ᠮᠣᠷᠢᠨ ᠴᠠᠭ -ᠣᠶᠤᠨ ᠡᠷᠳᠡᠨᠢМорин цаг-Оюун-ЭрдэнOyun-Erdene-Morin tsag
ᠮᠣᠷᠢᠨ ᠴᠠᠭ
ᠣᠶᠤᠨ ᠡᠷᠳᠡᠨᠢ
ᠠᠴᠢᠲᠠᠢ ᠪᠤᠭᠤᠷᠤᠯ ᠡᠵᠢ ᠮᠢᠨᠢ
ᠳᠥᠷᠦᠭᠡᠨ ᠰᠦ ᠪᠡᠷ ᠮᠢᠯᠢᠶᠠᠪᠠ
ᠠᠩᠬᠠᠨ ᠤ᠋ ᠬᠥᠯᠦᠭ ᠦ᠋ᠨ ᠵᠢᠯᠣᠭᠣ ᠶ᠋ᠢ
ᠠᠪᠤ ᠨᠢ ᠬᠦᠦ ᠳ᠋ᠡᠭᠡᠨ ᠠᠳᠬᠤᠭᠤᠯᠪᠠ
ᠠᠭᠯᠠᠭ ᠠᠭᠤᠯᠠ ᠶ᠋ᠢᠨ ᠬᠥᠳᠡᠭᠡ ᠳ᠋ᠦ᠍
ᠠᠢᠯ ᠤ᠋ᠨ ᠨᠠᠢᠷ ᠴᠡᠩᠭᠡᠪᠡ
ᠠᠰᠢᠳᠠ ᠶ᠋ᠢᠨ ᠪᠡᠯᠭᠡ ᠢᠷᠦᠭᠡᠯ ᠲᠡᠢ
ᠮᠣᠷᠢᠨ ᠴᠠᠭ ᠡᠬᠢᠯᠡᠪᠡ
ᠮᠣᠷᠢᠨ ᠤ᠋ ᠠᠯᠬᠤᠭ᠎ᠠ ᠬᠣᠯᠠ ᠭᠡᠳ
ᠮᠣᠷᠢᠨ ᠴᠠᠭ ᠢ᠋ᠶ᠋ᠠᠨ ᠬᠦᠯᠢᠶᠡᠯ᠎ᠡ ᠬᠦ᠋
ᠮᠣᠯᠣᠷ ᠡᠷᠳᠡᠨᠢ ᠶ᠋ᠢᠨ ᠬᠡᠢᠮᠣᠷᠢ
ᠮᠣᠩᠭᠣᠯ ᠵᠠᠶᠠᠭ᠎ᠠ ᠪᠠᠨ ᠲᠦᠰᠢᠨ᠎ᠡ ᠬᠦ᠋
ᠳᠡᠯᠭᠡᠵᠦ ᠤᠷᠠᠯᠠᠭᠰᠠᠨ ᠳᠡᠪᠡᠯ ᠦ᠋ᠨ
ᠤᠷᠢᠳᠤ ᠶ᠋ᠢᠨ ᠤᠴᠢᠷ ᠢ᠋ ᠳᠡᠭᠦᠷᠪᠡ
ᠳᠡᠯ ᠲᠡᠢ ᠬᠡᠢᠮᠣᠷᠢ ᠮᠣᠷᠳᠠᠭᠤᠯᠵᠤ
ᠡᠪᠦᠭᠡᠨ ᠤᠶᠠᠭᠠᠴᠢ ᠶᠣᠰᠣᠯᠠᠪᠠ
ᠳᠡᠨᠵᠢ ᠶ᠋ᠢᠨ ᠰᠡᠷᠢᠭᠦᠨ ᠵᠤᠰᠠᠯᠠᠩ ᠳ᠋ᠤ᠌
ᠡᠬᠢᠨ ᠦ᠌ ᠠᠢᠷᠠᠭ ᠱᠤᠤᠭᠢᠪᠠ
ᠳᠡᠯᠭᠡᠷ ᠮᠣᠩᠭᠣᠯ ᠤ᠋ᠨ ᠬᠣᠢᠮᠣᠷ ᠲᠤ᠌
ᠮᠣᠷᠢᠨ ᠴᠠᠭ ᠡᠬᠢᠯᠡᠪᠡ
