ᠨᠠᠢᠵᠠ ᠮᠢᠨᠢ-ᠯ ∙ ᠪᠠᠯᠬᠠᠵᠠᠪBalkhjav.L-Naiz miniНайз минь-Л.Балхжав
ᠨᠠᠢᠵᠠ ᠮᠢᠨᠢ
ᠦᠭᠡ: ᠭ᠂ ᠯᠾᠠᠬᠪᠠᠰᠦ᠋ᠷᠦᠩ
ᠠᠶ᠎ᠠ: ᠯ᠂ ᠪᠠᠯᠾᠠᠬᠵᠠᠪ
ᠳᠠᠭᠤᠴᠢᠨ: ᠬᠠᠷᠠᠩᠭ᠎ᠠ ᠶ᠋ᠢᠨ ᡀᠠᠭᠪᠠ
ᠭᠠᠳᠠᠭ᠎ᠠ ᠪᠣᠷᠣᠭ᠎ᠠ ᠱᠠᠭᠢᠨ ᠣᠷᠣᠯ᠎ᠠ
ᠨᠠᠮᠤᠷ ᠤ᠋ᠨ ᠤᠯᠠᠷᠢᠯ ᠪᠢᠳᠡᠨ ᠳ᠋ᠦ᠍ ᠠᠢᠯᠴᠢᠯᠠᠨ ᠢᠷᠡᠯ᠎ᠡ
ᠠᠶᠠᠨ ᠤ᠋ ᠰᠢᠪᠠᠭᠤᠳ ᠳᠡᠭᠡᠭᠰᠢᠯᠡᠨ
ᠠᠭᠤᠯᠠᠰ ᠤ᠋ᠨ ᠳᠡᠭᠡᠭᠦᠷ ᠴᠠᠭᠠᠰᠢᠯᠠᠨ ᠣᠳᠤᠯ᠎ᠠ
ᠰᠢᠷᠦᠭᠦᠨ ᠪᠣᠷᠣᠭ᠎ᠠ ᠴᠣᠩᠬᠣ ᠶ᠋ᠢ ᠲᠣᠭᠰᠢᠯ᠎ᠠ
ᠰᠡᠳᠬᠢᠯ ᠬᠥᠳᠡᠯᠦᠮᠡ ᠪᠣᠳᠣᠯ ᠳ᠋ᠤ᠌ ᠳᠤᠷᠠᠰᠤᠮᠵᠢ ᠲᠣᠳᠣᠷᠠᠭᠠᠳ
ᠨᠢᠭᠡᠨ ᠨᠠᠮᠤᠷ ᠢ᠋ ᠤᠭᠲᠤᠯ᠎ᠠ᠂ ᠨᠢᠭᠡᠨ ᠨᠠᠰᠤ ᠶ᠋ᠢ ᠥᠲᠡᠯ᠎ᠡ ᠨᠠᠢᠵᠠ ᠮᠢᠨᠢ ᠃
ᠳᠠᠭᠤᠨ ᠳ᠋ᠠᠭᠠᠨ ᠪᠢ ᠨᠠᠢᠵᠠ ᠨᠤᠭᠤᠳ ᠢ᠋ᠶ᠋ᠠᠨ ᠳᠠᠭᠤᠯᠠᠯ᠎ᠠ᠂ ᠳᠤᠷᠠᠰᠤᠯ᠎ᠠ
ᠤᠬᠠᠭᠠᠨ ᠳ᠋ᠠᠭᠠᠨ ᠪᠢ ᠨᠠᠢᠵᠠ ᠨᠤᠭᠤᠳ ᠢ᠋ᠶ᠋ᠠᠨ ᠬᠠᠷᠠᠯ᠎ᠠ᠂ ᠬᠠᠢᠷᠠᠯᠠᠯ᠎ᠠ
ᠠᠭᠤᠯᠠᠰ ᠤ᠋ᠨ ᠴᠠᠭᠠᠨ᠎ᠠ ᠡᠴᠡ ᠰᠢᠪᠠᠭᠤᠳ ᠢᠷᠡᠨ᠎ᠡ ᠠ᠋ ᠂ ᠤᠳᠠᠬᠤ ᠦᠭᠡᠢ ᠠ᠋
