ᠵᠢᠷᠦᠬᠡᠨ ᠦ ᠠᠮᠠᠷᠠᠭ- ᠦᠭᠡ᠄ ᠫ· ᠣᠳᠣᠭᠡᠷᠡᠯ᠂ ᠠᠶ᠎ᠠ᠄ ᠯ· ᠪᠠᠯᠾᠠᠵᠠᠪ᠂ ᠳᠠᠭᠤᠴᠢᠨ᠄ ᠪ· ᠵᠠᠮᠢᠯᠠᠨ Зүрхний амраг - Үг᠄ П·Отгэрэл᠂ Ая᠄ Л· Бэлижав᠂ Дуучин᠄ Б ·Замилан
ᠵᠢᠷᠦᠬᠡᠨ ᠦ ᠠᠮᠠᠷᠠᠭ
— ᠭᠣᠪᠢ ᠶ᠋ᠢᠨ ᠳᠣᠮᠣᠭ ᠺᠢᠨᠣ᠋ ᠶ᠋ᠢᠨ ᠳᠠᠭᠤᠤ
ᠦᠭᠡ᠄ ᠫ· ᠣᠳᠣᠭᠡᠷᠡᠯ
ᠠᠶ᠎ᠠ᠄ ᠯ· ᠪᠠᠯᠾᠠᠵᠠᠪ
ᠳᠠᠭᠤᠴᠢᠨ᠄ ᠪ· ᠵᠠᠮᠢᠯᠠᠨ
ᠵᠡᠭᠦᠳᠦᠨ ᠬᠡ ᠲᠡᠢ ᠣᠷᠴᠢᠯᠠᠩ ᠤ᠋ᠨ
ᠵᠡᠭᠦᠰᠬᠡᠯ ᠭᠣᠶᠣᠯ ᠰᠢᠭ᠋ ᠰᠡᠳᠬᠢᠯ ᠮᠢᠨᠢ
ᠵᠦᠮᠪᠦᠷ ᠴᠡᠭᠡᠵᠢᠨ ᠳ᠋ᠦ᠍ ᠰᠡᠢᠯᠪᠦᠷᠢ ᠲᠡᠢ
ᠵᠢᠷᠦᠬᠡᠨ ᠦ᠌ ᠠᠮᠠᠷᠠᠭ
ᠰᠠᠷᠠᠨ ᠳ᠋ᠧᠩᠯᠦ ᠲᠡᠢ ᠲᠩᠷᠢ ᠶ᠋ᠢᠨ ᠳᠣᠣᠷ᠎ᠠ ᠰᠠᠨᠠᠵᠤ ᠬᠦᠯᠢᠶᠡᠨ᠎ᠡ
ᠰᠠᠨᠴᠢᠭ ᠪᠤᠭᠤᠷᠤᠯ ᠬᠣᠷᠸ᠎ᠠ ᠶ᠋ᠢ ᠬᠠᠮᠲᠤ ᠳ᠋ᠤ᠌ ᠪᠠᠨ ᠲᠤᠭᠤᠯᠬᠤ ᠰᠠᠨ
ᠬᠠᠨ ᠬᠤᠷᠮᠤᠰᠲᠠ ᠲᠩᠷᠢ ᠮᠢᠨᠢ ᠬᠠᠲᠠᠭᠤ ᠪᠦᠬᠦᠨ ᠢ᠋ ᠵᠥᠭᠡᠯᠡᠯᠡᠭᠡᠰᠡᠢ
ᠬᠠᠨᠠᠨ ᠭᠡᠷ ᠲᠡᠭᠡᠨ ᠬᠠᠨᠢᠰᠠᠬᠤ ᠵᠣᠯ ᠨᠢ ᠦᠨᠡᠨ ᠪᠠᠢᠭ
ᠬᠤᠨ ᠭᠠᠯᠠᠭᠤ ᠬᠣᠲᠠᠯᠠᠭᠰᠠᠨ
ᠬᠤᠪᠢ ᠲᠠᠪᠢᠯᠠᠩ ᠤ᠋ᠨ ᠲᠣᠭᠣᠷᠢᠮ ᠲᠠᠢ
ᠬᠤᠯᠠᠨ ᠳᠠᠬᠢ ᠶ᠋ᠢᠨ ᠱᠦᠩᠰᠢᠭ ᠲᠡᠢ
