ᠮᠠᠯᠴᠢᠨ ᠲᠦᠮᠡᠨ ᠳᠦ ᠪᠡᠨ ᠺᠢᠨᠣ᠋ ᠺᠣᠨᠼᠧᠷᠲ-ᠠᠯᠲᠠᠨᠲᠦᠯᠬᠢᠭᠦᠷ Алтантүлхүүр - Малчин түмэндээ кино концерт ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ ᠲᠦᠮᠡᠨ ᠳᠦ ᠪᠡᠨ ᠺᠢᠨᠣ᠋ ᠺᠣᠨᠼᠧᠷᠲ-ᠠᠯᠲᠠᠨᠲᠦᠯᠬᠢᠭᠦᠷ Алтантүлхүүр - Малчин түмэндээ кино концерт

ᠮᠠᠯᠴᠢᠨ ᠲᠦᠮᠡᠨ ᠳᠦ ᠪᠡᠨ ᠺᠢᠨᠣ᠋ ᠺᠣᠨᠼᠧᠷᠲ-ᠠᠯᠲᠠᠨᠲᠦᠯᠬᠢᠭᠦᠷ Алтантүлхүүр - Малчин түмэндээ кино концерт

ᠠᠩᠭᠢᠯᠠᠯ:ᠳᠠᠭᠤᠤ ᠬᠥᠭᠵᠢᠮ
2025-01-04

666

ᠮᠠᠯᠴᠢᠨ ᠲᠦᠮᠡᠨ ᠳᠦ ᠪᠡᠨ ᠺᠢᠨᠣ᠋ ᠺᠣᠨᠼᠧᠷᠲ

 ᠮᠢᠩᠭᠠᠲᠤ ᠮᠠᠯᠴᠢᠨ 

   — ᠳᠠᠭᠤᠴᠢᠨ᠄  ᠴ· ᠠᠯᠲᠠᠨᠲᠥ᠋ᠯᠬᠢᠭᠦᠷ 
   ᠠᠶ᠎ᠠ ᠵᠣᠬᠢᠶᠠᠭᠴᠢ᠄ ᠨ· ᠴᠢᠯᠠᠭᠤᠨᠬᠦᠦ  
 ᠲᠡᠷᠡᠢᠵᠦ ᠢᠷᠠᠭᠯᠠᠬᠤ ᠰᠥᠷᠦᠭ ᠦ᠋ᠨ ᠬᠣᠲᠠᠨ ᠠ᠋ᠴᠠ 
 ᠳᠠᠭᠠᠨ᠎ᠠ ᠶ᠋ᠢᠨ ᠰᠣᠷᠢᠰᠤ ᠬᠠᠮᠠᠷ ᠴᠣᠷᠭᠢᠭᠠᠳ  
 ᠮᠢᠩᠭᠠᠲᠤ ᠮᠠᠯᠴᠢᠨ ᠤ᠋ ᠳᠤᠯᠠᠭᠠᠨ ᠡᠪᠦᠯᠵᠢᠶ᠎ᠡ ᠳ᠋ᠦ᠍ 
 ᠮᠠᠢᠯᠠᠬᠤ ᠲᠥᠯ ᠦ᠋ᠨ ᠳᠠᠭᠤ ᠴᠠᠩᠭᠢᠨᠠᠮ᠎ᠠ 
 ᠪᠤᠭᠤᠷᠤᠯ ᠤ᠋ᠨ ᠪᠤᠶᠠᠨ ᠢ᠋ ᠪᠤᠭᠤᠳᠠᠢ ᠰᠢᠭ᠋ ᠦᠷᠡᠵᠢᠭᠦᠯᠦᠭᠰᠡᠨ 
 ᠪᠤᠶᠠᠨ ᠤ᠋ ᠲᠩᠷᠢ ᠲᠡᠢ ᠮᠠᠯᠴᠢᠨ ᠲᠠᠨ ᠤ᠋ ᠳ᠋ᠤ᠌ 
 ᠲᠦᠮᠡᠲᠦ ᠰᠦᠷᠦᠭ ᠲᠦ ᠶᠢ ᠪᠠᠭᠲᠠᠭᠠᠮ᠎ᠠ ᠠᠯᠳᠠᠷ ᠢ᠋ 
 ᠲᠡᠷᠢᠭᠦᠯᠡᠵᠦ ᠬᠦᠷᠲᠡᠬᠦ ᠶ᠋ᠢᠨ ᠢᠷᠥᠭᠡᠯ ᠡᠷᠭᠦᠶ᠎ᠡ 

