ᠡᠷᠲᠡ ᠤᠷᠢᠳᠤ ᠶᠢᠨ ᠳᠣᠮᠣᠭ-ᠤᠷᠠᠨᠵᠠᠶᠠᠭ᠎ᠠ Эрт урдын домог-УранзаяаUranzaya - Ert uridiin domog ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠲᠡ ᠤᠷᠢᠳᠤ ᠶᠢᠨ ᠳᠣᠮᠣᠭ-ᠤᠷᠠᠨᠵᠠᠶᠠᠭ᠎ᠠ Эрт урдын домог-УранзаяаUranzaya - Ert uridiin domog

ᠡᠷᠲᠡ ᠤᠷᠢᠳᠤ ᠶᠢᠨ ᠳᠣᠮᠣᠭ-ᠤᠷᠠᠨᠵᠠᠶᠠᠭ᠎ᠠ Эрт урдын домог-УранзаяаUranzaya - Ert uridiin domog

ᠠᠩᠭᠢᠯᠠᠯ:ᠳᠠᠭᠤᠤ ᠬᠥᠭᠵᠢᠮ
2025-01-08

1537

ᠡᠷᠲᠡ ᠤᠷᠢᠳᠤ ᠶ᠋ᠢᠨ ᠳᠣᠮᠣᠭ

   ᠦᠭᠡ᠄ ᠴ· ᠴᠠᠭᠨᠠᠳᠣᠷᠵᠢ 
   ᠠᠶ᠎ᠠ᠄ ᠲ· ᠨᠠᠢᠳᠡᠨᠵᠠᠪ 
   ᠳᠠᠭᠤᠴᠢᠨ᠄ ᠤ᠋· ᠤᠷᠨᠨᠵᠠᠶᠠᠭ᠎ᠠ 
ᠡᠷᠲᠡ ᠤᠷᠢᠳᠤ ᠶ᠋ᠢᠨ ᠡᠷᠡᠨ ᠭᠠᠯᠪᠠ ᠠ᠋ᠴᠠ ᠵᠢᠭᠦᠷ ᠳᠡᠪᠢᠭᠰᠡᠨ 
ᠡᠯᠢᠨ ᠬᠠᠯᠢᠬᠤ ᠴᠠᠭᠠᠨ ᠱᠣᠩᠬᠣᠷ ᠮᠢᠨᠢ 
ᠾᠦᠩᠨᠦ ᠨᠡᠭᠦᠳᠡᠯ ᠢ᠋ᠶ᠋ᠡᠷ ᠠᠮᠢᠳᠤᠷᠠᠯ ᠵᠥᠭᠡᠭᠡᠭᠰᠡᠨ ᠪᠢᠳᠡᠨ ᠬᠣᠶᠠᠷ ᠤ᠋ᠨ 
ᠬᠦᠷᠡᠩ ᠵᠢᠷᠦᠬᠡᠨ ᠳ᠋ᠦ᠍ ᠳᠤᠷᠠᠯᠠᠯ ᠰᠢᠪᠡᠨᠡᠭᠡᠴᠢ 
ᠢᠵᠠᠭᠤᠷ ᠰᠢᠲᠦᠭᠡᠨ ᠲᠡᠢ ᠡᠷ᠎ᠡ ᠶ᠋ᠢᠨ ᠬᠡᠢᠮᠣᠷᠢ 
ᠢᠨᠠᠭ ᠤ᠋ᠨ ᠰᠡᠳᠬᠢᠯ ᠳ᠋ᠦ᠍ ᠠᠰᠠᠭᠰᠠᠨ ᠣᠳᠣ ᠮᠢᠨᠢ 
ᠡᠮᠡᠭᠡᠯ ᠳᠡᠭᠡᠷ᠎ᠡ ᠪᠡᠨ ᠠᠷᠠᠳ ᠤ᠋ᠨ ᠳᠠᠭᠤᠤ ᠲᠠᠢ 
ᠡᠷᠲᠡᠨ ᠦ᠌ ᠰᠤᠳᠤᠷ ᠤ᠋ᠨ ᠰᠣᠪᠢᠩᠲᠣ ᠬᠠᠢᠷ᠎ᠠ ᠮᠢᠨᠢ 

