ᠠᠪᠤ ᠮᠢᠨᠢ - ᠪᠣᠷᠵᠢᠭᠢᠨ ᠬᠠᠰᠤᠩᠭᠣᠸ᠎ᠠ-ᠡᠴᠢᠬᠡᠴᠤᠤᠯ ᠤ᠋ᠨ ᠪᠠᠶᠠᠷ ᠦᠨ ᠡᠳᠦᠷ ᠲᠤ᠌ Аав минь-Боржгин Хасангуа-Эцгэчүүлийн баярын өдөрт ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠮᠢᠨᠢ - ᠪᠣᠷᠵᠢᠭᠢᠨ ᠬᠠᠰᠤᠩᠭᠣᠸ᠎ᠠ-ᠡᠴᠢᠬᠡᠴᠤᠤᠯ ᠤ᠋ᠨ ᠪᠠᠶᠠᠷ ᠦᠨ ᠡᠳᠦᠷ ᠲᠤ᠌ Аав минь-Боржгин Хасангуа-Эцгэчүүлийн баярын өдөрт

ᠠᠪᠤ ᠮᠢᠨᠢ - ᠪᠣᠷᠵᠢᠭᠢᠨ ᠬᠠᠰᠤᠩᠭᠣᠸ᠎ᠠ-ᠡᠴᠢᠬᠡᠴᠤᠤᠯ ᠤ᠋ᠨ ᠪᠠᠶᠠᠷ ᠦᠨ ᠡᠳᠦᠷ ᠲᠤ᠌ Аав минь-Боржгин Хасангуа-Эцгэчүүлийн баярын өдөрт

2025-06-15

667

ᠠᠪᠤ ᠮᠢᠨᠢ

       -ᠡᠴᠢᠬᠡᠴᠤᠤᠯ ᠤ᠋ᠨ ᠪᠠᠶᠠᠷ ᠦᠨ ᠡᠳᠦᠷ ᠣᠢᠷᠠᠲᠤᠬᠤ ᠳ᠋ᠤ᠌ ᠬᠠᠢᠷᠠᠲᠤ ᠠᠪᠤ ᠶ᠋ᠢ ᠪᠡᠨ ᠳᠤᠷᠠᠰᠬᠤ  ᠨᠢ 
                       ᠪᠣᠷᠵᠢᠭᠢᠨ ᠬᠠᠰᠤᠩᠭᠣᠸ᠎ᠠ 
ᠬᠣᠷᠢᠶᠠᠯᠠᠯ ᠤ᠋ᠨ ᠡᠭᠦᠳᠡᠨ ᠳ᠋ᠦ᠍ ᠤᠯᠤᠰ ᠤ᠋ᠨ ᠰᠢᠯᠭᠠᠯᠲᠠ ᠶ᠋ᠢᠨ ᠲᠤᠬᠠᠢ ᠠᠩᠬᠠᠷᠬᠤ ᠵᠦᠢᠯ᠂ ᠬᠢᠴᠢᠶᠡᠬᠦ ᠶᠠᠪᠤᠳᠠᠯ ᠢ᠋ ᠵᠤᠷᠪᠤᠰᠯᠠᠨ ᠪᠢᠴᠢᠵᠦ ᠡᠯᠭᠦᠭᠡᠳ᠂ ᠬᠠᠵᠠᠭᠤ ᠳ᠋ᠤ᠌ ᠨᠢ ᠰᠢᠯᠭᠠᠭᠤᠯᠤᠭᠴᠢᠳ ᠲᠤ᠌ ᠵᠣᠷᠢᠭᠤᠯᠤᠭᠰᠠᠨ ᠦᠨ᠎ᠡ ᠲᠥᠯᠥᠪᠦᠷᠢ ᠦᠭᠡᠢ ᠬᠠᠩᠭᠠᠨ᠎ᠠ ᠭᠡᠰᠡᠨ ᠤᠰᠤ ᠤᠮᠳᠠᠭᠠᠨ᠂ ᠵᠢᠮᠢᠰ᠂ ᠪᠣᠣᠪᠣ ᠪᠣᠭᠣᠷᠰᠣᠭ ᠵᠡᠷᠭᠡᠯᠡᠭᠰᠡᠨ᠂ ᠠᠮᠤᠷ ᠲᠦᠪᠰᠢᠨ ᠢ᠋ ᠬᠠᠮᠢᠶᠠᠷᠤᠭᠴᠢ ᠬᠠᠮᠠᠭᠠᠯᠠᠭᠴᠢ ᠨᠠᠷ ᠨᠠᠰᠢ ᠴᠠᠰᠢ ᠰᠦᠯᠵᠢᠯᠳᠦᠬᠦ ᠵᠡᠷᠭᠡ ᠶ᠋ᠢ ᠬᠠᠷᠠᠭᠰᠠᠭᠠᠷ᠂ ᠥᠪᠡᠷ ᠦ᠋ᠨ ᠡᠷᠬᠡ ᠦᠭᠡᠢ ᠬᠠᠢᠷᠠᠲᠤ ᠠᠪᠤ ᠶ᠋ᠢ ᠪᠡᠨ ᠰᠠᠨᠠᠴᠢᠬᠠᠯ᠎ᠠ᠂ ᠬᠠᠢᠷᠠᠲᠤ ᠠᠪᠤ ᠶ᠋ᠢᠨ ᠢ᠋ᠶ᠋ᠡᠨ ᠠᠴᠢ ᠪᠠᠷ ᠪᠢ ᠪᠠᠰᠠ ᠤᠯᠤᠰ ᠤ᠋ᠨ ᠰᠢᠯᠭᠠᠯᠲᠠ ᠳ᠋ᠤ᠌ ᠣᠷᠣᠯᠴᠠᠬᠤ ᠲᠣᠬᠢᠶᠠᠯ ᠢ᠋ ᠣᠯᠤᠭᠰᠠᠨ ᠰᠢᠦ ᠳᠡ᠃
