ᠰᠢᠨ᠎ᠡ ᠵᠢᠯ -ᠡᠷᠳᠡᠨᠢᠭᠡᠷᠡᠯШинэ жил-Эрдэнэгэрэл
ᠰᠢᠨ᠎ᠡ ᠵᠢᠯ
ᠦᠭᠡ᠂ ᠠᠶ᠎ᠠ᠄ ᠬᠣᠳᠠᠯᠠᠪᠠᠶᠠᠷ
ᠳᠠᠭᠤᠴᠢᠨ᠄ ᠡᠷᠳᠡᠨᠢᠭᠡᠷᠡᠯ
ᠪᠤᠲᠠᠷᠠᠨ ᠬᠠᠶᠠᠯᠠᠬᠤ ᠴᠠᠰᠤᠨ ᠰᠢᠷᠬᠡᠭ
ᠪᠠᠶᠠᠷ ᠤ᠋ᠨ ᠮᠡᠨᠳᠦ ᠲᠡᠢ ᠰᠢᠨ᠎ᠡ ᠵᠢᠯ ᠢᠷᠡᠯ᠎ᠡ
ᠪᠠᠶᠠᠰᠤᠯ ᠴᠠᠯᠭᠢᠵᠤ ᠬᠦᠰᠡᠯ ᠠᠪᠴᠢᠷᠠᠭᠰᠠᠨ
ᠪᠠᠬᠠᠷᠤᠮ᠎ᠠ ᠰᠠᠢᠬᠠᠨ ᠰᠢᠨ᠎ᠡ ᠵᠢᠯ ᠢᠷᠡᠯ᠎ᠡ
ᠬᠥᠷ ᠪᠠᠶᠠᠷ ᠪᠦᠬᠦᠨ ᠢ᠋ ᠠᠪᠴᠢᠷᠠᠭᠰᠠᠨ
ᠬᠦᠰᠡᠯ ᠲᠠᠲᠠᠭᠰᠠᠨ ᠰᠢᠨ᠎ᠡ ᠵᠢᠯ ᠢᠷᠡᠯ᠎ᠡ
ᠬᠥᠮᠦᠨ ᠪᠦᠬᠦᠨ ᠳ᠋ᠦ᠍ ᠵᠢᠷᠭᠠᠯ ᠪᠡᠯᠡᠭᠯᠡᠭᠰᠡᠨ
ᠬᠥᠭᠵᠢᠮ ᠳᠠᠭᠤᠤ ᠲᠠᠢ ᠰᠢᠨ᠎ᠡ ᠵᠢᠯ ᠢᠷᠡᠯ᠎ᠡ
ᠰᠢᠨ᠎ᠡ ᠵᠢᠯ ᠂ᠰᠢᠨ᠎ᠡ ᠣᠨ᠂ ᠰᠢᠨᠡᠬᠡᠨ ᠬᠦᠰᠡᠯ
ᠰᠢᠨ᠎ᠡ ᠠᠮᠵᠢᠯᠲᠠ ᠳᠦᠭᠦᠷᠡᠩ ᠪᠠᠢᠭᠠᠰᠠᠢ
ᠰᠢᠨ᠎ᠡ ᠵᠢᠯ᠂ ᠰᠢᠨ᠎ᠡ ᠣᠨ᠂ ᠰᠢᠨᠡᠬᠡᠨ ᠬᠦᠰᠡᠯ
ᠰᠠᠢᠬᠠᠨ ᠪᠦᠬᠦᠨ ᠢ᠋ ᠬᠦᠰᠡᠨ ᠪᠡᠯᠭᠡᠲᠡᠶᠡ
ᠴᠠᠰᠤᠨ ᠰᠢᠷᠬᠡᠭ ᠬᠠᠶᠠᠯᠠᠨ ᠬᠠᠶᠠᠯᠠᠨ
ᠴᠡᠩᠭᠡᠯ ᠦ᠋ᠨ ᠳᠠᠭᠤᠤ ᠲᠠᠢ ᠰᠢᠨ᠎ᠡ ᠵᠢᠯ ᠢᠷᠡᠯ᠎ᠡ
ᠴᠢ ᠪᠢᠳᠡᠨ ᠳ᠋ᠦ᠍ ᠬᠦᠰᠡᠯ ᠡᠷᠴᠢᠯᠡᠭᠰᠡᠨ
ᠴᠣᠭ ᠲᠠᠢ ᠭᠠᠯ ᠲᠠᠢ ᠰᠢᠨ᠎ᠡ ᠵᠢᠯ ᠢᠷᠡᠯ᠎ᠡ
ᠠᠵᠠ ᠵᠢᠷᠭᠠᠯ ᠪᠦᠬᠦᠨ ᠢ᠋ ᠠᠪᠴᠢᠷᠠᠭᠰᠠᠨ
