ᠴᠢ ᠮᠢᠨᠦ ᠭᠠᠩᠭᠠᠷᠠᠭᠠЧи миний гангараа Lyrics, music and video edit by Bolor-Erdene.Kh
ᠴᠢ ᠮᠢᠨᠦ ᠭᠠᠩᠭᠠᠷᠠᠭᠠ
ᠠᠯᠢᠶᠠᠬᠠᠨ ᠬᠥᠭᠵᠢᠯᠲᠡᠢ ᠴᠢᠮ᠎ᠠ ᠪᠠᠷ ᠢ᠋ᠶ᠋ᠠᠨ
ᠠᠮᠢᠳᠤᠷᠠᠯ ᠢ᠋ᠶ᠋ᠠᠨ ᠰᠡᠳᠬᠢᠯ ᠢ᠋ᠶ᠋ᠡᠨ ᠭᠠᠩᠭᠠᠯᠠᠶᠠ
ᠠᠮᠢᠨᠴᠢᠬᠠᠨ ᠨᠢᠭᠤᠴᠠᠬᠠᠨ ᠦᠭᠡᠰ ᠢ᠋ᠶ᠋ᠡᠨ ᠰᠢᠪᠡᠨᠡᠭᠡᠳ
ᠠᠳᠬᠤᠬᠠᠨ ᠵᠢᠷᠦᠬᠡᠨ ᠳ᠋ᠡᠭᠡᠨ ᠵᠢᠷᠭᠠᠶ᠎ᠠ
ᠴᠢ ᠮᠢᠨᠦ ᠵᠢᠷᠦᠬᠡᠨ ᠦ᠌ ᠭᠠᠩᠭᠠᠷᠠᠭᠠ
ᠴᠢ ᠮᠢᠨᠦ ᠰᠡᠳᠬᠢᠯ ᠦ᠋ᠨ ᠤᠶᠠᠭ᠎ᠠ
ᠴᠢ ᠴᠢ ᠮᠢᠨᠦ ᠠᠮᠢᠳᠤᠷᠠᠯ ᠤ᠋ᠨ ᠲᠤᠶᠠᠭ᠎ᠠ
ᠴᠢ ᠮᠢᠨᠦ ᠵᠢᠷᠦᠬᠡᠨ ᠦ᠌ ᠭᠠᠩᠭᠠᠷᠠᠭᠠ
ᠡᠩᠬᠦᠷᠡᠢᠬᠡᠨ ᠨᠠᠭᠠᠯᠢᠩᠬᠠᠢ ᠴᠢᠮ᠎ᠠ ᠶ᠋ᠢ ᠪᠡᠨ
ᠡᠩᠭᠡᠷ ᠲᠦ᠍ ᠪᠡᠨ ᠡᠯᠢᠭᠡᠨ ᠳ᠋ᠦ᠍ ᠪᠡᠨ ᠬᠠᠢᠷᠠᠯᠠᠶ᠎ᠠ
ᠡᠭᠡᠯᠭᠡᠨ ᠴᠢᠮᠢᠩᠬᠠᠨ ᠬᠦᠰᠡᠯ ᠢ᠋ᠶ᠋ᠡᠨ ᠰᠢᠪᠡᠨᠡᠭᠡᠳ
ᠡᠮᠵᠡᠭᠬᠡᠨ ᠰᠡᠳᠬᠢᠯ ᠢ᠋ᠶ᠋ᠡᠨ ᠠᠮᠠᠷᠠᠭᠠᠶ᠎ᠠ
ᠲᠣᠭᠣᠷᠴᠤᠭᠬᠠᠨ ᠮᠠᠯᠠᠭᠠᠢ ᠲᠠᠢ ᠴᠢᠮ᠎ᠠ ᠪᠠᠷ ᠢ᠋ᠶ᠋ᠠᠨ
ᠲᠤᠭᠤᠨᠤᠩᠬᠠᠨ ᠥᠷᠭᠥᠭᠡ ᠪᠡᠨ ᠭᠠᠩᠭᠠᠯᠠᠶᠠ
ᠲᠣᠭᠣᠮᠵᠢᠷ ᠦᠭᠡᠢ ᠬᠠᠷᠠᠴᠠᠨ ᠳ᠋ᠤ᠌ ᠴᠢᠨᠢ ᠲᠣᠭᠣᠭᠳᠠᠨ ᠲᠣᠷᠤᠭᠠᠳ
ᠲᠣᠯᠣᠭᠠᠢ ᠥᠨᠳᠥᠷ ᠠᠯᠬᠤᠶ᠎ᠠ
