ᠪᠢᠲᠡᠭᠡᠢ ᠪᠠᠭᠤᠵᠤ ᠥᠭᠭᠦᠭᠡᠷᠡᠢБитгий бууж өгөөрэй Lyrics by Bolor-Erdene.Kh
ᠪᠢᠲᠡᠭᠡᠢ ᠪᠠᠭᠤᠵᠤ ᠥᠭᠭᠦᠭᠡᠷᠡᠢ
ᠬᠤᠪᠢ ᠲᠠᠪᠢᠯᠠᠩ ᠠ᠋ᠴᠠ ᠥᠭᠡᠷ᠎ᠡ
ᠶᠠᠭᠤᠨ ᠳ᠋ᠤ᠌ ᠴᠤ᠌ ᠪᠤᠤ ᠰᠢᠨᠲᠠᠷᠠᠭᠠᠷᠠᠢ
ᠬᠥᠮᠦᠨ ᠴᠢᠨᠠᠷ ᠠ᠋ᠴᠠ ᠥᠭᠡᠷ᠎ᠡ
ᠶᠠᠭᠤᠨ ᠳ᠋ᠤ᠌ ᠴᠤ᠌ ᠪᠤᠤ ᠰᠥᠬᠥᠷᠡᠭᠡᠷᠡᠢ
ᠬᠠᠢᠷ᠎ᠠ ᠠ᠋ᠴᠠ ᠥᠭᠡᠷ᠎ᠡ ᠶᠠᠭᠤᠨ ᠳ᠋ᠤ᠌ ᠴᠤ᠌
ᠶᠠᠭᠤᠨ ᠳ᠋ᠤ᠌ ᠴᠤ᠌ ᠪᠤᠤ ᠵᠣᠭᠰᠣᠭᠠᠷᠠᠢ
ᠬᠠᠯᠠᠭᠤᠨ ᠰᠡᠳᠬᠢᠯ ᠡᠴᠡ ᠥᠭᠡᠷ᠎ᠡ ᠵᠦᠢᠯ ᠳ᠋ᠦ᠍
ᠪᠢᠲᠡᠭᠡᠢ ᠪᠠᠭᠤᠵᠤ ᠥᠭᠭᠦᠭᠡᠷᠡᠢ
ᠨᠠᠷᠠ ᠲᠠᠢ ᠡᠳᠦᠷ ᠦ᠋ᠨ ᠭᠡᠷᠡᠯ ᠰᠢᠭ
ᠨᠠᠢᠳᠠᠬᠤ ᠢᠲᠡᠭᠡᠯ ᠳᠠᠭᠤᠰᠬᠤ
ᠰᠠᠯᠬᠢ ᠰᠢᠭ᠋ ᠴᠢᠯᠥᠭᠡᠲᠦ ᠵᠢᠷᠦᠬᠡ ᠪᠡᠨ
ᠰᠠᠢᠲᠤᠷ ᠥᠩᠭᠡᠯᠡᠵᠦ ᠶᠠᠪᠤᠭᠠᠷᠠᠢ
ᠠᠮᠢᠳᠤᠷᠠᠯ ᠭᠡᠳᠡᠭ ᠭᠡᠷᠡᠯ ᠳ᠋ᠦ᠍
ᠠᠰᠠᠬᠤ ᠭᠠᠯ ᠢ᠋ᠶ᠋ᠠᠨ ᠪᠤᠤ ᠤᠨᠲᠠᠷᠠᠭ᠎ᠠ
ᠡᠷᠬᠢᠮ ᠵᠦᠢᠯ ᠳ᠋ᠦ᠍ ᠪᠡᠨ ᠢᠲᠡᠭᠡᠭᠡᠳ
ᠡᠩ ᠦ᠋ᠨ ᠵᠢᠷᠭᠠᠯᠲᠠᠢ ᠪᠠᠢᠭᠠᠷᠠᠢ
ᠬᠤᠪᠢ ᠲᠠᠪᠢᠯᠠᠩ ᠠ᠋ᠴᠠ ᠥᠭᠡᠷ᠎ᠡ
ᠶᠠᠭᠤᠨ ᠳ᠋ᠤ᠌ ᠴᠤ᠌ ᠪᠤᠤ ᠰᠢᠨᠲᠠᠷᠠᠭᠠᠷᠠᠢ
ᠬᠥᠮᠦᠨ ᠴᠢᠨᠠᠷ ᠠ᠋ᠴᠠ ᠥᠭᠡᠷ᠎ᠡ
ᠶᠠᠭᠤᠨ ᠳ᠋ᠤ᠌ ᠴᠤ᠌ ᠪᠤᠤ ᠰᠥᠬᠥᠷᠡᠭᠡᠷᠡᠢ
ᠬᠠᠢᠷ᠎ᠠ ᠠ᠋ᠴᠠ ᠥᠭᠡᠷ᠎ᠡ ᠶᠠᠭᠤᠨ ᠳ᠋ᠤ᠌ ᠴᠤ᠌
ᠶᠠᠭᠤᠨ ᠳ᠋ᠤ᠌ ᠴᠤ᠌ ᠪᠤᠤ ᠵᠣᠭᠰᠣᠭᠠᠷᠠᠢ
ᠬᠠᠯᠠᠭᠤᠨ ᠰᠡᠳᠬᠢᠯ ᠡᠴᠡ ᠥᠭᠡᠷ᠎ᠡ ᠵᠦᠢᠯ ᠳ᠋ᠦ᠍
ᠪᠢᠲᠡᠭᠡᠢ ᠪᠠᠭᠤᠵᠤ ᠥᠭᠭᠦᠭᠡᠷᠡᠢ
ᠣᠳᠣᠳ ᠤ᠋ᠨ ᠳᠣᠣᠷᠠᠬᠢ ᠣᠷᠴᠢᠯᠠᠩ
ᠣᠷᠭᠢᠯ ᠥᠭᠡᠳᠡ ᠪᠡᠨ ᠲᠡᠮᠡᠦᠯᠳᠡᠭ
ᠬᠤᠪᠢ ᠵᠠᠶᠠᠭ᠎ᠠ ᠴᠢᠮ᠎ᠠ ᠶ᠋ᠢ ᠮᠢᠨᠢ
ᠬᠠᠷᠠᠭᠳᠠᠬᠤ ᠦᠭᠡᠢ ᠳᠠᠭᠠᠵᠤ ᠶᠠᠪᠤᠭ᠎ᠠ
ᠠᠯᠳᠠᠭᠰᠠᠨ ᠴᠤ᠌ ᠳᠠᠬᠢᠭᠠᠳ ᠪᠣᠰ
ᠠᠷᠢᠭᠤᠨ ᠰᠡᠳᠬᠢᠯ ᠢ᠋ᠶ᠋ᠡᠨ ᠪᠤᠤ ᠮᠣᠬᠣᠭ᠎ᠠ
ᠢᠲᠡᠭᠡᠯ ᠨᠠᠢᠳᠠᠪᠤᠷᠢ ᠴᠢᠮ᠎ᠠ ᠳ᠋ᠤ᠌ ᠪᠣᠢ
ᠢᠷᠡᠭᠡᠳᠦᠢ ᠶ᠋ᠢ ᠪᠢᠲᠡᠭᠡᠢ ᠮᠠᠷᠲᠠᠭᠠᠷᠠᠢ
ᠬᠤᠪᠢ ᠲᠠᠪᠢᠯᠠᠩ ᠠ᠋ᠴᠠ ᠥᠭᠡᠷ᠎ᠡ
ᠶᠠᠭᠤᠨ ᠳ᠋ᠤ᠌ ᠴᠤ᠌ ᠪᠤᠤ ᠰᠢᠨᠲᠠᠷᠠᠭᠠᠷᠠᠢ
ᠬᠥᠮᠦᠨ ᠴᠢᠨᠠᠷ ᠠ᠋ᠴᠠ ᠥᠭᠡᠷ᠎ᠡ
ᠶᠠᠭᠤᠨ ᠳ᠋ᠤ᠌ ᠴᠤ᠌ ᠪᠤᠤ ᠰᠥᠬᠥᠷᠡᠭᠡᠷᠡᠢ
ᠬᠠᠢᠷ᠎ᠠ ᠠ᠋ᠴᠠ ᠥᠭᠡᠷ᠎ᠡ ᠶᠠᠭᠤᠨ ᠳ᠋ᠤ᠌ ᠴᠤ᠌
ᠶᠠᠭᠤᠨ ᠳ᠋ᠤ᠌ ᠴᠤ᠌ ᠪᠤᠤ ᠵᠣᠭᠰᠣᠭᠠᠷᠠᠢ
ᠬᠠᠯᠠᠭᠤᠨ ᠰᠡᠳᠬᠢᠯ ᠡᠴᠡ ᠥᠭᠡᠷ᠎ᠡ ᠵᠦᠢᠯ ᠳ᠋ᠦ᠍
ᠪᠢᠲᠡᠭᠡᠢ ᠪᠠᠭᠤᠵᠤ ᠥᠭᠭᠦᠭᠡᠷᠡᠢ
ᠰᠡᠭᠦᠳᠡᠷ ᠨᠥᠮᠥᠷᠬᠦ ᠰᠥᠨᠢ ᠪᠡᠷ ᠴᠦ᠍
ᠰᠦᠷ ᠬᠦᠴᠦᠨ ᠦ᠌ ᠭᠡᠷᠡᠯ ᠠᠰᠠᠭ᠎ᠠ
ᠰᠠᠯᠬᠢ ᠰᠢᠷᠦᠭᠦᠰᠦᠨ ᠰᠢᠭᠤᠷᠠᠯᠠ ᠴᠤ᠌
ᠰᠠᠨᠠᠭᠠᠴᠢᠯᠠᠭ᠎ᠠ ᠪᠠᠨ ᠪᠤᠤ ᠠᠯᠳᠠᠭᠠᠷᠠᠢ
ᠥᠨᠳᠥᠷ ᠲᠦ᠍ ᠨᠢᠰᠬᠦ ᠵᠢᠭᠦᠷ ᠢ᠋ᠶ᠋ᠡᠷ
ᠥᠷᠥᠪᠳᠦᠵᠦ ᠪᠤᠰᠤᠳ ᠢ᠋ ᠰᠡᠷᠢᠭᠦᠴᠡᠭᠦᠯ
ᠪᠦᠬᠦᠨ ᠢ᠋ ᠳᠠᠪᠠᠨ ᠭᠠᠷᠤᠭᠰᠠᠨ ᠴᠠᠭ ᠲᠤ᠌
ᠪᠦᠬᠦ ᠵᠦᠢᠯ ᠰᠠᠢᠬᠠᠨ ᠪᠣᠯᠤᠨ᠎ᠠ
ᠬᠤᠪᠢ ᠲᠠᠪᠢᠯᠠᠩ ᠠ᠋ᠴᠠ ᠥᠭᠡᠷ᠎ᠡ
ᠶᠠᠭᠤᠨ ᠳ᠋ᠤ᠌ ᠴᠤ᠌ ᠪᠤᠤ ᠰᠢᠨᠲᠠᠷᠠᠭᠠᠷᠠᠢ
ᠬᠥᠮᠦᠨ ᠴᠢᠨᠠᠷ ᠠ᠋ᠴᠠ ᠥᠭᠡᠷ᠎ᠡ
ᠶᠠᠭᠤᠨ ᠳ᠋ᠤ᠌ ᠴᠤ᠌ ᠪᠤᠤ ᠰᠥᠬᠥᠷᠡᠭᠡᠷᠡᠢ
ᠶᠠᠭᠤᠨ ᠳ᠋ᠤ᠌ ᠴᠤ᠌
ᠶᠠᠭᠤᠨ ᠳ᠋ᠤ᠌ ᠴᠤ᠌ ᠪᠤᠤ ᠵᠣᠭᠰᠣᠭᠠᠷᠠᠢ
ᠬᠠᠯᠠᠭᠤᠨ ᠰᠡᠳᠬᠢᠯ ᠡᠴᠡ ᠥᠭᠡᠷ᠎ᠡ ᠵᠦᠢᠯ ᠳ᠋ᠦ᠍
ᠪᠢᠲᠡᠭᠡᠢ ᠪᠠᠭᠤᠵᠤ ᠥᠭᠭᠦᠭᠡᠷᠡᠢ
ᠦᠰᠦᠭ ᠠᠮᠢᠯᠠᠭᠤᠯᠤᠭᠴᠢ᠄ ᠮᠥᠩᠭᠥᠨ
ᠬᠢᠨᠠᠭᠴᠢ᠄ ᠰᠣᠨᠢᠨᠪᠠᠶᠠᠷ
