ᠰᠦᠪᠡᠭᠡᠳᠡᠢ ᠵᠠᠩᠵᠤᠨСүвээдэй жанжин
ᠳᠥᠷᠪᠡᠨ ᠵᠦᠭ ᠦ᠋ᠨ ᠲᠦᠮᠡᠨ ᠬᠡᠯᠡᠲᠡᠨ ᠢ᠋ ᠮᠥᠬᠥᠭᠡᠨ ᠳᠣᠷᠣᠢᠲᠠᠭᠤᠯᠤᠭᠴᠢ ᠲᠡᠮᠦᠷ ᠲᠡᠷᠭᠡᠲᠦ ᠬᠡᠮᠡᠬᠦ ᠰᠦᠪᠡᠭᠡᠳᠡᠢ ᠪᠠᠭᠠᠲᠤᠷ
ᠰᠥᠪᠡᠭᠡᠲᠡᠶ ᠪᠠᠭᠠᠲᠤᠷ 1176 ᠣᠨ ᠳ᠋ᠤ᠌ ᠢᠵᠠᠭᠤᠷᠲᠠᠨ ᠬᠠᠪᠠᠯ ᠤ᠋ᠨ ᠬᠡᠦᠬᠡᠳ ᠪᠣᠯᠤᠨ ᠲᠥᠷᠥᠭᠰᠡᠨ ᠪᠥᠭᠡᠳ ᠠᠷᠪᠠᠨ ᠳᠥᠷᠪᠡᠨ ᠨᠠᠰᠤᠨ ᠠ᠋ᠴᠠ ᠪᠠᠨ ᠬᠠᠭᠠᠨ ᠤ᠋ ᠰᠠᠩ ᠬᠠᠮᠠᠭᠠᠯᠠᠬᠤ ᠬᠣᠰᠢᠭᠤᠴᠢ ᠂ ᠬᠠᠢᠭᠤᠯᠴᠢ ᠶ᠋ᠢᠨ ᠠᠯᠪᠠ ᠬᠠᠰᠢᠵᠤ 1206 ᠣᠨ ᠳ᠋ᠤ᠌ ᠮᠢᠩᠭᠠᠨ ᠤ᠋ ᠨᠣᠶᠠᠨ ᠪᠣᠯᠤᠭᠰᠠᠨ ᠪᠠᠢᠨ᠎ᠠ᠃
ᠴᠢᠩᠭᠢᠰ ᠬᠠᠭᠠᠨ ᠠᠬᠠᠮᠠᠳ ᠬᠥᠪᠡᠭᠦᠨ ᠵᠥᠴᠢ ᠶ᠋ᠢ ᠶᠡᠬᠡ ᠴᠡᠷᠢᠭ ᠤᠳᠤᠷᠢᠳᠤᠭᠤᠯᠤᠨ ᠪᠠᠷᠠᠭᠤᠨ ᠬᠣᠢᠲᠤ ᠵᠦᠭ ᠡᠴᠡ ᠮᠣᠩᠭᠣᠯ ᠣᠷᠣᠨ ᠤ᠋ ᠠᠮᠤᠭᠤᠯᠠᠩ ᠲᠠᠢᠪᠤᠩ ᠪᠠᠢᠳᠠᠯ ᠢ᠋ ᠠᠯᠳᠠᠭᠤᠯᠤᠭᠰᠠᠳ ᠤ᠋ᠨ ᠰᠡᠭᠦᠯᠴᠢ ᠶ᠋ᠢᠨ ᠭᠣᠯᠣᠮᠲᠠ ᠶ᠋ᠢ ᠳᠠᠷᠤᠭᠤᠯᠬᠤ ᠪᠠᠷ ᠢᠯᠡᠭᠡᠬᠦ ᠳ᠋ᠡᠭᠡᠨ ᠰᠥᠪᠡᠭᠡᠲᠡᠶ ᠢ᠋ ᠵᠢᠪᠡ ᠶ᠋ᠢᠨ ᠬᠠᠮᠲᠤ ᠢᠯᠡᠭᠡᠭᠰᠡᠨ ᠪᠠᠢᠨ᠎ᠠ᠃
ᠡᠨᠡ ᠦᠶ᠎ᠡ ᠳ᠋ᠦ᠍ ᠰᠥᠪᠡᠭᠡᠲᠡᠶ ᠪᠠᠭᠠᠲᠤᠷ ᠴᠢᠩᠭᠢᠰ ᠬᠠᠭᠠᠨ ᠳ᠋ᠤ᠌ ᠬᠠᠨᠳᠤᠨ ᠪᠢᠳᠡᠨ ᠢ᠋ ᠶᠠᠭᠤ ᠪᠦᠲᠦᠭᠡᠬᠦ ᠶ᠋ᠢ ᠠᠢᠰᠤᠢ ᠴᠠᠭ ᠬᠤᠭᠤᠴᠠᠭ᠎ᠠ ᠬᠠᠷᠠᠭᠤᠯᠤᠭ᠃ ᠶᠡᠬᠡ ᠦᠢᠯᠡ ᠶ᠋ᠢ ᠭᠦᠢᠴᠡᠯᠳᠦᠭᠦᠯᠬᠦ ᠡᠰᠡᠬᠦ ᠶ᠋ᠢ ᠡᠵᠡᠨ ᠦ᠌ ᠲᠠᠭᠠᠯᠠᠯ ᠮᠡᠳᠡᠲᠦᠭᠡᠢ ᠭᠡᠮᠡᠨ ᠢᠷᠦᠭᠡᠯ ᠢ᠋ ᠨᠢ ᠠᠪᠤᠨ ᠮᠣᠷᠳᠠᠭᠰᠠᠨ ᠪᠠᠢᠨ᠎ᠠ᠃
ᠡᠨᠡ ᠠᠶᠠᠨ ᠳᠠᠢᠨ ᠢ᠋ᠶ᠋ᠡᠷ ᠲᠡᠳᠡ ᠨᠠᠢ᠍ᠮᠠᠨ ᠤᠯᠤᠰ ᠤ᠋ᠨ ᠳᠠᠭᠠᠵᠤ ᠣᠷᠣᠭ᠎ᠠ ᠦᠭᠡᠢ ᠰᠡᠭᠦᠯᠴᠢ ᠶ᠋ᠢᠨ ᠣᠪᠣᠭ ᠠᠢᠮᠠᠭ ᠢ᠋ ᠳᠠᠭᠠᠭᠤᠯᠤᠭᠠᠳ ᠂ᠠᠯᠲᠠᠢ ᠠᠭᠤᠯᠠ ᠶ᠋ᠢ ᠳᠠᠪᠠᠵᠤ ᠤᠷᠤᠭᠤᠳᠠᠨ ᠬᠢᠷᠭᠢᠰ ᠣᠪᠣᠭ ᠠᠢᠮᠠᠭ ᠨᠤᠲᠤᠭᠯᠠᠬᠤ ᠬᠡᠭᠡᠷ᠎ᠡ ᠲᠠᠯ᠎ᠠ ᠳ᠋ᠤ᠌ ᠪᠠᠭᠤᠵᠤ ᠢᠷᠡᠬᠦ ᠳ᠋ᠦ᠍᠂ ᠥᠪᠡᠷᠰᠡᠳ ᠲᠡᠢ ᠨᠢ ᠠᠳᠠᠯᠢ ᠨᠡᠭᠦᠳᠡᠯᠴᠢᠨ ᠲᠡᠳᠦᠢ ᠴᠦ᠍ ᠪᠠᠢᠯᠳᠤᠬᠤ ᠳᠠᠢᠳᠤᠬᠤ ᠳ᠋ᠤ᠌ ᠭᠠᠪᠢᠬᠤ ᠦᠭᠡᠢ ᠲᠡᠳᠡ ᠪᠠᠷᠤᠭ ᠰᠠᠢᠨ ᠳᠤᠷ᠎ᠠ ᠠ᠋ᠴᠠ ᠪᠠᠨ ᠪᠠᠭᠤᠵᠤ ᠥᠭᠴᠡᠢ᠃
ᠢᠩᠭᠢᠭᠡᠳ ᠶᠡᠬᠡ ᠴᠡᠷᠢᠭ᠂ ᠮᠣᠷᠢᠨ ᠤ᠋ ᠵᠢᠯᠣᠭᠣ ᠪᠠᠨ ᠡᠷᠭᠢᠭᠦᠯᠵᠦ ᠪᠠᠢᠯᠳᠤᠬᠤ ᠪᠦᠷᠢ ᠳ᠋ᠦ᠍ ᠪᠡᠨ᠂ ᠣᠢ ᠶ᠋ᠢᠨ ᠰᠢᠭᠤᠢ ᠳ᠋ᠤ᠌ ᠤᠬᠤᠷᠢᠨ ᠨᠢᠭᠤᠭᠳᠠᠬᠤ ᠮᠡᠷᠭᠡᠳ ᠦ᠋ᠳ ᠢ᠋ ᠠᠷᠤ ᠨᠢᠷᠤᠭᠤᠨ ᠠ᠋ᠴᠠ ᠨᠢ ᠤᠰᠠᠳᠬᠠᠬᠤ ᠪᠠᠷ ᠰᠠᠨᠶᠸᠨᠢ ᠨᠢᠷᠤᠭᠤ ᠶ᠋ᠢ ᠥᠭᠰᠥᠵᠦ ᠣᠢᠷᠠᠳ ᠤ᠋ᠳ ᠢ᠋ ᠵᠠᠮ ᠳ᠋ᠤ᠌ ᠪᠠᠨ ᠳᠠᠭᠠᠭᠤᠯᠤᠭᠠᠳ ᠤᠯᠠᠮ ᠢ᠋ᠶ᠋ᠠᠷ ᠲᠣᠭᠲᠤᠭ᠎ᠠ ᠪᠥᠬᠡ ᠶ᠋ᠢᠨ ᠴᠡᠷᠢᠭ ᠢ᠋ ᠭᠦᠢᠴᠡᠨ ᠴᠣᠬᠢᠵᠤ ᠲᠣᠯᠣᠭᠠᠶᠢᠯᠠᠭᠴᠢ ᠶ᠋ᠢ ᠨᠢ ᠤᠰᠠᠳᠬᠠᠭᠰᠠᠨ ᠠ᠋ᠴᠠ ᠬᠣᠢᠰᠢ ᠲᠡᠮᠦᠷ ᠲᠡᠷᠭᠡᠲᠦ ᠰᠥᠪᠡᠭᠡᠲᠡᠶ ᠭᠡᠮᠡᠨ ᠠᠯᠳᠠᠷᠰᠢᠭᠰᠠᠨ ᠪᠠᠢᠨ᠎ᠠ ᠃
ᠵᠦᠷᠴᠢᠳ ᠦ᠋ᠨ ᠠᠯᠲᠠᠨ ᠤᠯᠤᠰ ᠤ᠋ᠨ ᠡᠰᠡᠷᠭᠦ ᠠᠩᠬᠠᠨ ᠤ᠋ ᠠᠶᠠᠨ ᠲᠡᠢᠨ ᠡᠴᠡ ᠭᠤᠴᠢᠨ ᠵᠢᠷᠭᠤᠭᠠᠨ ᠨᠠᠰᠤᠲᠠᠢ ᠰᠥᠪᠡᠭᠡᠲᠡᠶ ᠪᠠᠭᠠᠲᠤᠷ ᠤᠯᠠᠮ ᠰᠢᠯᠭᠠᠷᠠᠨ ᠳᠣᠪᠣᠢᠭᠰᠠᠨ ᠭᠡᠳᠡᠭ᠃ ᠠᠯᠲᠠᠨ ᠤᠯᠤᠰ ᠲᠠᠢ ᠳᠠᠢᠳᠤᠬᠤ ᠦᠶ᠎ᠡ ᠳ᠋ᠡᠭᠡᠨ ᠢ᠋ᠶ᠋ᠡᠨ ᠰᠥᠪᠡᠭᠡᠲᠡᠶ ᠢ᠋ ᠲᠡᠳᠡᠨ ᠦ᠌ ᠤᠤᠭᠠᠯ ᠨᠤᠲᠤᠭ ᠮᠠᠨᠵᠤᠤᠷ ᠲᠤ᠌ ᠬᠠᠮᠵᠢᠭᠤᠯᠬᠤ ᠪᠠᠷ ᠶᠠᠪᠤᠭᠤᠯᠬᠤ ᠳ᠋ᠤ᠌᠂ ᠲᠡᠷᠡ ᠪᠡᠷ ᠮᠠᠨᠵᠤᠤᠷ ᠢ᠋ ᠬᠥᠨᠳᠡᠯᠡᠨ ᠭᠤᠯᠳᠤ ᠭᠢᠷᠪᠢᠨ ᠪᠠᠢᠯᠳᠤᠵᠤ ᠂ ᠳᠠᠯᠠᠢ ᠡᠷᠭᠢ ᠳ᠋ᠦ᠍ ᠬᠦᠷᠦᠭᠡᠳ ᠂ ᠡᠷᠭᠢ ᠶ᠋ᠢᠨ ᠳᠠᠭᠠᠤ ᠡᠮᠦᠨ᠎ᠡ ᠵᠦᠭ ᠲᠦ᠍ ᠶᠠᠪᠤᠵᠤ ᠂ ᠰᠣᠯᠣᠩᠭᠣᠰ ᠤ᠋ᠨ ᠬᠠᠭᠠᠨ ᠢ᠋ ᠠᠩᠬᠠᠯᠠᠨ ᠴᠢᠩᠭᠢᠰ ᠬᠠᠭᠠᠨ ᠤ᠋ ᠬᠠᠷᠢᠶᠠᠨ ᠳ᠋ᠤ᠌ ᠣᠷᠣᠭᠤᠯᠤᠭᠰᠠᠨ ᠪᠥᠯᠥᠭᠡ᠃ ᠭᠡᠪᠡᠴᠦ ᠡᠨᠡ ᠤᠳᠠᠭ᠎ᠠ ᠬᠠᠯᠵᠠ ᠪᠠᠷᠢᠭᠤᠯᠤᠭᠠᠳ ᠂ ᠪᠦᠷᠢᠨ ᠭᠦᠢᠴᠡᠳ ᠡᠵᠡᠯᠡᠬᠦ ᠶ᠋ᠢ ᠵᠠᠪᠳᠤᠭᠰᠠᠨ ᠦᠭᠡᠢ ᠪᠠᠢᠨ᠎ᠠ᠃ ᠴᠢᠩᠭᠢᠰ ᠬᠠᠭᠠᠨ᠂ 1218 ᠣᠨ ᠳ᠋ᠤ᠌᠂ ᠬᠣᠷᠴᠸᠮ ᠤ᠋ᠨ ᠡᠰᠡᠷᠭᠦ ᠬᠢᠬᠦ ᠲᠡᠢᠨ ᠳ᠋ᠡᠭᠡᠨ᠂ ᠭᠣᠣᠯ ᠳᠠᠭᠠᠭᠠᠯᠭᠠᠪᠤᠷᠢ ᠶ᠋ᠢ ᠢᠲᠡᠭᠡᠯᠲᠦ ᠬᠣᠶᠠᠷ ᠥᠷᠯᠥᠭ ᠲᠡᠭᠡᠨ ᠥᠭᠴᠦ « ᠱᠠᠾ ᠢ᠋ ᠪᠠᠷᠢᠭ᠎ᠠ ᠦᠭᠡᠢ ᠴᠠᠭ ᠲᠤ᠌ ᠂ ᠡᠷᠭᠢᠵᠦ ᠪᠦᠦ ᠢᠷᠡᠭᠲᠦᠨ ᠭᠠᠵᠠᠷ ᠣᠷᠣᠨ ᠢ᠋ᠶ᠋ᠠᠷ ᠨᠢᠭᠵᠢᠨ ᠶᠠᠪᠤᠵᠤ᠂ ᠬᠠᠨᠳᠤᠭᠰᠠᠨ ᠵᠦᠭ ᠲᠦ᠋ᠨᠢ ᠮᠥᠷᠳᠡᠲᠦᠭᠡᠢ ᠲᠠ ᠨᠠᠷ᠂ ᠲᠠᠭᠠᠨ ᠣᠷᠣᠬᠤ ᠬᠣᠲᠠ ᠪᠦᠬᠦᠨ ᠢ᠋ ᠥᠷᠥᠰᠢᠶᠡᠨ ᠭᠡᠯᠳᠦᠷᠢᠭᠦᠯᠵᠦ ᠂ ᠵᠠᠮ ᠳ᠋ᠤ᠌ ᠲᠦᠪᠡᠭ ᠪᠣᠯᠵᠤ ᠡᠰᠡᠷᠭᠦᠴᠡᠯ ᠦᠵᠡᠭᠦᠯᠦᠭᠰᠡᠨ ᠢ᠋ ᠬᠠᠢᠷ᠎ᠠ ᠨᠠᠢᠷ ᠦᠭᠡᠢ ᠤᠰᠠᠳᠬᠠᠬᠤ ᠬᠡᠷᠡᠭᠲᠡᠢ᠃ ᠭᠡᠮᠡᠨ ᠵᠠᠷᠯᠢᠭᠳᠠᠵᠤ᠂ ᠪᠠᠰᠠ ᠬᠦ᠂ ᠬᠠᠭᠠᠨ ᠤ᠋ ᠪᠠᠲᠤᠯᠠᠮᠵᠢ ᠶ᠋ᠢ ᠪᠢᠴᠢᠭ ᠢ᠋ᠶ᠋ᠡᠷ ᠲᠤᠭᠤᠷᠪᠢᠵᠤ᠂ ᠡᠵᠡᠨ ᠦ᠌ ᠰᠢᠩᠬᠤᠨ ᠲᠠᠮᠠᠭ᠎ᠠ ᠶ᠋ᠢ ᠳᠠᠷᠤᠭᠰᠠᠨ ᠵᠤᠤᠬ᠎ᠠ ᠪᠢᠴᠢᠭ ᠢ᠋ ᠠᠷᠭ᠎ᠠ ᠵᠠᠯᠢ ᠲᠡᠭᠦᠰ ᠰᠥᠪᠡᠭᠡᠲᠡᠶ ᠂ ᠡᠷᠯᠢᠰᠡ ᠱᠠᠯᠠᠮᠠᠭᠠᠢ ᠵᠢᠪᠡ ᠨᠠᠷ ᠲᠤ᠌ ᠰᠢᠳᠬᠡᠨ ᠥᠭᠴᠦ ᠶᠠᠪᠤᠭᠤᠯᠵᠠᠢ ᠂᠂
ᠡᠨᠡ ᠪᠣᠯ ᠨᠢᠭᠡ ᠲᠠᠯ᠎ᠠ ᠪᠠᠷ ᠦᠨᠡᠬᠡᠷ ᠵᠣᠷᠢᠮᠠᠭ ᠲᠤᠰᠢᠶᠠᠯ ᠰᠢᠢᠳᠪᠦᠷᠢ ᠪᠠᠢᠭᠰᠠᠨ ᠶᠤᠮ᠂᠂ ᠤᠴᠢᠷ ᠨᠢ ᠡᠨᠡ ᠦᠶ᠎ᠡ ᠳ᠋ᠦ᠍ ᠴᠢᠩᠭᠢᠰ ᠬᠠᠭᠠᠨ ᠵᠥᠪᠬᠡᠨ᠂ ᠰᠢᠷᠢ-ᠳ᠋ᠢᠷᠢᠶᠠ ᠂ ᠠᠮᠤ-ᠳ᠋ᠢᠷᠢᠶᠠ ᠬᠣᠶᠠᠷ ᠮᠥᠷᠡᠨ ᠦ᠌ ᠵᠠᠪᠰᠠᠷ ᠠᠬᠤᠢ ᠪᠤᠬᠠᠷ ᠤ᠋ᠨ ᠡᠷᠭᠢᠨ ᠲᠣᠭᠣᠷᠢᠨ ᠤ᠋ ᠣᠨᠴᠠ ᠶ᠋ᠢᠨ ᠨᠥᠯᠥᠭᠡ ᠦᠭᠡᠢ ᠬᠡᠳᠦᠨ ᠭᠠᠵᠠᠷ ᠢ᠋ ᠡᠵᠡᠯᠡᠵᠦ ᠠᠪᠤᠭᠠᠳ ᠪᠠᠢᠪᠠ᠃ ᠭᠡᠲᠡᠯ᠎ᠡ ᠮᠣᠬᠠᠮᠮᠡᠳ᠋ ᠱᠠᠾ ᠤ᠋ᠨ ᠠᠪᠤᠷᠭᠤ ᠲᠣᠮᠣ ᠭᠦᠷᠦᠨ ᠡᠮᠦᠨ᠎ᠡ ᠥᠷᠥᠨ᠎ᠡ ᠵᠦᠭ ᠬᠡᠳᠦᠨ ᠮᠢᠩᠭᠠᠨ ᠪᠠᠷᠠᠭ᠎ᠠ ᠶ᠋ᠢᠨ ᠭᠠᠵᠠᠷ ᠢ᠋ ᠲᠡᠷᠡ ᠴᠢᠭ ᠢ᠋ᠶ᠋ᠡᠷ ᠢ᠋ᠶ᠋ᠡᠨ ᠡᠯᠡᠢᠨ ᠣᠷᠣᠰᠢᠵᠤ ᠪᠠᠢᠯ᠎ᠠ᠂᠂ ᠡᠨᠡ ᠭᠦᠷᠦᠨ ᠂ ᠬᠥᠮᠦᠨ ᠠᠮᠠ ᠮᠣᠷᠢ ᠮᠠᠯ ᠂ ᠪᠤᠬᠠᠷ ᠂ ᠰᠠᠮᠠᠷᠭᠡᠨᠳ᠋ ᠰᠢᠭ ᠡᠳᠦᠢ ᠲᠡᠳᠦᠢ ᠬᠣᠲᠠ ᠨᠤᠭᠤᠳ ᠢ᠋ᠶ᠋ᠠᠷ ᠪᠠᠶᠠᠨ ᠪᠠᠢᠪᠠ᠂᠂ ᠭᠡᠲᠡᠯ᠎ᠡ ᠴᠢᠩᠭᠢᠰ ᠬᠠᠭᠠᠨ᠂ ᠭᠤᠷᠪᠠᠨ ᠲᠦᠮᠡᠬᠡᠨ ᠴᠡᠷᠢᠭ ᠢ᠋ᠶ᠋ᠡᠷ ᠯᠠᠮᠤ ᠶ᠋ᠢ ᠶᠢᠷᠲᠢᠨᠴᠦ ᠶ᠋ᠢᠨ ᠡᠵᠡᠨ ᠢ᠋ ᠥᠪᠡᠷ ᠦ᠋ᠨ ᠬᠢᠨᠢ ᠭᠦᠷᠦᠨ ᠤᠯᠤᠰ ᠤ᠋ᠨ ᠨᠤᠲᠤᠭ ᠠ᠋ᠴᠠ ᠦᠯᠳᠡᠨ ᠬᠥᠭᠡᠭᠡᠬᠦ ᠪᠡᠷ ᠶᠠᠪᠤᠭᠤᠯᠤᠭᠰᠠᠨ ᠨᠢ ᠦᠨᠡᠬᠡᠷ ᠂ ᠵᠠᠩᠵᠢᠳ ᠤ᠋ᠨ ᠢ᠋ᠶ᠋ᠠᠨ ᠠᠪᠢᠶᠠᠰ ᠴᠢᠳᠠᠪᠤᠷᠢ ᠳ᠋ᠤ᠌ ᠢᠲᠡᠭᠡᠭᠰᠡᠨ ᠬᠡᠷᠡᠭ ᠪᠠᠶᠢᠵᠠᠶ᠂᠂ ᠣᠯᠠᠨ ᠤᠯᠤᠰ ᠡᠳᠦᠢ ᠲᠡᠳᠦᠢ ᠠᠷᠠᠳ ᠲᠦᠮᠡᠨ ᠦ᠌ ᠲᠡᠮᠡᠴᠡᠯ ᠳ᠋ᠦ᠍ ᠣᠷᠣᠢᠯᠠᠨ ᠳᠠᠭᠤᠳᠠᠬᠤ ᠪᠣᠯᠤᠯᠴᠠᠭ᠎ᠠ ᠶ᠋ᠢ ᠱᠠᠾ ᠲᠤ᠌ ᠭᠠᠷᠭᠠᠨ ᠥᠭᠭᠦᠯ ᠦᠭᠡᠢ ᠭᠠᠭᠴᠠ ᠮᠠᠭᠤ ᠬᠠᠷ᠎ᠠ ᠠᠮᠢ ᠠ᠋ᠴᠠ ᠪᠠᠨ ᠥᠭᠡᠷ᠎ᠡ ᠶᠠᠭᠤ ᠴᠤ᠌ ᠪᠣᠳᠣᠬᠤ ᠪᠠᠷ ᠥᠬᠡᠢ ᠦᠬᠦᠲᠡᠯ᠎ᠡ ᠨᠢ ᠠᠶᠤᠯᠭᠠᠵᠤ ᠳᠤᠲᠠᠭᠠᠯᠭᠠᠬᠤ ᠬᠡᠷᠡᠭ ᠲᠡᠢ ᠪᠠᠢᠪᠠ᠃ ᠡᠨᠡ ᠦᠶ᠎ᠡ ᠳ᠋ᠦ᠍ ᠮᠣᠬᠠᠮᠮᠡᠳ᠋ ᠱᠠᠾ ᠂ ᠠᠹᠠᠭᠠᠨᠢᠰᠲᠠᠨ ᠤ᠋ ᠴᠠᠭᠠᠳᠤ ᠵᠠᠬ᠎ᠠ ᠶ᠋ᠢᠨ ᠠᠭᠤᠯᠠᠨ ᠳ᠋ᠤ᠌ ᠣᠷᠣᠰᠢᠬᠤ ᠫᠠᠯᠬᠠᠰ ᠮᠣᠵᠢ ᠳ᠋ᠤ᠌ ᠢᠷᠡᠭᠡᠳ ᠪᠠᠢᠬᠤ ᠳ᠋ᠠᠭᠠᠨ ᠴᠢᠩᠭᠢᠰ ᠦ᠋ᠨ ᠥᠷᠯᠥᠭ ᠦ᠋ᠳ ᠂ ᠴᠡᠷᠢᠭ ᠦ᠋ᠨ ᠬᠠᠮᠲᠤ ᠥᠷᠭᠡᠨ ᠭᠠᠵᠠᠷ ᠢ᠋ᠶ᠋ᠠᠷ ᠠᠮᠤ-ᠳ᠋ᠢᠷᠢᠶᠠ ᠮᠥᠷᠡᠨ ᠢ᠋ ᠭᠡᠲᠦᠯᠦᠨ ᠠᠢᠰᠤᠢ ᠭᠡᠳᠡᠭ ᠮᠡᠳᠡᠭᠡ ᠶ᠋ᠢ ᠠᠪᠴᠠᠢ᠃
ᠲᠡᠳᠡ ᠵᠠᠮ ᠵᠠᠭᠤᠷ᠎ᠠ ᠶ᠋ᠢᠨ ᠠᠷᠠᠳ ᠬᠣᠲᠠ ᠶ᠋ᠢ ᠶᠡᠷᠦ ᠳᠦᠢᠪᠡᠭᠡᠵᠦ ᠰᠦᠢᠳᠬᠡᠯ ᠦᠭᠡᠢ᠂ ᠵᠥᠪᠬᠡᠨ ᠥᠪᠡᠷᠰᠡᠳ ᠢ᠋ᠶ᠋ᠡᠨ ᠬᠢᠭᠡᠳ ᠮᠣᠷᠢ ᠮᠠᠯ ᠳ᠋ᠤ᠌ ᠪᠠᠨ ᠡᠪᠡᠰᠦ ᠲᠡᠵᠢᠭᠡᠯ ᠭᠠᠷᠭᠠᠭᠤᠯᠤᠨ ᠠᠪᠴᠤ᠂ ᠵᠥᠪᠬᠡᠨ ᠥᠪᠡᠷ ᠢ᠋ ᠨᠢ ᠪᠠᠷᠢᠬᠤ ᠵᠣᠷᠢᠯᠭ᠎ᠠ ᠲᠠᠢ ᠪᠠᠢᠭ᠎ᠠ ᠶ᠋ᠢ ᠨᠢ ᠰᠣᠨᠣᠰᠪᠠ᠃ ᠮᠣᠩᠭᠣᠯᠴᠤᠳ ᠵᠣᠷᠢᠯᠭ᠎ᠠ ᠳ᠋ᠤ᠌ ᠪᠠᠨ ᠬᠦᠷᠬᠦ ᠶ᠋ᠢᠨ ᠲᠤᠯᠠᠳᠠ ᠬᠡᠴᠢᠨᠡᠨ ᠰᠢᠷᠭᠠᠭᠤ ᠬᠠᠲᠠᠭᠤ ᠴᠢᠩᠭ᠎ᠠ ᠪᠠᠢᠳᠠᠭ ᠢ᠋ ᠲᠡᠷᠡ ᠣᠢᠯᠠᠭᠠᠨ ᠮᠡᠳᠡᠭᠰᠡᠨ ᠲᠤᠯᠠ ᠦᠬᠦᠲᠡᠯ᠎ᠡ ᠠᠶᠤᠵᠠᠢ᠂ ᠪᠡᠶ᠎ᠡ ᠬᠠᠮᠠᠭᠠᠯᠠᠬᠤ ᠴᠡᠷᠢᠭ ᠡᠴᠡ ᠥᠭᠡᠷ᠎ᠡ ᠬᠦᠴᠦ ᠲᠡᠭᠦᠨ ᠳ᠋ᠦ᠍ ᠪᠠᠢᠬᠤ ᠦᠭᠡᠢ ᠪᠠᠢᠭᠰᠠᠨ ᠲᠤᠯᠠ᠂ ᠬᠣᠲᠠ ᠰᠠᠭᠤᠷᠢᠨ ᠢ᠋ᠶ᠋ᠠᠷ ᠡᠯᠪᠡᠭ ᠬᠣᠷᠴᠸᠮ ᠢ᠋ ᠵᠦᠭᠯᠡᠨ ᠵᠢᠭᠤᠲᠠᠪᠠ᠂᠂ ᠤᠭ ᠨᠢ ᠲᠡᠷᠡᠪᠡᠷ ᠵᠢᠷᠭᠤᠭᠠᠨ ᠵᠠᠭᠤᠨ ᠵᠢᠯ ᠦ᠋ᠨ ᠬᠣᠢᠨ᠎ᠠ ᠣᠷᠣᠰ ᠤ᠋ᠨ ᠺᠣᠲ᠋ᠸᠢᠴᠢ ᠵᠠᠩᠵᠤᠨ ᠨᠠᠫᠣᠯᠢᠶᠣᠨ ᠤ᠋ ᠡᠰᠡᠷᠭᠦ ᠶᠡᠬᠡᠳᠡ ᠠᠮᠵᠢᠯᠲᠠ ᠲᠠᠢ ᠬᠡᠷᠡᠭᠯᠡᠭᠰᠡᠨ ᠲᠠᠭᠠᠬᠠᠲᠦ ᠶ᠋ᠢ ᠬᠡᠷᠡᠭᠯᠡᠨ ᠮᠣᠩᠭᠣᠯᠴᠤᠳ ᠢ᠋ ᠬᠣᠭᠣᠯᠠ ᠬᠦᠨᠡᠰᠦ ᠡᠯᠳᠡᠪ ᠬᠡᠷᠡᠭᠯᠡᠭᠡ ᠪᠡᠷ ᠲᠠᠰᠤᠯᠬᠤ᠂ ᠬᠣᠲᠠ ᠨᠤᠭᠤᠳ ᠢ᠋ ᠪᠦᠰᠡᠯᠡᠨ ᠬᠠᠭᠠᠬᠤ ᠳ᠋ᠤ᠌ ᠪᠣᠭᠣᠯ ᠪᠣᠯᠭᠠᠨ ᠠᠰᠢᠭᠯᠠᠬᠤ ᠂ ᠠᠮᠢ ᠬᠦᠴᠦ ᠣᠷᠬᠢᠬᠤ ᠦᠭᠡᠢ ᠪᠠᠢᠬᠤ ᠶ᠋ᠢᠨ ᠲᠤᠯᠠᠳᠠ ᠤᠯᠤᠰ ᠣᠷᠣᠨ ᠢ᠋ᠶ᠋ᠠᠨ ᠡᠵᠡᠭᠦᠢᠷᠡᠭᠦᠯᠦᠨ ᠬᠣᠭᠣᠰᠣᠯᠠᠬᠤ ᠂ ᠳᠠᠢᠰᠤᠨ ᠢ᠋ᠶ᠋ᠠᠨ ᠤᠷᠤᠭᠰᠢ ᠲᠠᠪᠰᠢᠭᠤᠯᠬᠤ ᠦᠭᠡᠢ ᠪᠡᠬᠢᠯᠡᠯᠲᠡ ᠪᠠᠢᠭᠤᠯᠤᠯᠲᠠ ᠲᠣᠭᠲᠠᠭᠠᠨ ᠪᠠᠷᠢᠵᠤ ᠂ ᠠᠯᠤᠰ ᠥᠷᠥᠨ᠎ᠡ ᠵᠦᠭ ᠲᠦ᠍ ᠥᠪᠡᠷ ᠢ᠋ᠶ᠋ᠡᠨ ᠪᠣᠯᠤᠨ ᠬᠥᠪᠡᠭᠦᠳ ᠨᠢ ᠬᠠᠩᠭᠠᠯᠲᠠ ᠲᠠᠢ ᠬᠦᠴᠦ ᠴᠤᠭᠯᠠᠭᠤᠯᠵᠤ᠂ ᠴᠠᠭ ᠵᠠᠢ ᠭᠠᠷᠭᠠᠬᠤ ᠶ᠋ᠢ ᠪᠣᠯᠵᠣᠨ ᠪᠠᠢᠪᠠ᠃ ᠭᠡᠪᠡᠴᠦ ᠲᠡᠷᠡᠭᠦᠷ ᠳᠠᠢᠰᠤᠨ ᠤ᠋ ᠪᠠᠨ ᠬᠤᠷᠳᠤᠨ ᠱᠠᠯᠠᠮᠠᠭᠠᠢ ᠪᠠᠢᠳᠠᠯ᠂ ᠬᠦᠴᠦ ᠴᠢᠳᠠᠯ ᠤ᠋ᠨ ᠬᠡᠮᠵᠢᠶ᠎ᠡ ᠲᠣᠮᠵᠢᠶ᠎ᠠ ᠶ᠋ᠢ ᠳᠠᠩᠴᠤ ᠳᠤᠲᠠᠭᠤ ᠦᠨᠡᠯᠡᠵᠡᠢ᠃
ᠱᠠᠾ ᠥᠷᠥᠨ᠎ᠡ ᠵᠦᠭ ᠲᠦ᠍ ᠵᠢᠭᠤᠲᠠᠭᠰᠠᠨ ᠭᠡᠳᠡᠭ ᠢ᠋ ᠰᠣᠨᠣᠰᠤᠭᠰᠠᠨ ᠲᠡᠷᠡ ᠮᠥᠴᠡ ᠡᠴᠡ ᠠᠪᠤᠭᠠᠳ᠂ ᠠᠩᠴᠢ ᠨᠣᠬᠠᠳ ᠤᠯᠠᠢᠷᠠᠨ ᠡᠭᠦᠷ ᠰᠢᠩᠰᠢᠯᠡᠬᠦ ᠮᠡᠲᠦ ᠬᠣᠮᠣᠷᠭᠠᠯᠠᠨ ᠨᠡᠬᠡᠵᠦ ᠡᠬᠢᠯᠡᠪᠡ᠃ ᠡᠳᠦᠷ ᠰᠥᠨᠢ ᠢᠯᠭᠠᠯ ᠦᠭᠡᠢ ᠂ ᠶᠠᠮᠠᠷ ᠴᠤ᠌ ᠰᠡᠪᠬᠡ ᠠᠪᠬᠤᠭᠤᠯᠤᠯ ᠦᠭᠡᠢ᠂ ᠡᠳᠦᠷ ᠲᠦ᠍ 120 ᠺᠢᠯᠣᠮᠧᠲ᠋ᠷ ᠲᠦ᠍ ᠬᠦᠷᠲᠡᠯ᠎ᠡ ᠵᠠᠮ ᠢ᠋ ᠲᠤᠭᠤᠯᠵᠤ ᠰᠢᠮᠳᠠᠨ ᠳᠣᠪᠲᠣᠯᠬᠤ ᠳ᠋ᠤ᠌ ᠪᠠᠨ ᠬᠥᠲᠥᠯᠦᠭᠡ ᠮᠣᠷᠢᠳ ᠢ᠋ᠶ᠋ᠠᠨ ᠰᠤᠯᠠᠷᠠᠨ ᠵᠣᠭᠰᠣᠬᠤ ᠶ᠋ᠢ ᠲᠤᠭᠤᠯ ᠦᠭᠡᠢ ᠶᠠᠪᠤᠪᠠ᠃ ᠡᠨᠡ ᠵᠠᠭᠤᠷ᠎ᠠ ᠥᠴᠦᠬᠡᠨ ᠴᠦ᠍ ᠪᠣᠯᠪᠠ ᠡᠰᠡᠷᠭᠦᠴᠡᠯ ᠦᠵᠡᠭᠦᠯᠦᠭᠰᠡᠨ ᠬᠣᠲᠠ ᠰᠠᠭᠤᠷᠢᠨ ᠢ᠋ ᠳᠠᠷᠤᠢ ᠡᠵᠡᠯᠡᠨ ᠠᠪᠴᠤ ᠂ ᠭᠠᠯᠳᠠᠨ ᠰᠢᠲᠠᠭᠠᠵᠤ᠂ ᠤᠳᠠᠲᠠᠯ᠎ᠠ ᠡᠰᠡᠷᠭᠦᠴᠡᠵᠦ ᠴᠢᠳᠠᠬᠤ ᠬᠦᠴᠦ ᠲᠡᠢ ᠪᠡᠬᠢᠯᠡᠭᠰᠡᠨ ᠬᠣᠲᠠ ᠨᠤᠭᠤᠳ ᠢ᠋ ᠲᠣᠭᠣᠷᠢᠨ ᠥᠩᠭᠡᠷᠡᠴᠦ ᠪᠠᠢᠪᠠ᠃ ᠭᠡᠪᠡᠴᠦ ᠵᠠᠪᠠᠢ ᠬᠣᠲᠠ ᠶ᠋ᠢᠨ ᠬᠥᠮᠦᠨ ᠠᠷᠠᠳ ᠬᠡᠷᠡᠮ ᠦ᠋ᠨ ᠢ᠋ᠶ᠋ᠡᠨ ᠳᠡᠭᠡᠷ᠎ᠡ ᠡᠴᠡ ᠬᠠᠵᠠᠭᠤ ᠪᠠᠷ ᠨᠢ ᠥᠩᠭᠡᠷᠡᠴᠦ ᠶᠠᠪᠤᠭᠰᠠᠨ ᠮᠣᠩᠭᠣᠯᠴᠤᠳ ᠤ᠋ᠨ ᠬᠣᠢᠨ᠎ᠠ ᠠ᠋ᠴᠠ ᠬᠠᠷᠢᠶᠠᠯ ᠬᠡᠯᠡᠨ ᠂ ᠡᠯᠳᠡᠪ ᠮᠠᠭᠤ ᠦᠭᠡᠰ ᠴᠢᠯᠠᠭᠤᠳᠠᠨ ᠬᠡᠩᠭᠡᠷᠭᠡ ᠪᠡᠨ ᠳᠡᠯᠡᠳᠬᠦ ᠪᠡᠷ ᠨᠢ ᠰᠥᠪᠡᠭᠡᠲᠡᠶ ᠴᠡᠷᠢᠭ ᠢ᠋ ᠲᠡᠷᠡ ᠳᠣᠣᠷ᠎ᠠ ᠨᠢ ᠭᠡᠳᠡᠷᠭᠦ ᠡᠷᠭᠢᠭᠦᠯᠵᠦ᠂ ᠬᠣᠲᠠ ᠶ᠋ᠢ ᠪᠠᠢᠯᠳᠤᠨ ᠡᠵᠡᠯᠡᠵᠦ ᠠᠪᠤᠭᠠᠳ᠂ ᠬᠥᠮᠦᠨ ᠠᠮᠠ ᠶ᠋ᠢ ᠨᠢ ᠲᠣᠯᠣᠭᠠᠢ ᠳᠠᠷᠠᠭᠠᠯᠠᠨ ᠬᠢᠳᠤᠵᠤ᠂ ᠬᠣᠲᠠ ᠶ᠋ᠢ ᠪᠠᠯᠭᠠᠰᠤ ᠪᠣᠯᠭᠠᠨ ᠰᠢᠲᠠᠭᠠᠵᠤ ᠣᠷᠬᠢᠪᠠ᠃ ᠮᠣᠬᠠᠮᠮᠡᠳ᠋ ᠱᠠᠾ ᠬᠠᠮᠤᠭ ᠤ᠋ᠨ ᠪᠠᠲᠤ ᠪᠡᠬᠢ ᠬᠡᠷᠡᠮ ᠦ᠋ᠨ ᠠᠷᠤ ᠳ᠋ᠤ᠌ ᠴᠤ᠌ ᠠᠮᠤᠷ ᠠᠮᠤᠭᠤᠯᠠᠩ ᠬᠣᠷᠭᠣᠳᠠᠨ ᠰᠠᠭᠤᠵᠤ ᠴᠢᠳᠠᠬᠤ ᠦᠭᠡᠢ ᠳ᠋ᠦ᠍ ᠬᠦᠷᠪᠡ᠃ ᠥᠷᠯᠥᠭ ᠦ᠋ᠳ ᠥᠴᠦᠬᠡᠨ ᠴᠦ᠍ ᠠᠮᠤᠰᠬᠢᠬᠦ ᠵᠠᠪ ᠥᠭᠭᠦᠯ ᠦᠭᠡᠢ ᠬᠥᠭᠡᠭᠡᠵᠦ ᠂ ᠨᠢᠱᠠᠫᠣᠷ ᠤ᠋ᠨ ᠬᠠᠪᠢ ᠳ᠋ᠤ᠌ ᠢᠷᠡᠭᠡᠳ ᠬᠦᠨᠡᠰᠦ ᠲᠡᠵᠢᠭᠡᠯ ᠪᠡᠯᠡᠳᠬᠡᠭᠦᠯᠵᠦ ᠪᠠᠢᠬᠤ ᠳ᠋ᠤ᠌ ᠪᠠᠨ ᠱᠠᠾ ᠳᠥᠩᠭᠡᠵᠦ ᠰᠠᠶᠢ ᠵᠠᠢᠯᠠᠵᠤ ᠣᠳᠤᠭᠰᠠᠨ ᠢ᠋ ᠲᠡᠳᠡ ᠰᠣᠨᠣᠰᠴᠠᠢ᠃ ᠥᠨᠥ ᠶ᠋ᠢᠨ ᠲᠸᡁᠸᠷᠡᠨ ᠦ᠌ ᠣᠢᠷᠠᠯᠴᠠᠭ᠎ᠠ ᠡᠷᠲᠡᠨ ᠦ᠌ ᠬᠠᠭᠠᠨ ᠤ᠋ ᠥᠷᠭᠥᠭᠡ ᠪᠠᠢᠷᠢᠯᠠᠬᠤ ᠂ ᠷᠠᠢ ᠬᠣᠲᠠ ᠢᠨ ᠡᠮᠦᠨ᠎ᠡ ᠳᠠᠢᠰᠤᠨ ᠤ᠋ ᠭᠤᠷᠪᠠᠨ ᠲᠦᠮᠡᠨ ᠴᠡᠷᠢᠭ ᠮᠣᠩᠭᠣᠯᠴᠤᠳ ᠢ᠋ ᠲᠣᠰᠣᠨ ᠪᠠᠢᠯᠳᠤᠭᠠᠳ ᠵᠠᠳᠠ ᠨᠢᠷᠭᠡᠭᠦᠯᠪᠡ᠃ ᠬᠠᠮᠠᠳᠠ ᠬᠣᠲᠠ ᠶ᠋ᠢᠨ ᠴᠠᠭᠠᠨᠠᠠᠬᠠᠨ ᠴᠢᠩ ᠥᠷᠯᠥᠭ ᠦ᠋ᠳ ᠮᠥᠷ ᠢ᠋ ᠭᠡᠨᠡᠳᠲᠡ ᠠᠯᠳᠠᠵᠠᠢ ᠂᠂ ᠮᠣᠩᠭᠣᠯ ᠴᠡᠷᠢᠭ ᠦ᠋ᠳ ᠵᠢᠵᠢᠭ ᠠᠩᠭᠢ ᠪᠣᠯᠤᠨ ᠬᠤᠪᠢᠶᠠᠭᠳᠠᠭᠠᠳ ᠣᠷᠴᠢᠨ ᠲᠣᠭᠣᠷᠢᠨ ᠤ᠋ ᠭᠠᠵᠠᠷ ᠢ᠋ ᠰᠠᠮᠨᠠᠨ ᠨᠢᠭᠵᠢᠨ ᠶᠠᠪᠤᠪᠠ᠂᠂ ᠲᠡᠳᠡᠨ ᠦ᠌ ᠨᠢᠭᠡ ᠨᠢ ᠂ ᠮᠣᠷᠢᠲᠤ ᠴᠡᠷᠢᠭ ᠦ᠋ᠨ ᠠᠩᠭᠢ ᠲᠠᠢ ᠲᠣᠬᠢᠶᠠᠯᠳᠤᠭᠠᠳ ᠠᠰᠠᠭᠤᠬᠤ ᠳ᠋ᠤ᠌ ᠂ ᠲᠡᠳᠡᠨ ᠦ᠌ ᠳᠤᠮᠳᠠ ᠠ᠋ᠴᠠ ᠦᠵᠡᠰᠬᠦᠯᠡᠩᠲᠦ ᠠᠭᠠᠷᠮᠠᠭ ᠬᠦᠯᠦᠭ ᠤᠨᠠᠭᠰᠠᠨ ᠨᠢᠭᠡᠨ ᠬᠥᠮᠦᠨ ᠰᠤᠮᠤᠨ ᠳ᠋ᠤ᠌ ᠭᠦᠢᠴᠡᠭᠳᠡᠵᠦ ᠰᠢᠷᠬᠠᠲᠤᠭᠰᠠᠨ ᠴᠤ᠌ ᠬᠦᠯᠦᠭ ᠮᠣᠷᠢᠨ ᠤ᠋ ᠬᠤᠷᠳᠤ ᠪᠠᠷ ᠮᠤᠯᠲᠤᠷᠠᠨ ᠭᠠᠷᠴᠠᠢ ᠂᠂ ᠲᠡᠷᠡ ᠨᠢ ᠱᠠᠾ ᠪᠠᠢᠭᠰᠠᠨ ᠪᠥᠭᠡᠳ ᠵᠢᠭᠤᠲᠠᠭᠠᠳ᠂ ᠵᠢᠰᠦ ᠪᠡᠨ ᠥᠭᠡᠷᠡᠴᠢᠯᠡᠨ ᠪᠤᠷᠤᠭᠤᠭᠤᠯᠤᠨ ᠺᠠᠰᠫᠢ ᠲᠠᠩᠭᠢᠰ ᠤᠷᠤᠭᠤ ᠲᠡᠮᠡᠴᠡᠨ ᠣᠳᠪᠠ᠃ ᠰᠥᠪᠡᠭᠡᠲᠡᠶ ᠥᠪᠡᠷ ᠢ᠋ ᠨᠢ ᠠᠯᠳᠠᠯ ᠦᠭᠡᠢ ᠮᠤᠰᠬᠢᠭᠰᠠᠭᠠᠷ ᠂ ᠲᠠᠩᠭᠢᠰ ᠤ᠋ᠨ ᠡᠷᠭᠢᠨ ᠳᠡᠭᠡᠷ᠎ᠡ ᠲᠤᠯᠵᠤ ᠢᠷᠡᠬᠦ ᠳ᠋ᠦ᠍ ᠶᠡᠬᠡ ᠤᠰᠤᠨ ᠤ᠋ ᠮᠠᠨᠳᠤᠯ ᠳᠡᠭᠡᠷ᠎ᠡ ᠴᠠᠢᠷᠠᠬᠤ ᠥᠴᠦᠬᠡᠨ ᠳᠠᠯᠪᠠᠭᠣᠷᠲᠣ ᠣᠩᠭᠣᠴᠠ ᠮᠣᠬᠠᠮᠮᠠᠳ᠋ ᠢ᠋ ᠡᠭᠡᠨᠡᠭᠲᠡ ᠠᠪᠴᠤ ᠣᠳᠤᠭᠰᠠᠨ ᠠᠵᠤᠬᠤᠢ᠂ ᠴᠢᠩᠭᠢᠭᠡᠳ ᠺᠠᠰᠫᠢ ᠲᠠᠩᠭᠢᠰ ᠤ᠋ᠨ ᠨᠢᠭᠡᠨ ᠡᠵᠡᠭᠦᠢ ᠠᠷᠠᠯ ᠳᠡᠭᠡᠷ᠎ᠡ᠂ ᠲᠤᠬᠠᠢ ᠶ᠋ᠢᠨ ᠴᠠᠭ ᠦᠶ᠎ᠡ ᠶ᠋ᠢᠨ ᠬᠠᠮᠤᠭ ᠤ᠋ᠨ ᠬᠦᠴᠦᠷᠬᠡᠭ ᠪᠠᠢᠯᠳᠤᠨ ᠳᠠᠭᠠᠭᠤᠯᠤᠭᠴᠢ ᠶ᠋ᠢᠨ ᠨᠢᠭᠡᠨ ᠠᠭᠰᠠᠨ ᠵᠠᠯᠠᠯ ᠠᠳ᠋-ᠳ᠋ᠢᠨ ᠮᠣᠬᠠᠮᠮᠠᠳ᠋ ᠨᠢᠭᠡᠮᠦᠰᠦᠨ ᠱᠠᠯᠠ ᠳ᠋ᠤ᠌ ᠪᠠᠨ ᠪᠠᠭᠤᠵᠤ ᠳᠡᠩᠳᠡᠭᠦᠦ ᠭᠠᠰᠠᠯᠠᠩᠲᠤ ᠪᠠᠢᠳᠠᠯ ᠳ᠋ᠤ᠌ ᠣᠷᠣᠵᠤ ᠦᠬᠦᠬᠦ ᠶ᠋ᠢᠨ ᠴᠠᠭ ᠲᠤ᠌ ᠴᠣᠭᠴᠠᠰ ᠢ᠋ ᠨᠢ ᠣᠷᠢᠶᠠᠬᠤ ᠠᠳᠬᠤ ᠳᠠᠪᠤᠤ ᠣᠯᠳᠠᠭ᠎ᠠ ᠦᠭᠡᠢ ᠶ᠋ᠢᠨ ᠤᠴᠢᠷ ᠤᠷᠠᠭᠳᠠᠵᠤ ᠨᠣᠣᠷᠰᠣᠨ ᠬᠤᠪᠴᠠᠰᠤ ᠲᠠᠢ ᠨᠢ ᠬᠦᠳᠡᠬᠡᠯᠥᠭᠥᠯᠥᠭᠰᠡᠨ ᠠᠵᠤᠬᠤᠢ᠃
ᠴᠡᠷᠢᠭ ᠠᠭᠲᠠ ᠪᠠᠨ ᠠᠮᠠᠷᠠᠭᠠᠬᠤ ᠵᠠᠭᠤᠷ᠎ᠠ ᠰᠦᠪᠡᠭᠡᠲᠡᠢ ᠪᠠᠭᠠᠲᠤᠷ᠂ ᠵᠡᠪᠡ ᠵᠠᠩᠵᠤᠨ ᠲᠠᠢ ᠬᠡᠯᠡᠯᠴᠡᠨ ᠬᠣᠯᠠ ᠶ᠋ᠢᠨ ᠡᠯᠴᠢ ᠠᠳᠠᠯᠢ ᠲᠣᠯᠣᠭᠠᠢ ᠠ᠋ᠴᠠ ᠪᠠᠨ ᠬᠥᠯ ᠬᠦᠷᠲᠡᠯ᠎ᠡ ᠪᠥᠰ ᠳᠠᠪᠤᠤ ᠪᠠᠷ ᠪᠢᠲᠡᠭᠦᠦ ᠣᠷᠢᠶᠠᠵᠤ ᠠᠯᠤᠰ ᠤ᠋ᠨ ᠠᠶᠠᠨ ᠳ᠋ᠤ᠌ ᠳᠥᠷᠥᠭᠡᠯᠡᠵᠦ ᠳᠣᠯᠣᠭᠠᠨ ᠬᠣᠨᠣᠭ ᠠᠯᠭᠠᠰᠠᠯ ᠦᠭᠡᠢ ᠳᠠᠪᠬᠢᠵᠤ᠂2000km ᠭᠠᠵᠠᠷ ᠢ᠋ ᠨᠢᠭᠡᠯᠡ ᠲᠤᠭᠤᠯᠵᠤ ᠴᠢᠩᠭᠢᠰ ᠬᠠᠭᠠᠨ ᠲᠠᠢ ᠤᠴᠠᠷᠠᠨ ᠵᠣᠯᠭᠠᠪᠠ᠂ ᠰᠦᠪᠡᠭᠡᠲᠡᠢ ᠡᠨᠡ ᠡᠪᠦᠯ ᠦ᠋ᠨ ᠲᠤᠷᠰᠢ ᠥᠷᠥᠨ᠎ᠡ ᠶ᠋ᠢᠨ ᠣᠷᠣᠨ ᠨᠤᠭᠤᠳ ᠢ᠋ᠶ᠋ᠠᠷ ᠬᠢᠷᠢᠨ ᠶᠠᠪᠤᠬᠤ ᠳ᠋ᠤ᠌ ᠪᠠᠨ ᠪᠠᠢᠳᠠᠯ ᠢ᠋ ᠰᠠᠢᠲᠤᠷ ᠠᠵᠢᠭᠯᠠᠵᠤ ᠂ᠠᠽᠸᠷᠪᠠᠢᠵᠠᠨ᠂ ᠭᠦᠷᠳᠢᠰᠳᠠᠨ᠂ ᠬᠦᠷᠵᠢ ᠵᠡᠷᠭᠡ ᠣᠷᠣᠨ ᠳ᠋ᠤ᠌ ᠦᠶ᠎ᠡ ᠦᠶ᠎ᠡ ᠤᠤᠯᠭᠠᠯᠠᠨ ᠠᠯᠳᠠᠵᠤ ᠪᠠᠢᠵᠠᠢ᠃ ᠪᠠᠢᠳᠠᠯ ᠢ᠋ ᠲᠣᠳᠣᠷᠬᠠᠢ ᠳ᠋ᠤ᠌ ᠬᠠᠨᠳᠤᠵᠤ ᠮᠡᠳᠡᠭᠡᠯᠡᠯ ᠴᠤᠭᠯᠠᠭᠤᠯᠤᠭᠰᠠᠨ ᠥᠷᠯᠥᠭ ᠦ᠋ᠳ ᠴᠣᠬᠣᠮ ᠴᠠᠭᠠᠰᠢ ᠠᠶᠠᠯᠠᠨ ᠪᠠᠢᠯᠳᠤᠬᠤ ᠶ᠋ᠢᠨ ᠬᠦᠰᠡᠯᠡᠩ ᠪᠣᠯᠵᠤ ᠪᠠᠢᠪᠠ᠃ ᠴᠢᠩᠭᠢᠰ ᠬᠠᠭᠠᠨ ᠲᠠᠲᠠᠭᠠᠯᠵᠠᠭᠰᠠᠨ ᠦᠭᠡᠢ ᠃ ᠡᠢᠨᠬᠦ᠂ ᠰᠦᠪᠡᠭᠡᠳᠡᠢ ᠺᠠᠰᠫᠢ ᠶ᠋ᠢᠨ ᠴᠠᠭᠠᠳᠤᠬᠢ ᠠᠭᠤᠯᠠᠰ ᠢ᠋ ᠳᠠᠪᠠᠵᠤ ᠲᠡᠨᠳᠡ ᠶᠠᠮᠠᠷ ᠤᠯᠤᠰ ᠣᠷᠣᠨ ᠠᠷᠠᠳ ᠲᠦᠮᠡᠨ ᠰᠠᠭᠤᠳᠠᠭ᠂ ᠲᠡᠳᠡᠨ ᠢ᠋ ᠬᠢᠷᠢ ᠴᠢᠳᠠᠯᠲᠤ ᠴᠡᠷᠢᠭ ᠴᠤᠤᠷᠬᠠᠯ ᠲᠠᠩᠨᠠᠨ ᠮᠡᠳᠡᠬᠦ ᠵᠥᠪᠰᠢᠶᠡᠷᠡᠯ ᠠᠪᠤᠭᠰᠠᠨ ᠠᠭᠠᠳ᠂ ᠬᠠᠭᠠᠨ ᠲᠡᠭᠦᠨ ᠳ᠋ᠦ᠍ ᠭᠤᠷᠪᠠᠨ ᠵᠢᠯ ᠦ᠋ᠨ ᠬᠤᠭᠤᠴᠠᠭ᠎ᠠ ᠥᠭᠪᠡ᠃ ᠰᠦᠪᠡᠭᠡᠳᠡᠢ ᠠᠯᠤᠰ ᠤ᠋ᠨ ᠠᠶᠠᠨ ᠳ᠋ᠤ᠌ ᠮᠥᠷᠳᠡᠵᠦ᠂ ᠮᠥᠨ ᠬᠣᠶᠠᠷ ᠳᠣᠯᠣᠭᠠᠨ ᠬᠣᠨᠣᠭ ᠳᠠᠪᠬᠢᠭᠰᠠᠭᠠᠷ ᠴᠡᠷᠢᠭ ᠲᠦ᠍ ᠪᠡᠨ ᠪᠤᠴᠠᠵᠤ ᠢᠷᠡᠪᠡ᠂ ᠡᠨᠳᠡ ᠡᠴᠡ ᠵᠡᠪᠡ ᠰᠦᠪᠡᠭᠡᠳᠡᠢ ᠨᠠᠷ ᠤ᠋ᠨ ᠴᠥᠮᠥᠷᠡᠨ ᠣᠷᠣᠭᠰᠠᠨ ᠺᠠᠰᠫᠢ ᠶ᠋ᠢᠨ ᠲᠠᠩᠭᠢᠰ ᠤ᠋ᠨ ᠰᠠᠪᠠ ᠨᠤᠲᠤᠭ ᠺᠠᠦᠺᠠᠽ ᠤ᠋ᠨ ᠶᠡᠬᠡ ᠠᠭᠤᠯᠠᠰ ᠤ᠋ᠨ ᠴᠢᠯᠠᠭᠤ ᠮᠥᠰᠥ ᠬᠣᠶᠠᠷ ᠤ᠋ᠨ ᠵᠠᠪᠰᠠᠷ ᠾᠷᠢᠰ ᠱᠠᠰᠢᠨᠲᠤ ᠬᠦᠷᠵᠢ ᠤᠯᠤᠰ ᠣᠷᠣᠰᠢᠬᠤ ᠠᠵᠤᠬᠤᠢ᠃ ᠠᠭᠤᠯᠠᠰ ᠤ᠋ᠨ ᠳᠤᠮᠳᠠᠬᠢ ᠠᠽᠸᠷᠪᠠᠢᠵᠠᠨ ᠤ᠋ ᠬᠠᠭᠠᠨᠲᠤ ᠤᠯᠤᠰ ᠢ᠋ ᠰᠢᠭᠤᠳ ᠲᠤᠭᠤᠯᠵᠤ ᠥᠩᠭᠡᠷᠡᠭᠡᠳ ᠺᠦᠷᠳᠢᠰᠳᠠᠨ ᠤ᠋ ᠵᠡᠯᠢᠭᠦᠳ ᠨᠤᠲᠤᠭ ᠲᠤ᠌ ᠬᠠᠯᠳᠠᠷ᠎ᠠ ᠣᠷᠣᠭᠠᠳ ᠲᠡᠨᠳᠡ ᠡᠴᠡ ᠪᠡᠨ ᠵᠡᠪᠡ ᠰᠦᠪᠡᠭᠡᠳᠡᠢ ᠨᠠᠷ ᠭᠤᠷᠪᠠᠨ ᠲᠦᠮᠡᠨ ᠴᠡᠷᠢᠭ ᠢ᠋ᠶ᠋ᠡᠨ ᠤᠳᠤᠷᠢᠳᠤᠨ ᠬᠦᠷᠵᠢ ᠶ᠋ᠢᠨ ᠵᠦᠭ ᠬᠥᠳᠡᠯᠵᠡᠢ᠃
ᠬᠦᠷᠵᠢ ᠶ᠋ᠢᠨ ᠣᠯᠠᠨ ᠲᠤᠯᠤᠯᠳᠤᠭᠠᠨ ᠳ᠋ᠤ᠌ ᠰᠢᠯᠭᠠᠷᠠᠵᠤ ᠬᠠᠲᠠᠭᠤᠵᠢᠭᠰᠨ ᠰᠥᠰᠥ ᠶᠡᠬᠡᠲᠦ ᠢᠷᠠᠺᠴᠦᠳ ᠡᠴᠡ ᠬᠠᠮᠤᠭ ᠤ᠋ᠨ ᠰᠢᠯᠢᠳᠡᠭ ᠳᠠᠢᠴᠢᠳ ᠨᠢ ᠵᠠᠭᠠᠯᠤᠮᠠᠢᠴᠢᠳ ᠤ᠋ᠨ ᠠᠶᠠᠨ ᠲᠡᠢᠨ ᠳ᠋ᠦ᠍ ᠪᠡᠯᠡᠳᠬᠡᠵᠦ ᠪᠠᠢᠭᠰᠠᠨ ᠢ᠋ᠶ᠋ᠠᠨ ᠪᠣᠯᠢᠭᠠᠳ ᠮᠣᠩᠭᠣᠯᠴᠤᠳ ᠤ᠋ᠨ ᠥᠭᠡᠳᠡ ᠡᠴᠡ ᠰᠥᠷᠴᠦ ᠬᠥᠳᠡᠯᠵᠡᠢ᠃ ᠰᠦᠪᠡᠭᠡᠳᠡᠢ ᠶᠠᠪᠤᠭᠤᠲᠠ ᠳᠣᠪᠲᠣᠯᠤᠨ ᠣᠷᠣᠬᠤ ᠳ᠋ᠤ᠌ ᠪᠠᠨ ᠭᠰᠢᠨ ᠵᠠᠭᠤᠷ᠎ᠠ ᠰᠢᠷᠦᠭᠦᠨ ᠲᠤᠯᠤᠯᠳᠤᠭᠠᠨ ᠥᠷᠨᠢᠭᠦᠯᠵᠦ ᠤᠯᠠᠮ ᠢ᠋ᠶ᠋ᠠᠷ ᠬᠡᠪ ᠭᠡᠨᠡᠳᠲᠡ ᠡᠷᠭᠢᠨ ᠵᠢᠭᠤᠲᠠᠭᠠᠳ ᠮᠥᠷᠳᠡᠨ ᠬᠦᠭᠡᠭᠡᠭᠴᠢᠳ ᠢ᠋ ᠵᠡᠪᠡ ᠵᠠᠩᠵᠤᠨ ᠤ᠋ ᠣᠲ᠋ᠣᠨ ᠤ᠋ ᠴᠡᠷᠢᠭ ᠤᠷᠤᠭᠤ ᠳᠠᠭᠠᠭᠤᠯᠤᠨ ᠠᠪᠠᠴᠢᠵᠠᠢ᠃ ᠬᠦᠷᠵᠢ ᠶ᠋ᠢᠨ ᠴᠡᠷᠢᠭ ᠲᠡᠨᠳᠡ ᠬᠦᠷᠦᠭᠡᠳ ᠡᠷᠭᠢᠭᠰᠡᠨ ᠪᠣᠯᠪᠠᠴᠤ ᠬᠣᠶᠠᠷ ᠲᠠᠯ᠎ᠠ ᠠ᠋ᠴᠠ ᠪᠠᠨ ᠬᠦᠴᠦᠲᠡᠢ ᠴᠣᠬᠢᠯᠲᠠ ᠳ᠋ᠤ᠌ ᠬᠦᠷᠲᠡᠨ ᠪᠦᠭᠦᠳᠡ ᠪᠤᠲᠠ ᠨᠢᠷᠭᠡᠭᠦᠯᠪᠡ᠃ ᠥᠷᠯᠥᠭ ᠦ᠋ᠳ ᠡᠮᠦᠨᠡᠲᠦ ᠺᠠᠫᠦᠺᠠᠰ ᠤ᠋ᠨ ᠨᠠᠮ ᠳᠣᠣᠷ᠎ᠠ ᠭᠠᠵᠠᠷ ᠠ᠋ᠴᠠ ᠴᠢᠨᠠᠭᠰᠢᠯᠠᠨ ᠺᠠᠦᠺᠠᠽ ᠤ᠋ᠨ ᠥᠨᠳᠥᠷ ᠰᠦᠷᠯᠢᠭ ᠬᠠᠳᠠ ᠴᠢᠯᠠᠭᠤᠨ ᠠᠭᠤᠯᠠᠰ ᠲᠤ᠌ ᠨᠢᠭᠲᠠᠷᠠᠨ ᠣᠷᠣᠵᠠᠢ᠃ ᠺᠠᠦᠺᠠᠽ ᠢ᠋ ᠳᠠᠪᠠᠬᠤ ᠠᠶᠠᠨ ᠦᠭᠡᠢᠯᠡᠰᠢ ᠦᠭᠡᠢ ᠬᠦᠨᠳᠦ ᠪᠡᠷᠬᠡ ᠪᠠᠢᠪᠠ᠃ ᠮᠥᠨ ᠯᠡ ᠫᠠᠮᠢᠷ ᠢ᠋ ᠠᠩᠬ᠎ᠠ ᠳᠠᠪᠠᠵᠤ ᠪᠠᠢᠭ᠎ᠠ ᠦᠶ᠎ᠡ ᠶ᠋ᠢᠨ ᠰᠢᠭ ᠬᠠᠮᠤᠭ ᠠᠴᠢᠶ᠎ᠠ ᠪᠠᠷᠠᠭ᠎ᠠ ᠪᠠᠨ ᠬᠠᠶᠠᠵᠤ ᠂ ᠰᠢᠳᠡᠵᠦ ᠬᠠᠷᠪᠤᠬᠤ ᠮᠠᠰᠢᠨ ᠢ᠋ᠶ᠋ᠠᠨ ᠤᠰᠠᠳᠬᠠᠬᠤ ᠠ᠋ᠴᠠ ᠥᠭᠡᠷ᠎ᠡ ᠠᠷᠭ᠎ᠠ ᠦᠭᠡᠢ ᠪᠣᠯᠪᠠ᠃ ᠰᠦᠷᠯᠢᠭ ᠥᠨᠳᠥᠷ ᠠᠭᠤᠯᠠ ᠳᠠᠪᠠᠭ᠎ᠠ ᠶ᠋ᠢ ᠳᠠᠪᠠᠭᠤᠯᠤᠨ᠎ᠠ ᠭᠡᠵᠦ ᠰᠠᠨᠠᠬᠤ ᠶ᠋ᠢᠨ ᠴᠦ᠍ ᠵᠢᠷᠤᠮ ᠪᠠᠢᠵᠠᠢ᠂ ᠡᠢᠨᠬᠦ ᠠᠭᠤᠯᠠ ᠶ᠋ᠢᠨ ᠲᠣᠭᠰᠢᠨ ᠭᠣᠣᠯ ᠤ᠋ᠨ ᠬᠦᠷᠬᠢᠷ᠎ᠡ ᠶ᠋ᠢᠨ ᠳᠣᠣᠷ᠎ᠠ ᠵᠠᠶᠢᠭ ᠤ᠋ᠨ ᠬᠥᠨᠳᠡᠢ ᠳ᠋ᠦ᠍ ᠪᠠᠭᠤᠵᠤ ᠢᠷᠡᠬᠦ ᠳ᠋ᠦ᠍ ᠺᠠᠦᠺᠠᠽ ᠤ᠋ᠨ ᠠᠭᠤᠯᠠᠰ ᠤ᠋ᠨ ᠳᠠᠢᠨᠴᠢ ᠠᠷᠠᠳ ᠲᠦᠮᠡᠨ ᠪᠣᠯᠬᠤ ᠺᠷᠺᠰ᠂ ᠯᠸᠽᠳᠢᠶᠡᠨ ᠂ᠠᠯᠠᠨ ᠨᠤᠭᠤᠳ ᠮᠥᠨ ᠠᠶᠤᠮᠰᠢᠭᠲᠤ ᠲᠣᠭᠰᠢᠨ ᠺᠣᠮᠠᠨᠴᠣᠳ ᠬᠣᠯᠪᠣᠭᠠᠲᠠᠨ ᠨᠤᠭᠤᠳ ᠪᠣᠯᠵᠤ ᠪᠠᠢᠯᠳᠤᠬᠤ ᠪᠠᠷ ᠨᠢ ᠠᠮᠠᠳᠠᠨ ᠢᠷᠡᠪᠡ᠃ ᠲᠡᠳᠡ ᠬᠠᠷᠢ ᠶ᠋ᠢᠨ ᠳᠠᠢᠰᠤᠨ ᠢ᠋ ᠠᠭᠤᠯᠠ ᠶ᠋ᠢᠨ ᠨᠠᠷᠢᠬᠠᠨ ᠳᠠᠪᠴᠢᠭᠤ ᠠᠮᠠᠨ ᠠ᠋ᠴᠠ ᠪᠠᠭᠤᠵᠤ ᠦᠷᠡᠵᠢᠯ ᠰᠢᠮᠡᠳᠦ ᠠᠭᠤᠵᠢᠮ ᠲᠠᠯ᠎ᠠ ᠨᠤᠲᠤᠭ ᠲᠤ᠌ ᠣᠷᠣᠵᠤ ᠢᠷᠡᠬᠦ ᠡᠴᠡ ᠨᠢ ᠡᠮᠦᠨ᠎ᠡ ᠠᠮᠵᠢᠵᠤ ᠴᠣᠬᠢᠬᠤ ᠪᠠᠷ ᠶᠠᠭᠠᠷᠠᠵᠠᠢ᠃ ᠮᠣᠩᠭᠣᠯᠴᠤᠳ ᠶᠠᠳᠠᠷᠠᠵᠤ ᠲᠤᠢᠯᠳᠠᠭᠰᠠᠨ ᠪᠠᠢᠪᠠ᠂ ᠲᠡᠳᠡ ᠥᠪᠡᠷ ᠡᠴᠡ ᠪᠡᠨ ᠣᠯᠠᠨ ᠳᠠᠬᠢᠨ ᠢᠯᠡᠭᠦᠦ ᠬᠦᠴᠦᠨ ᠦ᠌ ᠡᠰᠡᠷᠭᠦ ᠬᠠᠢᠷ᠎ᠠ ᠨᠠᠢᠷ ᠦᠭᠡᠢ ᠵᠡᠷᠯᠢᠭ ᠲᠣᠭᠰᠢᠨ ᠲᠤᠯᠤᠯᠳᠤᠭᠠᠨ ᠳ᠋ᠤ᠌ ᠣᠷᠣᠬᠤ ᠳ᠋ᠤ᠌ ᠲᠠᠯ᠎ᠠ ᠨᠤᠭᠤᠳ ᠤ᠋ᠨ ᠬᠡᠨ ᠴᠦ᠍ ᠳᠡᠢᠯᠦᠭᠰᠡᠨ ᠦᠭᠡᠢ ᠃ ᠮᠠᠷᠭᠠᠰᠢ ᠨᠢ ᠮᠣᠩᠭᠣᠯᠴᠤᠳ ᠦᠨᠡᠲᠦ ᠪᠡᠯᠡᠭ ᠢ᠋ᠶ᠋ᠡᠷ ᠠᠷᠭᠠᠳᠠᠨ᠂ ᠺᠣᠮᠠᠨᠴᠣᠳ ᠢ᠋ ᠬᠣᠯᠪᠣᠭᠠᠲᠠᠨ ᠠ᠋ᠴᠠ ᠨᠢ ᠰᠠᠯᠭᠠᠵᠤ ᠳᠥᠩᠭᠡᠪᠡ᠂ ᠢᠩᠭᠢᠭᠡᠳ᠂ ᠰᠦᠪᠡᠭᠡᠲᠡᠢ ᠠᠭᠤᠯᠠ ᠶ᠋ᠢᠨ ᠠᠷᠠᠳ ᠲᠦᠮᠡᠨ ᠢ᠋ ᠳᠠᠭᠠᠷᠢᠨ ᠣᠷᠣᠵᠤ ᠬᠢᠪ ᠴᠣᠬᠢᠨ᠂ ᠬᠣᠲᠠ ᠴᠠᠢᠵᠠ ᠶ᠋ᠢ ᠨᠢ ᠰᠦᠢᠳᠬᠡᠵᠦ᠂ ᠵᠠᠯᠠᠭᠤ ᠡᠷᠡᠴᠦᠳ ᠢ᠋ ᠨᠢ ᠴᠡᠷᠢᠭ ᠲᠦ᠍ ᠪᠡᠨ ᠠᠪᠴᠤ ᠬᠦᠴᠦ ᠶ᠋ᠢ ᠰᠡᠯᠪᠢᠪᠡ᠃ ᠳᠠᠷᠠᠭ᠎ᠠ ᠨᠢ ᠪᠤᠴᠠᠵᠤ ᠶᠠᠪᠤᠭᠰᠠᠨ ᠺᠣᠮᠠᠨᠴᠣᠳ ᠢ᠋ ᠨᠡᠬᠡᠨ ᠣᠴᠢᠵᠤ ᠴᠤᠪᠤᠭᠤᠯᠤᠨ ᠪᠤᠲᠠ ᠴᠣᠬᠢᠭᠠᠳ᠂ ᠬᠠᠮᠤᠭ ᠪᠡᠯᠡᠭ ᠢ᠋ᠶ᠋ᠡᠨ ᠪᠤᠴᠠᠭᠠᠨ ᠠᠪᠤᠪᠠ᠃ ᠲᠡᠳᠡ ᠬᠠᠭᠤᠷᠴᠤ ᠮᠡᠬᠡᠯᠡᠪᠡ ᠭᠡᠮᠡᠨ ᠭᠣᠮᠣᠳᠠᠪᠠᠴᠤ ᠰᠦᠪᠡᠭᠡᠲᠡᠢ ᠥᠪᠡᠷᠰᠡᠳ ᠢ᠋ ᠨᠢ ᠣᠷᠣᠴᠠ ᠭᠡᠮᠡᠨ ᠳᠠᠭᠤᠳᠠᠵᠤ᠂ ᠵᠠᠶᠠᠭ᠎ᠠ ᠴᠢᠨᠢ ᠲᠡᠨᠳᠡ ᠂ ᠥᠪᠡᠷᠰᠡᠳ ᠢ᠋ᠶ᠋ᠡᠨ ᠭᠣᠮᠣᠳᠠ ᠭᠡᠮᠡᠨ ᠺᠣᠮᠠᠨ ᠤ᠋ ᠠᠷᠠᠳ ᠲᠦᠮᠡᠨ ᠨᠦ᠍ᠭᠦᠳ ᠪᠣᠯ ᠵᠥᠴᠢ ᠶ᠋ᠢᠨ ᠤᠯᠤᠰ ᠤ᠋ᠨ ᠬᠠᠷᠢᠶᠠᠲᠤ ᠨᠠᠷ ᠪᠣᠯᠬᠤ ᠠ᠋ᠴᠠ᠂ ᠲᠠ ᠨᠠᠷ ᠪᠣᠯ ᠣᠷᠭᠣᠳᠤᠯ ᠪᠣᠰᠤᠭᠤᠯ ᠤᠯᠤᠰ ᠪᠢᠰᠢ ᠭᠡᠵᠠᠢ᠃
ᠮᠣᠩᠭᠣᠯᠴᠤᠳ ᠠ᠋ᠴᠠ ᠠᠶᠤᠨ ᠳᠤᠲᠠᠭᠠᠭᠰᠠᠨ ᠬᠥᠮᠦᠨ ᠦ᠌ ᠶᠡᠬᠡ ᠤᠷᠤᠰᠬᠠᠯ ᠤ᠋ᠨ ᠠᠷᠤ ᠠ᠋ᠴᠠ ᠰᠦᠪᠡᠭᠡᠲᠡᠢ ᠥᠷᠥᠨ᠎ᠡ ᠵᠦᠭ ᠬᠥᠳᠡᠯᠵᠦ ᠨᠤᠨ ᠮᠥᠷᠡᠨ ᠢ᠋ ᠭᠠᠲᠤᠯᠵᠤ᠂ ᠠᠽᠣᠸ ᠤ᠋ᠨ ᠲᠠᠩᠭᠢᠰ ᠢ᠋ ᠭᠦᠪᠡᠭᠡᠯᠡᠨ ᠶᠠᠪᠤᠵᠤ᠂ ᠭᠷᠧᠭ ᠲᠦ᠍ ᠨᠡᠪᠲᠡᠷᠡᠨ ᠲᠡᠭᠦᠨ ᠢ᠋ ᠬᠠᠭᠠᠰ ᠠᠷᠠᠯ ᠳ᠋ᠤ᠌ ᠣᠷᠣᠰᠢᠬᠤ ᠰᠣᠽᠳᠠᠯ ᠬᠣᠲᠠ ᠶ᠋ᠢ ᠳᠠᠭᠠᠷᠢᠨ ᠡᠵᠡᠯᠡᠭᠡᠳ᠂ ᠡᠨᠳᠡ ᠡᠴᠡ ᠪᠡᠨ ᠳᠤᠲᠠᠭᠠᠭᠰᠠᠨ ᠬᠤᠳᠠᠯᠳᠤᠭᠠᠴᠢᠨ ᠢ᠋ᠶ᠋ᠠᠷ ᠳᠠᠮᠵᠢᠭᠤᠯᠤᠨ ᠡᠸᠣᠷᠣᠪᠴᠣᠳ᠂ ᠮᠣᠩᠭᠣᠯᠴᠤᠳ ᠤ᠋ᠨ ᠲᠤᠬᠠᠢ ᠮᠡᠳᠡᠭᠡ ᠶ᠋ᠢ ᠰᠣᠨᠣᠰᠪᠠ᠃ ᠥᠷᠯᠥᠭ ᠦ᠋ᠳ ᠲᠦ᠍ ᠴᠣᠬᠢᠭᠳᠠᠭᠰᠠᠨ ᠺᠣᠮᠠᠨᠴᠣᠳ ᠲᠠᠯ᠎ᠠ ᠪᠦᠷᠢ ᠪᠤᠲᠠᠷᠠᠨ ᠳᠤᠲᠠᠭᠠᠬᠤ ᠳ᠋ᠤ᠌ ᠺᠤᠲ᠋ᠶᠠᠨ ᠬᠠᠭᠠᠨ ᠢ᠋ᠶ᠋ᠠᠷ ᠤᠳᠤᠷᠢᠳᠤᠭᠤᠯᠤᠭᠰᠠᠨ ᠬᠡᠰᠡᠭ ᠨᠢ ᠣᠷᠣᠰ ᠤ᠋ᠨ ᠸᠠᠩ ᠤ᠋ᠳ ᠠ᠋ᠴᠠ ᠥᠮᠥᠭᠯᠡᠯ ᠬᠦᠰᠡᠵᠦ ᠣᠴᠢᠪᠠ᠃ ᠣᠷᠣᠰ ᠤ᠋ᠳ ᠴᠤ᠌ ᠬᠠᠪᠰᠤᠷᠤᠨ ᠮᠣᠩᠭᠣᠯᠴᠤᠳ ᠢ᠋ ᠥᠪᠡᠷ ᠦ᠋ᠨ ᠨᠤᠲᠤᠭ ᠠ᠋ᠴᠠ ᠬᠣᠯᠠ ᠴᠣᠬᠢᠬᠤ ᠪᠠᠷ ᠰᠢᠢᠳᠴᠡᠢ᠃ ᠳᠠᠢᠳᠤᠵᠤ ᠲᠤᠯᠤᠯᠳᠤᠬᠤ ᠢᠳᠡ ᠬᠠᠪᠤ ᠨᠢ ᠣᠷᠭᠢᠯᠤᠭᠰᠠᠨ ᠣᠷᠣᠰ ᠤ᠋ᠳ ᠠ᠋ᠴᠠ ᠰᠦᠪᠡᠭᠡᠳᠡᠢ ᠵᠡᠪᠡ ᠬᠣᠶᠠᠷ᠂ ᠶᠢᠰᠦ ᠬᠣᠨᠣᠭ ᠤ᠋ᠨ ᠲᠤᠷᠰᠢ ᠵᠠᠢᠯᠠᠰᠬᠢᠨ ᠤᠬᠤᠷᠢᠵᠤ ᠶᠠᠪᠤᠭᠰᠠᠭᠠᠷ᠂ ᠺᠢᠶᠸᠸᠯᠳ᠋ ᠭᠣᠣᠯ ᠤ᠋ᠨ ᠴᠠᠭᠠᠳᠤ ᠲᠠᠯ᠎ᠠ ᠳ᠋ᠤ᠌ ᠭᠡᠨᠡᠳᠲᠡ ᠵᠣᠭᠰᠣᠵᠤ᠂ ᠰᠥᠷᠴᠦ ᠳᠣᠪᠲᠣᠯᠤᠨ᠂ ᠤᠷᠲᠤ ᠵᠠᠮ ᠢ᠋ᠶ᠋ᠠᠷ ᠤᠨᠵᠢᠷᠠᠨ ᠴᠤᠪᠤᠭᠰᠠᠨ ᠣᠷᠣᠰ ᠺᠣᠮᠠᠨᠢ ᠨᠤᠭᠤᠳ ᠲᠤ᠌ ᠰᠦᠢᠷᠡᠯ ᠦ᠋ᠨ ᠴᠣᠬᠢᠯᠲᠠ ᠠᠮᠰᠠᠭᠤᠯᠪᠠ᠃ ᠡᠨᠳᠡ ᠡᠴᠡ ᠡᠮᠦᠨᠡᠲᠦ ᠣᠷᠣᠰ ᠤ᠋ᠨ ᠨᠡᠢᠲᠡ ᠨᠤᠲᠤᠭ ᠲᠤ᠌ ᠮᠣᠩᠭᠣᠯᠴᠤᠳ ᠤ᠋ᠨ ᠡᠰᠡᠷᠭᠦ ᠰᠥᠷᠴᠦ ᠵᠣᠭᠰᠣᠬᠤ ᠨᠢᠭᠡ ᠴᠦ᠍ ᠠᠷᠮᠢ ᠦᠯᠡᠳᠡᠭᠰᠡᠨ ᠦᠭᠡᠢ᠃ ᠭᠡᠪᠡᠴᠦ ᠰᠦᠪᠡᠭᠡᠳᠡᠢ ᠵᠡᠪᠡ ᠬᠣᠶᠠᠷ ᠂ ᠭᠤᠷᠪᠠᠨ ᠲᠦᠮᠡᠨ ᠴᠡᠷᠢᠭ ᠢ᠋ᠶ᠋ᠡᠷ ᠪᠦᠬᠦᠯᠢ ᠣᠷᠣᠰ ᠣᠷᠣᠨ ᠢ᠋ ᠪᠠᠢᠯᠳᠤᠨ ᠳᠠᠭᠠᠭᠤᠯᠬᠤ ᠠᠷᠭ᠎ᠠ ᠪᠣᠢ ᠪᠢᠯᠡ᠃ ᠮᠣᠩᠭᠣᠯᠴᠤᠳ ᠴᠦᠬᠦᠷᠳᠡᠭᠰᠡᠨ ᠳᠠᠢᠰᠤᠨ ᠢ᠋ᠶ᠋ᠠᠨ ᠬᠡᠰᠡᠭ ᠨᠡᠬᠡᠭᠡᠳ ᠲᠡᠭᠡᠰᠬᠢᠨ ᠣᠷᠬᠢᠵᠤ᠂ ᠥᠰᠢᠶ᠎ᠡ ᠬᠣᠷᠣᠰᠤᠯ ᠢ᠋ᠶ᠋ᠠᠨ ᠲᠠᠢᠯᠵᠤ ᠬᠠᠪᠢ ᠶ᠋ᠢᠨ ᠬᠣᠲᠠ ᠨᠤᠭᠤᠳ ᠢ᠋ ᠳᠦᠢᠪᠡᠭᠡᠵᠦ᠂ ᠤᠮᠠᠷ᠎ᠠ ᠶ᠋ᠢᠨ ᠣᠢ ᠬᠥᠪᠴᠢ ᠳ᠋ᠦ᠍ ᠨᠡᠢᠯᠡᠬᠦ ᠲᠡᠷᠡ ᠵᠠᠭᠠᠭ ᠭᠠᠵᠠᠷ ᠳᠡᠭᠡᠷ᠎ᠡ ᠬᠦᠷᠦᠭᠡᠳ᠂ ᠴᠡᠷᠢᠭ ᠢ᠋ᠶ᠋ᠡᠨ ᠭᠡᠳᠡᠷᠭᠦ ᠡᠷᠭᠢᠭᠦᠯᠦᠨ ᠳᠣᠷᠣᠨ᠎ᠠ ᠵᠦᠭ ᠬᠥᠳᠡᠯᠪᠡ᠃ ᠢᠵᠢᠯ ᠮᠥᠷᠡᠨ ᠦ᠌ ᠳᠡᠭᠡᠳᠦ ᠪᠡᠶ᠎ᠡ᠂ ᠺᠠᠮ ᠭᠣᠣᠯ ᠳᠡᠭᠡᠷ᠎ᠡ ᠪᠣᠯᠭᠠᠷᠢᠶ᠎ᠠ ᠶ᠋ᠢᠨ ᠬᠠᠭᠠᠨᠲᠤ ᠤᠯᠤᠰ ᠤ᠋ᠨ ᠴᠡᠷᠢᠭ ᠬᠠᠷᠢ ᠶ᠋ᠢᠨ ᠬᠢᠨ ᠢ᠋ ᠲᠣᠰᠣᠨ ᠪᠠᠢᠯᠳᠤᠬᠤ ᠭᠡᠵᠦ ᠣᠴᠢᠭᠠᠳ ᠥᠪᠡᠷᠰᠡᠳ ᠢ᠋ᠶ᠋ᠡᠨ ᠪᠤᠲᠠ ᠴᠣᠬᠢᠭᠤᠯᠵᠤ ᠮᠣᠩᠭᠣᠯ ᠤ᠋ᠨ ᠵᠠᠬᠢᠷᠭ᠎ᠠ ᠶ᠋ᠢ ᠬᠦᠯᠢᠶᠡᠨ ᠰᠢᠲᠦᠭᠰᠡᠨ ᠢ᠋ᠶ᠋ᠡᠷ ᠬᠣᠶᠠᠷ ᠥᠷᠯᠥᠭ ᠦ᠋ᠨ ᠭᠠᠢᠬᠠᠮᠰᠢᠭᠲᠤ ᠠᠶᠠᠨ ᠲᠡᠢᠨ ᠥᠨᠳᠥᠷᠯᠡᠵᠡᠢ᠃
ᠴᠢᠩᠭᠢᠰ ᠬᠠᠭᠠᠨ ᠢ᠋ ᠲᠩᠷᠢ ᠳ᠋ᠦ᠍ ᠬᠠᠯᠢᠭᠰᠠᠨ ᠤ᠋ ᠳᠠᠷᠠᠭ᠎ᠠ᠂ ᠠᠯᠲᠠᠨ ᠤᠯᠤᠰ ᠤ᠋ᠨ ᠡᠮᠦᠨᠡᠲᠦ ᠬᠡᠰᠡᠭ ᠢ᠋ ᠪᠠᠢᠯᠳᠤᠨ ᠳᠠᠭᠠᠭᠤᠯᠬᠤ ᠬᠠᠲᠠᠭᠤ ᠰᠢᠷᠦᠭᠦᠨ ᠠᠶᠠᠨ ᠲᠡᠢᠨ ᠳᠥᠷᠪᠡᠨ ᠵᠢᠯ ᠦᠷᠭᠦᠯᠵᠢᠯᠡᠵᠢ᠃ ᠡᠨᠡ ᠲᠡᠢᠨ ᠳ᠋ᠦ᠍ ᠰᠥᠩ ᠤᠯᠤᠰ ᠲᠠᠢ ᠬᠣᠯᠪᠣᠭᠠᠲᠠᠨ ᠪᠣᠯᠵᠤ ᠬᠣᠶᠠᠷ ᠲᠠᠯ᠎ᠠ ᠠ᠋ᠴᠠ ᠨᠢ ᠬᠠᠪᠴᠢᠨ ᠪᠠᠢᠯᠳᠤᠬᠤ ᠳ᠋ᠤ᠌ ᠮᠣᠩᠭᠣᠯ ᠤ᠋ᠨ ᠶᠡᠬᠡ ᠴᠡᠷᠢᠭ ᠢ᠋ ᠤᠳᠤᠷᠢᠳᠤᠵᠤ ᠶᠠᠪᠤᠭᠰᠠᠨ ᠲᠥᠯᠥᠭᠡᠨ ᠳᠠᠷᠤᠢ ᠰᠦᠪᠡᠭᠡᠳᠡᠢ ᠶᠡᠬᠡ ᠴᠡᠷᠢᠭ ᠢ᠋ ᠶᠡᠷᠦᠩᠬᠡᠢᠯᠡᠨ ᠵᠠᠬᠢᠷᠪᠠ᠃ ᠰᠦᠪᠡᠭᠡᠳᠡᠢ ᠡᠨᠡ ᠦᠶ᠎ᠡ ᠳ᠋ᠦ᠍ ᠰᠥᠩ ᠤᠯᠤᠰ ᠤ᠋ᠨ ᠶᠡᠬᠡ ᠴᠡᠷᠢᠭ ᠲᠡᠢ ᠬᠦᠴᠦ ᠬᠠᠪᠰᠤᠷᠤᠨ᠂ ᠺᠠᠢ ᠱᠤᠸᠠᠩ ᠬᠣᠲᠠ ᠶ᠋ᠢ ᠪᠦᠰᠡᠯᠡᠵᠦ᠂ ᠬᠣᠶᠠᠷ ᠰᠠᠶ᠎ᠠ ᠬᠥᠮᠦᠨ ᠲᠡᠢ ᠡᠨᠡ ᠬᠣᠲᠠ ᠪᠦᠲᠦᠨ ᠵᠢᠯ ᠦ᠋ᠨ ᠲᠤᠷᠰᠢ ᠬᠣᠷᠢᠭᠯᠠᠨ ᠬᠠᠮᠠᠭᠠᠯᠠᠭᠰᠠᠨ ᠴᠤ᠌ ᠤᠳᠠᠯ ᠦᠭᠡᠢ ᠰᠦᠪᠡᠭᠡᠳᠡᠢ ᠪᠠᠭᠠᠲᠤᠷ ᠪᠠᠭᠤᠯᠭᠠᠨ ᠠᠪᠴᠤ ᠴᠢᠳᠠᠪᠠ᠃ ᠠᠯᠲᠠᠨ ᠤᠯᠤᠰ ᠤ᠋ᠨ ᠰᠡᠭᠦᠯᠴᠢ ᠶ᠋ᠢᠨ ᠡᠵᠡᠨ ᠬᠠᠭᠠᠨ ᠠᠮᠢ ᠪᠠᠨ ᠬᠣᠣᠷᠯᠠᠵᠤ᠂ ᠬᠣᠷᠢᠨ ᠳᠥᠷᠪᠡᠨ ᠵᠢᠯ ᠦ᠋ᠨ ᠲᠡᠢᠨ ᠦ᠌ ᠡᠴᠦᠰ ᠲᠦ᠍ ᠠᠯᠲᠠᠨ ᠤᠯᠤᠰ ᠪᠦᠬᠦᠯᠢ ᠪᠡᠷ ᠢ᠋ᠶ᠋ᠡᠨ ᠮᠣᠩᠭᠣᠯᠴᠤᠳ ᠤ᠋ᠨ ᠭᠠᠷ ᠲᠤ᠌ ᠣᠷᠣᠪᠠ᠃1236 ᠣᠨ ᠳ᠋ᠤ᠌ ᠤᠷᠣᠭᠠᠯ ᠤ᠋ᠨ ᠨᠢᠷᠤᠭᠤ᠂ ᠤᠷᠣᠭᠠᠯ ᠨᠠᠭᠤᠷ ᠬᠣᠶᠠᠷ ᠤ᠋ᠨ ᠳᠤᠮᠳᠠ ᠡᠲᠡᠭᠡᠳ ᠲᠦ᠍ ᠶᠡᠬᠡ ᠴᠡᠷᠢᠭ ᠴᠤᠭᠯᠠᠷᠠᠴᠤ ᠨᠢᠭᠡᠳᠦᠨ ᠨᠡᠢᠯᠡᠭᠰᠡᠨ ᠤᠯᠠᠭᠠᠨ ᠡᠷᠡᠯᠬᠡᠭ ᠣᠮᠣᠭ ᠪᠢᠷ᠎ᠠ ᠨᠢ ᠠᠮᠲᠠᠭᠳᠠᠵᠤ᠂ ᠠᠶᠠᠨ ᠲᠡᠢᠨ ᠦ᠌ ᠠᠵᠠ ᠬᠡᠢᠮᠣᠷᠢ ᠨᠢ ᠪᠠᠳᠠᠷᠠᠭᠰᠠᠨ ᠮᠣᠩᠭᠣᠯ ᠤ᠋ᠨ ᠵᠠᠯᠠᠭᠤ ᠦᠶ᠎ᠡ ᠶ᠋ᠢᠨ ᠢᠳᠡ ᠬᠦᠴᠦ ᠪᠡᠨ ᠠᠪᠤᠭᠰᠠᠨ ᠴᠠᠭ ᠪᠠᠢᠪᠠ᠃ ᠡᠨᠡ ᠶᠡᠬᠡ ᠴᠡᠷᠢᠭ ᠲᠦ᠍ ᠴᠢᠩᠭᠢᠰ ᠦ᠋ᠨ ᠤᠭᠰᠠᠭ᠎ᠠ ᠶ᠋ᠢᠨ ᠠᠷᠪᠠᠨ ᠭᠤᠷᠪᠠᠨ ᠬᠠᠨ ᠬᠥᠪᠡᠭᠦᠳ ᠣᠯᠠᠨ ᠨᠣᠶᠠᠨ ᠪᠠᠭᠲᠠᠵᠤ ᠪᠠᠢᠭᠰᠠᠨ ᠠᠭᠠᠳ᠂150 ᠮᠢᠩᠭᠠᠨ ᠬᠥᠮᠦᠨ ᠪᠦᠬᠦᠢ ᠶᠡᠬᠡ ᠴᠡᠷᠢᠭ ᠢ᠋ ᠵᠥᠴᠢ ᠶ᠋ᠢᠨ ᠠᠬᠠᠮᠠᠳ ᠬᠥᠪᠡᠭᠦᠨ ᠪᠠᠲᠤ ᠵᠠᠬᠢᠷᠪᠠ᠃ ᠬᠠᠷᠢᠨ ᠡᠨᠡᠬᠦ ᠠᠶᠠᠨ ᠲᠡᠢᠨ ᠢ᠋ ᠵᠢᠩᠬᠢᠨᠢ ᠵᠣᠬᠢᠶᠠᠨ ᠪᠠᠢᠭᠤᠯᠤᠭᠴᠢ ᠨᠢ ᠴᠢᠩᠭᠢᠰ ᠬᠠᠭᠠᠨ ᠤ᠋ ᠬᠠᠮᠤᠭ ᠤ᠋ᠨ ᠰᠢᠯᠢᠳᠡᠭ ᠭᠠᠷᠮᠠᠭᠠᠢ ᠵᠠᠩᠵᠤᠳ ᠤ᠋ᠨ ᠨᠢᠭᠡ ᠳ᠋ᠦ᠍ ᠵᠥᠪ ᠶᠣᠰᠣᠭᠠᠷ ᠲᠣᠭᠠᠴᠠᠭᠳᠠᠬᠤ ᠢᠯᠠᠭᠳᠠᠵᠤ ᠳᠡᠢᠯᠦᠭᠳᠡᠬᠦ ᠶ᠋ᠢ ᠦᠵᠡᠭᠡ ᠦᠭᠡᠢ ᠶᠡᠬᠡ ᠥᠷᠯᠥᠭ ᠡᠪᠦᠭᠡᠨ ᠪᠠᠭᠠᠲᠤᠷ ᠰᠦᠪᠡᠭᠡᠳᠡᠢ ᠪᠠᠢᠪᠠ᠃ ᠡᠮᠦᠨᠡᠲᠦ ᠣᠷᠣᠰ ᠤ᠋ᠨ ᠦᠷᠡᠵᠢᠯ ᠰᠢᠮᠡᠳᠦ ᠲᠠᠯ᠎ᠠ ᠨᠤᠲᠤᠭ ᠨᠡᠭᠦᠳᠡᠯᠴᠢᠳ ᠢ᠋ ᠳᠠᠯᠠᠯᠤᠨ ᠳᠠᠭᠤᠳᠠᠬᠤ ᠠᠭᠠᠳ ᠡᠸᠣᠷᠣᠫᠡ ᠣᠷᠣᠬᠤ ᠵᠠᠮ ᠡᠭᠦᠪᠡᠷ ᠳᠠᠭᠠᠷᠢᠨ ᠥᠩᠭᠡᠷᠡᠬᠦ ᠶᠣᠰᠣᠲᠠᠢ ᠠᠵᠠᠢ᠃ ᠶᠡᠬᠡ ᠴᠡᠷᠢᠭ ᠴᠤᠭᠯᠠᠷᠠᠬᠤ ᠦᠶ᠎ᠡ ᠳ᠋ᠦ᠍ ᠰᠦᠪᠡᠭᠡᠳᠡᠢ ᠢᠵᠢᠯ ᠮᠥᠷᠡᠨ ᠦ᠌ ᠵᠡᠭᠦᠨ ᠲᠠᠯ᠎ᠠ ᠂ ᠺᠠᠮ ᠭᠣᠣᠯ ᠂ ᠺᠠᠰᠫᠢ ᠲᠠᠩᠭᠢᠰ ᠤ᠋ᠨ ᠵᠠᠪᠰᠠᠷ ᠨᠤᠲᠤᠭᠯᠠᠨ ᠪᠦᠬᠦᠢ ᠪᠦᠬᠦ ᠠᠢᠮᠠᠭ ᠤᠯᠤᠰ ᠢ᠋ ᠡᠵᠡᠯᠡᠨ ᠠᠪᠴᠤ 1237 ᠣᠨ ᠤ᠋ 12 ᠳ᠋ᠤᠭᠠᠷ ᠰᠠᠷ᠎ᠠ ᠳ᠋ᠤ᠌ ᠢᠵᠢᠯ ᠮᠥᠷᠡᠨ ᠢ᠋ ᠮᠥᠰᠥ ᠪᠡᠷ ᠭᠠᠲᠤᠯᠪᠠ᠃ ᠬᠣᠶᠠᠳᠤᠭᠠᠷ ᠰᠠᠷ᠎ᠠ ᠭᠡᠬᠦ ᠳ᠋ᠦ᠍ ᠣᠷᠣᠰ ᠤ᠋ᠨ ᠣᠯᠠᠨ ᠠᠷᠪᠢᠨ ᠰᠠᠢᠲᠤᠷ ᠪᠡᠬᠢᠯᠡᠭᠰᠡᠨ ᠬᠣᠲᠠ ᠨᠤᠭᠤᠳ ᠮᠣᠩᠭᠣᠯᠴᠤᠳ ᠤ᠋ᠨ ᠭᠠᠷ ᠲᠤ᠌ ᠣᠷᠣᠵᠤ ᠭᠤᠷᠪᠠᠳᠤᠭᠠᠷ ᠰᠠᠷ᠎ᠠ ᠳ᠋ᠤ᠌ ᠤᠮᠠᠷᠠᠲᠤ ᠣᠷᠣᠰ ᠤ᠋ᠨ ᠸᠠᠩᠲᠤ ᠤᠯᠤᠰ ᠤ᠋ᠳ ᠣᠷᠣᠰᠢᠨ ᠲᠣᠭᠲᠠᠨᠢᠬᠤ ᠪᠠᠨ ᠪᠣᠯᠢᠪᠠ᠃ ᠤᠯᠠᠮ ᠢ᠋ᠶ᠋ᠠᠷ 12 ᠳ᠋ᠤᠭᠠᠷ ᠰᠠᠷ᠎ᠠ ᠳ᠋ᠤ᠌ ᠺᠢᠪ ᠢ᠋ᠶ᠋ᠡᠷ ᠲᠥᠪᠯᠡᠷᠡᠭᠰᠡᠨ ᠡᠮᠦᠨᠡᠲᠦ ᠣᠷᠣᠰ ᠪᠦᠬᠦᠯᠢ ᠳ᠋ᠦ᠍ ᠪᠡᠨ ᠡᠪᠦᠳᠦᠭ ᠰᠥᠬᠥᠷᠡᠴᠦ᠂ ᠴᠢᠨᠠᠭᠰᠢᠯᠠᠨ ᠮᠣᠩᠭᠣᠯ ᠤ᠋ᠨ ᠠᠷᠮᠢ ᠭᠤᠷᠪᠠᠨ ᠬᠡᠰᠡᠭ ᠬᠤᠪᠢᠶᠠᠭᠳᠠᠨ ᠡᠸᠦᠷᠦᠫᠡ ᠶ᠋ᠢᠨ ᠳᠡᠪᠢᠰᠬᠡᠷ ᠤᠷᠤᠭᠤ ᠬᠠᠳᠬᠤᠨ ᠣᠷᠣᠪᠠ᠃ ᠪᠣᠭᠣᠨᠢ ᠬᠤᠭᠤᠴᠠᠭᠠᠨ ᠤ᠋ ᠳᠣᠲᠣᠷ᠎ᠠ ᠡᠸᠦᠷᠦᠫᠡ ᠶ᠋ᠢᠨ ᠬᠦᠯᠦᠭ ᠪᠠᠭᠠᠲᠤᠷ ᠤ᠋ᠳ ᠭᠡᠮᠡᠨ ᠭᠠᠢᠬᠠᠭᠳᠠᠳᠠᠭ ᠢᠷᠠᠺᠴᠦᠳ ᠦ᠋ᠨ ᠡᠰᠡᠷᠭᠦᠴᠡᠯ ᠢ᠋ ᠨᠤᠭᠤ ᠳᠠᠷᠤᠨ ᠵᠡᠭᠦᠨ ᠡᠸᠦᠷᠦᠫᠡ ᠶ᠋ᠢ ᠡᠵᠡᠯᠡᠨ ᠲᠦᠷᠢᠮᠡᠬᠡᠢᠯᠡᠵᠦ ᠠᠲᠤᠷᠢᠶᠠᠲᠤ ᠶ᠋ᠢᠨ ᠲᠠᠩᠭᠢᠰ ᠬᠦᠷᠪᠡ᠃ ᠭᠡᠪᠡᠴᠦ ᠡᠨᠡ ᠬᠦᠷᠦᠭᠡᠳ ᠥᠭᠡᠳᠡᠢ ᠬᠠᠭᠠᠨ ᠨᠠᠰᠤ ᠪᠠᠷᠠᠭᠰᠠᠨ ᠡᠮᠭᠡᠨᠢᠯᠲᠦ ᠮᠡᠳᠡᠭᠡ ᠶ᠋ᠢ ᠰᠣᠨᠣᠰᠤᠭᠠᠳ ᠶᠡᠬᠡ ᠴᠡᠷᠢᠭ ᠨᠤᠲᠤᠭ ᠤ᠋ᠨ ᠵᠦᠭ ᠬᠦᠯᠦᠭ ᠦ᠋ᠨ ᠵᠢᠯᠣᠭᠣ ᠵᠠᠯᠠᠵᠠᠢ᠃
ᠲᠡᠢᠨ ᠳᠣᠯᠣᠭᠠᠨ ᠲᠤᠯᠤᠯᠳᠤᠭᠠᠨ ᠳ᠋ᠤ᠌ ᠦᠷᠭᠦᠯᠵᠢ ᠬᠣᠰᠢᠭᠤᠴᠢᠯᠠᠨ ᠶᠠᠪᠤᠭᠰᠠᠨ ᠲᠥᠷᠥ ᠶ᠋ᠢᠨ ᠶᠡᠬᠡ ᠰᠠᠢᠳ᠂ ᠶᠡᠬᠡ ᠵᠠᠩᠵᠤᠨ ᠰᠦᠪᠡᠭᠡᠳᠡᠢ 1246 ᠣᠨ ᠳ᠋ᠤ᠌ ᠡᠬᠡ ᠨᠤᠲᠤᠭ ᠲᠤ᠌ ᠪᠠᠨ ᠢᠷᠡᠭᠰᠡᠨ ᠪᠣᠯᠪᠠᠴᠤ ᠵᠠᠩᠵᠤᠨ ᠤ᠋ ᠳᠠᠢᠴᠢᠨ ᠢᠷᠠᠭᠤ ᠠᠯᠳᠠᠷ ᠳᠠᠭᠤᠰᠤᠭᠰᠠᠨ ᠦᠭᠡᠢ ᠨᠠᠰᠤᠨ ᠥᠨᠳᠥᠷ ᠪᠣᠯᠲᠠᠯ᠎ᠠ ᠪᠠᠨ ᠶᠡᠬᠡ ᠬᠠᠭᠠᠨ ᠤ᠋ ᠳᠡᠷᠭᠡᠳᠡᠬᠢ ᠰᠡᠴᠡᠳ ᠦ᠋ᠨ ᠵᠥᠪᠯᠡᠯ ᠦ᠋ᠨ ᠭᠡᠰᠢᠭᠦᠨ ᠪᠠᠢᠵᠤ᠂ ᠠᠯᠲᠠᠨ ᠤᠷᠤᠭ ᠤ᠋ᠨ ᠢᠲᠡᠭᠡᠯ ᠢ᠋ ᠬᠦᠯᠢᠶᠡᠨ ᠪᠠᠢᠵᠤ ᠬᠦᠯᠢᠶᠡᠨ ᠠᠪᠤᠭᠰᠠᠨ ᠪᠥᠯᠥᠭᠡ᠃ ᠰᠦᠪᠡᠭᠡᠳᠡᠢ ᠪᠠᠭᠠᠲᠤᠷ 73 ᠨᠠᠰᠤᠯᠠᠲᠠᠯ᠎ᠠ ᠪᠠᠨ ᠡᠮᠦᠨᠡᠲᠦ ᠬᠢᠲᠠᠳ ᠤ᠋ᠨ ᠰᠢᠷ᠎ᠠ ᠲᠠᠩᠭᠢᠰ ᠠ᠋ᠴᠠ ᠥᠷᠥᠨᠡᠲᠦ ᠡᠸᠦᠷᠦᠫᠡ ᠶ᠋ᠢᠨ ᠠᠲᠣᠷᠶᠠᠲᠣ ᠶ᠋ᠢᠨ ᠲᠠᠩᠭᠢᠰ ᠬᠦᠷᠲᠡᠯ᠎ᠡ᠂ ᠪᠠᠯᠠᠷ ᠰᠢᠪᠧᠷᠢᠶ᠎ᠡ ᠶ᠋ᠢᠨ ᠲᠠᠢᠭ᠎ᠠ ᠠ᠋ᠴᠠ ᠪᠠᠩᠺᠣᠺᠢ ᠶ᠋ᠢᠨ ᠬᠡᠷᠡᠮ ᠬᠦᠷᠲᠡᠯ᠎ᠡ ᠳᠡᠯᠡᠬᠡᠢ ᠶ᠋ᠢᠨ ᠳᠠᠢᠳᠤ ᠶ᠋ᠢ ᠬᠡᠳᠦᠨᠲᠡ ᠬᠥᠨᠳᠡᠯᠡᠨ ᠭᠤᠯᠳᠤ ᠬᠡᠮᠵᠢᠵᠦ ᠬᠡᠳᠦᠨ ᠪᠤᠮ ᠠ᠋ᠴᠠ ᠬᠡᠳᠦᠨ ᠠᠷᠪᠠᠨ ᠰᠠᠶ᠎ᠠ ᠪᠠᠷ ᠲᠣᠭᠠᠯᠠᠭᠳᠠᠬᠤ ᠶᠡᠬᠡ ᠪᠠᠭ᠎ᠠ ᠳᠥᠴᠢᠨ ᠦᠨᠳᠦᠰᠦᠲᠡᠨ ᠦ᠌ ᠨᠣᠮᠣᠳᠬᠠᠨ ᠵᠢᠷᠤᠮ ᠳ᠋ᠤ᠌ ᠣᠷᠣᠭᠤᠯᠵᠤ ᠶᠡᠬᠡ ᠪᠠᠭ᠎ᠠ 60 ᠳᠣᠯᠣᠭᠠᠨ ᠳ᠋ᠤ᠌ ᠢᠮᠠᠭᠲᠠ ᠢᠯᠠᠨ ᠭᠠᠷᠤᠭᠰᠠᠨ ᠢ᠋ ᠳᠡᠯᠡᠬᠡᠢ ᠳᠠᠶᠠᠩ ᠳ᠋ᠤ᠌ ᠤᠷᠢᠳ ᠬᠣᠵᠢᠳ ᠠᠯᠳᠠᠷ ᠢ᠋ᠶ᠋ᠠᠨ ᠳᠠᠭᠤᠷᠢᠰᠤᠭᠤᠯᠤᠭᠰᠠᠨ ᠶᠠᠮᠠᠷ ᠪᠠᠭᠠᠲᠤᠷ ᠡᠷ᠎ᠡ ᠳᠠᠪᠠᠵᠤ ᠭᠠᠷᠤᠭ᠎ᠠ ᠦᠭᠡᠢ ᠪᠢᠯᠡ᠃
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
