ᠴᠢᠮᠡᠭᠲᠦ ᠨᠣᠭᠣᠭᠠᠨ ᠬᠢᠩᠭᠠᠨ - ᠳᠠᠢᠴᠢᠨЧимэгт ногоон хянган-Дайчин
ᠴᠢᠮᠡᠭᠲᠦ ᠨᠣᠭᠣᠭᠠᠨ ᠬᠢᠩᠭᠠᠨ
ᠦᠭᠡ : ᠪᠣᠷᠵᠢᠭᠢᠨ ᠳᠡᠭ᠌ᠵᠢᠷᠡᠬᠦ᠌
ᠠᠶ᠎ᠠ : ᠰᠠᠷᠭᠠᠢ
ᠳᠠᠭᠤᠴᠢᠨ: ᠢᠷᠥᠭᠡᠯᠲᠦ
ᠴᠡᠯᠮᠡᠭ ᠬᠥᠬᠡ ᠲᠩᠷᠢ ᠡᠭᠦᠯᠡᠰ ᠢ᠋ᠶ᠋ᠡᠨ ᠰᠢᠯᠭᠡᠭᠡᠭᠰᠡᠨ
ᠴᠡᠴᠡᠭᠬᠡᠨ ᠪᠣᠭᠳᠠ ᠠᠭᠤᠯᠠ ᠨᠢ ᠲᠠᠯ᠎ᠠ ᠪᠠᠨ ᠮᠠᠨᠠᠭᠰᠠᠨ
ᠴᠡᠪᠡᠷᠬᠡᠨ ᠭᠣᠣᠯ ᠭᠣᠷᠣᠬ᠎ᠠ ᠨᠢ ᠨᠤᠲᠤᠭ ᠢ᠋ᠶ᠋ᠠᠨ ᠤᠮᠳᠠᠯᠠᠭᠠᠳ
ᠴᠡᠯᠭᠡᠷᠬᠡᠨ ᠣᠢ ᠬᠥᠪᠴᠢ ᠨᠢ ᠪᠠᠢᠭᠠᠯᠢ ᠪᠠᠨ ᠴᠢᠮᠡᠨ᠎ᠡ
ᠴᠢᠮᠡᠭᠲᠦ ᠨᠣᠭᠣᠭᠠᠨ ᠬᠢᠩᠭᠠᠨ ᠮᠢᠨᠢ
ᠠᠷᠠᠳ ᠤ᠋ᠨ ᠳᠠᠭᠤᠤ ᠰᠢᠭ᠋ ᠤᠶᠠᠩᠭᠠᠯᠢᠭ ᠳᠠ
ᠴᠢᠩᠭᠢᠰ ᠦ᠋ᠨ ᠰᠦᠮ᠎ᠡ ᠶ᠋ᠢᠨ ᠳᠠᠭᠠᠳᠬᠠᠯ ᠮᠢᠨᠢ
ᠷᠠᠰᠢᠶᠠᠨ ᠪᠤᠯᠠᠭ ᠰᠢᠭ᠋ ᠠᠷᠢᠭᠤᠬᠠᠨ ᠳᠠ
ᠳᠥᠷᠪᠡᠨ ᠤᠲᠠᠰᠤᠲᠤ ᠬᠤᠭᠤᠷ ᠨᠢ ᠲᠡᠦᠬᠡ ᠪᠡᠨ ᠬᠥᠭᠯᠡᠭᠰᠡᠨ
ᠳᠦᠷᠢᠯᠡᠭᠡ ᠪᠠᠶᠠᠨ ᠳᠠᠭᠤᠤ ᠨᠢ ᠠᠷᠠᠳ ᠢ᠋ᠶ᠋ᠠᠨ ᠪᠦᠪᠡᠢᠯᠡᠭᠰᠡᠨ
ᠳᠥᠷᠥᠭᠡ ᠶ᠋ᠢ ᠮᠢᠯᠢᠶᠠᠭᠰᠠᠨ ᠰᠦ ᠨᠢ
ᠢᠲᠡᠭᠡᠯ ᠢ᠋ᠶ᠋ᠡᠨ ᠡᠷᠴᠢᠯᠡᠭᠡᠳ
ᠳᠡᠭᠦᠯᠢᠨ ᠳᠠᠪᠬᠢᠬᠤ ᠬᠦᠯᠦᠭ ᠨᠢ ᠪᠣᠭᠳᠠ ᠪᠠᠨ ᠦᠭᠡᠢᠯᠡᠨ᠎ᠡ
ᠴᠢᠮᠡᠭᠲᠦ ᠨᠣᠭᠣᠭᠠᠨ ᠬᠢᠩᠭᠠᠨ ᠮᠢᠨᠢ
ᠠᠷᠠᠳ ᠤ᠋ᠨ ᠳᠠᠭᠤᠤ ᠰᠢᠭ᠋ ᠤᠶᠠᠩᠭᠠᠯᠢᠭ ᠳᠠ
ᠴᠢᠩᠭᠢᠰ ᠦ᠋ᠨ ᠰᠦᠮ᠎ᠡ ᠶ᠋ᠢᠨ ᠳᠠᠭᠠᠳᠬᠠᠯ ᠮᠢᠨᠢ
ᠷᠠᠰᠢᠶᠠᠨ ᠪᠤᠯᠠᠭ ᠰᠢᠭ᠋ ᠠᠷᠢᠭᠤᠬᠠᠨ ᠳᠠ
ᠦᠰᠦᠭ ᠠᠮᠢᠯᠠᠭᠤᠯᠤᠭ᠍ᠴᠢ: ᠭᠡᠷᠡᠯᠲᠦ
ᠦᠰᠦᠭ ᠬᠠᠳᠠᠭ᠍ᠴᠢ: ᠠᠵᠠᠵᠠᠶᠠᠭ᠎ᠠ
ᠬᠢᠨᠠᠭ᠍ᠴᠢ: ᠦᠨᠳᠦᠰᠦ᠂ ᠰ᠂ᠳᠣᠷᠣᠨ᠎ᠠ᠂ ᠨᠠᠷᠠᠨᠮᠠᠨᠳᠠ
