ᠡᠵᠢ ᠳ᠋ᠡᠭᠡᠨ ᠵᠠᠬᠢᠳᠠᠯ ᠪᠢᠴᠢᠭᠡᠷᠡᠢDelgermurun Enkhnaran - Eejdee Zahidal Bicheerei _ Ээждээ захидал бичээрэй ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠳ᠋ᠡᠭᠡᠨ ᠵᠠᠬᠢᠳᠠᠯ ᠪᠢᠴᠢᠭᠡᠷᠡᠢDelgermurun Enkhnaran - Eejdee Zahidal Bicheerei _ Ээждээ захидал бичээрэй

ᠡᠵᠢ ᠳ᠋ᠡᠭᠡᠨ ᠵᠠᠬᠢᠳᠠᠯ ᠪᠢᠴᠢᠭᠡᠷᠡᠢDelgermurun Enkhnaran - Eejdee Zahidal Bicheerei _ Ээждээ захидал бичээрэй

ᠠᠩᠭᠢᠯᠠᠯ:ᠳᠠᠭᠤᠤ ᠬᠥᠭᠵᠢᠮ
2025-01-08

1755

ᠡᠵᠢ ᠳ᠋ᠡᠭᠡᠨ ᠵᠠᠬᠢᠳᠠᠯ ᠪᠢᠴᠢᠭᠡᠷᠡᠢ

ᠴᠠᠬᠢᠯᠠᠨ ᠴᠠᠬᠢᠯᠠᠨ ᠡᠳᠦᠷ ᠬᠣᠨᠣᠭ ᠤᠷᠤᠰᠤᠨ᠎ᠠ ᠳᠠ 
ᠴᠠᠭ ᠤ᠋ᠨ ᠵᠡᠭᠦᠦ ᠴᠢᠮ᠎ᠠ ᠶ᠋ᠢ ᠳ᠋ᠡᠭᠡᠨ ᠡᠷᠭᠢᠨ᠎ᠡ 
ᠡᠳᠦᠷᠵᠢᠨ ᠪᠣᠳᠣᠯ᠎ᠠ 
ᠰᠥᠨᠢᠵᠢᠨ ᠵᠡᠭᠦᠳᠦᠯᠡᠯ᠎ᠡ 
ᠦᠷ᠎ᠡ ᠮᠢᠨᠢ ᠭᠡᠵᠦ ᠡᠵᠢ ᠶ᠋ᠢᠨ ᠰᠡᠳᠬᠢᠯ ᠰᠢᠭ 
ᠥᠷᠥᠪᠳᠦᠮᠡᠷ ᠶᠠᠭᠤᠮ᠎ᠠ ᠯᠠ ᠠᠯᠠᠭ᠎ᠠ ᠪᠠᠢᠨ᠎ᠠ 

ᠵᠦᠰᠡᠷᠡᠨ ᠵᠦᠰᠡᠷᠡᠨ ᠨᠠᠮᠤᠷ ᠤ᠋ᠨ ᠪᠣᠷᠣᠭ᠎ᠠ ᠱᠠᠭᠢᠨ᠎ᠠ 
ᠵᠦᠢᠳᠡᠯ ᠦᠭᠡᠢ ᠣᠷᠴᠢᠯᠠᠩ ᠳ᠋ᠤ᠌ 
ᠴᠠᠭ ᠤ᠋ᠨ ᠠᠶᠠᠰ ᠢ᠋ ᠳᠠᠭᠠᠨ᠎ᠠ 
ᠰᠡᠮᠬᠡᠨ ᠤᠬᠢᠯᠠᠨ᠎ᠠ 
ᠰᠡᠮᠡᠭᠡᠷᠬᠡᠨ ᠬᠦᠯᠢᠶᠡᠨ᠎ᠡ 
ᠰᠡᠯᠡᠭᠦᠨ ᠣᠷᠴᠢᠯᠠᠩ ᠳ᠋ᠤ᠌ ᠡᠵᠢ ᠶ᠋ᠢᠨ ᠰᠡᠳᠬᠢᠯ ᠰᠢᠭ 
ᠳᠤᠯᠠᠭᠠᠬᠠᠨ ᠶᠠᠭᠤᠮ᠎ᠠ ᠯᠠ ᠠᠯᠠᠭ᠎ᠠ ᠪᠠᠢᠨ᠎ᠠ 