ᠥᠨᠢᠳᠡ ᠡᠷᠲᠡᠨ ᠦ᠌ ᠡᠭᠦᠯᠡᠨ ᠳᠡᠭᠡᠭᠦᠷ ᠳᠡᠭᠦᠯᠢᠨ ᠨᠢᠰᠬᠦ
ᠡᠪᠦᠭᠡ ᠳᠡᠭᠡᠳᠦᠰ ᠦ᠋ᠨ ᠠᠷᠢᠭᠤᠨ ᠭᠣᠯᠣᠮᠲᠠ ᠮᠢᠨᠢ
ᠰᠡᠦᠬᠡ ᠲᠡᠷᠭᠡ ᠪᠡᠷ ᠵᠢᠷᠭᠠᠯ ᠲᠡᠭᠡᠭᠡᠭᠰᠡᠨ ᠰᠦᠢᠲᠦ ᠠᠮᠠᠷᠠᠭ ᠤ᠋ᠨ
ᠰᠦᠨᠡᠰᠦᠨ ᠳᠣᠲᠣᠷ᠎ᠠ ᠮᠥᠩᠬᠡᠳᠡ ᠪᠠᠳᠮᠠᠭᠠᠯᠠᠭᠠᠴᠢ
ᠢᠵᠠᠭᠤᠷ ᠰᠢᠲᠦᠭᠡᠨ ᠲᠡᠢ ᠡᠷ᠎ᠡ ᠶ᠋ᠢᠨ ᠬᠡᠢᠮᠣᠷᠢ
ᠢᠨᠠᠭ ᠤ᠋ᠨ ᠰᠡᠳᠬᠢᠯ ᠳ᠋ᠦ᠍ ᠠᠰᠠᠭᠰᠠᠨ ᠣᠳᠣ ᠮᠢᠨᠢ
ᠡᠮᠡᠭᠡᠯ ᠳᠡᠭᠡᠷ᠎ᠡ ᠪᠡᠨ ᠠᠷᠠᠳ ᠤ᠋ᠨ ᠳᠠᠭᠤᠤ ᠲᠠᠢ
ᠡᠷᠲᠡᠨ ᠦ᠌ ᠰᠤᠳᠤᠷ ᠤ᠋ᠨ ᠰᠣᠪᠢᠩᠲᠣ ᠬᠠᠢᠷ᠎ᠠ ᠮᠢᠨᠢ
ᠠᠯᠲᠠᠢ ᠶᠠᠲᠤᠭ᠎ᠠ ᠠᠷᠪᠠᠨ ᠭᠤᠷᠪᠠᠨ ᠶᠠᠰᠤᠲᠠᠨ ᠣᠪᠣᠭ ᠤ᠋ᠨ
ᠠᠭᠰᠤᠮ ᠮᠣᠷᠢᠨ ᠤ᠋ ᠲᠣᠭᠣᠰᠣᠨ ᠳ᠋ᠤ᠌ ᠠᠭᠤᠯᠵᠠᠬᠤ ᠤᠤ
ᠬᠠᠭᠠᠨ ᠬᠤᠭᠤᠷ ᠲᠠᠢ ᠬᠠᠲᠤᠨ ᠱᠠᠨᠵᠠ ᠲᠠᠢ ᠬᠢᠶᠠᠳ ᠪᠣᠷᠵᠢᠭᠢᠨ ᠤ᠋
ᠬᠠᠳᠠᠭ ᠬᠡᠢᠰᠦᠭᠰᠡᠨ ᠣᠪᠣᠭᠠᠨ ᠳ᠋ᠤ᠌ ᠬᠦᠯᠢᠶᠡᠬᠦ ᠤᠤ
ᠰᠡᠭᠦᠳᠡᠷ ᠳᠡᠭᠡᠷ᠎ᠡ ᠪᠡᠨ ᠵᠢᠷᠦᠬᠡ ᠵᠢᠷᠤᠭᠰᠠᠨ ᠬᠠᠢᠷ᠎ᠠ ᠶ᠋ᠢᠨ ᠲᠡᠦᠬᠡ ᠲᠡᠢ
ᠰᠤᠤᠲᠤ ᠵᠢᠷᠤᠭ ᠰᠢᠭ᠋ ᠭᠤᠸ᠎ᠠ ᠦᠵᠡᠰᠬᠦᠯᠡᠩ
ᠮᠣᠩᠭᠣᠯ ᠮᠣᠷᠢᠳ ᠤ᠋ᠨ ᠳᠡᠯ ᠳᠡᠭᠡᠷ᠎ᠡ ᠡᠴᠡ ᠳᠡᠯᠭᠡᠷᠡᠵᠦ ᠤᠷᠭᠤᠯ᠎ᠠ
ᠮᠢᠨᠦ ᠵᠢᠷᠦᠬᠡᠨ ᠳ᠋ᠦ᠍ ᠰᠢᠪᠠᠭᠤ ᠰᠢᠭ᠋ ᠪᠠᠭᠤᠭᠠᠴᠢ
ᠢᠵᠠᠭᠤᠷ ᠰᠢᠲᠦᠭᠡᠨ ᠲᠡᠢ ᠡᠷ᠎ᠡ ᠶ᠋ᠢᠨ ᠬᠡᠢᠮᠣᠷᠢ
ᠢᠨᠠᠭ ᠤ᠋ᠨ ᠰᠡᠳᠬᠢᠯ ᠳ᠋ᠦ᠍ ᠠᠰᠠᠭᠰᠠᠨ ᠣᠳᠣ ᠮᠢᠨᠢ
ᠡᠮᠡᠭᠡᠯ ᠳᠡᠭᠡᠷ᠎ᠡ ᠪᠡᠨ ᠠᠷᠠᠳ ᠤ᠋ᠨ ᠳᠠᠭᠤᠤ ᠲᠠᠢ
ᠡᠷᠲᠡᠨ ᠦ᠌ ᠰᠤᠳᠤᠷ ᠤ᠋ᠨ ᠰᠣᠪᠢᠩᠲᠣ ᠬᠠᠢᠷ᠎ᠠ ᠮᠢᠨᠢ
ᠢᠵᠠᠭᠤᠷ ᠰᠢᠲᠦᠭᠡᠨ ᠲᠡᠢ ᠡᠷ᠎ᠡ ᠶ᠋ᠢᠨ ᠬᠡᠢᠮᠣᠷᠢ
ᠢᠨᠠᠭ ᠤ᠋ᠨ ᠰᠡᠳᠬᠢᠯ ᠳ᠋ᠦ᠍ ᠠᠰᠠᠭᠰᠠᠨ ᠣᠳᠣ ᠮᠢᠨᠢ
ᠡᠮᠡᠭᠡᠯ ᠳᠡᠭᠡᠷ᠎ᠡ ᠪᠡᠨ ᠠᠷᠠᠳ ᠤ᠋ᠨ ᠳᠠᠭᠤᠤ ᠲᠠᠢ
ᠡᠷᠲᠡᠨ ᠦ᠌ ᠳᠣᠮᠣᠭ ᠤ᠋ᠨ ᠭᠡᠷᠡᠯᠲᠦ ᠬᠠᠢᠷ᠎ᠠ ᠮᠢᠨᠢ

   ᠦᠰᠦᠭ ᠠᠮᠢᠯᠠᠭᠤᠯᠤᠭᠴᠢ᠄ ᠠᠩᠴᠢᠨ
   ᠦᠰᠦᠭ ᠬᠠᠳᠠᠭᠴᠢ᠄ ᠠᠩᠴᠢᠨ
   ᠦᠰᠦᠭ ᠬᠢᠨᠠᠭᠴᠢ᠄ ᠭᠠᠷᠮ᠎ᠠ᠂ ᠬᠦᠳᠡᠷᠪᠣᠯᠦᠦᠨ