ᠳᠡᠯᠡᠬᠡᠢ ᠳ᠋ᠦ᠍ ᠭᠠᠭᠴᠠᠬᠠᠨ ᠨᠠᠭᠠᠳᠤᠮ -ᠠᠷᠢᠭ ᠤᠰᠤᠨ ᠬᠠᠮᠲᠤᠯᠢᠭ Дэлхийд гагцхан наадам-Ариг усан Хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠡᠬᠡᠢ ᠳ᠋ᠦ᠍ ᠭᠠᠭᠴᠠᠬᠠᠨ ᠨᠠᠭᠠᠳᠤᠮ -ᠠᠷᠢᠭ ᠤᠰᠤᠨ ᠬᠠᠮᠲᠤᠯᠢᠭ Дэлхийд гагцхан наадам-Ариг усан Хамтлаг

ᠳᠡᠯᠡᠬᠡᠢ ᠳ᠋ᠦ᠍ ᠭᠠᠭᠴᠠᠬᠠᠨ ᠨᠠᠭᠠᠳᠤᠮ -ᠠᠷᠢᠭ ᠤᠰᠤᠨ ᠬᠠᠮᠲᠤᠯᠢᠭ Дэлхийд гагцхан наадам-Ариг усан Хамтлаг

ᠠᠩᠭᠢᠯᠠᠯ:ᠳᠠᠭᠤᠤ ᠬᠥᠭᠵᠢᠮ
2025-01-06

926

ᠳᠡᠯᠡᠬᠡᠢ ᠳ᠋ᠦ᠍ ᠭᠠᠭᠴᠠᠬᠠᠨ ᠨᠠᠭᠠᠳᠤᠮ

    ᠦᠭᠡ᠄ ᠠᠵᠠᠵᠢᠷᠭᠠᠯ 
    ᠠᠶ᠎ᠠ᠄ ᠡᠩᠬᠡᠪᠠᠶᠠᠷ 
    ᠳᠠᠭᠤᠴᠢᠨ᠄ ᠠᠷᠢᠭ ᠤᠰᠤᠨ ᠬᠠᠮᠲᠤᠯᠢᠭ 
 ᠳᠡᠯᠦᠮᠡᠨ ᠵᠢᠷᠣᠭ᠎ᠠ ᠮᠣᠷᠢᠳ ᠨᠢ 
 ᠲᠣᠯᠣᠭᠠᠢ ᠬᠠᠶᠠᠯᠠᠨ ᠴᠣᠪᠬᠤᠴᠠᠭᠠᠳ 
 ᠲᠦᠷᠢᠮᠡᠬᠡᠢ ᠬᠦᠴᠦᠲᠦ ᠪᠥᠬᠡᠴᠦᠳ ᠨᠢ 
 ᠲᠣᠪᠣᠷᠤᠤ ᠭᠢᠯᠠᠯᠵᠠᠭᠤᠯᠤᠨ ᠳᠡᠪᠢᠭᠰᠡᠨ 
 ᠲᠣᠭᠣᠨᠣ ᠪᠠᠷ ᠲᠤᠰᠬᠤ ᠨᠠᠷᠠᠨ ᠤ᠋ 
 ᠠᠯᠲᠠᠨ ᠴᠠᠴᠤᠷᠠᠭ ᠢ᠋ ᠰᠥᠩᠨᠡᠭᠦᠯᠦᠨ 
 ᠳᠡᠭᠡᠪᠦᠷ ᠭᠢᠯᠠᠯᠵᠠᠬᠤ ᠠᠰᠠᠷ ᠲᠠᠭᠠᠨ
 ᠠᠭᠠᠭ ᠨᠢ ᠪᠠᠭᠲᠠᠬᠤ ᠦᠭᠡᠢ ᠥᠰᠦᠭᠰᠡᠨ
 ᠳᠡᠯᠭᠡᠷ ᠲᠦᠮᠡᠨ ᠦ᠌ ᠨᠠᠭᠠᠳᠤᠮ
 ᠳᠡᠯᠡᠬᠡᠢ ᠪᠠᠭᠠᠳᠠᠭᠰᠠᠨ ᠨᠠᠭᠠᠳᠤᠮ
 ᠲᠩᠷᠢ ᠶ᠋ᠢᠨ ᠦ᠌ ᠵᠠᠭᠠᠳᠠᠭᠰᠤᠨ᠎ᠡᠴᠡ ᠠᠯᠳᠠᠭᠤᠷᠠᠭᠰᠠᠨ
 ᠳᠡᠯᠡᠬᠡᠢ ᠳ᠋ᠦ᠍ ᠭᠠᠭᠴᠠᠬᠠᠨ ᠨᠠᠭᠠᠳᠤᠮ