ᠰᠢᠯᠭᠠᠯᠲᠠ ᠶ᠋ᠢᠨ ᠲᠡᠷᠡ ᠡᠳᠦᠷ᠂ ᠪᠢ᠂ ᠭᠡᠷ ᠡᠴᠡ ᠪᠡᠨ ᠠᠷᠪᠠᠭᠠᠳ ᠭᠠᠵᠠᠷ ᠠᠯᠬᠤᠵᠤ᠂ ᠰᠢᠯᠭᠠᠯᠲᠠ ᠶ᠋ᠢᠨ ᠭᠠᠵᠠᠷ ᠬᠦᠷᠦᠭᠡᠳ᠂ ᠰᠢᠯᠭᠠᠬᠤ ᠨᠣᠮᠧᠷ ᠢ᠋ᠶ᠋ᠡᠨ ᠠᠪᠴᠤ᠂ ᠰᠢᠯᠭᠠᠬᠤ ᠭᠡᠷ᠂ ᠰᠠᠭᠤᠬᠤ ᠰᠢᠷᠡᠭᠡ ᠰᠠᠨᠳᠠᠯᠢ ᠶ᠋ᠢ ᠪᠡᠨ ᠡᠷᠢᠵᠦ ᠣᠯᠤᠭᠠᠳ ᠰᠢᠯᠭᠠᠭᠰᠠᠨ ᠮᠢᠨᠢ ᠨᠢᠭᠡᠳ ᠨᠢᠭᠡ ᠪᠡᠷ ᠲᠣᠳᠣᠷᠠᠬᠤ ᠶ᠋ᠢᠨ ᠬᠠᠮᠲᠤ ᠠᠪᠤ ᠶ᠋ᠢᠨ ᠮᠢᠨᠢ 《ᠰᠢᠯᠭᠠᠵᠤ᠂ ᠰᠤᠷᠭᠠᠭᠤᠯᠢ ᠲᠠᠪᠰᠢᠬᠤ ᠨᠢ ᠨᠠᠮ᠂ ᠤᠯᠤᠰ ᠤ᠋ᠨ ᠣᠷᠢᠶᠠᠯᠭ᠎ᠠ ᠬᠡᠷᠡᠭᠴᠡᠭᠡ ᠪᠢᠯᠡ᠂ ᠬᠤᠷᠢᠮᠯᠠᠵᠤ ᠡᠷᠦᠬᠡ ᠭᠡᠷ ᠪᠣᠰᠬᠠᠭᠰᠠᠨ ᠬᠥᠮᠦᠰ᠂ ᠴᠢᠨᠠᠭᠰᠢᠯᠠᠪᠠᠯ ᠦᠷ᠎ᠡ ᠬᠡᠦᠬᠡᠳ ᠲᠡᠢ ᠪᠣᠯᠤᠭᠰᠠᠨ ᠬᠥᠮᠦᠰ ᠴᠦ᠍ ᠰᠢᠯᠭᠠᠬᠤ ᠭᠡᠵᠦ ᠨᠡᠷ᠎ᠡ ᠮᠡᠳᠡᠭᠦᠯᠵᠦ ᠪᠠᠢᠬᠤ ᠳ᠋ᠤ᠌ ᠲᠠᠨᠤᠰ ᠰᠢᠭ᠋ ᠵᠠᠯᠠᠭᠤ ᠬᠥᠮᠦᠰ ᠰᠢᠯᠭᠠᠬᠤ ᠦᠭᠡᠢ ᠶᠠᠭᠠᠬᠢᠬᠤ ᠪᠣᠢ! 》 ᠭᠡᠵᠦ ᠬᠡᠦᠬᠡᠨ ᠨᠠᠳᠠ ᠶ᠋ᠢ ᠪᠡᠨ ᠵᠣᠷᠢᠭᠵᠢᠭᠤᠯᠬᠤ ᠨᠢ ᠰᠣᠨᠣᠰᠳᠠᠬᠤ ᠰᠢᠭ᠋ ᠪᠣᠯᠤᠨ᠎ᠠ᠂ ᠡᠳᠦᠷ ᠬᠣᠨᠣᠭ ᠥᠩᠭᠡᠷᠡᠬᠦ ᠬᠠᠷᠪᠤᠭᠰᠠᠨ ᠰᠤᠮᠤ ᠮᠡᠲᠦ ᠲᠦᠷᠭᠡᠨ ᠭᠡᠳᠡᠭᠴᠢᠯᠡᠨ᠂ ᠨᠢᠭᠡᠨᠲᠡ ᠳᠥᠴᠢᠨ ᠨᠠᠢ᠍ᠮᠠᠨ ᠵᠢᠯ ᠦ᠋ᠨ ᠡᠮᠦᠨᠡᠬᠢ ᠤᠴᠢᠷ ᠪᠣᠯᠴᠢᠬᠠᠵᠠᠢ᠃
ᠬᠡᠦᠬᠡᠨ ᠬᠥᠮᠦᠨ ᠢ᠋ ᠪᠢᠴᠢᠭ ᠦᠵᠡᠭᠦᠯᠬᠦ ᠶ᠋ᠢ ᠴᠢᠬᠤᠯᠠᠴᠢᠯᠠᠳᠠᠭ ᠦᠭᠡᠢ ᠲᠡᠷᠡ ᠴᠠᠭ ᠦᠶ᠎ᠡ ᠳ᠋ᠦ᠍ ᠠᠪᠤ ᠮᠢᠨᠢ ᠬᠡᠦᠬᠡᠨ ᠨᠠᠮ᠎ᠠ ᠶ᠋ᠢ ᠪᠡᠨ ᠪᠢᠴᠢᠭ ᠦᠵᠡᠭᠦᠯᠦᠨ᠎ᠡ᠂ ᠰᠤᠷᠭᠠᠭᠤᠯᠢ ᠳ᠋ᠤ᠌ ᠰᠢᠯᠭᠠᠭᠤᠯᠤᠨ᠎ᠠ ᠭᠡᠵᠦ ᠣᠯᠠᠨ ᠣᠯᠠᠨ ᠰᠠᠭᠠᠳ ᠳᠠᠳᠬᠠᠷ᠂ ᠵᠦᠢᠯ ᠵᠦᠢᠯ ᠦ᠋ᠨ ᠬᠣᠱᠣᠩᠨᠠᠯ ᠶᠥᠭᠡᠳᠡᠯ ᠢ᠋ ᠬᠦᠯᠢᠴᠡᠩᠭᠦᠢ ᠳᠠᠭᠠᠭᠠᠮᠠᠭᠠᠢ ᠪᠠᠷ ᠲᠤᠭᠤᠯᠤᠭᠰᠠᠨ ᠶᠤᠮᠰᠠᠨ!
ᠰᠢᠯᠭᠠᠯᠲᠠ ᠶ᠋ᠢᠨ ᠳᠦᠷᠢᠮ ᠰᠡᠷᠭᠦᠭᠰᠡᠨ ᠲᠡᠷᠡ ᠵᠢᠯ ᠪᠢ ᠥᠨᠳᠥᠷ ᠵᠡᠷᠭᠡ ᠶ᠋ᠢᠨ ᠳᠤᠮᠳᠠᠳᠤ ᠰᠤᠷᠭᠠᠭᠤᠯᠢ ᠪᠠᠨ ᠲᠡᠭᠦᠰᠦᠭᠡᠳ ᠪᠠᠷᠢᠭᠠᠳᠠ ᠶ᠋ᠢᠨ ᠭᠡᠰᠢᠭᠦᠨ ᠪᠣᠯᠤᠭᠠᠳ ᠨᠢᠭᠡᠨᠲᠡ ᠳᠥᠷᠪᠡᠨ ᠵᠢᠯ ᠪᠣᠯᠤᠭᠰᠠᠨ ᠪᠠᠢᠪᠠ᠂ ᠪᠠᠷᠢᠭᠠᠳᠠ ᠶ᠋ᠢᠨ ᠭᠡᠰᠢᠭᠦᠨ ᠪᠦᠬᠦᠨ᠂ ᠪᠠᠷᠢᠭᠠᠳᠠ ᠶ᠋ᠢᠨ ᠤᠳᠤᠷᠢᠳᠤᠯᠭ᠎ᠠ ᠶ᠋ᠢᠨ ᠵᠢᠭᠠᠪᠤᠷᠢ ᠵᠢᠯᠣᠭᠣᠳᠤᠯᠭ᠎ᠠ ᠶ᠋ᠢ ᠳᠠᠭᠠᠨ᠎ᠠ᠃ ᠪᠢ᠂ ᠪᠠᠷᠢᠭᠠᠳᠠ ᠶ᠋ᠢᠨ ᠲᠣᠬᠢᠷᠠᠭᠤᠯᠭ᠎ᠠ ᠪᠠᠷ ᠨᠡᠢᠲᠡ ᠶ᠋ᠢᠨ ᠬᠥᠳᠡᠯᠮᠦᠷᠢ ᠳ᠋ᠦ᠍ ᠣᠷᠣᠯᠴᠠᠬᠤ ᠶ᠋ᠢᠨ ᠳᠠᠭᠠᠤ ᠲᠤᠬᠠᠢ ᠶ᠋ᠢᠨ ᠦᠶ᠎ᠡ ᠶ᠋ᠢᠨ ᠪᠠᠷᠢᠭᠠᠳᠠ ᠶ᠋ᠢᠨ ᠨᠤᠲᠤᠭ ᠤ᠋ᠨ ᠡᠮᠴᠢ — ᠡᠬᠡ ᠪᠠᠷᠢᠭᠴᠢ ᠶ᠋ᠢᠨ ᠠᠵᠢᠯ ᠢ᠋ ᠬᠠᠪᠰᠤᠷᠭᠠᠵᠤ ᠬᠢᠵᠦ ᠬᠤᠪᠢ ᠲᠡᠮᠳᠡᠭᠯᠡᠭᠦᠯᠵᠦ ᠪᠠᠢᠵᠠᠢ᠃ ᠮᠢᠨᠦ ᠤᠯᠤᠰ ᠤ᠋ᠨ ᠰᠢᠯᠭᠠᠯᠲᠠ ᠳ᠋ᠤ᠌ ᠣᠷᠣᠯᠴᠠᠬᠤ ᠶ᠋ᠢ ᠪᠠᠷᠢᠭᠠᠳᠠ ᠶ᠋ᠢᠨ ᠬᠢᠨᠢ ᠵᠥᠪᠰᠢᠶᠡᠷᠡᠭᠰᠡᠨ ᠦᠭᠡᠢ᠂ ᠠᠪᠤ ᠮᠢᠨᠢ᠂ ᠤᠯᠤᠰ ᠤ᠋ᠨ ᠰᠢᠯᠭᠠᠯᠲᠠ ᠶ᠋ᠢᠨ ᠲᠤᠬᠠᠢ ᠠᠰᠠᠭᠤᠵᠤ ᠰᠤᠷᠠᠭᠠᠳ ᠯᠠ᠂ ᠰᠢᠯᠭᠠᠯᠲᠠ ᠶ᠋ᠢ ᠬᠠᠮᠢᠶᠠᠷᠤᠭᠴᠢ ᠪᠠᠭᠰᠢ ᠲᠠᠢ ᠵᠥᠪᠳᠡᠵᠦ᠂ ᠮᠢᠨᠦ ᠨᠡᠷ᠎ᠡ ᠶ᠋ᠢ ᠮᠡᠳᠡᠭᠦᠯᠦᠭᠰᠡᠨ ᠪᠥᠭᠡᠳ᠂ ᠰᠢᠯᠭᠠᠯᠲᠠ ᠶ᠋ᠢᠨ ᠡᠳᠦᠷ ᠣᠢᠷᠠᠲᠤᠬᠤ ᠳ᠋ᠤ᠌ ᠪᠠᠷᠢᠭᠠᠳᠠ ᠶ᠋ᠢᠨ ᠠᠵᠢᠯ ᠬᠠᠮᠢᠶᠠᠷᠤᠭᠴᠢ ᠠ᠋ᠴᠠ ᠨᠠᠮ᠎ᠠ ᠳ᠋ᠤ᠌ ᠭᠤᠷᠪᠠᠨ ᠡᠳᠦᠷ ᠦ᠋ᠨ ᠴᠢᠯᠥᠭᠡ ᠭᠤᠶᠤᠵᠤ ᠵᠥᠪᠰᠢᠶᠡᠷᠡᠭᠦᠯᠦᠨ᠂ ᠮᠢᠨᠦ ᠭᠤᠷᠪᠠᠨ ᠡᠳᠦᠷ ᠦ᠋ᠨ ᠠᠵᠢᠯ ᠢ᠋ ᠣᠷᠣᠯᠠᠨ ᠭᠦᠢᠴᠳᠭᠡᠬᠦ ᠪᠡᠷ ᠳᠠᠭᠠᠭᠠᠴᠢᠯᠠᠨ ᠠᠪᠤᠭᠰᠠᠨ ᠪᠠᠢᠵᠠᠢ᠃
ᠰᠢᠯᠭᠠᠯᠲᠠ ᠶ᠋ᠢᠨ ᠡᠮᠦᠨ᠎ᠡ ᠡᠳᠦᠷ ᠦ᠋ᠨ ᠦᠳᠡ ᠥᠩᠭᠡᠷᠡᠬᠦ ᠶ᠋ᠢᠨ ᠳᠡᠯᠢᠮ ᠢ᠋ᠶ᠋ᠡᠷ ᠶᠤᠮᠰᠠᠨ᠂ ᠲᠠᠷᠢᠶᠠᠨ ᠭᠠᠵᠠᠷ ᠪᠠᠢᠭ᠎ᠠ ᠨᠠᠮ᠎ᠠ ᠳ᠋ᠤ᠌ ᠶᠡᠬᠡ ᠪᠠᠷᠢᠭᠠᠳᠠ ᠳᠡᠭᠡᠷ᠎ᠡ ᠪᠠᠷᠢᠭᠠᠳᠠ ᠶ᠋ᠢᠨ ᠳᠠᠷᠤᠭ᠎ᠠ ᠳᠠᠭᠤᠳᠠᠵᠤ ᠪᠠᠢᠨ᠎ᠠ ᠭᠡᠰᠡᠨ ᠴᠢᠮᠡᠭᠡ ᠶ᠋ᠢ ᠤᠲᠠᠰᠤ ᠲᠤᠰᠤᠭᠴᠢ ᠳᠠᠮᠵᠢᠭᠤᠯᠪᠠ᠃ ᠲᠡᠷᠡ ᠦᠶ᠎ᠡ ᠳ᠋ᠦ᠍ ᠪᠠᠷᠢᠭᠠᠳᠠ ᠳ᠋ᠤ᠌ ᠲᠠᠯᠪᠢᠭᠤᠷ ᠤᠲᠠᠰᠤ ᠲᠠᠢ᠂ ᠲᠤᠰᠬᠠᠢᠯᠠᠨ ᠤᠲᠠᠰᠤ ᠲᠣᠰᠳᠠᠭ ᠬᠥᠮᠦᠨ ᠪᠠᠢᠭᠰᠠᠨ ᠪᠠ ᠣᠯᠠᠩᠬᠢ ᠤᠴᠢᠷ ᠤ᠋ᠳ ᠢ᠋ ᠯᠠᠪᠠᠷ ᠢ᠋ᠶ᠋ᠠᠷ ᠣᠯᠠᠨ ᠳ᠋ᠤ᠌ ᠮᠡᠳᠡᠭᠳᠡᠳᠡᠭ ᠪᠠᠢᠭᠰᠠᠨ᠃
