ᠳᠡᠨᠵᠢ ᠶ᠋ᠢᠨ ᠨᠣᠭᠣᠭ᠎ᠠ- ᠣᠭ᠌ᠶᠤ᠂ ᠠᠯᠲᠠᠨᠵᠢᠷᠭᠠᠯДэнжийн ногоо - Оюу, Алтанжаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠨᠵᠢ ᠶ᠋ᠢᠨ ᠨᠣᠭᠣᠭ᠎ᠠ- ᠣᠭ᠌ᠶᠤ᠂ ᠠᠯᠲᠠᠨᠵᠢᠷᠭᠠᠯДэнжийн ногоо - Оюу, Алтанжаргал

ᠳᠡᠨᠵᠢ ᠶ᠋ᠢᠨ ᠨᠣᠭᠣᠭ᠎ᠠ- ᠣᠭ᠌ᠶᠤ᠂ ᠠᠯᠲᠠᠨᠵᠢᠷᠭᠠᠯДэнжийн ногоо - Оюу, Алтанжаргал

ᠠᠩᠭᠢᠯᠠᠯ:ᠳᠠᠭᠤᠤ ᠬᠥᠭᠵᠢᠮ
2024-12-30

462

ᠳᠡᠨᠵᠢ ᠶ᠋ᠢᠨ ᠨᠣᠭᠣᠭ᠎ᠠ 

  ᠠᠶ᠎ᠠ᠄ ᠰ· ᠭᠣᠨᠴᠣᠭᠰᠣᠮᠢᠶ᠎ᠠ 
  ᠦᠭᠡ᠄ ᠴ· ᠴᠢᠮᠡᠳ 
  ᠳᠠᠭᠤᠴᠢᠨ᠄ ᠤ᠋· ᠣᠶᠣ ᠪ· ᠠᠯᠲᠡᠨᠵᠢᠷᠭᠠᠯ 

ᠳᠡᠯᠪᠡᠩ ᠳᠠᠯᠪᠠᠩ ᠭᠠᠩᠬᠤᠨ᠎ᠠ ᠬᠦ᠋ 
ᠳᠡᠨᠵᠢ ᠶ᠋ᠢᠨ ᠨᠣᠭᠣᠭᠠᠨ ᠤ᠋ ᠨᠠᠪᠴᠢ ᠶᠤᠮ ᠠ᠋ ᠬᠦ᠋ 
ᠳᠡᠷᠭᠡᠳᠡ ᠮᠢᠨᠢ ᠶᠤᠮ ᠰᠢᠭ ᠰᠠᠨᠠᠭᠳᠠᠨ᠎ᠠ ᠳ᠋ᠠ ᠬᠦ᠋ 
ᠳᠡᠩᠳᠡᠭᠦᠦ ᠬᠠᠶ᠋ᠢᠷ᠎ᠠ ᠲᠠᠢ ᠲᠡᠷᠡ ᠮᠢᠨᠢ ᠠ᠋ ᠬᠦ᠋ 
ᠬᠠᠯᠪᠠᠩ ᠬᠠᠯᠪᠠᠩ ᠭᠠᠩᠬᠤᠨ᠎ᠠ ᠬᠦ᠋ 
ᠬᠠᠪᠤᠷ ᠦ᠋ᠨ ᠨᠣᠭᠣᠭᠠᠨ ᠤ᠋ ᠨᠠᠬᠢᠶ᠎ᠠ ᠶᠤᠮ ᠠ᠋ ᠬᠦ᠋ 
ᠬᠠᠵᠠᠭᠤ ᠳ᠋ᠤ᠌ ᠮᠢᠨᠢ ᠶᠤᠮ ᠰᠢᠭ ᠰᠠᠨᠠᠭᠳᠠᠨ᠎ᠠ ᠳ᠋ᠠ ᠬᠦ᠋ 
ᠬᠠᠴᠢᠨ ᠬᠠᠶ᠋ᠢᠷ᠎ᠠ ᠲᠠᠢ ᠲᠡᠷᠡ ᠶᠤᠮ ᠡ ᠬᠦ᠋
ᠬᠠᠵᠠᠭᠤ ᠳ᠋ᠤ᠌ ᠮᠢᠨᠢ ᠶᠤᠮ ᠰᠢᠭ ᠰᠠᠨᠠᠭᠳᠠᠨ᠎ᠠ ᠳ᠋ᠠ ᠬᠦ᠋
ᠬᠠᠴᠢᠨ ᠬᠠᠶ᠋ᠢᠷ᠎ᠠ ᠲᠠᠢ ᠲᠡᠷᠡ ᠶᠤᠮ ᠡ ᠬᠦ᠋
ᠵᠠᠮ ᠦ᠋ᠨ ᠤᠷᠲᠤ ᠶ᠋ᠢ ᠲᠣᠪᠴᠢᠯᠠᠨ᠎ᠠ ᠳ᠋ᠠ ᠬᠦ᠋
ᠽᠠᠨᠳᠠᠨ ᠬᠦᠷᠡᠩ ᠮᠣᠷᠢ ᠮᠢᠨᠢ ᠠ᠋ ᠬᠦ᠋  
ᠵᠠᠶᠠᠭ᠎ᠠ ᠵᠢᠷᠭᠠᠯ ᠢ᠋ ᠲᠡᠳᠬᠦᠨ᠎ᠡ ᠬᠦ᠋ 
ᠵᠠᠢ ᠦᠭᠡᠢ ᠬᠠᠢᠷ᠎ᠠ ᠲᠠᠢ ᠲᠡᠷᠡ ᠶᠤᠮ ᠡ ᠬᠦ᠋
ᠬᠣᠨᠣᠭ ᠦ᠋ᠨ ᠣᠯᠠᠨ ᠳ᠋ᠤ᠌ ᠲᠡᠰᠦᠨ᠎ᠡ ᠳ᠋ᠠ ᠬᠦ᠋ 
ᠬᠣᠣᠰ ᠦᠭᠡᠢ ᠬᠠᠢᠷ᠎ᠠ ᠲᠠᠢ ᠲᠡᠷᠡ ᠶᠤᠮ ᠡ ᠬᠦ᠋

  ᠦᠰᠦᠭ ᠠᠮᠢᠯᠠᠭᠤᠯᠤᠭᠴᠢ᠄ ᠠᠩᠴᠢᠨ
  ᠦᠰᠦᠭ ᠬᠠᠳᠠᠭᠴᠢ᠄ ᠠᠩᠴᠢᠨ
  ᠦᠰᠦᠭ ᠬᠢᠨᠠᠭᠴᠢ᠄   ᠬᠦᠳᠡᠷᠪᠣᠯᠣᠳ