ᠬᠥᠳᠡᠭᠡ ᠮᠢᠨᠢ ᠰᠠᠢᠬᠠᠨ – ᠦᠭᠡ᠂ ᠠᠶ᠎ᠠ᠄ ᠭᠠᠰᠢᠸ᠎ᠠ ᠂ ᠳᠠᠭᠤᠯᠠᠭᠰᠠᠨ ᠨᠢ᠄ ᠭᠠᠰᠢᠸ᠎ᠠ Хөдөө минь сайхан – Үг ᠂ Ая: Гашива ᠂ Дуулсан нь: Гашива
ᠬᠥᠳᠡᠭᠡ ᠮᠢᠨᠢ ᠰᠠᠢᠬᠠᠨ
ᠦᠭᠡ᠂ ᠠᠶ᠎ᠠ᠄ ᠭᠠᠰᠢᠸ᠎ᠠ
ᠬᠥᠭᠵᠢᠮ ᠨᠠᠢᠷᠠᠭᠤᠯᠤᠭᠴᠢ᠄ ᠷᠢᠸᠠᠳᠢ
ᠰᠢᠩᠭᠡᠭᠡᠨ ᠦᠢᠯᠡᠳᠦᠭᠴᠢ᠄ ᠠᠯᠲᠠᠨᠪᠠᠭᠠᠨ᠎ᠠ
ᠳᠠᠭᠤᠯᠠᠭᠰᠠᠨ ᠨᠢ᠄ ᠭᠠᠰᠢᠸ᠎ᠠ
ᠠᠢ ᠬᠦ ᠬᠥᠳᠡᠭᠡ ᠮᠢᠨᠢ
ᠠ ᠬᠦ ᠬᠥᠳᠡᠭᠡ ᠮᠢᠨᠢ
ᠠ ᠬᠥ᠋ ᠬᠥᠳᠡᠭᠡ ᠮᠢᠨᠢ
ᠬᠥᠳᠡᠭᠡ ᠮᠢᠨᠢ ᠰᠠᠢᠬᠠᠨ
ᠠᠮᠢᠨ ᠬᠠᠢᠷᠠᠲᠠᠢ ᠬᠥᠳᠡᠭᠡ ᠮᠢᠨᠢ
ᠠᠰᠢᠭᠦᠢ ᠰᠠᠢᠬᠠᠨ ᠵᠠᠶᠠᠭᠠᠨ ᠤ᠋ ᠣᠷᠣᠨ
ᠠᠵᠠ ᠵᠢᠷᠭᠠᠯ ᠲᠠᠢ ᠮᠥᠩᠬᠡ ᠣᠷᠣᠰᠢᠬᠤ
ᠠᠮᠢ ᠭᠣᠣᠯ ᠤ᠋ᠨ ᠠᠯᠲᠠᠨ ᠥᠯᠥᠭᠡᠢ ᠶᠦᠮ
ᠮᠠᠨ ᠤ᠋ ᠨᠤᠲᠤᠭ ᠤ᠋ᠨ ᠬᠥᠳᠡᠭᠡ ᠮᠢᠨᠢ
ᠪᠠᠯᠠᠷ ᠮᠠᠩᠬ᠎ᠠ ᠤᠰᠤ ᠴᠠᠢᠳᠠᠮ ᠲᠠᠢ
ᠮᠠᠯ ᠤᠨ ᠮᠥᠷ ᠢᠶᠡᠷ ᠳᠤᠰᠤ ᠪᠠᠭᠤᠭᠰᠠᠨ
ᠪᠠᠶᠠᠨ ᠲᠠᠩᠰᠤᠭ ᠡᠷᠳᠡᠨᠢ ᠶᠢᠨ ᠰᠠᠩ ᠶᠤᠮ
ᠠ ᠬᠥᠳᠡᠭᠡ ᠶ᠋ᠢᠨ ᠠᠮᠢᠳᠤᠷᠠᠯ ᠬᠥᠭᠵᠢᠯ ᠢ᠋ᠶ᠋ᠡᠷ ᠪᠢᠯᠬᠠᠵᠤ
ᠠ ᠬᠦ ᠴᠠᠭᠯᠠᠰᠢ ᠦᠭᠡᠢ ᠬᠥᠳᠡᠭᠡ ᠮᠢᠨᠢ ᠰᠠᠢᠬᠠᠨ
ᠥᠨᠢᠷ ᠥᠳᠬᠡᠨ ᠬᠥᠳᠡᠭᠡ ᠮᠢᠨᠢ
ᠥᠩᠰᠢᠭ ᠰᠠᠢᠬᠠᠨ ᠨᠣᠮᠢᠨ ᠪᠦᠷᠢᠳᠦ ᠲᠡᠢ
ᠠᠭᠤᠳᠠᠮ ᠲᠠᠯ᠎ᠠ ᠨᠢ ᠠᠳᠤᠭᠤ ᠮᠠᠯ ᠳᠦᠭᠦᠷᠡᠩ
ᠤᠷᠮ᠎ᠠ ᠶ᠋ᠢ ᠰᠡᠷᠭᠦᠭᠡᠬᠦ ᠳᠡᠯᠭᠡᠷ ᠬᠠᠩᠭᠠᠢ ᠶᠤᠮ
ᠨᠠᠷᠠ ᠪᠠᠨ ᠡᠭᠦᠷᠦᠭᠰᠡᠨ ᠬᠥᠳᠡᠭᠡ ᠮᠢᠨᠢ
ᠨᠠᠯᠠᠭᠠᠷ ᠰᠠᠢᠬᠠᠨ ᠲᠣᠷᠭᠠᠨ ᠪᠡᠯᠴᠢᠭᠡᠷ ᠲᠡᠢ
ᠰᠢᠮᠡᠯᠢᠭ ᠵᠤᠵᠠᠭᠠᠨ ᠬᠥᠷᠥᠰᠥᠨ ᠳ᠋ᠦ᠍ᠨᠢ
ᠰᠢᠵᠢᠷ ᠠᠯᠲᠠ ᠶ᠋ᠢᠨ ᠪᠠᠶᠠᠯᠢᠭ ᠲᠠᠢ ᠶᠤᠮ
ᠠ ᠬᠥᠳᠡᠭᠡ ᠶ᠋ᠢᠨ ᠠᠮᠢᠳᠤᠷᠠᠯ ᠬᠥᠭᠵᠢᠯ ᠢ᠋ᠶ᠋ᠡᠷ ᠪᠢᠯᠬᠠᠵᠤ
ᠠ ᠬᠦ ᠴᠠᠭᠯᠠᠰᠢ ᠦᠭᠡᠢ ᠬᠥᠳᠡᠭᠡ ᠮᠢᠨᠢ ᠰᠠᠢᠬᠠᠨ᠂
ᠬᠥᠳᠡᠭᠡ ᠮᠢᠨᠢ ᠰᠠᠢᠬᠠᠨ

