ᠡᠵᠢ ᠳ᠋ᠦ᠍ ᠪᠡᠨ-ᠴ ∙ ᠪᠠᠳᠮᠠᠬᠠᠨᠳᠤДуучин Ч.Бадамханд Ээждээ
ᠡᠵᠢ ᠳ᠋ᠦ᠍ ᠪᠡᠨ
ᠦᠭᠡ᠄ ᠳ• ᠪᠣᠯᠣᠳᠪᠠᠭᠠᠲᠤᠷ
ᠠᠶ᠎ᠠ᠄ ᠰ• ᠢᠰᠢᠬᠦᠦ
ᠳᠠᠭᠤᠴᠢᠨ᠄ ᠴ• ᠪᠠᠳᠮᠠᠬᠠᠨᠳᠤ
ᠲᠤᠯᠤᠭᠠᠳ ᠢ᠋ ᠳᠠᠪᠠᠨ ᠰᠢᠪᠠᠭᠤᠳ ᠪᠤᠴᠠᠯ᠎ᠠ ᠡᠵᠢ ᠮᠢᠨᠢ
ᠳᠣᠭᠳᠣᠯᠬᠤ ᠰᠡᠳᠬᠢᠯ ᠲᠠᠨ ᠢ᠋ ᠦᠭᠡᠢᠯᠡᠵᠦ ᠭᠠᠩᠰᠠᠷᠠᠬᠤ ᠶᠤᠮ
ᠬᠠᠲᠠᠭᠤ ᠬᠦᠲᠦᠭᠦᠦ ᠬᠣᠷᠸ᠎ᠠ ᠶ᠋ᠢᠨ ᠵᠢᠮ᠎ᠡ ᠶ᠋ᠢ ᠪᠣᠳᠣᠬᠤ ᠪᠠᠷ
ᠬᠣᠯᠠᠳᠠᠭᠠᠳ ᠪᠠᠢᠬᠤ ᠰᠢᠭ᠋ ᠰᠠᠨᠠᠭᠳᠠᠬᠤ ᠶᠤᠮ ᠳᠠ ᠡᠵᠢ ᠮᠢᠨᠢ᠃
ᠬᠠᠲᠠᠭᠤ ᠬᠦᠲᠦᠭᠦᠦ ᠬᠣᠷᠸ᠎ᠠ ᠶ᠋ᠢᠨ ᠵᠢᠮ᠎ᠡ ᠶ᠋ᠢ ᠪᠣᠳᠣᠬᠤ ᠪᠠᠷ
ᠬᠣᠯᠠᠳᠠᠭᠠᠳ ᠪᠠᠢᠬᠤ ᠰᠢᠭ᠋ ᠰᠠᠨᠠᠭᠳᠠᠬᠤ ᠶᠤᠮ ᠳᠠ ᠡᠵᠢ ᠮᠢᠨᠢ᠃
ᠨᠠᠮᠤᠷ ᠤ᠋ᠨ ᠲᠦᠭᠦᠯ ᠨᠠᠪᠴᠢᠰ ᠢ᠋ᠶ᠋ᠠᠷ ᠬᠥᠪᠦᠨ ᠪᠥᠬᠥᠯᠵᠡᠭᠡᠳ
ᠨᠡᠷᠡᠲᠦ ᠶ᠋ᠢᠨ ᠠᠮᠢᠳᠤᠷᠠᠯ ᠤᠳᠬ᠎ᠠ ᠦᠭᠡᠢ ᠮᠡᠲᠦ ᠰᠠᠨᠠᠭᠳᠠᠭᠠᠳ ᠪᠠᠢᠨ᠎ᠠ
ᠰᠡᠷᠢᠭᠦᠨ ᠰᠥᠨᠢ ᠶ᠋ᠢᠨ ᠵᠢᠪᠡᠷᠡᠭᠦᠨ ᠪᠣᠳᠣᠯ ᠳ᠋ᠤ᠌ ᠵᠢᠩᠳᠡᠭᠦᠯᠬᠦ ᠳ᠋ᠦ᠍
ᠰᠡᠳᠬᠢᠯ ᠦ᠋ᠨ ᠳᠤᠯᠠᠭᠠᠨ ᠲᠠᠨᠢ ᠦᠭᠡᠢᠯᠡᠭᠳᠡᠬᠦ ᠶᠤᠮ ᠡᠵᠢ ᠮᠢᠨᠢ᠃
ᠰᠡᠷᠢᠭᠦᠨ ᠰᠥᠨᠢ ᠶ᠋ᠢᠨ ᠵᠢᠪᠡᠷᠡᠭᠦᠨ ᠪᠣᠳᠣᠯ ᠳ᠋ᠤ᠌ ᠵᠢᠩᠳᠡᠭᠦᠯᠬᠦ ᠳ᠋ᠦ᠍
ᠰᠡᠳᠬᠢᠯ ᠦ᠋ᠨ ᠳᠤᠯᠠᠭᠠᠨ ᠲᠠᠨᠢ ᠦᠭᠡᠢᠯᠡᠭᠳᠡᠬᠦ ᠶᠤᠮ ᠡᠵᠢ ᠮᠢᠨᠢ᠃
ᠨᠠᠳᠠ ᠳ᠋ᠤ᠌ ᠦᠭᠭᠦᠭᠰᠡᠨ ᠰᠡᠳᠬᠢᠯ ᠦ᠋ᠨ ᠳᠤᠯᠠᠭᠠᠨ ᠢ᠋ ᠲᠠᠨᠢ ᠪᠣᠳᠣᠬᠤ ᠪᠠᠷ
ᠨᠠᠷᠠᠨ ᠤ᠋ ᠢᠯᠴᠢ ᠶᠠᠳᠠᠮᠠᠭ ᠰᠠᠨᠠᠭᠳᠠᠭᠠᠳ ᠪᠠᠢᠨ᠎ᠠ
ᠤᠢᠳᠬᠠᠷ ᠦᠷᠭᠦᠭᠡᠭᠰᠡᠨ ᠪᠦᠪᠡᠢ ᠶ᠋ᠢᠨ ᠳᠠᠭᠤᠤ ᠶ᠋ᠢ ᠲᠠᠨᠢ ᠰᠠᠨᠠᠬᠤ ᠪᠠᠷ
ᠡᠨᠡᠬᠦ ᠳᠠᠭᠤᠤ ᠮᠢᠨᠢ ᠰᠡᠳᠬᠢᠯ ᠳ᠋ᠦ᠍ ᠮᠢᠨᠢ ᠬᠦᠷᠬᠦ ᠦᠭᠡᠢ ᠯᠡ ᠪᠠᠢᠨ᠎ᠠ᠃
ᠤᠢᠳᠬᠠᠷ ᠦᠷᠭᠦᠭᠡᠭᠰᠡᠨ ᠪᠦᠪᠡᠢ ᠶ᠋ᠢᠨ ᠳᠠᠭᠤᠤ ᠶ᠋ᠢ ᠲᠠᠨᠢ ᠰᠠᠨᠠᠬᠤ ᠪᠠᠷ
ᠡᠨᠡᠬᠦ ᠳᠠᠭᠤᠤ ᠮᠢᠨᠢ ᠰᠡᠳᠬᠢᠯ ᠳ᠋ᠦ᠍ ᠮᠢᠨᠢ ᠬᠦᠷᠬᠦ ᠦᠭᠡᠢ ᠯᠡ ᠪᠠᠢᠨ᠎ᠠ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
