ᠦᠶᠡᠳᠡᠨ ᠨᠥᠬᠥᠳ ᠤᠨ ᠳᠠᠭᠤᠨҮетэн нөхдийн дуун ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠶᠡᠳᠡᠨ ᠨᠥᠬᠥᠳ ᠤᠨ ᠳᠠᠭᠤᠨҮетэн нөхдийн дуун

ᠦᠶᠡᠳᠡᠨ ᠨᠥᠬᠥᠳ ᠤᠨ ᠳᠠᠭᠤᠨҮетэн нөхдийн дуун

ᠠᠩᠭᠢᠯᠠᠯ:ᠳᠠᠭᠤᠤ ᠬᠥᠭᠵᠢᠮ
2025-01-09

4922

ᠦᠶᠡᠳᠡᠨ ᠨᠥᠬᠥᠳ ᠤᠨ ᠳᠠᠭᠤᠨ

   ᠦᠭᠡ᠄ ᠪᠠ᠊ ᠂ ᠪᠠᠯᠳᠠᠨᠳᠣᠷᠵᠢ 
   ᠠᠶ᠎ᠠ᠄ ᠤᠷᠲᠤᠨᠠᠰᠤᠨ  
   ᠳᠠᠭᠤᠴᠢᠨ᠄ ᠠᠨᠠᠷ᠂ ᠨᠠᠢᠷᠠᠯ᠂ ᠪᠠᠳᠮᠠᠰᠦ᠋ᠷᠦᠩ᠂ ᠰᠣᠶᠣᠯᠵᠠᠪ 
   Үетэн Нөхдийн Дуун
   ҮГ :Б. Балдандорж
   АЯ зохиогч:Уртнасан
   Дуучин:Анар. Найрал. Бадма-сүрүн. 
   Соёлжаб

ᠴᠡᠩᠬᠡᠷᠯᠡᠨ ᠬᠥᠬᠡᠷᠡᠨ ᠬᠠᠷᠠᠭᠳᠠᠩᠬᠠᠨ 
ᠴᠡᠯᠭᠢᠶᠡᠬᠡᠨ ᠰᠢᠨᠡᠬᠡᠨ ᠮᠢᠨᠢ ᠭᠣᠶᠣᠬᠠᠨ ᠳ᠋ᠠ 
ᠴᠡᠪᠡᠷᠬᠡᠨ ᠴᠡᠮᠴᠡᠭᠡᠷ ᠮᠢᠰᠢᠶᠡᠩᠬᠡᠨ 
ᠰᠡᠳᠬᠢᠯ ᠦ᠋ᠨ ᠨᠥᠬᠥᠳ ᠮᠢᠨᠢ ᠬᠠᠢᠷᠠᠲᠠᠢ ᠳ᠋ᠠ 
ᠡᠯᠳᠡᠩ ᠳᠠᠢᠳᠤ ᠶ᠋ᠢᠨ ᠢ᠋ᠶ᠋ᠡᠨ ᠡᠯᠢᠭᠡᠨ ᠳ᠋ᠦ᠍ 
ᠡᠨᠡᠦᠬᠡᠨ ᠨᠠᠰᠤᠨ ᠤ᠋ ᠮᠢᠨᠢ ᠲᠠᠪᠢᠯᠠᠩ ᠳ᠋ᠠ 
ᠡᠢᠮᠦ ᠯᠡ ᠰᠠᠢᠬᠠᠨ ᠲᠠᠯᠠᠭᠠᠨ ᠢ᠋ᠶ᠋ᠠᠷ ᠢ᠋ᠶ᠋ᠠᠨ
ᠢᠷᠡᠬᠦ ᠵᠢᠯ ᠢ᠋ᠶ᠋ᠡᠨ ᠤᠭᠲᠤᠶ᠎ᠠ

