ᠬᠦᠰᠡᠯ ᠦ᠋ᠨ ᠰᠢᠨ᠎ᠡ ᠵᠢᠯEyeS Хүслийн шинэ жил
ᠬᠦᠰᠡᠯ ᠦ᠋ᠨ ᠰᠢᠨ᠎ᠡ ᠵᠢᠯ
ᠥᠷᠯᠥᠭᠡᠨ ᠦ᠌ ᠴᠡᠩᠭᠡᠭ ᠲᠠᠩᠰᠤᠭ ᠦᠨᠦᠷ ᠢ᠋ᠶ᠋ᠡᠷ
ᠥᠩᠭᠡ ᠥᠩᠭᠡ ᠶ᠋ᠢᠨ ᠪᠣᠳᠣᠯ ᠦᠳ ᠭᠡᠭᠡᠯᠵᠡᠨ ᠠᠰᠠᠯᠠ
ᠦᠨᠡᠨ ᠬᠠᠢᠷ᠎ᠠ ᠶ᠋ᠢᠨ ᠰᠠᠢᠬᠠᠨ ᠢ᠋ ᠮᠡᠳᠡᠷᠡᠭᠦᠯᠵᠦ
ᠦᠵᠡᠰᠬᠦᠯᠡᠩᠲᠦ ᠴᠠᠰᠤᠬᠠᠨ ᠬᠠᠴᠠᠷ ᠲᠤ᠌ ᠳᠤᠷᠠᠯᠠᠭᠠᠳ
ᠴᠢᠮ᠎ᠠ ᠲᠠᠢ ᠴᠣᠭ ᠨᠢᠭᠡ ᠨᠠᠰᠤ ᠨᠡᠮᠡᠯ᠎ᠡ
ᠡᠬᠡ ᠳᠡᠯᠡᠬᠡᠢ ᠴᠢᠮ᠎ᠠ ᠶ᠋ᠢ ᠲᠣᠭᠣᠷᠢᠨ ᠡᠷᠭᠢᠵᠦ ᠪᠠᠢᠨ᠎ᠠ
ᠡᠨᠡ ᠶᠢᠷᠲᠢᠨᠴᠦ ᠴᠢᠨᠦ ᠲᠥᠯᠥᠭᠡ ᠴᠣᠬᠢᠯᠠᠵᠤ ᠪᠠᠢᠨ᠎ᠠ
ᠴᠠᠭ ᠬᠤᠭᠤᠴᠠᠭ᠎ᠠ ᠴᠢᠮ᠎ᠠ ᠳ᠋ᠤ᠌ ᠵᠣᠷᠢᠭᠤᠯᠵᠤ ᠭᠤᠨᠢᠭ ᠢ᠋ᠶ᠋ᠠᠨ ᠳᠠᠭᠤᠯᠠᠵᠤ ᠪᠠᠢᠨ᠎ᠠ
ᠴᠢᠮ᠎ᠠ ᠳ᠋ᠤ᠌ ᠲᠡᠪᠡᠷᠢᠨ ᠥᠬᠢᠨ ᠢ᠋ᠶ᠋ᠡᠨ ᠡᠷᠬᠡᠯᠡᠭᠦᠯᠵᠦ ᠪᠠᠢᠨ᠎ᠠ
ᠰᠢᠨᠡᠬᠡᠨ ᠡᠨᠡ ᠣᠷᠴᠢᠯᠠᠩ ᠰᠡᠭᠦᠳᠡᠷᠡᠭᠴᠢ ᠤᠳᠠᠭ᠎ᠠ
ᠰᠢᠨ᠎ᠡ ᠮᠠᠷᠭᠠᠰᠢ ᠶ᠋ᠢᠨ ᠪᠡᠯᠡᠭ ᠪᠣᠯᠭᠠᠨ ᠪᠣᠯᠤᠯ᠎ᠠ
ᠠᠯᠠᠭ᠎ᠠ ᠪᠠᠨ ᠲᠣᠰᠣᠨ ᠮᠢᠰᠢᠶᠡᠯ ᠰᠠᠴᠤᠷᠠᠭᠤᠯᠵᠤ
ᠠᠶᠠᠯᠭᠤ ᠰᠢᠪᠡᠨᠡᠵᠦ ᠤᠶᠠᠩᠭ᠎ᠠ ᠳᠠᠭᠤᠯᠠᠭᠠᠳ
( ᠳᠠᠬᠢᠯᠲᠠ)
ᠦᠳᠡᠰᠢ ᠶ᠋ᠢᠨ ᠣᠳᠣᠳ ᠭᠠᠵᠠᠷ ᠲᠤ᠌ ᠪᠠᠭᠤᠭᠠᠳ
ᠦᠯᠢᠭᠡᠷ ᠦ᠋ᠨ ᠬᠣᠲᠠ ᠶ᠋ᠢ ᠨᠠᠳᠠᠳᠤ ᠥᠭᠭᠦᠯ᠎ᠡ
ᠡᠭᠦᠷᠢᠳᠡ ᠶ᠋ᠢᠨ ᠢᠯᠭᠤᠮ ᠰᠠᠯᠬᠢᠨ ᠪᠠᠢᠵᠤ
ᠦᠨᠡᠨ ᠭᠠᠶᠢᠬᠠᠮ᠎ᠠ ᠨᠠᠳᠠ ᠠ᠋ᠴᠠ ᠡᠬᠢᠯᠡᠭᠡᠳ
( ᠳᠠᠬᠢᠯᠲᠠ)
ᠦᠰᠦᠭ ᠠᠮᠢᠯᠠᠭᠤᠯᠤᠭᠴᠢ ᠄ ᠪᠦᠷᠢᠨ᠎ᠡ
