠲᠠ ᠬᠣᠶᠠᠷ ᠤ᠋ᠨ ᠳᠤᠮᠳᠠ ᠮᠠᠷᠭᠤᠭᠠᠨ ᠤ᠋ ᠦᠨᠳᠦᠰᠦ ᠪᠣᠯᠵᠤ ᠪᠣᠯᠤᠨ᠎ᠠ᠃ ᠲᠡᠢᠮᠦ ᠡᠴᠡ ᠬᠠᠭᠠᠨ ᠡᠪᠦᠭᠡ ᠶ᠋ᠢᠨ ᠦᠶ᠎ᠡ ᠡᠴᠡ ᠠᠯᠳᠠᠷ ᠭᠠᠪᠢᠶ᠎ᠠ ᠪᠠᠷ ᠢ᠋ᠶ᠋ᠠᠨ ᠢᠯᠡᠳᠲᠡ ᠲᠣᠳᠣᠷᠬᠠᠢ ᠰᠦᠪᠡᠭᠡᠳᠡᠢ ᠵᠠᠩᠵᠤᠨ ᠢ᠋ᠶ᠋ᠠᠷ ᠥᠪᠡᠷ ᠦ᠋ᠨ ᠵᠥᠪᠯᠡᠬᠦ ᠪᠡᠨ ᠬᠢᠵᠦ ᠶᠠᠪᠤᠪᠠᠯ ᠠᠯᠳᠠᠭ᠎ᠠ ᠤᠨᠤᠭ᠎ᠠ ᠠᠯᠢᠨ ᠪᠦᠭᠦᠳᠡ ᠳ᠋ᠦ᠍ ᠴᠢᠨᠢ ᠬᠠᠷᠠᠬᠤ ᠨᠢᠳᠦ᠂ ᠰᠣᠨᠣᠰᠬᠤ ᠴᠢᠬᠢ ᠪᠣᠯᠵᠤ᠂ ᠠᠶᠠᠨ ᠲᠡᠢᠨ ᠦ᠌ ᠤᠷᠲᠤ ᠳ᠋ᠤ᠌ ᠲᠦᠰᠢᠭ ᠲᠤᠯᠭᠠᠭᠤᠷᠢ ᠪᠣᠯᠬᠤ ᠪᠤᠰᠤ ᠤᠤ ᠬᠡᠮᠡᠯ᠎ᠡ᠃ ᠪᠠᠲᠤ ᠰᠤᠷᠬᠠᠭᠲᠠᠨᠢ ᠶ᠋ᠢᠨ ᠶᠠᠭᠤ ᠬᠡᠯᠡᠬᠦ ᠭᠡᠰᠡᠨ ᠢ᠋ ᠪᠦᠭᠦᠳᠡ ᠶ᠋ᠢ ᠣᠢᠯᠠᠭᠠᠯ᠎ᠠ᠃ ᠵᠥᠴᠢ ᠶ᠋ᠢ ᠠᠯᠲᠠᠨ ᠤᠷᠤᠭ ᠤ᠋ᠨ ᠬᠢᠨ ᠪᠦᠭᠦᠳᠡᠭᠡᠷ ᠥᠪᠡᠷ ᠦ᠋ᠨ ᠶᠠᠰᠤ ᠮᠢᠬᠠᠨ ᠤ᠋ ᠲᠠᠰᠤᠷᠬᠠᠢ ᠭᠡᠮᠡᠨ ᠦᠵᠡᠳᠡᠭ ᠪᠠᠢᠭᠰᠠᠨ ᠢ᠋᠂ ᠲᠡᠭᠦᠨ ᠦ᠌ ᠠᠷᠤ ᠠ᠋ᠴᠠ ᠬᠠᠭᠠᠨ ᠡᠵᠡᠨ ᠬᠡᠷᠬᠢᠨ ᠭᠠᠰᠢᠭᠤᠳᠠᠨ ᠬᠠᠢᠯᠠᠵᠤ ᠪᠠᠢᠭᠰᠠᠨ ᠢ᠋᠂ ᠡᠴᠦᠰ ᠲᠤᠨᠢ ᠨᠢᠭᠡᠨ ᠴᠠᠭ ᠲᠤ᠌ ᠲᠣᠬᠢᠶᠠᠭᠰᠠᠨ ᠡᠴᠢᠭᠡ ᠶ᠋ᠢᠨ ᠠᠯᠳᠠᠭ᠎ᠠ ᠶ᠋ᠢ ᠰᠠᠨᠠᠭᠤᠯᠤᠨ ᠬᠡᠯᠡᠵᠦ᠂ ᠳᠠᠪᠲᠠᠬᠤ ᠦᠭᠡᠢ ᠪᠠᠢᠬᠤ ᠶ᠋ᠢ ᠠᠩᠬᠠᠷᠤᠭᠤᠯᠤᠯ᠎ᠠ᠃《ᠡᠴᠢᠭᠡ ᠮᠢᠨᠢ ᠲᠠᠨ ᠤ᠋ ᠰᠣᠨᠣᠰᠴᠤ ᠠᠮᠵᠢᠭ᠎ᠠ ᠦᠭᠡᠢ ᠦᠨᠡᠨ ᠢ᠋᠂ ᠰᠣᠨᠣᠰᠬᠤ ᠶ᠋ᠢ ᠬᠦᠰᠡᠵᠦ ᠪᠠᠢᠭᠰᠠᠨ ᠦᠨᠡᠨ ᠢ᠋ ᠬᠠᠲᠤᠨ ᠡᠬᠡ ᠨᠠᠳᠠ ᠳ᠋ᠤ᠌ ᠬᠡᠯᠡᠯ᠎ᠡ᠃ ᠮᠥᠩᠬᠡ ᠲᠡᠭᠷᠢ ᠳ᠋ᠡᠭᠡᠨ ᠠᠮᠤᠭᠤᠯᠠᠩ ᠰᠠᠭᠤ ᠳᠠ 》ᠭᠡᠮᠡᠨ ᠳᠣᠲᠣᠷ᠎ᠠ ᠪᠠᠨ ᠬᠡᠯᠡᠯ᠎ᠡ᠃ * ᠠᠭᠤᠷᠠᠭ ᠲᠤ᠌ ᠢᠷᠡᠭᠰᠡᠨ ᠳᠠᠷᠤᠢ ᠳ᠋ᠤ᠌ ᠳᠠᠬᠢᠨ ᠨᠢᠭᠡ ᠬᠡᠷᠡᠭ ᠮᠠᠨᠳᠤᠯ᠎ᠠ᠃ ᠲᠤᠯᠤᠢ ᠡᠵᠡᠨ ᠠᠮᠢᠳᠤ ᠰᠡᠷᠡᠭᠦᠨ ᠠᠬᠤᠢ ᠳ᠋ᠠᠭᠠᠨ ᠬᠠᠭᠠᠨ ᠠᠬ᠎ᠠ ᠳ᠋ᠠᠭᠠᠨ ᠳᠣᠲᠣᠷ ᠭᠠᠵᠠᠷ  ᠲᠤ᠌ ᠪᠠᠢᠬᠤ ᠥᠪᠡᠷ ᠦ᠋ᠨ ᠡᠵᠡᠮᠰᠢᠯ ᠨᠤᠲᠤᠭ ᠢ᠋ ᠬᠦᠯᠢᠶᠡᠯᠭᠡᠨ ᠥᠭᠭᠦᠭᠰᠡᠨ ᠲᠤᠯᠠ ᠰᠤᠷᠬᠠᠭᠲᠠᠨᠢ ᠬᠠᠲᠤᠨ ᠪᠣᠯᠤᠨ ᠲᠡᠭᠦᠨ ᠦ᠌ ᠬᠦᠦ ᠮᠥᠩᠬᠡ ᠳ᠋ᠦ᠍ ᠦᠯᠡᠳᠡᠭᠰᠡᠨ ᠭᠠᠵᠠᠷ ᠨᠤᠲᠤᠭ ᠭᠤᠷᠪᠠᠨ ᠭᠣᠣᠯ ᠤ᠋ᠨ ᠰᠠᠪᠠ ᠭᠠᠵᠠᠷ ᠪᠣᠯᠤᠨ ᠰᠥᠨᠢᠳ᠂ ᠰᠦᠯᠲᠡᠰ᠂ ᠮᠠᠩᠭᠤᠳ᠂ ᠢᠰᠦᠲᠦ᠂ ᠬᠣᠷᠴᠢᠨ᠂ ᠪᠠᠶᠠᠭᠤᠳ ᠠᠢᠮᠠᠭ ᠤ᠋ᠨ ᠭᠠᠵᠠᠷ ᠨᠤᠲᠤᠭ᠂ᠠᠷᠠᠳ ᠢᠷᠭᠡᠳ ᠢ᠋ᠶ᠋ᠡᠨ ᠮᠡᠳᠡᠨ ᠰᠠᠭᠤᠵᠤ ᠪᠠᠢᠭᠰᠠᠨ ᠴᠠᠭ ᠪᠠᠢᠪᠠ᠃ ᠦᠷᠭᠦᠭᠡᠨ ᠦ᠌ ᠡᠭᠦᠳᠡᠨ ᠳ᠋ᠦ᠍ ᠣᠯᠠᠨ ᠬᠥᠮᠦᠨ ᠴᠢᠩᠭ᠎ᠠ ᠴᠢᠩᠭ᠎ᠠ ᠶᠠᠷᠢᠯᠴᠠᠬᠤ ᠶ᠋ᠢ ᠰᠣᠨᠣᠰᠤᠭᠠᠳ ᠬᠠᠲᠤᠨ ᠦᠷᠭᠦᠭᠡᠨ ᠡᠴᠡ ᠪᠡᠨ ᠭᠠᠷᠴᠤ ᠰᠤᠷᠬᠠᠭᠲᠠᠨᠢ ᠬᠠᠲᠤᠨ ᠪᠣᠯᠤᠨ ᠲᠡᠭᠦᠨ ᠦ᠌ ᠶᠡᠬᠡ ᠬᠦᠦ ᠮᠥᠩᠬᠡ ᠶ᠋ᠢᠨ ᠳᠡᠷᠭᠡᠳᠡ ᠪᠠᠢᠭᠰᠠᠨ ᠲᠣᠮᠣᠬᠠᠨ ᠨᠣᠶᠠᠳ ᠴᠤᠭᠯᠠᠭᠰᠠᠨ ᠪᠠᠢᠯ᠎ᠠ᠃ ᠲᠡᠳᠡᠨ ᠦ᠌ ᠳᠤᠮᠳᠠ ᠥᠭᠡᠯᠦᠨ ᠡᠬᠡ ᠶ᠋ᠢᠨ ᠡᠷᠭᠦᠮᠡᠯ ᠬᠦᠦ ᠰᠢᠭᠢᠬᠤᠲᠤᠭ᠂ ᠮᠠᠩᠭᠤᠳ ᠠᠢᠮᠠᠭ ᠤ᠋ᠨ ᠵᠣᠲᠠᠢ ᠨᠣᠶᠠᠨ᠂ ᠵᠠᠯᠠᠢᠷ ᠤ᠋ᠨ ᠮᠥᠩᠬᠡᠰᠠᠷᠠ᠂ ᠰᠦᠯᠲᠡᠰ ᠠᠢᠮᠠᠭ ᠤ᠋ᠨ ᠰᠣᠳᠣᠨ ᠨᠣᠶᠠᠨ᠂ ᠬᠣᠩᠬᠣᠲᠠᠨ ᠤ᠋ ᠬᠣᠷᠴᠢᠨ᠂ ᠶᠢᠰᠦᠢ ᠨᠠᠷ ᠵᠣᠭᠰᠣᠬᠤ ᠠᠵᠢ᠃ ᠬᠠᠲᠤᠨ ᠲᠡᠳᠡᠨ ᠲᠡᠢ ᠠᠮᠤᠷ ᠮᠡᠨᠳᠦ ᠮᠡᠳᠡᠭᠡᠳ ᠦᠷᠭᠦᠭᠡᠨ ᠳ᠋ᠡᠭᠡᠨ ᠤᠷᠢᠵᠤ᠂ ᠭᠡᠨᠡᠳᠲᠡ ᠢᠷᠡᠭᠰᠡᠨ ᠬᠡᠷᠡᠭ ᠵᠣᠷᠢᠭ ᠢ᠋ ᠠᠰᠠᠭᠤᠪᠠᠯ᠂ ᠲᠡᠳᠡᠨ ᠦ᠌ ᠳᠤᠮᠳᠠ ᠠ᠋ᠴᠠ ᠰᠦᠯᠲᠡᠰ ᠠᠢᠮᠠᠭ ᠤ᠋ᠨ ᠰᠣᠳᠣᠨ ᠨᠣᠶᠠᠨ᠄ —ᠬᠠᠲᠤᠨᠲᠠᠨ ᠮᠢᠨᠢ ᠪᠢᠳᠡ ᠬᠡᠷᠬᠢᠬᠦ ᠪᠢᠯᠡ᠂ ᠥᠭᠡᠳᠡᠢ ᠬᠠᠭᠠᠨ ᠵᠠᠷᠯᠢᠭ ᠪᠣᠯᠭᠠᠵᠤ᠂ ᠥᠪᠡᠷ ᠦ᠋ᠨ ᠬᠥᠪᠡᠭᠦᠳ ᠲᠡᠭᠡᠨ ᠪᠢᠳᠡᠨ ᠦ᠌ ᠴᠡᠷᠢᠭ ᠠᠷᠠᠳ ᠠ᠋ᠴᠠ ᠲᠠᠰᠤᠳᠠᠨ ᠥᠭᠭᠦᠯ᠎ᠡ᠃ ᠰᠥᠨᠢᠳ ᠠᠢᠮᠠᠭ ᠮᠢᠩᠭᠠᠨ ᠴᠡᠷᠢᠭ᠂ ᠰᠦᠯᠲᠡᠰ ᠠᠢᠮᠠᠭ ᠤ᠋ᠨ ᠬᠣᠶᠠᠷ ᠮᠢᠩᠭᠠᠨ ᠴᠡᠷᠢᠭ ᠢ᠋ ᠥᠪᠡᠷ ᠦ᠋ᠨ ᠬᠦᠦ ᠭᠣᠳᠠᠨ( ᠬᠥᠳᠡᠨ)  ᠳ᠋ᠠᠭᠠᠨ ᠬᠤᠪᠢᠶᠠᠷᠢᠯᠠᠨ ᠥᠭᠴᠡᠢ᠃ ᠶᠡᠬᠡ ᠬᠠᠭᠠᠨ ᠤ᠋ ᠵᠠᠷᠯᠢᠭ ᠢ᠋ ᠡᠳᠦᠭᠡ ᠥᠭᠡᠳᠡᠢ ᠬᠠᠭᠠᠨ ᠵᠥᠷᠢᠴᠡᠵᠦ ᠶᠠᠭᠠᠬᠢᠨ ᠪᠣᠯᠤᠨ᠎ᠠ᠃ ᠤᠴᠢᠷ ᠢ᠋ ᠬᠠᠭᠠᠨ ᠳ᠋ᠤ᠌ ᠣᠢᠯᠠᠭᠠᠭᠤᠯᠵᠤ ᠥᠭᠭᠦᠭᠡᠴᠢ ᠭᠡᠪᠡ᠃ ᠰᠤᠷᠬᠠᠭᠲᠠᠨᠢ ᠡᠢᠮᠦ ᠶᠠᠪᠤᠳᠠᠯ ᠪᠣᠯᠬᠤ ᠶ᠋ᠢ ᠭᠠᠳᠠᠷᠯᠠᠵᠤ ᠪᠠᠢᠭᠰᠠᠨ᠃ ᠬᠠᠷᠠᠬᠣᠷᠣᠮ ᠠ᠋ᠴᠠ ᠢᠷᠡᠭᠰᠡᠨ ᠡᠯᠴᠢ ᠶ᠋ᠢᠨ ᠠᠮᠠᠨ ᠠ᠋ᠴᠠ ᠨᠢᠭᠡᠨᠲᠡ ᠰᠣᠨᠣᠰᠴᠤ ᠪᠠᠢᠭᠰᠠᠨ ᠡᠨᠡ ᠮᠡᠳᠡᠭᠡ ᠶ᠋ᠢ ᠲᠡᠷᠡ ᠬᠡᠳᠦᠨ ᠬᠣᠨᠣᠭ ᠤ᠋ᠨ ᠡᠮᠦᠨ᠎ᠡ ᠠᠭᠤᠷᠠᠭ ᠲᠤ ᠲᠤᠭᠤᠯᠤᠭᠰᠠᠨ ᠴᠤ᠌ ᠲᠣᠭᠣᠯᠤᠭ᠎ᠠ ᠦᠭᠡᠢ ᠮᠡᠲᠦ ᠥᠩᠭᠡᠷᠡᠯ᠎ᠡ᠃ ᠰᠤᠷᠬᠠᠭᠲᠠᠨᠢ ᠬᠠᠲᠤᠨ ᠥᠪᠡᠷ ᠢ᠋ ᠨᠢ ᠵᠣᠷᠢᠨ ᠢᠷᠡᠭᠡᠳ ᠬᠡᠷᠬᠢᠬᠦ ᠶ᠋ᠢ ᠨᠢ ᠬᠦᠯᠢᠶᠡᠨ ᠪᠠᠢᠭ᠎ᠠ ᠦᠨᠡᠨᠴᠢ ᠢᠷᠭᠡᠳ ᠢ᠋ᠶ᠋ᠡᠨ ᠬᠠᠷᠠᠨ ᠵᠣᠭᠰᠣᠬᠤ ᠳ᠋ᠠᠭᠠᠨ ᠲᠠᠯ᠎ᠠ ᠨᠤᠲᠤᠭ ᠲᠤ ᠢᠵᠢᠯᠢ ᠳᠠᠰᠤᠯ ᠪᠣᠯᠤᠭᠰᠠᠨ ᠠᠮᠢᠳᠤᠷᠠᠯ ᠤ᠋ᠨ ᠬᠢᠨᠢ ᠪᠠᠰᠠ ᠨᠢᠭᠡᠨ ᠬᠡᠰᠡᠭ ᠲᠡᠭᠦᠨ ᠡᠴᠡ ᠣᠳᠬᠤ ᠭᠡᠵᠦ ᠪᠣᠢ ᠶ᠋ᠢ ᠤᠬᠠᠭᠠᠷᠠᠵᠤ ᠪᠠᠢᠯ᠎ᠠ᠃ ᠲᠡᠳᠡᠨ ᠦ᠌ ᠳᠤᠮᠳᠠ ᠠ᠋ᠴᠠ ᠵᠠᠯᠠᠢᠷ ᠤ᠋ᠨ ᠮᠦᠩᠬᠡᠰᠠᠷᠠ ᠨᠣᠶᠠᠨ ᠭᠡᠭᠴᠢ ᠥᠷᠭᠡᠨ ᠨᠢᠭᠤᠷ ᠲᠠᠢ᠂ ᠨᠠᠮᠬᠠᠪᠲᠤᠷ ᠨᠢᠷᠤᠭᠤ ᠲᠠᠢ ᠪᠣᠷᠣ ᠬᠥᠮᠦᠨ᠂ —ᠰᠤᠤᠲᠤ ᠪᠣᠭᠳᠠ ᠶᠡᠬᠡ ᠡᠵᠡᠨ ᠬᠠᠭᠠᠨ ᠵᠠᠷᠯᠢᠭ ᠪᠣᠯᠭᠠᠨ ᠲᠤᠯᠤᠢ ᠡᠵᠡᠨ ᠳ᠋ᠦ᠍ ᠥᠭᠭᠦᠭᠰᠡᠨ ᠡᠳᠡᠭᠡᠷ ᠠᠷᠠᠳ ᠢᠷᠭᠡᠳ ᠢ᠋ ᠥᠨᠥ ᠳᠤᠷ᠎ᠠ ᠮᠡᠳᠡᠨ ᠠᠪᠴᠤ ᠪᠠᠢᠭ᠎ᠠ ᠨᠢ ᠬᠢᠷᠢ ᠡᠴᠡ ᠬᠡᠲᠦᠷᠡᠭᠰᠡᠨ ᠬᠡᠷᠡᠭ ᠪᠤᠰᠤ ᠤᠤ᠃ ᠶᠡᠬᠡ ᠡᠵᠡᠨ ᠪᠣᠭᠳᠠ ᠬᠠᠭᠠᠨ ᠤ᠋ ᠵᠠᠷᠯᠢᠭ ᠢ᠋ ᠬᠡᠨ ᠬᠡᠷᠬᠢᠨ ᠵᠥᠷᠢᠴᠡᠵᠦ ᠪᠣᠯᠬᠤ ᠰᠠᠨ ᠪᠢᠯᠡ᠃ ᠬᠠᠲᠤᠨ ᠲᠠ ᠠᠯᠲᠠᠨ ᠤᠷᠤᠭ ᠤ᠋ᠨ ᠳᠠᠷᠬᠠᠨ ᠪᠡᠷᠢ ᠤᠴᠢᠷ ᠬᠠᠭᠠᠨ ᠳ᠋ᠤ᠌ ᠵᠠᠷᠭᠤ ᠮᠡᠳᠡᠭᠦᠯᠵᠦ᠂ ᠪᠢᠳᠡᠨ ᠦ᠌ ᠦᠭᠡ ᠶ᠋ᠢ ᠤᠯᠠᠮᠵᠢᠯᠠᠨ ᠥᠭᠭᠦᠨ᠎ᠡ ᠤᠤ ᠬᠡᠮᠡᠬᠦ ᠳ᠋ᠦ᠍ ᠰᠤᠷᠬᠠᠭᠲᠠᠨᠢ᠄ —ᠲᠠ ᠨᠠᠷ ᠤ᠋ᠨ ᠵᠥᠪ᠃ ᠭᠡᠪᠡᠴᠦ ᠲᠩᠷᠢ ᠶ᠋ᠢᠨ ᠳᠣᠣᠷ᠎ᠠ ᠨᠢᠭᠡ ᠯᠡ ᠬᠠᠭᠠᠨ ᠪᠠᠢᠬᠤ ᠲᠤᠯᠠ ᠲᠡᠭᠦᠨ ᠦ᠌ ᠰᠢᠢᠳᠪᠦᠷᠢ ᠶ᠋ᠢ ᠪᠦᠬᠦ ᠬᠥᠮᠦᠨ ᠳᠠᠭᠠᠬᠤ ᠨᠢ ᠬᠠᠤᠯᠢ ᠤᠴᠢᠷ ᠵᠥᠷᠢᠴᠡᠵᠦ ᠦᠯᠦ ᠪᠣᠯᠤᠨ᠎ᠠ᠃ ᠪᠢᠳᠡᠨ ᠦ᠌ ᠥᠪ ᠵᠠᠯᠭᠠᠮᠵᠢᠯᠠᠯ ᠬᠠᠭᠠᠨ ᠤ᠋ ᠰᠦᠷ ᠬᠦᠴᠦᠨ ᠦ᠌ ᠬᠠᠵᠠᠭᠤ ᠳ᠋ᠤ᠌ ᠶᠠᠭᠤ ᠪᠢᠯᠡ᠃ ᠬᠠᠭᠠᠨ ᠶᠠᠭᠤ ᠬᠢᠬᠦ ᠪᠡᠨ ᠥᠪᠡᠷ ᠢ᠋ᠶ᠋ᠡᠨ ᠮᠡᠳᠡᠵᠦ ᠪᠠᠢᠭ᠎ᠠ ᠲᠤᠯᠠ ᠪᠢᠳᠡ ᠲᠡᠭᠦᠨ ᠦ᠌ ᠰᠢᠢᠳᠪᠦᠷᠢ ᠶ᠋ᠢ ᠳᠠᠭᠠᠬᠤ ᠨᠢ ᠵᠥᠪ ᠭᠡᠵᠦ ᠡᠷᠡᠰᠬᠡᠨ ᠬᠡᠯᠡᠬᠦ ᠳ᠋ᠦ᠍ ᠬᠠᠲᠤᠨ ᠤ᠋ ᠠᠮᠠᠨ ᠠ᠋ᠴᠠ ᠡᠢᠮᠦ ᠦᠭᠡ ᠬᠦᠯᠢᠶᠡᠭᠡ ᠦᠭᠡᠢ ᠬᠥᠮᠦᠰ ᠦ᠋ᠨ ᠴᠢᠷᠠᠢ ᠳ᠋ᠤ᠌ ᠭᠠᠢᠬᠠᠰᠢ ᠲᠣᠳᠣᠷᠠᠯ᠎ᠠ᠃ ᠨᠢᠭᠡᠨᠲᠡ ᠬᠠᠲᠤᠨ ᠡᠨᠡ ᠰᠢᠢᠳᠪᠦᠷᠢ ᠶ᠋ᠢ ᠭᠠᠷᠭᠠᠭᠰᠠᠨ ᠪᠣᠯᠬᠣᠷ ᠬᠡᠨ ᠶᠠᠭᠤ ᠬᠡᠯᠡᠬᠦ ᠪᠢᠯᠡ᠃ ᠢᠷᠡᠭᠰᠡᠨ ᠬᠥᠮᠦᠰ ᠪᠤᠴᠠᠭᠰᠠᠨ ᠤ᠋ ᠳᠠᠷᠠᠭ᠎ᠠ ᠬᠠᠲᠤᠨ ᠡᠬᠡ ᠶ᠋ᠢᠨ ᠢ᠋ᠶ᠋ᠡᠨ ᠳᠡᠷᠭᠡᠳᠡ ᠪᠦᠬᠦᠨ ᠢ᠋ ᠰᠣᠨᠣᠰᠴᠤ ᠪᠠᠢᠭᠰᠠᠨ ᠬᠥᠪᠡᠭᠦᠳ ᠰᠠᠶᠢ ᠪᠣᠯᠵᠤ ᠥᠩᠭᠡᠷᠡᠭᠰᠡᠨ ᠶᠠᠪᠤᠳᠠᠯ ᠲᠠᠢ ᠰᠠᠨᠠᠯ ᠨᠡᠢᠯᠡᠬᠦ ᠦᠭᠡᠢ ᠪᠠᠢᠭ᠎ᠠ ᠨᠢ ᠢᠯᠡᠳᠲᠡ ᠬᠠᠷᠠᠭᠳᠠᠨ᠎ᠠ᠃ ᠮᠥᠩᠬᠡ ᠪᠤᠰᠤᠳ ᠠ᠋ᠴᠠ ᠪᠠᠨ ᠲᠦᠷᠦᠭᠦᠯᠡᠨ ᠠᠮᠠ ᠨᠡᠭᠡᠭᠡᠵᠦ᠂ —ᠡᠵᠢ ᠮᠢᠨᠢ᠃ ᠠᠷᠠᠢ ᠳᠡᠩᠳᠡᠭᠰᠡᠨ ᠬᠡᠷᠡᠭ ᠪᠣᠯᠤᠯ᠎ᠠ᠃ ᠪᠢᠳᠡᠨ ᠢ᠋ ᠥᠮᠥᠭᠯᠡᠬᠦ ᠡᠴᠢᠭᠡ ᠦᠭᠡᠢ ᠪᠣᠯᠬᠣᠷ ᠥᠮᠴᠢᠯᠡᠬᠦ ᠠᠷᠠᠳ ᠦᠭᠡᠢ ᠪᠣᠯᠭᠠᠬᠤ ᠭᠡᠵᠦ ᠬᠠᠭᠠᠨ ᠠᠪᠠᠭ᠎ᠠ ᠳᠤᠷ᠎ᠠ ᠮᠡᠳᠡᠨ ᠡᠢᠮᠦ ᠰᠢᠢᠳᠪᠦᠷᠢ ᠭᠠᠷᠭᠠᠵᠤ ᠪᠠᠢᠬᠤ ᠳ᠋ᠤ᠌ ᠲᠠ ᠶᠠᠭᠤᠨ ᠤ᠋ ᠤᠴᠢᠷ ᠲᠡᠭᠦᠨ ᠦ᠌ ᠦᠭᠡ ᠶ᠋ᠢ ᠳᠤᠭᠤᠯᠭᠠᠪᠤᠷᠢᠲᠠᠢ ᠳᠠᠭᠠᠨ᠎ᠠ ᠪᠣᠢ? ᠭᠡᠬᠦ ᠳ᠋ᠦ᠍᠂ ᠤᠳᠠᠭᠠᠬᠢ ᠬᠦᠦ ᠬᠤᠪᠢᠯᠠᠢ ᠠᠬ᠎ᠠ ᠶ᠋ᠢᠨ ᠢ᠋ᠶ᠋ᠡᠨ ᠶᠠᠷᠢᠶ᠎ᠠ ᠶ᠋ᠢ ᠢᠯᠡᠳᠲᠡ ᠳᠡᠮᠵᠢᠵᠦ᠂ ᠨᠢᠳᠦ ᠪᠡᠨ ᠣᠨᠢᠢᠯᠭᠠᠨ᠂ —ᠲᠡᠷᠡ ᠨᠢᠭᠡᠨ ᠴᠠᠭ ᠲᠤ ᠡᠪᠦᠭᠡ ᠶᠢᠰᠦᠭᠡᠢ ᠲᠠᠲ᠋ᠠᠷ ᠢᠷᠭᠡᠨ ᠳ᠋ᠦ᠍ ᠬᠣᠣᠷᠯᠠᠭᠳᠠᠵᠤ᠂ ᠥᠭᠡᠯᠦᠨ ᠡᠬᠡ ᠥᠨᠥᠴᠢᠨ ᠬᠥᠪᠡᠭᠦᠳ ᠲᠡᠢ ᠪᠡᠨ ᠦᠯᠡᠳᠡᠬᠦ ᠳ᠋ᠦ᠍ ᠲᠠᠷᠭᠤᠲᠠᠢ ᠲᠡᠷᠢᠭᠦᠲᠡᠢ ᠠᠬᠠᠨ ᠳᠡᠭᠦᠦᠰ ᠨᠢ ᠥᠭᠡᠯᠦᠨ ᠡᠮᠡᠭᠡ ᠡᠬᠡ ᠶ᠋ᠢ ᠪᠠᠭᠤᠷᠢᠨ ᠳᠡᠭᠡᠷ᠎ᠡ ᠨᠢ ᠬᠠᠷᠠᠯᠠᠭᠤᠯᠤᠨ ᠦᠯᠡᠳᠡᠭᠡᠵᠦ ᠪᠠᠢᠭᠰᠠᠨ ᠲᠠᠢ ᠠᠭᠠᠷ ᠨᠢᠭᠡᠨ ᠪᠠᠢᠨ᠎ᠠ᠃ ᠬᠠᠲᠤᠨ ᠡᠬᠡ ᠲᠠ ᠰᠢᠢᠳᠪᠦᠷᠢ ᠪᠡᠨ ᠡᠷᠭᠢᠵᠦ ᠬᠠᠷᠠ ᠭᠡᠯ᠎ᠡ᠃ ᠰᠤᠷᠬᠠᠭᠲᠠᠨᠢ ᠳ᠋ᠤ᠌ ᠲᠡᠷᠡ ᠨᠢᠭᠡᠨ ᠵᠢᠯ ᠦ᠋ᠨ ᠬᠤᠷᠠᠯᠳᠠᠢ ᠶ᠋ᠢᠨ ᠳᠠᠷᠠᠭ᠎ᠠ ᠡᠭᠡᠴᠢ ᠢᠪᠠᠭ᠎ᠠ ᠶ᠋ᠢ ᠵᠥᠷᠴᠢᠲᠠᠢ ᠳ᠋ᠤ᠌ ᠰᠣᠶᠣᠷᠬᠠᠨ ᠶᠠᠪᠤᠭᠤᠯᠤᠭᠰᠠᠨ ᠤ᠋ ᠬᠣᠢᠨ᠎ᠠ ᠭᠤᠨᠢᠭᠲᠤ ᠡᠳᠦᠷ ᠦ᠋ᠳ ᠦ᠋ᠨ ᠳᠤᠮᠳᠠ ᠥᠭᠡᠯᠦᠨ ᠡᠬᠡ ᠲᠡᠭᠦᠨ ᠢ᠋ ᠳᠠᠭᠠᠭᠤᠯᠤᠨ ᠶᠠᠪᠤᠵᠤ ᠲᠠᠯ᠎ᠠ ᠨᠤᠲᠤᠭ ᠤ᠋ᠨ ᠳᠤᠮᠳᠠ ᠣᠴᠢᠭᠠᠳ ᠶᠠᠷᠢᠵᠤ ᠪᠠᠢᠭᠰᠠᠨ ᠵᠦᠢᠯᠡᠰ ᠰᠠᠨᠠᠭᠠᠨ ᠳ᠋ᠤᠨᠢ ᠣᠷᠣᠯ᠎ᠠ᠃ ᠲᠡᠷᠡ ᠦᠶ᠎ᠡ ᠳ᠋ᠦ᠍ ᠥᠭᠡᠯᠦᠨ ᠡᠬᠡ ᠶᠠᠭ ᠡᠨᠡ ᠲᠤᠬᠠᠢ ᠶᠠᠷᠢᠵᠤ ᠪᠠᠢᠭᠰᠠᠨ᠃ ᠰᠠᠯᠬᠢᠨ ᠳ᠋ᠤ᠌ ᠬᠡᠢᠰᠬᠦ ᠪᠤᠭᠤᠷᠤᠯ ᠦᠰᠦ ᠪᠡᠨ ᠴᠢᠬᠢᠨ ᠦ᠌ ᠪᠡᠨ ᠠᠷᠤ ᠪᠠᠷ ᠬᠢᠬᠦ ᠵᠠᠭᠤᠷ᠎ᠠ ᠪᠠᠨ ᠲᠠᠯ᠎ᠠ ᠨᠤᠲᠤᠭ ᠢ᠋ᠶ᠋ᠠᠨ ᠪᠠᠬᠠᠳᠤᠨ ᠬᠠᠷᠠᠵᠤ᠂ — ᠲᠠᠯ᠎ᠠ ᠨᠤᠲᠤᠭ ᠤ᠋ᠨ ᠬᠥᠮᠦᠨ ᠦ᠌ ᠰᠡᠳᠬᠢᠯ ᠠᠯᠠᠭᠠᠨ ᠳ᠋ᠤ᠌ ᠲᠠᠯᠪᠢᠭᠰᠠᠨ ᠶᠤᠮ ᠰᠢᠭ᠋ ᠢᠯᠡᠬᠡᠨ ᠪᠠᠢᠳᠠᠭ᠃ ᠲᠡᠷᠡ ᠦᠶ᠎ᠡ ᠳ᠋ᠦ᠍ ᠲᠠᠷᠭᠤᠲᠠᠢ ᠲᠡᠷᠢᠭᠦᠲᠡᠢ ᠠᠬᠠᠨ ᠳᠡᠭᠦᠦᠰ ᠮᠢᠨᠢ ᠨᠠᠮᠠᠶ᠋ᠢ ᠠᠷᠭ᠎ᠠ ᠦᠭᠡᠢ ᠳ᠋ᠡᠭᠡᠨ ᠣᠷᠬᠢᠭᠰᠠᠨ ᠶᠤᠮ ᠰᠢᠦ᠂ ᠲᠡᠳᠡᠨ ᠦ᠌ ᠵᠠᠷᠢᠮ ᠨᠢ ᠨᠠᠳᠠ ᠳ᠋ᠤ᠌ ᠥᠪᠡᠷ ᠦ᠋ᠨ ᠪᠡᠶ᠎ᠡ ᠪᠡᠷ ᠬᠡᠯᠡᠵᠦ ᠪᠠᠢᠭᠰᠠᠨ ᠶᠤᠮ᠃ ᠲᠡᠳᠡᠨ ᠳ᠋ᠦ᠍ ᠥᠭᠡᠷ᠎ᠡ ᠰᠣᠩᠭᠣᠯᠲᠠ ᠪᠠᠢᠭ᠎ᠠ ᠦᠭᠡᠢ ᠶᠦᠮ᠃ ᠲᠠᠯ᠎ᠠ ᠨᠤᠲᠤᠭ ᠲᠤ ᠳᠠᠰᠤᠨ ᠦᠯᠡᠳᠡᠬᠦ ᠶ᠋ᠢᠨ ᠲᠤᠯᠠᠳᠠ ᠲᠡᠳᠡ ᠪᠢᠳᠡᠨ ᠢ᠋ ᠣᠷᠬᠢᠭᠰᠠᠨ ᠶᠤᠮ ᠭᠡᠰᠡᠨ ᠦᠭᠡᠰ ᠰᠤᠷᠬᠠᠭᠲᠠᠨᠢ ᠶ᠋ᠢᠨ ᠴᠢᠬᠢᠨ ᠳ᠋ᠦ᠍ ᠳᠤᠭᠤᠯᠳᠠᠬᠤ ᠰᠢᠭ᠋ ᠪᠣᠯᠤᠯ᠎ᠠ᠃ ᠰᠤᠷᠬᠠᠭᠲᠠᠨᠢ᠄ — ᠲᠡᠷᠡ ᠴᠠᠭ ᠲᠤ ᠥᠭᠡᠯᠦᠨ ᠡᠬᠡ ᠠᠬᠠᠨ ᠳᠡᠭᠦᠦᠰ ᠲᠡᠭᠡᠨ ᠭᠣᠮᠣᠳᠠᠭᠰᠠᠨ ᠪᠢᠯᠡ ᠤᠤ᠃ ᠲᠡᠳᠡ ᠠᠷᠭ᠎ᠠ ᠦᠭᠡᠢ ᠳ᠋ᠡᠭᠡᠨ ᠨᠡᠭᠦᠭᠰᠡᠨ ᠭᠡᠵᠦ ᠳᠠᠷᠠᠭ᠎ᠠ ᠨᠢ ᠥᠭᠡᠯᠦᠨ ᠡᠬᠡ ᠨᠠᠳᠠ ᠳ᠋ᠤ᠌ ᠬᠡᠯᠡᠵᠦ ᠪᠠᠢᠭᠰᠠᠨ᠃ ᠪᠢᠳᠡ ᠬᠣᠷᠣᠰᠤᠨ ᠭᠣᠮᠣᠳᠠᠬᠤ ᠪᠤᠰᠤ᠂ ᠬᠠᠷᠢᠨ ᠴᠤ᠌ ᠡᠨᠡ ᠪᠦᠬᠦᠨ ᠪᠢᠳᠡᠨ ᠢ᠋ ᠤᠯᠠᠮ ᠬᠦᠴᠦᠲᠡᠢ ᠪᠣᠯᠭᠠᠬᠤ ᠪᠤᠰᠤ ᠤᠤ᠃ ᠮᠢᠨᠦ ᠡᠨᠡ ᠰᠢᠢᠳᠪᠦᠷᠢ ᠶ᠋ᠢ ᠭᠠᠷᠭᠠᠭᠰᠠᠨ ᠤᠴᠢᠷ ᠪᠣᠯ ᠬᠦᠯᠢᠶᠡᠨ ᠵᠥᠪᠰᠢᠶᠡᠷᠡᠬᠦ ᠪᠠᠢᠭᠰᠠᠨ ᠶᠤᠮ᠃ ᠬᠥᠪᠡᠭᠦᠳ ᠡᠬᠡ ᠶ᠋ᠢᠨ ᠢ᠋ᠶ᠋ᠡᠨ《ᠬᠦᠯᠢᠶᠡᠨ ᠵᠥᠪᠰᠢᠶᠡᠷᠡᠬᠦ》 ᠭᠡᠰᠡᠨ ᠦᠭᠡ ᠶ᠋ᠢ ᠤᠬᠠᠵᠤ ᠣᠢᠯᠠᠭᠠᠬᠤ ᠪᠠᠷ ᠭᠠᠰᠢᠯᠤᠨ ᠪᠠᠢᠯ᠎ᠠ᠃ — ᠲᠠᠯ᠎ᠠ ᠨᠤᠲᠤᠭ ᠲᠤ ᠳᠠᠰᠤᠨ ᠦᠯᠡᠳᠡᠬᠦ ᠠᠷᠭ᠎ᠠ ᠵᠠᠮ ᠬᠢᠷᠢ ᠣᠯᠠᠨ ᠪᠠᠢᠳᠠᠭ ᠪᠣᠢ᠂ ᠶᠡᠬᠡ ᠭᠦᠷᠦᠨ ᠳ᠋ᠦ᠍ ᠴᠦ᠍ ᠲᠡᠷᠡ᠂ ᠡᠵᠡᠨ ᠦᠭᠡᠢ ᠲᠠᠯ᠎ᠠ ᠳ᠋ᠤ᠌ ᠴᠤ᠌ ᠲᠡᠷᠡ᠂ ᠳᠠᠰᠤᠨ ᠦᠯᠡᠳᠡᠬᠦ ᠠᠷᠭ᠎ᠠ ᠪᠣᠯ ᠬᠦᠯᠢᠶᠡᠨ ᠵᠥᠪᠰᠢᠶᠡᠷᠡᠬᠦ ᠪᠠᠢᠳᠠᠭ᠃ ᠪᠢ ᠲᠠ ᠨᠠᠷ ᠲᠤ ᠡᠨᠡ ᠮᠡᠲᠦ ᠵᠢᠱ᠌ᠢᠶ᠎ᠡ ᠶ᠋ᠢ ᠣᠯᠠᠨ ᠤᠳᠠᠭ᠎ᠠ ᠥᠭᠦᠯᠡᠭᠰᠡᠨ᠂ ᠮᠠᠷᠲᠠᠯ᠎ᠠ ᠭᠡᠵᠦ ᠤᠤ᠂ ᠪᠤᠯᠢᠶᠠᠭᠳᠠᠬᠤ ᠲᠣᠰᠤᠮ ᠤᠯᠠᠮ ᠶᠡᠬᠡ ᠶ᠋ᠢ ᠣᠯᠵᠤ᠂ ᠪᠤᠯᠠᠭᠤᠯᠬᠤ ᠲᠣᠰᠤᠮ ᠤᠯᠠᠮ ᠥᠭᠡᠳᠡ ᠭᠠᠷᠴᠤ ᠢᠷᠡᠬᠦ ᠶᠣᠰᠣᠲᠠᠢ ᠪᠠᠢᠲᠠᠯ᠎ᠠ ᠲᠠ ᠨᠠᠷ ᠵᠢᠷ ᠦ᠋ᠨ ᠢᠷᠭᠡᠳ ᠦ᠋ᠨ ᠠᠳᠠᠯᠢ ᠡᠨᠡ ᠮᠡᠲᠦ ᠬᠡᠷᠡᠭᠦᠯ ᠵᠠᠷᠭᠤ ᠬᠢᠬᠦ ᠶ᠋ᠢ ᠬᠦᠰᠡᠭᠡ ᠤᠤ ᠭᠡᠯ᠎ᠡ᠃ ᠬᠡᠵᠢᠶᠡᠳᠡ ᠡᠬᠡ ᠶ᠋ᠢᠨ ᠦᠭᠡ ᠵᠥᠪ ᠪᠠᠢᠳᠠᠭ ᠢ᠋ ᠬᠥᠪᠡᠭᠦᠳ ᠮᠡᠳᠡᠬᠦ ᠪᠢᠯᠡ᠃ ᠭᠡᠪᠡᠴᠦ ᠲᠡᠪᠴᠢᠶᠡᠷᠢ ᠠᠯᠳᠠᠭᠤᠯᠤᠭᠰᠠᠨ ᠡᠨᠡ ᠬᠡᠷᠡᠭ ᠶᠠᠪᠤᠳᠠᠯ ᠲᠡᠳᠡᠨ ᠢ᠋ ᠤᠬᠠᠭᠠᠨ ᠪᠣᠳᠣᠯ ᠢ᠋ᠶ᠋ᠠᠨ ᠵᠢᠯᠣᠭᠣᠳᠴᠤ ᠠᠷᠠᠢᠬᠠᠨ ᠰᠤᠷᠤᠭ᠎ᠠ ᠦᠭᠡᠢ ᠪᠠᠢᠭ᠎ᠠ ᠶ᠋ᠢ ᠬᠠᠷᠠᠭᠤᠯᠵᠤ ᠪᠠᠢᠯ᠎ᠠ᠃ ᠰᠣᠷᠬᠠᠭᠳᠠᠨᠢ ᠬᠠᠲᠤᠨ ᠴᠠᠭᠠᠰᠢ ᠦᠷᠭᠦᠯᠵᠢᠯᠡᠭᠦᠯᠦᠨ᠂ —ᠬᠡᠷᠪᠡ ᠪᠢᠳᠡ ᠥᠨᠥᠳᠥᠷ ᠬᠠᠭᠠᠨ ᠤ᠋ ᠥᠭᠡᠳᠡ ᠵᠠᠷᠭᠤ ᠮᠡᠳᠡᠭᠦᠯᠬᠦ ᠠᠪᠠᠰᠤ᠂ ᠨᠢᠭᠡᠨ ᠡᠳᠦᠷ ᠲᠩᠷᠢ ᠭᠠᠵᠠᠷ ᠤ᠋ᠨ ᠵᠠᠪᠰᠠᠷ ᠠ᠋ᠴᠠ ᠠᠷᠴᠢᠭᠳᠠᠨ᠎ᠠ᠃ ᠪᠢᠳᠡᠨ ᠳ᠋ᠦ᠍ ᠥᠮᠥᠭᠯᠡᠨ ᠲᠦᠰᠢᠬᠦ ᠬᠥᠮᠦᠨ ᠬᠡᠨ ᠪᠠᠢᠭ᠎ᠠ ᠪᠢᠯᠡ? ᠬᠠᠷᠢᠨ ᠲᠠ ᠨᠠᠷ ᠤ᠋ᠨ ᠡᠴᠢᠭᠡ ᠬᠡᠨ ᠦ᠌ ᠲᠥᠯᠥᠭᠡ ᠬᠠᠯᠠᠭᠤᠨ ᠠᠮᠢ ᠪᠠᠷ ᠢ᠋ᠶ᠋ᠠᠨ ᠥᠭᠯᠢᠭᠡ ᠥᠭᠴᠦ᠂ ᠶᠠᠭᠤᠨ ᠤ᠋ ᠲᠥᠯᠥᠭᠡ ᠪᠢᠳᠡᠨ ᠦ᠌ ᠵᠢᠷᠦᠬᠡ ᠶ᠋ᠢ ᠬᠠᠷᠠᠯᠠᠭᠤᠯᠤᠨ ᠣᠳᠤᠭᠰᠠᠨ ᠢ᠋ ᠤᠬᠠᠵᠤ ᠪᠣᠳᠣᠬᠤ ᠴᠠᠭ ᠨᠢ ᠪᠣᠯᠵᠠᠢ᠃ ᠡᠨᠡ ᠴᠠᠭ ᠠ᠋ᠴᠠ ᠬᠣᠢᠰᠢ ᠬᠠᠭᠠᠨ ᠡᠵᠡᠨ ᠦ᠌ ᠰᠠᠭᠤᠳᠠᠯ ᠳ᠋ᠤ᠌ ᠬᠡᠨ ᠴᠤ᠌ ᠰᠠᠭᠤᠭᠰᠠᠨ ᠦᠶ᠎ᠡ ᠳ᠋ᠦ᠍ ᠳᠤᠭᠤᠯᠭᠠᠪᠤᠷᠢᠲᠠᠢ ᠵᠠᠬᠢᠷᠤᠭᠳᠠᠵᠤ ᠶᠠᠪᠤ᠃ ᠢᠷᠭᠡᠳ ᠢ᠋ᠶ᠋ᠡᠨ ᠠᠯᠳᠠᠵᠤ ᠶᠠᠪᠤᠭᠰᠠᠨ ᠪᠠᠢᠭ᠎ᠠ ᠨᠢ ᠵᠥᠪᠬᠡᠨ ᠲᠠᠨᠠᠷ ᠪᠤᠰᠤ᠂ ᠨᠢᠭᠡᠨ ᠴᠠᠭ ᠲᠤ ᠡᠨᠡ ᠶᠡᠬᠡ ᠤᠯᠤᠰ ᠢ᠋ ᠪᠠᠢᠭᠤᠯᠬᠤ ᠠ᠋ᠴᠠ ᠡᠮᠦᠨ᠎ᠡ ᠲᠠ ᠨᠠᠷ ᠤ᠋ᠨ ᠡᠪᠦᠭᠡ ᠡᠴᠢᠭᠡ ᠴᠤ᠌ ᠥᠪᠡᠷ ᠦ᠋ᠨ ᠢᠷᠭᠡᠳ ᠢ᠋ᠶ᠋ᠡᠨ ᠠᠯᠳᠠᠵᠤ ᠦᠬᠦᠯ ᠠᠮᠢᠳᠤᠷᠠᠯ ᠤ᠋ᠨ ᠳᠤᠮᠳᠠᠭᠤᠷ ᠶᠠᠪᠤᠵᠤ ᠪᠠᠢᠭᠰᠠᠨ ᠤᠳᠠᠭ᠎ᠠ ᠲᠠᠢ᠃ ᠬᠠᠷᠢᠨ ᠡᠨᠡ ᠮᠡᠲᠦ ᠮᠠᠷᠭᠤᠭᠠᠨ ᠭᠠᠷᠭᠠᠬᠤ ᠶ᠋ᠢᠨ ᠣᠷᠣᠨ ᠳ᠋ᠤ᠌ ᠡᠪ ᠡᠶ᠎ᠡ ᠶ᠋ᠢ ᠰᠠᠬᠢᠨ ᠰᠠᠭᠤ ᠭᠡᠪᠡ᠃ ᠬᠥᠪᠡᠭᠦᠳ ᠡᠬᠡ ᠶ᠋ᠢᠨ ᠢ᠋ᠶ᠋ᠡᠨ ᠦᠭᠡ ᠶ᠋ᠢ ᠤᠬᠠᠵᠤ ᠣᠢᠯᠠᠭᠠᠪᠠ ᠪᠣᠯᠤᠯᠲᠠᠢ᠂ ᠭᠡᠪᠡᠴᠦ ᠢᠯᠡᠳᠲᠡ ᠪᠠᠰᠤᠮᠵᠢᠯᠠᠭᠰᠠᠨ ᠡᠵᠡᠨ ᠬᠠᠭᠠᠨ ᠤ᠋ ᠡᠨᠡ ᠦᠢᠯᠡᠳᠦᠯ ᠲᠡᠳᠡᠨ ᠦ᠌ ᠰᠡᠳᠬᠢᠯ ᠦ᠋ᠨ ᠰᠢᠷᠬ᠎ᠠ ᠶ᠋ᠢ ᠡᠪᠡᠳᠬᠡᠨ ᠪᠠᠢᠯ᠎ᠠ᠃ ᠬᠠᠷᠠᠬᠣᠷᠣᠮ ᠳ᠋ᠠᠬᠢ ᠡᠵᠡᠨ ᠬᠠᠭᠠᠨ ᠤ᠋ ᠣᠷᠳᠣᠨ ᠳ᠋ᠤ᠌ ᠥᠭᠡᠳᠡᠢ ᠬᠠᠭᠠᠨ ᠦᠳᠡᠰᠢ ᠪᠦᠷᠢ ᠰᠠᠷᠬᠤᠳ ᠬᠦᠷᠲᠡᠨ ᠰᠠᠭᠤᠬᠤ ᠨᠢ ᠣᠯᠠᠰᠢᠷᠠᠵᠠᠢ᠃ ᠣᠷᠣᠢ ᠦᠳᠡᠰᠢ ᠶ᠋ᠢᠨ ᠴᠠᠭ ᠢ᠋ᠶ᠋ᠠᠷ ᠣᠩᠭᠣᠨ ᠰᠢᠲᠦᠭᠡᠨ ᠲᠡᠢ ᠶᠠᠷᠢᠨ ᠢᠩᠭᠢᠵᠦ ᠰᠠᠭᠤᠬᠤ ᠡᠳᠦᠷ ᠬᠠᠭᠠᠨ ᠳ᠋ᠤ᠌ ᠬᠡᠲᠦᠷᠬᠡᠢ ᠣᠯᠠᠨ ᠪᠣᠯᠤᠭᠠᠳ ᠪᠠᠢᠯ᠎ᠠ᠃ ᠶᠡᠬᠡ ᠬᠤᠷᠠᠯᠲᠠᠢ ᠠ᠋ᠴᠠ ᠵᠠᠷᠯᠠᠭᠰᠠᠨ ᠲᠡᠢᠨ ᠦ᠌ ᠲᠣᠭᠣᠰᠣ ᠲᠠᠲᠠᠬᠤ ᠬᠠᠷᠠᠬᠠᠨ ᠪᠣᠯᠤᠭ᠎ᠠ ᠦᠭᠡᠢ ᠲᠤᠯᠠ ᠬᠠᠭᠠᠨ ᠡᠵᠡᠨ ᠬᠠᠷᠠᠬᠣᠷᠣᠮ ᠳ᠋ᠠᠭᠠᠨ ᠰᠠᠭᠠᠳᠠᠨ ᠬᠡᠳᠦᠨ ᠰᠠᠷ᠎ᠠ ᠶ᠋ᠢ ᠠᠮᠤᠷ ᠵᠢᠮᠦᠷ ᠥᠩᠭᠡᠷᠡᠭᠦᠯᠪᠡ᠃ ᠲᠠᠯ᠎ᠠ ᠨᠤᠲᠤᠭ ᠤ᠋ᠨ ᠳᠡᠭᠡᠭᠦᠷ ᠢᠰᠬᠡᠷᠬᠦ ᠰᠠᠯᠬᠢᠨ ᠳᠠᠩᠴᠤ ᠰᠢᠷᠦᠭᠦᠨ᠃ ᠡᠪᠦᠯ ᠦ᠋ᠨ ᠴᠠᠭ ᠲᠤ ᠪᠣᠯ ᠬᠠᠷᠠᠬᠣᠷᠣᠮ ᠳ᠋ᠤ᠌ ᠨᠢᠳᠦ ᠦᠭᠡᠢ ᠴᠠᠰᠤᠨ ᠰᠢᠭᠤᠷᠭ᠎ᠠ ᠳᠡᠭᠳᠡᠵᠦ᠂ ᠬᠥᠮᠦᠰ ᠭᠠᠵᠠᠷ ᠲᠤ᠌ ᠵᠣᠭᠰᠣᠵᠤ ᠴᠢᠳᠠᠯ ᠦᠭᠡᠢ ᠳᠣᠭᠣᠭᠰᠢ ᠰᠥᠬᠥᠷᠡᠨ ᠬᠡᠪᠲᠡᠵᠦ᠂ ᠰᠢᠷᠦᠭᠦᠨ ᠰᠠᠯᠬᠢ ᠰᠢᠭᠤᠷᠭ᠎ᠠ ᠶ᠋ᠢ ᠨᠠᠮᠳᠠᠭᠠᠬᠤ ᠨᠢ ᠬᠡᠪ ᠦ᠋ᠨ ᠦᠵᠡᠭᠳᠡᠯ ᠪᠣᠯᠤᠭᠠᠳ ᠪᠠᠢᠯ᠎ᠠ᠃ ᠬᠠᠷᠢᠨ ᠬᠠᠪᠤᠷ ᠨᠠᠮᠤᠷ ᠤ᠋ᠨ ᠴᠠᠭ ᠲᠤ᠌ ᠰᠢᠷᠣᠢ ᠪᠠᠷ ᠨᠢᠳᠦ ᠦᠭᠡᠢ ᠰᠢᠭᠤᠷᠬᠤ ᠡᠨᠡ ᠲᠠᠯ᠎ᠠ ᠭᠠᠵᠠᠷ ᠠᠯᠲᠠᠨ ᠤᠷᠤᠭ ᠤ᠋ᠨ ᠬᠢᠨ ᠦ᠌ ᠥᠰᠴᠦ ᠲᠣᠮᠣ ᠪᠣᠯᠤᠭᠰᠠᠨ ᠬᠥᠳᠡᠭᠡ ᠠᠷᠠᠯ ᠤ᠋ᠨ ᠲᠡᠷᠲᠡᠭᠡᠬᠢ ᠨᠤᠲᠤᠭ ᠠ᠋ᠴᠠ ᠥᠭᠡᠷ᠎ᠡ ᠪᠠᠢᠯ᠎ᠠ᠃ ᠨᠠᠮᠤᠷ ᠤ᠋ᠨ ᠰᠡᠷᠢᠭᠦᠦ ᠣᠷᠣᠵᠤ᠂ ᠬᠠᠷᠠᠬᠣᠷᠣᠮ ᠤ᠋ᠨ ᠳᠡᠭᠡᠭᠦᠷ ᠲᠡᠨᠦᠮᠡᠯ ᠰᠠᠯᠬᠢᠨ ᠬᠡᠢ ᠡᠷᠭᠢᠵᠦ᠂ ᠬᠥᠮᠦᠨ ᠮᠠᠯ ᠢ᠋ ᠲᠤᠢᠯᠳᠠᠭᠤᠯᠬᠤ ᠬᠦᠢᠲᠡᠨ ᠴᠠᠭ ᠤ᠋ᠨ ᠳᠣᠬᠢᠶ᠎ᠠ ᠶ᠋ᠢ ᠥᠭᠭᠦᠨ ᠪᠠᠶ᠋ᠢᠬᠰᠠᠨ ᠲᠡᠷᠡ ᠡᠳᠦᠷ ᠥᠭᠡᠳᠡᠢ ᠬᠠᠭᠠᠨ ᠰᠢᠲᠦᠭᠡᠨ ᠦ᠌ ᠦᠷᠭᠦᠭᠡᠨ ᠳ᠋ᠡᠭᠡᠨ ᠰᠠᠭᠠᠳᠠᠨ ᠰᠠᠷᠬᠤᠳ ᠬᠦᠷᠲᠡᠨ ᠰᠠᠭᠤᠬᠤ ᠠᠵᠢ᠃yo