ᠨᠤᠲᠤᠭ ᠢᠶᠠᠨ ᠵᠣᠷᠢᠶ᠎ᠠ-ᠤᠷᠢᠬᠠᠨНутгаа зорьё-Урьхан
ᠨᠤᠲᠤᠭ ᠢᠶᠠᠨ ᠵᠣᠷᠢᠶ᠎ᠠ
ᠦᠭᠡ ᠠᠶ᠎ᠠ᠄ ᠰᠢᠨᠡᠪᠠᠶᠠᠷ
ᠳᠠᠭᠤᠴᠢᠨ᠄ ᠤᠷᠢᠬᠠᠨ
ᠵᠡᠭᠦᠳᠦᠨ ᠳᠤᠮᠳᠠ ᠪᠠᠨ ᠡᠷᠢᠭᠳᠡᠭᠡᠳ ᠪᠠᠢᠳᠠᠭ
ᠵᠢᠷᠦᠬᠡᠨ ᠤ ᠴᠢᠨᠠᠳᠤᠬᠢ ᠨᠤᠲᠤᠭ ᠮᠢᠨᠢ
ᠬᠡᠵᠢᠶᠡᠳᠡ ᠨᠠᠮᠠᠶ᠋ᠢ ᠠᠷᠭᠠᠳᠠᠭᠠᠳ ᠪᠠᠢᠳᠠᠭ
ᠪᠤᠭᠤᠷᠤᠯ ᠡᠵᠢ ᠶᠢᠨ ᠨᠤᠲᠤᠭ ᠮᠢᠨᠢ
ᠬᠥᠳᠡᠭᠡ ᠨᠤᠲᠤᠭ ᠤᠨ ᠴᠡᠯᠮᠡᠭ ᠠᠭᠠᠷ ᠰᠠᠢᠬᠠᠨ
ᠲᠡᠷᠲᠡᠭᠡ ᠬᠣᠯᠠ ᠶᠢᠨ ᠠᠭᠤᠯᠠᠰ ᠨᠠᠮᠤᠭᠤᠬᠠᠨ
ᠠᠢᠷᠠᠭ ᠤᠨ ᠦᠨᠦᠷ ᠲᠠᠢ ᠰᠠᠯᠬᠢ ᠨᠢ ᠰᠡᠪᠢᠯᠵᠡᠭᠰᠡᠨ
ᠰᠡᠳᠬᠢᠯ ᠰᠡᠷᠭᠦᠮ᠎ᠡ ᠨᠤᠲᠤᠭ ᠢᠶᠠᠨ ᠵᠣᠷᠢᠨ᠎ᠠ ᠳ᠋ᠠ
ᠪᠣᠳᠣᠯ ᠤᠨ ᠦᠵᠦᠭᠦᠷ ᠲᠤ ᠰᠠᠨᠠᠭᠳᠠᠭᠠᠳ ᠪᠠᠢᠳᠠᠭ
ᠥᠰᠴᠦ ᠲᠥᠷᠥᠭᠰᠡᠨ ᠨᠤᠲᠤᠭ ᠮᠢᠨᠢ
ᠲᠠᠩᠳᠠ ᠨᠠᠮᠠᠶ᠋ᠢ ᠦᠨᠦᠰᠦᠭᠡᠳ ᠤᠭᠲᠤᠳᠠᠭ
ᠬᠠᠢᠷᠠᠲᠠᠢ ᠯᠠ ᠠᠪᠤ ᠶᠢᠨ ᠨᠤᠲᠤᠭ ᠮᠢᠨᠢ
ᠬᠥᠳᠡᠭᠡ ᠨᠤᠲᠤᠭ ᠤᠨ ᠴᠡᠯᠮᠡᠭ ᠠᠭᠠᠷ ᠰᠠᠢᠬᠠᠨ
ᠲᠡᠷᠲᠡᠭᠡ ᠬᠣᠯᠠ ᠶᠢᠨ ᠠᠭᠤᠯᠠᠰ ᠨᠠᠮᠤᠭᠤᠬᠠᠨ
