ᠬᠡᠢᠮᠣᠷᠢ -ᠴᠣᠢᠳᠠᠭ ᠤ᠋ᠨ ᠣᠶᠤᠨᠰᠠᠢᠬᠠᠨ Хийморь-Цойдгийн Оюунсайхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠢᠮᠣᠷᠢ -ᠴᠣᠢᠳᠠᠭ ᠤ᠋ᠨ ᠣᠶᠤᠨᠰᠠᠢᠬᠠᠨ Хийморь-Цойдгийн Оюунсайхан

ᠬᠡᠢᠮᠣᠷᠢ -ᠴᠣᠢᠳᠠᠭ ᠤ᠋ᠨ ᠣᠶᠤᠨᠰᠠᠢᠬᠠᠨ Хийморь-Цойдгийн Оюунсайхан

ᠠᠩᠭᠢᠯᠠᠯ:ᠳᠠᠭᠤᠤ ᠬᠥᠭᠵᠢᠮ
2024-12-31

2348

ᠬᠡᠢᠮᠣᠷᠢ

    ᠦᠭᠡ᠄ ᠶᠣ᠂ ᠡᠷᠳᠡᠨᠢᠲᠣᠭᠲᠠᠬᠤ  
    ᠠᠶ᠎ᠠ᠄ ᠴᠣᠢᠳᠠᠭ ᠤ᠋ᠨ ᠣᠶᠤᠨᠰᠠᠢᠬᠠᠨ  
    ᠳᠠᠭᠤᠤ᠄ ᠴᠣᠢᠳᠠᠭ ᠤ᠋ᠨ ᠣᠶᠤᠨᠰᠠᠢᠬᠠᠨ   

ᠲᠡᠨᠢᠭᠡᠷ ᠲᠠᠯ᠎ᠠ ᠶ᠋ᠢᠨ ᠡᠷᠴᠢᠲᠦ ᠰᠠᠯᠬᠢᠨ ᠳ᠋ᠤ᠌ ᠲᠡᠭᠷᠢ ᠴᠡᠩᠬᠡᠷ ᠬᠡᠢᠮᠣᠷᠢ ᠨᠠᠮᠢᠷᠠᠨ᠎ᠠ  
ᠲᠡᠮᠦᠵᠢᠨ ᠪᠠᠭᠠᠲᠤᠷ ᠤ᠋ᠨ ᠵᠣᠷᠢᠭ ᠢ᠋ ᠵᠠᠯᠭᠠᠭᠰᠠᠨ ᠲᠡᠩᠬᠡᠭᠡᠲᠦ ᠬᠥᠪᠡᠭᠦᠳ ᠦ᠋ᠨ ᠤᠤᠬᠠᠢ ᠬᠠᠩᠭᠢᠨᠠᠨ᠎ᠠ 
ᠪᠠᠭᠠᠲᠤᠷ ᠵᠠᠩᠵᠤᠨ ᠤ᠋ ᠡᠷᠭᠦᠭᠰᠡᠨ ᠰᠡᠯᠡᠮᠡᠨ ᠦ᠌ ᠪᠠᠳᠠᠷᠠᠭᠰᠠᠨ ᠭᠡᠷᠡᠯ ᠡᠴᠡ ᠬᠡᠢᠮᠣᠷᠢ ᠰᠠᠴᠤᠷᠠᠨ᠎ᠠ  
ᠤᠷᠤᠭᠰᠢ ᠳᠠᠪᠰᠢᠭᠰᠠᠨ ᠳᠠᠢᠴᠢᠨ ᠳᠠᠭᠤᠨ ᠤ᠋ ᠤᠶᠠᠩᠭᠠᠲᠤ ᠡᠭᠡᠰᠢᠭ ᠡᠴᠡ ᠬᠡᠢᠮᠣᠷᠢ ᠴᠤᠤᠷᠢᠶᠠᠲᠤᠨ᠎ᠠ  
ᠠᠷᠠᠳ ᠪᠢᠳᠡᠨ ᠦ᠌ ᠬᠡᠢᠮᠣᠷᠢ ᠪᠢᠳᠡᠨ ᠦ᠌ ᠬᠡᠢᠮᠣᠷᠢ  
ᠡᠷ᠎ᠡ ᠵᠣᠷᠢᠭ ᠤ᠋ᠨ ᠲᠤᠭ ᠬᠡᠢᠮᠣᠷᠢ ᠰᠦᠯᠳᠡ ᠬᠡᠢᠮᠣᠷᠢ  
ᠡᠪ ᠨᠠᠢᠷ ᠤ᠋ᠨ ᠲᠠᠩᠭᠠᠷᠢᠭ ᠬᠡᠢᠮᠣᠷᠢ ᠰᠦᠷ ᠬᠡᠢᠮᠣᠷᠢ  
ᠠᠷᠠᠳ ᠮᠢᠨᠦ ᠬᠡᠢᠮᠣᠷᠢ ᠪᠢᠳᠡᠨ ᠦ᠌ ᠬᠡᠢᠮᠣᠷᠢ  