ᠪᠢ᠂ ᠶᠡᠬᠡ ᠪᠠᠷᠢᠭᠠᠳᠠ ᠶ᠋ᠢᠨ ᠭᠡᠷ ᠦ᠋ᠨ ᠡᠭᠦᠳᠡ ᠶ᠋ᠢ ᠲᠦᠯᠬᠢᠨ ᠣᠷᠣᠬᠤ ᠲᠠᠢ ᠵᠡᠷᠭᠡ ᠪᠠᠷᠢᠭᠠᠳᠠ ᠶ᠋ᠢᠨ ᠳᠠᠷᠤᠭ᠎ᠠ ᠄ 《 ᠴᠢᠮ᠎ᠠ ᠶ᠋ᠢ ᠰᠤᠷᠭᠠᠭᠤᠯᠢ ᠳ᠋ᠤ᠌ ᠰᠢᠯᠭᠠᠵᠤ ᠣᠷᠣᠭᠰᠠᠨ ᠴᠤ᠌᠂ ᠳᠤᠷ᠎ᠠ ᠵᠣᠷᠢᠭ ᠤ᠋ᠨ ᠦᠵᠡᠯ ᠲᠡᠢ᠂ ᠲᠣᠭᠲᠠᠭᠠᠯ ᠳᠦᠷᠢᠮ ᠢ᠋ ᠵᠥᠷᠢᠴᠡᠭᠰᠡᠨ᠂ ᠶᠣᠰᠣ ᠮᠣᠷᠠᠯ ᠦᠭᠡᠢ ᠰᠤᠷᠤᠭᠴᠢ ᠭᠡᠵᠦ ᠬᠦᠰᠦᠨᠦᠭ ᠳᠡᠭᠡᠷ᠎ᠡ ᠴᠢᠨᠢ ᠪᠢᠴᠢᠨ᠎ᠡ᠃ ᠡᠰᠡᠬᠦᠯ᠎ᠡ ᠬᠣᠢᠨ᠎ᠠ ᠠ᠋ᠴᠠ ᠴᠢᠨᠢ ᠪᠢᠴᠢᠵᠦ ᠶᠠᠪᠤᠭᠤᠯᠤᠨ᠎ᠠ ᠁》 ᠭᠡᠵᠦ᠂ ᠪᠢ ᠰᠤᠷᠭᠠᠭᠤᠯᠢ ᠳ᠋ᠤ᠌ ᠰᠢᠯᠭᠠᠭᠠᠳ ᠣᠷᠣᠭᠰᠠᠨ ᠰᠢᠭ᠋ ᠠᠭᠤᠷᠯᠠᠨ᠂ ᠳᠣᠩᠭᠣᠳᠤᠨ ᠵᠠᠩᠨᠠᠬᠤ ᠶ᠋ᠢᠨ ᠳᠠᠭᠤ ᠮᠣᠷᠢᠨ ᠲᠡᠷᠭᠡᠴᠢᠨ ᠢ᠋ ᠳᠠᠭᠤᠳᠠᠵᠤ 《ᠮᠣᠷᠢᠨ ᠲᠡᠷᠭᠡ ᠡᠨᠡ ᠬᠣᠶᠠᠷ ᠡᠳᠦᠷ ᠭᠠᠳᠠᠭᠰᠢ ᠭᠠᠷᠬᠤ ᠦᠭᠡᠢ ᠶᠦᠮ ᠴᠢᠨᠢ ᠨᠢᠭᠡ ᠮᠣᠷᠢ ᠶ᠋ᠢ ᠨᠢ ᠡᠮᠡᠭᠡᠯᠯᠡᠭᠡᠳ ᠠᠪᠴᠢᠷᠠᠨ ᠥᠭ 》 ᠭᠡᠵᠦ ᠲᠤᠰᠢᠶᠠᠪᠠ᠂ ᠤᠤᠯ ᠨᠢ ᠳᠠᠷᠤᠭ᠎ᠠ ᠶ᠋ᠢᠨ ᠰᠠᠭᠤᠭ᠎ᠠ ᠠᠢᠯ ᠤ᠋ᠨ ᠨᠢᠭᠡᠨ ᠵᠢᠷᠮᠦᠰᠦᠨ ᠡᠮᠡᠭᠲᠡᠢ ᠬᠤᠴᠢᠯᠭᠠᠯᠠᠵᠤ᠂ ᠬᠥᠩᠭᠡᠵᠢᠬᠦ ᠭᠡᠵᠦ ᠡᠮᠴᠢ ᠡᠷᠢᠵᠦ ᠢᠷᠡᠭᠰᠡᠨ ᠠᠵᠢ᠃
ᠡᠪᠡᠳᠴᠢᠲᠡᠨ ᠢ᠋ ᠠᠪᠤᠷᠠᠬᠤ ᠨᠢ ᠡᠮᠴᠢ ᠬᠥᠮᠦᠨ ᠦ᠌ ᠰᠢᠯᠵᠢᠵᠦ ᠪᠣᠯᠣᠰᠢ ᠦᠭᠡᠢ ᠡᠭᠦᠷᠭᠡ ᠬᠠᠷᠢᠭᠤᠴᠠᠯᠭ᠎ᠠ ᠭᠡᠵᠦ ᠲᠣᠳᠣᠷᠬᠠᠢ ᠮᠡᠳᠡᠬᠦ ᠶ᠋ᠢᠨ ᠶᠦᠮ ᠤᠤ ? ᠬᠠᠷᠠᠬᠠᠨ ᠪᠠᠭ᠎ᠠ ᠠ᠋ᠴᠠ ᠪᠠᠨ ᠠᠬᠠᠰ ᠶᠡᠬᠡᠰ ᠦ᠋ᠨ ᠡᠰᠡᠷᠭᠦ ᠬᠠᠷᠢᠭᠤᠴᠠᠵᠤ ᠪᠣᠯᠬᠤ ᠦᠭᠡᠢ ᠭᠡᠵᠦ ᠰᠤᠷᠤᠭᠰᠠᠨ ᠤ᠋ ᠶᠤᠮ ᠤᠤ ? ᠵᠥᠪᠰᠢᠶᠡᠷᠡᠯ ᠦᠭᠡᠢ ᠪᠡᠷ ᠰᠢᠯᠭᠠᠬᠤ ᠪᠠᠷ ᠨᠡᠷ᠎ᠡ ᠮᠡᠳᠡᠭᠦᠯᠵᠦ ᠪᠤᠷᠤᠭᠤᠳᠠᠭᠰᠠᠨ ᠢ᠋ᠶ᠋ᠠᠨ  ᠤᠬᠠᠭᠠᠷᠠᠭᠰᠠᠨ ᠦ᠌ ᠶᠦᠮ ᠤᠤ ? ᠪᠢ ᠶᠠᠭᠤ ᠴᠤ᠌ ᠶᠠᠷᠢᠭ᠎ᠠ ᠦᠭᠡᠢ᠂ ᠡᠳᠦᠭᠡ ᠪᠣᠳᠣᠪᠠᠯ ᠤᠤᠯ ᠠ᠋ᠴᠠ ᠪᠠᠨ ᠳᠣᠷᠣᠢ ᠠᠶᠤᠮᠠᠲᠠᠭᠠᠢ ᠪᠢ᠂ ᠬᠠᠷᠢᠭᠤ ᠬᠡᠯᠡᠬᠦ ᠵᠠᠪᠰᠢᠶᠠᠨ ᠴᠤ᠌ ᠣᠯᠤᠭᠰᠠᠨ ᠦᠭᠡᠢ ᠪᠠᠢᠬ᠎ᠠ᠂ ᠶᠠᠭᠤ ᠴᠤ᠌ ᠭᠡᠰᠡᠨ ᠪᠠᠷᠢᠭᠠᠳᠠ ᠶ᠋ᠢᠨ ᠳᠠᠷᠤᠭ᠎ᠠ ᠶ᠋ᠢᠨ ᠠᠭᠤᠷᠯᠠᠬᠤ ᠨᠢ ᠨᠠᠮ᠎ᠠ ᠳ᠋ᠤ᠌ ᠪᠤᠷᠤᠭᠤ ᠭᠡᠵᠦ ᠪᠣᠳᠣᠭᠳᠠᠭ᠎ᠠ ᠦᠭᠡᠢ᠂
ᠪᠢ᠂ ᠪᠡᠯᠡᠳᠬᠡᠭᠰᠡᠨ ᠲᠡᠷᠡ ᠬᠥᠯᠦᠱᠢᠨ ᠮᠣᠷᠢ ᠶ᠋ᠢ ᠤᠨᠤᠵᠤ᠂ ᠡᠮᠴᠢ ᠵᠠᠯᠠᠬᠤ ᠪᠠᠷ ᠢᠷᠡᠭᠰᠡᠨ ᠬᠥᠮᠦᠨ ᠢ᠋ ᠳᠠᠭᠠᠵᠤ ᠶᠠᠪᠤᠪᠠ᠃ ᠬᠥᠩᠭᠡᠵᠢᠬᠦ ᠡᠮᠡᠭᠲᠡᠢ ᠶ᠋ᠢᠨ ᠭᠡᠷ ᠲᠦ᠍ ᠨᠡᠯᠢᠶᠡᠳ ᠬᠡᠳᠦᠨ ᠬᠥᠮᠦᠨ ᠴᠤᠭᠯᠠᠷᠠᠭᠰᠠᠨ᠂ ᠬᠥᠩᠭᠡᠵᠢᠯᠲᠡ ᠶ᠋ᠢᠨ ᠶᠠᠪᠤᠴᠠ ᠰᠠᠨᠠᠭᠰᠠᠨ ᠠ᠋ᠴᠠ ᠭᠠᠳᠠᠭᠤᠷ ᠢᠯᠭᠤᠮ᠂ ᠤᠷᠤᠭᠰᠢᠲᠠᠢ᠂ ᠵᠢᠷᠮᠦᠰᠦᠨ ᠡᠮᠡᠭᠲᠡᠢ᠂  ᠬᠦᠦ ᠬᠥᠩᠭᠡᠵᠢᠪᠡ᠃ ᠬᠦᠦ ᠲᠡᠢ ᠪᠣᠯᠵᠤ ᠲᠡᠳᠡ ᠬᠥᠷ ᠪᠠᠶᠠᠷ ᠲᠠᠢ᠂ ᠪᠢ ᠴᠦ᠍ ᠰᠠᠨᠠᠭ᠎ᠠ ᠠᠮᠤᠷ ᠰᠡᠳᠬᠢᠯ ᠲᠣᠭᠲᠠᠭᠤᠨ᠂ ᠰᠢᠯᠭᠠᠯᠲᠠ ᠳ᠋ᠤ᠌ ᠣᠷᠣᠯᠴᠠᠬᠤ ᠪᠠᠷ ᠰᠢᠭᠤᠳᠴᠤ᠂ ᠲᠡᠳᠡᠨ ᠳ᠋ᠦ᠍ ᠪᠠᠷᠢᠭᠠᠳᠠ ᠶ᠋ᠢᠨ ᠳᠠᠷᠤᠭ᠎ᠠ  ᠲᠠᠢ ᠠᠭᠤᠯᠵᠠᠬᠤ  ᠪᠠᠨ ᠬᠡᠯᠡᠬᠦ ᠳ᠋ᠦ᠍᠂ ᠨᠢᠭᠡ ᠨᠢ ᠨᠠᠮ᠎ᠠ ᠶ᠋ᠢ ᠳᠠᠭᠠᠭᠤᠯᠵᠤ᠂ ᠪᠠᠷᠢᠭᠠᠳᠠ ᠶ᠋ᠢᠨ ᠳᠠᠷᠤᠭ᠎ᠠ ᠶ᠋ᠢᠨ ᠭᠡᠷ ᠲᠦ᠍ ᠬᠦᠷᠭᠡᠭᠡᠳ ᠪᠤᠴᠠᠭᠰᠠᠨ᠂ ᠪᠢ᠂ ᠳᠠᠷᠤᠭ᠎ᠠ ᠳ᠋ᠤ᠌ ᠤᠷᠢᠳᠠᠪᠡᠷ ᠡᠬᠡ ᠨᠢᠯᠬᠠᠰ ᠤ᠋ᠨ ᠡᠷᠡᠭᠦᠯ ᠡᠩᠬᠡ ᠶ᠋ᠢ ᠬᠠᠷᠢᠭᠤ ᠮᠡᠳᠡᠭᠦᠯᠪᠡ᠃ ᠳᠠᠷᠤᠭ᠎ᠠ ᠄ 《ᠥᠨᠥ ᠨᠡᠯᠢᠶᠡᠳ ᠣᠷᠣᠢ ᠪᠣᠯᠤᠭᠰᠠᠨ ᠪᠠᠢᠨ᠎ᠠ᠂ ᠰᠥᠨᠢ ᠣᠷᠣᠢ ᠭᠠᠭᠴᠠᠭᠠᠷ ᠢ᠋ᠶ᠋ᠠᠨ ᠪᠡᠲᠡᠭᠢ ᠶᠠᠪᠤ᠂ ᠴᠢᠮ᠎ᠠ ᠶ᠋ᠢ ᠠᠪᠠᠴᠢᠵᠤ ᠥᠭᠬᠦ ᠬᠥᠮᠦᠨ ᠦᠭᠡᠢ ᠪᠣᠯ ᠬᠣᠨᠣᠭᠠᠳ ᠮᠠᠷᠭᠠᠰᠢ ᠳ᠋ᠤ᠌ ᠪᠠᠨ ᠶᠠᠪᠤ 》 ᠭᠡᠵᠦ ᠡᠶᠡᠯᠳᠡᠭ ᠢ᠋ᠶ᠋ᠡᠷ ᠶᠠᠷᠢᠭᠰᠠᠨ᠂ ᠡᠳᠦᠷ ᠦ᠋ᠨ ᠵᠠᠩᠨᠠᠭᠰᠠᠨ ᠲᠠᠢ ᠠᠳᠠᠯᠢᠳᠬᠠᠪᠠᠯ ᠲᠡᠭᠷᠢ ᠭᠠᠵᠠᠷ ᠤ᠋ᠨ ᠵᠥᠷᠢᠶ᠎ᠡ ᠲᠡᠢ᠂ ᠪᠢ 《ᠲᠡᠨᠳᠡ ᠬᠣᠨᠣᠬᠤ ᠪᠠᠷ ᠪᠠᠢᠨ᠎ᠠ 》 ᠭᠡᠵᠦ ᠬᠤᠳᠠᠯ ᠬᠡᠯᠡᠭᠰᠡᠨ ᠴᠢᠨᠢ᠂ ᠮᠠᠷᠭᠠᠰᠢ ᠶ᠋ᠢᠨ ᠰᠢᠯᠭᠠᠬᠤ ᠲᠤᠬᠠᠢ ᠶᠠᠷᠢᠵᠤ ᠠᠰᠠᠭᠤᠬᠤ ᠪᠠᠨ ᠮᠠᠷᠲᠠᠭᠠᠳ ᠭᠠᠷᠴᠤ ᠢᠷᠡᠭᠰᠡᠨ᠂ ᠪᠢ᠂ ᠠᠩᠬ᠎ᠠ ᠤᠳᠠᠭ᠎ᠠ ᠢᠩᠭᠢᠵᠦ ᠬᠤᠳᠠᠯ ᠬᠡᠯᠡᠵᠦ᠂ ᠵᠠᠯᠭᠠᠭᠠᠳ ᠪᠠᠰᠠ ᠬᠤᠳᠠᠯ ᠬᠡᠯᠡᠬᠦ ᠪᠡᠷ ᠪᠣᠯᠪᠠ᠂ ᠤᠴᠢᠷ ᠨᠢ ᠪᠢ ᠬᠠᠷᠢᠬᠤ ᠭᠡᠪᠡᠯ ᠡᠷᠬᠡᠪᠰᠢ ᠬᠥᠮᠦᠨ ᠨᠠᠮ᠎ᠠ ᠶ᠋ᠢ ᠠᠪᠠᠴᠢᠵᠤ ᠥᠭᠭᠦᠨ᠎ᠡ᠂ ᠲᠡᠷᠡ ᠦᠶ᠎ᠡ ᠳ᠋ᠦ᠍ ᠡᠷᠦᠬᠡ ᠳ᠋ᠦ᠍᠂ ᠬᠤᠪᠢ ᠬᠥᠮᠦᠨ ᠳ᠋ᠦ᠍ ᠮᠣᠷᠢ ᠲᠡᠵᠢᠭᠡᠯᠭᠡᠵᠦ ᠡᠳ᠋ᠯᠡᠭᠦᠯᠬᠦ ᠦᠭᠡᠢ ᠪᠣᠯᠤᠭᠰᠠᠨ ᠲᠤᠯᠠ ᠪᠠᠷᠢᠭᠠᠳᠠ ᠶ᠋ᠢᠨ ᠳᠠᠷᠤᠭ᠎ᠠ ᠠ᠋ᠴᠠ ᠪᠤᠰᠤᠳ ᠨᠢ ᠪᠦᠷ ᠤᠨᠤᠭ᠎ᠠ ᠦᠭᠡᠢ᠂ ᠡᠢᠮᠦ ᠡᠴᠡ ᠪᠢ᠂ ᠬᠤᠳᠠᠯ ᠬᠡᠯᠡᠬᠦ ᠬᠡᠷᠡᠭ ᠲᠡᠢ ᠪᠣᠯᠤᠭᠰᠠᠨ᠃ ᠪᠢ᠂ ᠬᠥᠩᠭᠡᠵᠢᠭᠰᠡᠨ ᠡᠮᠡᠭᠲᠡᠢ ᠶ᠋ᠢᠨ ᠳ᠋ᠦ᠍ ᠪᠤᠴᠠᠨ ᠢᠷᠡᠵᠦ 《 ᠪᠠᠷᠢᠭᠠᠳᠠ ᠶ᠋ᠢᠨ ᠬᠢᠨᠢ ᠨᠠᠮ᠎ᠠ ᠳ᠋ᠤ᠌ ᠬᠣᠨᠣᠭ ᠲᠣᠬᠢᠷᠠᠭᠤᠯᠤᠭᠰᠠᠨ ᠪᠠᠢᠨ᠎ᠠ᠃ ᠪᠢ᠂ ᠲᠡᠭᠷᠢ ᠭᠡᠢᠮᠡᠭᠴᠡ ᠳᠠᠷᠤᠢ ᠪᠤᠴᠠᠨ᠎ᠠ᠂ ᠶᠡᠬᠡ ᠪᠠᠷᠢᠭᠠᠳᠠ ᠶ᠋ᠢᠨ ᠮᠣᠷᠢ ᠶ᠋ᠢ ᠲᠤᠰᠢᠶᠠᠨ᠎ᠠ᠂ ᠲᠡᠭᠡᠭᠡᠳ ᠰᠢᠯᠭᠠᠯᠲᠠ ᠳ᠋ᠤ᠌ ᠣᠷᠣᠯᠴᠠᠨ᠎ᠠ᠂ ᠲᠠᠨᠤᠰ ᠡᠪᠡᠳᠴᠢᠨ ᠡᠮᠭᠡᠭ ᠦ᠋ᠨ ᠤᠴᠢᠷ ᠲᠠᠢ ᠪᠣᠯ ᠰᠢᠭᠤᠳ ᠨᠢᠭᠡᠳᠦᠯ ᠦ᠋ᠨ ᠡᠮᠨᠡᠯᠭᠡ ᠶ᠋ᠢᠨ ᠬᠣᠷᠢᠶᠠᠨ ᠤ᠋ ᠡᠮᠴᠢ ᠶ᠋ᠢ ᠡᠷᠢᠭᠡᠷᠡᠢ 》ᠭᠡᠵᠦ ᠵᠠᠬᠢᠭᠠᠳ ᠁᠁ ᠬᠠᠷᠢᠬᠤ ᠵᠠᠮ ᠢ᠋ᠶ᠋ᠠᠨ ᠡᠯᠭᠦᠭᠰᠡᠨ᠃
ᠬᠠᠷᠢᠬᠤ ᠵᠠᠮ ᠢ᠋ ᠬᠡᠯᠡᠪᠡᠯ᠂ ᠮᠠᠩᠬᠠᠨ ᠵᠥᠷᠢᠭ ᠵᠠᠮ ᠶᠤᠮ᠂ ᠠᠪᠤ ᠮᠢᠨᠢ ᠲᠥᠭᠡᠷᠢᠭᠰᠡᠨ ᠤᠳᠠᠭ᠎ᠠ ᠲᠠᠢ᠂ ᠬᠤᠷᠠᠯ ᠴᠤᠭᠯᠠᠭ᠎ᠠ ᠣᠯᠠᠨ᠂ ᠲᠡᠷᠡ ᠵᠢᠯ ᠦ᠋ᠨ ᠨᠠᠮᠤᠷ ᠤ᠋ᠨ ᠨᠢᠭᠡ ᠰᠥᠨᠢ᠂ ᠠᠪᠤ ᠮᠢᠨᠢ ᠡᠨᠡ ᠠᠢᠯ ᠠ᠋ᠴᠠ ᠭᠡᠷ ᠲᠦ᠍ ᠪᠡᠨ ᠬᠠᠷᠢᠬᠤ ᠵᠠᠮ ᠳ᠋ᠤ᠌ ᠪᠠᠨ ᠲᠥᠭᠡᠷᠢᠭᠡᠳ᠂ ᠥᠨᠳᠥᠷ ᠮᠠᠩᠬᠠᠨ ᠤ᠋ ᠣᠷᠣᠢ ᠳᠡᠭᠡᠷ᠎ᠡ ᠭᠠᠷᠴᠤ᠂ ᠵᠠᠮ ᠰᠠᠯᠵᠤ ᠶᠠᠪᠤᠭᠰᠠᠨ ᠬᠠᠨᠢᠲᠠᠳ ᠢ᠋ᠶ᠋ᠠᠨ ᠳᠠᠭᠤᠳᠠᠨ ᠪᠠᠷᠬᠢᠷᠠᠭᠰᠠᠨ ᠳ᠋ᠤ᠌᠂ ᠶᠠᠪᠤᠵᠤ ᠬᠣᠯᠠᠳᠠᠭ᠎ᠠ ᠦᠭᠡᠢ᠂ ᠣᠢᠷᠠᠯᠴᠠᠭ᠎ᠠ ᠪᠠᠢᠭᠰᠠᠨ ᠨᠢ ᠣᠯᠵᠤ ᠰᠣᠨᠣᠰᠤᠭᠠᠳ᠂ ᠬᠠᠷᠢᠯᠴᠠᠨ ᠳᠠᠭᠤ ᠳᠠᠭᠤ ᠪᠠᠨ ᠠᠪᠤᠯᠴᠠᠵᠤ᠂ ᠠᠪᠤ ᠶ᠋ᠢ ᠡᠷᠢᠵᠦ ᠣᠯᠤᠭᠠᠳ ᠠᠷᠪᠠᠭᠠᠳ ᠬᠥᠮᠦᠰ ᠭᠡᠷ ᠲᠦ᠍ ᠬᠦᠷᠭᠡᠵᠦ ᠢᠷᠡᠭᠰᠡᠨ ᠢ᠋ ᠪᠢ ᠮᠠᠷᠲᠠᠭ᠎ᠠ ᠦᠭᠡᠢ᠂ ᠡᠨᠡ ᠵᠠᠮ ᠳ᠋ᠤ᠌ ᠬᠡᠭᠦᠷ ᠣᠩᠭᠣᠨ ᠬᠡᠳᠦ ᠲᠣᠬᠢᠶᠠᠯᠳᠤᠳᠠᠭ ᠢ᠋ ᠪᠢ ᠲᠣᠳᠣᠷᠬᠠᠢ ᠮᠡᠳᠡᠬᠦ ᠦᠭᠡᠢ ᠪᠣᠯᠪᠠᠴᠤ᠂ ᠬᠥᠮᠦᠨ ᠲᠥᠭᠡᠷᠢᠭᠦᠯᠳᠡᠭ ᠡᠷᠢᠶᠡᠨ ᠲᠡᠢ ᠨᠢᠭᠡ ᠣᠩᠭᠣᠨ ᠪᠠ ᠮᠣᠳᠣ ᠡᠪᠡᠰᠦ ᠢᠭᠴᠤᠷᠠᠨ ᠤᠷᠭᠤᠭᠰᠠᠨ ᠰᠦᠷ ᠪᠠᠷᠲᠠᠭ᠎ᠠ ᠶᠡᠬᠡᠲᠡᠢ 《ᠬᠣᠯᠪᠣᠭ᠎ᠠ ᠬᠡᠭᠦᠷ 》 ᠤᠨ ᠬᠠᠵᠠᠭᠤ ᠪᠠᠷ ᠡᠳᠦᠷ ᠢ᠋ᠶ᠋ᠡᠷ  ᠥᠩᠭᠡᠷᠡᠵᠦ ᠪᠠᠢᠭᠰᠠᠨ ᠶᠤᠮ᠃