ᠤᠴᠠᠷᠠᠯ ᠤ᠋ᠨ ᠳᠡᠭᠡᠳᠦ ᠪᠡᠷ ᠮᠥᠳᠬᠡᠨ ᠠᠭᠤᠯᠵᠠᠨ᠎ᠠ᠃
ᠠᠮᠢᠳᠤᠷᠠᠯ ᠳᠠᠯᠠᠢ ᠳ᠋ᠤ᠌ ᠠᠯᠬᠤᠨ ᠣᠷᠣᠭᠰᠠᠨ
ᠠᠷᠪᠠᠨ ᠵᠢᠯ ᠦ᠋ᠨ ᠬᠡᠦᠬᠡᠳ ᠦ᠋ᠳ ᠪᠠᠢᠬᠤ ᠡᠴᠡ
ᠠᠯᠬᠤᠮ ᠴᠤ᠌ ᠬᠣᠯᠠᠳᠠᠵᠤ ᠠᠭᠠᠰᠢ ᠭᠠᠷᠭᠠᠭ᠎ᠠ ᠦᠭᠡᠢ ᠨᠠᠢᠵᠠ ᠮᠢᠨᠢ
ᠠᠮᠢᠳᠤ ᠶ᠋ᠢᠨ ᠬᠣᠷᠸ᠎ᠠ ᠳ᠋ᠤ᠌ ᠭᠠᠭᠴᠠᠬᠠᠨ ᠣᠯᠳᠠᠬᠤ
ᠠᠯᠲᠠᠨ ᠨᠠᠢᠵᠠ ᠮᠢᠨᠢ ᠠᠷᠭ᠎ᠠ ᠦᠭᠡᠢ ᠴᠢ ᠰᠢᠦ
ᠡᠨᠡᠬᠡᠨ ᠣᠷᠴᠢᠯᠠᠩ ᠢ᠋ ᠬᠠᠮᠲᠤ ᠳ᠋ᠠᠭᠠᠨ ᠲᠤᠭᠤᠯᠬᠤ ᠨᠠᠢᠵᠠ ᠮᠢᠨᠢ
ᠡᠨᠡᠬᠡᠨ ᠣᠷᠴᠢᠯᠠᠩ ᠢ᠋ ᠬᠠᠮᠲᠤ ᠳ᠋ᠠᠭᠠᠨ ᠲᠤᠭᠤᠯᠬᠤ ᠨᠠᠢᠵᠠ ᠮᠢᠨᠢ ᠃
ᠬᠣᠯᠠ ᠶ᠋ᠢᠨ ᠲᠡᠷᠲᠡᠭᠡᠬᠢ ᠬᠠᠷᠢ ᠶ᠋ᠢᠨ ᠭᠠᠵᠠᠷ ᠡᠴᠡ
ᠨᠤᠲᠤᠭ ᠤᠷᠤᠭᠤ ᠪᠠᠨ ᠬᠦᠯᠦᠭ ᠦ᠋ᠨ ᠵᠢᠯᠣᠭᠣ ᠵᠠᠯᠠᠯ᠎ᠠ
ᠣᠩᠭᠣᠴᠠ ᠳᠡᠭᠡᠭᠰᠢᠯᠡᠨ ᠬᠥᠭᠡᠷᠦᠯᠡ
ᠥᠨᠳᠥᠷ ᠡᠴᠡ ᠥᠨᠳᠥᠷ ᠲᠦ᠍ ᠳᠡᠭᠦᠯᠢᠨ ᠨᠢᠰᠦᠯ᠎ᠡ᠃
ᠳᠠᠭᠤᠨ ᠳ᠋ᠠᠭᠠᠨ ᠪᠢ ᠨᠠᠢᠵᠠ ᠨᠤᠭᠤᠳ ᠢ᠋ᠶ᠋ᠠᠨ ᠳᠠᠭᠤᠯᠠᠯ᠎ᠠ ᠂ ᠳᠤᠷᠠᠰᠤᠯ᠎ᠠ
ᠤᠬᠠᠭᠠᠨ ᠳ᠋ᠠᠭᠠᠨ ᠪᠢ ᠨᠠᠢᠵᠠ ᠨᠤᠭᠤᠳ ᠢ᠋ᠶ᠋ᠠᠨ ᠬᠠᠷᠠᠯ᠎ᠠ᠂ ᠬᠠᠢᠷᠠᠯᠠᠯ᠎ᠠ
ᠠᠭᠤᠯᠠᠰ ᠤ᠋ᠨ ᠴᠠᠭᠠᠨ᠎ᠠ ᠡᠴᠡ ᠰᠢᠪᠠᠭᠤᠳ ᠢᠷᠡᠨ᠎ᠡ ᠠ᠋ ᠂ ᠤᠳᠠᠬᠤ ᠦᠭᠡᠢ ᠠ᠋
ᠤᠴᠠᠷᠠᠯ ᠤ᠋ᠨ ᠳᠡᠭᠡᠳᠦ ᠪᠡᠷ ᠮᠥᠳᠬᠡᠨ ᠠᠭᠤᠯᠵᠠᠨ᠎ᠠ ᠃
ᠠᠮᠢᠳᠤᠷᠠᠯ ᠳᠠᠯᠠᠢ ᠳ᠋ᠤ᠌ ᠠᠯᠬᠤᠨ ᠣᠷᠣᠭᠰᠠᠨ
ᠠᠷᠪᠠᠨ ᠵᠢᠯ ᠦ᠋ᠨ ᠬᠡᠦᠬᠡᠳ ᠦ᠋ᠳ ᠪᠠᠢᠬᠤ ᠡᠴᠡ
ᠠᠯᠬᠤᠮ ᠴᠤ᠌ ᠬᠣᠯᠠᠳᠠᠵᠤ ᠠᠭᠠᠰᠢ ᠭᠠᠷᠭᠠᠭ᠎ᠠ ᠦᠭᠡᠢ ᠨᠠᠢᠵᠠ ᠮᠢᠨᠢ
ᠠᠮᠢᠳᠤ ᠶ᠋ᠢᠨ ᠬᠣᠷᠸ᠎ᠠ ᠳ᠋ᠤ᠌ ᠭᠠᠭᠴᠠᠬᠠᠨ ᠣᠯᠳᠠᠬᠤ
ᠠᠯᠲᠠᠨ ᠨᠠᠢᠵᠠ ᠮᠢᠨᠢ ᠠᠷᠭ᠎ᠠ ᠦᠭᠡᠢ ᠴᠢ ᠰᠢᠦ
ᠡᠨᠡᠬᠡᠨ ᠣᠷᠴᠢᠯᠠᠩ ᠢ᠋ ᠬᠠᠮᠲᠤ ᠳ᠋ᠠᠭᠠᠨ ᠲᠤᠭᠤᠯᠬᠤ ᠨᠠᠢᠵᠠ ᠮᠢᠨᠢ
ᠡᠨᠡᠬᠡᠨ ᠣᠷᠴᠢᠯᠠᠩ ᠢ᠋ ᠬᠠᠮᠲᠤ ᠳ᠋ᠠᠭᠠᠨ ᠲᠤᠭᠤᠯᠬᠤ ᠨᠠᠢᠵᠠ ᠮᠢᠨᠢ
ᠡᠨᠡᠬᠡᠨ ᠣᠷᠴᠢᠯᠠᠩ ᠢ᠋ ᠬᠠᠮᠲᠤ ᠳ᠋ᠠᠭᠠᠨ ᠲᠤᠭᠤᠯᠬᠤ ᠨᠠᠢᠵᠠ ᠮᠢᠨᠢ
ᠡᠨᠡᠬᠡᠨ ᠣᠷᠴᠢᠯᠠᠩ ᠢ᠋ ᠬᠠᠮᠲᠤ ᠳ᠋ᠠᠭᠠᠨ ᠲᠤᠭᠤᠯᠬᠤ ᠨᠠᠢᠵᠠ ᠮᠢᠨᠢ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