ᠠᠶᠠᠯᠭᠤ ᠳᠠᠭᠤᠤ ᠲᠠᠢ ᠰᠢᠨ᠎ᠡ ᠵᠢᠯ ᠢᠷᠡᠯ᠎ᠡ
ᠠᠢᠯ ᠬᠣᠲᠠᠯᠠᠭᠠᠷ ᠵᠢᠷᠭᠠᠯ ᠪᠡᠯᠡᠭᠯᠡᠭᠰᠡᠨ
ᠤᠶᠠᠩᠭ᠎ᠠ ᠳᠠᠭᠤᠤ ᠲᠠᠢ ᠰᠢᠨ᠎ᠡ ᠵᠢᠯ ᠢᠷᠡᠯ᠎ᠡ
ᠰᠢᠨ᠎ᠡ ᠵᠢᠯ᠂ ᠰᠢᠨ᠎ᠡ ᠣᠨ᠂ ᠰᠢᠨᠡᠬᠡᠨ ᠬᠦᠰᠡᠯ
ᠰᠢᠨ᠎ᠡ ᠠᠮᠵᠢᠯᠲᠠ ᠳᠦᠭᠦᠷᠡᠩ ᠪᠠᠢᠭᠠᠰᠠᠢ
ᠰᠢᠨ᠎ᠡ ᠵᠢᠯ᠂ ᠰᠢᠨ᠎ᠡ ᠣᠨ᠂ ᠰᠢᠨᠡᠬᠡᠨ ᠬᠦᠰᠡᠯ
ᠰᠠᠢᠬᠠᠨ ᠪᠦᠬᠦᠨ ᠢ᠋ ᠬᠦᠰᠡᠨ ᠪᠡᠯᠭᠡᠳᠡᠶ᠎ᠡ
ᠪᠤᠲᠠᠷᠠᠨ ᠬᠠᠶᠠᠯᠠᠬᠤ ᠴᠠᠰᠤᠨ ᠰᠢᠷᠬᠡᠭ
ᠪᠠᠶᠠᠷ ᠤ᠋ᠨ ᠮᠡᠨᠳᠦ ᠲᠡᠢ ᠰᠢᠨ᠎ᠡ ᠵᠢᠯ ᠢᠷᠡᠯ᠎ᠡ
ᠪᠠᠶᠠᠰᠤᠯ ᠴᠠᠯᠭᠢᠵᠤ ᠬᠦᠰᠡᠯ ᠠᠪᠴᠢᠷᠠᠭᠰᠠᠨ
ᠪᠠᠬᠠᠷᠤᠮ᠎ᠠ ᠰᠠᠢᠬᠠᠨ ᠰᠢᠨ᠎ᠡ ᠵᠢᠯ ᠢᠷᠡᠯ᠎ᠡ
ᠬᠥᠷ ᠪᠠᠶᠠᠷ ᠪᠦᠬᠦᠨ ᠢ᠋ ᠠᠪᠴᠢᠷᠠᠭᠰᠠᠨ
ᠬᠦᠰᠡᠯ ᠲᠠᠲᠠᠭᠰᠠᠨ ᠰᠢᠨ᠎ᠡ ᠵᠢᠯ ᠢᠷᠡᠯ᠎ᠡ
ᠬᠥᠮᠦᠨ ᠪᠦᠬᠦᠨ ᠳ᠋ᠦ᠍ ᠵᠢᠷᠭᠠᠯ ᠪᠡᠯᠡᠭᠯᠡᠭᠰᠡᠨ
ᠬᠥᠭᠵᠢᠮ ᠳᠠᠭᠤᠤ ᠲᠠᠢ ᠰᠢᠨ᠎ᠡ ᠵᠢᠯ ᠢᠷᠡᠯ᠎ᠡ
ᠰᠢᠨ᠎ᠡ ᠵᠢᠯ᠂ ᠰᠢᠨ᠎ᠡ ᠣᠨ᠂ ᠰᠢᠨᠡᠬᠡᠨ ᠬᠦᠰᠡᠯ
ᠰᠢᠨ᠎ᠡ ᠠᠮᠵᠢᠯᠲᠠ ᠳᠦᠭᠦᠷᠡᠩ ᠪᠠᠢᠭᠠᠰᠠᠢ
ᠰᠢᠨ᠎ᠡ ᠵᠢᠯ᠂ ᠰᠢᠨ᠎ᠡ ᠣᠨ᠂ ᠰᠢᠨᠡᠬᠡᠨ ᠬᠦᠰᠡᠯ
ᠰᠠᠢᠬᠠᠨ ᠪᠦᠬᠦᠨ ᠢ᠋ ᠬᠦᠰᠡᠨ ᠪᠡᠯᠭᠡᠲᠡᠶᠡ
ᠰᠢᠨ᠎ᠡ ᠵᠢᠯ ᠦ᠋ᠨ ᠮᠡᠨᠳᠦ᠂ ᠰᠢᠨ᠎ᠡ ᠣᠨ ᠤ᠋ ᠮᠡᠨᠳᠦ
ᠰᠠᠮᠪᠠᠢ ᠬᠠᠳᠠᠭ ᠢ᠋ᠶ᠋ᠠᠨ ᠡᠷᠭᠦᠨ ᠵᠣᠯᠭᠠᠶ᠎ᠠ
ᠠᠶᠠᠯᠭᠤ ᠳᠠᠭᠤᠤ ᠪᠠᠨ ᠳᠠᠭᠤᠯᠠᠶ᠎ᠠ
ᠠᠢᠯ ᠬᠣᠲᠠᠯᠠᠭᠠᠷ ᠪᠠᠶᠠᠰᠤᠶᠠ
ᠠᠵᠠ ᠵᠢᠷᠭᠠᠯ ᠵᠥᠩᠨᠡᠨ ᠪᠡᠯᠭᠡᠳᠡᠶ᠎ᠡ
ᠰᠢᠨ᠎ᠡ ᠵᠢᠯ ᠦ᠋ᠨ ᠮᠡᠨᠳᠦ ᠬᠦᠷᠭᠡᠶ᠎ᠡ
ᠰᠢᠨ᠎ᠡ ᠣᠨ ᠤ᠋ ᠮᠡᠨᠳᠦ ᠬᠦᠷᠭᠡᠶ᠎ᠡ
ᠰᠠᠮᠪᠠᠢ ᠬᠠᠳᠠᠭ ᠢ᠋ᠶ᠋ᠠᠨ ᠡᠷᠭᠦᠨ ᠵᠣᠯᠭᠠᠶ᠎ᠠ
ᠰᠠᠷ᠎ᠠ ᠰᠢᠨ᠎ᠡ ᠶ᠋ᠢᠨ ᠮᠡᠨᠳᠦ ᠬᠦᠷᠭᠡᠶ᠎ᠡ
ᠰᠢᠨ᠎ᠡ ᠵᠢᠯ᠂ ᠰᠢᠨ᠎ᠡ ᠣᠨ᠂ ᠰᠢᠨᠡᠬᠡᠨ ᠬᠦᠰᠡᠯ
ᠰᠢᠨ᠎ᠡ ᠠᠮᠵᠢᠯᠲᠠ ᠳᠦᠭᠦᠷᠡᠩ ᠪᠠᠢᠭᠠᠰᠠᠢ
ᠰᠢᠨ᠎ᠡ ᠵᠢᠯ᠂ ᠰᠢᠨ᠎ᠡ ᠣᠨ᠂ ᠰᠢᠨᠡᠬᠡᠨ ᠬᠦᠰᠡᠯ
ᠰᠠᠢᠬᠠᠨ ᠪᠦᠬᠦᠨ ᠢ᠋ ᠬᠦᠰᠡᠨ ᠪᠡᠯᠭᠡᠲᠡᠶᠡ
ᠰᠢᠨ᠎ᠡ ᠵᠢᠯ᠂ ᠰᠢᠨ᠎ᠡ ᠣᠨ᠂ ᠰᠢᠨᠡᠬᠡᠨ ᠬᠦᠰᠡᠯ
ᠰᠢᠨ᠎ᠡ ᠠᠮᠵᠢᠯᠲᠠ ᠳᠦᠭᠦᠷᠡᠩ ᠪᠠᠢᠭᠠᠰᠠᠢ
ᠰᠢᠨ᠎ᠡ ᠵᠢᠯ᠂ ᠰᠢᠨ᠎ᠡ ᠣᠨ᠂ ᠰᠢᠨᠡᠬᠡᠨ ᠬᠦᠰᠡᠯ
ᠰᠠᠢᠬᠠᠨ ᠪᠦᠬᠦᠨ ᠢ᠋ ᠬᠦᠰᠡᠨ ᠪᠡᠯᠭᠡᠳᠡᠶ᠎ᠡ
ᠰᠠᠷ᠎ᠠ ᠰᠢᠨ᠎ᠡ ᠶ᠋ᠢᠨ ᠮᠡᠨᠳᠦ ᠶ᠋ᠢ ᠬᠦᠷᠭᠡᠶ᠎ᠡ
ᠦᠰᠦᠭ ᠠᠮᠢᠯᠠᠭᠤᠯᠤᠭᠰᠠᠨ ᠨᠢ᠄ ᠰᠡᠷᠭᠦᠯᠡᠩ
ᠦᠰᠦᠭ ᠬᠠᠲᠠᠭᠰᠠᠨ ᠨᠢ᠄ ᠰᠡᠷᠭᠦᠯᠡᠩ
ᠬᠢᠨᠠᠭᠴᠢ᠄ ᠮᠥᠴᠢᠷ᠂ ᠮᠠᠨᠳᠠᠷᠸ᠎ᠠ
