ᠲᠣᠰᠣᠨ ᠲᠣᠣᠷᠮ᠎ᠠToson tooromТосон тоором
ᠠᠩᠭᠢᠯᠠᠯ:ᠡᠪᠡᠰᠦ ᠤᠷᠭᠤᠮᠠᠯӨвс ургамал 2025-09-24
67
ᠲᠣᠰᠣᠨ ᠲᠣᠣᠷᠮ᠎ᠠ ᠲᠤᠰ ᠡᠮ ᠪᠣᠯ ᠲᠣᠰᠣᠨ ᠲᠣᠣᠷᠮ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠲᠣᠰᠣᠨ ᠲᠣᠣᠷᠮ᠎ᠠ ᠶ᠋ᠢᠨ ᠬᠠᠲᠠᠭᠠᠭᠰᠠᠨ ᠪᠠᠭ ᠴᠡᠴᠡᠭ ᠮᠥᠨ᠃ ᠪᠠᠰᠠ ᠦᠬᠡᠷ ᠦ᠋ᠨ ᠰᠢᠯᠦᠰᠦ ᠡᠪᠡᠰᠦ ᠭᠡᠳᠡᠭ᠃ [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃20~60cm ᠥᠨᠳᠥᠷ᠂ ᠰᠢᠯᠤᠭᠤᠨ ᠤᠷᠭᠤᠵᠤ ᠰᠠᠯᠠᠭᠠᠯᠠᠨ᠎ᠠ᠂ ᠣᠬᠣᠷ ᠵᠥᠭᠡᠯᠡᠨ ᠦᠰᠦ ᠲᠡᠢ᠃ ᠤᠵᠠᠭᠤᠷ ᠠ᠋ᠴᠠ ᠨᠢ ᠤᠷᠭᠤᠭᠰᠠᠨ ᠨᠠᠪᠴᠢ ᠨᠢ ᠪᠤᠲᠠᠯᠠᠨ᠎ᠠ᠂ ᠢᠪᠴᠤᠤ ᠵᠤᠤᠪᠠᠩ ᠬᠡᠯᠪᠡᠷᠢ ᠲᠡ...