 ᠤᠷᠠᠨ ᠰᠢᠳᠡᠷ᠎ᠡ ᠶ᠋ᠢᠨ ᠨᠡᠭᠦᠳᠡᠯ ᠨᠢ
 ᠤᠬᠠᠭᠠᠨ ᠰᠣᠢᠵᠤ ᠤᠷᠤᠰᠤᠭᠠᠳ
 ᠤᠶᠠᠬᠠᠨ ᠬᠣᠷᠸ᠎ᠠ ᠦᠵᠡᠰᠬᠦᠯᠡᠩ
 ᠤᠷᠮ᠎ᠠ ᠰᠡᠷᠭᠦᠭᠡᠨ ᠪᠥᠵᠢᠭᠰᠡᠨ
 ᠳᠠᠭᠠᠨ᠎ᠠ ᠶ᠋ᠢᠨ ᠲᠣᠷᠭᠠᠨ ᠠᠢᠷᠠᠭ
 ᠬᠤᠯᠤ ᠪᠠᠷ ᠪᠢᠯᠬᠠᠷᠠ ᠮᠡᠯᠲᠡᠯᠵᠡᠭᠰᠡᠨ
 ᠲᠣᠷᠲᠣᠭ ᠦᠭᠡᠢ ᠭᠣᠶᠣᠯᠳᠠᠨ
 ᠳᠥᠷᠥᠭᠡ ᠮᠣᠯᠳᠣᠯᠡᠨ ᠮᠡᠨᠳᠦᠯᠡᠭᠰᠡᠨ
 ᠳᠡᠯᠭᠡᠷ ᠲᠦᠮᠡᠨ ᠦ᠌ ᠨᠠᠭᠠᠳᠤᠮ
 ᠳᠡᠯᠡᠬᠡᠢ ᠪᠠᠭᠠᠳᠠᠭᠰᠠᠨ ᠨᠠᠭᠠᠳᠤᠮ
 ᠲᠩᠷᠢ ᠶ᠋ᠢᠨ ᠦ᠌ ᠵᠠᠭᠠᠳᠠᠭᠰᠤᠨ᠎ᠡᠴᠡ ᠠᠯᠳᠠᠭᠤᠷᠠᠭᠰᠠᠨ
 ᠳᠡᠯᠡᠬᠡᠢ ᠳ᠋ᠦ᠍ ᠭᠠᠭᠴᠠᠬᠠᠨ ᠨᠠᠭᠠᠳᠤᠮ
 ᠢᠷᠠᠭᠤ ᠬᠥᠭᠡᠮᠡᠢ ᠶ᠋ᠢᠨ ᠡᠬᠡᠰᠢᠭ ᠢ᠋ ᠨᠢ
 ᠠᠭᠤᠯᠠᠰ ᠴᠢᠩᠨᠠᠨ ᠨᠠᠮᠬᠠᠷᠠᠭᠰᠠᠨ
 ᠡᠷᠴᠢᠲᠦ ᠨᠤᠮᠤ ᠶ᠋ᠢᠨ ᠬᠤᠷᠳᠤ ᠲᠠᠢ ᠨᠢ
 ᠰᠠᠯᠬᠢ ᠤᠷᠤᠯᠳᠤᠨ ᠴᠤᠴᠠᠭᠰᠠᠨ
 ᠤᠷᠲᠤ ᠶ᠋ᠢᠨ ᠳᠠᠭᠤᠤ ᠶ᠋ᠢᠨ ᠰᠢᠷᠤᠩᠬᠠᠢ
 ᠲᠤᠯᠤᠭᠠᠳ ᠳᠠᠮᠵᠢᠨ ᠴᠤᠤᠷᠢᠶᠠᠲᠤᠭᠰᠠᠨ
 ᠤᠬᠠᠭᠠᠨᠲᠤ ᠡᠪᠦᠭᠡᠳ ᠦ᠋ᠨ ᠰᠤᠷᠭᠠᠯ
 ᠤᠳᠤᠮ ᠳᠠᠮᠵᠢᠨ ᠢᠷᠥᠭᠡᠭᠰᠡᠨ
 ᠳᠡᠯᠭᠡᠷ ᠲᠦᠮᠡᠨ ᠦ᠌ ᠨᠠᠭᠠᠳᠤᠮ
 ᠳᠡᠯᠡᠬᠡᠢ ᠪᠠᠭᠠᠳᠠᠭᠰᠠᠨ ᠨᠠᠭᠠᠳᠤᠮ
 ᠲᠩᠷᠢ ᠶ᠋ᠢᠨ ᠦ᠌ ᠵᠠᠭᠠᠳᠠᠭᠰᠤᠨ᠎ᠡᠴᠡ ᠠᠯᠳᠠᠭᠤᠷᠠᠭᠰᠠᠨ
 ᠳᠡᠯᠡᠬᠡᠢ ᠳ᠋ᠦ᠍ ᠭᠠᠭᠴᠠᠬᠠᠨ ᠨᠠᠭᠠᠳᠤᠮ
 
   ᠦᠰᠦᠭ ᠠᠮᠢᠯᠠᠭᠤᠯᠤᠭᠰᠠᠨ᠄ ᠪᠦᠷᠢᠨᠵᠢᠷᠭᠠᠯ
   ᠦᠰᠦᠭ ᠬᠠᠲᠠᠭᠰᠠᠨ ᠨᠢ᠄ ᠪᠦᠷᠢᠨᠵᠢᠷᠭᠠᠯ
   ᠬᠢᠨᠠᠭᠴᠢ ᠪᠠᠭᠰᠢ᠄ ᠡᠷᠳᠡᠨᠢᠪᠢᠯᠢᠭ· ᠣᠳᠬᠤᠩᠬᠤᠸᠠᠷ