ᠠᠳᠠ ᠴᠢᠳᠬᠥᠷ ᠰᠢᠭ ᠮᠠᠭᠤ ᠰᠠᠨᠠᠭ᠎ᠠ ᠠᠭᠠᠭ ᠲᠠᠢ ᠡᠷ᠎ᠡ ᠶ᠋ᠢᠨ ᠬᠡᠢᠮᠣᠷᠢ ᠳ᠋ᠤ᠌ ᠳᠠᠷᠤᠭᠳᠠᠨ᠎ᠠ  
ᠠᠯᠪᠢᠨ ᠭᠠᠯ ᠰᠢᠭ᠋ ᠮᠠᠭᠤᠬᠠᠢ ᠰᠡᠳᠬᠢᠯ ᠠᠷᠢᠭᠤᠨ ᠴᠠᠭᠠᠨ ᠬᠡᠢᠮᠣᠷᠢ ᠳ᠋ᠤ᠌ ᠤᠨᠲᠠᠷᠠᠨ᠎ᠠ  
ᠥᠷᠥᠭᠡ ᠴᠠᠭᠠᠨ ᠭᠡᠷ ᠦ᠋ᠨ ᠡᠮᠦᠨ᠎ᠡ ᠥᠭᠡᠳᠡ ᠪᠡᠨ ᠳᠠᠯᠠᠯᠵᠤ ᠬᠡᠢᠮᠣᠷᠢ ᠨᠠᠮᠢᠷᠠᠨ᠎ᠠ  
ᠦᠢᠯᠡᠰ ᠠᠮᠢᠳᠤᠷᠠᠯ ᠤ᠋ᠨ ᠰᠠᠢᠨ ᠢ᠋ ᠵᠥᠩᠨᠡᠵᠦ ᠥᠯᠵᠡᠢ ᠵᠢᠷᠭᠠᠯ ᠢ᠋ ᠬᠡᠢᠮᠣᠷᠢ ᠰᠠᠬᠢᠨ᠎ᠠ 
ᠠᠷᠠᠳ ᠪᠢᠳᠡᠨ ᠦ᠌ ᠬᠡᠢᠮᠣᠷᠢ ᠪᠢᠳᠡᠨ ᠦ᠌ ᠬᠡᠢᠮᠣᠷᠢ 
ᠡᠷ᠎ᠡ ᠵᠣᠷᠢᠭ ᠤ᠋ᠨ ᠲᠤᠭ ᠬᠡᠢᠮᠣᠷᠢ ᠰᠦᠯᠳᠡ ᠬᠡᠢᠮᠣᠷᠢ 
ᠡᠪ ᠨᠠᠢᠷ ᠤ᠋ᠨ ᠲᠠᠩᠭᠠᠷᠢᠭ ᠬᠡᠢᠮᠣᠷᠢ ᠰᠦᠷ ᠬᠡᠢᠮᠣᠷᠢ 
ᠠᠷᠠᠳ ᠮᠢᠨᠦ ᠬᠡᠢᠮᠣᠷᠢ ᠪᠢᠳᠡᠨ ᠦ᠌ ᠬᠡᠢᠮᠣᠷᠢ 
ᠠᠷᠠᠳ ᠪᠢᠳᠡᠨ ᠦ᠌ ᠬᠡᠢᠮᠣᠷᠢ ᠪᠢᠳᠡᠨ ᠦ᠌ ᠬᠡᠢᠮᠣᠷᠢ 
ᠠᠷᠠᠳ ᠪᠢᠳᠡᠨ ᠦ᠌ ᠬᠡᠢᠮᠣᠷᠢ ᠪᠢᠳᠡᠨ ᠦ᠌ ᠬᠡᠢᠮᠣᠷᠢ 
ᠡᠷ᠎ᠡ ᠵᠣᠷᠢᠭ ᠤ᠋ᠨ ᠲᠤᠭ ᠬᠡᠢᠮᠣᠷᠢ ᠰᠦᠯᠳᠡ ᠬᠡᠢᠮᠣᠷᠢ 
ᠡᠪ ᠨᠠᠢᠷ ᠤ᠋ᠨ ᠲᠠᠩᠭᠠᠷᠢᠭ ᠬᠡᠢᠮᠣᠷᠢ ᠰᠦᠷ ᠬᠡᠢᠮᠣᠷᠢ 
ᠠᠷᠠᠳ ᠮᠢᠨᠦ ᠬᠡᠢᠮᠣᠷᠢ ᠪᠢᠳᠡᠨ ᠦ᠌ ᠬᠡᠢᠮᠣᠷᠢ

 ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