ᠴᠢ ᠪᠤᠤ ᠶᠠᠪᠤ -ᠠᠯᠳᠠЧи буу яв-Алта
ᠴᠢ ᠪᠤᠤ ᠶᠠᠪᠤ
ᠴᠢ ᠪᠤᠤ ᠶᠠᠪᠤ
ᠦᠭᠡ ᠠᠶ᠎ᠠ᠄ ᠴᠠᠭᠠᠨ
ᠳᠠᠭᠤᠤ᠄ ᠠᠯᠲᠠ
ᠥᠩᠭᠡ ᠵᠢᠰᠦ ᠪᠡᠷ ᠪᠠᠷᠤᠭᠲᠠᠢ ᠭᠡᠵᠦ
ᠡᠨᠡ ᠪᠡᠶ᠎ᠡ ᠶᠢ ᠪᠤᠤ ᠳᠣᠭᠣᠭᠢᠯᠠ
ᠡᠷ᠎ᠡ ᠬᠥᠮᠥᠨ ᠦ ᠭᠣᠶᠣᠮᠰᠤᠭ ᠪᠣᠯ
ᠡᠷᠳᠡᠮ ᠮᠡᠷᠭᠡᠵᠢᠯ ᠡᠷᠴᠢ ᠵᠣᠷᠢᠭ ᠰᠢᠦ
ᠡᠳ᠋ ᠮᠥᠩᠭᠥ ᠦᠭᠡᠢ ᠬᠣᠭᠣᠰᠤᠨ ᠭᠡᠵᠦ
ᠡᠨᠡ ᠪᠡᠶ᠎ᠡ ᠶᠢ ᠪᠤᠤ ᠪᠠᠰᠤᠮᠵᠢᠯᠠ
ᠡᠷ᠎ᠡ ᠬᠥᠮᠥᠨ ᠤᠬᠠᠭᠠᠷᠠᠵᠤ ᠡᠬᠢᠯᠡᠪᠡᠯ
ᠠᠳᠬᠤ ᠳᠦᠭᠦᠷᠡᠩ ᠠᠯᠳᠠ ᠲᠠᠢ ᠪᠠᠢᠳᠠᠭ
ᠠ᠂ ᠶᠠ ᠶᠠ ᠶᠠ᠁ ᠴᠢ ᠪᠤᠤ ᠶᠠᠪᠤ
ᠠ᠂ ᠶᠠ ᠶᠠ ᠶᠠ᠁ ᠴᠢ ᠪᠢᠲᠡᠭᠡᠢ ᠶᠠᠪᠤ
ᠬᠣᠶᠠᠭᠤᠯᠠ ᠪᠠᠷ ᠢᠶᠠᠨ ᠨᠠᠷᠭᠢᠨ ᠰᠠᠭᠤᠶ᠎ᠠ
ᠬᠣᠶᠠᠭᠤᠯᠠ ᠪᠠᠷ ᠢᠶᠠᠨ ᠨᠠᠷᠭᠢᠨ ᠰᠠᠭᠤᠶ᠎ᠠ
ᠡᠷᠳᠡᠮ ᠮᠡᠷᠭᠡᠵᠢᠯ ᠡᠭᠡᠯ ᠳᠣᠣᠷ᠎ᠠ ᠭᠡᠵᠦ
ᠡᠨᠡ ᠪᠡᠶ᠎ᠡ ᠶᠢ ᠪᠤᠤ ᠡᠯᠡᠭᠯᠡ
ᠡᠷ᠎ᠡ ᠵᠣᠷᠢᠭ ᠢᠶᠠᠨ ᠡᠷᠡᠰ ᠪᠠᠷᠢᠪᠠᠯ
ᠶᠡᠬᠡ ᠳᠠᠯᠠᠢ ᠳᠤ ᠤᠮᠪᠠᠵᠤ ᠶᠠᠪᠤᠬᠤ ᠶᠤᠮ
ᠡᠷᠬᠡ ᠲᠤᠰᠢᠶᠠᠯ ᠦᠭᠡᠢ ᠬᠣᠭᠣᠰᠤᠨ ᠭᠡᠵᠦ
ᠡᠨᠡ ᠪᠡᠶ᠎ᠡ ᠶᠢ ᠪᠤᠤ ᠪᠠᠰᠤᠮᠵᠢᠯᠠ
ᠠᠯᠲᠠᠨ ᠳᠡᠯᠡᠬᠡᠢ ᠶᠢᠨ ᠠᠭᠤᠤ ᠬᠣᠷᠸ᠎ᠠ ᠳᠤ
ᠡᠷᠬᠢᠮ ᠠᠨᠤ ᠲᠡᠷᠡ ᠪᠢᠰᠢ ᠰᠢᠦ
ᠠ᠂ ᠶᠠ ᠶᠠ ᠶᠠ᠁ ᠴᠢ ᠪᠤᠤ ᠶᠠᠪᠤ
ᠠ᠂ ᠶᠠ ᠶᠠ ᠶᠠ᠁ ᠴᠢ ᠪᠢᠲᠡᠭᠡᠢ ᠶᠠᠪᠤ
ᠬᠣᠶᠠᠭᠤᠯᠠ ᠪᠠᠷ ᠢᠶᠠᠨ ᠨᠠᠷᠭᠢᠨ ᠰᠠᠭᠤᠶ᠎ᠠ
ᠬᠣᠶᠠᠭᠤᠯᠠ ᠪᠠᠷ ᠢᠶᠠᠨ ᠨᠠᠷᠭᠢᠨ ᠰᠠᠭᠤᠶ᠎ᠠ
ᠠ᠂ ᠶᠠ ᠶᠠ ᠶᠠ᠁ ᠴᠢ ᠪᠤᠤ ᠶᠠᠪᠤ
ᠠ᠂ ᠶᠠ ᠶᠠ ᠶᠠ᠁ ᠴᠢ ᠪᠢᠲᠡᠭᠡᠢ ᠶᠠᠪᠤ
ᠬᠣᠶᠠᠭᠤᠯᠠ ᠪᠠᠷ ᠢᠶᠠᠨ ᠨᠠᠷᠭᠢᠨ ᠰᠠᠭᠤᠶ᠎ᠠ
ᠬᠣᠶᠠᠭᠤᠯᠠ ᠪᠠᠷ ᠢᠶᠠᠨ ᠨᠠᠷᠭᠢᠨ ᠰᠠᠭᠤᠶ᠎ᠠ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