ᠨᠠᠮᠤᠷ ᠤ᠋ᠨ ᠬᠢᠷᠠᠭᠤ ᠤᠨᠠᠯ᠎ᠠ ᠳᠠ
ᠡᠵᠢ ᠳ᠋ᠡᠭᠡᠨ ᠵᠠᠬᠢᠳᠠᠯ ᠪᠢᠴᠢᠭᠡᠷᠡᠢ
ᠨᠡᠷᠡᠲᠦ ᠶ᠋ᠢᠨ ᠲᠣᠭ᠎ᠠ ᠨᠢ ᠲᠣᠭ᠎ᠠ ᠲᠠᠢ ᠰᠢᠦ
ᠡᠵᠢ ᠳ᠋ᠡᠭᠡᠨ ᠵᠠᠬᠢᠳᠠᠯ ᠪᠢᠴᠢᠭᠡᠷᠡᠢ

ᠲᠠᠪᠢᠨ ᠲᠠᠪᠢᠨ ᠬᠠᠪᠤᠷ ᠤ᠋ᠨ ᠰᠢᠪᠠᠭᠤᠳ ᠢᠷᠡᠨ᠎ᠡ ᠳ᠋ᠧ
ᠲᠠᠯᠠᠲᠤ ᠮᠣᠷᠢ ᠨᠢ ᠤᠶᠠᠭᠠᠨ ᠳᠡᠭᠡᠷ᠎ᠡ ᠦᠦᠷᠰᠡᠨ᠎ᠡ
ᠨᠠᠰᠤ ᠪᠠᠷ ᠢ᠋ᠶ᠋ᠠᠨ ᠬᠠᠢᠷᠠᠯᠠᠵᠤ ᠨᠠᠮᠠᠢ ᠪᠠᠨ ᠦᠭᠡᠢᠯᠡᠨ᠎ᠡ
ᠨᠡᠷᠡᠲᠦ ᠶ᠋ᠢᠨ ᠳᠣᠣᠷ᠎ᠠ ᠡᠬᠡ ᠶ᠋ᠢᠨ ᠰᠡᠳᠬᠢᠯ ᠰᠢᠭ
ᠦᠨᠡᠨ ᠶᠠᠭᠤᠮ᠎ᠠ ᠯᠠ ᠠᠯᠠᠭ᠎ᠠ ᠪᠠᠢᠨ᠎ᠠ

ᠳᠡᠯᠡᠬᠡᠢ ᠶ᠋ᠢᠨ ᠨᠠᠷᠠ ᠡᠷᠭᠢᠭᠡᠳ ᠢᠷᠡᠨ᠎ᠡ
ᠡᠵᠢ ᠳ᠋ᠡᠭᠡᠨ ᠵᠠᠬᠢᠳᠠᠯ ᠪᠢᠴᠢᠭᠡᠷᠡᠢ
ᠡᠯᠢᠭᠡᠨ ᠳᠣᠲᠣᠷ᠎ᠠ ᠪᠠᠨ ᠭᠠᠩᠳᠠᠨ᠎ᠠ ᠰᠢᠦ
ᠡᠵᠢ ᠳ᠋ᠡᠭᠡᠨ ᠵᠠᠬᠢᠳᠠᠯ ᠪᠢᠴᠢᠭᠡᠷᠡᠢ
ᠡᠵᠢ ᠳ᠋ᠡᠭᠡᠨ ᠵᠠᠬᠢᠳᠠᠯ ᠪᠢᠴᠢᠭᠡᠷᠡᠢ

ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠬᠢᠨᠠᠭᠴᠢ᠄ ᠰᠤᠨᠢᠨᠪᠠᠶᠠᠷ