ᠮᠣᠷᠢᠨ ᠤ᠋ ᠠᠯᠬᠤᠭ᠎ᠠ ᠬᠣᠯᠠ ᠭᠡᠳ
ᠮᠣᠷᠢᠨ ᠴᠠᠭ ᠢ᠋ᠶ᠋ᠠᠨ ᠬᠦᠯᠢᠶᠡᠯ᠎ᠡ ᠬᠦ᠋
ᠮᠣᠯᠣᠷ ᠡᠷᠳᠡᠨᠢ ᠶ᠋ᠢᠨ ᠬᠡᠢᠮᠣᠷᠢ
ᠮᠣᠩᠭᠣᠯ ᠵᠠᠶᠠᠭ᠎ᠠ ᠪᠠᠨ ᠲᠦᠰᠢᠨ᠎ᠡ ᠬᠦ᠋
ᠠᠮᠠᠷᠠᠭ ᠬᠠᠢᠷ᠎ᠠ ᠶ᠋ᠢᠨ ᠤᠴᠠᠷᠠᠯ
ᠠᠯᠲᠠᠨ ᠪᠦᠯᠡᠵᠡᠭ ᠵᠥᠷᠢᠭᠦᠯᠡᠪᠡ
ᠠᠯᠳᠠᠷᠠᠢ ᠬᠣᠩᠭᠣᠷ ᠦᠷᠡᠰ ᠦ᠋ᠨ
ᠳᠠᠭᠠᠬᠢᠨ ᠰᠡᠪᠡᠯᠭᠡ ᠶ᠋ᠢ ᠦᠷᠭᠦᠭᠡᠪᠡ
ᠠᠷᠠᠳ ᠤ᠋ᠨ ᠳᠠᠭᠤᠤ ᠤᠶᠠᠷᠠᠯ
ᠵᠢᠷᠦᠬᠡᠨ ᠳᠠᠭᠤᠨ ᠳ᠋ᠤ᠌ ᠡᠭᠡᠰᠢᠭᠯᠡᠪᠡ
ᠠᠵᠠ ᠶ᠋ᠢᠨ ᠲᠩᠷᠢ ᠴᠡᠯᠮᠡᠢᠵᠦ
ᠮᠣᠷᠢᠨ ᠴᠠᠭ ᠡᠬᠢᠯᠡᠪᠡ
ᠮᠣᠷᠢᠨ ᠤ᠋ ᠠᠯᠬᠤᠭ᠎ᠠ ᠬᠣᠯᠠ ᠭᠡᠳ
ᠮᠣᠷᠢᠨ ᠴᠠᠭ ᠢ᠋ᠶ᠋ᠠᠨ ᠬᠦᠯᠢᠶᠡᠯ᠎ᠡ ᠬᠦ᠋
ᠮᠣᠯᠣᠷ ᠡᠷᠳᠡᠨᠢ ᠶ᠋ᠢᠨ ᠬᠡᠢᠮᠣᠷᠢ
ᠮᠣᠩᠭᠣᠯ ᠵᠠᠶᠠᠭ᠎ᠠ ᠪᠠᠨ ᠲᠦᠰᠢᠨ᠎ᠡ ᠬᠦ᠋
ᠮᠣᠷᠢᠨ ᠤ᠋ ᠠᠯᠬᠤᠭ᠎ᠠ ᠬᠣᠯᠠ ᠭᠡᠳ
ᠮᠣᠷᠢᠨ ᠴᠠᠭ ᠢ᠋ᠶ᠋ᠠᠨ ᠬᠦᠯᠢᠶᠡᠯ᠎ᠡ ᠬᠦ᠋
ᠮᠣᠯᠣᠷ ᠡᠷᠳᠡᠨᠢ ᠶ᠋ᠢᠨ ᠬᠡᠢᠮᠣᠷᠢ
ᠮᠣᠩᠭᠣᠯ ᠵᠠᠶᠠᠭ᠎ᠠ ᠪᠠᠨ ᠲᠦᠰᠢᠨ᠎ᠡ ᠬᠦ᠋
ᠮᠣᠩᠭᠣᠯ ᠵᠠᠶᠠᠭ᠎ᠠ ᠪᠠᠨ ᠲᠦᠰᠢᠨ᠎ᠡ ᠬᠦ᠋
ᠦᠰᠦᠭ ᠠᠮᠢᠯᠠᠭᠤᠯᠤᠭᠴᠢ᠄ᠮᠥᠩᠭᠥᠨ
ᠬᠢᠨᠠᠭᠴᠢ᠄ ᠪᠦᠷᠢᠨ᠎ᠡ᠂ ᠰᠤᠨᠢᠨᠪᠠᠶᠠᠷ
