ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠠᠷᠪᠠ> Хан мунын сүүрс < доорд > – Мөнх зохиоов ᠂Дөдгөөр бодь – Нэгдүгээр бүлэг <10>
ᠠᠩᠭᠢᠯᠠᠯ:ᠲᠤᠭᠤᠵᠢ ᠷᠣᠮᠠᠨТоож роман 2025-04-08
226
ᠲᠦᠲᠦᠭᠡᠷ ᠪᠣᠲᠢ – ᠨᠢᠭᠡᠳᠦᠭᠡᠷ ᠪᠦᠯᠦᠭ <ᠠᠷᠪᠠ> ᠠᠷᠪᠠ ᠤᠨᠢᠶᠠᠷ ᠬᠦᠳᠡᠩ ᠡᠴᠡ ᠠᠭᠠᠵᠢᠮᠬᠠᠨ ᠰᠤᠭᠤᠷᠠᠭᠰᠠᠨ ᠨᠠᠷᠠ ᠠᠭᠤᠯᠠ ᠶ᠋ᠢᠨ ᠲᠣᠯᠣᠭᠠᠢ ᠳᠡᠭᠡᠷ᠎ᠡ ᠭᠠᠷᠬᠤ ᠳ᠋ᠤ᠌ ᠮᠤᠨᠠ ᠶ᠋ᠢᠨ ᠠᠭᠤᠯᠠᠨ ᠤ᠋ ᠱᠢᠷᠤᠨ ᠬᠠᠳᠠ ᠶ᠋ᠢ ᠴᠢᠮᠡᠭᠰᠠᠨ ᠴᠣᠬᠣᠷ ᠴᠠᠰᠤ ᠨᠠᠷᠠᠨ ᠤ᠋ ᠭᠡᠷᠡᠯ ᠳ᠋ᠦ᠍ ᠭᠢᠯᠠᠰᠴᠤ ᠬᠠᠷᠬᠠᠭᠳᠠᠬᠤ ᠨᠢ ᠣᠨᠴᠠ ᠰᠠᠢᠬᠠᠨ᠃ ᠠᠭᠤᠯᠠ ᠶ᠋ᠢᠨ ᠪᠠᠯ᠂ ᠡ...