ᠨᠢᠰᠦᠨ ᠨᠢᠰᠦᠨ ᠢᠷᠡᠯ᠎ᠡ ᠪᠢ-ᠣ ᠭᠠᠩᠰᠤᠪᠤᠳНисэн нисэн ирлээ би - О. Гансувд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠰᠦᠨ ᠨᠢᠰᠦᠨ ᠢᠷᠡᠯ᠎ᠡ ᠪᠢ-ᠣ ᠭᠠᠩᠰᠤᠪᠤᠳНисэн нисэн ирлээ би - О. Гансувд

ᠨᠢᠰᠦᠨ ᠨᠢᠰᠦᠨ ᠢᠷᠡᠯ᠎ᠡ ᠪᠢ-ᠣ ᠭᠠᠩᠰᠤᠪᠤᠳНисэн нисэн ирлээ би - О. Гансувд

ᠠᠩᠭᠢᠯᠠᠯ:ᠳᠠᠭᠤᠤ ᠬᠥᠭᠵᠢᠮ
2024-12-31

579

ᠨᠢᠰᠦᠨ ᠨᠢᠰᠦᠨ ᠢᠷᠡᠯ᠎ᠡ ᠪᠢ

    ᠦᠭᠡ᠂ ᠠᠶ᠎ᠠ᠄  ᠬ· ᠪᠣᠯᠣᠷᠡᠷᠳᠡᠨᠢ 
   — ᠣ᠂ ᠭᠠᠩᠰᠤᠪᠤᠳ ᠳᠠᠭᠤᠯᠠᠨ᠎ᠠ 

 ᠲᠡᠷᠡ ᠲᠩᠷᠢ ᠡᠴᠡ ᠪᠢ ᠴᠢᠨᠦ ᠵᠢᠷᠦᠬᠡᠨ ᠳ᠋ᠦ᠍  
 ᠴᠠᠰᠤᠨ ᠰᠢᠷᠬᠡᠭ ᠰᠢᠭ ᠵᠥᠭᠡᠯᠡᠨ ᠪᠤᠲᠠᠷᠠᠨ᠎ᠠ 
 ᠬᠡᠭᠡᠷ᠎ᠡ ᠶ᠋ᠢᠨ ᠰᠠᠯᠬᠢᠨ ᠳ᠋ᠤ᠌ ᠬᠡᠢᠰᠦᠨ ᠣᠳᠬᠤ ᠪᠠᠷ ᠦᠭᠡᠢ 
 ᠴᠢᠨᠦ ᠰᠡᠳᠬᠢᠯ ᠳ᠋ᠦ᠍ ᠡᠭᠦᠷᠢᠳᠡ ᠦᠯᠡᠳᠡᠬᠦ ᠪᠣᠯᠤᠨ᠎ᠠ 
 ᠨᠢᠰᠦᠨ ᠨᠢᠰᠦᠨ ᠢᠷᠡᠯ᠎ᠡ ᠪᠢ 
 ᠨᠡᠷ᠎ᠡ ᠶ᠋ᠢ ᠮᠢᠨᠢ ᠰᠢᠪᠡᠨᠡᠭᠡᠷᠡᠢ 
 ᠪᠤᠲᠠᠷᠠᠨ ᠪᠤᠲᠠᠷᠠᠨ ᠪᠠᠭᠤᠯ᠎ᠠ ᠪᠢ 
 ᠪᠤᠳᠠᠩ ᠳᠤᠮᠳᠠ ᠠ᠋ᠴᠠ ᠲᠣᠰᠤᠭᠠᠷᠠᠢ 
 ᠠᠷᠢᠭᠤᠨ ᠴᠠᠭᠠᠨ ᠳᠤᠷᠠᠰᠤᠮᠵᠢ ᠴᠢᠨᠢ ᠪᠣᠯᠵᠤ
 ᠠᠯᠠᠭᠠᠨ ᠳᠡᠭᠡᠷ᠎ᠡ ᠴᠢᠨᠢ ᠪᠤᠲᠠᠷᠠᠭᠰᠠᠭᠠᠷ ᠪᠠᠢᠨ᠎ᠠ
 ᠣᠯᠠᠨ ᠣᠯᠠᠨ ᠰᠢᠨ᠎ᠡ ᠵᠢᠯ ᠢ᠋ᠶ᠋ᠡᠷ ᠴᠢ ᠨᠠᠮ᠎ᠠ ᠶ᠋ᠢ