ᠬᠤᠲᠤᠭᠲᠤ ᠶ᠋ᠢᠨ ᠨᠤᠲᠤᠭ ᠮᠢᠨᠢ
ᠨᠠᠷᠠᠨ ᠤᠷᠭᠤᠬᠤ ᠲᠠᠯ᠎ᠠ ᠶ᠋ᠢᠨ ᠢ᠋ᠶ᠋ᠡᠨ ᠮᠠᠩᠬᠠᠨ ᠳᠤᠮᠳᠠ ᠪᠠᠨ
ᠨᠠᠰᠤᠨ ᠤ᠋ ᠠᠮᠠᠷᠠᠭ ᠴᠢᠮ᠎ᠠ ᠶ᠋ᠢ ᠪᠡᠨ ᠬᠦᠯᠢᠶᠡᠵᠦ ᠰᠠᠭᠤᠨ᠎ᠠ ᠳᠠ
ᠬᠠᠨ ᠬᠤᠷᠮᠤᠰᠲᠠ ᠲᠩᠷᠢ ᠮᠢᠨᠢ ᠬᠠᠲᠠᠭᠤ ᠪᠦᠬᠦᠨ ᠢ᠋ ᠵᠥᠭᠡᠯᠡᠯᠡᠭᠡᠰᠡᠢ
ᠬᠠᠨᠠᠨ ᠭᠡᠷ ᠲᠡᠭᠡᠨ ᠬᠠᠨᠢᠰᠠᠬᠤ ᠵᠣᠯ ᠨᠢ ᠦᠨᠡᠨ ᠪᠠᠢᠭ
ᠽᠠᠮᠪᠤᠯᠢᠩ ᠬᠣᠷᠸ᠎ᠠ ᠳ᠋ᠤ᠌ ᠪᠠᠨ
ᠵᠠᠯᠪᠠᠷᠢᠯ ᠮᠠᠨᠠᠭᠰᠠᠨ ᠡᠵᠢ ᠮᠢᠨᠢ
ᠵᠠᠶᠠᠭ᠎ᠠ ᠪᠤᠶᠠᠨ ᠳ᠋ᠤ᠌ ᠮᠢᠨᠢ
ᠰᠠᠴᠤᠯᠢ ᠪᠠᠨ ᠡᠷᠭᠦᠵᠦ ᠠᠷᠢᠭᠤᠰᠬᠠᠭᠠᠷᠠᠢ
ᠬᠠᠨ ᠬᠤᠷᠮᠤᠰᠲᠠ ᠲᠩᠷᠢ ᠮᠢᠨᠢ ᠬᠠᠲᠠᠭᠤ ᠪᠦᠬᠦᠨ ᠢ᠋ ᠵᠥᠭᠡᠯᠡᠯᠡᠭᠡᠰᠡᠢ
ᠬᠠᠨᠠᠨ ᠭᠡᠷ ᠲᠡᠭᠡᠨ ᠬᠠᠨᠢᠰᠠᠬᠤ ᠵᠣᠯ ᠨᠢ ᠦᠨᠡᠨ ᠪᠠᠢᠭ
ᠽᠠᠮᠪᠤᠯᠢᠩ ᠬᠣᠷᠸ᠎ᠠ ᠳ᠋ᠤ᠌ ᠪᠠᠨ ᠵᠠᠯᠪᠠᠷᠢᠯ ᠮᠠᠨᠠᠭᠰᠠᠨ ᠡᠵᠢ ᠮᠢᠨᠢ
ᠵᠠᠶᠠᠭ᠎ᠠ ᠪᠤᠶᠠᠨ ᠳ᠋ᠤ᠌ ᠮᠢᠨᠢ ᠰᠠᠴᠤᠯᠢ ᠪᠠᠨ ᠡᠷᠭᠦᠵᠦ ᠠᠷᠢᠭᠤᠰᠬᠠᠭᠠᠷᠠᠢ
ᠵᠠᠶᠠᠭ᠎ᠠ ᠪᠤᠶᠠᠨ ᠳ᠋ᠤ᠌ ᠮᠢᠨᠢ ᠰᠠᠴᠤᠯᠢ ᠪᠠᠨ ᠡᠷᠭᠦᠵᠦ ᠠᠷᠢᠭᠤᠰᠬᠠᠭᠠᠷᠠᠢ᠃
ᠦᠰᠦᠭ ᠬᠠᠲᠠᠭᠰᠠᠨ ᠨᠢ᠄ ᠪᠤᠤ· ᠰᠠᠷᠠᠨ᠎ᠠ
ᠦᠰᠦᠭ ᠠᠮᠢᠯᠠᠭᠤᠯᠤᠭᠰᠠᠨ ᠨᠢ᠄ ᠪᠤᠤ· ᠰᠠᠷᠠᠨ᠎ᠠ