ᠴᠢ ᠮᠢᠨᠦ ᠵᠢᠷᠦᠬᠡᠨ ᠦ᠌ ᠭᠠᠩᠭᠠᠷᠠᠭᠠ
ᠴᠢ ᠮᠢᠨᠦ ᠰᠡᠳᠬᠢᠯ ᠦ᠋ᠨ ᠤᠶᠠᠭ᠎ᠠ
ᠴᠢ ᠴᠢ ᠮᠢᠨᠦ ᠠᠮᠢᠳᠤᠷᠠᠯ ᠤ᠋ᠨ ᠲᠤᠶᠠᠭ᠎ᠠ
ᠴᠢ ᠮᠢᠨᠦ ᠵᠢᠷᠦᠬᠡᠨ ᠦ᠌ ᠭᠠᠩᠭᠠᠷᠠᠭᠠ
ᠢᠯᠳᠠᠮᠬᠠᠨ ᠭᠤᠸᠠᠯᠢᠭᠬᠠᠨ ᠴᠢᠮ᠎ᠠ ᠪᠠᠷ ᠢ᠋ᠶ᠋ᠠᠨ
ᠢᠷᠠᠭᠤᠬᠠᠨ ᠨᠠᠰᠤᠨ ᠳ᠋ᠤ᠌ ᠪᠠᠨ ᠭᠠᠩᠭᠠᠯᠠᠶᠠ
ᠠᠷᠭᠠᠳᠠᠨ ᠤᠴᠢᠷᠯᠠᠨ ᠢᠳᠬᠠᠵᠤ ᠭᠤᠶᠤᠭᠠᠳ
ᠠᠯᠳᠠᠩᠬᠠᠨ ᠵᠠᠶᠠᠭ᠎ᠠ ᠪᠠᠨ ᠬᠣᠯᠪᠣᠶ᠎ᠠ
ᠴᠢ ᠮᠢᠨᠦ ᠵᠢᠷᠦᠬᠡᠨ ᠦ᠌ ᠭᠠᠩᠭᠠᠷᠠᠭᠠ
ᠴᠢ ᠮᠢᠨᠦ ᠰᠡᠳᠬᠢᠯ ᠦ᠋ᠨ ᠤᠶᠠᠭ᠎ᠠ
ᠴᠢ ᠴᠢ ᠮᠢᠨᠦ ᠠᠮᠢᠳᠤᠷᠠᠯ ᠤ᠋ᠨ ᠲᠤᠶᠠᠭ᠎ᠠ
ᠴᠢ ᠮᠢᠨᠦ ᠵᠢᠷᠦᠬᠡᠨ ᠦ᠌ ᠭᠠᠩᠭᠠᠷᠠᠭᠠ
ᠢᠯᠳᠠᠮᠬᠠᠨ ᠭᠤᠸᠯᠢᠬᠬᠠᠨ ᠴᠢᠮ᠎ᠠ ᠪᠠᠷ ᠢ᠋ᠶ᠋ᠠᠨ
ᠢᠷᠠᠭᠤᠬᠠᠨ ᠨᠠᠰᠤᠨ ᠳ᠋ᠠᠭᠠᠨ ᠭᠠᠩᠭᠠᠯᠠᠶᠠ
ᠠᠷᠭᠠᠳᠠᠨ ᠤᠴᠢᠷᠯᠠᠨ ᠢᠳᠬᠠᠵᠤ ᠭᠤᠶᠤᠭᠠᠳ
ᠠᠯᠳᠠᠩᠬᠠᠨ ᠵᠠᠶᠠᠭ᠎ᠠ ᠪᠠᠨ ᠬᠣᠯᠪᠣᠶ᠎ᠠ
ᠴᠢ ᠮᠢᠨᠦ ᠵᠢᠷᠦᠬᠡᠨ ᠦ᠌ ᠭᠠᠩᠭᠠᠷᠠᠭᠠ
ᠴᠢ ᠮᠢᠨᠦ ᠰᠡᠳᠬᠢᠯ ᠦ᠋ᠨ ᠤᠶᠠᠭ᠎ᠠ
ᠴᠢ ᠴᠢ ᠮᠢᠨᠦ ᠠᠮᠢᠳᠤᠷᠠᠯ ᠤ᠋ᠨ ᠲᠤᠶᠠᠭ᠎ᠠ
ᠴᠢ ᠮᠢᠨᠦ ᠵᠢᠷᠦᠬᠡᠨ ᠦ᠌ ᠭᠠᠩᠭᠠᠷᠠᠭᠠ
ᠦᠰᠦᠭ ᠠᠮᠢᠯᠠᠭᠤᠯᠤᠭᠴᠢ᠄ ᠰᠤᠨᠢᠨᠪᠠᠶᠠᠷ
ᠦᠰᠦᠭ ᠬᠠᠲᠠᠭᠴᠢ᠄ ᠰ ᠂ ᠳᠣᠷᠣᠨ᠎ᠠ
ᠬᠢᠨᠠᠭᠴᠢ᠄ ᠪᠦᠷᠢᠨ᠎ᠡ