 ᠣᠷᠬᠢᠯᠠᠨ ᠳᠣᠭᠳᠣᠯᠤᠨ ᠰᠠᠨᠠᠬᠤ ᠪᠣᠯᠤᠨ᠎ᠠ
 ᠨᠢᠰᠦᠨ ᠨᠢᠰᠦᠨ ᠢᠷᠡᠯ᠎ᠡ ᠪᠢ
 ᠨᠡᠷ᠎ᠡ ᠶ᠋ᠢ ᠮᠢᠨᠢ ᠰᠢᠪᠡᠨᠡᠭᠡᠷᠡᠢ
 ᠪᠤᠲᠠᠷᠠᠨ ᠪᠤᠲᠠᠷᠠᠨ ᠪᠠᠭᠤᠯ᠎ᠠ ᠪᠢ
 ᠪᠤᠳᠠᠩ ᠳᠤᠮᠳᠠ ᠠ᠋ᠴᠠ ᠲᠣᠰᠤᠭᠠᠷᠠᠢ
 ᠬᠥᠪᠰᠥᠭᠡᠷ ᠴᠠᠰᠤ ᠮᠢᠨᠦ ᠠᠮᠢᠳᠤᠷᠠᠯ
 ᠬᠦᠢᠲᠡᠨ ᠡᠪᠦᠯ ᠦ᠋ᠨ ᠴᠢᠨᠢ ᠬᠠᠨᠢ ᠪᠣᠯᠤᠨ᠎ᠠ
 ᠲᠠᠭᠠᠷᠠᠭᠰᠠᠨ ᠵᠢᠷᠦᠬᠡ ᠶ᠋ᠢ ᠴᠢᠨᠢ ᠠᠷᠭᠠᠳᠠᠬᠤ ᠪᠠᠷ
 ᠳᠠᠬᠢᠨ ᠳᠠᠬᠢᠨ ᠪᠤᠲᠠᠷᠠᠬᠤ ᠪᠣᠯᠤᠨ᠎ᠠ
 ᠨᠢᠰᠦᠨ ᠨᠢᠰᠦᠨ ᠢᠷᠡᠯ᠎ᠡ ᠪᠢ
 ᠨᠡᠷ᠎ᠡ ᠶ᠋ᠢ ᠮᠢᠨᠢ ᠰᠢᠪᠡᠨᠡᠭᠡᠷᠡᠢ
 ᠪᠤᠲᠠᠷᠠᠨ ᠪᠤᠲᠠᠷᠠᠨ ᠪᠠᠭᠤᠯ᠎ᠠ ᠪᠢ
 ᠪᠤᠳᠠᠩ ᠳᠤᠮᠳᠠ ᠠ᠋ᠴᠠ ᠲᠣᠰᠤᠭᠠᠷᠠᠢ
 ᠰᠡᠳᠬᠢᠯ ᠳ᠋ᠦ᠍ ᠴᠢᠨᠢ ᠪᠤᠲᠠᠷᠠᠬᠤ ᠪᠦᠷᠢ ᠳ᠋ᠦ᠍ ᠪᠡᠨ ᠪᠢ
 ᠰᠡᠷᠢᠭᠦᠬᠡᠨ ᠲᠠᠭᠠᠲᠠᠢ ᠰᠠᠨᠠᠭᠳᠠᠬᠤ ᠪᠣᠯᠤᠨ᠎ᠠ
 ᠠᠯᠠᠭᠠᠨ ᠳᠡᠭᠡᠷ᠎ᠡ ᠴᠢᠨᠢ ᠪᠠᠭᠤᠬᠤ ᠪᠦᠷᠢ ᠳ᠋ᠦ᠍ ᠪᠡᠨ
 ᠠᠷᠭᠠᠳᠠᠬᠤ ᠮᠡᠲᠦ ᠢᠯᠳᠠᠮᠬᠠᠨ ᠪᠠᠢᠬᠤ ᠪᠣᠯᠤᠨ᠎ᠠ
 ᠨᠢᠰᠦᠨ ᠨᠢᠰᠦᠨ ᠢᠷᠡᠯ᠎ᠡ ᠪᠢ
 ᠨᠡᠷ᠎ᠡ ᠶ᠋ᠢ ᠮᠢᠨᠢ ᠰᠢᠪᠡᠨᠡᠭᠡᠷᠡᠢ
 ᠪᠤᠲᠠᠷᠠᠨ ᠪᠤᠲᠠᠷᠠᠨ ᠪᠠᠭᠤᠯ᠎ᠠ ᠪᠢ
 ᠪᠤᠳᠠᠩ ᠳᠤᠮᠳᠠ ᠠ᠋ᠴᠠ ᠲᠣᠰᠤᠭᠠᠷᠠᠢ

   ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
   ᠬᠢᠨᠠᠭᠴᠢ ᠪᠠᠭᠰᠢ᠄ ᠤᠶᠠᠬᠠᠨ