ᠠᠵᠢᠯ ᠤ᠋ᠨ ᠪᠠᠶᠠᠨ ᠢ᠋ᠶ᠋ᠠᠷ ᠬᠠᠯᠭᠢᠯᠠᠩᠬᠠᠨ
ᠠᠵᠤ ᠪᠠᠢᠳᠠᠯ ᠮᠢᠨᠢ ᠲᠡᠨᠢᠭᠦᠬᠡᠨ ᠳ᠋ᠠ 
ᠠᠰᠢᠳᠠ ᠶ᠋ᠢᠨ ᠵᠠᠮ ᠢ᠋ ᠮᠢᠨᠢ ᠭᠡᠢᠭᠦᠯᠦᠩᠬᠡᠨ
ᠠᠪᠤ ᠡᠵᠢ ᠮᠢᠨᠢ ᠬᠦᠨᠳᠦᠲᠡᠢ ᠳ᠋ᠠ 
ᠡᠯᠳᠡᠩ ᠳᠠᠢᠳᠤ ᠶ᠋ᠢᠨ ᠢ᠋ᠶ᠋ᠡᠨ ᠡᠯᠢᠭᠡᠨ ᠳ᠋ᠦ᠍
ᠡᠨᠡᠭᠦᠬᠡᠨ ᠨᠠᠰᠤᠨ ᠤ᠋ ᠮᠢᠨᠢ ᠲᠠᠪᠢᠯᠠᠩ ᠳ᠋ᠠ 
ᠡᠢᠮᠦ ᠯᠡ ᠰᠠᠢᠬᠠᠨ ᠲᠠᠯᠠᠭᠠᠨ ᠢ᠋ᠶ᠋ᠠᠷ ᠢ᠋ᠶ᠋ᠠᠨ
ᠢᠷᠡᠬᠦ ᠵᠢᠯ ᠢ᠋ᠶ᠋ᠡᠨ ᠤᠭᠲᠤᠶ᠎ᠠ

ᠥᠷᠯᠥᠭᠡᠨ ᠦ᠌ ᠨᠠᠷᠠᠨ ᠢ᠋ᠶ᠋ᠠᠷ ᠡᠷᠲᠡᠯᠡᠩᠬᠡᠨ
ᠦᠶᠡᠳᠡᠨ ᠵᠤᠨ ᠮᠢᠨᠢ ᠬᠥᠬᠢᠭᠦᠨ ᠳ᠋ᠠ 
ᠥᠨᠳᠡᠢᠨ ᠲᠣᠷᠨᠢᠨ ᠰᠠᠯᠪᠤᠷᠢᠯᠠᠩᠬᠠᠨ
ᠥᠬᠢᠳ ᠬᠥᠪᠡᠭᠦᠳ ᠮᠢᠨᠢ ᠳᠣᠷᠢᠭᠤᠬᠠᠨ ᠳ᠋ᠠ 
ᠡᠯᠳᠡᠩ ᠳᠠᠢᠳᠤ ᠶ᠋ᠢᠨ ᠢ᠋ᠶ᠋ᠡᠨ ᠡᠯᠢᠭᠡᠨ ᠳ᠋ᠦ᠍
ᠡᠨᠡᠭᠦᠬᠡᠨ ᠨᠠᠰᠤᠨ ᠤ᠋ ᠮᠢᠨᠢ ᠲᠠᠪᠢᠯᠠᠩ ᠳ᠋ᠠ 
ᠡᠢᠮᠦ ᠯᠡ ᠰᠠᠢᠬᠠᠨ ᠲᠠᠯᠠᠭᠠᠨ ᠢ᠋ᠶ᠋ᠠᠷ ᠢ᠋ᠶ᠋ᠠᠨ
ᠢᠷᠡᠬᠦ ᠵᠢᠯ ᠢ᠋ᠶ᠋ᠡᠨ ᠤᠭᠲᠤᠶ᠎ᠠ

   ᠦᠰᠦᠭ ᠠᠮᠢᠯᠠᠭᠤᠯᠤᠭᠴᠢ᠄ ᠭᠡᠭᠡᠷᠡᠯ
   ᠦᠰᠦᠭ ᠬᠠᠲᠠᠭᠴᠢ᠄ ᠭᠡᠭᠡᠷᠡᠯ
   ᠬᠢᠨᠠᠭᠴᠢ᠄ ᠮᠥᠴᠢᠷ᠂ ᠪᠠ᠊᠂ ᠪᠠᠯᠳᠠᠨᠳᠣᠷᠵᠢ