ᠠᠢᠷᠠᠭ ᠤᠨ ᠦᠨᠦᠷ ᠲᠠᠢ ᠰᠠᠯᠬᠢ ᠨᠢ ᠰᠡᠪᠢᠯᠵᠡᠭᠰᠡᠨ
ᠰᠡᠳᠬᠢᠯ ᠰᠡᠷᠭᠦᠮ᠎ᠡ ᠨᠤᠲᠤᠭ ᠢᠶᠠᠨ ᠵᠣᠷᠢᠨ᠎ᠠ ᠳ᠋ᠠ
ᠠᠯᠤᠰ ᠤᠨ ᠭᠠᠵᠠᠷ ᠠᠴᠠ ᠬᠦᠦ ᠪᠠᠨ ᠬᠦᠯᠢᠶᠡᠳᠡᠭ
ᠭᠠᠭᠴᠠᠬᠠᠨ ᠵᠠᠶᠠᠭᠠᠭᠰᠠᠨ ᠨᠤᠲᠤᠭ ᠮᠢᠨᠢ
ᠲᠡᠪᠡᠷᠢᠵᠦ ᠨᠠᠮᠠᠶ᠋ᠢ ᠬᠠᠢᠷᠠᠯᠠᠭᠠᠳ ᠪᠠᠢᠳᠠᠭ
ᠡᠵᠢ ᠯᠡ ᠠᠪᠤ ᠶᠢᠨ ᠮᠢᠨᠢ ᠨᠤᠲᠤᠭ ᠮᠢᠨᠢ
ᠬᠥᠳᠡᠭᠡ ᠨᠤᠲᠤᠭ ᠤᠨ ᠴᠡᠯᠮᠡᠭ ᠠᠭᠠᠷ ᠰᠠᠢᠬᠠᠨ
ᠲᠡᠷᠲᠡᠭᠡ ᠬᠣᠯᠠ ᠶᠢᠨ ᠠᠭᠤᠯᠠᠰ ᠨᠠᠮᠤᠭᠤᠬᠠᠨ
ᠠᠢᠷᠠᠭ ᠤᠨ ᠦᠨᠦᠷ ᠲᠠᠢ ᠰᠠᠯᠬᠢ ᠨᠢ ᠰᠡᠪᠢᠯᠵᠡᠭᠰᠡᠨ
ᠰᠡᠳᠬᠢᠯ ᠰᠡᠷᠭᠦᠮ᠎ᠡ ᠨᠤᠲᠤᠭ ᠢᠶᠠᠨ ᠵᠣᠷᠢᠨ᠎ᠠ ᠳ᠋ᠠ
ᠬᠥᠳᠡᠭᠡ ᠨᠤᠲᠤᠭ ᠤᠨ ᠴᠡᠯᠮᠡᠭ ᠠᠭᠠᠷ ᠰᠠᠢᠬᠠᠨ
ᠲᠡᠷᠲᠡᠭᠡ ᠬᠣᠯᠠ ᠶᠢᠨ ᠠᠭᠤᠯᠠᠰ ᠨᠠᠮᠤᠭᠤᠬᠠᠨ
ᠠᠢᠷᠠᠭ ᠤᠨ ᠦᠨᠦᠷ ᠲᠠᠢ ᠰᠠᠯᠬᠢ ᠨᠢ ᠰᠡᠪᠢᠯᠵᠡᠭᠰᠡᠨ
ᠰᠡᠳᠬᠢᠯ ᠰᠡᠷᠭᠦᠮ᠎ᠡ ᠨᠤᠲᠤᠭ ᠢᠶᠠᠨ ᠵᠣᠷᠢᠨ᠎ᠠ ᠳ᠋ᠠ
ᠬᠡᠢᠮᠣᠷᠢ ᠰᠦᠯᠵᠢᠶ᠎ᠡ ᠮᠡᠨᠳᠦᠯᠡᠭᠰᠡᠨ 3ᠵᠢᠯ ᠦᠨ ᠣᠢ ᠳᠤ
2024ᠣᠨ ᠤ 12ᠰᠠᠷ᠎ᠠ ᠶᠢᠨ 30 ᠦ ᠡᠳᠦᠷ