ᠰᠥᠨᠢ ᠵᠠᠮᠨᠠᠬᠤ ᠬᠥᠮᠦᠨ ᠭᠡᠳᠡᠷᠭᠦ ᠬᠠᠷᠠᠵᠤ ᠪᠣᠯᠬᠤ ᠦᠭᠡᠢ ᠭᠡᠵᠦ ᠪᠢ᠂ ᠬᠠᠵᠠᠭᠤ ᠪᠠᠷ ᠨᠡᠲᠦᠪᠡᠯᠵᠡᠨ ᠥᠩᠭᠡᠷᠡᠬᠦ ᠪᠤᠲᠠ ᠰᠥᠭᠡᠭ᠂ ᠡᠷᠭᠢ ᠳᠣᠪᠣᠴᠠᠭ ᠢ᠋ ᠠᠩᠵᠠᠭᠠᠷᠠᠯ ᠦᠭᠡᠢ ᠮᠣᠷᠢᠨ ᠵᠢᠯᠣᠭᠣ ᠰᠤᠩᠭᠠᠭᠰᠠᠨ᠂ ᠮᠣᠷᠢ ᠬᠣᠶᠠᠷ ᠤᠳᠠᠭ᠎ᠠ ᠨᠣᠮᠣᠨ ᠰᠣᠬᠣᠷ ᠤ᠋ᠨ ᠨᠦᠬᠡᠨ ᠳ᠋ᠦ᠍ ᠪᠦᠳᠦᠷᠢᠵᠦ᠂ ᠪᠢ᠂ ᠡᠮᠡᠭᠡᠯ ᠳᠡᠭᠡᠭᠦᠷ ᠲᠠᠪᠠᠷᠴᠠᠭᠯᠠᠨ ᠠᠷᠠᠢ ᠯᠠ ᠣᠢᠴᠢᠭᠰᠠᠨ ᠦᠭᠡᠢ ᠲᠣᠭᠲᠠᠵᠤ ᠭᠡᠷ ᠲᠦ᠍ ᠪᠡᠨ ᠢᠷᠡᠪᠡ᠃ ᠠᠪᠤ ᠮᠢᠨᠢ ᠬᠦᠷᠢᠶᠡᠨ ᠡᠭᠦᠳᠡᠨ ᠦ᠌ ᠭᠠᠳᠠᠨ᠎ᠠ ᠡᠷᠭᠢᠴᠡᠵᠦ ᠪᠠᠢᠭᠰᠠᠨ ᠢ᠋ᠶ᠋ᠠᠨ ᠨᠠᠮ᠎ᠠ ᠶ᠋ᠢ ᠲᠣᠰᠣᠨ ᠢᠷᠡᠵᠦ᠂ ᠠᠰᠠᠭᠤᠬᠤ ᠪᠠᠨ ᠠᠰᠠᠭᠤᠭᠠᠳ《ᠣᠷᠣᠵᠤ ᠤᠨᠲᠠ! 》 ᠭᠡᠳ ᠮᠣᠷᠢ ᠶ᠋ᠢ ᠬᠥᠲᠥᠯᠦᠨ ᠴᠠᠭᠠᠰᠢᠯᠠᠪᠠ᠃ ᠪᠢ᠂ ᠰᠥᠨᠢ ᠣᠷᠣᠢ ᠢᠷᠡᠪᠡᠯ᠂ ᠮᠢᠨᠦ ᠤᠨᠤᠭ᠎ᠠ ᠶ᠋ᠢ ᠡᠪᠡᠰᠦᠯᠡᠵᠦ᠂ ᠤᠰᠤᠯᠠᠵᠤ᠂ ᠠᠷᠠᠴᠢᠯᠠᠵᠤ ᠳᠣᠳᠣᠮᠳᠠᠵᠤ᠂ ᠲᠤᠰᠢᠶᠠᠬᠤ ᠨᠢ ᠠᠪᠤ ᠶ᠋ᠢᠨ ᠮᠢᠨᠢ ᠠᠵᠢᠯ ᠪᠣᠯᠤᠭᠠᠳ ᠨᠢᠭᠡᠨᠲᠡ ᠵᠠᠩᠰᠢᠴᠢᠬᠠᠭᠰᠠᠨ ᠶᠤᠮ᠃ ᠮᠥᠮᠥ ᠮᠢᠨᠢ ᠴᠦ᠍ ᠡᠭᠦᠳᠡ ᠨᠡᠭᠡᠭᠡᠵᠦ᠂ ᠲᠦᠷᠦᠭᠦᠴᠢ ᠶ᠋ᠢᠨ ᠲᠠᠬᠢᠶᠠᠨ ᠳᠠᠭᠤᠨ ᠥᠩᠭᠡᠷᠡᠪᠡ ᠭᠡᠵᠦ ᠪᠠᠢᠪᠠ᠂ ᠪᠢ᠂ ᠬᠠᠨᠵᠤ ᠳᠦᠭᠦᠷᠡᠩ ᠤᠨᠲᠠᠵᠤ ᠪᠠᠢᠭ᠎ᠠ ᠳᠡᠭᠦᠦ ᠨᠠᠷ ᠢ᠋ ᠰᠡᠷᠡᠭᠡᠬᠦ ᠶ᠋ᠢ ᠬᠢᠴᠢᠶᠡᠵᠦ᠂ ᠬᠥᠩᠭᠡᠨ ᠱᠦᠩᠭᠡᠨ ᠬᠥᠳᠡᠯᠵᠦ᠂ ᠣᠷᠣ ᠴᠤ᠌ ᠳᠡᠯᠭᠡᠭᠰᠡᠨ ᠦᠭᠡᠢ᠂ ᠬᠤᠪᠴᠠᠰᠤ᠂ ᠱᠠᠬᠠᠢ ᠪᠠᠨ ᠴᠤ᠌ ᠲᠠᠢᠯᠤᠭᠰᠠᠨ ᠦᠭᠡᠢ ᠪᠡᠷ ᠬᠠᠨᠵᠤ ᠤᠷᠤᠭᠤ ᠮᠠᠴᠤᠵᠤ᠂ ᠬᠥᠯ ᠢ᠋ᠶ᠋ᠡᠨ ᠤᠨᠵᠢᠭᠤᠯᠤᠨ ᠤᠨᠲᠠᠬᠤ ᠪᠠᠷ ᠬᠡᠪᠲᠡᠪᠡ᠃ ᠮᠥᠮᠥ ᠮᠢᠨᠢ ᠲᠣᠯᠣᠭᠠᠢ ᠶ᠋ᠢᠨ ᠳᠣᠣᠷ᠎ᠠ ᠳᠡᠷ᠎ᠡ᠂ ᠬᠥᠯ ᠳᠣᠣᠷ᠎ᠠ ᠮᠣᠳᠣᠨ ᠰᠠᠨᠳᠠᠯᠢ᠂ ᠪᠡᠶ᠎ᠡ ᠳᠡᠭᠡᠷ᠎ᠡ ᠬᠤᠴᠢᠯᠭ᠎ᠠ ( ᠳᠠᠩᠰᠠ)ᠨᠥᠮᠥᠷᠭᠡᠵᠦ ᠪᠠᠢᠭᠰᠠᠨ ᠢ᠋ ᠮᠡᠳᠡᠵᠦ ᠪᠠᠢᠭᠠᠳ ᠲᠤᠭ ᠨᠣᠢᠷ ᠲᠤ᠌ ᠪᠠᠨ ᠣᠷᠣᠪᠠ᠃ ᠳᠠᠷᠠᠭ᠎ᠠ ᠪᠠᠷ ᠭᠤᠷᠪᠠᠨ ᠡᠳᠦᠷ ᠦ᠋ᠨ ᠰᠢᠯᠭᠠᠯᠲᠠ ᠳ᠋ᠤ᠌ ᠶᠠᠮᠠᠷ ᠴᠤ᠌ ᠬᠠᠷᠰᠢ ᠰᠠᠭᠠᠳ ᠦᠭᠡᠢ ᠣᠷᠣᠯᠴᠠᠪᠠ᠃
