ᠴᠢᠨᠣ᠎ᠠ ᠶ᠋ᠢᠨ ᠬᠠᠷᠮᠠᠭЧонон хармагChonon kharmag
ᠠᠩᠭᠢᠯᠠᠯ:ᠡᠪᠡᠰᠦ ᠤᠷᠭᠤᠮᠠᠯӨвс ургамал 2025-05-26
413
ᠴᠢᠨᠣ᠎ᠠ ᠶ᠋ᠢᠨ ᠬᠠᠷᠮᠠᠭ ᠲᠤᠰ ᠡᠮ ᠪᠣᠯ ᠬᠠᠰᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠨᠢᠩᠰᠢᠶᠠ ᠴᠢᠨᠣ᠎ᠠ ᠶ᠋ᠢᠨ ᠬᠠᠷᠮᠠᠭ ᠤ᠋ᠨ ᠪᠣᠯᠪᠠᠰᠤᠷᠠᠮᠠᠯ ᠵᠢᠮᠢᠰ ᠮᠥᠨ᠃ ᠪᠠᠰᠠ ᠫᠠᠩᠪᠠᠷᠠᠢ᠂ ᠫᠠᠩᠮᠠᠢᠪᠥ᠋ᠷᠦ᠂ ᠱ᠌ᠢᠷᠦᠨ ᠤᠨᠵᠢᠯᠭ᠎ᠠ᠂ ᠬᠡᠷᠢᠶᠡᠴᠢ ᠭᠡᠳᠡᠭ᠃ [ ᠤᠤᠯ ᠤᠷᠭᠤᠮᠠᠯ] ᠪᠤᠲᠠ ᠮᠣᠳᠣ ᠪᠤᠶᠤ ᠠᠷᠠᠴᠢᠯᠠᠨ ᠵᠠᠢᠯᠠᠭᠰᠠᠨ ᠠ᠋ᠴᠠ ᠪᠣᠯᠤᠭᠰᠠᠨ ᠪᠠᠭᠠᠪᠲᠤᠷ ᠲᠤᠷᠤᠭ ᠮᠣᠳᠣ᠃2~3m ᠥᠨᠳᠥᠷ᠂ ᠬᠡᠳᠦᠨ ᠭᠣᠣᠯ ᠮᠥᠴᠢᠷ ᠲᠡᠢ ᠪᠥᠭᠡᠳ ᠲᠤᠷᠤᠭ ᠪᠦᠳᠦᠭᠦᠨ᠂ ᠵᠢᠮᠢᠰ ᠦ...