 ᠠᠳᠤᠭᠤ ᠲᠠᠢ ᠲᠠᠯ᠎ᠠ ᠶ᠋ᠢᠨ ᠰᠠᠯᠬᠢᠨ ᠳᠡᠭᠡᠷ᠎ᠡ ᠡᠴᠡ
 ᠠᠢᠷᠠᠭ ᠤ᠋ᠨ ᠦᠨᠦᠷ ᠳᠣᠲᠣᠷ᠎ᠠ ᠬᠠᠯᠠᠭᠠᠭᠠᠳ
 ᠮᠢᠩᠭᠠᠲᠤ ᠮᠠᠯᠴᠢᠨ ᠤ᠋ ᠰᠡᠷᠮᠡᠭᠦᠨ ᠪᠡᠯᠴᠢᠭᠡᠷ 
ᠰᠢᠨᠳᠠᠰᠤᠲᠤ ᠬᠥᠯᠦᠭ ᠦ᠋ᠨ ᠢᠨᠴᠠᠭᠠᠯᠳᠤ ᠴᠠᠩᠭᠢᠨᠠᠮ᠎ᠠ
 ᠠᠪᠤ ᠶ᠋ᠢᠨ ᠪᠤᠶᠠᠨ ᠢ᠋ ᠠᠷᠪᠠᠢ ᠰᠢᠭ᠋ ᠠᠷᠪᠢᠵᠢᠭᠤᠯᠤᠭᠰᠠᠨ
 ᠠᠮᠠᠨ ᠤ᠋ ᠬᠡᠰᠢᠭ ᠲᠡᠢ ᠮᠠᠯᠴᠢᠨ ᠲᠠᠨ ᠤ᠋ ᠳ᠋ᠤ᠌
 ᠠᠵᠠ ᠶ᠋ᠢᠨ ᠲᠩᠷᠢ ᠲᠡᠢ ᠭᠢᠯᠠᠯᠵᠠᠨ ᠶᠠᠪᠤᠬᠤ ᠶ᠋ᠢᠨ
 ᠠᠯᠳᠠᠷ ᠬᠦᠨᠳᠦ ᠶ᠋ᠢᠨ ᠢᠷᠥᠭᠡᠯ ᠡᠷᠭᠦᠶ᠎ᠡ

 ᠳᠦᠩᠭᠦᠷ ᠴᠠᠭᠠᠨ ᠥᠷᠭᠥᠭᠡ ᠭᠡᠷ ᠡᠴᠡ
 ᠳᠠᠭᠤᠤ ᠬᠤᠭᠤᠷ ᠤ᠋ᠨ ᠠᠶᠠᠯᠭᠤ ᠲᠦᠷᠡᠭᠡᠳ
 ᠵᠢᠷᠠᠨ ᠵᠢᠷᠠᠨ ᠢ᠋ᠶ᠋ᠠᠷ ᠨᠠᠶᠢᠷᠰᠣᠨ ᠴᠡᠩᠭᠡᠭᠡᠳ
 ᠵᠢᠷᠭᠠᠯ ᠲᠠᠢ ᠲᠦᠮᠡᠨ ᠦ᠌ ᠢᠨᠢᠶᠡᠳᠦ ᠴᠠᠯᠭᠢᠨ᠎ᠠ
 ᠪᠤᠭᠤᠷᠤᠯ ᠤ᠋ᠨ ᠪᠤᠶᠠᠨ ᠢ᠋ ᠪᠤᠭᠤᠳᠠᠢ ᠰᠢᠭ᠋ ᠦᠷᠡᠵᠢᠭᠦᠯᠦᠭᠰᠡᠨ
 ᠪᠤᠶᠠᠨ ᠤ᠋ ᠲᠩᠷᠢ ᠲᠡᠢ ᠮᠠᠯᠴᠢᠨ ᠲᠠᠨ ᠤ᠋ ᠳ᠋ᠤ᠌
 ᠲᠦᠮᠡᠲᠦ ᠰᠦᠷᠦᠭ ᠲᠦ ᠶᠢ ᠪᠠᠭᠲᠠᠭᠠᠮ᠎ᠠ ᠠᠯᠳᠠᠷ ᠢ᠋
 ᠲᠡᠷᠢᠭᠦᠯᠡᠵᠦ ᠬᠦᠷᠲᠡᠬᠦ ᠶ᠋ᠢᠨ ᠢᠷᠥᠭᠡᠯ ᠡᠷᠭᠦᠶ᠎ᠡ
 ᠠᠪᠤ ᠶ᠋ᠢᠨ ᠪᠤᠶᠠᠨ ᠢ᠋ ᠠᠷᠪᠠᠢ ᠰᠢᠭ᠋ ᠠᠷᠪᠢᠵᠢᠭᠤᠯᠤᠭᠰᠠᠨ
 ᠠᠮᠠᠨ ᠤ᠋ ᠬᠡᠰᠢᠭ ᠲᠡᠢ ᠮᠠᠯᠴᠢᠨ ᠲᠠᠨ ᠤ᠋ ᠳ᠋ᠤ᠌
 ᠠᠵᠠ ᠶ᠋ᠢᠨ ᠲᠩᠷᠢ ᠲᠡᠢ ᠭᠢᠯᠠᠯᠵᠠᠨ ᠶᠠᠪᠤᠬᠤ ᠶ᠋ᠢᠨ
 ᠠᠯᠳᠠᠷ ᠬᠦᠨᠳᠦ ᠶ᠋ᠢᠨ ᠢᠷᠥᠭᠡᠯ ᠡᠷᠭᠦᠶ᠎ᠡ
 ᠠᠯᠳᠠᠷ ᠬᠦᠨᠳᠦ ᠶ᠋ᠢᠨ ᠢᠷᠥᠭᠡᠯ ᠡᠷᠭᠦᠶ᠎ᠡ

 ᠦᠰᠦᠭ ᠠᠮᠢᠯᠠᠭᠤᠯᠤᠭᠴᠢ ᠄ ᠮᠥᠩᠭᠥᠨ