ᠲᠡᠭᠡᠭᠡᠳ ᠯᠡ ᠪᠢ ᠡᠮᠨᠡᠯᠭᠡ ᠶ᠋ᠢᠨ ᠰᠤᠷᠭᠠᠭᠤᠯᠢ ᠳ᠋ᠤ᠌ ᠡᠯᠰᠡᠭᠳᠡᠭᠰᠡᠨ ᠮᠡᠳᠡᠭᠳᠡᠯ ᠢ᠋ᠶ᠋ᠡᠨ ᠲᠣᠰᠴᠤ — ᠰᠤᠷᠤᠯᠴᠠᠨ— ᠲᠡᠭᠦᠰᠴᠦ — ᠡᠮᠴᠢᠯᠡᠪᠡ᠃ ᠳᠡᠭᠦᠦ ᠨᠠᠷ ᠮᠢᠨᠢ ᠴᠦ᠍ ᠤᠯᠤᠰ ᠤ᠋ᠨ ᠰᠢᠯᠭᠠᠯᠲᠠ ᠪᠠᠷ ᠳᠡᠮᠵᠢᠵᠦ᠂ ᠤᠯᠤᠰ ᠤ᠋ᠨ ᠠᠵᠢᠯ ᠠᠯᠪᠠ ᠲᠠᠢ ᠪᠤᠯᠵᠠᠭᠠᠭᠰᠠᠨ ᠶᠤᠮ᠃
ᠠᠪᠤ ᠮᠢᠨᠢ ᠬᠡᠳᠦᠢᠪᠡᠷ ᠪᠢᠴᠢᠭ ᠦᠰᠦᠭ ᠰᠤᠷᠤᠭᠰᠠᠨ ᠦᠭᠡᠢ᠂ ᠡᠭᠡᠯ ᠵᠢᠷ ᠦ᠋ᠨ ᠲᠠᠷᠢᠶᠠᠴᠢᠨ ᠪᠣᠯᠪᠠᠴᠤ ᠪᠢᠴᠢᠭ ᠦᠰᠦᠭ ᠦᠵᠡᠬᠦ ᠶ᠋ᠢᠨ ᠴᠢᠬᠤᠯᠠ ᠴᠢᠨᠠᠷ ᠢ᠋  ᠣᠢᠯᠠᠭᠠᠵᠤ᠂ ᠦᠷ᠎ᠡ ᠬᠡᠦᠬᠡᠳ ᠢ᠋ᠶ᠋ᠡᠨ ᠬᠦᠦ ᠬᠡᠦᠬᠡᠨ ᠭᠡᠵᠦ ᠢᠯᠭᠠᠯ ᠦᠭᠡᠢ ᠪᠦᠷ ᠰᠤᠷᠭᠠᠭᠤᠯᠢ ᠳ᠋ᠤ᠌ ᠣᠷᠣᠭᠤᠯᠤᠨ ᠪᠢᠴᠢᠭ ᠦᠵᠡᠭᠦᠯᠵᠦ᠂ ᠡᠷᠡᠭᠦᠯ ᠴᠠᠷᠬᠢᠷᠠᠭ᠂ ᠪᠠᠶᠠᠷ ᠵᠢᠷᠭᠠᠯ ᠲᠠᠢ ᠥᠰᠬᠡᠨ ᠬᠥᠮᠦᠵᠢᠭᠦᠯᠵᠦ ᠬᠥᠮᠦᠨ ᠦ᠌ ᠵᠡᠷᠭᠡ ᠳ᠋ᠦ᠍ ᠬᠦᠷᠭᠡᠭᠰᠡᠨ ᠶᠦᠮ᠃
ᠠᠢ ᠳᠠ! ᠠᠪᠤ ᠮᠢᠨᠢ ᠪᠤᠷᠬᠠᠨ ᠤ᠋ ᠣᠷᠣᠨ ᠳ᠋ᠤ᠌ ᠪᠠᠨ ᠶᠠᠪᠤᠭᠠᠳ ᠨᠢᠭᠡᠨᠲᠡ ᠨᠠᠢ᠍ᠮᠠᠨ ᠵᠢᠯ ᠪᠣᠯᠤᠯ᠎ᠠ!
ᠠᠪᠤ ᠮᠢᠨᠢ᠂ ᠬᠡᠦᠬᠡᠳ ᠮᠠᠨᠤᠰ ᠤ᠋ᠨ ᠢ᠋ᠶ᠋ᠠᠨ ᠣᠶᠤᠨ ᠰᠠᠨᠠᠭᠠᠨ ᠤ᠋ ᠡᠭᠦᠷᠢᠳᠡ ᠶ᠋ᠢᠨ ᠲᠦᠰᠢᠭ᠂ ᠠᠮᠢᠳᠤᠷᠠᠵᠤ ᠣᠷᠣᠰᠢᠬᠤ ᠶ᠋ᠢᠨ ᠮᠥᠩᠬᠡ ᠶ᠋ᠢᠨ ᠵᠤᠯᠠ ᠠ᠋!
  ᠣᠳᠣ  ᠡᠴᠢᠭᠡᠴᠤᠤᠯ ᠤ᠋ᠨ ᠪᠠᠶᠠᠷ ᠤ᠋ᠨ ᠡᠳᠦᠷ  ᠬᠦᠷᠴᠦ  ᠢᠷᠡᠬᠦ ᠭᠡᠵᠦ ᠪᠠᠢᠨ᠎ᠠ᠂
ᠠᠪᠤ ᠮᠢᠨᠢ ᠪᠤᠷᠬᠠᠨ ᠤ᠋ ᠣᠷᠣᠨ ᠳ᠋ᠤ᠌ ᠪᠠᠨ ᠠᠮᠤᠷ ᠠᠮᠤᠷᠯᠢᠩᠭᠤᠢ ᠪᠠᠢᠭᠠᠰᠠᠢ ᠭᠡᠵᠦ ᠬᠡᠦᠬᠡᠨ ᠴᠢᠨᠢ ᠪᠢ ᠵᠠᠯᠪᠠᠷᠢᠨ ᠳᠠᠭᠠᠳᠬᠠᠵᠤ ᠪᠠᠢᠨ᠎ᠠ᠃
        2025-6-8

ᠢᠷᠡᠯᠲᠡ ᠄ ᠰᠦᠯᠵᠢᠶ᠎ᠡ
ᠦᠰᠦᠭ ᠠᠮᠢᠯᠠᠭᠤᠯᠤᠭᠴᠢ ᠄ ᠭᠠᠸᠠ
ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠂