ᠭᠡᠷᠢᠶᠡᠰᠯᠡᠯ-ᠴ ∙ ᠯᠣᠳᠤᠢᠳᠠᠮᠪᠠ-ᠥᠭᠦᠯᠡᠯᠭᠡЧ.Лодойдамба. Гэрээслэл өгүүллэг ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷᠢᠶᠡᠰᠯᠡᠯ-ᠴ ∙ ᠯᠣᠳᠤᠢᠳᠠᠮᠪᠠ-ᠥᠭᠦᠯᠡᠯᠭᠡЧ.Лодойдамба. Гэрээслэл өгүүллэг

ᠭᠡᠷᠢᠶᠡᠰᠯᠡᠯ-ᠴ ∙ ᠯᠣᠳᠤᠢᠳᠠᠮᠪᠠ-ᠥᠭᠦᠯᠡᠯᠭᠡЧ.Лодойдамба. Гэрээслэл өгүүллэг

2025-01-10

1181

ᠭᠡᠷᠢᠶᠡᠰᠯᠡᠯ

          ᠴ·ᠯᠣᠳᠤᠢᠳᠠᠮᠪᠠ 
ᠥᠩᠭᠡᠷᠡᠭᠰᠡᠨ ᠵᠤᠨ ᠪᠢ ᠠᠷᠤᠬᠠᠩᠭᠠᠢ ᠠᠢᠮᠠᠭ ᠲᠤ᠌ ᠪᠠᠢᠳᠠᠭ ᠠᠪᠠᠭ᠎ᠠ ᠠᠬ᠎ᠠ ᠶ᠋ᠢᠨ ᠳ᠋ᠦ᠍ ᠪᠡᠨ ᠠᠮᠠᠷᠠᠵᠤ ᠪᠢᠯᠡ᠃ ᠲᠡᠳᠡᠨ ᠦ᠌ ᠠᠢᠯ ᠢ᠋ ᠶᠦᠩᠳᠦᠩ ᠦ᠋ᠨ ᠬᠢ ᠭᠡᠳᠡᠭ᠃ ᠮᠠᠨ ᠤ᠋ ᠠᠬ᠎ᠠ ᠶ᠋ᠢᠨ ᠬᠢ ᠲᠡᠢ ᠨᠡᠢᠯᠡᠵᠦ ᠨᠢᠭᠡᠳᠦᠯ ᠦ᠋ᠨ ᠮᠢᠩᠭ᠎ᠠ ᠰᠢᠬᠠᠮ ᠬᠣᠨᠢ ᠬᠠᠷᠢᠭᠤᠯᠳᠠᠭ ᠪᠠᠢᠯ᠎ᠠ᠃ ᠶᠦᠩᠳᠦᠩ ᠦ᠋ᠨ ᠬᠢ ᠤᠤᠯ ᠨᠢ ᠮᠠᠨ ᠤ᠋ ᠨᠤᠲᠤᠭ ᠤ᠋ᠨ ᠬᠢ ᠪᠢᠰᠢ᠃ ᠬᠣᠵᠢᠮ ᠨᠠᠮᠠᠶ᠋ᠢ ᠰᠤᠷᠭᠠᠭᠤᠯᠢ ᠶ᠋ᠢᠨ ᠮᠥᠷ ᠬᠥᠭᠡᠭᠡᠵᠦ ᠭᠠᠷᠤᠭᠰᠠᠨ ᠠ᠋ᠴᠠ ᠬᠣᠢᠰᠢ ᠴᠠᠭᠠᠴᠢᠯᠠᠨ ᠢᠷᠡᠵᠡᠢ᠃ ᠬᠡᠦᠬᠡᠳ ᠦ᠋ᠳ ᠨᠢ ᠲᠤᠰ ᠪᠦᠷᠢ ᠠᠢᠯ ᠪᠣᠯᠤᠭᠠᠳ ᠥᠭᠡᠷ᠎ᠡ ᠨᠤᠲᠤᠭ ᠲᠤ᠌ ᠪᠠᠢᠳᠠᠭ ᠪᠠ ᠡᠬᠡ ᠨᠢ ᠬᠠᠨᠳᠠ ᠭᠡᠭᠴᠢ ᠨᠠᠶᠠ ᠭᠠᠷᠤᠢ ᠨᠠᠰᠤᠲᠠᠢ ᠡᠮᠡᠭᠡᠨ ᠲᠡᠢ ᠬᠠᠮᠲᠤ ᠠᠮᠢᠳᠤᠷᠠᠳᠠᠭ ᠪᠠᠢᠪᠠ᠃
ᠬᠠᠨᠳᠠ ᠭᠤᠸᠠᠢ ᠰᠢᠭ᠋ ᠥᠨᠳᠥᠷ ᠨᠠᠰᠤᠲᠠᠢ ᠡᠮᠡᠭᠡᠳ ᠣᠯᠠᠨ ᠦᠭᠡ ᠲᠡᠢ᠂ ᠶᠠᠷᠢᠶᠠᠨ ᠳ᠋ᠤ᠌ ᠳᠤᠷᠠᠲᠠᠢ ᠪᠠᠢᠳᠠᠭ᠃ ᠢᠯᠠᠩᠭᠤᠶ᠎ᠠ ᠬᠠᠭᠤᠴᠢᠨ ᠤ᠋ ᠶᠠᠭᠤᠮ᠎ᠠ ᠵᠠᠯᠠᠭᠤ ᠶ᠋ᠢᠨ ᠶᠠᠪᠤᠳᠠᠯ ᠢ᠋ ᠨᠢ ᠠᠰᠠᠭᠤᠪᠠᠯ ᠴᠡᠴᠡᠭᠯᠡᠵᠦ ᠶᠠᠪᠤᠭᠰᠠᠨ ᠢᠳᠡ ᠰᠠᠢᠬᠠᠨ ᠨᠠᠰᠤ ᠪᠠᠨ ᠪᠣᠳᠣᠵᠤ ᠰᠡᠳᠬᠢᠯ ᠰᠠᠨᠠᠭ᠎ᠠ ᠨᠢ ᠰᠡᠷᠭᠦᠨ ᠶᠠᠷᠢᠶ᠎ᠠ ᠨᠢ ᠲᠡᠭᠦᠰᠬᠡᠯ ᠦᠭᠡᠢ ᠪᠣᠯᠳᠠᠭ ᠰᠢᠦ ᠳᠡ᠃ ᠬᠠᠷᠢᠨ ᠬᠠᠨᠳᠠ ᠭᠤᠸᠠᠢ ᠪᠣᠯ ᠲᠡᠢᠮᠦ ᠬᠥᠮᠦᠨ ᠪᠢᠰᠢ ᠠᠵᠢ᠃
ᠠᠮᠠᠷᠠᠵᠤ ᠪᠠᠢᠬᠤ ᠳ᠋ᠤ᠌ ᠪᠠᠨ ᠭᠠᠭᠴᠠ ᠥᠭᠦᠯᠡᠯᠭᠡ ᠶ᠋ᠢᠨ ᠮᠠᠲ᠋ᠧᠷᠢᠶᠠᠯ ᠣᠯᠵᠤ ᠠᠪᠤᠶ᠎ᠠ ᠭᠡᠵᠦ ᠪᠣᠳᠣᠭᠠᠳ ᠬᠠᠨᠳᠠ ᠭᠤᠸᠠᠢ ᠲᠠᠢ ᠬᠡᠳᠦ ᠳᠠᠬᠢᠨ ᠶᠠᠷᠢᠬᠤ ᠭᠡᠵᠦ ᠣᠷᠣᠯᠳᠣᠭᠠᠳ ᠴᠢᠳᠠᠭ᠎ᠠ ᠦᠭᠡᠢ᠃ ᠡᠨᠡ ᠲᠤᠬᠠᠢ ᠪᠡᠨ ᠶᠦᠩᠳᠦᠩ ᠭᠤᠸᠠᠢ ᠳ᠋ᠤ᠌ ᠭᠣᠮᠣᠳᠠᠨ ᠬᠡᠯᠡᠬᠦ ᠳ᠋ᠦ᠍《ᠮᠠᠨ ᠤ᠋ ᠡᠵᠢ ᠤᠷᠢᠳᠤᠬᠢ ᠶᠠᠪᠤᠳᠠᠯ ᠢ᠋ᠶ᠋ᠠᠨ ᠶᠠᠷᠢᠬᠤ ᠲᠤᠩ ᠳᠤᠷ᠎ᠠ ᠦᠭᠡᠢ᠃ ᠪᠢ ᠬᠦᠦ ᠨᠢ ᠭᠡᠬᠦ ᠳ᠋ᠦ᠍ ᠤᠭ ᠨᠤᠲᠤᠭ ᠭᠠᠷᠤᠯ ᠡᠭᠦᠰᠦᠯ ᠢ᠋ ᠨᠢ ᠮᠡᠳᠡᠬᠦ ᠦᠭᠡᠢ᠃ ᠡᠴᠢᠭᠡ ᠮᠢᠨᠢ ᠶᠠᠮᠠᠷ ᠬᠥᠮᠦᠨ ᠪᠠᠢᠭᠰᠠᠨ ᠢ᠋ ᠴᠦ᠍ ᠶᠠᠷᠢᠵᠤ ᠥᠭᠭᠦᠭᠡ ᠦᠭᠡᠢ᠃ ᠲᠡᠭᠡᠭᠡᠳ ᠪᠢ ᠴᠢᠨᠢ ᠬᠠᠨᠳᠠ ᠶ᠋ᠢᠨ ᠶᠦᠩᠳᠦᠩ ᠭᠡᠵᠦ ᠡᠬᠡ ᠪᠡᠷ ᠢ᠋ᠶ᠋ᠡᠨ ᠣᠪᠣᠭᠯᠠᠳᠠᠭ ᠬᠥᠮᠦᠨ ᠰᠢᠦ ᠳᠡ》ᠭᠡᠵᠦ ᠬᠡᠯᠡᠭᠰᠡᠨ ᠶᠦᠮ ᠃
ᠬᠠᠨᠳᠠ ᠭᠤᠸᠠᠢ ᠠ᠋ᠴᠠ ᠶᠠᠭᠤᠮ᠎ᠠ ᠰᠣᠨᠣᠰᠬᠤ ᠬᠦᠰᠡᠯ ᠨᠠᠳᠠ ᠳ᠋ᠤ᠌ ᠶᠡᠬᠡ ᠪᠠᠢᠯ᠎ᠠ᠃ ᠡᠨᠡ ᠡᠮᠡᠭᠡᠨ ᠦ᠌ ᠲᠦᠮᠡᠨ ᠦᠷᠴᠢᠯᠡᠭᠡᠰᠦ ᠪᠣᠯᠤᠭᠰᠠᠨ ᠭᠣᠨᠵᠣᠭᠣᠢ ᠪᠣᠷᠣ ᠨᠢᠭᠤᠷ᠂ ᠢᠯᠴᠢ ᠭᠠᠯ ᠨᠢ ᠪᠠᠷᠤᠭ ᠠᠯᠠᠭ᠎ᠠ ᠪᠣᠯᠤᠭᠰᠠᠨ ᠴᠡᠢᠯᠡᠮ᠎ᠡ ᠨᠢᠳᠦᠨ ᠦ᠌ ᠴᠠᠭᠠᠨ᠎ᠠ ᠤᠷᠲᠤ ᠤᠳᠠᠭᠠᠨ ᠠᠮᠢᠳᠤᠷᠠᠯ ᠤ᠋ᠨ ᠰᠣᠨᠢᠨ ᠬᠠᠴᠢᠨ ᠶᠠᠭᠤᠮ᠎ᠠ ᠨᠢᠭᠤᠭᠳᠠᠵᠤ ᠪᠠᠢᠭ᠎ᠠ ᠨᠢ ᠲᠣᠳᠣᠷᠬᠠᠢ᠃ ᠡᠨᠡ ᠲᠣᠮᠣ ᠴᠣᠣᠵᠢ ᠲᠠᠢ ᠬᠠᠭᠠᠯᠭᠠᠨ ᠤ᠋ ᠴᠠᠭᠠᠨ᠎ᠠ ᠮᠥᠨ ᠴᠦ᠍ ᠶᠡᠬᠡ ᠶᠠᠭᠤᠮ᠎ᠠ ᠪᠣᠢ ᠳᠠ᠃ ᠭᠡᠪᠡᠴᠦ ᠨᠡᠭᠡᠭᠡᠬᠦ ᠠᠷᠭ᠎ᠠ ᠨᠢ ᠳᠠᠩᠴᠤ ᠣᠯᠳᠠᠬᠤ ᠦᠭᠡᠢ ᠪᠣᠯᠬᠣᠷ ᠶᠠᠭᠠᠬᠢᠶ᠎ᠠ ᠭᠡᠬᠦ ᠪᠢᠯᠡ ᠳᠠ᠃ ᠠᠮᠠᠷᠠᠯᠲᠠ ᠮᠢᠨᠢ ᠳᠠᠭᠤᠰᠴᠤ ᠶᠠᠪᠤᠬᠤ ᠪᠠᠷ ᠪᠡᠯᠡᠳᠬᠡᠵᠦ ᠪᠠᠢᠲᠠᠯ᠎ᠠ ᠬᠠᠨᠳᠠ ᠠᠪᠠᠭᠠᠢ ᠣᠷᠣᠵᠤ ᠢᠷᠡᠭᠡᠳ ᠪᠡᠷᠭᠡᠨ ᠦ᠌ ᠬᠢᠵᠦ ᠪᠠᠷᠢᠭᠰᠠᠨ ᠴᠠᠢ ᠶ᠋ᠢ ᠤᠤᠭᠤᠵᠤ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ᠄
-ᠬᠦᠦ ᠮᠢᠨᠢ ᠴᠢᠮᠠᠶ᠋ᠢ ᠶᠠᠭᠤᠮ᠎ᠠ ᠪᠢᠴᠢᠳᠡᠭ ᠭᠡᠯᠴᠡᠬᠦ ᠶᠦᠮ᠂ ᠦᠨᠡᠨ ᠤᠤ? ᠭᠡᠵᠦ ᠠᠰᠠᠭᠤᠪᠠ᠃
-ᠲᠡᠢᠮᠦ ᠠ᠋᠃ ᠪᠢ ᠵᠣᠬᠢᠶᠠᠯᠴᠢ ᠬᠥᠮᠦᠨ ᠪᠠᠰᠠ ᠰᠣᠨᠢᠨ ᠤ᠋ ᠭᠠᠵᠠᠷ ᠠᠵᠢᠯ ᠲᠠᠢ ᠭᠡᠳ ᠯᠡ ᠥᠪᠡᠷ ᠦ᠋ᠨ ᠢ᠋ᠶ᠋ᠡᠨ ᠲᠤᠬᠠᠢ ᠲᠣᠪᠴᠢ ᠶᠠᠷᠢᠵᠤ ᠥᠭᠭᠦᠯ᠎ᠡ᠃ ᠬᠠᠨᠳᠠ ᠭᠤᠸᠠᠢ ᠶ᠋ᠢᠨ ᠠᠰᠠᠭᠤᠯᠲᠠ ᠶ᠋ᠢ ᠰᠣᠨᠣᠰᠤᠭᠠᠳ ᠨᠠᠳᠠ ᠰᠣᠨᠢᠨ ᠶᠠᠭᠤᠮ᠎ᠠ ᠰᠣᠨᠣᠰᠬᠤ ᠦᠯᠡᠮᠵᠢ ᠭᠣᠷᠢᠳᠠᠯᠭ᠎ᠠ ᠪᠣᠢ ᠪᠣᠯᠤᠭᠰᠠᠨ ᠪᠢᠯᠡ᠃ ᠭᠡᠲᠡᠯ᠎ᠡ ᠳᠤᠤᠭᠠᠷᠳᠠᠭ ᠦᠭᠡᠢ᠃ ᠳᠣᠭᠣᠭᠰᠢ ᠬᠠᠷᠠᠨ ᠴᠠᠢ ᠤᠤᠭᠤᠵᠤ ᠳᠠᠭᠤᠰᠤᠭᠰᠠᠨ ᠱᠠᠭᠠᠵᠠᠩ ᠤ᠋ᠨ ᠢ᠋ᠶ᠋ᠠᠨ ᠬᠡ ᠶ᠋ᠢ ᠦᠵᠡᠵᠦ ᠪᠠᠢᠯ᠎ᠠ᠃ ᠡᠨᠡ ᠦᠶ᠎ᠡ ᠳ᠋ᠦ᠍ ᠲᠡᠭᠦᠨ ᠦ᠌ ᠨᠢᠭᠤᠷ ᠬᠠᠷᠠᠭᠳᠠᠭᠰᠠᠨ ᠦᠭᠡᠢ᠃ ᠭᠡᠪᠡᠴᠦ ᠲᠡᠷᠡ ᠬᠡ ᠶ᠋ᠢ ᠠᠩᠬᠠᠷᠤᠨ ᠰᠣᠨᠢᠷᠬᠠᠵᠤ ᠪᠠᠢᠭ᠎ᠠ ᠪᠢᠰᠢ ᠭᠡᠳᠡᠭ ᠢ᠋ ᠪᠢ ᠮᠡᠳᠡᠵᠦ ᠪᠠᠢᠪᠠ᠃ ᠤᠴᠢᠷ ᠨᠢ ᠳᠣᠲᠣᠭᠠᠳᠤ ᠰᠡᠳᠬᠢᠯ ᠦ᠋ᠨ ᠭᠦᠨ ᠪᠣᠳᠣᠯ ᠳ᠋ᠤ᠌ ᠳᠠᠷᠤᠭᠳᠠᠭᠠᠳ ᠰᠠᠭᠤᠵᠤ ᠪᠠᠢᠭ᠎ᠠ ᠬᠥᠮᠦᠨ ᠦ᠌ ᠨᠢᠭᠤᠷ ᠨᠢᠳᠦ ᠳᠠᠯᠳᠠ ᠪᠠᠢᠪᠠᠴᠤ ᠰᠤᠳᠠᠰᠤ ᠠᠮᠢᠰᠬᠤᠭ᠎ᠠ ᠳᠣᠲᠣᠷ᠎ᠠ ᠨᠢ ᠪᠣᠯᠵᠤ ᠪᠠᠢᠭ᠎ᠠ ᠶᠡᠬᠡ ᠵᠦᠢᠯ ᠢ᠋ ᠢᠯᠡᠳᠬᠡᠬᠦ ᠶᠣᠰᠣ ᠪᠣᠢ᠃ ᠬᠠᠨᠳᠠ ᠭᠤᠸᠠᠢ ᠶ᠋ᠢᠨ ᠰᠤᠳᠠᠰᠤ ᠨᠢ ᠭᠦᠷᠪᠡᠯᠵᠡᠨ ᠴᠡᠴᠡᠷᠡᠵᠦ᠂ ᠬᠠᠶᠠ ᠬᠠᠶᠠ ᠳᠣᠲᠣᠷ᠎ᠠ ᠪᠠᠨ ᠭᠦᠨ ᠰᠠᠨᠠᠭ᠎ᠠ ᠠᠯᠳᠠᠵᠤ ᠪᠠᠢᠯ᠎ᠠ᠃ ᠲᠡᠭᠡᠭᠡᠳ ᠨᠠᠳᠠ ᠤᠷᠤᠭᠤ ᠦᠯᠡᠮᠵᠢ ᠵᠥᠭᠡᠯᠡᠨ ᠨᠢᠳᠦ ᠪᠡᠷ ᠬᠠᠷᠠᠭᠰᠠᠨ ᠢ᠋ᠶ᠋ᠠᠨ《ᠬᠦᠦ ᠮᠢᠨᠢ ᠮᠠᠨ ᠤ᠋ ᠳ᠋ᠤ᠌ ᠣᠷᠣ᠃ ᠡᠮᠡᠭᠡ ᠨᠢ ᠴᠠᠢ ᠴᠢᠨᠠᠭᠰᠠᠨ ᠶᠤᠮᠰᠠᠨ》 ᠭᠡᠵᠦ ᠬᠡᠯᠡᠭᠡᠳ ᠪᠣᠰᠪᠠ᠃ ᠪᠢ ᠲᠦᠷᠭᠡᠨ ᠪᠣᠰᠴᠤ ᠭᠡᠷ ᠲᠦ᠍ ᠨᠢ ᠣᠷᠣᠯ᠎ᠠ᠃ ᠪᠦᠷ ᠣᠯᠪᠣᠭ ᠬᠦᠷᠲᠡᠯ᠎ᠡ ᠵᠠᠰᠠᠵᠠᠢ᠃ ᠰᠠᠭᠤᠮᠠᠭᠴᠠ ᠠᠭᠠᠭ ᠲᠠᠢ ᠳᠠᠪᠤᠰᠤ ᠲᠠᠢ᠂ ᠲᠣᠰᠣ ᠳᠠᠭᠠᠭᠠᠭᠰᠠᠨ ᠰᠢᠷᠭᠠᠯ ᠴᠠᠢ ᠥᠭᠴᠦ᠂ ᠬᠤᠷᠤᠭᠤ ᠵᠤᠵᠠᠭᠠᠨ ᠥᠷᠥᠮ᠎ᠡ᠂ ᠪᠡᠯᠴᠡᠢᠭᠰᠡᠨ ᠴᠠᠭᠠᠨ ᠠᠭᠠᠷᠤᠤᠯ ᠡᠮᠦᠨ᠎ᠡ ᠮᠢᠨᠢ ᠲᠠᠯᠪᠢᠪᠠ᠃ ᠢᠳᠡᠵᠦ ᠤᠤᠭᠤᠵᠤ ᠪᠠᠢᠲᠠᠯ᠎ᠠ ᠡᠮᠡᠭᠡ ᠨᠠᠳᠠ ᠤᠷᠤᠭᠤ ᠰᠢᠷᠳᠡᠨ ᠬᠡᠰᠡᠭ ᠠᠵᠢᠭᠰᠠᠨ ᠢ᠋ᠶ᠋ᠠᠨ ᠤᠷᠲᠤ ᠭᠡᠭᠴᠢ ᠨᠢ ᠰᠠᠨᠠᠭ᠎ᠠ ᠠᠯᠳᠠᠭᠠᠳ᠄《ᠡᠮᠡᠭᠡ ᠨᠢ ᠬᠦᠦ ᠳ᠋ᠦ᠍ ᠪᠡᠨ ᠨᠢᠭᠡ ᠶᠠᠭᠤᠮ᠎ᠠ ᠶᠠᠷᠢᠪᠠᠯ ᠴᠢ ᠣᠯᠠᠨ ᠬᠥᠮᠦᠨ ᠳ᠋ᠦ᠍ ᠬᠡᠯᠡᠵᠦ ᠥᠭᠴᠦ ᠴᠢᠳᠠᠬᠤ ᠤᠤ? ᠦᠨᠡᠨ ᠵᠥᠪ ᠢ᠋ᠶ᠋ᠡᠷ ᠨᠢ ᠪᠢᠴᠢᠭᠡᠳ ᠯᠡ ᠰᠣᠨᠢᠨ ᠳ᠋ᠤ᠌ ᠪᠠᠨ ᠬᠡᠪᠯᠡᠭᠦᠯᠵᠦ ᠪᠣᠯᠬᠤ ᠰᠠᠨ ᠪᠣᠯᠪᠠ ᠤᠤ ᠭᠡᠵᠦ ᠪᠠᠢᠭ᠎ᠠ ᠶᠤᠮ ᠰᠢᠦ ᠳᠡ》ᠭᠡᠯ᠎ᠡ᠃
-ᠴᠢᠳᠠᠯ ᠦᠭᠡᠢ ᠶᠠᠭᠠᠬᠢᠬᠤᠪ᠂ ᠡᠮᠡᠭᠡ ᠮᠢᠨᠢ᠃ ᠡᠨᠡ ᠴᠢᠨᠢ ᠮᠢᠨᠦ ᠬᠢᠳᠡᠭ ᠠᠵᠢᠯ ᠭᠡᠬᠦ ᠳ᠋ᠦ᠍ ᠮᠢᠨᠢ
-ᠡᠮᠡᠭᠡ ᠨᠢ ᠨᠠᠰᠤ ᠥᠨᠳᠥᠷ ᠪᠣᠯᠵᠤ ᠤᠳᠠᠬᠤ ᠦᠭᠡᠢ ᠡᠨᠡ ᠬᠣᠷᠸ᠎ᠠ ᠠ᠋ᠴᠠ ᠰᠠᠯᠤᠨ᠎ᠠ᠂ ᠢᠰᠡᠭᠡᠢ ᠭᠡᠷ ᠡᠴᠡ ᠭᠠᠷᠴᠤ ᠬᠡᠭᠡᠷ᠎ᠡ ᠶ᠋ᠢᠨ ᠭᠡᠷ ᠲᠦ᠍ ᠪᠡᠨ ᠣᠴᠢᠨ ᠰᠠᠭᠤᠬᠤ ᠴᠠᠭ ᠣᠢᠷᠠᠲᠤᠯ᠎ᠠ᠃ ᠵᠠᠯᠠᠭᠤ ᠬᠥᠮᠦᠰ ᠲᠦ᠍ ᠬᠡᠯᠡᠮᠡᠷ ᠶᠠᠭᠤᠮ᠎ᠠ ᠪᠠᠢᠨ᠎ᠠ᠃ ᠪᠢ ᠠᠷᠪᠠᠨ ᠨᠠᠢ᠍ᠮᠠᠨ ᠨᠠᠰᠤᠲᠠᠢ ᠪᠠᠢᠬᠤ ᠳ᠋ᠤ᠌ ᠪᠠᠨ ᠰᠡᠳᠬᠢᠯ ᠳ᠋ᠦ᠍ ᠪᠡᠨ ᠬᠦᠨᠳᠦ ᠰᠢᠷᠬ᠎ᠠ ᠣᠯᠤᠭᠰᠠᠨ ᠶᠤᠮ᠃ ᠲᠡᠷᠡ ᠰᠢᠷᠬ᠎ᠠ ᠡᠳᠡᠭᠡᠷᠡᠭᠡ ᠦᠭᠡᠢ᠃ ᠡᠳᠡᠭᠡᠷᠡᠬᠦ ᠴᠦ᠍ ᠦᠭᠡᠢ ᠭᠡᠳ ᠳᠠᠭᠤ ᠨᠢ ᠲᠠᠰᠤᠷᠠᠵᠤ ᠳᠣᠭᠣᠭᠰᠢ ᠬᠠᠷᠠᠬᠤ ᠳ᠋ᠤ᠌ ᠬᠡᠳᠦ ᠬᠡᠳᠦᠨ ᠲᠣᠮᠣ ᠨᠢᠯᠪᠤᠰᠤ ᠲᠠᠰᠤᠷᠠᠨ ᠤᠨᠠᠪᠠ᠃ ᠪᠢ ᠭᠠᠢᠬᠠᠨ ᠬᠠᠷᠠᠭᠰᠠᠭᠠᠷ ᠯᠠ᠃ ᠬᠠᠨᠳᠠ ᠭᠤᠸᠠᠢ ᠠᠯᠭᠤᠷ ᠢ᠋ᠶ᠋ᠠᠷ ᠲᠣᠯᠣᠭᠠᠢ ᠪᠡᠨ ᠡᠷᠭᠦᠵᠦ ᠨᠠᠮᠠᠶ᠋ᠢ ᠡᠷᠭᠢᠵᠦ ᠬᠠᠷᠠᠯ᠎ᠠ᠃ ᠤᠰᠤᠨ ᠬᠥᠰᠢᠭᠡ ᠲᠠᠲᠠᠭᠰᠠᠨ ᠨᠢᠳᠦ ᠨᠢ ᠴᠡᠴᠡᠷᠡᠵᠦ ᠪᠠᠢᠭ᠎ᠠ ᠤᠷᠤᠭᠤᠯ ᠳ᠋ᠤ᠌ ᠮᠤᠬᠤᠷᠳᠠᠭᠰᠠᠨ ᠭᠡᠮᠰᠢᠯ ᠳᠦᠭᠦᠷᠡᠩ᠃ ᠳᠣᠲᠣᠨᠣ ᠬᠠᠢᠷᠠᠲᠤ ᠬᠥᠮᠦᠨ ᠢ᠋ᠶ᠋ᠡᠨ ᠨᠠᠰᠤ ᠪᠠᠷᠠᠬᠤ ᠳ᠋ᠤ᠌ ᠨᠢ ᠣᠴᠢᠵᠤ ᠴᠢᠳᠠᠭ᠎ᠠ ᠦᠭᠡᠢ ᠬᠥᠮᠦᠨ《ᠠᠮᠢᠰᠬᠤᠯ ᠨᠢ ᠲᠠᠰᠤᠷᠠᠬᠤ ᠳ᠋ᠤ᠌ ᠪᠠᠢᠵᠤ ᠴᠢᠳᠠᠭᠰᠠᠨ ᠦᠭᠡᠢ ᠠ᠋᠃ ᠬᠠᠯᠠᠭ》ᠭᠡᠳ ᠲᠣᠯᠣᠭᠠᠢ ᠪᠠᠨ ᠨᠦᠳᠦᠬᠦ ᠭᠡᠵᠦ ᠪᠠᠢᠭ᠎ᠠ ᠬᠥᠮᠦᠨ ᠢ᠋ ᠬᠠᠷᠠᠭᠰᠠᠨ ᠪᠣᠯ ᠬᠠᠨᠳᠠ ᠭᠤᠸᠠᠢ ᠶᠠᠭ ᠯᠠ ᠲᠡᠢᠮᠦ ᠪᠠᠢᠯ᠎ᠠ᠃ ᠬᠠᠨᠳᠠ ᠭᠤᠸᠠᠢ ᠭᠠᠷ ᠤ᠋ᠨ ᠢ᠋ᠶ᠋ᠠᠨ ᠠᠷᠤ ᠪᠠᠷ ᠨᠢᠯᠪᠤᠰᠤ ᠪᠠᠨ ᠠᠷᠴᠢᠵᠤ ᠰᠡᠳᠬᠢᠯ ᠨᠢ ᠰᠢᠯᠤᠭᠤᠳᠠᠭᠰᠠᠨ ᠪᠣᠯᠤᠯᠲᠠᠢ ᠵᠠᠢᠮᠤᠴᠢᠨ ᠰᠠᠭᠤᠳᠠᠯ ᠢ᠋ᠶ᠋ᠠᠨ ᠵᠠᠰᠠᠭᠰᠠᠨ ᠢ᠋ᠶ᠋ᠠᠨ ᠵᠢᠪᠡᠬᠡᠢ ᠪᠥᠭᠡᠳ ᠰᠢᠢᠳᠮᠡᠭᠡᠢ ᠳᠠᠭᠤ ᠪᠠᠷ《ᠪᠢ ᠵᠠᠯᠠᠭᠤ ᠳ᠋ᠤ᠌ ᠪᠠᠨ ᠨᠤᠲᠤᠭ ᠬᠤᠰᠢᠭᠤᠨ ᠳ᠋ᠤ᠌ ᠪᠠᠨ ᠭᠠᠢᠬᠠᠭᠳᠠᠭᠰᠠᠨ ᠰᠠᠢᠬᠠᠨ ᠬᠥᠮᠦᠨ ᠪᠠᠢᠭᠰᠠᠨ ᠶᠤᠮᠰᠠᠨ᠃ ᠴᠢ ᠴᠦ᠍ ᠦᠨᠡᠮᠰᠢᠬᠦ ᠦᠭᠡᠢ ᠪᠠᠢᠬᠤ ᠳᠠ᠃ ᠭᠡᠪᠡᠴᠦ ᠲᠡᠢᠮᠦ ᠯᠡ ᠪᠠᠢᠭᠰᠠᠨ》ᠭᠡᠳ ᠠᠷᠭ᠎ᠠ ᠨᠢ ᠪᠠᠷᠠᠭᠳᠠᠭᠰᠠᠨ ᠨᠢᠳᠦ ᠪᠡᠷ ᠨᠠᠮᠠᠶ᠋ᠢ ᠬᠠᠷᠠᠯ᠎ᠠ᠂ ᠦᠨᠡᠨᠳᠡᠭᠡᠨ ᠴᠦ᠍ ᠡᠮᠦᠨ᠎ᠡ ᠮᠢᠨᠢ ᠰᠠᠭᠤᠵᠤ ᠪᠠᠢᠭ᠎ᠠ ᠡᠮᠡᠭᠡᠨ ᠣᠯᠠᠨ ᠳ᠋ᠤ᠌ ᠭᠠᠢᠬᠠᠭᠳᠠᠭᠰᠠᠨ ᠰᠠᠢᠬᠠᠨ ᠬᠡᠦᠬᠡᠨ ᠪᠠᠢᠭᠰᠠᠨ ᠭᠡᠬᠦ ᠳ᠋ᠦ᠍ ᠦᠨᠡᠮᠰᠢᠬᠦ ᠶᠠᠭᠤᠮ᠎ᠠ ᠲᠤᠩ ᠬᠣᠪᠣᠷ ᠪᠥᠭᠡᠳ ᠭᠠᠭᠴᠠᠬᠦ ᠵᠢᠷᠠ ᠭᠠᠷᠤᠢ ᠵᠢᠯ ᠦ᠋ᠨ ᠡᠮᠦᠨᠡᠬᠢ ᠪᠡᠨ ᠶᠠᠷᠢᠵᠤ ᠪᠠᠢᠭ᠎ᠠ ᠰᠢᠦ ᠳᠡ ᠭᠡᠵᠦ ᠤᠬᠠᠭᠠᠨ ᠰᠠᠨᠠᠭᠠᠨ ᠳ᠋ᠤ᠌ ᠪᠠᠨ ᠪᠣᠳᠣᠵᠤ ᠰᠡᠳᠬᠢᠯ ᠢ᠋ᠶ᠋ᠡᠨ ᠬᠦᠴᠦᠯᠡᠨ ᠦᠨᠡᠮᠰᠢᠭᠦᠯᠬᠦ ᠶ᠋ᠢ ᠬᠢᠴᠢᠶᠡᠵᠦ ᠪᠠᠢᠯ᠎ᠠ᠃ ᠡᠮᠡᠭᠡ ᠶ᠋ᠢᠨ ᠨᠢᠳᠦᠨ ᠳ᠋ᠦ᠍ ᠰᠡᠳᠬᠢᠯ ᠦ᠋ᠨ ᠭᠦᠨ ᠦ᠌ ᠪᠠᠶᠠᠷ ᠤ᠋ᠨ ᠣᠴᠢ ᠬᠢᠯᠠᠰᠬᠢᠵᠦ ᠥᠴᠦᠬᠡᠨ ᠮᠢᠰᠢᠶᠡᠯ ᠵᠠᠪᠠᠵᠢᠨ ᠳ᠋ᠤ᠌ ᠨᠢ ᠲᠣᠳᠣᠷᠠᠬᠤ ᠮᠡᠲᠦ ᠦᠵᠡᠭᠳᠡᠪᠡ᠃
-ᠮᠠᠨᠠᠢᠬᠢ ᠦᠷᠭᠦᠯᠵᠢ ᠯᠡ ᠵᠠᠮᠪᠠᠯ ᠭᠡᠳᠡᠭ ᠠᠢᠯ ᠲᠠᠢ ᠬᠠᠮᠲᠤ ᠪᠠᠢᠳᠠᠭ ᠪᠠᠢᠯ᠎ᠠ᠃ ᠲᠡᠳᠡᠨ ᠦ᠌ ᠭᠠᠭᠴᠠ ᠬᠦᠦ ᠶᠦᠩᠳᠦᠩ ᠪᠣᠯ ᠨᠠᠳᠠ ᠠ᠋ᠴᠠ ᠭᠤᠷᠪᠠ ᠠᠬ᠎ᠠ᠃ ᠪᠢᠳᠡ ᠬᠣᠶᠠᠷ ᠬᠠᠷ᠎ᠠ ᠪᠠᠭ᠎ᠠ ᠨᠠᠰᠤᠨ ᠠ᠋ᠴᠠ ᠪᠠᠨ ᠬᠠᠮᠲᠤ ᠲᠣᠭᠯᠠᠵᠤ ᠥᠰᠦᠭᠡᠳ ᠨᠠᠮᠠᠶ᠋ᠢ ᠠᠷᠪᠠᠨ ᠵᠢᠷᠭᠤᠭᠠᠨ ᠨᠠᠰᠤ ᠬᠦᠷᠬᠦ ᠳ᠋ᠦ᠍ ᠶᠦᠩᠳᠦᠩ ᠦ᠋ᠨ ᠵᠠᠩ ᠨᠢᠭᠡ ᠯᠡ ᠪᠢᠰᠢ ᠪᠣᠯᠤᠭᠠᠳ ᠬᠤᠪᠢᠷᠠᠪᠠ᠃ ᠲᠡᠷᠡ ᠶᠠᠭᠠᠬᠢᠪᠠᠯ ᠯᠠ ᠨᠠᠳᠠ ᠳ᠋ᠤ᠌ ᠰᠠᠢᠨ ᠶᠠᠭᠤᠮ᠎ᠠ ᠬᠢᠬᠦ ᠬᠦᠰᠡᠯ ᠲᠡᠢ᠃ ᠮᠢᠨᠦ ᠶᠠᠭᠤ ᠬᠡᠯᠡᠭᠰᠡᠨ ᠡᠴᠡ ᠵᠥᠷᠢᠳᠡᠭ ᠦᠭᠡᠢ ᠪᠣᠯᠪᠠ᠃ ᠬᠥᠮᠦᠨ ᠥᠩᠭᠡᠷᠡᠭᠰᠡᠨ ᠶᠠᠭᠤᠮ᠎ᠠ ᠶ᠋ᠢ ᠡᠷᠭᠢᠴᠡᠭᠦᠯᠦᠨ ᠪᠣᠳᠣᠬᠤ ᠳ᠋ᠤ᠌ ᠲᠡᠷᠡ ᠦᠶ᠎ᠡ ᠳ᠋ᠦ᠍ ᠣᠭᠲᠣ ᠠᠵᠢᠭᠯᠠᠭᠳᠠᠭ᠎ᠠ ᠦᠭᠡᠢ ᠶᠠᠭᠤᠮ᠎ᠠ ᠲᠣᠳᠣᠷᠠᠨ ᠤᠴᠢᠷ ᠨᠢ ᠣᠯᠳᠠᠭ᠎ᠠ ᠦᠭᠡᠢ ᠶᠠᠭᠤᠮᠠᠨ ᠤ᠋ ᠤᠴᠢᠷ ᠣᠯᠳᠠᠳᠠᠭ ᠰᠢᠦ ᠳᠡ᠃ ᠢᠯᠠᠩᠭᠤᠶ᠎ᠠ ᠰᠡᠳᠬᠢᠯ ᠳ᠋ᠦ᠍ ᠭᠦᠨ ᠦᠯᠡᠳᠡᠭᠰᠡᠨ ᠶᠠᠭᠤᠮ᠎ᠠ ᠶ᠋ᠢ ᠡᠷᠭᠢᠴᠡᠭᠦᠯᠦᠨ ᠪᠣᠳᠣᠬᠤ ᠳ᠋ᠤ᠌ ᠬᠠᠷᠠᠮᠰᠠᠬᠤ᠂ ᠪᠠᠶᠠᠰᠬᠤ ᠵᠦᠢᠯ ᠮᠥᠨ ᠴᠦ᠍ ᠶᠡᠬᠡ ᠭᠠᠷᠳᠠᠭ ᠠᠵᠢ᠃ ᠶᠦᠩᠳᠦᠩ ᠦ᠋ᠨ ᠵᠠᠩ ᠮᠥᠨ ᠴᠦ᠍ ᠥᠭᠡᠷ᠎ᠡ ᠪᠣᠯᠵᠤ ᠪᠢᠯᠡ᠃ ᠶᠦᠩᠳᠦᠩ ᠦ᠋ᠨ ᠠᠯᠬᠤᠮ ᠪᠦᠷᠢ᠂ ᠬᠥᠳᠡᠯᠬᠦ ᠪᠦᠷᠢ ᠡᠴᠡ ᠨᠠᠳᠠ ᠬᠢᠵᠠᠭᠠᠷ ᠦᠭᠡᠢ ᠰᠡᠳᠬᠢᠯ ᠲᠡᠢ ᠨᠢ ᠢᠯᠡᠷᠬᠡᠢ ᠪᠠᠢᠵᠤ ᠯᠠ ᠳᠠ᠃ ᠵᠠᠶᠠᠭ᠎ᠠ ᠦᠭᠡᠢ ᠬᠥᠮᠦᠨ ᠦ᠌ ᠬᠥᠯ ᠳ᠋ᠦ᠍ ᠨᠢ ᠶᠤᠸᠠᠮᠪᠤᠤ ᠲᠠᠯᠪᠢᠬᠤ ᠳ᠋ᠤ᠌ ᠳᠡᠭᠡᠭᠦᠷ ᠨᠢ ᠰᠣᠬᠣᠷ ᠬᠥᠮᠦᠨ ᠪᠣᠯᠵᠤ ᠨᠢᠳᠦ ᠪᠡᠨ ᠠᠨᠢᠭᠠᠳ ᠭᠠᠷᠤᠭᠰᠠᠨ ᠭᠡᠳᠡᠭ᠃ ᠪᠢ ᠶᠦᠩᠳᠦᠩ ᠦ᠋ᠨ ᠲᠡᠷᠡ ᠰᠠᠢᠬᠠᠨ ᠰᠡᠳᠬᠢᠯ ᠢ᠋ ᠣᠯᠵᠤ ᠬᠠᠷᠠᠬᠤ ᠦᠭᠡᠢ ᠪᠠᠢᠯ᠎ᠠ᠃ ᠲᠡᠭᠦᠨ ᠢ᠋ ᠪᠠᠭ᠎ᠠ ᠠ᠋ᠴᠠ ᠪᠠᠨ ᠲᠣᠭᠯᠠᠵᠤ ᠥᠰᠦᠭᠰᠡᠨ ᠰᠠᠢᠨ ᠨᠥᠬᠥᠷ ᠮᠢᠨᠢ ᠭᠡᠵᠦ ᠪᠣᠳᠣᠬᠤ ᠠ᠋ᠴᠠ ᠲᠡᠭᠦᠨ ᠳ᠋ᠦ᠍ ᠬᠠᠢᠷ᠎ᠠ ᠰᠡᠳᠬᠢᠯ ᠨᠠᠳᠠ ᠳ᠋ᠤ᠌ ᠪᠠᠢᠭᠰᠠᠨ ᠦᠭᠡᠢ᠃ ᠨᠠᠮᠠᠶ᠋ᠢ ᠬᠦᠰᠡᠵᠦ ᠮᠥᠷᠥᠭᠡᠳᠦᠭᠰᠡᠨ ᠤᠯᠤᠰ ᠶᠣᠰᠣᠲᠠᠢ ᠯᠠ ᠵᠠᠬ᠎ᠠ ᠠ᠋ᠴᠠ ᠠᠪᠤᠭᠠᠳ ᠪᠠᠢᠳᠠᠭ ᠪᠠᠢᠪᠠ ᠳᠠ᠃ ᠭᠠᠳᠠᠨ᠎ᠠ ᠠ᠋ᠴᠠ ᠬᠠᠷᠠᠪᠠᠯ ᠶᠦᠩᠳᠦᠩ ᠳ᠋ᠦ᠍ ᠭᠣᠢᠳᠠ ᠶᠠᠭᠤᠮ᠎ᠠ ᠦᠭᠡᠢ᠃ ᠢᠯᠠᠩᠭᠤᠶ᠎ᠠ ᠣᠯᠠᠨ ᠬᠥᠮᠦᠨ ᠦ᠌ ᠨᠢᠳᠦ ᠪᠤᠯᠢᠶᠠᠭᠰᠠᠨ ᠵᠠᠯᠠᠭᠤ ᠶ᠋ᠢᠨ ᠴᠠᠭ ᠲᠤ᠌ ᠪᠣᠯ ᠱᠣᠬᠣᠭᠣᠷᠬᠠᠵᠤ ᠬᠠᠷᠠᠮᠠᠷ ᠶᠠᠭᠤᠮ᠎ᠠ ᠲᠡᠭᠦᠨ ᠳ᠋ᠦ᠍ ᠪᠠᠢᠭ᠎ᠠ ᠦᠭᠡᠢ᠃ ᠵᠢᠵᠢᠭᠬᠡᠨ ᠪᠡᠶ᠎ᠡ ᠲᠡᠢ᠂ ᠬᠣᠨᠢᠨ ᠪᠣᠷᠣ ᠨᠢᠳᠦ ᠲᠡᠢ ᠭᠣᠨᠵᠣᠭᠣᠢ ᠴᠢᠷᠠᠢ ᠲᠠᠢ᠃ ᠡᠴᠢᠭᠡ ᠨᠢ ᠪᠠᠭ᠎ᠠ ᠳ᠋ᠤ᠌ ᠨᠢ ᠮᠢᠨᠦ ᠥᠭᠡᠳᠡᠰᠦ ᠭᠡᠵᠦ ᠥᠬᠥᠭᠡᠷᠳᠡᠨ ᠨᠡᠷᠡᠯᠡᠭᠰᠡᠨ ᠡᠴᠡ ᠠᠪᠤ ᠡᠵᠢ ᠨᠢ ᠥᠭᠡᠳᠡᠰᠦ ᠭᠡᠵᠦ ᠳᠠᠭᠤᠳᠠᠨ᠎ᠠ᠃ ᠬᠠᠷᠢᠨ ᠰᠡᠭᠦᠯ ᠳ᠋ᠦ᠍ ᠪᠡᠨ ᠶᠦᠩᠳᠦᠩ ᠤᠴᠠᠭᠠᠷᠯᠠᠵᠤ ᠪᠠᠢᠭᠠᠳ ᠪᠣᠯᠢᠭᠤᠯᠤᠭᠰᠠᠨ ᠶᠤᠮᠰᠠᠨ᠃ ᠮᠢᠨᠦ ᠳᠡᠷᠭᠡᠳᠡ ᠥᠭᠡᠳᠡᠰᠦ ᠭᠡᠵᠦ ᠬᠡᠯᠡᠭᠦᠯᠬᠦ ᠲᠤᠩ ᠳᠤᠷ᠎ᠠ ᠦᠭᠡᠢ ᠰᠠᠨ᠃ ᠭᠡᠪᠡᠴᠦ ᠳᠣᠲᠣᠷ᠎ᠠ ᠨᠢ ᠤᠤ᠂ ᠶᠣᠰᠣᠲᠠᠢ ᠯᠠ ᠬᠥᠮᠦᠨ ᠪᠠᠢᠭᠰᠠᠨ ᠶᠤᠮ ᠰᠠᠨ᠃ ᠬᠥᠮᠦᠨ ᠦ᠌ ᠰᠠᠢᠬᠠᠨ ᠳᠣᠲᠣᠷ᠎ᠠ ᠪᠠᠨ ᠨᠢᠭᠤᠴᠠ ᠪᠠᠢᠳᠠᠭ ᠪᠣᠯᠬᠣᠷ ᠣᠯᠵᠤ ᠬᠠᠷᠠᠬᠤ ᠳ᠋ᠤ᠌ ᠲᠤᠩ ᠬᠡᠴᠡᠭᠦᠦ᠃ ᠠᠮᠢᠳᠤᠷᠠᠯ ᠤ᠋ᠨ ᠡᠭᠡᠵᠢᠭ ᠲᠠᠨᠢᠭ᠎ᠠ ᠦᠭᠡᠢ ᠵᠠᠯᠠᠭᠤ ᠶ᠋ᠢᠨ ᠴᠠᠭ ᠲᠤ᠌ ᠪᠣᠯ ᠪᠦᠷ ᠴᠦ᠍ ᠬᠡᠴᠡᠭᠦᠦ᠃
ᠬᠡᠦᠬᠡᠨ ᠲᠡᠢ ᠠᠢᠯ ᠳ᠋ᠤ᠌ ᠬᠥᠮᠦᠨ ᠴᠤᠭᠯᠠᠳᠠᠭ᠃ ᠬᠦᠷᠳᠦ ᠲᠡᠢ ᠠᠢᠯ ᠳ᠋ᠤ᠌ ᠪᠤᠶᠠᠨ ᠴᠤᠭᠯᠠᠷᠠᠳᠠᠭ ᠭᠡᠭᠴᠢ ᠪᠡᠷ ᠨᠤᠲᠤᠭ ᠤ᠋ᠨ ᠬᠠᠷᠠᠴᠤᠤᠯ ᠮᠠᠨ ᠤ᠋ ᠳ᠋ᠤ᠌ ᠴᠤᠭᠯᠠᠷᠠᠨ᠎ᠠ᠃ ᠪᠢ ᠲᠡᠳᠡᠨ ᠦ᠌ ᠳᠤᠮᠳᠠ ᠪᠠᠷᠢᠴᠠ ᠦᠭᠡᠢ ᠬᠥᠪᠦᠨ᠎ᠡ᠃ ᠲᠡᠳᠡᠨ ᠲᠡᠢ ᠴᠡᠴᠡ ᠪᠤᠯᠢᠶᠠᠯᠳᠤᠵᠤ ᠦᠭᠡ ᠬᠠᠶᠠᠯᠴᠠᠵᠤ ᠪᠠᠢᠬᠤ ᠶ᠋ᠢ ᠬᠠᠷᠠᠭᠠᠳ ᠶᠦᠩᠳᠦᠩ ᠪᠤᠬᠢᠨᠢᠳᠤᠵᠤ ᠠᠭᠤᠷᠲᠠᠢ ᠪᠣᠯᠳᠠᠭ ᠪᠠᠢᠭᠰᠠᠨ᠃ ᠭᠡᠪᠡᠴᠦ ᠪᠢ ᠲᠡᠭᠦᠨ ᠳ᠋ᠦ᠍ ᠨᠢ ᠣᠭᠲᠣ ᠶᠠᠭᠤᠮ᠎ᠠ ᠪᠣᠳᠣᠬᠤ ᠦᠭᠡᠢ᠃ ᠬᠠᠷᠢᠨ ᠴᠤ᠌ ᠢᠨᠢᠶᠡᠳᠦ ᠬᠦᠷᠳᠡᠭ ᠪᠠᠢᠭᠰᠠᠨ ᠪᠢᠯᠡ ᠭᠡᠳ ᠡᠮᠡᠭᠡᠨ ᠦ᠌ ᠬᠣᠭᠣᠯᠠᠢ ᠵᠠᠩᠭᠢᠷᠠᠬᠤ ᠳ᠋ᠤ᠌ ᠳᠠᠭᠤ ᠨᠢ ᠲᠠᠰᠤᠷᠠᠪᠠ᠃ ᠡᠮᠡᠭᠡ ᠬᠡᠰᠡᠭ ᠳᠠᠭᠤ ᠦᠭᠡᠢ ᠪᠠᠢᠭᠰᠠᠨ ᠢ᠋ᠶ᠋ᠠᠨ ᠤᠷᠲᠤ ᠭᠡᠭᠴᠢ ᠰᠠᠨᠠᠭ᠎ᠠ ᠠᠯᠳᠠᠭᠠᠳ ᠲᠣᠯᠣᠭᠠᠢ ᠶ᠋ᠢ ᠪᠡᠨ ᠬᠡᠳᠦᠨ ᠤᠳᠠᠭ᠎ᠠ ᠰᠡᠵᠢᠯᠡᠭᠰᠡᠨ ᠢ᠋ᠶ᠋ᠡᠨ ᠨᠢᠭᠡ ᠡᠳᠦᠷ ᠶᠦᠩᠳᠦᠩ ᠬᠠᠮᠲᠤ ᠬᠣᠲᠠ ᠠᠷᠢᠯᠭᠠᠵᠤ ᠪᠠᠢᠭᠠᠳ᠄《ᠬᠣᠶᠠᠭᠤᠯᠠ ᠪᠠᠨ ᠰᠠᠭᠤᠵᠤ ᠬᠠᠮᠲᠤ ᠠᠮᠢᠳᠤᠷᠠᠶ᠎ᠠ᠃ ᠬᠠᠨᠳᠠ ᠮᠢᠨᠢ ᠴᠢᠮ᠎ᠠ ᠳ᠋ᠤ᠌ ᠪᠠᠨ ᠪᠢ ᠬᠢᠵᠠᠭᠠᠷ ᠦᠭᠡᠢ ᠳᠠᠰᠴᠠᠢ》ᠭᠡᠵᠦ ᠫᠠᠯᠬᠢᠲᠠᠯ᠎ᠠ ᠰᠢᠭᠤᠳ ᠬᠡᠯᠡᠳᠡᠭ ᠪᠠᠢᠨ᠎ᠠ ᠰᠢᠦ ᠭᠡᠳ ᠡᠮᠡᠭᠡᠨ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ᠂ ᠶᠡᠷᠦ ᠨᠢ ᠶᠦᠩᠳᠦᠩ ᠪᠦᠷᠦᠭ ᠮᠡᠲᠦ ᠪᠣᠯᠪᠠᠴᠤ ᠪᠣᠳᠣᠭᠰᠠᠨ ᠢ᠋ᠶ᠋ᠠᠨ ᠡᠪ ᠬᠠᠪᠤ ᠦᠭᠡᠢ ᠴᠦᠯ ᠴᠡᠯ ᠭᠡᠲᠡᠯ᠎ᠡ ᠴᠥᠮ ᠢ᠋ ᠬᠡᠯᠡᠳᠡᠭ ᠬᠥᠮᠦᠨ ᠪᠠᠢᠭᠰᠠᠨ ᠶᠤᠮᠰᠠᠨ᠃ ᠨᠢᠭᠡ ᠡᠳᠦᠷ ᠮᠠᠨ ᠤ᠋ ᠦᠨᠢᠶ᠎ᠡ ᠲᠤᠭᠤᠯ ᠨᠡᠢᠯᠡᠵᠦ ᠣᠷᠬᠢᠭᠠᠳ ᠨᠠᠮᠠᠶ᠋ᠢ ᠡᠵᠢ ᠮᠢᠨᠢ ᠵᠠᠩᠨᠠᠵᠤ ᠪᠠᠢᠬᠤ ᠳ᠋ᠤ᠌ ᠶᠦᠩᠳᠦᠩ ᠲᠣᠪ ᠳᠠᠭᠤ ᠦᠭᠡᠢ ᠵᠣᠭᠰᠣᠵᠤ ᠪᠠᠢᠭᠰᠠᠨ ᠢ᠋ᠶ᠋ᠠᠨ:《ᠳᠤᠯᠮ᠎ᠠ ᠪᠠᠨ ᠭᠤᠸᠠᠢ ᠮᠢᠨᠢ᠃ (ᠳᠤᠯᠮ᠎ᠠ ᠭᠡᠳᠡᠭ ᠴᠢᠨᠢ ᠮᠠᠨ ᠤ᠋ ᠡᠵᠢ ᠶ᠋ᠢᠨ ᠨᠡᠷ᠎ᠡ ) ᠲᠤᠭᠤᠯ ᠡᠬᠡ ᠲᠡᠢ ᠪᠡᠨ ᠨᠡᠢᠯᠡᠭᠡ ᠯᠡ ᠪᠢᠵᠡ᠃ ᠴᠠᠢᠨ ᠤ᠋ ᠰᠦ᠋ ᠦᠭᠡᠢ ᠪᠣᠯ ᠮᠠᠨ ᠤ᠋ ᠬᠢ ᠡᠴᠡ ᠠᠪ᠃ ᠬᠠᠨᠳᠠ ᠶ᠋ᠢ ᠬᠡᠴᠢᠨᠡᠨ ᠠᠭᠠᠰᠢᠯᠠᠭᠠᠳ ᠲᠡᠷᠡ ᠬᠥᠬᠥᠭᠰᠡᠨ ᠰᠦ ᠶ᠋ᠢ ᠲᠠ ᠣᠯᠵᠤ ᠠᠪᠬᠤ ᠦᠭᠡᠢ》ᠭᠡᠵᠦ ᠪᠢᠯᠡ ᠭᠡᠳ ᠬᠠᠨᠳᠠ ᠭᠤᠸᠠᠢ ᠦᠭᠡ ᠪᠡᠨ ᠲᠠᠰᠤᠯᠪᠠ᠃ ᠬᠠᠨᠳᠠ ᠭᠤᠸᠠᠢ ᠶ᠋ᠢᠨ ᠨᠢᠳᠦ ᠨᠢ ᠰᠡᠷᠭᠦᠵᠦ ᠲᠣᠳᠣ ᠢᠨᠢᠶᠡᠮᠰᠦᠭᠯᠡᠯ ᠨᠢᠭᠤᠷ ᠲᠤ᠌ ᠨᠢ ᠲᠣᠳᠣᠷᠠᠪᠠ᠃ ᠴᠣᠬᠣᠮ ᠡᠨᠡ ᠦᠶ᠎ᠡ ᠳ᠋ᠦ᠍ 《ᠦᠨᠡᠬᠡᠷ ᠵᠠᠯᠠᠭᠤ ᠳ᠋ᠤ᠌ ᠪᠠᠨ ᠰᠠᠢᠬᠠᠨ ᠬᠡᠦᠬᠡᠨ ᠪᠠᠢᠭᠰᠠᠨ ᠪᠣᠯᠪᠠ ᠤᠤ?》ᠭᠡᠳᠡᠭ ᠵᠤᠷᠪᠤᠰ ᠪᠣᠳᠣᠯ ᠮᠢᠨᠦ ᠰᠡᠳᠬᠢᠯ ᠳ᠋ᠦ᠍ ᠣᠷᠣᠵᠤ ᠢᠷᠡᠯ᠎ᠡ᠃
《ᠪᠢ ᠶᠦᠩᠳᠦᠩ ᠦ᠋ᠨ ᠦᠭᠡ ᠶ᠋ᠢ ᠶᠠᠭᠤᠮᠠᠨ ᠤ᠋ ᠴᠢᠨᠡᠭᠡ ᠴᠦ᠍ ᠪᠣᠳᠣᠯ ᠦᠭᠡᠢ ᠲᠣᠭᠯᠠᠭᠠᠮ ᠪᠣᠯᠭᠠᠵᠤ ᠥᠩᠭᠡᠷᠡᠭᠦᠯᠪᠡ》 ᠭᠡᠵᠦ ᠬᠡᠯᠡᠬᠦ ᠳ᠋ᠦ᠍ ᠬᠠᠨᠳᠠ ᠭᠤᠸᠠᠢ ᠶ᠋ᠢᠨ ᠨᠢᠳᠦᠨ ᠳ᠋ᠦ᠍ ᠲᠣᠳᠣᠷᠠᠭᠰᠠᠨ ᠪᠠᠶᠠᠰᠬᠤᠯᠠᠩ ᠬᠤᠰᠤᠭᠳᠠᠨ ᠠᠯᠠᠭ᠎ᠠ ᠪᠣᠯᠪᠠ᠃ ᠨᠢᠭᠡᠨ ᠬᠡᠰᠡᠭ ᠴᠢᠮᠡᠭᠡ ᠦᠭᠡᠢ ᠪᠣᠯᠪᠠ᠃ ᠪᠢ ᠴᠢᠩᠭᠢᠭᠡᠳ ᠭᠡᠵᠦ ᠶᠠᠷᠢᠶᠠᠨ ᠤ᠋ ᠦᠷᠭᠦᠯᠵᠢᠯᠡᠯ ᠢ᠋ ᠬᠦᠰᠡᠮᠡᠷ ᠪᠠᠢᠭᠰᠠᠨ ᠠᠪᠠᠴᠤ《ᠠᠷᠠᠢ ᠢᠩᠭᠢᠭᠡᠳ ᠵᠣᠭᠰᠣᠬᠤ ᠦᠭᠡᠢ ᠪᠠᠢᠬᠤ》 ᠭᠡᠵᠦ ᠭᠣᠷᠢᠳᠠᠭᠠᠳ ᠳᠠᠰᠪᠠ᠃ ᠦᠨᠡᠬᠡᠷ ᠬᠠᠨᠳᠠ ᠭᠤᠸᠠᠢ ᠪᠦᠳᠡᠭᠢ ᠳᠠᠭᠤ ᠪᠠᠷ《ᠲᠡᠷᠡ ᠦᠶ᠎ᠡ ᠳ᠋ᠦ᠍ ᠪᠢ ᠨᠤᠲᠤᠭ ᠤ᠋ᠨ ᠭᠣᠨᠴᠣᠭ ᠭᠡᠳᠡᠭ ᠵᠠᠯᠠᠭᠤ ᠲᠠᠢ ᠰᠡᠳᠬᠢᠯ ᠲᠡᠢ ᠪᠣᠯᠤᠭᠠᠳ ᠨᠢᠭᠤᠴᠠ ᠠᠭᠤᠯᠵᠠᠳᠠᠭ ᠪᠠᠢᠭᠰᠠᠨ᠃ ᠨᠠᠮᠤᠷ ᠤ᠋ᠨ ᠦᠳᠡᠰᠢ ᠶᠤᠮᠰᠠᠨ᠃ ᠬᠣᠨᠢ ᠬᠣᠲᠠᠯᠠᠵᠤ ᠪᠠᠢᠭᠠᠳ ᠶᠦᠩᠳᠦᠩ ᠤᠷᠢᠳᠤᠬᠢ ᠪᠠᠨ ᠳᠠᠪᠲᠠᠵᠤ ᠬᠡᠯᠡᠬᠦ ᠳ᠋ᠦ᠍ ᠨᠢ ᠪᠢ ᠲᠡᠷᠡ ᠶᠠᠷᠢᠶ᠎ᠠ ᠶ᠋ᠢ ᠵᠠᠢᠮᠤᠷᠠᠭᠤᠯᠬᠤ ᠭᠡᠵᠦ 《ᠴᠢ ᠭᠠᠭᠴᠠᠭᠠᠷ ᠢ᠋ᠶ᠋ᠠᠨ ᠭᠤᠴᠢᠨ ᠲᠡᠮᠡᠭᠡ ᠪᠡᠷ ᠬᠦᠷᠢᠶ᠎ᠡ ᠵᠢᠩ ᠲᠡᠭᠡᠭᠡᠵᠦ ᠴᠢᠳᠠᠬᠤ ᠤᠤ》ᠭᠡᠯ᠎ᠡ᠃
-ᠴᠢᠩᠭᠢᠪᠡᠯ ᠴᠢ ᠪᠠᠶᠠᠷᠯᠠᠬᠤ ᠤᠤ ᠭᠡᠵᠦ ᠲᠡᠷᠡ ᠨᠠᠳᠠ ᠠ᠋ᠴᠠ ᠠᠰᠠᠭᠤᠪᠠ᠃
-ᠡᠷ᠎ᠡ ᠴᠢᠳᠠᠯ ᠲᠠᠢ ᠠᠵᠢᠯᠴᠢ ᠬᠥᠮᠦᠨ ᠢ᠋ ᠬᠠᠷᠠᠭᠠᠳ ᠬᠡᠨ ᠴᠦ᠍ ᠪᠠᠶᠠᠷᠯᠠᠨ᠎ᠠ ᠰᠢᠦ ᠳᠡ ᠭᠡᠪᠡ᠃ ᠢᠩᠭᠢᠵᠦ ᠶᠠᠷᠢᠭᠰᠠᠨ ᠠ᠋ᠴᠠ ᠬᠣᠢᠰᠢ ᠤᠳᠠᠯ ᠦᠭᠡᠢ ᠶᠦᠩᠳᠦᠩ ᠠᠢᠯ ᠤ᠋ᠨ ᠭᠤᠴᠢᠨ ᠲᠡᠮᠡᠭᠡ ᠶ᠋ᠢ ᠬᠥᠯᠥᠰᠥᠯᠡᠵᠦ ᠠᠪᠤᠭᠠᠳ ᠭᠠᠭᠴᠠᠭᠠᠷ ᠢ᠋ᠶ᠋ᠠᠨ ᠬᠦᠷᠢᠶ᠎ᠡ ᠵᠢᠩ ᠳ᠋ᠦ᠍ ᠶᠠᠪᠤᠴᠢᠬᠠᠯ᠎ᠠ᠃ ᠪᠢ ᠶᠠᠭᠤ ᠬᠡᠯᠡᠭᠰᠡᠨ ᠢ᠋ᠶ᠋ᠡᠨ ᠣᠷᠣ ᠰᠤᠷᠠᠭ ᠦᠭᠡᠢ ᠮᠠᠷᠲᠠᠴᠢᠬᠠᠭᠠᠳ ᠄《ᠡᠨᠡ ᠬᠦᠢᠲᠡᠨ ᠳ᠋ᠦ᠍ ᠭᠤᠴᠢᠨ ᠲᠡᠮᠡᠭᠡ ᠪᠡᠷ ᠭᠠᠭᠴᠠᠭᠠᠷ ᠢ᠋ᠶ᠋ᠠᠨ ᠶᠠᠪᠤᠳᠠᠭ ᠪᠠᠰᠠ ᠣᠩᠭᠢᠷᠠᠭᠠᠨ ᠠᠮᠢᠲᠠᠨ ᠶᠤᠮ ᠳᠠ᠃ ᠨᠢᠳᠦ ᠤᠯᠠᠭᠠᠨ᠂ᠮᠥᠩᠭᠥ ᠴᠠᠭᠠᠨ ᠯᠠ ᠭᠡᠳᠡᠭ ᠪᠣᠯᠵᠤ ᠪᠠᠢᠨ᠎ᠠ᠃ ᠠᠮᠢ ᠪᠠᠨ ᠠᠯᠳᠠᠬᠤ ᠭᠡᠵᠦ ᠪᠠᠢᠭ᠎ᠠ ᠶᠤᠮ》ᠭᠡᠵᠦ ᠭᠣᠨᠴᠣᠭ ᠤ᠋ᠨ ᠱᠣᠣᠯᠠᠨ ᠢᠨᠢᠶᠡᠬᠦ ᠳ᠋ᠦ᠍ ᠬᠠᠮᠲᠤ ᠢᠨᠢᠶᠡᠵᠦ ᠪᠠᠢᠵᠤ ᠪᠢᠯᠡ ᠭᠡᠳ ᠡᠮᠡᠭᠡᠨ ᠦ᠌ ᠬᠣᠭᠣᠯᠠᠢ ᠠ᠋ᠴᠠ ᠬᠠᠴᠢᠨ ᠠᠪᠢᠶ᠎ᠠ ᠭᠠᠷᠤᠭᠰᠠᠨ ᠢ᠋ᠶ᠋ᠠᠨ ᠵᠠᠩᠭᠢᠷᠠᠭᠠᠳ ᠳᠠᠭᠵᠢᠷᠠᠪᠠ᠃ ᠡᠮᠡᠭᠡᠨ ᠲᠤᠯᠭᠠᠨ ᠤ᠋ ᠵᠠᠬ᠎ᠠ ᠶ᠋ᠢᠨ ᠦᠨᠡᠰᠦ ᠶ᠋ᠢ ᠮᠣᠢᠨᠣᠭ ᠪᠣᠯᠤᠭᠰᠠᠨ ᠪᠣᠷᠣ ᠬᠤᠷᠤᠭᠤ ᠪᠠᠷ ᠢ᠋ᠶ᠋ᠠᠨ ᠤᠷᠤᠯᠳᠤᠵᠤ ᠭᠠᠵᠠᠷ ᠰᠢᠷᠳᠡᠨ ᠳᠣᠷᠣᠢ ᠳᠠᠭᠤ ᠪᠠᠷ
- ᠨᠠᠮᠠᠶ᠋ᠢ ᠠᠷᠪᠠᠭᠠᠳ ᠠᠢᠯ ᠤ᠋ᠨ ᠬᠢ ᠬᠦᠦ ᠳ᠋ᠡᠭᠡᠨ ᠭᠤᠶᠤᠬᠤ ᠳ᠋ᠤ᠌ ᠠᠪᠤ ᠡᠵᠢ ᠥᠭᠬᠦ ᠦᠭᠡᠢ ᠪᠠᠢᠯ᠎ᠠ᠃ ᠭᠡᠲᠡᠯ᠎ᠡ ᠬᠣᠰᠢᠭᠤ ᠨᠣᠶᠠᠨ ᠤ᠋ ᠬᠦᠦ ᠳ᠋ᠦ᠍ ᠭᠤᠶᠤᠬᠤ ᠳ᠋ᠤ᠌ ᠤᠬᠠᠭᠠᠨ ᠵᠢᠯᠣᠭᠣ ᠦᠭᠡᠢ ᠪᠠᠶᠠᠷᠯᠠᠨ ᠵᠥᠪᠰᠢᠶᠡᠷᠡᠪᠡ᠃ ᠪᠢ ᠣᠴᠢᠬᠤ ᠦᠭᠡᠢ ᠭᠡᠵᠦ ᠤᠬᠢᠯᠠᠨ ᠬᠠᠢᠯᠠᠨ ᠭᠤᠶᠤᠭᠰᠠᠨ᠃ ᠣᠭᠲᠣ ᠲᠤᠰᠠ ᠪᠣᠯᠤᠭᠰᠠᠨ ᠦᠭᠡᠢ᠃ ᠡᠨᠡ ᠪᠦᠬᠦᠨ ᠢ᠋ᠶ᠋ᠡᠨ ᠭᠣᠨᠴᠣᠭ ᠲᠤ᠌ ᠬᠡᠯᠡᠵᠦ ᠳᠠᠷᠤᠢ ᠲᠦᠷᠭᠡᠨ ᠤᠷᠭᠤᠵᠤ ᠵᠠᠢᠯᠠᠶ᠎ᠠ ᠭᠡᠯ᠎ᠡ᠃
-ᠪᠢᠳᠡ ᠬᠣᠶᠠᠷ ᠣᠷᠭᠣᠭᠠᠳ ᠬᠠᠮᠢᠭ᠎ᠠ ᠵᠠᠢᠯᠠᠬᠤ ᠪᠣᠢ?
-ᠤᠷᠭᠤᠬᠤ ᠦᠭᠡᠢ ᠪᠣᠯ ᠥᠩᠭᠡᠷᠡᠯ᠎ᠡ᠂ᠴᠢ ᠣᠢᠯᠠᠭᠠᠵᠤ ᠪᠠᠢᠨ᠎ᠠ ᠤᠤ?
-ᠣᠷᠣᠨ ᠭᠡᠷ ᠮᠠᠯ ᠬᠥᠷᠥᠩᠭᠡ ᠪᠡᠨ ᠬᠠᠶᠠᠭᠠᠳ ᠬᠥᠮᠦᠨ ᠦ᠌ ᠨᠤᠲᠤᠭ᠂ ᠭᠦᠨ ᠦ᠌ ᠭᠠᠵᠠᠷ ᠶᠠᠭᠠᠬᠢᠵᠤ ᠠᠮᠢᠳᠤᠷᠠᠬᠤ ᠶᠤᠮ ᠪᠣᠢ?
-ᠬᠠᠢᠷ᠎ᠠ ᠰᠡᠳᠬᠢᠯ ᠵᠠᠯᠠᠭᠤ ᠨᠠᠰᠤ ᠪᠠᠢᠨ᠎ᠠ᠃ ᠶᠠᠭᠠᠬᠢᠭᠠᠳ ᠴᠤ᠌ ᠪᠣᠯᠤᠭᠰᠠᠨ ᠠᠮᠢᠳᠤᠷᠠᠨ᠎ᠠ᠃ ᠡᠨᠳᠡ ᠡᠴᠡ ᠵᠠᠢᠯᠠᠶ᠎ᠠ᠃
ᠭᠣᠨᠴᠣᠭ ᠡᠬᠢᠯᠡᠭᠡᠳ ᠤᠷᠭᠤᠬᠤ ᠶ᠋ᠢ ᠵᠥᠪᠰᠢᠶᠡᠷᠡᠬᠦ ᠦᠭᠡᠢ ᠪᠠᠢᠯ᠎ᠠ᠃ ᠭᠡᠪᠡᠴᠦ ᠪᠢ ᠤᠬᠢᠯᠠᠵᠤ ᠠᠭᠤᠷᠯᠠᠨ ᠡᠴᠦᠰ ᠲᠦ᠍ ᠨᠢ ᠪᠣᠭᠣᠵᠤ ᠦᠬᠦᠨ᠎ᠡ ᠭᠡᠵᠦ ᠪᠠᠢᠮᠠᠨᠵᠢᠨ ᠤᠷᠭᠤᠬᠤ ᠪᠣᠯᠤᠭᠠᠳ ᠡᠳᠦᠷ ᠴᠠᠭ ᠪᠣᠯᠵᠣᠭᠠᠳ ᠶᠠᠭ ᠶᠠᠪᠤᠬᠤ ᠳᠡᠭᠡᠷ᠎ᠡ ᠪᠡᠨ ᠳᠤᠷ᠎ᠠ ᠦᠭᠡᠢ ᠳ᠋ᠦ᠍ ᠬᠦᠴᠦ ᠦᠭᠡᠢ ᠭᠡᠭᠴᠢ ᠪᠡᠷ ᠪᠠᠷᠢᠭᠳᠠᠵᠤ ᠭᠣᠨᠴᠣᠭ ᠬᠥᠮᠦᠨ ᠦ᠌ ᠬᠡᠦᠬᠡᠨ ᠢ᠋ ᠡᠴᠢᠭᠡ ᠡᠬᠡ ᠶ᠋ᠢᠨ ᠵᠥᠪᠰᠢᠶᠡᠷᠡᠯ ᠦᠭᠡᠢ ᠤᠷᠭᠤᠭᠤᠯᠬᠤ ᠭᠡᠰᠡᠨ ᠬᠡᠷᠡᠭ ᠲᠦ᠍ ᠣᠷᠣᠵᠤ ᠬᠤᠰᠢᠭᠤᠨ ᠤ᠋ ᠬᠠᠷ᠎ᠠ ᠭᠡᠷ ᠲᠦ᠍ ᠬᠣᠷᠢᠭᠳᠠᠪᠠ᠃ ᠪᠢ ᠴᠦ᠍ ᠴᠢᠩᠳᠠ ᠬᠠᠷᠠᠭᠠᠨ ᠳ᠋ᠤ᠌ ᠣᠷᠣᠵᠤ ᠭᠡᠷ ᠡᠴᠡ ᠳᠠᠭᠠᠯᠲᠠ ᠦᠭᠡᠢ ᠭᠠᠷᠬᠤ ᠪᠠᠨ ᠪᠣᠯᠢᠪᠠ᠃ ᠮᠣᠷᠳᠠᠭᠤᠯᠬᠤ ᠬᠣᠨᠣᠭ ᠣᠢᠷᠠᠲᠤᠭᠰᠠᠭᠠᠷ ᠯᠠ ᠪᠠᠢᠯ᠎ᠠ᠃ ᠨᠢᠭᠡ ᠡᠳᠦᠷ ᠶᠦᠩᠳᠦᠩ ᠵᠢᠩ ᠲᠡᠢ ᠪᠡᠨ ᠢᠷᠡᠭᠡᠳ ᠭᠡᠷ ᠲᠦ᠍ ᠪᠡᠨ ᠴᠦ᠍ ᠣᠷᠣᠭᠰᠠᠨ ᠦᠭᠡᠢ ᠬᠣᠲᠠᠨ ᠤ᠋ ᠬᠠᠵᠠᠭᠤ ᠳ᠋ᠤ᠌ ᠵᠣᠭᠰᠣᠵᠤ ᠪᠠᠢᠭᠰᠠᠨ ᠨᠠᠳᠠ ᠲᠠᠢ ᠠᠭᠤᠯᠵᠠᠨ ᠰᠢᠭᠤᠳ ᠯᠠ ᠡᠪᠦᠷ ᠡᠴᠡ ᠪᠡᠨ ᠪᠣᠷᠣ ᠴᠠᠭᠠᠰᠤᠨ ᠳ᠋ᠤ᠌ ᠪᠣᠭᠣᠭᠰᠠᠨ ᠮᠥᠰᠥᠨ ᠰᠢᠬᠢᠷ ᠭᠠᠷᠭᠠᠵᠤ ᠥᠭᠪᠡ᠃ ᠬᠠᠷᠠᠪᠠᠯ ᠬᠣᠶᠠᠷ ᠬᠠᠴᠠᠷ ᠬᠠᠮᠠᠷ ᠤ᠋ᠨ ᠦᠵᠦᠭᠦᠷ ᠨᠢ ᠬᠥᠯᠳᠡᠵᠦ ᠪᠠᠷᠵᠠᠢᠨ ᠰᠢᠷᠬᠠᠯᠠᠭᠰᠠᠨ ᠪᠠᠢᠯ᠎ᠠ᠃
-ᠵᠠ ᠪᠢ ᠭᠤᠴᠢᠨ ᠲᠡᠮᠡᠭᠡ ᠪᠡᠷ ᠭᠠᠭᠴᠠᠭᠠᠷ ᠢ᠋ᠶ᠋ᠠᠨ ᠵᠢᠩ ᠲᠡᠭᠡᠭᠡᠪᠦᠷᠢᠯᠡᠭᠡᠳ ᠢᠷᠡᠯ᠎ᠡ᠃ ᠴᠢ ᠪᠠᠶᠠᠷᠯᠠᠵᠤ ᠪᠠᠢᠨ᠎ᠠ ᠤᠤ? ᠭᠡᠵᠦ ᠨᠢᠳᠦᠨ ᠳ᠋ᠦ᠍ ᠨᠢ ᠭᠠᠯ ᠭᠢᠯᠠᠯᠵᠠᠨ ᠪᠠᠬᠠᠳᠤᠵᠤ ᠶᠠᠳᠠᠭᠰᠠᠨ ᠪᠠᠶᠠᠷ ᠲᠠᠢ ᠬᠡᠯᠡᠪᠡ᠃
-ᠢᠰᠢ ᠶᠦᠩᠳᠦᠩ ᠮᠢᠨᠢ ᠪᠢ ᠭᠡᠳᠡᠭ ᠬᠥᠮᠦᠨ ᠲᠦᠮᠡᠨ ᠵᠣᠪᠠᠯᠠᠩ ᠳ᠋ᠤ᠌ ᠤᠴᠠᠷᠠᠭᠠᠳ ᠪᠠᠢᠨ᠎ᠠ ᠭᠡᠳ ᠪᠦᠬᠦ ᠪᠣᠯᠤᠭᠰᠠᠨ ᠶᠠᠭᠤᠮ᠎ᠠ ᠪᠠᠨ ᠶᠠᠷᠢᠯ᠎ᠠ᠃ ᠶᠦᠩᠳᠦᠩ ᠦ᠋ᠨ ᠪᠠᠶᠠᠷ ᠪᠠᠬᠠᠳᠤᠯ ᠪᠢᠯᠬᠠᠨ ᠬᠡᠷᠡᠯᠳᠦᠵᠦ ᠪᠠᠢᠭᠰᠠᠨ ᠴᠢᠷᠠᠢ ᠨᠢ ᠪᠠᠷᠤᠢᠨ᠂ ᠭᠢᠯᠠᠯᠵᠠᠨ ᠪᠠᠢᠭᠰᠠᠨ ᠨᠢᠳᠦ ᠨᠢ ᠪᠦᠳᠡᠭᠢ ᠮᠣᠬᠣᠭ᠎ᠠ ᠪᠣᠯᠤᠭᠰᠠᠨ ᠶᠠᠭᠤᠮ᠎ᠠ ᠳ᠋ᠠᠭ᠃
- ᠬᠠᠨᠳᠠ ᠠ᠋ 《ᠴᠢ ᠭᠣᠨᠴᠣᠭ ᠠ᠋ᠴᠠ ᠥᠭᠡᠷ᠎ᠡ ᠬᠥᠮᠦᠨ ᠳ᠋ᠦ᠍ ᠰᠡᠳᠬᠢᠯ ᠦᠭᠡᠢ ᠤᠤ?》ᠭᠡᠵᠦ ᠨᠠᠮᠤᠭᠤᠨ ᠳᠣᠷᠣᠢ ᠳᠠᠭᠤ ᠪᠠᠷ ᠠᠰᠠᠭᠤᠪᠠ᠃
ᠦᠭᠡᠢ᠂ ᠭᠣᠨᠴᠣᠭ ᠠ᠋ᠴᠠ ᠪᠤᠰᠤᠳ ᠬᠥᠮᠦᠨ ᠨᠠᠳᠠ ᠣᠭᠲᠣ ᠬᠡᠷᠡᠭ ᠦᠭᠡᠢ᠃ ᠪᠢ ᠶᠠᠭᠠᠬᠢᠭᠰᠠᠨ ᠵᠠᠶᠠᠭ᠎ᠠ ᠦᠭᠡᠢ ᠠᠮᠢᠲᠠᠨ ᠪᠣᠢ? ᠭᠡᠳ ᠤᠬᠢᠯᠠᠪᠠ᠃
ᠶᠦᠩᠳᠦᠩ ᠠᠷᠭ᠎ᠠ ᠨᠢ ᠪᠠᠷᠠᠭᠳᠠᠨ ᠬᠡᠰᠡᠭ ᠵᠣᠭᠰᠣᠭᠰᠠᠨ ᠢ᠋ᠶ᠋ᠠᠨ《ᠬᠠᠨᠳᠠ ᠠ᠋᠃ ᠤᠬᠢᠯᠠᠭᠠᠳ ᠶᠠᠭᠠᠬᠢᠬᠤ ᠪᠣᠢ᠃ ᠪᠢ》ᠭᠡᠳ ᠦᠭᠡ ᠪᠡᠨ ᠲᠠᠰᠤᠯᠵᠤ ᠨᠠᠳᠠ ᠤᠷᠤᠭᠤ ᠤᠳᠠᠲᠠᠯ᠎ᠠ ᠰᠢᠷᠳᠡᠪᠡ᠃ ᠬᠣᠢᠨ᠎ᠠ ᠪᠣᠳᠣᠬᠤ ᠳ᠋ᠤ᠌ ᠲᠡᠷᠡ ᠨᠢᠳᠦᠨ ᠳ᠋ᠦ᠍ ᠮᠥᠨ ᠴᠦ᠍ ᠶᠡᠬᠡ ᠶᠠᠭᠤᠮ᠎ᠠ ᠪᠠᠢᠵᠤ ᠪᠢᠯᠡ ᠭᠡᠳ ᠡᠮᠡᠭᠡᠨ ᠨᠠᠳᠠ ᠥᠭᠡᠳᠡ ᠠᠷᠠᠴᠢᠭ᠎ᠠ ᠦᠭᠡᠢ ᠨᠢᠳᠦ ᠪᠡᠷ ᠬᠠᠷᠠᠭᠰᠠᠨ ᠢ᠋ᠶ᠋ᠠᠨ ᠦᠷᠭᠦᠯᠵᠢᠯᠡᠭᠦᠯᠦᠨ
-- ᠡᠨᠡ ᠦᠶ᠎ᠡ ᠳ᠋ᠦ᠍ ᠡᠬᠡ ᠨᠢ ᠪᠢᠳᠡᠨ ᠦ᠌ ᠳᠡᠷᠭᠡᠳᠡ ᠢᠷᠡᠵᠦ《ᠲᠠ ᠬᠣᠶᠠᠷ ᠰᠡᠭᠦᠯ ᠳ᠋ᠦ᠍ ᠶᠠᠷᠢ ᠳᠠ᠃ ᠮᠢᠨᠦ ᠬᠦᠦ ᠬᠠᠯᠠᠭᠤᠨ ᠴᠠᠢ ᠤᠤᠭᠤ ᠂ ᠢᠰᠢ ᠡᠨᠡ ᠬᠠᠴᠠᠷ᠂ ᠬᠠᠮᠠᠷ ᠨᠢ》ᠭᠡᠳ ᠶᠦᠩᠳᠦᠩ ᠢ᠋ ᠠᠪᠤᠭᠠᠳ ᠶᠠᠪᠤᠯ᠎ᠠ᠃ ᠬᠡᠳᠦ ᠬᠣᠨᠣᠭ ᠶᠦᠩᠳᠦᠩ ᠨᠠᠳᠠ ᠲᠠᠢ ᠠᠭᠤᠯᠵᠠᠭᠰᠠᠨ ᠦᠭᠡᠢ᠃ ᠵᠠᠢᠯᠠᠭᠠᠳ ᠯᠠ ᠪᠠᠢᠯ᠎ᠠ᠃ ᠵᠢᠩ ᠳ᠋ᠦ᠍ ᠶᠠᠪᠤᠵᠤ ᠣᠯᠤᠭᠰᠠᠨ ᠮᠥᠩᠭᠥ ᠪᠡᠷ ᠢ᠋ᠶ᠋ᠡᠨ ᠬᠣᠶᠠᠷ ᠰᠠᠢᠨ ᠮᠣᠷᠢ ᠬᠤᠳᠠᠯᠳᠤᠵᠤ ᠠᠪᠤᠯ᠎ᠠ᠃ ᠨᠥᠭᠥᠭᠡᠳᠦᠷ ᠨᠠᠮᠠᠶ᠋ᠢ ᠮᠣᠷᠳᠠᠭᠤᠯᠤᠨ᠎ᠠ ᠭᠡᠵᠦ ᠶᠠᠭᠤᠮ᠎ᠠ ᠪᠡᠯᠡᠳᠬᠡᠵᠦ ᠪᠠᠢᠪᠠ᠃ ᠨᠢᠭᠡ ᠣᠷᠣᠢ ᠲᠤᠭᠤᠯ ᠤᠶᠠᠵᠤ ᠪᠠᠢᠬᠤ ᠳ᠋ᠤ᠌ ᠶᠦᠩᠳᠦᠩ ᠳᠡᠷᠭᠡᠳᠡ ᠮᠢᠨᠢ ᠢᠷᠡᠵᠦ 《ᠴᠢ ᠭᠣᠨᠴᠣᠭ ᠦᠭᠡᠢ ᠪᠣᠯ ᠦᠬᠦᠨ᠎ᠡ ᠭᠡᠳᠡᠭ ᠴᠢᠨᠢ ᠦᠨᠡᠨ ᠤᠤ?》ᠭᠡᠵᠦ ᠰᠢᠪᠡᠨᠡᠨ ᠠᠰᠠᠭᠤᠪᠠ᠃
- ᠥᠭᠡᠷ᠎ᠡ ᠪᠢ ᠶᠠᠭᠠᠬᠢᠬᠤᠪ ᠳᠠ ᠭᠡᠳ ᠪᠢ ᠤᠬᠢᠯᠠᠪᠠ᠃
-ᠴᠢ ᠨᠠᠳᠠ ᠲᠠᠢ ᠤᠷᠭᠤᠬᠤ ᠦᠭᠡᠢ ᠤᠤ᠃ ᠪᠢ ᠴᠢᠮ᠎ᠠ ᠳ᠋ᠤ᠌ ᠮᠥᠨ ᠴᠦ᠍ ᠰᠡᠳᠬᠢᠯ ᠲᠠᠢ ᠳᠠ ᠭᠡᠬᠦ ᠳ᠋ᠦ᠍ ᠨᠢ
-ᠭᠣᠨᠴᠣᠭ ᠦᠭᠡᠢ ᠪᠣᠯ ᠪᠢ ᠬᠠᠮᠢᠭᠠᠰᠢ ᠪᠠᠨ ᠴᠤ᠌ ᠶᠠᠪᠤᠬᠤ ᠦᠭᠡᠢ᠃ ᠮᠣᠷᠳᠠᠭᠤᠯᠬᠤ ᠪᠣᠯᠪᠠᠯ ᠡᠨᠡ ᠬᠣᠢᠲᠤ ᠬᠠᠳᠠᠨ ᠳᠡᠭᠡᠷ᠎ᠡ ᠡᠴᠡ ᠦᠰᠦᠷᠴᠦ ᠦᠬᠦᠨ᠎ᠡ ᠭᠡᠯ᠎ᠡ᠃ ᠶᠦᠩᠳᠦᠩ ᠭᠠᠷ ᠢ᠋ ᠮᠢᠨᠢ ᠴᠢᠩᠭ᠎ᠠ ᠭᠡᠭᠴᠢ ᠪᠠᠷᠢᠵᠤ ᠤᠷᠲᠤ ᠪᠥᠭᠡᠳ ᠲᠠᠰᠤᠯᠳᠠᠭᠤᠯᠤᠨ ᠰᠠᠨᠠᠭ᠎ᠠ ᠠᠯᠳᠠᠭᠠᠳ᠄《ᠮᠠᠷᠭᠠᠰᠢ ᠣᠷᠣᠢ ᠰᠡᠷᠡᠮᠵᠢᠲᠡᠢ ᠪᠠᠢᠭᠠᠷᠠᠢ》 ᠭᠡᠳ ᠰᠢᠭᠤᠳ ᠡᠷᠭᠢᠪᠡ᠃ ᠶᠠᠭᠤ ᠪᠣᠯᠬᠤ ᠶ᠋ᠢ ᠮᠡᠳᠡᠭᠰᠡᠨ ᠦᠭᠡᠢ᠃ ᠮᠠᠷᠭᠠᠰᠢ ᠨᠢ ᠣᠷᠣᠢ ᠪᠣᠯᠪᠠ᠃ ᠶᠠᠭᠤ ᠴᠤ᠌ ᠪᠣᠯᠤᠭᠰᠠᠨ ᠦᠭᠡᠢ ᠤᠨᠲᠠᠬᠤ ᠪᠠᠷ ᠬᠡᠪᠲᠡᠪᠡ᠃ ᠭᠡᠪᠡᠴᠦ ᠨᠣᠢᠷ ᠬᠦᠷᠦᠭᠰᠡᠨ ᠦᠭᠡᠢ᠃ ᠴᠢᠮᠡᠭᠡ ᠴᠢᠩᠨᠠᠨ ᠰᠡᠳᠬᠢᠯ ᠳ᠋ᠦ᠍ ᠮᠢᠨᠢ ᠶᠠᠮᠠᠷ ᠨᠢᠭᠡᠨ ᠭᠣᠷᠢᠳᠠᠯᠭ᠎ᠠ ᠶ᠋ᠢᠨ ᠵᠤᠯᠠ ᠠᠰᠠᠵᠤ ᠬᠡᠪᠲᠡᠨ ᠪᠠᠢᠲᠠᠯ᠎ᠠ ᠭᠡᠷ ᠦ᠋ᠨ ᠠᠷᠤ ᠳ᠋ᠤ᠌ ᠨᠢᠭᠡ ᠯᠡ ᠶᠡᠷᠦ ᠪᠤᠰᠤ ᠶ᠋ᠢᠨ ᠴᠢᠮᠡᠭᠡ ᠭᠠᠷᠤᠯ᠎ᠠ᠃ ᠪᠢ ᠬᠡᠪᠲᠡᠭᠡ ᠪᠡᠷ ᠢ᠋ᠶ᠋ᠡᠨ ᠰᠢᠬᠠᠮ ᠬᠤᠪᠴᠠᠰᠤᠯᠠᠵᠤ ᠭᠠᠷᠬᠤ ᠭᠡᠲᠡᠯ᠎ᠡ ᠬᠥᠮᠦᠰ ᠰᠡᠷᠢᠪᠡ᠃ ᠪᠢ ᠴᠦ᠍ ᠦᠰᠦᠷᠦᠨ ᠭᠠᠷᠤᠯ᠎ᠠ᠃ ᠬᠥᠮᠦᠰ ᠴᠦ᠍ ᠪᠣᠰᠴᠠᠭᠠᠪᠠ᠃ ᠭᠡᠷ ᠦ᠋ᠨ ᠬᠣᠢᠨ᠎ᠠ ᠣᠴᠢᠪᠠᠯ ᠡᠮᠡᠭᠡᠯ ᠲᠡᠢ ᠬᠣᠶᠠᠷ ᠪᠠᠷᠠᠭᠠᠨ ᠮᠣᠷᠢᠲᠠᠢ ᠬᠥᠮᠦᠨ ᠵᠣᠭᠰᠣᠵᠤ ᠪᠠᠢᠯ᠎ᠠ᠃
-ᠵᠠ ᠪᠤᠰᠢᠭᠤᠬᠠᠨ ᠮᠣᠷᠳᠠ᠃ ᠪᠠᠷᠢᠭᠳᠠᠪᠠᠯ ᠪᠠᠯᠠᠷᠠᠨ᠎ᠠ ᠰᠢᠦ᠃ ᠬᠣᠢᠨ᠎ᠠ ᠠ᠋ᠴᠠ ᠫᠤᠤ ᠲᠠᠢ ᠬᠤᠶᠠᠭ ᠤ᠋ᠳ ᠨᠡᠬᠡᠵᠦ ᠪᠠᠢᠭ᠎ᠠ ᠭᠡᠰᠡᠨ᠃ ᠭᠣᠨᠴᠣᠭ ᠤ᠋ᠨ ᠳᠠᠭᠤ ᠶ᠋ᠢ ᠲᠠᠨᠢᠭᠠᠳ ᠰᠢᠭᠤᠳ ᠮᠣᠷᠳᠠᠯ᠎ᠠ᠃ ᠭᠡᠷ ᠡᠴᠡ ᠬᠥᠮᠦᠰ ᠱᠤᠤᠭᠢᠯᠳᠤᠨ ᠭᠠᠷᠬᠤ ᠳ᠋ᠤ᠌ ᠪᠢᠳᠡ ᠬᠣᠶᠠᠷ ᠮᠣᠷᠢᠨ ᠤ᠋ ᠬᠤᠷᠳᠤ ᠪᠠᠷ ᠳᠠᠪᠬᠢᠵᠤ ᠪᠠᠢᠯ᠎ᠠ᠃ ᠲᠡᠷᠡ ᠮᠣᠷᠢᠳ ᠤ᠋ᠨ ᠬᠤᠷᠳᠤᠨ ᠭᠡᠳᠡᠭ ᠨᠢ᠃ ᠭᠣᠨᠴᠣᠭ ᠲᠦᠷᠦᠭᠦᠯᠡᠨ᠂ ᠪᠢ ᠳᠠᠭᠠᠭᠠᠳ ᠶᠠᠭᠤᠮ᠎ᠠ ᠶᠠᠷᠢᠬᠤ ᠴᠢᠯᠥᠭᠡ ᠵᠠᠪ ᠦᠭᠡᠢ ᠳᠣᠪᠲᠣᠯᠭᠠᠪᠠ᠃ ᠬᠣᠢᠨ᠎ᠠ ᠠ᠋ᠴᠠ ᠴᠢᠮᠡᠭᠡ ᠭᠠᠷᠤᠭᠰᠠᠨ ᠦᠭᠡᠢ᠃ ᠦᠦᠷ ᠴᠠᠢᠬᠤ ᠳ᠋ᠤ᠌ ᠮᠡᠳᠡᠬᠦ ᠦᠭᠡᠢ ᠭᠠᠵᠠᠷ ᠢᠷᠡᠭᠰᠡᠨ ᠪᠠᠢᠯ᠎ᠠ᠃ ᠠᠷᠪᠠ ᠭᠠᠷᠤᠢ ᠬᠣᠨᠣᠭ ᠶᠠᠪᠤᠵᠤ ᠬᠣᠰᠢᠭᠤ ᠠᠯᠭᠠᠰᠠᠭᠠᠳ ᠬᠠᠷᠢ ᠨᠤᠲᠤᠭ ᠲᠤ᠌ ᠣᠴᠢᠵᠤ ᠠᠢᠯ ᠤ᠋ᠨ ᠮᠠᠯ ᠬᠠᠷᠢᠭᠤᠯᠤᠨ ᠠᠮᠢᠳᠤᠷᠠᠪᠠ ᠭᠡᠳ ᠡᠮᠡᠭᠡ ᠳᠠᠭᠤ ᠪᠠᠨ ᠬᠤᠷᠢᠶᠠᠵᠤ ᠬᠡᠰᠡᠭ ᠪᠣᠯᠤᠭᠰᠠᠨ ᠢ᠋ᠶ᠋ᠠᠨ ᠤᠬᠢᠯᠠᠵᠤ ᠲᠠᠰᠤᠯᠳᠠᠭᠰᠠᠨ ᠳᠠᠭᠤ ᠪᠠᠷ ᠭᠣᠨᠴᠣᠭ ᠢ᠋ ᠬᠠᠷ᠎ᠠ ᠭᠡᠷ ᠡᠴᠡ ᠤᠷᠭᠤᠭᠤᠯᠵᠤ ᠬᠤᠶᠠᠭ ᠤ᠋ᠨ ᠫᠤᠤᠳᠠᠭᠰᠠᠨ ᠰᠤᠮᠤᠨ ᠳ᠋ᠤ᠌ ᠥᠷᠲᠡᠭᠳᠡᠨ ᠠᠮᠢ ᠨᠢ ᠭᠠᠷᠬᠤ ᠳ᠋ᠤ᠌ ᠪᠠᠨ《ᠬᠠᠨᠳᠠ ᠳ᠋ᠤ᠌ ᠪᠢ ᠣᠯᠣᠮ ᠦᠭᠡᠢ ᠰᠡᠳᠬᠢᠯ ᠲᠡᠢ ᠶᠤᠮᠰᠠᠨ᠃ ᠮᠢᠨᠦ ᠬᠣᠶᠠᠷ ᠮᠣᠷᠢ ᠲᠠ ᠬᠣᠶᠠᠷ ᠢ᠋ ᠵᠢᠷᠭᠠᠯ ᠳ᠋ᠤ᠌ ᠬᠦᠷᠭᠡᠭ᠃ ᠪᠤᠰᠢᠭᠤᠬᠠᠨ ᠶᠠᠪᠤ》ᠭᠡᠵᠦ ᠶᠦᠩᠳᠦᠩ ᠬᠡᠯᠡᠭᠡᠳ ᠠᠮᠢᠰᠬᠤᠯ ᠬᠤᠷᠢᠶᠠᠭᠰᠠᠨ ᠭᠡᠳᠡᠭ ᠭᠡᠳ ᠬᠠᠨᠳᠠ ᠭᠤᠸᠠᠢ ᠳᠠᠭᠤ ᠦᠭᠡᠢ ᠪᠣᠯᠪᠠ᠃ ᠪᠦᠬᠦ ᠪᠡᠶ᠎ᠡ ᠨᠢ ᠰᠠᠯᠭᠠᠨᠠᠨ ᠰᠢᠨᠠᠨ ᠤ᠋ ᠬᠢᠨᠢ ᠠᠷᠠᠰᠤ ᠲᠠᠲᠠᠪᠠᠯᠵᠠᠨ᠎ᠠ᠃ ᠨᠡᠯᠢᠶᠡᠳ ᠤᠳᠠᠭᠰᠠᠨ ᠤ᠋ ᠳᠠᠷᠠᠭ᠎ᠠ ᠨᠠᠮ ᠪᠥᠭᠡᠳ ᠰᠡᠳᠬᠢᠯ ᠦ᠋ᠨ ᠭᠦᠨ ᠲᠣᠰᠣᠯᠢᠭ ᠳᠠᠭᠤ ᠪᠠᠷ《ᠬᠦᠦ ᠮᠢᠨᠢ ᠪᠢ ᠰᠠᠢᠬᠠᠨ ᠰᠡᠳᠬᠢᠯ ᠦ᠋ᠨ ᠶᠡᠬᠡ ᠬᠠᠢᠷ᠎ᠠ ᠶ᠋ᠢ ᠠᠮᠰᠠᠵᠤ ᠡᠳ᠋ᠯᠡᠵᠦ ᠴᠢᠳᠠᠬᠤ ᠬᠥᠮᠦᠨ ᠪᠠᠢᠭᠰᠠᠨ ᠶᠤᠮᠰᠠᠨ᠃ ᠭᠡᠪᠡᠴᠦ ᠲᠡᠭᠦᠨ ᠢ᠋ ᠬᠠᠷᠠᠵᠤ ᠴᠢᠳᠠᠭ᠎ᠠ ᠦᠭᠡᠢ ᠬᠠᠵᠠᠭᠤ ᠪᠠᠷ ᠨᠢ ᠥᠩᠭᠡᠷᠡᠭᠰᠡᠨ᠃ ᠲᠡᠷᠡ ᠶᠡᠬᠡ ᠰᠡᠳᠬᠢᠯ ᠡᠴᠡ ᠦᠯᠡᠳᠡᠭᠰᠡᠨ ᠶᠠᠭᠤᠮ᠎ᠠ ᠭᠡᠪᠡᠯ ᠰᠢᠨᠠᠯᠵᠤ ᠬᠠᠷᠠᠮᠰᠠᠭᠰᠠᠨ ᠪᠤᠬᠢᠨᠢᠳᠤᠯ ᠶᠦᠩᠳᠦᠩ ᠦ᠋ᠨ ᠨᠡᠷ᠎ᠡ ᠶ᠋ᠢ ᠥᠭᠭᠦᠭᠰᠡᠨ ᠬᠦᠦ ᠬᠣᠶᠠᠷ ᠯᠠ ᠪᠠᠢᠨ᠎ᠠ ᠭᠡᠳ ᠳᠠᠭᠤ ᠪᠠᠨ ᠲᠠᠰᠤᠯᠬᠤ ᠳ᠋ᠤ᠌ ᠡᠮᠡᠭᠡᠨ ᠦ᠌ ᠨᠢᠳᠦᠨ ᠡᠴᠡ ᠪᠥᠭᠡᠮ ᠪᠥᠭᠡᠮ ᠨᠢᠯᠪᠤᠰᠤ ᠲᠠᠰᠤᠷᠠᠨ ᠬᠠᠴᠠᠷ ᠤ᠋ᠨ ᠬᠢ ᠨᠢ ᠦᠷᠴᠢᠯᠡᠭᠡ ᠶ᠋ᠢ ᠳᠠᠭᠠᠵᠤ ᠤᠷᠤᠰᠬᠤ ᠳ᠋ᠤ᠌ ᠵᠠᠪᠠᠵᠢ ᠪᠠᠷ ᠢ᠋ᠶ᠋ᠠᠨ ᠰᠢᠮᠡᠨ ᠵᠠᠯᠭᠢᠵᠤ ᠪᠠᠢᠯ᠎ᠠ᠃ ᠪᠢ ᠭᠣᠨᠴᠣᠭ ᠤ᠋ᠨ ᠲᠤᠬᠠᠢ ᠠᠰᠠᠭᠤᠮᠠᠷ ᠪᠠᠢᠭᠰᠠᠨ ᠠᠪᠠᠴᠤ ᠨᠢᠭᠡ ᠯᠡ ᠠᠰᠠᠭᠤᠬᠤ ᠵᠢᠷᠦᠬᠡ ᠬᠦᠷᠦᠭᠰᠡᠨ ᠦᠭᠡᠢ᠃ ᠪᠠᠰᠠ ᠯᠠ ᠬᠠᠨᠳᠠ ᠭᠤᠸᠠᠢ ᠶ᠋ᠢᠨ ᠰᠡᠳᠬᠢᠯ ᠦ᠋ᠨ ᠭᠠᠰᠠᠯᠠᠩ ᠨᠠᠳᠠ ᠠᠶᠠᠨᠳᠠᠭᠠᠨ ᠳᠡᠮᠵᠢᠵᠦ ᠳᠣᠲᠣᠷ᠎ᠠ ᠮᠢᠨᠢ ᠨᠢᠭᠡ ᠯᠡ ᠡᠪ ᠦᠭᠡᠢ ᠪᠣᠯᠪᠠ᠃ ᠭᠡᠲᠡᠯ᠎ᠡ ᠬᠠᠨᠳᠠ ᠭᠤᠸᠠᠢ ᠰᠢᠢᠳᠮᠡᠭᠡᠢ ᠵᠢᠪᠡᠬᠡᠢ ᠳᠠᠭᠤ ᠪᠠᠷ《ᠵᠢᠯ ᠪᠣᠯᠤᠭᠠᠳ ᠬᠡᠪᠡᠯᠢ ᠳ᠋ᠦ᠍ ᠮᠢᠨᠢ ᠬᠡᠦᠬᠡᠳ ᠪᠣᠢ ᠪᠣᠯᠪᠠ᠃ ᠭᠡᠲᠡᠯ᠎ᠡ ᠭᠣᠨᠴᠣᠭ ᠤ᠋ᠨ ᠵᠠᠩ ᠬᠤᠪᠢᠷᠠᠵᠤ ᠮᠠᠯ ᠢ᠋ ᠨᠢ ᠬᠠᠷᠢᠭᠤᠯᠵᠤ ᠪᠠᠢᠭᠰᠠᠨ ᠠᠢᠯ ᠤ᠋ᠨ ᠪᠤᠴᠠᠮᠠᠯ ᠬᠡᠦᠬᠡᠨ ᠲᠡᠢ ᠰᠡᠳᠬᠢᠯ ᠲᠡᠢ ᠪᠣᠯᠤᠭᠠᠳ ᠤᠳᠠᠯ ᠦᠭᠡᠢ ᠲᠡᠳᠡᠨ ᠦ᠌ ᠳ᠋ᠦ᠍ ᠬᠦᠷᠭᠡᠨ ᠣᠷᠣᠯ᠎ᠠ ᠭᠡᠬᠦ ᠳ᠋ᠦ᠍《ᠶᠠᠮᠠᠷ ᠮᠠᠭᠤᠬᠠᠢ ᠬᠥᠮᠦᠨ ᠪᠣᠢ》ᠭᠡᠵᠦ ᠥᠪᠡᠷ ᠦ᠋ᠨ ᠡᠷᠬᠡ ᠦᠭᠡᠢ ᠪᠢ ᠳᠠᠭᠤ ᠠᠯᠳᠠᠪᠠ᠃
-ᠢᠰᠢ ᠬᠦᠦ ᠮᠢᠨᠢ ᠮᠠᠭᠤᠬᠠᠢ ᠶᠠᠭᠤ ᠪᠠᠢᠬᠤᠪ ᠳᠠ᠃ ᠶᠦᠩᠳᠦᠩ ᠦ᠋ᠨ ᠰᠡᠳᠬᠢᠯ ᠢ᠋ ᠲᠡᠭᠦᠨ ᠡᠴᠡ ᠳᠣᠣᠷ᠎ᠠ ᠪᠣᠯᠭᠠᠭᠰᠠᠨ ᠰᠢᠦ ᠳᠡ᠃ ᠪᠦᠬᠦᠯᠢ ᠨᠠᠰᠤᠨ ᠳ᠋ᠤ᠌ ᠪᠠᠨ ᠭᠡᠮᠰᠢᠵᠦ ᠶᠦᠩᠳᠦᠩ ᠢ᠋ ᠪᠣᠳᠣᠵᠤ᠂ ᠶᠦᠩᠳᠦᠩ ᠢ᠋ ᠬᠠᠷᠠᠵᠤ ᠵᠡᠭᠦᠳᠦᠨ ᠳ᠋ᠦ᠍ ᠪᠡᠨ ᠲᠡᠭᠦᠨ ᠲᠡᠢ ᠶᠠᠷᠢᠵᠤ ᠶᠠᠪᠤᠯ᠎ᠠ᠃ ᠰᠠᠢᠬᠠᠨ ᠬᠠᠢᠷ᠎ᠠ ᠪᠠᠢᠳᠠᠭ ᠶᠤᠮ ᠰᠢᠦ᠃ ᠣᠯᠳᠠᠪᠠᠯ ᠭᠠᠭᠴᠠᠬᠦ ᠠᠯᠳᠠᠵᠤ ᠯᠠ ᠪᠣᠯᠬᠤ ᠦᠭᠡᠢ᠃ ᠬᠥᠮᠦᠨ ᠦ᠌ ᠰᠠᠢᠬᠠᠨ ᠳᠣᠲᠣᠷ᠎ᠠ ᠪᠠᠨ ᠨᠢᠭᠤᠴᠠ ᠪᠠᠢᠳᠠᠭ ᠶᠤᠮ ᠳᠠ᠃ ᠬᠦᠦ ᠮᠢᠨᠢ ᠴᠢ ᠮᠢᠨᠦ ᠡᠨᠡ ᠶᠠᠷᠢᠭᠰᠠᠨ ᠢ᠋ ᠵᠠᠪᠠᠯ ᠰᠣᠨᠢᠨ ᠳ᠋ᠤ᠌ ᠪᠢᠴᠢᠭᠡᠷᠡᠢ᠃ ᠠᠮᠢᠳᠤᠷᠠᠯ ᠤ᠋ᠨ ᠵᠠᠮ ᠳ᠋ᠤ᠌ ᠭᠠᠷᠴᠤ ᠶᠠᠪᠤᠭ᠎ᠠ ᠵᠠᠯᠠᠭᠤ ᠬᠥᠮᠦᠰ ᠲᠦ᠍ ᠬᠡᠷᠡᠭ ᠪᠣᠯᠵᠤ ᠮᠠᠭᠠᠳ᠃ ᠡᠨᠡ ᠪᠣᠯ ᠮᠢᠨᠦ ᠬᠥᠮᠦᠨ ᠳ᠋ᠦ᠍ ᠬᠡᠯᠡᠵᠦ ᠥᠭᠬᠦ ᠭᠡᠰᠡᠨ ᠠᠮᠢᠳᠤᠷᠠᠯ ᠠ᠋ᠴᠠ ᠮᠢᠨᠢ ᠦᠯᠡᠳᠡᠭᠰᠡᠨ ᠭᠠᠭᠴᠠ ᠵᠦᠢᠯ ᠪᠠᠢᠭ᠎ᠠ ᠶᠤᠮ ᠭᠡᠳ ᠰᠢᠪᠬᠢᠲᠡᠯ᠎ᠡ ᠪᠣᠰᠴᠤ ᠰᠢᠭᠤᠳ ᠭᠠᠷᠤᠭᠰᠠᠨ ᠶᠤᠮ᠃ ᠲᠡᠷᠡ ᠣᠷᠣᠢ ᠬᠠᠨᠳᠠ ᠭᠤᠸᠠᠢ ᠶ᠋ᠢᠨ ᠪᠡᠶ᠎ᠡ ᠮᠠᠭᠤᠳᠠᠵᠤ ᠬᠦᠦ ᠨᠢ ᠡᠮᠴᠢ ᠳ᠋ᠦ᠍ ᠶᠠᠪᠤᠵᠤ ᠪᠢᠳᠡ ᠲᠡᠳᠡᠨ ᠦ᠌ ᠭᠡᠷ ᠲᠦ᠍ ᠴᠤᠭᠯᠠᠷᠠᠪᠠ᠃ ᠬᠠᠨᠳᠠ ᠭᠤᠸᠠᠢ ᠶ᠋ᠢᠨ ᠴᠢᠷᠠᠢ ᠳ᠋ᠤ᠌ ᠬᠥᠩᠭᠡᠨ ᠮᠢᠰᠢᠶᠡᠯ ᠲᠣᠳᠣᠷᠠᠭᠠᠳ ᠦᠭᠡ ᠬᠡᠯᠡᠬᠦ ᠭᠡᠰᠡᠨ ᠢ᠋ᠶ᠋ᠡᠨ ᠬᠣᠶᠠᠷ ᠳᠠᠬᠢᠨ ᠡᠪ ᠦᠭᠡᠢ ᠵᠣᠭᠢᠰᠤᠭᠠᠳ《ᠶᠦᠩᠳᠦᠩ ᠮᠢᠨᠢ》 ᠭᠡᠳ ᠲᠠᠯᠢᠢᠭᠴᠢ ᠪᠣᠯᠤᠭᠰᠠᠨ ᠪᠢᠯᠡ᠃ ᠪᠢ ᠬᠠᠨᠳᠠ ᠭᠤᠸᠠᠢ ᠶ᠋ᠢᠨ ᠶᠠᠷᠢᠭᠰᠠᠨ ᠢ᠋ ᠨᠡᠮᠡᠭᠡ ᠦᠭᠡᠢ ᠪᠠᠰᠠ ᠬᠠᠰᠤᠭ᠎ᠠ ᠦᠭᠡᠢ᠃ ᠦᠨᠡᠬᠡᠷ ᠴᠦ᠍ ᠠᠮᠢᠳᠤᠷᠠᠯ ᠤ᠋ᠨ ᠵᠠᠮ ᠳ᠋ᠤ᠌ ᠭᠠᠷᠴᠤ ᠶᠠᠪᠤᠭ᠎ᠠ ᠵᠠᠯᠠᠭᠤ ᠬᠥᠮᠦᠰ ᠲᠦ᠍《ᠰᠠᠢᠬᠠᠨ ᠬᠠᠢᠷ᠎ᠠ ᠪᠠᠢᠳᠠᠭ ᠶᠤᠮ ᠰᠢᠦ᠃ ᠣᠯᠳᠠᠪᠠᠯ ᠠᠯᠳᠠᠵᠤ ᠪᠣᠯᠬᠤ ᠦᠭᠡᠢ》ᠭᠡᠰᠡᠨ ᠬᠠᠨᠳᠠ ᠭᠤᠸᠠᠢ ᠶ᠋ᠢᠨ ᠦᠭᠡ ᠴᠢᠬᠤᠯᠠ ᠠ᠋ᠴᠠ ᠴᠢᠬᠤᠯᠠ ᠵᠦᠢᠯ ᠪᠢᠵᠡ ᠠ᠋᠃

Гэрээслэл
Ч. Лодойдамба

Өнгөрсөн зун би Архангай аймагт байдаг авга ахындаа амарч билээ. Тэдний айлыг Юндэнгийнх гэдэг. Манай ахынхтай нийлж нэгдлийн мянга шахам хонь хариулдаг байлаа. Юндэнгийнх уул нь манай нутгийнх биш. Хожим намайг сургуулийн мөр хөөж гарснаас хойш цагаачлан иржээ. Хүүхдүүд нь тус бүр айл болоод өөр нутагт байдаг ба эх нь Ханд гэгч ная гаруй настай эмгэн хамт амьдардаг байв.

Ханд гуай шиг өндөр настай эмгэд олон үгтэй, ярианд дуртай байдаг. Ялангуяа хуучны юм залуугийн явдлыг нь асуувал цэцэглэж явсан ид сайхан насаа бодож сэтгэл санаа нь сэргэн яриа нь төгсгөлгүй болдог шүү дээ. Харин Ханд гуай бол тийм биш ажээ.
Амарч байхдаа ганц өгүүллэгийн материал олж авъя гэж бодоод Ханд гуайтай хэд дахин ярих гэж оролдоод чадсангүй. Энэ тухайгаа Юндэн гуайд гомдон хэлэхэд "Манай ээж урьдах явдлаа ярих тун дургүй. Би хүү нь гэхэд уг нутаг гарал үүслийг нь мэдэхгүй. Эцэг минь ямар хүн байсныг ч ярьж өгөөгүй. Тэгээд би чинь Хандын Юндэн гэж эхээрээ овоглодог хүн шүү дээ" гэжээ.

Ханд гуайгаас юм сонсох хүсэл надад их байлаа. Энэ эмгэний түмэн үрчлээс болсон гонзгой бор нүүр, илч гал нь бараг алга болсон цийлэм нүдний цаана урт удаан амьдралын сонин хачин юм нуугдаж байгаа нь тодорхой. Энэ том цоожтой хаалганы цаана мөн ч их юм буй даа. Гэвч нээх арга нь даанч олдохгүй болохоор яая гэх билээ дээ. Амралт минь дуусч явахаар бэлтгэж байтал Ханд авгай орж ирээд бэргэний хийж барьсан цайг ууж хэсэг дуугүй сууснаа:

-Хүү минь чамайг юм бичдэг гэлцэх юм. Yнэн үү? гэж асуув.

-Тийм ээ. Би зохиолч хүн бас сонины газар ажилтай гээд л өөрийнхөө тухай товч ярьж өглөө. Ханд гуайн асуултыг сонсоод над сонин юм сонсох үлэмж горьдлого буй болсон билээ. Гэтэл дуугардаггүй. Доош харан цай ууж дууссан шаазангийнхаа хээг үзэж байлаа. Энэ үед түүний нүүр харагдсангүй. Гэвч тэр хээг анхааран сонирхож байгаа биш гэдгийг би мэдэж байв. Учир нь дотоод сэтгэлийн гүн бодолд дарагдаад сууж байгаа хүний нүүр нүд далд байвч судас амьсгаа дотор нь болж байгаа их зүйлийг илтгэх ёс бий. Ханд гуайн судас нь гүрвэлзэн, чичирч, хааяа хааяа дотроо гүн санаа алдаж байлаа. Тэгээд над руу үлэмж зөөлөн нүдээр харснаа "Хүү минь манайд ор. Эмээ нь цай чанасан юмсан" гээд босов. Би түргэн босож гэрт нь орлоо. Бүр олбог засжээ. Суумагц аагтай давстай, тос даасан шаргал цай өгч, хуруу зузаан өрөм, бэлцийсэн цагаан ааруул өмнө минь тавив. Идэж ууж байтал эмээ над руу ширтэн хэсэг ажсанаа урт гэгч нь санаа алдаад "Эмээ нь хүүдээ нэг юм яривал чи олон хүнд хэлж өгч чадах уу? Yнэн зөвөөр нь бичээд л сониндоо хэвлүүлж болохсон болов уу гэж байгаа юм шүү дээ" гэлээ.

-Чадалгүй яахав, эмээ минь. Энэ чинь миний хийдэг ажил.
-Эмээ нь нас өндөр болж удахгүй энэ хорвоогоос салан, эсгий гэрээс гарч хээрийн гэртээ очих цаг ойртлоо. Залуу хүмүүст хэлмээр юм байна. Би арван найман настай байхдаа сэтгэлдээ хүнд шарх олсон юм. Тэр шарх эдгэрээгүй. Эдгэрэх ч үгүй гээд дуу нь тасарч доош харахад хэд хэдэн том нулимс тасран унав. Би гайхан харсаар л. Ханд гуай алгуураар толгойгоо өргөж намайг эргэж харлаа. Усан хөшиг татсан нүд нь чичирч байгаа уруулд мухардсан гэмшил дүүрэн. Дотно хайрт хүнээ нас барахад нь очиж чадаагүй хүн "Амьсгал нь тасрахад байж чадсангүй ээ. Халаг" гээд толгойгоо нүдэх гэж байгаа хүнийг харсан бол Ханд гуай яг л тийм байлаа. Ханд гуай гарынхаа араар нулимсаа арчиж сэтгэл нь шулуудсан бололтой займчин суудлаа зассанаа зэвхий бөгөөд шийдэмгий дуугаар "Би залуудаа нутаг хошуундаа гайхагдсан сайхан хүн байсан юмсан. Чи ч үнэмшихгүй байх даа. Гэвч тийм л байсан" гээд арга нь барагдсан нүдээр намайг харлаа. Yнэндээ ч өмнө минь сууж байгаа эмгэн олонд гайхагдсан сайхан хүүхэн байсан гэхэд үнэмших юм тун ховор бөгөөд гагцхүү жар гаруй жилийн өмнөхөө ярьж байгаа шүү дээ гэж ухаан санаандаа бодож сэтгэлээ хүчлэн үнэмшүүлэхийг хичээж байлаа. Эмээгийн нүдэнд сэтгэлийн гүний баярын оч гялсхийж өчүүхэн мишээл жавьжинд нь тодрох мэт.

-Манайх үргэлж л Жамбал гэдэг айлтай хамт байдаг байлаа. Тэдний ганц хүү Юндэн бол надаас гурав ах. Бид хоёр хар бага наснаасаа хамт тоглож өсөөд намайг арван зургаан нас хүрэхэд Юндэнгийн зан нэг л биш болоод хувирав. Тэр яавал л надад сайн юм хийх хүсэлтэй. Миний юу л хэлснээс зөрдөггүй болов. Хүн өнгөрсөн юмыг эргэцүүлэн бодоход тэр үед огт ажиглагдаагүй юм тодрон учир нь олдоогүй юмны учир олддог шүү дээ. Ялангуяа сэтгэлд гүн үлдсэн юмыг эргэцүүлэн бодоход харамсах, баясах зүйл мөн ч их гардаг ажээ. Юндэнгийн зан мөн ч өөр болж билээ. Юндэнгийн алхам бүр, хөдлөх бүрээс над хязгааргүй сэтгэлтэй нь илэрхий байж л дээ. Заяагүй хүний хөлд нь ембүү тавихад дээгүүр нь сохор хүн болж нүдээ аниад гарсан гэдэг. Би Юндэнгийн тэр сайхан сэтгэлийг олж харахгүй байлаа. Түүнийг багаасаа тоглож өссөн сайн нөхөр минь гэж бодохоос түүнд хайр сэтгэл надад байсангүй. Намайг хүсэж мөрөөдсөн улс ёстой л захаас аваад байдаг байв даа. Гаднаас харвал Юндэнд гойд юмгүй. Ялангуяа олон хүний нүд булаасан залуугийн цагт бол шохоорхож хармаар юм түүнд байгаагүй. Жижигхэн биетэй, хонин бор нүдтэй гонзгой царайтай. Эцэг нь багад нь миний өөдөс гэж өхөөрдөн нэрлэснээс аав ээж нь Өөдөс гэж дуудна. Харин сүүлдээ Юндэн уцаарлаж байгаад болиулсан юмсан. Миний дэргэд Өөдөс гэж хэлүүлэх тун дургүй сэн. Гэвч дотор нь уу, ёстой л хүн байсан юм сан. Хүний сайхан дотроо нууц байдаг болохоор олж харахад тун хэцүү. Амьдралын эгзэг таниагүй залуугийн цагт бол бүр ч хэцүү.

Хүүхэнтэй айлд хүн цугладаг. Хүрдтэй айлд буян цуглардаг гэгчээр нутгийн харцуул манайд цугларна. Би тэдний дунд барьцгүй хөвнө. Тэдэнтэй цэц булаалдаж үг хаялцаж байхыг хараад Юндэн бухимдаж ууртай болдог байсан. Гэвч би түүнд нь огт юм бодохгүй. Харин ч инээд хүрдэг байсан билээ гээд эмгэний хоолой зангирахад дуу нь тасрав. Эмээ хэсэг дуугүй байснаа урт гэгч санаа алдаад толгойгоо хэдэн удаа сэжилснээ Нэг өдөр Юндэн хамт хот арилгаж байгаад "Хоёулаа сууж хамт амьдаръя. Ханд минь чамдаа би хязгааргүй дасжээ" гэж палхийтэл шууд хэлдэг байна шүү гээд эмгэн инээмсэглэх мэт болсноо, ер нь Юндэн бүрэг мэт боловч бодсоноо эв хавгүй цөл цал гэтэл цөмийг хэлдэг хүн байсан юмсан. Нэг өдөр манай үнээ тугал нийлж орхиод намайг ээж минь загнаж байхад Юндэн дув дуугүй зогсож байснаа "Дулмаа гуай минь. (Дулмаа гэдэг чинь манай ээжийн нэр) Тугал эхтэйгээ нийлээ л биз. Цайны сүүгүй бол манайхаас ав. Хандыг хичнээн аашлаад тэр хөхсөн сүүг та олж авахгүй" гэж билээ гээд Ханд гуай үгээ таслав. Ханд гуайн нүд нь сэргэж тод инээмсэглэл нүүрэнд тодров. Чухам энэ үед «Yнэхээр залуудаа сайхан хүүхэн байсан болов уу?» гэдэг зурвас бодол маний сэтгэлд орж ирлээ.


«Би Юндэнгийн үгийг юмны чинээ ч бодолгүй тоглоом болгож өнгөрүүлэв» гэж хэлэхэд Ханд гуайн нүүрэнд тодорсон баясгалан хусагдан алга болов. Нэгэн хэсэг чимээгүй болов. Би чингээд гэж ярианы үргэлжлэлийг хүсмээр байсан авч «Арай ингээд зогсохгүй байх» гэж горьдоод тэсэв. Yнэхээр Ханд гуай бүдэг дуугаар «Тэр үед би нутгийн Гончиг гэдэг залуутай сэтгэлтэй болоод нууц уулздаг байсан. Намрын үдэш юмсан. Хонь хотолж байгаад Юндэн урьдахаа давтаж хэлэхэд нь би тэр яриаг займруулах гэж «Чи ганцаараа гучин тэмээгээр Хүрээ жин тээж чадах уу» гэлээ.
-Чингэвэл чи баярлах уу гэж асуув.
-Эр чадалтай ажилч хүнийг хараад хэн ч баярлана шүү дээ гэв. Ингэж ярьснаас хойш удалгүй Юндэн айлын гучин тэмээг хөлсөлж аваад ганцаараа хүрээ жинд явчихлаа. Би юу хэлснээ ор сураггүй мартчихаад «Энэ хүйтэнд гучин тэмээгээр ганцаараа явдаг бас онгиргон амьтан юм даа. Нүд улаан,мөнгө цагаан л гэдэг болж байна. Амиа алдах гэж байгаа юм» гэж Гончигийн шоолон инээхэд хамт инээж байж билээ гээд эмгэний хоолойноос хачин авиа гарсанаа зангираад тагжрав. Эмгэн тулганы захын үнсийг мойног болсон бор хуруугаараа оролдож газар ширтэн дорой дуугаар

-Намайг арваад айлынх хүүдээн гуйхад аав ээж өгөхгүй байлаа. Гэтэл хошуу ноёны хүүд гуйхад ухаан жолоогүй баярлан зөвшөөрөв. Би очихгүй гэж уйлан хайлан гуйсан. Огт тус болсонгүй. Энэ бүхнээ Гончигт хэлж даруй түргэн оргож зайлая гэлээ.

-Бид хоёр оргоод хаа зайлъя вэ?
-Оргохгүй бол өнгөрлөө.Чи ойлгож байна уу?
-Орон гэр мал хөрөнгөө хаяад хүний нутаг, гүний газар яаж амьдрах юм бэ?
-Хайр сэтгэл залуу нас байна. Яагаад ч болсон амьдарна. Эндээс зайлъя.
Гончиг эхлээд оргохыг зөвшөөрөхгүй байлаа. Гэвч би уйлж уурлан эцэст нь боож үхнэ гэж баймаажин оргох болоод өдөр цаг болзоод яг явах дээрээ дургүйд хүчгүй гэгчээр баригдаж Гончиг хүний хүүхнийг эцэг эхийн зөвшөөрөлгүй оргуулах гэсэн хэрэгт орж хошууны хар гэрт хоригдов. Би ч чанд хараанд орж гэрээс дагалтгүй гарахаа болив. Мордуулах хоног ойртсоор л байлаа. Нэг өдөр Юндэн жинтэйгээ ирээд гэртээ ч орсонгүй хотны хажууд зогсож байсан надтай уулзан шууд л өврөөсөө бор цаасанд боосон мөсөн чихэр гаргаж өгөв. Харвал хоёр хацар хамрын үзүүр нь хөлдөж барзайн шархалсан байлаа.
-За би гучин тэмээгээр ганцаараа жин тээвэрлээд ирлээ. Чи баярлаж байна уу? гэж нүдэнд нь гал гялалзан бахдаж ядсан баяртай хэлэв.
-Иш Юндэн минь би гэдэг хүн түмэн зовлонд учраад байна гээд бүх болсон юмаа ярьлаа. Юндэнгийн баяр бахдал бялхан гэрэлтэж байсан царай нь барайн, гялалзан байсан нүд нь бүдэг мохоо болсон юмдаг.
-Хандаа «чи Гончигоос өөр хүнд сэтгэлгүй юү?» гэж намуу дорой дуугаар асуув.
-Yгүй. Гончигоос бусад хүн над огт хэрэггүй. Би яасан заяагүй амьтан бэ? гээд уйлав.
Юндэн арга нь барагдан хэсэг зогссоноо «Хандаа. Уйлаад яах вэ. Би» гээд үгээ тасалж над руу удтал ширтэв. Хойно бодоход тэр нүдэнд мөн ч их юм байж билээ гээд эмгэн над өөд арчаагүй нүдээр харснаа үргэлжлүүлэн

-- Энэ үед эх нь бидний дэргэд ирж «Та хоёр сүүлд ярь даа. Миний хүү халуун цай уу, Иш энэ хацар, хамар нь» гээд Юндэнг аваад явлаа. Хэд хоног Юндэн надтай уулзсангүй. Зайлаад л байлаа. Жинд явж олсон мөнгөөрөө хоёр сайн морь худалдаж авлаа. Нөгөөдөр намайг мордуулна гэж юм бэлтгэж байв. Нэг орой тугал уяж байхад Юндэн дэргэд минь ирж «Чи Гончиг үгүй бол үхнэ гэдэг чинь үнэн үү?» гэж шивнэн асуув.

-Өөр би яахав дээ гээд уйлав.

-Чи надтай оргохгүй юү. Би чамд мөн ч сэтгэлтэй дээ.

-Гончиггүй бол би хаашаа ч явахгүй. Мордуулах болбол энэ хойт хадан дээрээс үсэрч үхнэ гэлээ. Юндэн гарыг минь чанга гэгч барьж урт бөгөөд тасалдуулан санаа алдаад «Маргааш орой сэрэмжтэй байгаарай» гээд шууд эргэв. Юу болохыг мэдсэнгүй. Маргааш нь орой болов. Юу ч болсонгүй унтахаар хэвтэв. Гэвч нойр хүрсэнгүй. Чимээ чагнан сэтгэлд минь ямар нэгэн горьдлогын зул асаж хэвтэн байтал гэрийн ард нэг л ер бусын чимээ гарлаа. Би хэвтээгээрээ шахам хувцаслаж гарах гэтэл хүмүүс сэрэв. Би ч үсрэн гарлаа. Хүмүүс ч босоцгоов. Гэрийн хойно очвол эмээлтэй хоёр бараан морьтой хүн зогсож байлаа.
-За бушуухан морд. Баригдвал баларна шүү. Хойноос буутай хуягууд нэхэж байгаа гэсэн. Гончигийн дууг таниад шууд мордлоо. Гэрээс хүмүүс шуугилдан гарахад бид хоёр морины хурдаар давхиж байлаа. Тэр морьдын хурдан гэдэг нь. Гончиг түрүүлэн, би дагаад юм ярих чөлөө завгүй довтолгов. Хойноос чимээ гарсангүй. Yүр цайхад мэдэхгүй газар ирсэн байлаа. Арав гаруй хоног явж хошуу алгасаад харь нутагт очиж айлын мал хариулан амьдрав гээд эмээ дуугаа хурааж хэсэг болсноо уйлж тасалдсан дуугаар Гончигийг хар гэрээс оргуулж хуягийн буудсан суманд өртөгдөн амь нь гарахдаа «Хандад би оломгүй сэтгэлтэй юмсан. Миний хоёр морь та хоёрыг жаргалд хүргэг. Бушуухан яв» гэж Юндэн хэлээд амьсгал хураасан гэдэг гээд Ханд гуай дуугүй болов. Бүх бие нь салганан шанааны нь арьс татвалзана. Нэлээд удсаны дараа нам бөгөөд сэтгэлийн гүн тослог дуугаар «Хүү минь би сайхан сэтгэлийн их хайрыг амсаж эдэлж чадах хүн байсан юмсан. Гэвч түүнийг харж чадаагүй хажуугаар нь өнгөрсөн. Тэр их сэтгэлээс үлдсэн юм гэвэл шаналж харамссан бухимдал Юндэнгийн нэрийг өгсөн хүү хоёр л байна гээд дуугаа таслахад эмгэний нүднээс бөөн бөөн нулимс тасран хацрынх нь үрчлээг дагаж урсахад жавьжаараа шимэн залгиж байлаа. Би Гончигийн тухай асуумаар байсан авч нэг л асуух зүрх хүрсэнгүй. Бас л Ханд гуайн сэтгэлийн гаслан над аяндаа дамжиж дотор минь нэг л эвгүй болов. Гэтэл Ханд гуай шийдэмгий зэвхий дуугаар «Жил болоод хэвлийд минь хүүхэд буй болов. Гэтэл Гончигийн зан хувирч малыг нь хариулж байсан айлын буцмал хүүхэнтэй сэтгэлтэй болоод удалгүй тэднийд хүргэн орлоо» гэхэд «Ямар муухай хүн бэ»
гэж өөрийн эрхгүй дуу алдав.

-Иш хүү минь муухай юу байхав дээ. Юндэнгийн сэтгэлийг түүнээс болгосон шүү дээ. Бүхэл насандаа гэмшиж Юндэнг бодож, Юндэнг харж зүүдэндээ түүнтэй ярьж явлаа. Сайхан хайр байдаг юм шүү. Олдвол гагцхүү алдаж л болохгүй. Хүний сайхан дотроо нууц байдаг юм даа. Хүү минь чи миний энэ ярьсныг заавал сонинд бичээрэй. Амьдралын замд гарч яваа залуу хүмүүст хэрэг болж магад. Энэ бол миний хүнд хэлж өгөх гэсэн амьдралаас үлдсэн ганц зүйл байгаа юм гээд шавхийтэл босож шууд гарсан юм. Тэр орой Ханд гуайн бие муудаж хүү нь эмчид явж бид тэдний гэрт цугларав. Ханд гуайн царайнд хөнгөн мишээл тодроод үг хэлэх гэснээ хоёр дахин эвгүй зогисоод «Юндэн минь» гээд талийгаач болсон билээ. Би Ханд гуайн ярьсныг нэмээгүй бас хасаагүй. Yнэхээр ч амьдралын замд гарч яваа залуу хүмүүст «Сайхан хайр байдаг юм шүү. Олдвол алдаж болохгүй» гэсэн Ханд гуайн үг чухлаас чухал зүйл биз ээ.